ᠴᠢᠳᠠᠪᠬᠢ ᠤᠷᠴᠢᠭᠤᠯᠭ᠎ᠠ ᠶᠢᠨ ᠣᠨᠣᠯ ᠪᠤᠯᠤᠨ ᠬᠢᠳᠠᠳ ᠮᠤᠩᠭᠤᠯ ᠠᠯᠪᠡᠨ ᠪᠢᠴᠢᠭ‌‍ᠦᠨ ᠣᠷᠴᠢᠭᠤᠯᠭ᠎ᠠ
ᠨᠡᠶᠢᠲᠡᠯᠡᠭᠰᠡᠨ ᠴᠠᠭ᠄
2015/10/21
ᠴᠦᠨ ᠯᠠᠨ                    ᠴᠢᠳᠠᠪᠬᠢ ᠤᠷᠴᠢᠭᠤᠯᠭ᠎ᠠ ᠶᠢᠨ ᠣᠨᠣᠯ ᠪᠤᠯᠤᠨ                    ᠬᠢᠳᠠᠳ ᠮᠤᠩᠭᠤᠯ ᠠᠯᠪᠡᠨ ᠪᠢᠴᠢᠭ ᠤᠨ ᠣᠷᠴᠢᠭᠤᠯᠭ᠎ᠠ                                                                           ︵ᠠᠭᠤᠯᠭ᠎ᠠ ᠶᠢᠨ ᠲᠤᠪᠴᠢ︶ ᠲᠤᠰ ᠦᠬᠦᠯᠡᠯ ᠲᠤ᠂ ᠴᠢᠳᠠᠪᠬᠢ ᠣᠷᠴᠢᠭᠤᠯᠭ᠎ᠠ ᠶᠢᠨ ᠣᠨᠣᠯ  ᠤᠨ ᠣᠨᠣᠯ ᠠᠷᠭ᠎ᠠ ᠳᠤ ᠰᠠᠭᠤᠷᠢᠯᠠᠨ ᠬᠢᠳᠠᠳ ᠮᠤᠩᠭᠤᠯ ᠠᠯᠪᠡᠨ ᠪᠢᠴᠢᠭ ᠤᠨ ᠤᠷᠴᠢᠭᠤᠯᠬᠤ ᠠᠷᠭ᠎ᠠ᠂ ᠣᠷᠴᠢᠭᠤᠯᠭ᠎ᠠ ᠳᠤ  ᠣᠷᠣᠰᠢᠵᠤ ᠪᠠᠶᠢᠭ᠎ᠠ ᠠᠰᠠᠭᠤᠳᠠᠯ ᠤᠨ ᠪᠤᠢ ᠪᠤᠯᠤᠬᠰᠡᠨ ᠰᠢᠯᠳᠠᠭᠠᠨ ᠵᠢᠴᠢ ᠰᠡᠢᠳᠪᠤᠷᠢᠯᠡᠬᠦ ᠠᠷᠭ᠎ᠠ ᠶᠢᠨ ᠲᠤᠬᠠᠢ ᠦᠪᠡᠷ ᠤᠨ ᠰᠠᠨᠠᠯ ᠢᠶᠠᠨ ᠲᠣᠷᠠᠳᠪᠠ᠃         ︵ᠵᠠᠩᠬᠢᠯᠭ᠎ᠠ ᠶᠢᠨ ᠦᠬᠡ︶ ᠠᠯᠪᠡᠨ ᠪᠢᠴᠢᠭ᠂ ᠴᠢᠳᠠᠪᠬᠢ ᠣᠷᠴᠢᠭᠤᠯᠭ᠎ᠠ ᠶᠢᠨ ᠣᠨᠣᠯ᠂ ᠣᠷᠴᠢᠭᠤᠯᠭ᠎ᠠ        ᠠᠵᠤ ᠠᠬᠤᠢ ᠰᠤᠶᠤᠯ ᠡᠳᠤᠷ ᠢᠷᠡᠬᠦᠶ᠎ᠡ ᠲᠠᠶᠠᠭᠠᠷᠴᠢᠯᠠᠵᠤ ᠪᠠᠶᠢᠭ᠎ᠠ ᠦᠨᠦᠳᠤᠷ ᠠᠯᠪᠡᠨ ᠪᠢᠴᠢᠭ ᠤᠨ ᠣᠷᠴᠢᠭᠤᠯᠭ᠎ᠠ ᠨᠢ ᠣᠷᠴᠢᠭᠤᠯᠭ᠎ᠠ ᠶᠢᠨ ᠦᠢᠯᠡᠰ ᠤᠨ ᠴᠢᠬᠤᠯᠠ ᠱᠠᠭᠠᠷᠳᠠᠯᠭ᠎ᠠ ᠪᠤᠯᠵᠤ ᠪᠠᠶᠢᠬᠤ ᠶᠤᠮ᠃ ᠨᠡᠩ ᠢᠯᠡᠩᠭᠤᠶ᠎ᠠ ᠷᠡᠶᠢᠰ ᠤᠨ ᠲᠧᠰᠺᠰᠲ ᠤᠨ ᠲᠦᠷᠤᠯ ᠵᠦᠢᠯ ᠤᠨ ᠣᠨᠣᠯ᠂ ᠸᠧᠷᠮᠧᠷ ᠤᠨ ᠵᠤᠷᠢᠯᠭ᠎ᠠ ᠶᠢᠨ ᠣᠨᠣᠯ  ᠮᠠᠨᠳᠧᠷᠤᠢ ᠶᠢᠨ ᠣᠷᠴᠢᠭᠤᠯᠭ᠎ᠠ ᠶᠢᠨ ᠣᠨᠣᠯ ᠨᠢ ᠠᠯᠪᠡᠨ ᠪᠢᠴᠢᠭ ᠤᠨ ᠤᠷᠴᠢᠭᠤᠯᠭ᠎ᠠ ᠳᠤ ᠤᠨᠤᠯ ᠤᠨ ᠵᠢᠯᠤᠭᠤᠳᠤᠯᠭ᠎ᠠ ᠪᠤᠯᠵᠤ ᠪᠠᠶᠢᠳᠠᠭ᠃ ᠲᠤᠰ ᠦᠬᠦᠯᠡᠯ  ᠨᠡᠶᠢᠳᠠ ᠴᠢᠳᠠᠪᠬᠢ ᠣᠷᠴᠢᠭᠤᠯᠭ᠎ᠠ ᠶᠢᠨ ᠣᠨᠣᠯ  ᠂ ᠠᠯᠪᠡᠨ ᠪᠢᠴᠢᠭ ᠤᠨ ᠣᠷᠴᠢᠭᠤᠯᠭ᠎ᠠ ᠶᠢᠨ ᠠᠷᠭ᠎ᠠ ᠪᠠᠷᠢᠯ᠂ ᠣᠷᠴᠢᠭᠤᠯᠭ᠎ᠠ ᠳᠤ ᠤᠷᠤᠰᠢᠵᠤ ᠪᠠᠶᠢᠭ᠎ᠠ ᠠᠰᠠᠭᠤᠳᠠᠯ ᠳᠤ ᠬᠠᠨᠳᠤᠭᠤᠯᠤᠬᠰᠡᠨ ᠰᠠᠨᠠᠭᠤᠯᠤᠮᠵᠢ  ᠵᠡᠷᠭᠡ ᠭᠤᠷᠪᠡᠨ ᠬᠡᠰᠡᠭ  ᠠᠴᠠ ᠪᠦᠷᠢᠯᠳᠤᠵᠡᠢ᠃         ᠨᠢᠭᠡ᠂ ᠴᠢᠳᠠᠪᠬᠢ ᠣᠷᠴᠢᠭᠤᠯᠭ᠎ᠠ ᠶᠢᠨ ᠣᠨᠣᠯ         ᠴᠢᠳᠠᠪᠬᠢ ᠣᠷᠴᠢᠭᠤᠯᠭ᠎ᠠ ᠶᠢᠨ ᠣᠨᠣᠯ ᠨᠢ ᠰᠢᠨ᠎ᠡ ᠬᠠᠷᠠᠭᠠᠨ ᠠᠴᠠ ᠣᠷᠴᠢᠭᠤᠯᠭ᠎ᠠ ᠶᠢ ᠰᠢᠨᠵᠢᠯᠡᠨ ᠰᠤᠳᠤᠯᠵᠤ᠂  ᠤᠭ ᠵᠤᠬᠢᠶᠠᠯ ᠤᠨ ᠴᠢᠳᠠᠪᠬᠢ ᠶᠢ ᠦᠨᠳᠤᠰᠤᠯᠡᠨ ᠤᠷᠴᠢᠭᠤᠯᠬᠤ ᠠᠷᠭ᠎ᠠ  ᠵᠠᠷᠴᠢᠮ ᠢᠶᠠᠨ ᠲᠤᠬᠳᠠᠭᠠᠬᠤ ︽ᠣᠷᠴᠢᠭᠤᠯᠬᠤ ᠵᠣᠷᠢᠯᠭ᠎ᠠ︾ ᠪᠠᠷ ᠦᠨᠳᠤᠰᠤ ᠪᠤᠯᠭᠠᠨ᠂ ᠤᠭ ᠵᠤᠬᠢᠶᠠᠯ ᠤᠨ ᠵᠤᠬᠢᠶᠠᠬᠴᠢ᠂ ᠤᠷᠴᠢᠭᠤᠯᠭ᠎ᠠ ᠶᠢᠨ ᠠᠵᠢᠯ ᠢ  ᠡᠬᠦᠰᠭᠡᠭᠰᠡᠨ ᠬᠦᠮᠤᠨ  ᠪᠤᠯᠤᠨ  ᠣᠷᠴᠢᠭᠤᠯᠣᠬᠰᠡᠨ ᠵᠤᠬᠢᠶᠠᠯ ᠤᠨ  ᠣᠩᠰᠢᠭᠴᠢ ᠵᠡᠷᠬᠡ ᠣᠯᠠᠨ ᠲᠠᠯ᠎ᠠ ᠶᠢᠨ ᠡᠯᠧᠮᠧᠨ᠋ᠲ ᠨᠢ ᠴᠦᠮ ᠣᠷᠴᠢᠭᠤᠯᠭ᠎ᠠ ᠶᠢ ᠨᠦᠯᠤᠭᠡᠯᠡᠳᠡᠭ᠃ ᠲᠤᠰ ᠣᠨᠣᠯ ᠢᠶᠠᠷ ᠵᠢᠯᠤᠭᠤᠳᠤᠯᠭ᠎ᠠ ᠪᠠᠨ ᠪᠤᠯᠭᠠᠬᠰᠡᠨ ᠣᠷᠴᠢᠭᠤᠯᠤᠬᠴᠢ ᠨᠢ ᠵᠤᠬᠢᠶᠠᠯ ᠪᠦᠳᠤᠬᠡᠯ ᠣᠷᠴᠢᠭᠤᠯᠬᠤ ᠳᠠᠭᠠᠨ ᠣᠯᠠᠮᠵᠢᠯᠠᠯᠠᠳᠤ ᠣᠷᠴᠢᠭᠤᠯᠭ᠎ᠠ ᠶᠢᠨ ᠣᠨᠣᠯ ᠰᠢᠭ ᠣᠷᠢᠳᠠᠪᠡᠷ ᠰᠢᠭᠤᠳ ᠣᠷᠴᠢᠭᠤᠯᠬᠤ ᠪᠤᠶᠤ ᠤᠳᠬᠠᠴᠢᠯᠠᠨ ᠣᠷᠴᠢᠭᠤᠯᠬᠤ ᠶᠢ  ᠪᠤᠳᠤᠯᠬᠢᠯᠠᠬᠤ ᠪᠢᠰᠢ᠂ ᠬᠠᠷᠢᠨ ᠡᠩ ᠲᠡᠷᠢᠬᠦᠨ ᠳᠤ ᠣᠷᠴᠢᠭᠤᠯᠬᠤ ᠵᠤᠷᠢᠯᠭ᠎ᠠ ᠠᠴᠠ ᠭᠠᠷ ᠲᠦᠷᠤᠳᠡᠭ᠃  ᠴᠢᠳᠠᠪᠬᠢ ᠤᠷᠴᠢᠭᠤᠯᠭ᠎ᠠ ᠶᠢᠨ ᠣᠨᠣᠯ ᠨᠢ ᠣᠳᠣ ᠦᠶ᠎ᠠ ᠶᠢᠨ ᠬᠡᠯᠡᠨ ᠤ ᠰᠢᠨᠵᠢᠯᠡᠯ ᠬᠢᠭᠡᠳ ᠯᠣᠬᠢᠭ ᠰᠡᠳᠬᠢᠬᠦᠢ ᠣᠬᠠᠭᠠᠨ ᠤ ᠰᠠᠭᠤᠷᠢᠨ ᠲᠡᠭᠡᠷ᠎ᠠ ᠪᠠᠶᠢᠭᠤᠯᠤᠬᠳᠠᠵᠢ᠃ 20  ᠳ᠋ᠤᠭᠠᠷ ᠵᠠᠭᠤᠨ ᠤ ᠲᠠᠯᠠᠭᠠᠳ  ᠣᠨ ᠤ ᠦᠶᠡᠰ ᠴᠢᠳᠠᠪᠬᠢ ᠤᠷᠴᠢᠭᠤᠯᠭ᠎ᠠ ᠶᠢᠨ ᠣᠨᠣᠯ ᠲᠤᠰᠠᠭᠠᠷᠯᠠᠨ ᠭᠠᠷᠴᠤ᠂ ᠬᠠᠮᠤᠭ ᠲᠡᠷᠢᠬᠦᠨ ᠳᠤ ᠲᠤᠬᠠᠢ ᠶᠢᠨ ᠦᠶ᠎ᠠ ᠳᠤ ᠶᠡᠭᠡ  ᠬᠦᠭᠵᠢᠵᠤ ᠪᠠᠶᠢᠬᠰᠡᠨ ᠲᠡᠩᠴᠡᠬᠦᠤ ᠤᠷᠴᠢᠭᠤᠯᠭ᠎ᠠ ᠶᠢᠨ ᠣᠨᠣᠯ ᠤᠨ ᠬᠦᠯᠢᠶᠡᠰᠤᠯᠡᠯ ᠠᠴᠠ  ᠮᠣᠯᠳᠤᠷᠠᠨ᠂ ᠲᠠᠭᠤ   ᠳᠤᠨᠢ ᠭᠠᠭᠴᠨ ᠬᠡᠯᠡᠨ ᠤ ᠰᠢᠨᠵᠢᠯᠡᠯ ᠤᠨ ᠣᠨᠣᠯ ᠣᠷᠴᠢᠭᠤᠯᠭ᠎ᠠ ᠶᠢᠨ ᠠᠰᠠᠭᠤᠳᠠᠯ ᠢ ᠰᠡᠢᠳᠪᠤᠷᠢᠯᠡᠵᠤ ᠲᠡᠶᠢᠯᠬᠦ ᠦᠬᠡᠢ ᠭᠡᠵᠤ ᠲᠤᠳᠤᠷᠬᠠᠢ ᠲᠤᠷᠠᠳᠤᠬᠰᠡᠨ ᠪᠠᠶᠢᠨ᠎ᠡ᠃ ᠴᠢᠳᠠᠪᠬᠢ ᠤᠷᠴᠢᠭᠤᠯᠭ᠎ᠠ ᠳᠤ ᠭᠡᠷᠡᠭᠯᠡᠭᠰᠡᠨ ᠬᠦᠮᠦᠨ ᠪᠤᠯ ᠹᠸᠢ ᠮᠢ ᠡᠯ᠂  ᠲᠡᠷᠠ1978 ᠣᠨ ᠳᠤ ᠰᠢᠰᠲ᠋ᠧᠮ ᠲᠠᠢ ᠲᠤᠷᠠᠳᠴᠤ᠂ ᠦᠷᠬᠡᠨ ᠤᠯᠠᠨ ᠡᠷᠳᠡᠮᠳᠡᠳ ᠤᠨ ᠬᠦᠷᠢᠶᠡᠯᠡᠯ ᠪᠤᠯᠤᠨ ᠠᠩᠬᠠᠷᠤᠯ ᠢ ᠮᠠᠰᠢ ᠲᠦᠷᠭᠡᠨ ᠲᠠᠳᠠᠬᠰᠡᠨ ᠪᠠᠶᠢᠨ᠎ᠠ᠃ ᠲᠦᠯᠤᠬᠡᠯᠡᠭᠴᠢ ᠬᠦᠮᠤᠨ ᠨᠢ ᠭᠤᠤᠯᠳᠠᠭᠤ᠄  ᠺᠠᠶᠢᠰᠧᠷᠢᠨᠡ᠂ ᠷᠠᠶᠢᠰ᠂ ᠬᠠᠨᠰ᠂ J᠂  ᠸᠧᠷᠮᠧᠷ᠂ ᠵᠠᠰᠲ᠋ᠠ᠂ ᠬᠤᠸ᠋ᠷᠰ — ᠮᠠᠨᠳᠧᠷᠤᠢ᠂ ᠺᠧᠷᠤᠶᠢᠰᠲ᠋ᠢᠨ ᠨᠤᠸ᠋ᠷᠳ᠋ ᠵᠡᠷᠬᠡ ᠪᠤᠯᠤᠨ᠎ᠠ᠃ ᠺᠠᠶᠢᠰᠧᠷᠢᠨᠡ᠂ ᠷᠡᠶᠢᠰ  1971  ᠣᠨ ᠳᠤ ︽ᠣᠷᠴᠢᠭᠤᠯᠭ᠎ᠠ ᠶᠢᠨ ᠰᠢᠬᠦᠮᠵᠢᠯᠡᠯ ᠤᠨ ᠪᠤᠯᠤᠯᠴᠠᠭᠠᠳᠤ ᠰᠢᠨᠵᠢ ᠪᠤᠯᠤᠨ ᠬᠢᠵᠠᠭᠠᠷᠳᠤ ᠰᠢᠨᠵᠢ︾ ᠬᠡᠬᠦ ᠨᠤᠮ ᠳᠠᠭᠠᠨ ᠴᠢᠳᠠᠪᠬᠢ ᠶᠢᠨ ᠠᠰᠠᠭᠤᠳᠠᠯ ᠢ ᠲᠤᠷᠠᠳᠤᠨ ᠭᠠᠷᠭᠠᠬᠰᠡᠨ ᠪᠢᠯᠡ᠃ ᠲᠤᠰ  ᠨᠤᠮ ᠨᠢ ᠬᠡᠳᠤᠶᠢᠪᠡᠷ ᠮᠦᠨ ᠯᠡ ᠲᠠᠩᠴᠡᠬᠦᠤ ᠤᠷᠴᠢᠭᠤᠯᠭ᠎ᠠ ᠶᠢᠨ ᠣᠨᠣᠯ ᠢᠶᠠᠷ ᠰᠠᠭᠤᠷᠢᠯᠠᠬᠰᠡᠨ ᠪᠤᠯᠪᠠᠴᠤ ᠴᠢᠳᠠᠪᠬᠢ ᠤᠷᠴᠢᠭᠤᠯᠭ᠎ᠠ ᠶᠢᠨ ᠰᠤᠳᠤᠯᠭᠠᠨ ᠤ ᠡᠬᠦᠳᠠ ᠶᠢ ᠨᠡᠭᠡᠭᠡᠭᠰᠡᠨ  ᠭᠡᠵᠤ ᠬᠡᠯᠡᠵᠤ ᠪᠤᠯᠤᠨ᠎ᠠ᠃  ᠷᠡᠶᠢᠰ ᠦᠪᠡᠷ ᠤᠨ ᠲᠤᠷᠠᠳᠤᠬᠰᠡᠨ ᠲᠧᠰᠺᠰᠲ ᠤᠨ ᠲᠦᠷᠤᠯ ᠵᠤᠶᠢᠯ ᠤᠨ ᠣᠨᠣᠯ ᠪᠤᠯᠤᠨ ᠤᠷᠴᠢᠭᠤᠯᠭ᠎ᠠ ᠶᠢᠨ ᠠᠷᠭ᠎ᠠ ᠪᠠᠷᠢᠯ ᠢ ᠤᠶᠠᠯᠳᠤᠭᠤᠯᠵᠤ᠂ ᠤᠷᠴᠢᠭᠤᠯᠭ᠎ᠠ ᠳᠤ ᠪᠤᠳᠠᠳᠠᠢ ᠵᠢᠯᠤᠭᠤᠳᠤᠯᠭ᠎ᠠ ᠪᠤᠯᠵᠤ ᠴᠢᠳᠠᠬᠤ ᠣᠨᠣᠯ ᠪᠤᠯᠭᠠᠵᠤ᠂ ᠸᠧᠷᠮᠧᠷ ᠲᠠᠢ ᠬᠠᠮᠳᠤᠷᠠᠨ ᠪᠢᠴᠢᠭᠰᠡᠨ ︽ᠶᠡᠷᠤᠩᠬᠡᠢ ᠣᠷᠴᠢᠭᠤᠯᠭ᠎ᠠ ᠶᠢᠨ ᠣᠨᠣᠯ ᠤᠨ ᠰᠠᠭᠤᠷᠢ︾  ︵1984︶ ᠬᠡᠬᠦ ᠨᠣᠮ ᠳᠠᠭᠠᠨ ᠤᠷᠤᠭᠤᠯᠤᠬᠰᠡᠨ  ᠪᠠᠶᠢᠨ᠎ᠡ᠃ ᠲᠡᠷᠠ ᠲᠧᠰᠺᠰᠲ ᠢ ᠨᠢᠭᠡ ᠳᠤ᠂ ᠲᠧᠰᠺᠰᠲ ᠤᠨ ᠲᠦᠷᠤᠯ ᠵᠦᠢᠯ ᠢᠶᠠᠷ ᠨᠢ ᠠᠩᠬᠢᠯᠠᠵᠤ᠂ ᠡᠨᠡ ᠨᠢ ᠭᠤᠤᠯ ᠴᠤᠬᠴᠠ ᠶᠢᠨ ᠬᠠᠷᠢᠯᠴᠠᠭᠠᠨ ᠤ ᠴᠢᠳᠠᠪᠬᠢ ᠶᠢ ᠦᠨᠳᠤᠰᠤᠯᠠᠵᠤ᠂ ᠤᠳᠬ᠎ᠠ   ᠲᠠᠮᠵᠢᠭᠤᠯᠬᠤ᠂ ᠰᠡᠳᠬᠢᠯᠭᠡ ᠪᠠᠨ ᠢᠯᠡᠳᠬᠡᠬᠦ᠂ ᠬᠡᠷᠡᠭᠯᠡᠬᠦ ᠬᠡᠬᠦ ᠮᠡᠳᠤ ᠶᠢᠨ ᠴᠢᠳᠠᠪᠬᠢ ᠪᠠᠷ ᠨᠢ ᠬᠤᠪᠢᠶᠠᠨ᠎ᠡ᠃ ᠨᠦᠬᠦᠭᠡ ᠨᠢᠭᠡ ᠪᠦᠯᠦᠭ ᠪᠠᠳᠠᠭ ᠤᠨ ᠰᠲ᠋ᠢᠯᠢ ᠪᠠᠷ ᠨᠢ ᠬᠤᠪᠢᠶᠠᠵᠤ᠂ ᠬᠡᠯᠡᠨ ᠤ ᠣᠨᠴᠠᠯᠢᠭ ᠪᠤᠯᠤᠨ ᠵᠤᠷᠰᠢᠯ ᠢᠶᠠᠷ ᠠᠩᠬᠢᠯᠡᠨ᠎ᠠ᠃ ᠵᠢᠱᠢᠶᠡᠯᠡᠪᠡᠯ᠄ ᠲᠤᠯᠢ ᠪᠢᠴᠢᠭ᠂ ᠶᠠᠷᠢᠶ᠎ᠠ ᠢᠯᠡᠳᠬᠡᠯ ᠤᠨ ᠪᠢᠴᠢᠭ ᠪᠤᠶᠤ ᠵᠠᠷ ᠮᠡᠳᠡᠭᠡ ᠭᠡᠬᠦ ᠮᠡᠳᠤ᠃ ᠲᠡᠬᠦᠨ ᠤ ᠦᠵᠡᠬᠦ ᠪᠠᠷ ᠲᠧᠰᠺᠰᠲ ᠤᠨ ᠲᠦᠷᠤᠯ, ᠵᠦᠢᠯ ᠪᠤᠯᠭᠠᠨ ᠨᠢ  ᠪᠦᠷ ᠠᠳᠠᠯᠢ ᠪᠤᠰᠤ ᠤᠯᠠᠨ ᠵᠦᠢᠯ ᠤᠨ ᠰᠲ᠋ᠢᠯᠢ ᠶᠢ ᠪᠠᠭᠳᠠᠭᠠᠬᠤ ᠪᠤᠯᠤᠯᠴᠠᠭ᠎ᠠ ᠲᠠᠢ ᠶᠤᠮ᠃   ᠬᠡᠬᠦ  ᠳᠡᠭᠡᠨ ᠡᠬᠦᠨ ᠤ ᠲᠤᠳᠤᠷ᠎ᠠ ᠨᠢᠭᠡ ᠵᠦᠢᠯ ᠤᠨ ᠰᠲ᠋ᠢᠯᠢ ᠨᠢ( ᠵᠠᠬᠢᠳᠠᠯ︶ ᠵᠦᠪᠬᠡᠨ ᠨᠢᠭᠡ ᠵᠦᠢᠯ ᠤᠨ ᠲᠧᠰᠺᠰᠲ ᠤᠨ ᠲᠦᠷᠤᠯ ᠵᠦᠢᠯ ᠳᠤ ᠬᠤᠯᠪᠤᠬᠳᠠᠬᠤ ᠪᠢᠰᠢ᠂ ᠮᠦᠨ ᠴᠦ ᠨᠢᠭᠡ ᠵᠦᠢᠯ ᠤᠨ ᠬᠠᠷᠢᠯᠴᠠᠭᠠᠨ ᠤ ᠴᠢᠳᠠᠪᠬᠢ ᠳᠤ ᠬᠢᠵᠠᠭᠠᠷᠯᠠᠬᠳᠠᠬᠤ ᠦᠬᠡᠢ᠂ ᠤᠴᠢᠷ   ᠨᠢ ᠬᠡᠷᠪᠡ ᠬᠠᠶᠢᠷ᠎ᠠ ᠪᠠᠨ ᠢᠯᠡᠳᠬᠡᠭᠰᠡᠨ ᠵᠠᠬᠢᠳᠠᠯ ᠪᠠᠶᠢᠬᠤ ᠳᠤ ᠬᠦᠷᠪᠡᠯ ᠲᠡᠷᠠ ᠨᠢ ᠰᠡᠳᠬᠢᠯᠭᠡ ᠪᠠᠨ ᠢᠯᠡᠳᠭᠡᠭᠰᠡᠨ ᠴᠢᠳᠠᠪᠬᠢ ᠲᠠᠢ ᠪᠠᠶᠢᠵᠤ᠂  ᠲᠤᠰᠠᠯᠠᠮᠵᠢ ᠭᠤᠶᠤᠬᠰᠡᠨ ᠵᠠᠬᠢᠳᠠᠯ ᠪᠤᠯ ᠬᠠᠷᠢᠨ ᠭᠡᠷᠡᠭᠯᠡᠬᠦ ᠴᠢᠳᠠᠪᠬᠢ ᠲᠠᠢ  ᠪᠤᠯᠬᠤ  ᠶᠤᠮ᠃20 ᠵᠠᠭᠤᠨ ᠤ ᠲᠠᠯᠠᠭᠠᠳ ᠣᠨ ᠳᠤ ᠷᠠᠶᠢᠰ ᠤᠨ ᠰᠤᠷᠤᠬᠴᠢ ᠸᠧᠷᠮᠧᠷ ︵hans j vermeer)ᠤᠭ ᠵᠤᠬᠢᠶᠠᠯ ᠢᠶᠠᠷ ᠭᠤᠤᠯ ᠪᠤᠯᠭᠠᠬᠰᠡᠨ ᠲᠠᠩᠴᠡᠬᠦᠤ ᠦᠷᠳᠡᠭ ᠤᠨ ᠣᠨᠣᠯ ᠢ ᠲᠡᠪᠴᠢᠵᠤ᠂ ᠴᠢᠳᠠᠪᠬᠢ ᠣᠨᠣᠯ ᠤᠨ ᠭᠤᠤᠯ ᠨᠢᠭᠡ ᠣᠨᠣᠯ ᠪᠤᠯᠬᠤ ᠣᠷᠴᠢᠭᠤᠯᠭ᠎ᠠ ᠶᠢᠨ ᠵᠣᠷᠢᠯᠭ᠎ᠠ ᠪᠤᠶᠤ ᠣᠷᠴᠢᠭᠤᠯᠭ᠎ᠠ ᠶᠢᠨ ᠦᠢᠯᠡ ᠠᠵᠢᠯᠯᠠᠭ᠎ᠠ ᠶᠢᠨ ᠡᠴᠤᠰ ᠤᠨ ᠵᠤᠷᠢᠯᠭ᠎ᠠ ᠶᠢ ᠵᠢᠭᠠᠵᠤ ᠪᠠᠶᠢᠨ᠎ᠡ᠃ ᠵᠤᠷᠢᠯᠭ᠎ᠠ ᠶᠢᠨ ᠣᠨᠣᠯ ᠢ ᠦᠨᠳᠤᠰᠤᠯᠡᠪᠠᠯ ᠤᠷᠴᠢᠭᠤᠯᠭ᠎ᠠ ᠨᠢ ᠵᠤᠷᠢᠯᠭ᠎ᠠ ᠶᠢᠨ ᠵᠠᠷᠴᠢᠮ᠂ ᠣᠷᠣᠰᠣᠮ᠎ᠠ ᠵᠠᠷᠴᠢᠮ᠂ ᠦᠨᠡᠨᠴᠢ ᠵᠠᠷᠴᠢᠮ ᠵᠡᠷᠬᠡ ᠭᠤᠷᠪᠡᠨ ᠵᠠᠷᠴᠢᠮ ᠢ  ᠵᠢᠷᠤᠮᠯᠡᠬᠤ ᠬᠡᠷᠡᠭᠳᠡᠢ᠃ ᠸᠧᠷᠮᠧᠷ ᠤᠨ  ︽ᠵᠤᠷᠢᠯᠭ᠎ᠠ ᠶᠢᠨ ᠣᠨᠣᠯ︾ ᠤᠨ ᠰᠠᠭᠤᠷᠢ ᠲᠡᠭᠡᠷ᠎ᠠ ᠮᠠᠨᠳᠧᠷᠣᠢ  ︵Justa Holz Manttari) ᠴᠢᠳᠠᠪᠬᠢ ᠣᠷᠴᠢᠭᠤᠯᠭ᠎ᠠ ᠶᠢᠨ ᠣᠨᠣᠯ ᠢ  ᠣᠯᠠᠮ ᠨᠢᠭᠡ  ᠠᠯᠬᠤᠮ ᠬᠦᠭᠵᠢᠬᠦᠯᠵᠦ᠂ ᠣᠷᠴᠢᠭᠤᠯᠭ᠎ᠠ ᠶᠢᠨ ᠦᠢᠯᠡ ᠠᠵᠢᠯᠯᠠᠭ᠎ᠠ ᠶᠢᠨ ᠣᠨᠣᠯ ᠢ ᠠᠩᠬ᠎ᠠ ᠲᠤᠷᠠᠳᠤᠨ ᠭᠠᠷᠭᠠᠵᠠᠢ᠃  ᠲᠡᠷᠡ ᠰᠤᠷᠠᠭ ᠵᠠᠩᠬᠢ  ᠲᠠᠮᠵᠢᠭᠤᠯᠬᠤ ᠪᠠᠷ ᠲᠧᠰᠺᠰᠲ᠂ ᠵᠢᠷᠤᠭ ᠲᠦᠷᠰᠤ᠂ ᠲᠠᠭᠤ ᠴᠢᠮᠡᠭᠡ᠂ ᠵᠢᠭᠠᠵᠤ ᠲᠤᠬᠢᠬᠤ ᠮᠡᠳᠤ ᠶᠢᠨ ᠰᠣᠶᠣᠯ ᠠᠯᠣᠰᠯᠠᠬᠤ ᠰᠣᠯᠢᠯᠴᠠᠭ᠎ᠠ ᠶᠢ ᠵᠢᠭᠠᠵᠤ᠂ ᠣᠷᠴᠢᠭᠤᠯᠭ᠎ᠠ ᠶᠢ ᠶᠠᠮᠡᠷ ᠨᠢᠭᠡᠨ ᠲᠤᠬᠳᠠᠬᠰᠡᠨ ᠵᠤᠷᠢᠯᠭ᠎ᠠ ᠶᠢ ᠪᠡᠶᠡᠯᠡᠬᠦᠯᠬᠦ ᠶᠢ  ᠵᠤᠷᠢᠳᠠᠭ  ᠨᠢᠭᠡ ᠵᠦᠢᠯ ᠤᠨ ᠦᠢᠯᠡ ᠠᠵᠢᠯᠯᠠᠭ᠎ᠠ ᠭᠡᠪᠠ᠃  ᠲᠤᠰ ᠣᠨᠣᠯ ᠢ ᠪᠠᠨ ︽ᠣᠷᠴᠢᠭᠤᠯᠭ᠎ᠠ ᠶᠢᠨ ᠦᠢᠯᠡ︾ ᠭᠡᠵᠦ ᠨᠡᠷᠡᠯᠡᠭᠡᠳ᠂ ᠵᠤᠷᠢᠯᠭ᠎ᠠ ᠨᠢ ᠬᠡᠯᠡ ᠰᠤᠶᠤᠯ ᠤᠨ  ᠵᠦᠷᠢᠶ᠎ᠡ ᠲᠠᠢ ᠬᠤᠶᠠᠷ ᠬᠡᠯᠡᠨ  ᠤ ᠲᠤᠮᠳᠠ ᠰᠤᠷᠠᠭ ᠵᠠᠩᠬᠢ ᠲᠠᠮᠵᠢᠭᠤᠯᠤᠨ᠎ᠡ ᠭᠡᠪᠡ᠃         ᠴᠢᠳᠠᠪᠬᠢ ᠣᠷᠴᠢᠭᠤᠯᠭ᠎ᠠ ᠶᠢᠨ ᠡᠷᠳᠡᠮᠳᠡᠳ ᠬᠡᠳᠤᠶᠢᠪᠡᠷ ᠨᠠᠷᠢᠯᠢᠭ ᠲᠤᠳᠤ ᠲᠠᠶᠢᠯᠪᠤᠷᠢᠯᠠᠯᠳᠠ ᠬᠢᠭᠰᠡᠨ ᠪᠤᠯᠪᠠᠴᠤ ᠪᠤᠳᠠᠳᠠᠢ ᠠᠰᠠᠭᠤᠳᠠᠯ ᠨᠢ ᠮᠦᠨ ᠯᠠ ᠰᠡᠢᠳᠪᠤᠷᠢᠯᠡᠭᠳᠡᠵᠦ ᠴᠢᠳᠠᠭᠠᠳᠤᠢ ᠪᠠᠶᠢᠬᠰᠠᠭᠠᠷ ᠶᠤᠮ᠃ ᠬᠡᠷᠪᠡ ᠡᠳᠡᠭᠡᠷ ᠠᠰᠠᠭᠤᠳᠠᠯ ᠳᠤ  ᠬᠠᠷᠢᠭᠤᠯᠳᠡ ᠦᠭᠬᠦᠶ᠎ᠡ ᠭᠡᠪᠡᠯ ᠤᠷᠴᠢᠭᠤᠯᠭ᠎ᠠ ᠴᠤᠬᠤᠮ ᠶᠠᠭᠤ ᠪᠤᠢ ᠭᠡᠳᠡᠭ ᠤᠷᠴᠢᠭᠤᠯᠭ᠎ᠠ ᠶᠢᠨ ᠰᠢᠨᠵᠢ ᠴᠢᠠᠨᠠᠷ   ᠲᠠᠢ ᠬᠤᠯᠪᠤᠬᠳᠠᠨ᠎ᠠ᠃ ᠡᠶᠢᠮᠤ ᠠᠴᠠ ᠣᠷᠴᠢᠭᠤᠯᠭ᠎ᠠ ᠶᠢᠨ ᠣᠨᠣᠯ ᠳᠤ ᠰᠡᠢᠳᠪᠤᠷᠢᠯᠡᠵᠤ ᠴᠢᠳᠠᠭᠠᠳᠤᠢ ᠮᠠᠷᠭᠤᠯᠳᠤᠭᠠᠨ ᠲᠠᠢ ᠠᠰᠠᠭᠤᠳᠠᠯ ᠤᠷᠤᠰᠢᠵᠤ ᠪᠠᠶᠢᠳᠠᠭ ᠪᠤᠯᠪᠠᠴᠤ᠂ ᠠᠯᠪᠡᠨ ᠪᠢᠴᠢᠭ ᠴᠦ ᠤᠷᠴᠢᠭᠤᠯᠭ᠎ᠠ ᠳᠤ ᠠᠪᠴᠦ ᠬᠡᠯᠡᠪᠡᠯ ᠲᠡᠬᠦᠨ ᠤ ᠵᠢᠯᠤᠭᠤᠳᠬᠤ ᠦᠢᠯᠡᠳᠤᠯ ᠢ ᠪᠢᠳᠡ ᠦᠬᠡᠶᠢᠰᠭᠡᠬᠦ ᠶᠢᠨ ᠠᠷᠭ᠎ᠠ ᠦᠬᠡᠢ ᠪᠦᠬᠡᠳ ᠣᠮᠳᠣᠭᠠᠶᠢᠯᠠᠵᠤ ᠪᠤᠯᠤᠰᠢ ᠦᠬᠡᠢ ᠶᠤᠮ᠃         ᠬᠤᠶᠠᠷ᠂ ᠠᠯᠪᠡᠨ ᠪᠢᠴᠢᠭ ᠤᠨ ᠣᠷᠴᠢᠭᠤᠯᠭ᠎ᠠ ᠪᠠ ᠴᠢᠳᠠᠪᠬᠢ ᠣᠷᠴᠢᠭᠤᠯᠭ᠎ᠠ ᠶᠢᠨ ᠣᠨᠣᠯ         ᠠᠯᠪᠡᠨ ᠪᠢᠴᠢᠭ ᠤᠨ ᠣᠷᠴᠢᠭᠤᠯᠭ᠎ᠠ ᠪᠤᠯ ᠲᠡᠭᠡᠳᠤ ᠱᠠᠳᠤᠨ ᠠᠴᠠ ᠲᠤᠤᠷᠠᠳᠤ ᠱᠠᠳᠤᠨ ᠳᠠᠭᠠᠨ ᠪᠭᠤᠯᠭᠠᠬᠰᠡᠨ ᠪᠤᠶᠤ  ᠨᠡᠶᠢᠳᠠ ᠣᠯᠠᠨ ᠳᠤ ᠵᠠᠷᠯᠠᠬᠰᠡᠨ ᠠᠯᠪᠡᠨ ᠪᠢᠴᠢᠭ᠂ ᠣᠳᠣᠷᠢᠳᠣᠯᠭ᠎ᠠ ᠶᠢᠨ ᠶᠠᠷᠢᠶ᠎ᠠ ᠢᠯᠡᠳᠭᠡᠯ᠂ ᠬᠤᠷᠠᠯ ᠤᠨ ᠪᠢᠴᠢᠭ ᠮᠠᠲ᠋ᠧᠷᠢᠶᠠᠯ ᠵᠡᠷᠬᠡ ᠶᠢ ᠮᠤᠩᠭᠤᠯᠴᠢᠯᠠᠬᠤ ᠪᠠ ᠰᠤᠮᠤ  ︵ᠲᠠᠯᠠᠪᠠᠢ︶ ᠰᠠᠯᠠᠭ᠎ᠠ ᠲᠤᠪᠴᠢᠶ᠎ᠠ ᠵᠠᠷᠭᠡ ᠦᠨᠳᠤᠰᠤᠨ ᠱᠠᠳᠤᠨ ᠳᠤ ᠲᠡᠪᠰᠢᠬᠦᠯᠤᠭ᠍ᠰᠡᠨ ᠠᠯᠪᠡᠨ ᠪᠢᠴᠢᠭ ᠤᠨ ᠣᠷᠴᠢᠭᠤᠯᠭ᠎ᠠ ᠶᠢᠨ ᠠᠵᠢᠯ ᠪᠤᠯ ᠬᠦᠷᠢᠶ᠎ᠠ ᠭᠡᠪᠴᠢᠶ᠎ᠠ ᠪᠠᠷ ᠦᠷᠭᠡᠨ ᠲᠡᠯᠭᠡᠷ᠂ ᠠᠭᠤᠯᠭ᠎ᠠ ᠪᠠᠷ ᠪᠠᠶᠠᠯᠢᠭ᠂ ᠮᠡᠳᠡᠯᠭᠡ ᠪᠠᠷ  ᠬᠦᠨ᠂ ᠤᠯᠤᠰ ᠲᠦᠷᠤ ᠪᠠ ᠲᠦᠷᠤ ᠶᠢᠨ ᠪᠤᠳᠤᠯᠭᠠᠳᠤ ᠴᠢᠨᠠᠷ ᠢᠶᠠᠷ ᠬᠠᠳᠠᠭᠤ ᠴᠢᠩᠭ᠎ᠠ ᠱᠠᠭᠠᠷᠳᠠᠯᠭ᠎ᠠ ᠲᠠᠢ ᠤᠷᠴᠢᠭᠤᠯᠭ᠎ᠠ  ᠪᠤᠯᠤᠨ᠎ᠠ᠃ ᠡᠬᠦᠨ  ᠳᠤ ᠨᠠᠮ ᠤᠨ ᠱᠤᠭᠤᠮ᠂ ᠴᠢᠭᠯᠡᠯᠳᠡ ᠪᠠ ᠲᠦᠷᠤ ᠶᠢᠨ ᠪᠤᠳᠤᠯᠭ᠎ᠠ᠂ ᠬᠤᠷᠠᠯ ᠤᠨ ᠶᠠᠷᠢᠶ᠎ᠠ ᠢᠯᠡᠳᠬᠡᠯ᠂ ᠬᠡᠬᠦ   ᠳᠡᠭᠡᠨ ᠣᠯᠣᠰ ᠲᠦᠷᠤ ᠠᠵᠤ ᠠᠬᠤᠢ᠂ ᠰᠤᠶᠤᠯ ᠰᠤᠷᠭᠠᠨ ᠬᠦᠮᠤᠵᠢᠯ᠂ ᠲᠠᠷᠢᠶᠠᠯᠠᠩ ᠮᠠᠯ ᠠᠵᠤ ᠠᠬᠤᠢ᠂ ᠲᠤᠳᠤᠭᠠᠳᠤ ᠶᠢ ᠬᠠᠮᠠᠭᠠᠯᠠᠬᠤ᠂ ᠡᠮ ᠡᠮᠴᠢᠯᠡᠭᠡ ᠵᠡᠷᠭᠡ ᠤᠯᠠᠨ ᠵᠦᠢᠯ ᠪᠠᠭᠳᠠᠵᠤ᠂ ᠣᠯᠣᠰ ᠲᠦᠷᠤᠴᠢ ᠴᠢᠨᠠᠷ ᠪᠠ ᠮᠡᠷᠭᠡᠵᠢᠯ ᠤᠨ ᠴᠢᠨᠠᠷ ᠪᠠᠷ ᠲᠦᠪ ᠴᠢᠩᠭ᠎ᠠ ᠪᠦᠭᠡᠳ ᠰᠢᠨᠵᠢᠯᠡᠬᠦ ᠤᠬᠠᠭᠠᠨ ᠤ  ᠬᠠᠮᠢᠶ᠎ᠠ ᠪᠦᠬᠦᠢ ᠠᠭᠤᠯᠭ᠎ᠠ ᠨᠤᠭᠤᠳ ᠪᠠᠰᠠ ᠤᠯᠠᠨ  ᠲᠤᠬᠢᠶᠠᠯᠳᠤᠳᠠᠭ᠃ ᠠᠯᠪᠡᠨ ᠪᠢᠴᠢᠭ ᠤᠨ ᠤᠷᠴᠢᠭᠤᠯᠭ᠎ᠠ ᠶᠢᠨ ᠠᠵᠢᠯ ᠪᠤᠯ ᠶᠡᠷᠤᠨᠢ ᠭᠠᠭᠴᠠ ᠬᠦᠮᠤᠨ ᠤ ᠠᠵᠢᠯᠯᠠᠭ᠎ᠠ ᠪᠢᠰᠢ᠂ ᠬᠠᠷᠢᠨ ᠨᠢᠭᠡ ᠪᠠᠶᠢᠭᠤᠯᠭ᠎ᠠ᠂ ᠬᠡᠯᠳᠡᠰ᠂ ᠵᠠᠰᠠᠭ ᠵᠠᠬᠢᠷᠭᠠᠨ ᠤ ᠤᠯᠠᠨ ᠬᠦᠮᠤᠰ ᠤᠨ ᠬᠠᠮᠳᠤ ᠶᠢᠨ ᠴᠢᠷᠮᠠᠶᠢᠯᠭ᠎ᠠ  ᠪᠠᠷ ᠲᠠᠮᠵᠢᠨ ᠪᠡᠶᠡᠯᠡᠬᠦᠯᠳᠡᠭ ᠠᠵᠢᠯ  ᠪᠤᠯᠬᠤ ᠶᠤᠮ᠃  ᠠᠵᠢᠯ ᠡᠷᠬᠢᠯᠡᠬᠦ ᠳᠤ ᠰᠠᠶᠢᠳᠤᠷ ᠡᠵᠡᠮᠰᠢᠨ ᠴᠠᠭ ᠢᠮᠠᠬᠳᠠ ᠰᠤᠷᠤᠯᠴᠠᠵᠤ᠂ ᠨᠠᠷᠢᠨ ᠬᠢᠨᠠᠮᠠᠭᠠᠢ ᠪᠠᠷ ᠰᠤᠳᠤᠯᠤᠨ ᠰᠠᠨᠠᠭ᠎ᠠ ᠶᠢ ᠨᠢ ᠵᠦᠪ ᠣᠨᠣᠪᠴᠢᠳᠠᠢ ᠣᠶᠢᠯᠠᠭᠠᠵᠤ᠂ ᠦᠭᠡ ᠦᠬᠦᠯᠡᠪᠤᠷᠢ ᠶᠢ ᠵᠤᠬᠢᠰᠳᠠᠢ ᠪᠠᠷ ᠤᠷᠴᠢᠭᠤᠯᠬᠤ ᠱᠠᠭᠠᠷᠳᠠᠯᠭ᠎ᠠ ᠶᠢ ᠴᠢᠩᠭ᠎ᠠ ᠪᠠᠷᠢᠮᠳᠠᠯᠠᠵᠤ᠂ ᠦᠭᠡ ᠬᠡᠯᠡᠯᠭᠡ ᠶᠢᠨ  ᠦᠩᠬᠡ ᠲᠣᠰᠠᠯᠳᠠ ᠶᠢ ᠠᠩᠬᠠᠷᠤᠨ᠂ ᠤᠭ ᠰᠠᠨᠠᠭ᠎ᠠ ᠶᠢ ᠨᠢ ᠵᠦᠪ ᠣᠨᠣᠪᠴᠢᠳᠠᠢ᠂ ᠢᠯᠡᠳᠭᠡᠬᠦ ᠴᠢᠬᠤᠯᠠ ᠲᠠᠢ᠃ ᠡᠨᠡ ᠨᠢ ᠶᠠᠭ ᠮᠠᠨᠳᠧᠷᠣᠢ ᠶᠢᠨ ᠣᠷᠴᠢᠭᠤᠯᠠᠭ᠎ᠠ ᠶᠢᠨ ᠶᠠᠪᠤᠴᠠ ᠳᠠᠬᠢ ᠡᠬᠦᠰᠭᠡᠭᠴᠢ᠂ ᠨᠠᠶᠢᠳᠠᠬᠴᠢ᠂ ᠣᠷᠴᠢᠭᠤᠯᠤᠬᠴᠢ ᠂ ᠣᠷᠴᠢᠭᠤᠯᠤᠬᠰᠡᠨ ᠲᠧᠰᠺᠰᠲ ᠤᠨ ᠬᠦᠯᠢᠶᠡᠨ  ᠠᠪᠤᠬᠴᠢ ᠶᠢ ᠪᠠᠭᠳᠠᠭᠠᠳᠠᠭ ᠬᠡᠳᠡᠭ ᠲᠠᠢ ᠨᠡᠶᠢᠴᠡᠵᠤ ᠪᠠᠶᠢᠨ᠎ᠠ᠃ ᠠᠯᠪᠡᠨ ᠪᠢᠴᠢᠭ ᠤᠨ ᠣᠷᠴᠢᠭᠤᠯᠭ᠎ᠠ ᠬᠢᠬᠦ ᠳᠤ ᠡᠩ ᠲᠡᠷᠢᠬᠦᠨ ᠳᠤ ᠠᠯᠪᠡᠨ ᠪᠢᠴᠢᠭ ᠤᠨ ᠤᠨᠴᠠᠯᠢᠭ ᠢ ᠢᠯᠡᠳᠭᠡᠭᠰᠡᠨ ᠲᠦᠷᠤ ᠶᠢᠨ  ᠪᠤᠳᠤᠯᠭᠠᠳᠤ ᠴᠢᠨᠠᠷ᠂ ᠵᠦᠪ ᠣᠨᠣᠪᠴᠢᠳᠤ ︵ ᠤᠭ ᠵᠤᠬᠢᠶᠠᠯ ᠳᠤ ᠰᠢᠳᠤᠷᠭᠤ ᠬᠠᠨᠳᠤᠵᠤ ᠤᠭ ᠵᠤᠬᠢᠶᠠᠯ ᠤᠨ ᠠᠭᠤᠯᠭ᠎ᠠ ᠬᠡᠯᠪᠡᠷᠢ ᠶᠢᠨ ᠨᠢᠭᠡᠳᠤᠯ ᠢ ᠡᠪᠳᠡᠬᠦ ᠦᠬᠡᠢ ᠪᠠᠷ ᠪᠦᠷᠢᠨ ᠬᠦᠢᠴᠡᠳ ᠤᠷᠴᠢᠭᠤᠯᠵᠤ  ᠢᠯᠡᠳᠬᠡᠬᠦ ᠶᠢ ᠬᠡᠯᠡᠨ᠎ᠡ︶᠂ ᠦᠷᠭᠡᠨ ᠲᠡᠯᠭᠡᠷ ᠴᠢᠠᠨᠠᠷ᠂ ᠴᠠᠭ  ᠬᠤᠭᠤᠴᠠᠭᠠᠳᠦ ᠴᠢᠠᠨᠠᠷ ︵ᠲᠡᠭᠡᠳᠤ ᠱᠠᠳᠤᠨ ᠪᠠ ᠲᠤᠤᠷᠠᠳᠤ ᠱᠠᠳᠤᠨ ᠳᠤ ᠲᠦᠷᠤ ᠶᠢᠨ ᠪᠤᠳᠤᠯᠭ᠎ᠠ᠂ ᠱᠤᠭᠤᠮ᠂ ᠡᠬᠦᠷᠬᠡ ᠲᠤᠰᠢᠶᠠᠯ ᠢ ᠵᠦᠪ ᠣᠨᠣᠪᠴᠢᠳᠠᠢ ᠮᠡᠳᠡᠬᠦᠯᠬᠦ ᠂ ᠴᠠᠭ  ᠲᠤᠬᠠᠢ ᠳᠤᠨᠢ ᠲᠠᠮᠵᠢᠭᠤᠯᠬᠤ ᠪᠤᠯᠬᠤᠷ ᠴᠠᠭ ᠬᠤᠭᠤᠴᠠᠭᠠᠳᠤ ᠴᠢᠨᠠᠷ ᠪᠠᠷ ᠴᠢᠩᠭ᠎ᠠ ᠱᠠᠭᠠᠷᠳᠠᠳᠠᠭ︶ ᠨᠢᠭᠤᠴᠠ ᠶᠢ ᠬᠠᠮᠠᠭᠠᠯᠠᠬᠤ ᠴᠢᠠᠨᠠᠷ᠂ ᠲᠦᠪ ᠴᠢᠩᠭ᠎ᠠ ᠴᠢᠠᠨᠠᠷ᠂ ᠣᠷᠣᠰᠣᠮ᠎ᠠ ᠰᠢᠯᠣᠭᠤᠨ ᠴᠢᠠᠨᠠᠷ ︵ᠦᠭᠡᠨ ᠤ ᠪᠠᠶᠠᠯᠢᠭ ᠬᠡᠮᠵᠢᠶ᠎ᠠ ᠳᠤ ᠭᠤᠤᠯ ᠬᠤᠯᠪᠤᠬᠳᠠᠬᠤ᠂ ᠤᠷᠴᠢᠭᠤᠯᠵᠦ ᠭᠠᠷᠭᠠᠬᠰᠡᠨ ᠵᠤᠬᠢᠶᠠᠯ ᠤᠩᠰᠢᠬᠤ ᠳᠤ ᠣᠷᠣᠰᠣᠮ᠎ᠠ ᠂ ᠬᠡᠯᠡᠬᠦ ᠳᠤ ᠰᠢᠯᠤᠭᠤᠨ᠂ ᠣᠶᠢᠯᠭᠠᠬᠤ ᠳᠤ ᠣᠶᠢᠯᠠᠭᠠᠮᠵᠢᠳᠠᠢ ᠪᠠᠶᠢᠬᠤ ᠴᠢᠬᠤᠯᠠ ᠲᠠᠢ︶ ᠵᠡᠷᠬᠡ ᠣᠨᠴᠠᠯᠢᠭ ᠢ ᠰᠠᠶᠢᠳᠤᠷ ᠦᠢᠯᠠᠭᠠᠵᠤ ᠠᠪᠬᠤ ᠴᠢᠬᠤᠯᠠ ᠲᠠᠢ ᠪᠦᠬᠡᠳ ᠡᠳᠡᠭᠡᠷ ᠤᠨᠴᠠᠯᠢᠭ ᠠᠴᠠ ᠪᠤᠯᠵᠤ ᠪᠤᠰᠤᠳ ᠲᠢᠭ ᠮᠠᠶ᠋ᠢᠭ ᠤᠨ ᠵᠤᠬᠢᠶᠠᠯ ᠪᠦᠳᠤᠭᠡᠯ ᠠᠴᠠ ᠢᠯᠭᠠᠭᠳᠠᠳᠠᠭ᠃ ᠲᠡᠭᠡᠪᠡᠯ᠂ ᠶᠠᠭᠤᠨ ᠳᠤ ᠴᠢᠳᠠᠪᠬᠢ ᠣᠷᠴᠢᠭᠤᠯᠭ᠎ᠠ ᠶᠢᠨ ᠣᠨᠣᠯ ᠬᠢᠭᠡᠳ ᠠᠷᠭ᠎ᠠ ᠶᠢ ᠠᠰᠢᠬᠯᠠᠨ ᠠᠯᠪᠡᠨ ᠪᠢᠴᠢᠭ ᠤᠨ ᠣᠷᠴᠢᠭᠤᠯᠭ᠎ᠠ ᠶᠢ ᠰᠤᠳᠤᠯᠬᠤ ᠪᠢᠯᠡ  ︖  ᠭᠡᠪᠡᠯ ᠰᠢᠯᠳᠠᠭᠠᠨ ᠲᠤᠤᠷᠠᠬᠢ ᠮᠡᠳᠤ᠂ ᠨᠢᠭᠡ ᠳᠤ ᠠᠯᠪᠡᠨ ᠪᠢᠴᠢᠭ ᠤᠨ ᠣᠷᠴᠢᠭᠤᠯᠭ᠎ᠠ ᠳᠤ ᠵᠤᠷᠢᠯᠭ᠎ᠠ ᠶᠢᠨ ᠣᠨᠣᠯ ᠤᠨ ᠭᠤᠷᠪᠡᠨ ᠵᠠᠷᠴᠢᠮ ᠪᠠᠷᠢᠮᠵᠢᠶ᠎ᠠ ᠪᠤᠯᠳᠠᠭ᠂ ᠮᠦᠨ  ᠴᠦ ᠠᠯᠪᠡᠨ  ᠪᠢᠴᠢᠭ ᠨᠢ ᠵᠤᠷᠢᠯᠭᠠᠳᠤ ᠴᠢᠨᠠᠷ   ᠲᠠᠢ᠃ ᠵᠣᠷᠢᠯᠭ᠎ᠠ ᠶᠢᠨ ᠵᠠᠷᠴᠢᠮ ᠪᠤᠯ ᠠᠯᠪᠡᠨ ᠪᠢᠴᠢᠭ ᠤᠨ ᠣᠷᠴᠢᠭᠤᠯᠭ᠎ᠠ ᠶᠢᠨ  ᠬᠠᠮᠤᠭ ᠦᠨᠳᠤᠷ ᠵᠢᠯᠤᠭᠤᠳᠬᠤ ᠵᠠᠷᠴᠢᠮ᠂ ᠤᠷᠴᠢᠭᠤᠯᠭ᠎ᠠ ᠶᠢᠨ ᠵᠤᠷᠢᠯᠭ᠎ᠠ ᠲᠠᠢ ᠬᠠᠷᠢᠯᠴᠠᠭᠠᠨ ᠤ ᠠᠷᠭ᠎ᠠ ᠪᠠᠷᠢᠯ ᠣᠷᠴᠢᠭᠤᠯᠭ᠎ᠠ ᠶᠢᠨ ᠠᠵᠢᠯ ᠪᠤᠯ ᠨᠢᠭᠡᠨ ᠵᠤᠷᠢᠯᠭ᠎ᠠ ᠲᠠᠢ ᠬᠠᠷᠢᠯᠴᠠᠭᠠᠨ ᠤ ᠠᠷᠭ᠎ᠠ  ᠪᠠᠷᠢᠯ᠂ ᠤᠷᠴᠢᠭᠤᠯᠭ᠎ᠠ ᠪᠤᠯ ᠠᠷᠭ᠎ᠠ ᠪᠤᠳᠤᠯᠭ᠎ᠠ ᠪᠤᠯ ᠤᠷᠴᠢᠭᠤᠯᠭ᠎ᠠ ᠶᠢᠨ ᠵᠤᠷᠢᠯᠭ᠎ᠠ ᠶᠢ ᠦᠨᠳᠤᠰᠤᠯᠡᠵᠤ ᠲᠤᠬᠳᠠᠭᠠᠳᠠᠭ᠃ ᠵᠤᠷᠢᠯᠭ᠎ᠠ ᠶᠢᠨ ᠣᠨᠣᠯᠳᠠ ᠶᠢᠨ ᠦᠵᠡᠬᠦ ᠪᠠᠷ ᠬᠦᠮᠤᠨ ᠲᠦᠷᠤᠯᠬᠢᠳᠠᠨ ᠤ ᠠᠯᠢᠪᠠ ᠦᠢᠯᠡ ᠠᠵᠢᠯᠯᠠᠭ᠎ᠠ ᠨᠢ ᠪᠦᠷ ᠵᠤᠷᠢᠯᠭ᠎ᠠ ᠲᠠᠢ ᠪᠠᠶᠢᠳᠠᠭ ᠠᠴᠠ ᠤᠷᠴᠢᠭᠤᠯᠭ᠎ᠠ ᠬᠢᠬᠦ ᠨᠢ ᠪᠠᠰᠠ ᠨᠢᠭᠡ ᠵᠤᠶᠢᠯ ᠤᠨ ᠣᠷᠴᠢᠭᠤᠯᠤᠬᠴᠢ ᠶᠢᠨ ᠦᠢᠯᠡᠳᠤᠯ ᠲᠤᠤᠷ᠎ᠠ᠂  ᠤᠭ ᠵᠤᠬᠢᠶᠠᠯ ᠢᠶᠠᠷ ᠰᠠᠭᠤᠷᠢ ᠪᠤᠯᠭᠠᠬᠰᠡᠨ ᠰᠤᠶᠤᠯ ᠠᠯᠭᠠᠰᠠᠬᠤ ᠬᠦᠮᠤᠨ ᠲᠦᠷᠤᠯᠬᠢᠳᠠᠨ ᠤ ᠵᠤᠷᠢᠯᠭ᠎ᠠ ᠲᠠᠢ ᠬᠠᠷᠢᠯᠴᠠᠭᠠᠨ ᠤ ᠦᠢᠯᠡ ᠠᠵᠢᠯᠯᠠᠭ᠎ᠠ ᠮᠦᠨ᠃ ᠠᠯᠪᠡᠨ ᠪᠢᠴᠢᠭ ᠤᠨ ᠤᠷᠴᠢᠭᠤᠯᠭ᠎ᠠ ᠳᠤ ᠠᠪᠴᠤ ᠬᠡᠯᠡᠪᠡᠯ ᠨᠡᠩ ᠴᠦ ᠡᠶᠢᠮᠤ ᠪᠠᠶᠢᠳᠠᠭ᠃  ᠶᠠᠭᠤᠨ ᠤ ᠡᠮᠤᠨ᠎ᠡ ᠵᠤᠷᠢᠯᠭ᠎ᠠ ᠶᠢᠨ ᠵᠠᠷᠴᠢᠮ ᠢ ᠪᠠᠷᠢᠮᠳᠠᠯᠠᠬᠤ ᠬᠡᠷᠡᠭᠳᠠᠢ᠂ ᠤᠷᠴᠢᠭᠤᠯᠭ᠎ᠠ ᠶᠢᠨ ᠵᠤᠷᠢᠯᠭ᠎ᠠ   ᠨᠢ ᠤᠷᠴᠢᠭᠤᠯᠭ᠎ᠠ ᠶᠢᠨ ᠪᠦᠬᠦ ᠶᠠᠪᠤᠴᠠ ᠶᠢ ᠲᠤᠬᠳᠠᠭᠠᠵᠤ ᠪᠠᠶᠢᠳᠠᠭ᠃        ᠤᠷᠴᠢᠭᠤᠯᠭ᠎ᠠ ᠪᠠᠷ ᠲᠠᠮᠵᠢᠨ‌ᠣᠩᠰᠢᠭᠴᠢᠳ ᠲᠤ ᠣᠯᠣᠰ ᠤᠨ ᠪᠠᠶᠢᠳᠠᠯ᠂ ᠲᠦᠷᠤ ᠶᠢᠨ ᠪᠤᠳᠤᠯᠭ᠎ᠠ᠂ ᠱᠤᠭᠤᠮ  ᠴᠢᠭᠯᠡᠯᠳᠡ ᠶᠢ ᠤᠶᠢᠯᠠᠭᠠᠭᠤᠯᠵᠤ ᠨᠡᠩ ᠰᠠᠶᠢᠬᠠᠨ ᠬᠦᠭᠵᠢᠯᠳᠡ ᠶᠢᠨ ᠵᠠᠮ ᠡᠷᠢᠯᠬᠢᠯᠡᠬᠦ ᠵᠤᠷᠢᠯᠭ᠎ᠠ ᠲᠠᠢ᠃ ᠬᠤᠶᠠᠷ ᠲᠤ᠂ ᠦᠨᠡᠨᠴᠢ ᠵᠠᠷᠴᠢᠮ᠂  ᠤᠭ ᠵᠤᠬᠢᠶᠠᠯ ᠳᠠᠭᠠᠨ ᠦᠨᠡᠨᠴᠢ ᠪᠠᠶᠢᠬᠤ ᠶᠢ ᠵᠢᠭᠠᠨ᠎ᠠ᠃  ᠦᠨᠠᠨᠴᠢ ᠶᠢᠨ ᠬᠡᠮᠵᠢᠶ᠎ᠠ ᠨᠢ ᠤᠷᠴᠢᠭᠤᠯᠤᠬᠰᠡᠨ  ᠵᠤᠬᠢᠶᠠᠯ ᠤᠨ ᠵᠤᠷᠢᠯᠭ᠎ᠠ ᠪᠤᠯᠤᠨ ᠤᠷᠴᠢᠭᠤᠯᠤᠬᠴᠢ ᠶᠢᠨ ᠡᠬᠡ ᠵᠤᠬᠢᠶᠠᠯ ᠳᠠᠬᠢ ᠣᠶᠢᠯᠭᠠᠯᠳᠠ ᠠᠴᠠ ᠲᠤᠬᠳᠠᠭᠠᠬᠳᠠᠨ᠎ᠡ᠃ ᠤᠷᠴᠢᠭᠤᠯᠭ᠎ᠠ ᠨᠢ ᠰᠤᠷᠠᠭ ᠵᠠᠩᠬᠢ ᠶᠢ ᠲᠠᠬᠢᠨ  ᠪᠤᠯᠪᠠᠰᠤᠷᠠᠭᠤᠯᠬᠤ ᠪᠠᠷ ᠲᠠᠮᠵᠢᠨ ᠤᠷᠴᠢᠭᠤᠯᠬᠤ ᠬᠡᠯᠡᠨ ᠤ ᠣᠩᠰᠢᠭᠴᠢᠳ ᠲᠤ ᠰᠤᠷᠠᠭ ᠵᠠᠩᠬᠢ ᠶᠢ ᠬᠠᠩᠭᠠᠳᠠᠭ ᠣᠴᠢᠷ ᠠᠴᠠ  ᠤᠭ ᠵᠣᠬᠢᠶᠠᠯ ᠪᠤᠯᠤᠨ ᠣᠷᠴᠢᠭᠤᠯᠤᠬᠰᠡᠨ ᠵᠤᠬᠢᠶᠠᠯ ᠬᠤᠭᠤᠷᠤᠨᠳᠤ ᠪᠠᠨ ᠨᠡᠶᠢᠴᠡᠪᠤᠷᠢᠳᠠᠢ ᠪᠠᠶᠢᠬᠤ ᠶᠢ ᠠᠩᠬᠠᠷᠬᠤ ᠬᠡᠷᠡᠭᠳᠠᠢ᠃ ᠦᠭᠡᠷ᠎ᠠ ᠪᠠᠷ ᠬᠡᠯᠡᠪᠠᠯ᠂ ᠤᠷᠴᠢᠭᠤᠯᠤᠬᠰᠡᠨ ᠵᠤᠬᠢᠶᠠᠯ ᠵᠠᠪᠠᠯ ᠬᠦᠯᠢᠶᠡᠨ ᠠᠪᠤᠬᠴᠢ ᠳᠤ ᠦᠢᠯᠠᠭᠠᠬᠳᠠᠬᠤ ᠪᠠᠷ ᠪᠠᠷᠠᠬᠤ ᠦᠬᠡᠢ᠂ ᠲᠤᠰ ᠬᠡᠯᠡᠨ ᠤ  ᠰᠤᠶᠤᠯ ᠤᠨ ᠤᠷᠴᠢᠨ ᠪᠤᠯᠤᠨ ᠤᠷᠴᠢᠭᠤᠯᠤᠬᠰᠡᠨ ᠵᠤᠬᠢᠶᠠᠯ ᠢ ᠬᠡᠷᠡᠭᠯᠡᠬᠦ ᠬᠠᠷᠢᠯᠴᠠᠭᠠᠨ ᠤ ᠤᠷᠴᠢᠨ ᠳᠤ ᠦᠪᠡᠷ ᠤᠨ ᠦᠢᠯᠡᠳᠤᠯ ᠴᠢᠳᠠᠮᠵᠢ ᠶᠢ ᠪᠡᠶᠡᠯᠡᠬᠦᠯᠬᠦ ᠦᠨᠳᠤᠰᠤᠨ ᠱᠠᠭᠠᠷᠳᠠᠯᠭ᠎ᠠ ᠪᠤᠯᠤᠨ᠎ᠠ᠃ ᠤᠤᠯ ᠵᠤᠬᠢᠶᠠᠯ ᠢᠶᠠᠨ ᠲᠠᠬᠢᠨ  ᠲᠠᠪᠳᠡᠨ ᠣᠩᠰᠢᠵᠤ᠂ ᠦᠭᠡ ᠦᠬᠦᠯᠡᠪᠤᠷᠢ ᠶᠢᠨ ᠢᠯᠡ ᠳᠠᠯᠳᠡ ᠤᠳᠬ᠎ᠠ ᠰᠠᠨᠠᠭ᠎ᠠ ᠶᠢ ᠨᠠᠷᠢᠯᠢᠭ ᠦᠢᠯᠭᠠᠨ ᠵᠦᠪ ᠢᠯᠡᠳᠬᠡᠵᠤ ᠴᠢᠳᠠᠬᠤ ᠬᠡᠷᠡᠭᠳᠠᠢ᠃ ᠡᠬᠦᠨ ᠠᠴᠠ ᠦᠵᠡᠬᠦ ᠳᠤ ᠴᠢᠳᠠᠪᠬᠢ ᠤᠷᠴᠢᠭᠤᠯᠭ᠎ᠠ ᠶᠢᠨ ᠣᠨᠣᠯ ᠢ ᠠᠰᠢᠬᠯᠠᠨ ᠬᠢᠳᠠᠳ ᠮᠤᠩᠭᠤᠯ ᠠᠯᠪᠡᠨ ᠪᠢᠴᠢᠭ ᠤᠨ ᠤᠷᠴᠢᠭᠤᠯᠭ᠎ᠠ ᠶᠢ ᠵᠢᠯᠤᠭᠤᠳᠬᠤ  ᠨᠢ ᠲᠤᠶᠢᠯ ᠤᠨ ᠶᠡᠭᠡ ᠴᠢᠭᠯᠡᠬᠦᠯᠤᠭ᠍ᠰᠡᠨ ᠴᠢᠨᠠᠷ ᠲᠠᠢ ᠪᠦᠭᠡᠳ ᠵᠢᠯᠤᠭᠤᠳᠤᠮᠵᠢ ᠶᠢᠨ ᠰᠢᠨᠵᠢ ᠲᠠᠢ᠃         ᠭᠤᠷᠪᠠ᠂ ᠠᠯᠪᠡᠨ ᠪᠢᠴᠢᠭ ᠤᠨ ᠤᠷᠴᠢᠭᠤᠯᠭ᠎ᠠ ᠳᠤ ᠤᠷᠤᠰᠢᠵᠤ ᠪᠠᠶᠢᠭ᠎ᠠ ᠠᠰᠠᠭᠤᠳᠠᠯ         ᠬᠢᠳᠠᠳ ᠬᠡᠯᠡᠨ ᠤ ᠣᠨᠴᠠᠯᠢᠭ ᠢ ᠠᠩᠬᠠᠷᠤᠨ ᠦᠢᠯᠠᠭᠠᠵᠤ᠂ ᠮᠤᠩᠭᠤᠯ ᠬᠡᠯᠡᠨ ᠤ ᠵᠠᠩᠰᠢᠯ ᠳᠤ ᠨᠡᠶᠢᠴᠡᠬᠦᠯᠤᠨ᠂ ᠤᠷᠴᠢᠭᠤᠯᠭ᠎ᠠ ᠶᠢᠨ ᠦᠭᠡ ᠦᠬᠦᠯᠡᠪᠤᠷᠢ ᠶᠢ ᠦᠭᠡ ᠤᠷᠤᠰᠤᠮ᠎ᠠ ᠦᠢᠯᠠᠭᠠᠮᠵᠢᠳᠠᠢ ᠴᠡᠪᠠᠷ ᠲᠤᠳᠤ ᠪᠤᠯᠭᠠᠬᠤ ᠵᠡᠷᠬᠡ ᠤᠯᠠᠨ ᠲᠠᠯ᠎ᠠ ᠶᠢᠨ ᠱᠠᠭᠠᠷᠳᠠᠯᠭ᠎ᠠ ᠲᠠᠢ᠃ ᠨᠢᠭᠡ᠂ ᠤᠭ ᠠᠯᠪᠡᠨ ᠪᠢᠴᠢᠭ  ︵ ᠬᠢᠳᠠᠳ ᠠᠯᠪᠡᠨ ᠪᠢᠴᠢᠭ︶ ᠤᠨ ᠤᠳᠬ᠎ᠠ ᠰᠠᠨᠠᠭ᠎ᠠ ᠶᠢ ᠨᠢ ᠬᠦᠢᠴᠡᠳ ᠰᠠᠶᠢᠨ ᠤᠶᠢᠯᠭᠠᠬᠤ ᠶᠢᠨ ᠬᠠᠮᠳᠤ ᠤᠭ ᠠᠯᠪᠡᠨ ᠪᠢᠴᠢᠭ ᠢᠶᠠᠨ ᠡᠬᠢᠨ ᠠᠴᠠ ᠠᠳᠠᠭ ᠬᠦᠷᠳᠡᠯ᠎ᠠ ᠨᠠᠷᠢᠯᠢᠭ ᠤᠩᠰᠢᠨ ᠣᠶᠢᠯᠭᠠᠬᠤ᠂ ᠠᠯᠪᠡᠨ ᠪᠢᠴᠢᠭ ᠤᠨ ᠲᠤᠳᠤᠷᠠᠬᠢ ᠨᠠᠮ ᠤᠨ ᠱᠤᠭᠤᠮ᠂ ᠴᠢᠭᠯᠡᠯᠳᠡ᠂ ᠲᠦᠷᠤ ᠶᠢᠨ ᠪᠤᠳᠤᠯᠭ᠎ᠠ ᠶᠢ ᠵᠦᠪ ᠣᠨᠣᠪᠴᠢᠳᠠᠢ ᠨᠠᠷᠢᠨ ᠤᠶᠢᠯᠭᠠᠨ᠎ᠠ᠃ ᠵᠢᠱᠢᠶᠡᠯᠡᠪᠠᠯ᠄内蒙古自治区人民政府关于加强畜产品收购管理工作的通知— ᠮᠠᠯ ᠤᠨ ᠠᠰᠢᠭ ᠰᠢᠮ᠎ᠡ ᠬᠤᠳᠠᠯᠳᠤᠨ ᠠᠪᠬᠤ ᠬᠠᠮᠢᠶᠠᠷᠤᠯᠳᠠ ᠶᠢᠨ ᠠᠵᠢᠯ ᠢ  ᠴᠢᠩᠭᠠᠳᠬᠠᠬᠤ ᠲᠤᠬᠠᠢ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠮᠡᠳᠡᠭᠳᠡᠯ︔新西工程—  ᠰᠢᠨᠵᠢᠶᠠᠩ ᠲᠦᠪᠡᠳ ᠤᠨ ᠢᠨᠵᠢᠨᠧᠷᠢᠩ︔安全高效的开放型经济—  ᠠᠶᠤᠯ ᠦᠬᠡᠢ ᠪᠦᠭᠡᠳ ᠦᠨᠳᠤᠷ ᠦᠷ᠎ᠠ ᠪᠦᠳᠤᠮᠵᠢ ᠲᠠᠢ ᠨᠡᠭᠡᠭᠡᠯᠳᠤ ᠬᠡᠯᠪᠠᠷᠢ ᠶᠢᠨ ᠠᠵᠤ ᠠᠬᠤᠢ ᠭᠡᠬᠦ ᠮᠡᠳᠤ ᠶᠢᠨ ᠲᠦᠷᠤ ᠶᠢᠨ ᠪᠤᠳᠤᠯᠭ᠎ᠠ ᠶᠢᠨ ᠰᠢᠨᠵᠢ ᠲᠠᠢ ᠠᠵᠢᠯ ᠲᠦᠷᠤᠯ ᠢ ᠰᠠᠶᠢᠨ ᠣᠶᠢᠯᠭᠠᠵᠤ ᠤᠷᠴᠢᠭᠤᠯᠪᠠᠯ ᠬᠦᠮᠤᠰ ᠲᠡᠬᠦᠨ ᠢ ᠨᠠᠷᠢᠨ ᠤᠶᠢᠯᠠᠭᠠᠵᠤ ᠭᠡᠷᠡᠭᠵᠢᠬᠦᠯᠵᠤ ᠶᠠᠪᠤᠭᠤᠯᠬᠤ ᠳᠤ ᠠᠰᠢᠬᠳᠠᠢ ᠪᠠᠶᠢᠳᠠᠭ᠃ ᠬᠤᠶᠠᠷ᠂ ᠤᠳᠬ᠎ᠠ ᠲᠠᠩᠴᠡᠬᠦᠤ ᠬᠡᠪᠰᠢᠭᠰᠡᠨ ᠦᠬᠡ ᠶᠢ ᠰᠤᠩᠭᠤᠨ ᠪᠠᠷᠢᠮᠵᠢᠶᠠᠳᠤ ᠬᠡᠯᠡᠯᠭᠡ ᠪᠠᠷ ᠭᠤᠤᠴᠢᠯᠠᠨ ᠤᠷᠴᠢᠭᠤᠯᠬᠤ ᠶᠢ ᠵᠠᠪᠠᠯ ᠡᠷᠬᠢᠮᠨᠡᠬᠦ ᠬᠡᠷᠡᠭᠳᠠᠢ᠃ ᠡᠬᠦᠨ ᠳᠤ ᠲᠤᠯᠢ ᠪᠢᠴᠢᠭ ᠲᠤ ᠦᠬᠦᠨ ᠪᠠᠷᠢᠬᠳᠠᠵᠤ  ᠪᠤᠯᠬᠤ ᠦᠬᠡᠢ᠃ ᠵᠢᠱᠢᠶᠡᠯᠡᠪᠠᠯ ᠄荒地— ᠠᠳᠠᠷ ᠭᠠᠵᠠᠷ︔鸡飞蛋打一场空— ᠡᠯᠵᠢᠭᠡ ᠴᠤ ᠦᠬᠡᠢ᠂ ᠭᠤᠷᠪᠡᠨ ᠯᠠᠩ ᠴᠦ ᠦᠬᠡᠢ︔ 三心二意—  ᠨᠢᠭᠡᠨ ᠬᠦᠯ ᠨᠢ ᠲᠦᠷᠤᠬᠡᠨ ᠲᠡᠬᠡᠷ᠎ᠠ᠂ ᠨᠦᠬᠦᠭᠡ ᠬᠦᠯ ᠨᠢ ᠭᠠᠵᠠᠷ ᠲᠡᠬᠡᠷ᠎ᠠ︔弄巧成拙—  ᠰᠢᠳᠢ ᠦᠵᠡᠬᠦᠯᠤᠨ᠎ᠡ ᠭᠡᠳ ᠰᠢᠪᠰᠢᠭ ᠢᠶᠠᠨ ᠦᠵᠡᠬᠦᠯᠬᠦ︔人又失足,马有失蹄— ᠡᠷ᠎ᠠ ᠨᠢᠭᠡ ᠠᠳᠡᠬᠦᠷᠡᠳᠡᠭ᠂ ᠡᠷᠬᠢ ᠨᠢᠭᠡ ᠨᠤᠷᠠᠳᠠᠭ᠃山中无老虎,猴子称霸王—ᠨᠤᠬᠠᠢ ᠦᠬᠡᠢ ᠭᠠᠵᠠᠷ ᠲᠤ ᠭᠠᠭ᠋ᠠᠢ ᠬᠤᠴᠠᠬᠤ ᠬᠡᠬᠦ ᠮᠡᠳᠤ ᠪᠠᠷ ᠮᠤᠩᠭᠤᠯ ᠬᠡᠯᠡᠨ ᠳᠤ ᠨᠢᠭᠡᠨᠳᠠ ᠭᠡᠪᠰᠢᠭᠰᠡᠨ ᠦᠭᠡ ᠪᠠᠷ ᠣᠣᠯ ᠭᠡᠪᠰᠢᠭᠰᠡᠨ ᠦᠭᠡ ᠶᠢ ᠣᠨᠣᠭᠠᠨ ᠣᠷᠴᠢᠭᠤᠯᠬᠤ ᠬᠡᠷᠡᠭᠳᠠᠢ᠃ ᠨᠡᠷ᠎ᠠ ᠲᠤᠮᠢᠶ᠎ᠠ ᠪᠠ ᠲᠦᠭᠡᠮᠡᠯ ᠰᠢᠨᠵᠢ ᠲᠠᠢ ᠨᠡᠷ᠎ᠠ ᠲᠤᠮᠢᠶ᠎ᠠ ᠶᠢ ᠨᠢᠭᠡᠳᠤᠯᠳᠠᠢ ᠲᠦᠷᠢᠮᠵᠢᠬᠦᠯᠤᠨ ᠬᠡᠷᠡᠭᠯᠡᠬᠦ ᠨᠢ ᠠᠯᠪᠡᠨ ᠪᠢᠴᠢᠭ ᠤᠨ  ᠤᠷᠴᠢᠭᠤᠯᠭ᠎ᠠ ᠶᠢᠨ ᠶᠠᠰᠤ ᠴᠢᠠᠨᠠᠷ ᠢ ᠲᠦᠭᠡᠮᠡᠯ  ᠰᠢᠨᠵᠢ ᠲᠠᠢ ᠨᠡᠷ᠎ᠠ ᠲᠤᠮᠢᠶ᠎ᠠ ᠶᠢ ᠨᠢᠭᠡᠳᠤᠯᠳᠠᠢ ᠲᠦᠷᠢᠮᠵᠢᠬᠦᠯᠤᠨ ᠬᠡᠷᠡᠭᠯᠡᠬᠦ ᠨᠢ ᠠᠯᠪᠡᠨ ᠪᠢᠴᠢᠭ ᠤᠨ ᠤᠷᠴᠢᠭᠤᠯᠭ᠎ᠠ ᠶᠢᠨ ᠶᠠᠰᠤ ᠴᠢᠨᠠᠷ ᠢ  ᠲᠡᠭᠡᠭᠰᠢᠯᠡᠬᠦᠯᠬᠦ ᠳᠤ  ᠲᠤᠳᠠᠬᠳᠠᠵᠤ ᠪᠤᠯᠤᠰᠢ ᠵᠦᠢᠯ  ᠪᠤᠯᠬᠤ ᠶᠤᠮ᠃        ᠨᠡᠷᠡᠶᠢᠳᠤᠭᠡ ᠶᠢ  ᠨᠢᠭᠡᠳᠤᠯᠳᠠᠢ ᠪᠤᠯᠭᠠᠵᠤ ᠤᠷᠴᠢᠭᠤᠯᠤᠨ ᠢᠯᠡᠳᠭᠡᠪᠠᠯ ᠰᠠᠶᠢᠨ ᠪᠤᠯᠬᠤ ᠶᠤᠮ᠃  ᠣᠳᠣ ᠨᠢᠭᠡᠳᠤᠯ ᠦᠬᠡᠢ ᠬᠡᠷᠡᠭᠯᠡᠵᠤ ᠪᠠᠶᠢᠬᠤ ᠪᠠᠶᠢᠳᠠᠯ ᠣᠯᠠᠨ ᠬᠠᠷᠠᠬᠳᠠᠨ᠎ᠠ᠃ ᠵᠢᠱᠢᠶᠡᠯᠡᠪᠠᠯ᠄移动电话—  ᠰᠢᠯᠵᠢᠮᠡᠯ ᠳ᠋ᠢᠶᠠᠬᠤᠸᠠ᠂ ᠬᠦᠳᠡᠯᠤᠩᠬᠢ ᠳ᠋ᠢᠶᠠᠬᠤᠸᠠ᠂ ᠭᠠᠷ ᠳ᠋ᠢᠶᠠᠬᠤᠸᠠ᠂ ᠭᠠᠷ ᠤᠳᠠᠰᠤ᠂ ᠭᠠᠷ ᠬᠠᠷᠢᠯᠴᠠᠭᠤᠷ  ︔绿化— ᠨᠤᠭᠤᠭᠠᠷᠠᠭᠤᠯᠬᠤ᠂ ᠬᠦᠭᠡᠷᠡᠬᠦᠯᠬᠦ᠂ ᠤᠶᠢᠵᠢᠭᠤᠯᠬᠤ  ︔农产品— ᠲᠠᠷᠢᠶᠠᠯᠠᠩ ᠤᠨ  ᠪᠦᠳᠤᠬᠡᠭᠳᠡᠬᠦᠨ᠂ ᠬᠦᠳᠡᠭᠡ ᠠᠵᠤ ᠠᠬᠤᠢ ᠶᠢᠨ ᠦᠢᠯᠡᠳᠬᠦᠨ ᠭᠡᠬᠦ ᠮᠡᠳᠤ᠃ ᠲᠦᠷᠪᠠ᠂ ᠰᠢᠨ᠎ᠡ ᠨᠡᠷ᠎ᠠ ᠲᠤᠮᠢᠶ᠎ᠠ ᠶᠢ ᠴᠢᠳᠠᠬᠤ ᠶᠢᠨ ᠬᠢᠷᠢ ᠪᠠᠷ ᠦᠢᠯᠠᠭᠠᠮᠵᠢᠳᠠᠢ ᠪᠠᠷ ᠨᠡᠷᠡᠯᠡᠬᠦ ᠴᠢᠬᠤᠯᠠ ᠲᠠᠢ ᠪᠠᠶᠢᠨ᠎ᠠ᠃ ᠣᠳᠣᠬᠠᠨ ᠤ ᠨᠡᠶᠢᠭᠡᠮ ᠤᠨ ᠠᠵᠤ ᠠᠬᠤᠢ ᠦᠳᠳᠤᠷ ᠲᠦᠷᠭᠡᠨ ᠭᠦᠭᠵᠢᠵᠤ ᠪᠠᠶᠢᠭ᠎ᠠ ᠪᠠᠶᠢᠳᠠᠯ ᠲᠤᠤᠷ᠎ᠠ᠂ ᠰᠢᠨ᠎ᠡ ᠨᠡᠷ᠎ᠠ ᠲᠤᠮᠢᠶ᠎ᠠ ᠲᠠᠰᠤᠷᠠᠯᠳᠠ ᠦᠬᠡᠢ ᠣᠨᠳᠣᠷᠣᠨ ᠭᠠᠷᠴᠤ ᠪᠠᠶᠢᠨ᠎ᠠ᠃ ᠡᠳᠡᠭᠡᠷ ᠰᠢᠨ᠎ᠡ ᠨᠡᠷ᠎ᠠ ᠲᠤᠮᠢᠶ᠎ᠠ ᠶᠢ ᠴᠢᠳᠠᠬᠤ ᠶᠢᠨ ᠬᠢᠷᠢ ᠪᠠᠷ ᠮᠤᠩᠭᠤᠯ ᠠᠯᠪᠡᠨ ᠪᠢᠴᠢᠭ ᠲᠤ ᠪᠠᠨ ᠵᠤᠬᠢᠴᠠᠭᠤᠯᠣᠨ ᠣᠶᠢᠯᠠᠭᠠᠮᠵᠢᠳᠠᠢ ᠰᠠᠶᠢᠨ ᠤᠷᠴᠢᠭᠤᠯᠬᠤ ᠭᠡᠷᠡᠭᠳᠠᠢ᠃ ᠵᠢᠱᠢᠶᠡᠯᠡᠪᠠᠯ᠄设施农业— ᠲᠦᠬᠦᠭᠡᠷᠤᠮᠵᠢᠳᠤ ᠲᠠᠷᠢᠶᠠᠯᠠᠩ︔外形型企业— ᠭᠠᠳᠠᠬᠰᠢᠯ ᠬᠦᠳᠡᠭᠡ ᠠᠵᠤ ᠠᠬᠤᠢ ︔节约型农业— ᠠᠷᠪᠢᠯᠠᠨ ᠭᠠᠮᠨᠠᠬᠤ ᠬᠡᠯᠪᠠᠷᠢ ᠶᠢᠨ ᠬᠦᠳᠡᠭᠡ ᠠᠵᠤ ᠠᠬᠤᠢ︔龙头企业— ᠲᠠᠭᠠᠭᠤᠯᠤᠬᠴᠢ ᠠᠵᠤ ᠠᠬᠤᠶᠢᠯᠠᠯ︔合规资金— ᠲᠦᠷᠢᠮ ᠳᠤ ᠨᠡᠶᠢᠴᠡᠭᠰᠡᠨ ᠪᠡᠯᠨ ᠮᠦᠩᠬᠦ︔银行不良贷款— ᠪᠠᠩᠬᠢ ᠶᠢᠨ ᠪᠤᠴᠠᠰᠢ ᠦᠭᠡᠢ ᠵᠢᠭᠡᠯᠡᠯᠭᠡ ᠭᠡᠬᠦ ᠮᠡᠳᠤ  ︔ ᠲᠠᠪᠤ᠂ ᠠᠯᠪᠡᠨ ᠪᠢᠴᠢᠭ ᠤᠨ ᠲᠤᠳᠤᠷ᠎ᠠ ᠲᠤᠪᠴᠢᠯᠠᠨ ᠪᠢᠴᠢᠭᠰᠡᠨ ᠨᠡᠷ᠎ᠠ ᠲᠤᠮᠢᠶ᠎ᠠ ᠶᠢᠨ ᠠᠭᠤᠯᠭ᠎ᠠ ᠰᠠᠨᠠᠭ᠎ᠠ ᠨᠢ ᠬᠢᠯᠪᠠᠷ ᠦᠢᠯᠠᠭᠠᠬᠳᠠᠬᠤ ᠦᠭᠡᠢ ᠵᠤᠶᠢᠯ ᠤᠯᠠᠨ ᠢᠯᠡᠷᠡᠳᠡᠭ᠂ ᠡᠶᠢᠮᠤ ᠪᠠᠶᠢᠳᠠᠯ ᠳᠤ ᠨᠡᠩ ᠬᠢᠨᠠᠮᠠᠭᠠᠢ ᠬᠠᠨᠳᠤᠬᠤ ᠬᠡᠷᠡᠭᠳᠠᠢ᠃ ᠵᠢᠱᠢᠶᠡᠯᠡᠪᠠᠯ:塔石管理处—  ᠲᠠᠷᠢᠮ ᠤᠨ ᠴᠢᠯᠠᠭᠤᠨ ᠲᠤᠰᠤᠨ ᠤ ᠵᠢᠯᠤᠭᠤᠳᠬᠤ ᠭᠠᠵᠠᠷ︔石化— ᠴᠢᠯᠠᠭᠤᠨ ᠲᠤᠰᠤᠨ ᠤ ᠬᠢᠮᠢ ᠶᠢᠨ ᠠᠵᠤ ᠦᠢᠯᠡᠳᠪᠤᠷᠢ︔九二共识—1992 ᠣᠨ ᠤ ᠬᠠᠮᠳᠤ ᠶᠢᠨ ᠲᠠᠨᠢᠯᠳᠡ︔两基— ᠶᠢᠰᠤᠨ ᠵᠢᠯ ᠤᠨ ᠠᠯᠪᠡᠨ ᠵᠢᠷᠤᠮ ᠤᠨ ᠰᠤᠷᠭᠠᠨ ᠬᠦᠮᠤᠵᠢᠯ ᠢ ᠦᠨᠳᠤᠰᠤᠨ ᠳᠤ ᠪᠠᠨ ᠲᠦᠭᠡᠮᠡᠯᠵᠢᠬᠦᠯᠬᠦ ᠪᠠ ᠵᠠᠯᠠᠭᠤᠴᠤᠳ ᠢᠳᠠᠷᠴᠤᠳ ᠤᠨ ᠦᠰᠦᠭ ᠲᠠᠨᠢᠬᠤ ᠦᠭᠡᠢ ᠶᠠᠪᠤᠳᠠᠯ ᠢ ᠦᠨᠳᠤᠰᠤᠨ ᠳᠤ ᠪᠠᠨ ᠦᠬᠡᠢ ᠪᠤᠯᠭᠠᠬᠤ︔农资— ᠲᠠᠷᠢᠶᠠᠯᠠᠩ ᠤᠨ ᠦᠢᠯᠡᠳᠪᠤᠷᠢᠯᠡᠯ ᠤᠨ ᠭᠡᠷᠡᠭᠰᠡᠯ︔ 建行—  ᠲᠤᠮᠳᠠᠳᠤ ᠣᠯᠣᠰ ᠤᠨ ᠪᠦᠳᠤᠬᠡᠨ ᠪᠠᠶᠢᠭᠤᠯᠤᠯᠳᠠ ᠶᠢᠨ ᠪᠠᠩᠬᠢ ᠬᠡᠬᠦ ᠮᠡᠳᠤ᠂ ᠬᠢᠳᠠᠳ ᠪᠠᠷ ᠲᠤᠪᠴᠢᠯᠠᠨ ᠪᠢᠴᠢᠭᠰᠡᠨ  ᠨᠡᠷ᠎ᠡ ᠶᠢᠨ ᠤᠳᠬ᠎ᠠ ᠶᠢ ᠨᠢ ᠰᠠᠶᠢᠨ ᠣᠶᠢᠯᠠᠭᠠᠬᠰᠡᠨ ᠰᠠᠭᠤᠷᠢ ᠲᠡᠭᠡᠷ᠎ᠠ ᠣᠨᠣᠪᠴᠢᠳᠠᠢ ᠤᠷᠴᠢᠭᠤᠯᠬᠤr ᠬᠡᠷᠡᠭᠳᠠᠢ᠃ ᠵᠢᠷᠭᠤᠭ᠎ᠠ᠂ ᠣᠳᠣᠬᠢ ᠣᠷᠴᠢᠭᠤᠯᠭ᠎ᠠ ᠶᠢᠨ ᠲᠤᠮᠳᠠ ᠢᠯᠡᠷᠡᠵᠤ ᠪᠠᠶᠢᠭ᠎ᠠ ᠭᠤᠤᠯ ᠠᠰᠠᠭᠤᠳᠠᠯ ᠭᠡᠪᠡᠯ ᠡᠷᠳᠡᠮᠳᠡᠳ ᠤᠷᠴᠢᠭᠤᠯᠭ᠎ᠠ ᠶᠢᠨ ᠲᠤᠬᠠᠢ ᠦᠵᠡᠯᠳᠠ ᠨᠢᠭᠡᠳᠤᠭ᠍ᠰᠡᠨ ᠲᠠᠯ᠎ᠠ ᠪᠠᠷ ᠲᠤᠳᠠᠮᠠᠭ ᠪᠠᠶᠢᠨ᠎ᠡ᠃ ᠵᠢᠱᠢᠶᠡᠯᠡᠪᠠᠯ᠄负偶顽抗—  ᠭᠡᠳᠡᠭ ᠢ ᠵᠠᠷᠢᠮ ᠨᠤᠮ ᠳᠤ ︵ᠶᠠᠪᠤᠬᠤ ᠭᠠᠵᠠᠷ ᠦᠭᠡᠢ ᠪᠤᠯᠤᠬᠰᠡᠨ ᠠᠴᠠ ᠬᠠᠶᠢᠬᠤᠷᠤᠯ ᠦᠬᠡᠢ ᠪᠠᠷ ᠦᠬᠦᠨ ᠡᠰᠡᠷᠬᠦᠴᠡᠭᠰᠡᠨ︶ ᠭᠡᠵᠤ ᠭᠡᠪᠰᠢᠮᠡᠯ ᠬᠡᠯᠡᠯᠭᠡ ᠶᠢ ᠮᠦᠰᠢᠶᠡᠬᠦ ᠴᠢᠷᠠᠢ ᠪᠠᠷ᠂ ᠶᠡᠭᠡ ᠯᠠ ᠪᠠᠶᠠᠷᠯᠠᠨ ᠢᠨᠢᠶᠡᠬᠦ᠂ ᠮᠠᠷᠵᠠᠩᠨᠠᠵᠤ ᠬᠡᠬᠦ ᠮᠡᠳᠤ ᠤᠯᠠᠨ ᠵᠦᠢᠯ ᠪᠠᠷ ᠤᠷᠴᠢᠭᠤᠯᠵᠦ ᠪᠠᠶᠢᠨ᠎ᠠ᠃ ᠬᠤᠷᠢᠶᠠᠩᠭᠤᠶᠢᠯᠠᠵᠤ ᠬᠡᠯᠡᠪᠠᠯ᠂ ᠶᠠᠮᠠᠷᠪᠠ ᠨᠢᠭᠡ ᠵᠤᠶᠢᠯ ᠤᠨ ᠤᠷᠴᠢᠭᠤᠯᠭ᠎ᠠ ᠪᠦᠷ ᠲᠤᠬᠠᠢ ᠶᠢᠨ ᠦᠨᠳᠤᠰᠤᠳᠠᠨ ᠤ ᠰᠡᠳᠬᠢᠬᠦᠢ ᠶᠢᠨ ᠬᠡᠯᠪᠠᠷᠢ ᠪᠠ ᠬᠡᠯᠡᠨ ᠤ ᠢᠯᠡᠳᠬᠡᠬᠦ ᠤᠨᠴᠠᠯᠢᠭ  ᠲᠤ ᠨᠡᠶᠢᠴᠡᠬᠦᠯᠤᠭ᠍ᠰᠡᠨ ᠪᠠᠶᠢᠬᠤ ᠬᠡᠷᠡᠭᠳᠠᠢ᠃ ᠬᠠᠷᠢᠨ ᠤᠭ ᠬᠡᠯᠡᠨ ᠳᠤ ᠬᠡᠳᠤᠷᠬᠡᠢ ᠪᠠᠷᠢᠬᠳᠠᠵᠤ ᠦᠭᠡ ᠲᠠᠷᠠᠭᠠᠯᠠᠨ ᠤᠷᠴᠢᠭᠤᠯᠪᠠᠯ ᠤᠶᠢᠯᠭᠠᠬᠤ ᠳᠤ ᠬᠦᠴᠢᠷᠳᠠᠢ᠂ ᠬᠠᠳᠠᠭᠤ ᠬᠦᠰᠢᠬᠦᠨ ᠪᠤᠯᠵᠤ᠂ ᠤᠭ ᠵᠤᠬᠢᠶᠠᠯ ᠤᠨ ᠦᠨᠤᠷ  ᠠᠮᠳᠠ ᠶᠢ ᠠᠯᠳᠠᠭᠤᠯᠳᠠᠭ᠃         ᠰᠤᠳᠤᠯᠭᠠᠨ ᠤ ᠪᠠᠶᠢᠳᠠᠯ ᠠᠴᠠ ᠶᠠᠷᠢᠪᠠᠯ᠂ ᠠᠯᠪᠡᠨ ᠪᠢᠴᠢᠭ ᠤᠨ ᠤᠷᠴᠢᠭᠤᠯᠭ᠎ᠠ ᠶᠢᠨ ᠲᠤᠬᠠᠢ ᠰᠤᠳᠤᠯᠤᠯ  ᠨᠢ ᠲᠤᠮᠳᠠᠳᠤ ᠤᠯᠤᠰ ᠲᠤ ᠬᠦᠭᠵᠢᠬᠦ ᠵᠠᠢ ᠶᠡᠭᠡ ᠪᠠᠶᠢᠨ᠎ᠠ᠃  ᠨᠡᠩ ᠢᠯᠠᠩᠭᠤᠶ᠎ᠠ ᠴᠦᠭᠡᠨ ᠲᠤᠭᠠᠳᠤ ᠦᠨᠳᠤᠰᠤᠳᠠᠨ ᠤ ᠭᠠᠵᠠᠷ ᠤᠷᠤᠨ ᠳᠤ ᠨᠡᠩ ᠴᠦ ᠲᠤᠳᠠᠬᠳᠠᠵᠤ ᠪᠤᠯᠤᠰᠢ ᠦᠬᠡᠢ ᠠᠵᠢᠯ ᠶᠤᠮ᠃ ᠴᠦᠭᠡᠨ ᠲᠤᠭᠠᠳᠤ ᠦᠨᠳᠤᠰᠤᠳᠠᠨ ᠤ ᠠᠯᠪᠡᠨ ᠪᠢᠴᠢᠭ ᠤᠷᠴᠢᠭᠤᠯᠭ᠎ᠠ ᠶᠢᠨ ᠲᠤᠬᠠᠢ ᠰᠤᠳᠤᠯᠤᠯ ᠨᠢ ᠡᠷᠳᠠ ᠠᠴᠠ ᠡᠳᠤᠭᠡ ᠬᠦᠷᠳᠡᠯ᠎ᠠ ᠬᠦᠮᠤᠰ ᠤᠨ ᠠᠩᠬᠠᠷᠤᠯ ᠢ ᠲᠠᠳᠠᠵᠤ ᠪᠠᠶᠢᠭ᠎ᠠ ᠰᠤᠳᠤᠯᠭᠠᠨ ᠤ ᠰᠡᠳᠤᠪ ᠪᠤᠯᠤᠬᠰᠠᠭᠠᠷ ᠢᠷᠡᠵᠡᠢ᠃ ᠬᠡᠳᠠᠯ᠎ᠠ ᠰᠤᠳᠤᠯᠠᠭᠠᠨ ᠤ ᠠᠷᠭ᠎ᠠ ᠪᠠᠷᠢᠯ ᠤᠨ ᠲᠠᠯ᠎ᠠ ᠠᠴᠠ ᠦᠵᠡᠪᠠᠯ ᠣᠯᠠᠮᠵᠢᠯᠠᠯᠠᠳᠤ ᠤᠷᠴᠢᠭᠤᠯᠭ᠎ᠠ ᠶᠢᠨ ᠠᠷᠭ᠎ᠠ ᠠᠴᠠ ᠰᠠᠯᠵᠤ ᠴᠢᠳᠠᠭᠠᠳᠤᠢ ᠪᠠᠶᠢᠨ᠎ᠠ᠃ ᠡᠶᠢᠮᠤ ᠠᠴᠠ ᠴᠢᠳᠠᠪᠬᠢ ᠤᠷᠴᠢᠭᠤᠯᠭ᠎ᠠ ᠶᠢᠨ ᠣᠨᠣᠯ ᠤᠨ ᠰᠠᠭᠤᠷᠢᠨ ᠳᠡᠭᠡᠷ᠎ᠠ ᠠᠯᠪᠡᠨ ᠪᠢᠴᠢᠭ ᠤᠨ ᠤᠷᠴᠢᠭᠤᠯᠭ᠎ᠠ ᠳᠤ ᠰᠢᠨᠵᠢᠯᠡᠯᠳᠡ ᠬᠢᠬᠦ ᠨᠢ ᠶᠤᠰᠤᠳᠠᠢ ᠰᠢᠨ᠎ᠡ ᠠᠷᠭ᠎ᠠ ᠪᠤᠯᠬᠤ ᠮᠦᠷᠳᠡᠬᠡᠨ ᠴᠢᠬᠤᠯᠠ ᠪᠤᠳᠠᠳᠤ ᠦᠢᠯᠡᠳᠤᠯ ᠲᠠᠢ᠃ ᠴᠢᠳᠠᠪᠬᠢ ᠤᠷᠴᠢᠭᠤᠯᠭ᠎ᠠ ᠶᠢᠨ ᠣᠨᠣᠯ ᠳᠤ  ᠲᠦᠰᠢᠵᠦ ᠬᠢᠳᠠᠳ ᠮᠤᠩᠭᠤᠯ ᠠᠯᠪᠡᠨ ᠪᠢᠴᠢᠭ ᠤᠨ ᠤᠷᠴᠢᠭᠤᠯᠭ᠎ᠠ ᠳᠤ ᠰᠢᠨᠵᠢᠯᠡᠯᠳᠡ ᠰᠤᠳᠤᠯᠤᠯᠳᠠ ᠬᠢᠬᠦ ᠨᠢ ᠠᠯᠪᠡᠨ ᠪᠢᠴᠢᠭ ᠤᠨ ᠤᠷᠴᠢᠭᠤᠯᠭ᠎ᠠ  ᠶᠢᠨ  ᠰᠡᠢᠳᠪᠤᠷᠢᠯᠡᠬᠦ ᠴᠢᠬᠤᠯᠠ ᠲᠠᠢ ᠠᠰᠠᠭᠤᠳᠠᠯ ᠳᠤ ᠪᠦᠷᠢᠨ ᠬᠠᠩᠭᠠᠮᠵᠢᠳᠠᠢ ᠬᠠᠷᠢᠭᠤᠯᠳᠡ ᠦᠭᠴᠤ ᠲᠠᠶᠢᠯᠬᠦ ᠪᠦᠭᠡᠳ ᠴᠢᠳᠠᠪᠬᠢ ᠤᠷᠴᠢᠭᠤᠯᠭ᠎ᠠ ᠶᠢᠨ ᠣᠨᠣᠯ ᠢᠶᠠᠷ ᠠᠯᠪᠡᠨ ᠪᠢᠴᠢᠭ ᠤᠨ ᠤᠷᠴᠢᠭᠤᠯᠭ᠎ᠠ ᠶᠢ ᠵᠢᠯᠤᠭᠤᠳᠬᠤ ᠨᠢ ᠤᠯᠠᠮᠵᠢᠯᠠᠯᠳᠣ ᠤᠷᠴᠢᠭᠤᠯᠭ᠎ᠠ ᠶᠢᠨ ᠠᠷᠭ᠎ᠠ  ᠠᠴᠠ ᠲᠠᠪᠠᠭᠰᠡᠨ ᠲᠠᠯ᠎ᠠ ᠲᠠᠢ ᠪᠦᠭᠡᠳ ᠠᠯᠪᠡᠨ ᠪᠢᠴᠢᠭ ᠤᠨ ᠤᠷᠴᠢᠭᠤᠯᠭ᠎ᠠ ᠶᠢᠨ ᠶᠠᠪᠤᠴᠠ ᠲᠤᠮᠳᠠᠬᠢ ᠲᠤᠳᠠᠬᠳᠠᠯ   ᠲᠠᠢ ᠲᠠᠯ᠎ᠠ ᠶᠢ ᠨᠦᠬᠦᠪᠤᠷᠢᠯᠡᠭᠰᠡᠨ ᠬᠡᠷᠡᠭ ᠪᠤᠯᠤᠨ᠎ᠠ᠃
 
ᠢᠷᠡᠯᠲᠡ᠄ ︽ᠬᠡᠯᠡ ᠪᠠ ᠤᠷᠴᠢᠭᠤᠯᠭ᠎ᠠ︾ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号