ᠰᠤᠷᠭᠠᠨ ᠬᠦᠮᠣᠵᠢᠯ ᠤᠨ ᠵᠢᠳᠬᠦᠯᠳᠡᠳ — ᠲᠤᠬᠳᠠᠪᠤᠦ
ᠨᠡᠶᠢᠲᠡᠯᠡᠭᠰᠡᠨ ᠴᠠᠭ᠄
2015/11/29
      ᠲᠤᠬᠳᠠᠪᠤᠦ     ︵ᠬᠢᠳᠠᠳ  ᠨᠡᠷ᠎ᠠ ᠯᠢ ᠰᠢᠩ ᠸᠧᠨ︶ ᠬᠠᠷᠠᠴᠢᠨ ᠬᠤᠰᠢᠭᠤᠨ ᠤ ᠬᠦᠮᠤᠨ᠂1915 ᠣᠨ ᠠᠴᠠ ᠲᠤᠰᠬᠤᠨ ᠤ ᠪᠠᠨ ᠭᠡᠷ ᠤᠨ ᠰᠤᠷᠭᠠᠭᠤᠯᠢ ᠳᠤ ᠪᠢᠴᠢᠭ ᠦᠵᠡᠵᠤ᠂1921  ᠣᠨ ᠠᠴᠠ 1923 ᠣᠨ ᠪᠤᠯᠳᠠᠯ᠎ᠠ ᠬᠠᠷᠠᠴᠢᠨ ᠬᠤᠰᠢᠭᠤᠨ ᠤ  ︽ᠲᠦᠪ ᠢ ᠡᠷᠬᠢᠮᠯᠡᠬᠦ ᠰᠤᠷᠭᠠᠭᠤᠯᠢ︾ ᠳᠤ ᠰᠤᠷᠤᠯᠴᠠᠪᠠ᠃1924 ᠣᠨ᠂ ᠨᠠᠭᠠᠴᠤ ᠶᠢᠨ ᠢᠶᠠᠨ ᠲᠠᠮᠵᠢᠯᠬᠡ ᠪᠠᠷ ᠪᠡᠭᠡᠵᠢᠭ ᠤᠨ ᠮᠤᠩᠭᠤᠯ ᠲᠦᠪᠡᠳ ᠲᠡᠭᠡᠳᠤ ᠰᠤᠷᠭᠠᠭᠤᠯᠢ ᠳᠤ ᠰᠤᠷᠤᠯᠴᠠᠵᠠᠢ᠃ 3  ᠵᠢᠯ ᠰᠤᠷᠤᠯᠴᠠᠳᠠᠯ᠎ᠠ ᠨᠠᠭᠠᠴᠤ ᠨᠢ ᠴᠢᠨᠠᠬᠰᠢ ᠲᠠᠮᠵᠢᠵᠤ  ᠲᠠᠶᠢᠯᠬᠦ ᠦᠬᠡᠢ ᠪᠤᠯᠤᠬᠰᠡᠨ ᠲᠤᠯᠠ  ᠰᠤᠷᠤᠯᠭ᠎ᠠ ᠪᠠᠨ ᠵᠤᠬᠰᠤᠵᠤ᠂ ᠨᠤᠳᠤᠭ ᠲᠤ ᠪᠠᠨ ᠪᠤᠴᠠᠵᠤ ᠬᠦᠳᠠᠯᠮᠤᠷᠢ ᠳᠤ ᠤᠷᠤᠯᠴᠠᠵᠡᠢ᠃1930 ᠣᠨ ᠳᠤ ᠭᠠᠴᠢᠭ ᠠᠴᠠ ᠵᠠᠶᠢᠯᠠᠵᠤ᠂ ᠬᠡᠷᠬᠡᠢ ᠬᠡᠤᠭᠡᠳ ᠢᠶᠠᠨ ᠲᠠᠭᠠᠭᠤᠯᠤᠨ ᠪᠠᠭᠠᠷᠢᠨ  ᠵᠡᠬᠦᠨ ᠬᠤᠰᠢᠭᠤᠨ ᠤ ᠴᠠᠭᠠᠨᠬᠠᠳᠠ ᠶᠢᠨ ᠠᠷᠤᠪᠤᠯᠠᠭ  ᠲᠤ ᠢᠷᠠᠵᠤ᠂ ᠵᠢᠮᠪᠠ ᠯᠠᠮᠠ ᠶᠢᠨ ᠳᠤ ᠭᠡᠷ ᠤᠨ ᠰᠤᠷᠭᠠᠭᠤᠯᠢ ᠶᠢᠨ ᠪᠠᠭᠰᠢ  ᠪᠤᠯᠵᠡᠢ᠃1932 ᠣᠨ ᠤ ᠬᠠᠪᠤᠷ᠂ ᠬᠠᠳᠠᠩᠭᠡᠷ ᠰᠢᠶᠠᠩ ᠤᠨ ᠰᠤᠷᠪᠤᠭᠠᠨ ᠠᠶᠢᠯ ᠳᠤ ᠪᠠᠭᠰᠢᠯᠠᠵᠤ ᠪᠠᠶᠢᠬᠰᠡᠨ ᠢᠶᠠᠨ ᠨᠠᠮᠤᠷ ᠨᠢ ᠯᠢᠨᠳᠦ᠋ᠩ ᠤᠨ ᠮᠤᠩᠭᠤᠯ ᠬᠢᠳᠠᠳ ᠪᠦᠷᠢᠨ ᠪᠠᠭ᠎ᠠ ᠰᠤᠷᠭᠠᠭᠤᠯᠢ ᠳᠤ ᠤᠷᠢᠬᠳᠠᠨ ᠪᠠᠭᠰᠢᠯᠠᠪᠠ᠃ 1933  ᠣᠨ ᠳᠤ᠂ ᠲᠣᠰ ᠰᠤᠷᠭᠠᠭᠤᠯᠢ ᠶᠢ ᠮᠤᠩᠭᠤᠯ᠂ ᠬᠢᠳᠠᠳ ᠬᠤᠶᠠᠷ ᠰᠤᠷᠭᠠᠭᠤᠯᠢ ᠪᠤᠯᠭᠠᠨ ᠰᠠᠯᠭᠠᠬᠰᠡᠨ ᠳᠤ  ᠲᠡᠷᠡ ᠨᠢᠭᠡᠳᠤᠭᠡᠷ ᠪᠦᠷᠢᠨ ᠪᠠᠭ᠎ᠠ ᠰᠤᠷᠭᠠᠭᠤᠯᠢ ᠶᠢᠨ ᠵᠠᠬᠢᠷᠤᠯ ᠪᠤᠯᠵᠡᠢ᠃ 1938  ᠣᠨ ᠳᠤ᠂ ᠲᠤᠰ ᠰᠤᠷᠭᠠᠭᠤᠯᠢ ᠶᠢᠨ ᠬᠢᠩᠭᠠᠨ ᠮᠤᠵᠢ  ᠶᠢᠨ ᠭᠤᠤᠯᠳᠠᠯᠭ᠎ᠠ ᠲᠠᠢ ᠪᠠᠭ᠎ᠠ ᠰᠤᠷᠭᠠᠭᠤᠯᠢ ᠪᠤᠯᠭᠠᠵᠤ᠂ ᠰᠤᠷᠭᠠᠭᠤᠯᠢ ᠶᠢᠨ ᠨᠡᠷ᠎ᠠ ᠶᠢ ︽ᠪᠠᠭᠠᠷᠢᠨ ᠵᠡᠬᠦᠨ ᠭᠠᠷ ᠤᠨ  ᠬᠤᠰᠢᠭᠤᠨ ᠤ ᠰᠢᠩ ᠸᠧᠨ ᠲᠤᠷᠰᠢᠯᠳᠠ ᠶᠢᠨ ᠪᠦᠷᠢᠨ ᠪᠠᠭ᠎ᠠ ᠰᠤᠷᠭᠠᠭᠤᠯᠢ︾ ᠬᠡᠵᠤ ᠦᠭᠡᠷᠠᠴᠢᠯᠠᠵᠡᠢ᠃ ᠴᠢᠯᠤᠭᠡᠯᠡᠭᠳᠡᠭᠰᠡᠨ ᠤ ᠲᠠᠷᠠᠭ᠎ᠠ᠂ ᠲᠤᠬᠳᠠᠪᠤᠦ ᠦᠷᠬᠦᠯᠵᠢᠯᠡᠨ ᠲᠤᠰ ᠰᠤᠷᠭᠠᠭᠤᠯᠢ ᠶᠢᠨ ᠵᠠᠬᠢᠷᠤᠯ ᠤᠨ ᠲᠤᠰᠢᠶᠠᠯ ᠢ ᠬᠠᠷᠢᠭᠤᠴᠠᠵᠠᠢ᠃ 1946  ᠣᠨ ᠤ 6  ᠰᠠᠷ᠎ᠠ ᠳᠤ᠂  ᠲᠤᠰ  ᠰᠤᠷᠭᠠᠭᠤᠯᠢ ᠶᠢ ︽ᠯᠢᠨᠳᠦ᠋ᠩ ᠤᠨ ᠲᠤᠷᠰᠢᠯᠳᠠ ᠶᠢᠨ ᠪᠠᠭ᠎ᠠ ᠰᠤᠷᠭᠠᠭᠤᠯᠢ︾ ᠭᠡᠵᠤ ᠦᠭᠡᠷᠡᠴᠢᠯᠡᠪᠠ᠃ 1948  ᠣᠨ ᠤ ᠨᠠᠮᠤᠷ᠂ ᠭᠡᠷ ᠤᠨ ᠠᠮᠢᠳᠤᠷᠠᠯ ᠤᠨ ᠬᠦᠴᠢᠷᠳᠠᠯ ᠠᠴᠠ ᠪᠤᠯᠵᠤ᠂ ᠲᠤᠬᠳᠠᠪᠤᠦ ᠪᠠᠭᠰᠢ ᠦᠪᠠᠷ ᠤᠨ ᠲᠤᠷ᠎ᠠ ᠠᠴᠠ ᠪᠠᠨ ᠬᠦᠳᠡᠭᠡ ᠶᠢᠨ ᠰᠤᠷᠭᠠᠭᠤᠯᠢ ᠳᠤ  ᠣᠴᠢᠨ ᠪᠠᠭᠰᠢᠯᠠᠵᠡᠢ᠃1953 ᠣᠨ ᠳᠤ᠂ ᠠᠮᠢᠳᠤᠷᠠᠯ ᠨᠢ ᠪᠠᠭ᠎ᠠ ᠲᠡᠭᠡᠭᠰᠢᠯᠡᠭᠰᠡᠨ ᠠᠴᠠ ᠯᠢᠨᠳᠦ᠋ᠩ ᠤᠨ ᠭᠤᠷᠪᠠᠳᠤᠭᠠᠷ ᠪᠠᠭ᠎ᠠ ᠰᠤᠷᠭᠠᠭᠤᠯᠢ ᠳᠤ ᠲᠤᠮᠢᠯᠠᠬᠳᠠᠨ ᠪᠠᠭᠰᠢᠯᠠᠪᠠ᠃1954   ᠣᠨ ᠤ 9  ᠰᠠᠷ᠎ᠠ  ᠳᠤ᠂ ᠪᠠᠭᠠᠷᠢᠨ ᠪᠠᠷᠠᠭᠤᠨ ᠬᠤᠰᠢᠭᠤᠨ ᠳᠤ ᠠᠵᠢᠯ ᠰᠢᠯᠵᠢᠨ ᠤᠷᠢᠳ ᠬᠤᠵᠢᠳ ᠪᠠᠶᠠᠷᠬᠠᠨ ︵ᠪᠠᠶᠠᠬᠷᠳᠠᠨᠢ︶ ᠨᠤᠳᠤᠭ ᠤᠨ ᠪᠦᠷᠢᠨ ᠪᠠᠭ᠎ᠠ ᠰᠤᠷᠭᠠᠭᠤᠯᠢ  ᠂  ᠳ᠋ᠠᠪᠠᠨ  ᠤ ᠨᠢᠭᠡᠳᠤᠭᠡᠷ ᠪᠠᠭ᠎ᠠ ᠰᠤᠷᠭᠠᠭᠤᠯᠢ᠂ ᠴᠠᠭᠠᠨᠠᠭᠤᠷ ᠪᠦᠷᠢᠨ ᠪᠠᠭ᠎ᠠ ᠰᠤᠷᠭᠠᠭᠤᠯᠢ᠂ ᠴᠠᠭᠠᠨᠮᠦ᠋ᠷᠡᠨ  ᠪᠦᠷᠢᠨ  ᠪᠠᠭ᠎ᠠ ᠰᠤᠷᠭᠠᠭᠤᠯᠢ ᠳᠤ ᠵᠠᠬᠢᠷᠤᠯ ᠢᠶᠠᠷ ᠠᠵᠢᠯᠯᠠᠪᠠ᠃1938 ᠣᠨ ᠠᠴᠠ1945 ᠣᠨ ᠤ ᠬᠤᠭᠤᠷᠤᠨᠳᠤ᠂ ᠬᠤᠶᠠᠷ ᠤᠳᠠᠭ᠎ᠠ ᠶᠠᠫᠤᠨ ᠤᠯᠤᠰ ᠲᠤ ᠤᠴᠢᠵᠤ ᠲᠤᠭᠤᠷᠢᠨ ᠦᠵᠡᠵᠤ ᠰᠤᠷᠤᠯᠴᠠᠵᠡᠢ᠃1959 ᠣᠨ ᠠᠴᠠ ᠬᠤᠶᠢᠰᠢ᠂ ᠬᠦᠩᠱᠧ᠂ ᠬᠤᠰᠢᠭᠤ᠂ ᠠᠶᠢᠮᠠᠭ ᠤᠨ ᠠᠷᠠᠳ ᠤᠨ ᠲᠦᠯᠤᠭᠡᠯᠡᠭᠴᠢ ᠪᠠᠷ ᠰᠤᠩᠭᠤᠬᠳᠠᠵᠤ ᠦᠩᠭᠡᠷᠡᠵᠡᠢ᠃        ᠲᠤᠬᠳᠠᠪᠤᠦ ᠪᠠᠭᠰᠢ ᠶᠢᠨ ᠨᠠᠶᠢᠷᠠᠭᠤᠯᠤᠬᠰᠡᠨ ᠮᠤᠩᠭᠤᠯ ᠬᠢᠳᠠᠳ ᠬᠠᠷᠢᠴᠠᠭᠤᠯᠤᠬᠰᠡᠨ ᠦᠰᠤᠭ᠍ᠯᠡᠯ ᠤᠨ ᠲᠠᠪᠳᠡᠷ ᠨᠢ ᠬᠤᠰᠢᠭᠤᠨ ᠤ ᠡᠯ᠎ᠠ ᠮᠤᠩᠭᠤᠯ ᠪᠠᠭ᠎ᠠ ᠰᠤᠷᠭᠠᠭᠤᠯᠢ ᠶᠢᠨ  ᠬᠢᠴᠢᠶᠡᠯ  ᠤᠨ ᠪᠢᠴᠢᠭ ᠪᠤᠯᠵᠤ ᠪᠠᠶᠢᠪᠠ᠃ ᠲᠤᠬᠳᠠᠪᠤᠦ ᠪᠠᠭᠰᠢ1973 ᠣᠨ ᠳᠤ ᠠᠵᠢᠯ ᠲᠠᠷᠬᠠᠯᠠᠵᠤ᠂1992  ᠣᠨ ᠤ12 ᠰᠠᠷ᠎ᠠ ᠳᠤ ᠨᠠᠶᠠᠨ ᠲᠠᠪᠤᠳᠠᠢ ᠦᠬᠡᠳᠠ  ᠪᠤᠯᠵᠡᠢ᠃
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠮᠤᠩᠭᠤᠯ ᠦᠨᠳᠤᠰᠤᠳᠠᠨ ᠤ ᠰᠤᠷᠭᠠᠨ ᠬᠦᠮᠤᠵᠢᠯ ᠤᠨ ᠦᠢᠯᠠᠯᠭ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号