ᠬᠦᠳᠡᠭᠡ ᠲᠤᠰᠬᠤᠨ ᠳᠤ ︽ᠠᠮᠢᠳᠤᠷᠠᠯ ᠤᠨ ᠤᠮᠳᠠ ᠤᠰᠤᠨ ᠤ ᠡᠷᠡᠭᠦᠯ ᠬᠠᠮᠠᠭᠠᠯᠠᠯ ᠤᠨ ᠪᠠᠷᠢᠮᠵᠢᠶ᠎ᠠ ︾   ᠶᠢ ᠬᠡᠷᠡᠭᠵᠢᠬᠦᠯᠬᠦ ᠳᠦᠷᠢᠮ
ᠨᠡᠶᠢᠲᠡᠯᠡᠭᠰᠡᠨ ᠴᠠᠭ᠄
2015/11/11
             1᠂ ᠶᠡᠷᠦᠩᠬᠡᠢ ᠲᠦᠷᠢᠮ            1᠂ 1 ᠰᠠᠭᠤᠭᠠᠯᠢ ᠠᠷᠠᠳ ᠤᠨ ᠠᠮᠢᠳᠤᠷᠠᠯ ᠤᠨ ᠤᠮᠳᠠ ᠤᠰᠤᠨ ᠤ ᠴᠢᠨᠠᠷ ᠢ ᠠᠮᠤᠷ ᠲᠦᠪᠰᠢᠨ ᠠᠷᠢᠭᠤᠨ  ᠴᠡᠪᠡᠷ ᠪᠠᠶᠢᠯᠭᠠᠵᠦ᠂ ᠤᠯᠤᠰ ᠤᠨ ︽ᠠᠮᠢᠳᠤᠷᠠᠯ ᠤᠨ ᠤᠮᠳᠠ ᠤᠰᠤᠨ ᠤ ᠡᠷᠡᠭᠦᠯ ᠬᠠᠮᠠᠭᠠᠯᠠᠯ ᠤᠨ ᠪᠠᠷᠢᠮᠵᠢᠶ᠎ᠠ  ︾    ᠶᠢᠨ ᠱᠠᠭᠠᠷᠳᠠᠯᠭ᠎ᠠ ᠳᠤ ᠢᠳᠡᠭ ᠢᠳᠡᠭ ᠢᠶᠠᠷ  ᠬᠦᠷᠦᠬᠦᠯᠵᠦ᠂ ᠠᠷᠠᠳ ᠤᠯᠠᠨ ᠤ ᠪᠡᠶ᠎ᠡ ᠮᠠᠬᠠᠪᠤᠳ ᠤᠨ ᠡᠷᠡᠬᠦᠯ  ᠮᠡᠨᠳᠤ ᠶᠢ ᠪᠠᠳᠤᠯᠠᠵᠦ᠂ ᠬᠦᠳᠡᠭᠡ ᠲᠤᠰᠬᠤᠨ ᠤ ᠤᠰᠤ ᠦᠬᠡᠷᠡᠴᠢᠯᠡᠬᠦ ᠦᠢᠯᠡᠰ ᠤᠨ ᠬᠦᠭᠵᠢᠯᠳᠡ ᠶᠢ ᠠᠬᠢᠭᠤᠯᠬᠤ   ᠶᠢᠨ ᠲᠤᠰᠠᠳᠠ᠂ ᠤᠨᠴᠠᠭᠠᠶᠢᠯᠠᠨ ᠲᠤᠰ ᠲᠦᠷᠢᠮ ᠢ ᠲᠤᠭᠳᠠᠭᠠᠪᠠ᠃           1᠂ 2  ᠲᠤᠰ  ᠲᠦᠷᠢᠮ   ᠨᠢ  ᠦᠷᠭᠡᠨ  ᠤᠯᠠᠨ  ᠬᠦᠳᠡᠭᠡ  ᠲᠤᠰᠬᠤᠨ   ᠤ  ᠰᠠᠭᠤᠭᠠᠯᠢ  ᠠᠷᠠᠳ   ᠤᠨ  ᠴᠢᠭ᠋   ᠲᠤ  ᠲᠦᠪᠯᠡᠷᠡᠩᠭᠦᠢ ᠪᠠᠷ ᠤᠰᠤ ᠬᠠᠩᠭᠠᠬᠤ ᠪᠠ  ᠲᠠᠷᠬᠠᠢ ᠪᠤᠳᠠᠷᠬᠠᠢ ᠪᠠᠷ ᠤᠰᠤ ᠬᠠᠩᠭᠠᠬᠤ ᠳᠤ ᠬᠡᠷᠡᠭᠯᠡᠬᠦ   ᠳᠤ ᠲᠤᠬᠢᠷᠠᠨ᠎ᠠ᠃           1᠂ 3  ᠲᠦᠪᠯᠡᠷᠡᠩᠭᠦᠢ ᠪᠠᠷ ᠤᠰᠤ  ᠬᠠᠩᠭᠠᠬᠤ ᠶᠢ ᠰᠢᠨ᠎ᠡ ᠪᠠᠷ ᠪᠠᠶᠢᠭᠤᠯᠬᠤ ᠪᠤᠶᠤ ᠦᠬᠡᠷᠡᠴᠢᠯᠡᠨ  ᠪᠠᠶᠢᠭᠤᠯᠬᠤ ᠳᠤ ᠤᠰᠤᠨ ᠰᠤᠷᠪᠤᠯᠵᠢ ᠰᠤᠩᠭᠤᠬᠤ᠂ ᠤᠰᠤᠨ ᠰᠤᠷᠪᠤᠯᠵᠢ ᠶᠢ ᠬᠠᠮᠠᠭᠠᠯᠠᠬᠤ ᠪᠠ ᠪᠠᠷᠢᠯᠭ᠎ᠠ ᠶᠢᠨ  ᠵᠢᠷᠤᠭ ᠲᠦᠯᠤᠪᠯᠡᠭᠡ ᠶᠢ ᠲᠤᠰ ᠲᠦᠷᠢᠮ ᠵᠢᠴᠢ ᠬᠠᠮᠢᠶ᠎ᠠ ᠪᠦᠬᠦᠢ ᠪᠠᠷᠢᠮᠵᠢᠶ᠎ᠠ᠂ ᠬᠠᠤᠯᠢ ᠵᠠᠷᠯᠢᠭ ᠲᠤ ᠨᠡᠶᠢᠴᠡᠬᠦᠯᠵᠦ᠂  ᠤᠷᠢᠳᠡᠪᠡᠷ ᠬᠢᠨᠠᠮᠠᠭᠠᠢ ᠬᠢᠨᠠᠨ ᠪᠠᠶᠢᠴᠠᠭᠠᠨ ᠵᠢᠷᠤᠭᠯᠠᠵᠦ᠂  ᠪᠠᠷᠢᠯᠭ᠎ᠠ ᠲᠡᠭᠦᠰᠦᠭᠰᠡᠨ ᠤ ᠰᠡᠭᠦᠯᠡᠷ ᠨᠢ ᠵᠤᠬᠢᠶᠠᠨ  ᠪᠠᠶᠢᠭᠤᠯᠤᠨ ᠰᠢᠯᠭᠠᠨ ᠬᠤᠷᠢᠶᠠᠵᠦ᠂ ᠡᠷᠡᠬᠦᠯ ᠬᠠᠮᠠᠭᠠᠯᠠᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠢᠶᠠᠷ  ᠵᠦᠪᠰᠢᠶᠡᠷᠡᠬᠦᠯᠦᠭᠰᠡᠨ ᠤ ᠲᠠᠷᠠᠭ᠎ᠠ ᠠᠰᠢᠭᠯᠠᠯᠳᠠ ᠳᠤ ᠤᠷᠤᠭᠤᠯᠤᠨ ᠬᠡᠷᠡᠭᠯᠡᠵᠦ ᠪᠤᠯᠤᠨ᠎ᠠ᠃ ᠤᠰᠤ ᠬᠠᠩᠭᠠᠬᠤ  ᠨᠢᠭᠡᠴᠡ ᠨᠢ ᠤᠰᠤᠨ ᠤ ᠴᠢᠨᠠᠷ ᠢ ᠲᠤᠰ ᠲᠦᠷᠢᠮ ᠤᠨ ᠱᠠᠭᠠᠷᠳᠠᠯᠭ᠎ᠠ ᠳᠤ ᠨᠡᠶᠢᠴᠡᠬᠦᠯᠬᠦ ᠶᠢ ᠡᠷᠬᠡᠪᠰᠢ ᠪᠠᠳᠤᠯᠠᠬᠤ  ᠬᠡᠷᠡᠭᠲᠠᠢ᠃           1᠂ 4  ᠲᠠᠷᠬᠠᠢ ᠪᠤᠳᠠᠷᠬᠠᠢ ᠪᠠᠷ ᠤᠰᠤ ᠬᠠᠩᠭᠠᠬᠤ ᠳᠤ ᠤᠰᠤᠨ ᠰᠤᠷᠪᠤᠯᠵᠢ ᠶᠢ ᠰᠤᠩᠭᠤᠬᠤ᠂ ᠤᠰᠤᠨ ᠤ  ᠴᠢᠨᠠᠷ ᠢ ᠬᠢᠨᠠᠨ ᠲᠤᠭᠳᠠᠭᠠᠬᠤ᠂ ᠤᠰᠤᠨ ᠰᠤᠷᠪᠤᠯᠵᠢ ᠶᠢᠨ ᠡᠷᠡᠬᠦᠯ ᠬᠠᠮᠠᠭᠠᠯᠠᠯ ᠢ ᠰᠡᠷᠭᠡᠶᠢᠯᠡᠨ ᠬᠠᠮᠠᠭᠠᠯᠠᠬᠤ ᠪᠠ  ᠪᠠᠶᠢᠩᠭᠤ ᠶᠢᠨ ᠬᠠᠮᠢᠶᠠᠷᠤᠯᠳᠠ ᠶᠢᠨ ᠠᠵᠢᠯ ᠢ ᠤᠰᠤ ᠬᠠᠩᠭᠠᠵᠦ ᠪᠠᠶᠢᠭ᠎ᠠ ᠭᠠᠵᠠᠷ ᠤᠨ ᠰᠢᠶᠠᠩ᠂ ᠪᠠᠯᠭᠠᠰᠤ ᠶᠢᠨ  ᠵᠠᠰᠠᠭ ᠤᠨ ᠤᠷᠳᠤᠨ ᠨᠢ ᠲᠤᠬᠠᠢ ᠶᠢᠨ ᠭᠠᠵᠠᠷ ᠤᠨ ᠬᠠᠮᠢᠶ᠎ᠠ ᠪᠦᠬᠦᠢ ᠨᠢᠭᠡᠴᠡ ᠳᠤ ᠨᠠᠶᠢᠳᠠᠨ ᠬᠠᠮᠢᠶᠠᠷᠠᠭᠤᠯᠬᠤ  ᠬᠡᠷᠡᠭᠲᠠᠢ᠃                  2᠂  ᠤᠰᠤᠨ ᠤ ᠴᠢᠨᠠᠷ ᠢ ᠲᠡᠰ ᠬᠤᠪᠢᠶᠠᠨ ᠦᠨᠡᠯᠡᠬᠦ ᠲᠦᠷᠢᠮ ᠪᠤᠯᠤᠨ ᠡᠷᠡᠭᠦᠯ ᠬᠠᠮᠠᠭᠠᠯᠠᠯ ᠤᠨ  ᠱᠠᠭᠠᠷᠳᠠᠯᠭ᠎ᠠ           2᠂ 1  ᠬᠦᠳᠡᠭᠡ ᠲᠤᠰᠬᠤᠨ ᠤ ᠠᠮᠢᠳᠤᠷᠠᠯ ᠤᠨ ᠤᠮᠳᠠ ᠤᠰᠤᠨ ᠤ ᠴᠢᠨᠠᠷ ᠢ ᠳᠤᠤᠷᠠᠬᠢ  ᠬᠦᠰᠦᠨᠦᠭᠳᠤ   ᠳᠤ ᠲᠤᠭᠳᠠᠭᠠᠭᠰᠠᠨ ᠬᠢᠵᠠᠭᠠᠷᠳᠤ ᠬᠡᠮᠵᠢᠭᠳᠡᠯ ︵ᠬᠦᠰᠦᠨᠦᠭᠳᠤ ᠳᠤ ᠯᠠᠪᠯᠠ︶ ᠠᠴᠠ ᠳᠠᠪᠠᠭᠤᠯᠵᠦ ᠪᠤᠯᠬᠤ ᠦᠬᠡᠢ᠃           2᠂ 2  ᠲᠦᠪᠯᠡᠷᠡᠩᠬᠦᠢ ᠪᠠᠷ ᠤᠰᠤ ᠬᠠᠩᠭᠠᠬᠤ ᠳᠤ ᠤᠰᠤ ᠴᠡᠪᠡᠷᠰᠢᠬᠦᠯᠬᠦ ᠴᠢᠬᠤᠯᠠ ᠪᠦᠬᠦᠢ  ᠪᠡᠯᠡᠳᠬᠡᠮᠵᠢ   ᠶᠢ ᠪᠦᠷᠢᠳᠤᠭᠦᠯᠬᠦ ᠶᠢ ᠦᠨᠳᠤᠰᠤᠯᠡᠬᠦ ᠠᠴᠠ ᠭᠠᠳᠠᠨ᠎ᠠ ᠪᠠᠰᠠ ᠡᠷᠬᠡᠪᠰᠢ ᠠᠷᠢᠭᠤᠳᠬᠠᠯ ᠬᠢᠵᠦ᠂ ᠬᠡᠪ ᠤᠨ ᠠᠵᠢᠯᠯᠠᠭ᠎ᠠ   ᠶᠢ ᠪᠠᠳᠤᠯᠠᠵᠦ᠂ ᠬᠠᠮᠢᠶᠠᠷᠤᠯᠳᠠ ᠶᠢᠨ ᠲᠦᠷᠢᠮ ᠪᠠ ᠠᠵᠢᠯᠯᠠᠬᠤ ᠵᠢᠷᠤᠮᠵᠢᠯ ᠢ ᠪᠠᠶᠢᠭᠤᠯᠤᠨ ᠲᠡᠭᠦᠯᠳᠡᠷᠵᠢᠬᠦᠯᠵᠦ᠂  ᠬᠠᠩᠭᠠᠯᠭ᠎ᠠ ᠶᠢᠨ ᠤᠰᠤᠨ ᠤ ᠴᠢᠨᠠᠷ ᠢ ᠪᠠᠳᠤᠯᠠᠬᠤ ᠬᠡᠷᠡᠭᠲᠠᠢ᠃           2᠂ 3  ᠬᠦᠳᠡᠭᠡ ᠲᠤᠰᠬᠤᠨ ᠤ ᠬᠠᠩᠭᠠᠬᠤ ᠤᠰᠤᠨ ᠤ ᠴᠢᠨᠠᠷ ᠢ ᠬᠤᠶᠠᠳᠤᠭᠠᠷ ᠲᠡᠰ   ᠠᠴᠠ ᠳᠡᠭᠡᠭᠰᠢ ᠳᠤ   ᠬᠦᠷᠦᠬᠦᠯᠬᠦ ᠬᠡᠷᠡᠭᠲᠠᠢ᠂ ᠭᠡᠪᠡᠴᠤ ᠤᠨᠴᠠᠭᠠᠢ ᠪᠠᠶᠢᠳᠠᠯ ᠳᠤᠤᠷ᠎ᠠ᠂  ᠵᠢᠱᠢᠶᠡᠯᠡᠪᠡᠯ ᠤᠰᠤᠨ ᠤ ᠰᠤᠷᠪᠤᠯᠵᠢ ᠰᠤᠩᠭᠤᠬᠤ  ᠪᠠ ᠰᠢᠢᠳᠪᠤᠷᠢᠯᠡᠬᠦ ᠨᠦᠬᠦᠴᠡᠯ ᠨᠢ ᠬᠢᠵᠠᠭᠠᠷᠯᠠᠭᠳᠠᠵᠦ ᠪᠠᠶᠢᠭ᠎ᠠ ᠭᠠᠵᠠᠷ ᠤᠷᠤᠨ ᠳᠤ ᠪᠤᠯ ᠭᠤᠷᠪᠠᠳᠤᠭᠠᠷ ᠲᠡᠰ ᠤᠨ  ᠤᠰᠤᠨ ᠤ ᠴᠢᠨᠠᠷ ᠢᠶᠠᠷ ᠰᠢᠢᠳᠪᠤᠷᠢᠯᠠᠵᠦ ᠪᠤᠯᠤᠨ᠎ᠠ᠃           2᠂ 4  ᠬᠤᠶᠠᠳᠤᠭᠠᠷ ᠲᠡᠰ᠂ ᠭᠤᠷᠪᠠᠳᠤᠭᠠᠷ ᠲᠡᠰ ᠤᠨ ᠤᠰᠤᠨ ᠤ ᠴᠢᠨᠠᠷ ᠤᠨ ᠱᠠᠭᠠᠷᠳᠠᠯᠭ᠎ᠠ ᠨᠢ ᠬᠡᠪᠡᠯ  ᠭᠤᠤᠯ ᠨᠢ ᠵᠠᠷᠢᠮ ᠭᠠᠵᠠᠷ ᠤᠷᠤᠨ ᠠᠵᠦ ᠠᠬᠤᠢ᠂ ᠭᠠᠵᠠᠷ ᠵᠦᠢ ᠵᠡᠷᠭᠡ ᠰᠢᠯᠳᠠᠭᠠᠨ ᠠᠴᠠ ᠪᠤᠯᠤᠭᠠᠳ ᠤᠰᠤᠨ ᠤ  ᠰᠤᠷᠪᠤᠯᠵᠢ ᠶᠢ ᠰᠤᠩᠭᠤᠬᠤ ᠪᠠ ᠰᠢᠢᠳᠪᠤᠷᠢᠯᠡᠬᠦ ᠨᠦᠬᠦᠴᠡᠯ ᠬᠢᠵᠠᠭᠠᠷᠯᠠᠭᠳᠠᠵᠦ ᠪᠠᠶᠢᠭ᠎ᠠ ᠪᠠᠶᠢᠳᠠᠯ ᠢ ᠪᠤᠳᠤᠯᠬᠢᠯᠠᠵᠦ᠂  ᠵᠠᠷᠢᠮ ᠬᠦᠢᠴᠡᠳᠭᠡᠬᠦ ᠲᠤᠭ᠎ᠠ   ᠶᠢᠨ ᠱᠠᠭᠠᠷᠳᠠᠯᠭ᠎ᠠ ᠶᠢ ᠵᠤᠬᠢᠰᠲᠠᠢ ᠠᠭᠤᠵᠢᠭᠤ  ᠲᠠᠯᠪᠢᠭᠰᠠᠨ ᠶᠤᠮ᠃ ᠬᠡᠬᠦ ᠳᠡᠭᠡᠨ᠂  ᠬᠤᠶᠠᠳᠤᠭᠠᠷ᠂ ᠭᠤᠷᠪᠠᠳᠤᠭᠠᠷ ᠲᠡᠰ ᠤᠨ ᠤᠰᠤᠨ ᠤ ᠱᠠᠭᠠᠷᠳᠠᠯᠭ᠎ᠠ ᠪᠠᠷ ᠰᠢᠯᠳᠠᠭ ᠪᠤᠯᠭᠠᠵᠦ᠂ ︽ᠭᠤᠷᠪᠠᠨ  ᠬᠠᠶᠠᠭᠳᠠᠮᠠᠯ︾ ᠢ ᠭᠠᠳᠠᠭᠰᠢᠯᠠᠭᠤᠯᠬᠤ ᠱᠠᠭᠠᠷᠳᠠᠯᠭ᠎ᠠ ᠶᠢ ᠰᠤᠯᠠᠷᠠᠭᠤᠯᠵᠦ᠂ ᠤᠰᠤᠨ ᠰᠤᠷᠪᠤᠯᠵᠢ ᠶᠢ ᠪᠤᠬᠢᠷᠳᠤᠭᠤᠯᠬᠤ  ᠂ ᠤᠰᠤᠨ ᠴᠢᠨᠠᠷ ᠢ ᠮᠠᠭᠤᠳᠠᠭᠤᠯᠬᠤ ᠠᠵᠢᠯᠯᠠᠭ᠎ᠠ ᠶᠢ ᠬᠠᠤᠯᠢ ᠶᠤᠰᠤᠨ ᠤ ᠪᠤᠯᠭᠠᠵᠦ ᠤᠭᠳᠤ ᠪᠤᠯᠬᠤ ᠦᠬᠡᠢ᠃        3᠂ ᠤᠰᠤᠨ ᠤ ᠰᠤᠷᠪᠤᠯᠵᠢ ᠰᠤᠩᠭᠤᠬᠤ᠂ ᠤᠰᠤᠨ ᠤ ᠰᠤᠷᠪᠤᠯᠵᠢ ᠶᠢᠨ ᠡᠷᠡᠭᠦᠯ ᠬᠠᠮᠠᠭᠠᠯᠠᠯ ᠢ ᠰᠡᠷᠬᠡᠶᠢᠯᠡᠨ  ᠬᠠᠮᠠᠭᠠᠯᠠᠬᠤ ᠵᠢᠴᠢ ᠲᠤᠰ ᠲᠦᠷᠢᠮ ᠳᠤ ᠲᠤᠳᠤᠷᠬᠠᠢ ᠲᠤᠭᠳᠠᠭᠠᠭᠰᠠᠨ ᠦᠬᠡᠢ  ᠪᠤᠰᠤᠳ ᠡᠷᠡᠭᠦᠯ ᠬᠠᠮᠠᠭᠠᠯᠠᠯ ᠤᠨ  ᠱᠠᠭᠠᠷᠳᠠᠯᠭ᠎ᠠ ᠶᠢ ᠪᠤᠯ  ᠤᠳᠤ ᠶᠢᠨ ᠭᠡᠷᠡᠭᠵᠢᠬᠦᠯᠵᠦ ᠪᠠᠶᠢᠭ᠎ᠠ ︽ᠠᠮᠢᠳᠤᠷᠠᠯ ᠤᠨ ᠤᠮᠳᠠ ᠤᠰᠤᠨ ᠤ ᠡᠷᠡᠭᠦᠯ  ᠬᠠᠮᠠᠭᠠᠯᠠᠯ ᠤᠨ ᠪᠠᠷᠢᠮᠵᠢᠶ᠎ᠠ︾ ︵GB5749--85) ᠪᠤᠯᠤᠨ ︽ᠬᠦᠳᠡᠭᠡ ᠲᠤᠰᠬᠤᠨ ᠤ ᠠᠮᠢᠳᠤᠷᠠᠯ ᠤᠨ ᠤᠮᠳᠠ  ᠤᠰᠤᠨ   ᠤ ᠡᠷᠡᠭᠦᠯ ᠬᠠᠮᠠᠭᠠᠯᠠᠯ ᠤᠨ ᠱᠠᠭᠠᠷᠳᠠᠯᠭ᠎ᠠ︾ ︵GB11730--89︶ ᠶᠢᠨ ᠬᠠᠮᠢᠶ᠎ᠠ ᠪᠦᠬᠦᠢ  ᠲᠤᠭᠳᠠᠭᠠᠯ ᠢᠶᠠᠷ ᠯᠠᠪᠯᠠᠯᠳᠠ ᠪᠤᠯᠭᠠᠨ ᠬᠡᠷᠡᠭᠵᠢᠬᠦᠯᠤᠨ᠎ᠠ᠃        4᠂ ᠤᠰᠤᠨ ᠤ ᠴᠢᠨᠠᠷ ᠢ ᠪᠠᠶᠢᠴᠠᠭᠠᠬᠠᠤ᠄ ︽ᠠᠮᠢᠳᠤᠷᠠᠯ ᠤᠨ ᠤᠮᠳᠠ ᠤᠰᠤᠨ ᠤ ᠡᠷᠡᠭᠦᠯ ᠬᠠᠮᠠᠭᠠᠯᠠᠯ ᠤᠨ  ᠪᠠᠷᠢᠮᠵᠢᠶ᠎ᠠ︾ ᠪᠤᠯᠤᠨ ︽ᠠᠮᠢᠳᠤᠷᠠᠯ ᠤᠨ  ᠤᠮᠳᠠ ᠤᠰᠤᠨ ᠤ ᠪᠠᠷᠢᠮᠵᠢᠶ᠎ᠠ ᠶᠢ ᠰᠢᠯᠭᠠᠨ  ᠪᠠᠶᠢᠴᠠᠭᠠᠬᠤ ᠠᠷᠭ᠎ᠠ︾  ︵GB5750-85︶ ᠲᠠᠬᠢ ᠬᠠᠮᠢᠶ᠎ᠠ ᠪᠦᠬᠦᠢ ᠲᠤᠭᠳᠠᠭᠠᠯ ᠢᠶᠠᠷ ᠯᠠᠪᠯᠠᠯᠳᠠ ᠪᠤᠯᠭᠠᠨ ᠬᠡᠷᠡᠭᠵᠢᠬᠦᠯᠤᠨ᠎ᠠ᠃       ᠠᠮᠢᠳᠤᠷᠠᠯ ᠤᠨ ᠤᠮᠳᠠ ᠤᠰᠤᠨ ᠤ ᠴᠢᠨᠠᠷ ᠤᠨ ᠲᠡᠰ ᠬᠤᠪᠢᠶᠠᠬᠤ ᠱᠠᠭᠠᠷᠳᠠᠯᠭ᠎ᠠ       — — — — — — — — — — — — — — — — — — — — — — — — —  — — — — — — — — — — — — — — — — —       ᠲᠦᠷᠦᠯ ᠵᠦᠢᠯ              ᠨᠢᠭᠡᠳᠤᠭᠡᠷ ᠲᠡᠰ          ᠬᠤᠶᠠᠳᠤᠭᠠᠷ ᠲᠡᠰ             ᠭᠤᠷᠪᠠᠳᠤᠭᠠᠷ ᠲᠡᠰ       — — — — — — — — — — — — — — — — — — — — — — — — —  — — — — — — — — — — — — — — — — —       ᠰᠡᠷᠡᠯ ᠤᠨ ᠪᠡᠯᠭᠡ ᠲᠡᠮᠳᠡᠭ ᠪᠠ ᠡᠩ ᠤᠨ ᠬᠢᠮᠢ ᠶᠢᠨ ᠬᠦᠢᠴᠡᠳᠭᠡᠯ ᠲᠤᠭ᠎ᠠ᠄       ᠦᠩᠭᠡ ︵ᠬᠡᠮᠵᠢᠶ᠎ᠡ︶          15᠂ ᠪᠤᠰᠤᠳ ᠤᠨᠳᠤᠤ ᠦᠩᠬᠡ  ᠢᠯᠡᠷᠡᠬᠦ ᠦᠬᠡᠢ  20  30       ᠪᠤᠯᠠᠩᠬᠢᠷ ᠤᠨ ᠬᠡᠮᠵᠢᠶ᠎ᠡ          3᠂ ᠤᠨᠴᠠᠭᠠᠢ ᠪᠠᠶᠢᠳᠠᠯ ᠤᠨ ᠳᠤᠤᠷ᠎ᠠ 51020 ᠬᠡᠳᠤᠷᠡᠭᠦ ᠦᠬᠡᠢ       ᠨᠢᠳᠤᠨ ᠳᠤ ᠦᠵᠡᠭᠳᠡᠭᠦ ᠡᠳ᠋    ᠪᠠᠶᠢᠵᠦ ᠪᠤᠯᠬᠤ ᠦᠬᠡᠢ      ᠪᠠᠶᠢᠵᠦ ᠪᠤᠯᠬᠤ ᠦᠬᠡᠢ        ᠪᠠᠶᠢᠵᠦ  ᠪᠤᠯᠬᠤ ᠦᠬᠡᠢ       PH                        6᠂ 5~8 ᠂ 5          6~9                  6~9       ᠶᠡᠷᠦᠩᠬᠡᠢ ᠬᠠᠳᠠᠭᠤᠴᠠ ︵MI/L ᠨᠡᠭᠦᠷᠡᠰᠤ ᠬᠦᠴᠢᠯ   ᠤᠨ ᠺᠠᠯᠼ ᠪᠠᠷ ᠪᠤᠳᠤᠨ᠎ᠠ︶450  550     700       ᠲᠡᠮᠤᠷ ︵MI/L︶            0᠂ 3                0᠂ 5                    1᠂ 0       ᠮᠠᠩᠭᠠᠨ ︵MI/L︶          0᠂ 1                0᠂ 3                    0᠂ 5       ᠾᠯᠤᠷᠳᠤ ᠨᠢᠭᠡᠳᠪᠤᠷᠢ  ︵MI/L︶250              300                  450       ᠬᠦᠬᠦᠷ ᠬᠦᠴᠢᠯ ᠤᠨ ᠳᠠᠪᠤᠰᠤ ︵MI/L︶250          300                    400       ᠠᠭᠤᠰᠤᠮᠠᠭᠠᠢ ᠶᠡᠷᠦᠩᠬᠡᠢ ᠬᠠᠳᠠᠭᠤ ᠪᠡᠶᠡᠳᠤ ︵MI/L︶1000    1500          2000       ᠬᠤᠤᠷ ᠵᠦᠢ ᠶᠢᠨ ᠤᠬᠠᠭᠠᠨ ᠤ ᠬᠦᠢᠴᠡᠳᠭᠡᠯ ᠲᠤᠭ᠎ᠠ᠄       ᠹᠯᠤᠷᠳᠤ ᠨᠢᠭᠡᠳᠪᠤᠷᠢ ︵MI/L︶ 1᠂ 0                1᠂ 2                    1᠂ 5       ᠠᠷᠰᠧᠨ  ︵MI/L︶          0᠂ 05              0᠂ 05                0᠂ 05       ᠮᠦᠩᠭᠦᠨ ᠤᠰᠤ ︵MI/L︶  0᠂ 001              0᠂ 001              0᠂ 001       ᠺᠠᠳ᠋ᠮᠢ ︵MI/L︶            0᠂ 01                0᠂ 01                0᠂ 01       ᠾᠷᠤᠮ ︵MI/L︶          0᠂ 05                0᠂ 05                0᠂ 05       ᠬᠠᠷ᠎ᠠ ᠲᠤᠭᠤᠯᠭ᠎ᠠ ︵MI/L︶  0᠂ 05                0᠂ 05              0᠂ 05       ᠠᠽᠤᠲ ᠬᠦᠴᠢᠯ ᠤᠨ ᠲᠠᠪᠤᠰᠤ ︵MI/L ᠠᠽᠤᠲ ᠪᠠᠷ ᠪᠤᠳᠤᠨ᠎ᠠ︶ 20      20      20       ᠪᠠᠺᠲ᠋ᠧᠷᠢ ᠶᠢᠨ ᠰᠤᠳᠤᠯᠤᠯ ᠤᠨ ᠬᠦᠢᠴᠡᠳᠭᠡᠬᠦ ᠲᠤᠭ᠎ᠠ᠄       ᠪᠠᠺᠲ᠋ᠧᠷᠢ ᠶᠢᠨ ᠶᠡᠷᠦᠩᠬᠡᠢ ᠲᠤᠭ᠎ᠠ ︵ᠬᠤᠪᠢ/MI︶  100        200          500       ᠶᠡᠷᠦᠩᠬᠡᠢ ᠪᠦᠳᠤᠭᠦᠨ ᠬᠡᠳᠡᠰᠤᠨ ᠤ ᠪᠠᠺᠲ᠋ᠧᠷᠢ ᠶᠢᠨ ᠪᠦᠯᠦᠭ ︵ᠬᠤᠪᠢ/L︶ 3    11      27 ︵ ᠵᠤᠯᠭᠠᠯᠳᠤᠭᠰᠠᠨ ᠤ30 ᠮᠢᠨᠦ᠋ᠲ ᠤᠨ ᠳᠠᠷᠠᠭ᠎ᠠ︶       ᠴᠢᠯᠤᠭᠡᠳᠤ ᠦᠯᠡᠳᠡᠪᠤᠷᠢ ᠾᠯᠤᠷ ︵MI/L︶ 0᠂ 3      0᠂ 3 ᠠᠴᠠ ᠳᠤᠳᠠᠭᠤ ᠦᠬᠡᠢ 0᠂ 3   ᠠᠴᠠ ᠳᠤᠳᠠᠭᠤ ᠦᠬᠡᠢ       ᠦᠵᠤᠬᠦᠷ ᠤᠰᠤ          0᠂ 05 ᠠᠴᠠ ᠳᠤᠳᠠᠭᠤ ᠦᠬᠡᠢ  0᠂ 05 ᠠᠴᠠ ᠳᠤᠳᠠᠭᠤ ᠦᠬᠡᠢ     0᠂05  ᠠᠴᠠ ᠳᠤᠲᠠᠭᠤ ᠦᠬᠡᠢ       — — — — — — — — — — — — — — — — — — — — — — — — —  — — — — — — — — — — — — — — —       ① ᠨᠢᠭᠡᠳᠤᠭᠡᠷ ᠲᠡᠰ ᠄ ᠬᠦᠰᠡᠬᠦ ᠬᠡᠮᠵᠢᠭᠳᠡᠯ  ︔  ᠬᠤᠶᠠᠳᠤᠭᠠᠷ ᠲᠡᠰ᠄ ᠵᠦᠪᠰᠢᠶᠡᠷᠡᠬᠦ ᠬᠡᠮᠵᠢᠭᠳᠡᠯ︔   ᠭᠤᠷᠪᠠᠳᠤᠭᠠᠷ ᠲᠡᠰ᠄  ᠰᠤᠩᠭᠤᠵᠦ ᠪᠤᠯᠬᠤ ᠪᠤᠰᠤᠳ ᠤᠰᠤᠨ ᠤ ᠰᠤᠷᠪᠤᠯᠵᠢ ᠲᠤᠳᠠᠭᠳᠠᠭᠰᠠᠨ ᠦᠶᠡᠰ ᠴᠢᠯᠤᠭᠡᠲᠠᠢ  ᠲᠠᠯᠪᠢᠬᠤ ᠬᠢᠵᠠᠭᠠᠷᠳᠤ ᠬᠡᠮᠵᠢᠭᠳᠡᠯ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号