| ᠬᠡᠬᠡᠨᠬᠦᠤ ︵ᠰᠧᠪᠵᠢᠤᠨᠳᠤᠷᠵᠢ︶ ᠡᠷᠡᠭᠳᠡᠢ᠂ ᠮᠤᠩᠭᠤᠯ ᠥᠨᠳᠤᠰᠤᠳᠡᠡ᠂ ᠠᠯᠳᠠᠷᠳᠣ ᠭᠠᠳᠠᠭᠠᠳᠣ | ᠬᠠᠷᠢᠯᠴᠠᠭᠠᠨ ᠤ ᠡᠷᠳᠡᠮᠳᠡᠨ ᠃ 1925 ᠤᠨ ᠤ 4 ᠰᠠᠷ᠎ᠠ ᠶᠢᠨ 5 ᠤ ᠡᠳᠣᠷ᠂ ᠪᠠᠭᠠᠷᠢᠨ ᠵᠠᠬᠦᠨ ᠬᠤᠰᠢᠭᠤᠨ ᠤ | ᠴᠠᠭᠠᠨᠬᠠᠳᠡ ᠰᠤᠮᠤ ᠶᠢᠨ ᠭᠤᠤᠯ ᠤᠨ ᠠᠶᠢᠯ ᠤᠨ ᠪᠠᠷᠠᠭᠤᠨ ᠪᠠᠶᠠᠠ ᠤ ᠬᠥᠤ ᠪᠤᠯᠵᠤ ᠵᠠᠶᠠᠭᠠᠵᠠᠢ᠃ ᠪᠠᠭ᠎ᠠ ᠨᠠᠰᠤᠨ | ᠳᠤ ᠪᠠᠨ ᠭᠡᠷ ᠤᠨ ᠰᠤᠷᠭᠠᠭᠤᠯᠢ ᠳᠤ ᠪᠠᠨ ᠪᠢᠴᠢᠭ ᠥᠵᠠᠠ᠂ ᠲᠠᠷᠠᠭ᠎ᠠ ᠨᠢ ᠯᠢᠨᠳᠥ᠋ᠩ ᠤᠨ ᠤᠯᠤᠰ ᠠᠷᠠᠤᠨ ᠤᠨ | ᠥᠯᠡᠮᠵᠢ ᠶᠢᠨ ᠰᠤᠷᠭᠠᠭᠤᠯᠢ ᠳᠤ ᠲᠠᠪᠰᠢᠨ ᠰᠤᠷᠤᠯᠴᠠᠪᠠ᠃ ᠬᠤᠵᠢᠮ ᠨᠢ ᠰᠢᠩ ᠠᠨ ᠰᠤᠷᠭᠠᠭᠤᠯᠢ ᠳᠤ | ᠰᠤᠷᠤᠯᠴᠠᠵᠤ᠂ 1944 ᠤᠨ ᠳᠤ ᠴᠠᠩᠴᠦ᠋ᠨ ᠤ ︽ᠵᠢᠶᠠᠠ ᠬᠥᠸᠧ ᠶᠡᠭᠡ ᠰᠤᠷᠭᠠᠭᠤᠯᠢ︾ ᠳᠤ ᠤᠷᠤᠵᠤ | ᠰᠤᠷᠤᠯᠴᠠᠪᠠ᠃ 1945 ᠤᠨ ᠤ 10 ᠰᠠᠷ᠎ᠠ ᠳᠤ ᠥᠪᠤᠷ ᠮᠤᠩᠭᠤᠯ ᠤᠨ ᠵᠠᠯᠠᠭᠤᠴᠤᠤᠨ ᠤᠨ ᠡᠪᠯᠠᠯ ᠤᠨ ᠬᠤᠷᠢᠶ᠎ᠡ | ᠳᠤ ᠠᠵᠢᠯ ᠤᠨ ᠪᠠᠶᠢᠷᠢ ᠳᠤ ᠭᠠᠷᠴᠠᠢ᠃ 1947 ᠤᠨ ᠤ 3 ᠰᠠᠷ᠎ᠠ ᠳᠤ ᠲᠤᠮᠳᠠᠳᠤ ᠤᠯᠤᠰ ᠤᠨ ᠡᠪ ᠬᠠᠮᠳᠤ ᠨᠠᠮ | ᠳᠤ ᠡᠯᠰᠡᠭᠳᠡᠵᠠᠢ᠃ 1946 ᠤᠨ ᠤ 3 ᠰᠠᠷ᠎ᠠ ᠳᠤ ᠥᠪᠤᠷ ᠮᠤᠩᠭᠤᠯ ᠤᠨ ᠥᠪᠠᠷᠳᠡᠭᠡᠨ ᠵᠠᠰᠠᠬᠤ ᠬᠥᠳᠡᠯᠭᠡᠭᠡᠨ ᠤ | ᠬᠤᠯᠪᠤᠭᠠᠳᠤ ᠬᠤᠷᠠᠯ ᠤᠨ ᠵᠤᠤ ᠤᠳᠡ ᠠᠶᠢᠮᠠᠭ ᠤᠨ ᠬᠤᠪᠢᠶᠠᠷᠢ ᠬᠤᠷᠠᠯ ᠤᠨ ᠰᠠᠯᠠᠭᠠᠨ ᠲᠠᠷᠤᠭ᠎ᠠ ᠤᠨ ᠲᠤᠰᠢᠶᠠᠯ ᠢ | ᠬᠠᠷᠢᠭᠤᠴᠠᠵᠤ᠂ 1947 ᠤᠨ ᠤ 1 ᠰᠠᠷ᠎ᠠ ᠳᠤ ᠥᠪᠤᠷ ᠮᠤᠩᠭᠤᠯ ᠤᠨ ᠥᠪᠠᠷ ᠢ ᠪᠠᠨ ᠬᠠᠮᠠᠭᠠᠯᠠᠬᠤ ᠴᠡᠷᠢᠭ ᠤᠨ | ᠲᠥᠷᠪᠡᠳᠤᠭᠡᠷ ᠱᠢ ᠶᠢᠨ ᠲᠤᠸᠠᠨ ᠤ ᠤᠯᠤᠰ ᠲᠥᠷᠤ ᠶᠢᠨ ᠵᠢᠭᠠᠨ ᠵᠢᠯᠤᠭᠤᠳᠤᠬᠴᠢ᠃ 1949 ᠤᠨ ᠤ 5 ᠰᠠᠷ᠎ᠠ | ᠳᠤ ᠥᠪᠤᠷ ᠮᠤᠩᠭᠤᠯ ᠤᠨ ᠴᠡᠷᠢᠭ ᠤᠨ ᠲᠤᠭᠤᠷᠢᠭ ᠤᠨ ᠭᠤᠷᠪᠠᠳᠤᠭᠠᠷ ᠱᠢ ᠶᠢᠨ ᠤᠯᠤᠰ ᠲᠥᠷᠤ ᠶᠢᠨ ᠵᠢᠭᠠᠨ | ᠵᠢᠯᠤᠭᠤᠳᠤᠬᠴᠢ᠃ 1950 ᠤᠨ ᠤ 1 ᠰᠠᠷ᠎ᠠ ᠳᠤ ᠲᠤᠮᠳᠠᠳᠤ ᠤᠯᠤᠰ ᠤᠨ ᠭᠠᠳᠠᠭᠠᠳᠤ ᠶᠠᠪᠤᠳᠠᠯ ᠤᠨ ᠶᠠᠮᠤᠨ ᠳᠤ | ᠠᠵᠢᠯ ᠰᠢᠯᠵᠢᠨ᠂ 1950 ᠤᠨ ᠤ 7 ᠰᠠᠷ᠎ᠠ ᠳᠤ ᠲᠤᠮᠳᠠᠳᠤ ᠤᠯᠤᠰ ᠤᠨ ᠥᠪᠤᠷ ᠮᠤᠩᠭᠤᠯ ᠳᠤ ᠰᠠᠭᠤᠭ᠎ᠠ | ᠡᠯᠴᠢᠨ ᠰᠠᠶᠢᠤᠨ ᠤᠨ ᠭᠠᠵᠠᠷ ᠲᠤ ᠨᠠᠷᠢᠨ ᠪᠢᠴᠢᠭᠡᠴᠢ ᠪᠤᠯᠵᠠᠢ᠃ 1959 ᠤᠨ ᠤ 8 ᠰᠠᠷ᠎ᠠ ᠳᠤ ᠭᠠᠳᠠᠭᠠᠳᠤ | ᠶᠠᠪᠤᠳᠠᠯ ᠤᠨ ᠶᠠᠮᠤᠨ ᠤ ᠠᠽᠢᠶ᠎ᠡ ᠶᠢᠨ ᠭᠡᠯᠳᠡᠰ ᠲᠤ ᠲᠠᠷᠤᠭ᠎ᠠ ᠪᠠᠷ ᠠᠵᠢᠯᠯᠠᠵᠤ᠂ 1963 ᠤᠨ ᠤ 9 ᠰᠠᠷ᠎ᠠ ᠳᠤ | ᠭᠠᠳᠠᠭᠠᠳᠤ ᠶᠠᠪᠤᠳᠠᠯ ᠤᠨ ᠶᠠᠮᠤᠨ ᠤ ᠵᠥᠪᠯᠡᠯᠳᠤ ᠡᠸᠣᠷᠦ᠋ᠫᠡ ᠶᠢᠨ ᠭᠡᠯᠳᠡᠰ ᠤᠨ ᠲᠤᠰᠬᠠᠢ ᠭᠡᠰᠢᠬᠦᠨ᠂ 1978 ᠤᠨ | ᠤ 5 ᠰᠠᠷ᠎ᠠ ᠳᠤ ᠲᠤᠮᠳᠠᠳᠤ ᠤᠯᠤᠰ ᠤᠨ ᠶᠠᠫᠤᠨ ᠳᠤ ᠰᠠᠭᠤᠭ᠎ᠠ ᠡᠯᠴᠢᠨ ᠰᠠᠶᠢᠤᠨ ᠤᠨ ᠭᠠᠵᠠᠷ ᠲᠤ ᠡᠯᠴᠢ ᠪᠠᠷ | ᠠᠵᠢᠯᠯᠠᠪᠠ᠃ 1963 ᠤᠨ ᠤ 1 ᠰᠠᠷ᠎ᠠ ᠠᠴᠠ ᠲᠤᠮᠳᠠᠳᠤ ᠤᠯᠤᠰ ᠤᠨ ᠤᠯᠠᠨ ᠤᠯᠤᠰ ᠤᠨ ᠠᠰᠠᠭᠤᠳᠠᠯ ᠢ | ᠰᠤᠳᠤᠯᠬᠤ ᠭᠠᠵᠠᠷ ᠲᠤ ᠰᠤᠳᠤᠯᠤᠬᠴᠢ᠂ ᠵᠦᠪᠳᠡᠭᠴᠢ ᠪᠠᠷ ᠠᠵᠢᠯᠯᠠᠨ᠂ ᠭᠠᠳᠠᠭᠠᠳᠣ ᠬᠠᠷᠢᠯᠴᠠᠭᠠᠨ ᠤ ᠠᠰᠠᠭᠤᠳᠠᠯ | ᠳᠤ ᠬᠡᠷᠡᠯᠳᠣ ᠣᠳᠣᠨ ᠪᠣᠯᠵᠣ ᠨᠦᠯᠦᠬᠡ ᠶᠡᠬᠡᠳᠡᠢ ᠪᠠᠶᠢᠪᠠ᠃ 1990 ᠤᠨ ᠤ 12 ᠰᠠᠷ᠎ᠠ ᠳᠤ ᠠᠵᠢᠯ ᠠᠴᠠ ᠪᠠᠨ | ᠠᠮᠠᠷᠠᠪᠠ᠃ | | | ᠪᠠᠯᠳᠠᠨᠰᠠᠩᠪᠤᠦ ᠬᠠᠩᠭᠠᠪᠠ ᠃ | | | | |