| | ᠡᠩᠬᠡᠪᠠᠲᠤ ᠬᠢᠳᠠᠳ ᠨᠡᠷ᠎ᠡ ᠨᠢ ᠵᠸᠤ ᠢᠤᠢ ᠲᠢᠩ᠃1910 ᠣᠨ ᠤ11 ᠰᠠᠷ᠎ᠠ ᠶᠢᠨ28 ᠤ | ᠡᠳᠤᠷ᠂ ᠬᠠᠷᠠᠴᠢᠨ ᠬᠤᠰᠢᠭᠤᠨ ᠳᠤ ᠲᠦᠷᠤᠵᠡᠢ᠃1922 ᠣᠨ ᠪᠤᠯᠳᠠᠯ᠎ᠠ ᠬᠠᠷᠠᠴᠢᠨ ᠬᠤᠰᠢᠭᠤᠨ ᠤ ︽ᠲᠦᠪ ᠢ | ᠡᠷᠬᠢᠮᠯᠡᠬᠦ ᠰᠤᠷᠭᠠᠭᠤᠯᠢ︾ ᠳᠤ ᠪᠢᠴᠢᠭ ᠦᠵᠡᠵᠡᠢ᠃1926 ᠣᠨ ᠤ ᠨᠠᠮᠤᠷ᠂ ᠮᠤᠩᠭᠤᠯ ᠲᠦᠪᠡᠳ ᠤᠨ ᠶᠡᠭᠡ | ᠰᠤᠷᠭᠠᠭᠤᠯᠢ ᠳᠤ ᠰᠢᠯᠭᠠᠨ ᠤᠷᠤᠵᠤ ᠮᠤᠩᠭᠤᠯ᠂ ᠬᠢᠳᠠᠳ᠂ ᠮᠠᠨᠵᠤ᠂ ᠲᠦᠪᠡᠳ᠂ ᠶᠠᠫᠤᠨ᠂ ᠠᠩᠭ᠍ᠯᠢ ᠵᠠᠷᠬᠡ ᠬᠡᠯᠡ ᠶᠢ | ᠰᠠᠶᠢᠨ ᠮᠡᠳᠡᠳᠡᠭ ᠪᠠᠶᠢᠵᠡᠢ᠃ 1928 —1930 ᠣᠨ ᠪᠤᠯᠳᠠᠯ᠎ᠠ᠂ ᠨᠤᠳᠤᠭ ᠤᠨ ᠢᠶᠠᠨ ᠡᠦ ᠴᠧᠩ ᠡᠾᠦ ᠬᠡᠬᠦ | ᠬᠦᠮᠤᠨ ᠳᠤ ᠲᠠᠩᠰᠠ ᠬᠠᠮᠢᠶᠠᠷᠤᠬᠴᠢ ᠪᠠᠷ ᠵᠠᠷᠤᠬᠳᠠᠵᠡᠢ᠃1931 ᠣᠨ ᠠᠴᠠ1945 ᠣᠨ ᠤ 8 ᠰᠠᠷ᠎ᠠ | ᠪᠤᠯᠳᠠᠯ᠎ᠠ᠂ ᠯᠢᠨᠳᠦ᠋ᠩ ᠪᠤᠯᠤᠨ ᠨᠤᠤᠷᠭᠠᠢ ᠵᠠᠷᠬᠡ ᠭᠠᠵᠠᠷ ᠤᠨ ᠬᠡᠳᠤᠨ ᠰᠤᠷᠭᠠᠭᠤᠯᠢ ᠪᠠ ︽ᠲᠦᠪ ᠢ ᠡᠷᠬᠢᠮᠨᠡᠬᠦ | ᠰᠤᠷᠭᠠᠭᠤᠯᠢ︾ ᠳᠤ ᠪᠠᠭᠰᠢᠯᠠᠵᠡᠢ᠃1949 ᠣᠨ ᠤ 2 ᠰᠠᠷ᠎ᠠ ᠠᠴᠠ 1956 ᠣᠨ ᠤ 8 ᠰᠠᠷ᠎ᠠ ᠪᠤᠯᠳᠠᠯ᠎ᠠ᠂ | ᠯᠢᠨᠳᠦ᠋ᠩ ᠪᠠᠯᠭᠠᠰᠤ᠂ ᠪᠠᠭᠠᠷᠢᠨ ᠵᠡᠬᠦᠨ ᠬᠤᠰᠢᠭᠤᠨ ᠤ ᠲᠤᠯᠤᠳᠤᠭᠠᠷ ᠴᠢᠤᠢ ︵ᠨᠤᠳᠤᠭ︶᠂ ᠬᠠᠶᠢᠯᠠᠰᠤᠨ ᠠᠮᠠ᠂ | ᠴᠤᠩᠵᠢᠨ ᠵᠡᠷᠬᠡ ᠭᠠᠵᠠᠷ ᠤᠨ ᠰᠤᠷᠭᠠᠭᠤᠯᠢ ᠨᠤᠭᠤᠳ ᠢᠶᠠᠷ ᠪᠠᠭᠰᠢᠯᠠᠵᠡᠢ᠃1956 ᠣᠨ ᠤ 9 ᠰᠠᠷ᠎ᠠ ᠠᠴᠠ | 1973 ᠣᠨ ᠤ 3 ᠰᠠᠷ᠎ᠠ ᠪᠤᠯᠳᠠᠯ᠎ᠠ᠂ ᠪᠠᠭᠠᠷᠢᠨ ᠪᠠᠷᠠᠭᠤᠨ ᠬᠤᠰᠢᠭᠤᠨ ᠤ ᠨᠤᠤᠷᠭᠠᠢ ᠪᠦᠷᠢᠨ ᠪᠠᠭ᠎ᠠ | ᠰᠤᠷᠭᠠᠭᠤᠯᠢ᠂ ᠵᠢᠷᠭᠠᠯ ᠤᠨ ᠵᠠᠮ ᠲᠤᠮᠳᠠᠳᠤ ᠰᠤᠷᠭᠠᠭᠤᠯᠢ ᠳᠤ ᠨᠢᠬᠳᠠᠯᠠᠨ ᠪᠤᠳᠤᠬᠴᠢ ᠪᠠᠷ ᠠᠵᠢᠯᠯᠠᠪᠠ᠃ ᠡᠩᠬᠡᠪᠠᠲᠤ | ᠪᠠᠭᠰᠢ ᠠᠰ ᠰᠢᠭᠤᠳ᠂ ᠲᠦᠪ ᠴᠢᠭᠴᠢ ᠵᠠᠩ ᠴᠢᠨᠠᠷ ᠲᠠᠢ᠂ ᠦᠨᠡᠨ ᠢ ᠬᠡᠯᠡᠵᠤ ᠵᠠᠷᠴᠢᠮ ᠢ ᠪᠠᠷᠢᠮᠳᠠᠯᠠᠨ᠂ ᠠᠮᠢ | ᠬᠤᠪᠢ ᠪᠠᠨ ᠪᠤᠳᠤᠬᠤ ᠦᠬᠡᠢ ᠰᠢᠷᠭᠠᠭᠤ ᠠᠵᠢᠯᠯᠠᠳᠠᠭ ᠬᠡᠪ ᠰᠤᠷᠳᠠᠯ ᠲᠠᠢ ᠶᠤᠮ᠃ ᠬᠠᠭᠤᠷᠮᠠᠭ ᠮᠠᠨᠵᠤ ᠶᠢᠨ ᠦᠶ᠎ᠠ | ᠳᠤ ᠡᠳ᠋ ᠤᠨ ᠵᠠᠰᠠᠭ ᠤᠨ ᠲᠤᠬᠳᠠᠭᠠᠯ ᠢ ᠴᠢᠩᠭ᠎ᠠ ᠵᠢᠷᠤᠮᠯᠠᠵᠤ ᠠᠯᠪᠡᠨ ᠵᠤᠭᠤᠰ ᠢ ︽ᠤᠷᠪᠠᠯᠭ᠎ᠠ ᠭᠠᠷᠭᠠᠬᠴᠢᠳ︾ | ᠲᠤ ᠠᠳᠬᠠᠳᠭᠤᠯᠤᠬᠰᠡᠨ ᠦᠬᠡᠢ ᠶᠤᠮ᠃ ᠲᠡᠷᠠ ᠬᠦᠩᠱᠧ᠂ ᠬᠤᠰᠢᠭᠤ ᠶᠢᠨ ᠠᠷᠠᠳ ᠤᠨ ᠲᠦᠯᠤᠭᠡᠯᠡᠭᠴᠢ ᠪᠠᠷ | ᠤᠯᠠᠨᠳᠠ ᠰᠤᠩᠭᠤᠬᠳᠠᠵᠡᠢ᠃1975 ᠣᠨ ᠳᠤ ᠠᠵᠢᠯ ᠢᠶᠠᠨ ᠲᠠᠷᠬᠠᠯᠠᠵᠤ᠂1978 ᠣᠨ ᠳᠤ ᠨᠠᠰᠤ ᠪᠠᠷᠠᠵᠡᠢ᠃ |