ᠰᠣᠳᠣᠨ ᠰᠤᠷᠤᠬᠴᠢ — ᠰᠠᠶᠢᠵᠢᠷᠠᠬᠤ
ᠨᠡᠶᠢᠲᠡᠯᠡᠭᠰᠡᠨ ᠴᠠᠭ᠄
2015/12/1
      ᠰᠠᠶᠢᠵᠢᠷᠠᠬᠤ    1927 ᠣᠨ ᠤ4  ᠰᠠᠷ᠎ᠠ ᠳᠤ᠂ ᠪᠠᠭᠠᠷᠢᠨ ᠵᠡᠬᠦᠨ ᠬᠤᠰᠢᠭᠤᠨ ᠤ ᠬᠠᠷᠠᠬᠠᠳᠠ ᠰᠢᠶᠠᠩ  ᠳᠤ ᠲᠦᠷᠤᠵᠡᠢ᠃  7  ᠨᠠᠰᠤᠨ ᠳᠤ ᠪᠠᠨ ᠨᠤᠤᠷᠭᠠᠢ ᠰᠤᠷᠭᠠᠭᠤᠯᠢ ᠳᠤ ᠤᠷᠤᠵᠤ ᠪᠢᠴᠢᠭ ᠦᠵᠡᠨ᠂ ᠬᠤᠵᠢᠮ ᠨᠢ ᠯᠢᠨᠳᠦ᠋ᠩ ᠤᠨ ᠰᠢᠩ ᠸᠧᠨ ᠤᠯᠤᠰ ᠠᠷᠠᠳ ᠤᠨ ᠦᠯᠠᠮᠵᠢ ᠶᠢᠨ ᠰᠤᠷᠭᠠᠭᠤᠯᠢ ᠠᠴᠠ ᠰᠢᠯᠢᠳᠡᠭ ᠪᠦᠳᠤᠮᠵᠢ ᠪᠠᠷ ᠲᠠᠬᠦᠰᠴᠤ᠂ 1940  ᠣᠨ ᠳᠤ᠂  ᠬᠠᠭᠤᠷᠮᠠᠭ ᠮᠠᠨᠵᠦ ᠶᠢᠨ ᠸᠠᠩ ᠤᠨ ᠰᠦᠮ᠎ᠡ ︵ᠣᠳᠣ ᠶᠢᠨ ᠣᠯᠠᠭᠠᠨᠬᠠᠳᠠ︶ ᠶᠢᠨ ᠬᠢᠩᠭᠠᠨ ᠲᠡᠭᠡᠳᠤ ᠰᠤᠷᠭᠠᠭᠤᠯᠢ ᠳᠤ ᠨᠢᠭᠡ ᠵᠢᠯ ᠰᠤᠷᠤᠯᠴᠡᠨ ᠨᠤᠳᠤᠭ ᠲᠤ ᠪᠠᠨ ᠪᠤᠴᠡᠨ ᠯᠢᠨᠳᠦ᠋ᠩ ᠤᠨ ᠰᠢᠩ  ᠸᠧᠨ ᠰᠤᠷᠭᠠᠭᠤᠯᠢ ᠳᠤ ᠪᠠᠭᠰᠢᠯᠠᠪᠠ᠃ 1945  ᠣᠨ ᠤ ᠡᠪᠤᠯ᠂  ᠵᠡᠬᠦᠨ ᠬᠤᠶᠢᠳᠤ ᠶᠢᠨ ᠮᠤᠩᠭᠤᠯ ᠵᠠᠯᠠᠭᠤᠴᠤᠳ ᠤᠨ ᠡᠪᠯᠡᠯ ᠳᠤ ᠤᠷᠤᠵᠤ᠂ ᠵᠤᠦ ᠤᠳᠠ ᠠᠶᠢᠮᠠᠭ ᠤᠨ ᠵᠠᠰᠠᠭ ᠤᠨ ᠤᠷᠳᠤᠨ ᠤ ᠠᠵᠤ ᠠᠬᠤᠢ ᠶᠢᠨ  ᠭᠠᠵᠠᠷ ᠠᠵᠢᠯᠯᠠᠪᠠ᠃         1946  ᠣᠨ ᠤ ᠬᠠᠪᠤᠷ᠂  ᠵᠤᠦ ᠤᠳᠠ ᠠᠶᠢᠮᠠᠭ ᠤᠨ ᠲᠦᠷ ᠴᠠᠭ ᠤᠨ ᠵᠠᠰᠠᠭ ᠵᠠᠬᠢᠷᠭᠠᠨ ᠤ ᠵᠦᠪᠯᠡᠯ ᠤᠨ ᠠᠷᠠᠳ ᠤᠨ ᠶᠠᠪᠤᠳᠠᠯ ᠤᠨ ᠭᠠᠵᠠᠷ ᠠᠵᠢᠯᠯᠠᠪᠠ  ᠃ 1948 ᠣᠨ ᠳᠤ᠂ ᠡᠪ ᠬᠠᠮᠳᠤ ᠨᠠᠮ ᠳᠤ ᠤᠷᠤᠵᠡᠢ᠃ ᠭᠠᠵᠠᠷ ᠰᠢᠷᠤᠢ ᠶᠢᠨ ᠦᠭᠡᠷᠡᠴᠢᠯᠠᠯᠳᠡ ᠶᠢᠨ ᠬᠤᠪᠢᠰᠬᠠᠯ ᠪᠠ ᠵᠤᠦ ᠤᠳᠠ ᠠᠶᠢᠮᠠᠭ ᠤᠨ ᠬᠤᠷᠢᠶ᠎ᠠ ᠶᠢᠨ ᠨᠠᠮ ᠤᠨ ᠰᠤᠷᠭᠠᠭᠤᠯᠢ ᠳᠤ ᠰᠤᠷᠤᠯᠴᠡᠨ 1949 ᠣᠨ ᠤ10  ᠰᠠᠷ᠎ᠠ ᠳᠤ᠂ ᠬᠡᠰᠢᠭᠳᠡᠨ ᠬᠤᠰᠢᠭᠤᠨ ᠤ ᠠᠷᠠᠳ ᠤᠨ ᠶᠠᠪᠤᠳᠠᠯ ᠤᠨ ᠰᠠᠯᠭᠠᠨ ᠲᠠᠷᠤᠭ᠎ᠠ ᠪᠤᠯᠪᠠ᠃ 1954 ᠣᠨ ᠳᠤ᠂ ᠵᠤᠦ ᠤᠳᠠ ᠠᠶᠢᠮᠠᠭ ᠤᠨ ᠠᠷᠠᠳ ᠤᠨ ᠵᠦᠪᠯᠡᠯ ᠤᠨ ᠠᠷᠠᠳ ᠤᠨ ᠶᠠᠪᠤᠳᠠᠯ ᠤᠨ ᠭᠠᠵᠠᠷ ᠲᠤ ᠲᠡᠳ᠋ ᠲᠠᠷᠤᠭ᠎ᠠ ᠪᠠᠷ ᠰᠢᠯᠵᠢᠪᠠ  ᠃        1957  ᠣᠨ ᠤ 3  ᠰᠠᠷ᠎ᠠ ᠳᠤ᠂ ᠠᠤᠬᠠᠨ ᠬᠤᠰᠢᠭᠤᠨ ᠲᠠᠷᠤᠭ᠎ᠠ ᠪᠤᠯᠵᠤ︔1958 ᠣᠨ ᠳᠤ᠂ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ᠂ ᠬᠤᠰᠢᠭᠤᠨ ᠲᠠᠷᠤᠭ᠎ᠠ  ᠪᠠᠶᠢᠪᠠ᠃ ︽ᠰᠤᠶᠤᠯ ᠤᠨ ᠶᠡᠭᠡ ᠬᠤᠪᠢᠰᠠᠬᠠᠯ︾ ᠤᠨ ᠦᠶ᠎ᠠ ᠳᠤ᠂ ᠬᠢᠯᠢᠰ ᠢᠶᠠᠷ ᠲᠠᠮᠡᠴᠡᠭᠳᠡᠪᠡ᠃ 1972  ᠣᠨ ᠳᠤ᠂ ᠵᠤᠦ ᠤᠳᠠ ᠠᠶᠢᠮᠠᠭ ᠤᠨ ᠬᠤᠪᠢᠰᠬᠠᠯ ᠤᠨ ᠵᠦᠪᠯᠡᠯ ᠤᠨ ᠮᠠᠯ ᠲᠠᠷᠢᠶᠠᠯᠠᠩ ᠤᠨ ᠲᠡᠳ᠋ ᠲᠠᠷᠤᠭ᠎ᠠ᠂ ᠲᠠᠷᠢᠶᠠᠯᠠᠩ ᠤᠨ ᠲᠤᠪᠴᠢᠶ᠎ᠠ ᠶᠢᠨ ᠲᠤᠪᠴᠢᠶᠠᠨ ᠲᠠᠷᠤᠭ᠎ᠠ᠂ ᠲᠦᠯᠤᠪᠡᠯᠡᠭᠡᠨ ᠤ ᠵᠦᠪᠯᠡᠯ ᠤᠨ ᠲᠡᠳ᠋ ᠡᠷᠬᠢᠯᠡᠭᠴᠢ᠂ ᠨᠠᠮ ᠤᠨ ᠲᠤᠭᠤᠶᠢᠯᠠᠩ ᠤᠨ ᠲᠡᠳ᠋ ᠱᠦᠵᠢ ᠶᠢᠨ ᠲᠤᠰᠢᠶᠠᠯ ᠢ  ᠬᠠᠮᠳᠣ ᠳᠤ ᠨᠢ ᠬᠠᠷᠢᠭᠤᠴᠠᠪᠠ᠃ 1977  ᠣᠨ ᠤ 6  ᠰᠠᠷ᠎ᠠ ᠳᠤ᠂ ᠯᠢᠶᠤᠤᠨᠢᠩ ᠮᠤᠵᠢ ᠶᠢᠨ ᠮᠠᠯ ᠠᠵᠤ ᠠᠬᠤᠢ ᠶᠢᠨ  ᠲᠤᠪᠴᠢᠶ᠎ᠠ ᠶᠢᠨ ᠲᠡᠳ᠋ ᠲᠠᠷᠤᠭ᠎ᠠ᠂ ᠨᠠᠮ ᠲᠤᠭᠤᠶᠢᠯᠠᠩ ᠤᠨ ᠬᠡᠰᠢᠬᠦᠨ ᠪᠠᠶᠢᠪᠠ᠃ 1979 ᠣᠨ ᠳᠤ᠂ ᠵᠤᠦ ᠤᠳᠠ ᠠᠶᠢᠮᠠᠭ ᠤᠨ  ᠬᠤᠪᠢᠰᠬᠠᠯ ᠤᠨ ᠵᠦᠪᠯᠡᠯ ᠤᠨ ᠨᠠᠷᠢᠨ ᠪᠢᠴᠢᠭ ᠤᠨ ᠲᠠᠷᠤᠭ᠎ᠠ᠂  ᠲᠡᠳ᠋ ᠡᠷᠬᠢᠯᠡᠭᠴᠢ᠂ ᠠᠶᠢᠮᠠᠭ ᠤᠨ ᠲᠡᠳ᠋ ᠲᠠᠷᠤᠭ᠎ᠠ᠂ ᠨᠠᠮ ᠤᠨ ᠲᠤᠭᠤᠶᠢᠯᠠᠩ ᠤᠨ  ᠱᠦᠵᠢ ᠵᠡᠷᠬᠡ ᠲᠤᠰᠢᠶᠠᠯ ᠢ ᠡᠬᠦᠷᠭᠡᠯᠡᠪᠠ᠃1980 ᠣᠨ ᠤ 10  ᠰᠠᠷ᠎ᠠ ᠳᠤ᠂  ᠠᠶᠢᠮᠠᠭ ᠤᠨ ᠲᠠᠷᠤᠭ᠎ᠠ᠂ ᠠᠶᠢᠮᠠᠭ ᠤᠨ ᠨᠠᠮ ᠤᠨ ᠬᠤᠷᠢᠶ᠎ᠠ ᠶᠢᠨ ᠲᠡᠳ᠋ ᠱᠦᠵᠢ᠂ ᠠᠶᠢᠮᠠᠭ ᠤᠨ ᠵᠠᠬᠢᠷᠭᠠᠨ ᠤ ᠨᠠᠮ ᠤᠨ ᠲᠤᠭᠤᠶᠢᠯᠠᠩ ᠤᠨ ᠱᠦᠵᠢ ᠪᠠᠶᠢᠪᠠ᠃1983 ᠣᠨ ᠳᠤ᠂ ᠤᠯᠠᠭᠠᠨᠬᠠᠳᠠ ᠬᠤᠳᠠ ᠶᠢᠨ ᠬᠤᠳᠠ ᠶᠢᠨ ᠲᠠᠷᠤᠭ᠎ᠠ᠂ ᠬᠤᠳᠠ ᠶᠢᠨ ᠨᠠᠮ ᠤᠨ ᠬᠤᠷᠢᠶ᠎ᠠ ᠶᠢᠨ ᠲᠡᠳ᠋ ᠱᠦᠵᠢ᠂ ᠬᠤᠳᠠ ᠶᠢᠨ  ᠵᠠᠰᠠᠭ ᠤᠨ ᠤᠷᠳᠤᠨ ᠤ ᠨᠠᠮ ᠤᠨ ᠲᠤᠭᠤᠶᠢᠯᠠᠩ ᠤᠨ ᠱᠦᠵᠢ  ᠪᠠᠶᠢᠪᠠ᠃1988  ᠣᠨ ᠤ 5  ᠰᠠᠷ᠎ᠠ ᠳᠤ᠂ ᠦᠪᠡᠷᠳᠡᠬᠡᠨ ᠵᠠᠰᠠᠬᠤ ᠤᠷᠤᠨ ᠤ ᠠᠷᠠᠳ ᠤᠨ ᠲᠦᠯᠤᠬᠡᠯᠡᠭᠴᠢ ᠶᠢᠨ ᠶᠡᠭᠡ  ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠡᠰᠢᠬᠦᠨ᠃ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠬᠤᠶᠠᠷ᠂ ᠲᠠᠪᠤ᠂  ᠵᠢᠷᠭᠤᠭ᠎ᠠ᠂ ᠲᠤᠯᠤᠳᠤᠭᠠᠷ ᠬᠤᠭᠤᠴᠠᠭᠠᠨ ᠤ ᠠᠷᠠᠳ ᠲᠦᠯᠤᠬᠡᠯᠡᠭᠴᠢᠳ ᠤᠨ ᠶᠡᠭᠡ ᠬᠤᠷᠠᠯ ᠤᠨ ᠲᠦᠯᠤᠬᠡᠯᠡᠭᠴᠢ᠂ ᠲᠤᠮᠳᠠᠳᠤ ᠤᠯᠤᠰ ᠤᠨ ᠡᠪ ᠬᠠᠮᠳᠣ ᠨᠠᠮ ᠤᠨ ᠠᠷᠪᠡᠨ ᠭᠤᠷᠪᠠᠳᠤᠭᠠᠷ ᠤᠳᠠᠭᠠᠨ ᠤ ᠪᠦᠬᠦ ᠤᠯᠤᠰ ᠤᠨ ᠲᠦᠯᠤᠬᠡᠯᠡᠭᠴᠢ ᠶᠢᠨ ᠶᠡᠭᠡ ᠬᠤᠷᠠᠯ ᠤᠨ ᠲᠦᠯᠤᠬᠡᠯᠡᠭᠴᠢ ᠪᠠᠶᠢᠪᠠ᠃
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠮᠤᠩᠭᠤᠯ ᠦᠨᠳᠤᠰᠤᠳᠠᠨ ᠤ ᠰᠤᠷᠭᠠᠨ ᠬᠦᠮᠤᠵᠢᠯ ᠤᠨ ᠦᠢᠯᠠᠯᠭ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号