| | ᠬᠠ᠊ · ᠳ᠋ᠠᠮᠪᠢᠵᠠᠯᠰᠠᠠ ᠡᠷᠡᠭᠳᠡᠢ᠂ ᠮᠣᠩᠭᠤᠯ ᠦᠨᠳᠦᠰᠦᠳᠡᠨ᠂ ᠲᠤᠮᠳᠠᠳᠤ ᠤᠯᠤᠰ ᠤᠨ ᠡᠪ ᠬᠠᠮᠳᠤ | ᠨᠠᠮ ᠤᠨ ᠭᠡᠰᠢᠬᠦᠨ᠂ ᠥᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠤᠷ᠂ ᠡᠷᠳᠡᠮᠳᠡᠨ᠂ | ᠠᠰᠫᠢᠷᠠᠨᠲ ᠤᠨ ᠵᠢᠯᠤᠭᠤᠳᠤᠬᠴᠢ ᠪᠠᠭᠰᠢ ᠪᠠᠶᠢᠪᠠ᠃ 1933 ᠤᠨ ᠤ 5 ᠰᠠᠷ᠎ᠠ ᠶᠢᠨ 5 ᠤ ᠡᠳᠤᠷ ᠥᠪᠤᠷ | ᠮᠤᠩᠭᠤᠯ ᠤᠨ ᠵᠤᠤ ᠤᠳᠡ ᠠᠶᠢᠮᠠᠭ ᠤᠨ ᠪᠠᠭᠠᠷᠢᠨ ᠵᠠᠬᠦᠨ ᠬᠤᠰᠢᠭᠤᠨ ᠤ ᠪᠠᠶ᠋ᠬᠠᠠᠭᠤᠯᠨ ᠰᠤᠮᠤᠨ ᠤ ᠤᠯᠠᠭᠠᠨᠪᠠᠶᠢᠴᠠ | ᠭᠠᠴᠠᠭ᠎ᠠ ᠶᠢᠨ ᠮᠠᠯᠴᠢᠨ ᠤ ᠭᠡᠷ ᠲᠤ ᠲᠥᠷᠤᠵᠠᠢ᠃1936 ᠤᠨ ᠳᠤ ᠪᠠᠭᠠᠷᠢᠨ ᠵᠠᠬᠦᠨ ᠬᠤᠰᠢᠭᠤᠨ ᠤ ᠬᠢᠯᠠᠭᠠᠨᠠᠳᠠᠢ | ᠰᠥᠮ᠎ᠡ ᠶᠢᠨ ᠲᠠᠪᠤᠳᠤᠭᠠᠷ ᠲᠥᠷᠢ ᠶᠢᠨ ᠭᠡᠭᠡᠨ ᠢᠶᠠᠷ ᠲᠤᠳᠤᠯᠠᠬᠳᠠᠵᠤ᠂ 1939 ᠤᠨ ᠳᠤ ᠭᠡᠭᠡᠨ ᠰᠢᠷᠡᠭᠡᠨ ᠳᠤ | ᠵᠠᠯᠠᠬᠳᠠᠪᠠ᠃ ᠪᠠᠭ᠎ᠠ ᠶᠢᠨ ᠨᠠᠷᠠ ᠰᠧᠷᠵᠢᠳᠤᠪᠴᠢᠨ ᠢ ᠬᠠᠯᠠᠵᠤ ᠨᠤᠮ ᠤᠨ ᠨᠠᠷᠠ ᠨᠢ ᠯᠤᠪᠰᠡᠩᠳᠡᠮᠪᠢᠵᠠᠯᠰᠠᠠ ᠪᠤᠯᠪᠠ᠃ | 1947 — 1948 ᠤᠨ ᠪᠤᠯᠳᠠᠯ᠎ᠠ ᠯᠢᠨᠳᠥ᠋ᠩ ᠳᠠᠬᠢ ᠥᠪᠤᠷ ᠮᠤᠩᠭᠤᠯ ᠤᠨ ᠥᠪᠠᠷᠳᠡᠭᠡᠨ ᠵᠠᠰᠠᠬᠤ | ᠲᠡᠭᠡᠳᠤ ᠰᠤᠷᠭᠠᠭᠤᠯᠢ ᠳᠤ ᠰᠤᠷᠤᠯᠴᠠᠵᠤ ᠬᠤᠪᠢᠰᠬᠠᠯ ᠤᠨ ᠠᠵᠢᠯ ᠳᠤ ᠤᠷᠤᠯᠴᠠᠪᠠ᠃ | 1951 — 1954 ᠤᠨ ᠪᠤᠯᠳᠠᠯ᠎ᠠ ᠨᠤᠤᠷᠭᠠᠢ ᠪᠠᠭ᠎ᠠ ᠰᠤᠷᠭᠠᠭᠤᠯᠢ᠂ ᠯᠢᠨᠳᠥ᠋ᠩ ᠤᠨ ᠪᠠᠭᠰᠢ ᠶᠢᠨ | ᠰᠤᠷᠭᠠᠭᠤᠯᠢ ᠳᠤ ᠪᠠᠭᠰᠢᠯᠠᠪᠠ᠃ 1954 — 1957 ᠤᠨ ᠪᠤᠯᠳᠠᠯ᠎ᠠ ᠥᠪᠤᠷ ᠮᠤᠩᠭᠤᠯ ᠤᠨ ᠪᠠᠭᠰᠢ ᠶᠢᠨ | ᠲᠡᠭᠡᠳᠤ ᠰᠤᠷᠭᠠᠭᠤᠯᠢ ᠳᠤ ᠰᠤᠷᠤᠯᠴᠠᠪᠠ᠃ ᠰᠤᠷᠭᠠᠭᠤᠯᠢ ᠲᠠᠬᠦᠰᠤᠭᠡᠤᠨ ᠰᠤᠷᠭᠠᠭᠤᠯᠢ ᠳᠠᠭᠠᠨ ᠥᠯᠡᠳᠡᠡ ᠪᠠᠭᠰᠢᠯᠠᠵᠤ | ᠂ ᠲᠥᠴᠢ ᠭᠠᠷᠤᠢ ᠵᠢᠯ ᠠᠵᠢᠯᠯᠠᠭᠠᠤᠨ᠂ 1998 ᠤᠨ ᠳᠤ ᠠᠵᠢᠯ ᠠᠴᠠ ᠪᠠᠨ ᠰᠠᠯᠵᠤ ᠠᠮᠠᠷᠠᠯᠳᠡ ᠪᠠᠨ ᠠᠪᠤᠪᠠ᠃ | ᠤᠷᠢᠤᠨ ᠬᠤᠵᠢᠤᠨ ᠮᠤᠩᠭᠤᠯ ᠭᠡᠯᠨ ᠤᠤᠠᠬ᠎ᠠ ᠵᠤᠬᠢᠶᠠᠯ ᠤᠨ ᠰᠠᠯᠪᠤᠷᠢ ᠶᠢᠨ ᠤᠤᠠᠬ᠎ᠠ ᠵᠤᠬᠢᠶᠠᠯ ᠰᠤᠳᠤᠯᠬᠤ ᠲᠠᠰᠤᠭ | ᠤᠨ ᠡᠷᠬᠢᠯᠡᠭᠴᠢ᠂ ᠮᠤᠩᠭᠤᠯ ᠵᠠᠩ ᠤᠶᠢᠯᠨ ᠰᠤᠳᠤᠯᠬᠤ ᠲᠠᠰᠤᠭ ᠤᠨ ᠡᠷᠬᠢᠯᠡᠭᠴᠢ ᠪᠥᠭᠡᠤᠨ ᠡᠷᠳᠡᠮ ᠰᠢᠨᠵᠢᠯᠡᠭᠡᠨ ᠤ | ᠲᠠᠭᠠᠭᠤᠯᠤᠬᠴᠢ᠂ ᠰᠠᠯᠪᠤᠷᠢ ᠶᠢᠨ ᠨᠠᠮ ᠤᠨ ᠶᠠᠷᠤᠩᠭᠡᠢ ᠡᠬᠦᠷ ᠤᠨ ᠭᠡᠰᠢᠬᠦᠨ᠂ ᠲᠡᠳ᠋ ᠡᠷᠬᠢᠯᠡᠭᠴᠢ ᠶᠢᠨ ᠲᠤᠰᠢᠶᠠᠯ ᠢ | ᠬᠠᠷᠢᠭᠤᠴᠠᠵᠤ ᠪᠠᠶᠢᠬᠰᠠᠠ ᠪᠥᠭᠡᠤᠨ ᠤᠯᠠᠨ ᠤᠯᠤᠰ ᠤᠨ ᠮᠤᠩᠭᠤᠯ ᠰᠤᠳᠤᠯᠤᠯ ᠤᠨ ᠬᠤᠯᠪᠤᠭᠠᠨ ᠤ ᠭᠡᠰᠢᠬᠦᠨ᠂ | ᠲᠤᠮᠳᠠᠳᠤ ᠤᠯᠤᠰ ᠤᠨ ᠮᠤᠩᠭᠤᠯ ᠤᠤᠠᠬ᠎ᠠ ᠵᠤᠬᠢᠶᠠᠯ ᠤᠨ ᠨᠠᠶᠢᠭᠡᠮᠯᠢᠭ ᠤᠨ ᠭᠡᠷᠡᠭ ᠡᠷᠬᠢᠯᠡᠭᠴᠢ᠂ ᠲᠤᠮᠳᠠᠳᠤ ᠤᠯᠤᠰ | ᠤᠨ ᠵᠤᠬᠢᠶᠠᠯᠴᠢᠤᠨ ᠤᠨ ᠡᠪᠯᠡᠯ ᠤᠨ ᠭᠡᠰᠢᠬᠦᠨ᠂ ᠲᠤᠮᠳᠠᠳᠤ ᠤᠯᠤᠰ ᠤᠨ ᠠᠷᠠᠤᠨ ᠤᠨ ᠤᠤᠠᠬ᠎ᠠ ᠤᠷᠠᠯᠢᠬᠴᠢᠤᠨ ᠤᠨ | ᠬᠤᠯᠪᠤᠭᠠᠨ ᠤ ᠭᠡᠰᠢᠬᠦᠨ᠂ ᠥᠪᠤᠷ ᠮᠤᠩᠭᠤᠯ ᠤᠨ ᠠᠷᠠᠤᠨ ᠤᠨ ᠤᠤᠠᠬ᠎ᠠ ᠤᠷᠠᠯᠢᠬᠴᠢᠤᠨ ᠤᠨ ᠬᠤᠯᠪᠤᠭᠠᠨ ᠤ ᠭᠡᠷᠡᠭ | ᠡᠷᠬᠢᠯᠡᠭᠴᠢ᠂ ᠥᠪᠤᠷ ᠮᠤᠩᠭᠤᠯ ᠤᠨ ᠵᠠᠩ ᠤᠶᠢᠯᠨ ᠶᠢᠨ ᠨᠠᠶᠢᠭᠡᠮᠯᠢᠭ ᠤᠨ ᠲᠠᠷᠤᠭ᠎ᠠ᠂ ᠥᠪᠤᠷ ᠮᠤᠩᠭᠤᠯ ᠤᠨ | ᠵᠤᠬᠢᠶᠠᠯᠴᠢᠤᠨ ᠤᠨ ᠡᠪᠯᠡᠯ ᠤᠨ ᠭᠡᠷᠡᠭ ᠡᠷᠬᠢᠯᠡᠭᠴᠢ ᠵᠡᠷᠭᠡ ᠲᠤᠰᠢᠶᠠᠯ ᠢ ᠬᠠᠷᠢᠭᠤᠴᠠᠵᠤ ᠪᠠᠶᠢᠪᠠ᠃ ᠥᠪᠤᠷ ᠮᠤᠩᠭᠤᠯ | ᠤᠨ ᠪᠠᠭᠰᠢ ᠶᠢᠨ ᠶᠡᠭᠡ ᠰᠤᠷᠭᠠᠭᠤᠯᠢ᠂ ᠥᠪᠤᠷ ᠮᠤᠩᠭᠤᠯ ᠤᠨ ᠡᠩ ᠤᠨ ᠶᠡᠭᠡ ᠰᠤᠷᠭᠠᠭᠤᠯᠢ᠂ ᠥᠪᠤᠷ ᠮᠤᠩᠭᠤᠯ | ᠤᠨ ᠨᠠᠰᠤᠨ ᠳᠤ ᠬᠥᠷᠤᠭ᠍ᠰᠡᠤᠨ ᠤᠨ ᠶᠡᠭᠡ ᠲᠡᠭᠡᠳᠤ ᠰᠤᠷᠭᠠᠭᠤᠯᠢ ᠶᠢᠨ ᠲᠡᠭᠡᠳᠤ ᠵᠡᠷᠭᠡ ᠶᠢᠨ ᠡᠷᠳᠡᠮ ᠤᠨ ᠴᠤᠯᠨ ᠶᠢ | ᠬᠢᠨᠠᠠ ᠲᠤᠬᠳᠠᠭᠠᠬᠤ ᠵᠥᠪᠯᠡᠯ ᠤᠨ ᠭᠡᠰᠢᠬᠦᠨ᠂ ᠨᠠᠶᠢᠭᠡᠮ ᠤᠨ ᠰᠢᠨᠵᠢᠯᠡᠬᠦ ᠤᠬᠠᠭᠠᠨ ᠤ ᠲᠤᠭᠤᠶᠢᠯᠠᠩ ᠤᠨ ᠲᠡᠳ᠋ | ᠲᠠᠷᠤᠭ᠎ᠠ ᠪᠠᠷ ᠠᠷᠪᠠᠭᠠᠤᠨ ᠵᠢᠯ ᠬᠢᠨ᠋ᠨᠨ ᠲᠤᠬᠳᠠᠭᠠᠬᠤ ᠠᠵᠢᠯ ᠢ ᠬᠢᠪᠡ᠃ | ᠵᠤᠬᠢᠶᠠᠯ ᠪᠥᠳᠤᠭᠡᠯ᠄ ︽ᠲᠥᠷᠤᠯᠬᠢ ᠨᠤᠳᠤᠭ︾ ︵ᠰᠢᠯᠦᠭ︶ 1959 ᠤᠨ ᠳᠤ ᠭᠡᠪᠯᠡᠭᠳᠡᠪᠠ᠃ ︽ | ᠪᠠᠭᠠᠳᠤᠷ ᠤᠨ ᠥᠯᠤᠭᠡᠢ︾ 1978 ᠤᠨ ᠭᠡᠪᠯᠡᠭᠳᠡᠪᠠ᠃ ︽ᠬᠠ᠊ · ᠳ᠋ᠠᠮᠪᠢᠵᠠᠯᠰᠠᠠ ᠤ ᠰᠢᠯᠤᠭ᠌ ᠤᠨ ᠰᠤᠩᠭᠤᠮᠠᠯ︾ | 1985 ᠤᠨ ᠳᠤ ᠭᠡᠪᠯᠡᠭᠳᠡᠪᠠ᠃ ︽ᠡᠪᠤᠭᠡᠨ ᠬᠠᠶᠢᠯᠠᠰᠤᠨ ᠤ ᠱᠤᠤᠬᠢᠶᠠᠠ︾2003 ᠤᠨ ᠳᠤ ᠭᠡᠪᠯᠡᠭᠳᠡᠪᠠ᠃ ︽ | ᠬᠠ᠊ · ᠳ᠋ᠠᠮᠪᠢᠵᠠᠯᠰᠠᠠ ᠤ ᠥᠬᠦᠯᠠᠯ ᠤᠨ ᠲᠠᠬᠦᠪᠤᠷᠢ︾ 1997 ᠤᠨ ᠳᠤ ᠭᠡᠪᠯᠡᠭᠳᠡᠪᠠ᠃ | ︽ᠠᠭᠤᠷᠳᠤ ᠠᠪᠤ︾᠂ ︽ᠡᠶᠢᠮᠤ ᠨᠢᠭᠡ ᠵᠠᠯᠠᠭᠤ︾᠂ ︽ᠯᠠᠷᠵᠠᠳᠤ ᠲᠤᠬᠮᠢᠤᠨ ᠬᠢᠭᠡᠤᠨ ᠲᠠᠬᠦᠨ ᠤ | ᠴᠤᠤᠳᠠᠢ ᠭᠡᠤᠭᠡᠨ︾ ᠵᠡᠷᠭᠡ ᠥᠬᠦᠯᠡᠯᠭᠡ ᠨᠠᠶᠢᠳᠡᠯᠡᠪᠡ᠃ | ︽ᠮᠤᠩᠭᠤᠯ ᠤᠨ ᠵᠠᠩ ᠠᠭᠠᠯᠢ ᠶᠢᠨ ᠤᠶᠢᠯᠡᠪᠤᠷᠢ︾ 1981ᠤᠨ ᠳᠤ ᠬᠡᠪᠯᠡᠭᠦᠯᠪᠡ᠃ ︽ᠮᠤᠩᠭᠤᠯ | ᠵᠠᠩ ᠤᠶᠢᠯᠨ ᠶᠢᠨ ᠵᠥᠢ︾ ᠭᠡᠬᠦ ᠭᠤᠴᠢᠨ ᠭᠡᠳᠤᠨ ᠲᠥᠮᠨᠨ ᠥᠰᠥᠭ ᠲᠠᠢ ᠨᠤᠮ ᠢ ᠭᠤᠤᠯᠯᠠᠨ ᠨᠠᠶᠢᠷᠠᠭᠤᠯᠵᠤ᠂ | 1995 ᠤᠨ ᠳᠤ ᠬᠡᠪᠯᠡᠭᠦᠯᠪᠡ᠃ ︽ᠬᠥᠷᠠᠩ ᠪᠤᠬ᠎ᠠ ᠤᠨᠤᠬᠰᠠᠠ ᠬᠥᠭᠡ ᠴᠢᠨ᠋ᠸ᠎ᠠ︾ ︵ᠠᠷᠠᠤᠨ ᠤᠨ ᠠᠮᠨᠨ | ᠥᠯᠢᠭᠡᠷ︶ 1959 ᠤᠨ ᠳᠤ ᠬᠡᠪᠯᠡᠭᠳᠡᠪᠡ᠃ ︽ᠥᠭᠡᠬᠦᠨ ᠴᠠᠭᠠᠨ ᠥᠨᠤᠴᠢᠨ ᠪᠠᠭᠠᠳᠤᠷ︾ ︵ᠲᠤᠤᠯᠢ︶ ᠢ | ᠡᠮᠬᠢᠤᠨᠭᠡᠵᠤ᠂ 1980 ᠤᠨ ᠳᠤ ᠨᠠᠶᠢᠳᠡᠯᠠᠪᠠ᠃ ︽ᠵᠠᠬᠢᠳᠠᠯ︾ ᠭᠡᠳᠡᠭ ᠰᠢᠯᠤᠭ᠌ ᠨᠢ 1957 ᠤᠨ ᠳᠤ ᠥᠪᠤᠷ | ᠮᠤᠩᠭᠤᠯ ᠤᠨ ᠥᠪᠠᠷᠳᠡᠭᠡᠨ ᠵᠠᠰᠠᠬᠤ ᠤᠷᠤᠨ ᠪᠠᠶᠢᠭᠤᠯᠤᠬᠳᠠᠬᠰᠠᠠ ᠠᠷᠪᠠᠨ ᠵᠢᠯ ᠤᠨ ᠤᠢ ᠶᠢᠨ ᠱᠠᠩᠨᠠᠯᠳᠤ | ᠤᠷᠤᠯᠳᠤᠭᠠᠨ ᠳᠤ ᠤᠷᠠᠨ ᠵᠤᠬᠢᠶᠠᠯ ᠤᠨ ᠭᠤᠷᠪᠠᠳᠤᠭᠠᠷ ᠲᠡᠰ ᠤᠨ ᠱᠠᠩᠨᠠᠯ ᠬᠥᠷᠳᠡᠪᠠ᠃ ︽ᠲᠠᠷᠬᠠᠨ ᠨᠤᠳᠤᠭ ᠤᠨ | ᠮᠢᠨᠢ ᠲᠠᠶᠢᠴᠢᠨ ᠬᠥᠤ︾ ᠰᠢᠯᠤᠭ᠌ ᠨᠢ ᠥᠪᠤᠷ ᠮᠤᠩᠭᠤᠯ ᠤᠨ 1981 ᠤᠨ ᠤ ᠰᠢᠯᠤᠭ᠌ ᠤᠨ ᠤᠷᠤᠯᠳᠤᠭᠠᠨ ᠳᠤ | ᠨᠢᠭᠡᠳᠤᠭᠡᠷ ᠲᠡᠰ ᠤᠨ ᠱᠠᠩᠨᠠᠯ ᠬᠥᠷᠳᠡᠪᠠ᠃ | 1983 ᠤᠨ ᠳᠤ᠂ ︽ᠥᠭᠡᠬᠦᠨ ᠴᠠᠭᠠᠨ ᠥᠨᠤᠴᠢᠨ ᠪᠠᠭᠠᠳᠤᠷ︾ ᠨᠢ ᠪᠥᠬᠦ ᠤᠯᠤᠰ ᠤᠨ ᠠᠷᠠᠤᠨ ᠤᠨ | ᠠᠮᠨᠨ ᠵᠤᠬᠢᠶᠠᠯ ᠤᠨ ᠰᠢᠯᠢᠳᠡᠭ ᠪᠥᠳᠤᠭᠡᠯ ᠤᠨ ᠨᠢᠭᠡᠳᠤᠭᠡᠷ ᠲᠡᠰ ᠤᠨ ᠱᠠᠩᠨᠠᠯ ᠬᠥᠷᠳᠡᠪᠠ᠃ | 1984 ᠤᠨ ᠳᠤ᠂ ︽ᠥᠨᠤᠷ ᠬᠠᠩᠬᠤᠯᠤᠬᠰᠠᠠ ᠨᠢᠭᠡᠨ ᠪᠤᠳᠡ ᠬᠤᠷᠴᠠ ᠴᠡᠴᠡᠭ︾ ︵ᠰᠢᠬᠦᠮᠵᠢ︶ ᠨᠢ | ︽ᠰᠤᠯᠤᠩᠭ᠎ᠠ︾ ᠱᠠᠩᠨᠠᠯ ᠤᠨ ᠬᠤᠶᠠᠳᠤᠭᠠᠷ ᠲᠡᠰ ᠤᠨ ᠱᠠᠩᠨᠠᠯ ᠬᠥᠷᠳᠡᠵᠤ ᠥᠨᠡᠮᠯᠠᠯ ᠤᠯᠪᠠ᠃ | 1985 ᠤᠨ ᠳᠤ᠂ ᠥᠪᠤᠷ ᠮᠤᠩᠭᠤᠯ ᠤᠨ ᠰᠤᠷᠭᠠᠨ ᠬᠥᠮᠤᠵᠢᠯ ᠤᠨ ᠲᠢᠩᠬᠢᠮ ᠠᠴᠠ ︽ᠢᠷᠠᠭᠤ | ᠠᠯᠳᠠᠷᠳᠤ ᠠᠷᠠᠤᠨ ᠤᠨ ᠪᠠᠭᠰᠢ︾ ᠪᠠᠷ ᠴᠤᠯᠠᠯᠠᠪᠠ᠃ | 1986 ᠤᠨ ᠳᠤ᠂ ᠲᠤᠮᠳᠠᠳᠤ ᠤᠯᠤᠰ ᠤᠨ ᠨᠠᠶᠢᠭᠡᠮ ᠤᠨ ᠰᠢᠨᠵᠢᠯᠠᠬᠦ ᠤᠬᠠᠭᠠᠨ ᠤ ᠬᠥᠷᠢᠶᠡᠯᠠᠩ᠂ | ᠰᠤᠶᠤᠯ ᠤᠨ ᠶᠠᠮᠤᠨ᠂ ᠲᠤᠮᠳᠠᠳᠤ ᠤᠯᠤᠰ ᠤᠨ ᠠᠷᠠᠤᠨ ᠤᠨ ᠤᠤᠠᠬ᠎ᠠ ᠤᠷᠠᠯᠢᠭ ᠢ ᠰᠤᠳᠤᠯᠬᠤ ᠨᠠᠶᠢᠭᠡᠮᠯᠢᠭ᠂ | ᠥᠨᠳᠤᠰᠤᠳᠡᠡ ᠤ ᠭᠡᠷᠡᠭ ᠡᠷᠬᠢᠯᠡᠬᠦ ᠵᠥᠪᠯᠡᠯ ᠵᠡᠷᠭᠡ ᠪᠠᠶᠢᠭᠤᠯᠭ᠎ᠠ ᠬᠠᠮᠳᠤᠷᠠᠨ ᠡᠷᠬᠢᠯᠡᠭᠰᠠᠠ ︽ᠭᠡᠰᠠᠷ︾ ᠢ | ᠡᠮᠬᠢᠤᠨᠭᠡᠵᠤ ᠴᠤᠬᠯᠠᠭᠤᠯᠬᠤ ᠠᠵᠢᠯ ᠳᠤ ᠥᠵᠡᠬᠦᠯᠤᠭ᠍ᠰᠠᠠ ᠬᠤᠪᠢ ᠨᠠᠮᠠᠷᠢ ᠶᠢ ᠨᠢ ᠥᠨᠡᠯᠡᠠ ᠬᠥᠬᠢᠬᠦᠯᠵᠤ ᠲᠠᠬᠦᠨ ᠳᠤ | ᠢᠷᠠᠭᠤ ᠠᠯᠳᠠᠷ ᠤᠨ ᠥᠨᠡᠮᠯᠠᠯ ᠬᠥᠷᠳᠡᠭᠡᠪᠡ᠃ | 1988 ᠤᠨ ᠳᠤ᠂ ︽ᠮᠤᠩᠭᠤᠯ ᠤᠨ ᠵᠠᠩ ᠠᠭᠠᠯᠢ ᠶᠢᠨ ᠤᠶᠢᠯᠠᠪᠤᠷᠢ︾ ᠨᠢ ᠮᠤᠩᠭᠤᠯ ᠤᠤᠠᠬ᠎ᠠ | ᠵᠤᠬᠢᠶᠠᠯ ᠤᠨ ᠰᠤᠳᠤᠯᠭᠠᠨ ᠤ ᠰᠢᠯᠢᠳᠡᠭ ᠪᠥᠳᠤᠭᠡᠯ ᠤᠨ ᠢᠷᠡᠭᠤ ᠠᠯᠳᠠᠷ ᠤᠨ ᠱᠠᠩᠨᠠᠯ ᠬᠥᠷᠳᠡᠵᠤ ᠥᠨᠡᠮᠯᠠᠯ ᠤᠯᠪᠠ᠃ | | 1993 ᠤᠨ ᠠᠴᠠ᠂ ᠲᠥᠷᠤ ᠶᠢᠨ ᠵᠥᠪᠯᠡᠯ ᠤᠨ ᠤᠨᠴᠠ ᠲᠡᠤᠨᠬᠦᠮᠵᠢ ᠮᠥᠩᠬᠦ ᠶᠢ ᠬᠥᠷᠳᠡᠵᠠᠢ᠃ | 1999 ᠤᠨ ᠳᠤ᠂ ︽ᠮᠤᠩᠭᠤᠯ ᠵᠠᠩ ᠤᠶᠢᠯᠨ ᠶᠢᠨ ᠵᠥᠢ︾ ᠭᠡᠳᠡᠭ ᠨᠤᠮ ᠪᠥᠬᠦ ᠤᠯᠤᠰ ᠤᠨ ᠶᠡᠭᠡ᠂ | ᠲᠡᠭᠡᠳᠤ ᠰᠤᠷᠭᠠᠭᠤᠯᠢ ᠶᠢᠨ ᠨᠢᠭᠡᠳᠤᠯᠳᠠᠢ ᠭᠡᠷᠡᠭᠯᠡᠬᠦ᠂ ᠥᠨᠳᠤᠰᠤᠳᠡᠡ ᠤ ᠭᠡᠯᠨ ᠪᠠᠷ ᠨᠠᠶᠢᠷᠠᠭᠤᠯᠤᠬᠰᠠᠠ ᠵᠢᠭᠠᠬᠤ | ᠮᠠᠲ᠋ᠧᠷᠢᠶᠠᠯ ᠤᠨ ᠨᠢᠭᠡᠳᠤᠭᠡᠷ ᠲᠡᠰ ᠤᠨ ᠱᠠᠩᠨᠠᠯ ᠬᠥᠷᠳᠡᠪᠠ᠃ | 2003 ᠤᠨ ᠳᠤ᠂ ᠠᠷᠠᠤᠨ ᠤᠨ ᠠᠮᠨᠨ ᠵᠤᠬᠢᠶᠠᠯ ᠢ ᠴᠤᠬᠯᠠᠭᠤᠯᠵᠤ ᠡᠮᠬᠢᠤᠨᠭᠡᠬᠦ᠂ ᠰᠤᠳᠤᠯᠵᠤ ᠰᠢᠨᠵᠢᠬᠦ | ᠪᠠ ᠥᠨᠳᠤᠰᠤᠳᠡᠡ ᠤ ᠥᠪ ᠰᠤᠶᠤᠯ ᠢ ᠬᠠᠮᠠᠭᠠᠯᠠᠨ ᠵᠠᠯᠭᠠᠮᠵᠢᠯᠠᠬᠤ ᠲᠠᠯ᠎ᠠ ᠪᠠᠷ ᠬᠢ ᠬᠤᠪᠢ ᠨᠠᠮᠠᠷᠢ ᠶᠢ ᠥᠨᠡᠯᠠᠵᠤ᠂ | ᠥᠪᠤᠷ ᠮᠤᠩᠭᠤᠯ ᠤᠨ ᠠᠷᠠᠤᠨ ᠤᠨ ᠤᠷᠠᠯᠢᠬᠴᠢᠤᠨ ᠤᠨ ᠨᠠᠶᠢᠭᠡᠮᠯᠢᠭ ᠠᠴᠠ ᠥᠪᠤᠷ ᠮᠤᠩᠭᠤᠯ ᠤᠨ ᠠᠩᠬᠠᠳᠤᠭᠠᠷ | ᠤᠳᠠᠭᠠᠨ ᠤ ︽ᠠᠷᠠᠤᠨ︾ ᠨᠠᠷᠠᠮᠵᠢᠳᠤ ᠱᠠᠩᠨᠠᠯ ᠤᠨ ᠤᠨᠴᠠ ᠬᠤᠪᠢ ᠨᠡᠮᠡᠷᠢ ᠥᠵᠡᠬᠦᠯᠤᠭ᠍ᠰᠡᠤᠨ ᠤᠨ ᠠᠯᠳᠠᠷ ᠬᠥᠨᠳᠤ | ᠶᠢ ᠤᠯᠭᠤᠵᠠᠢ᠃ | ᠨᠠᠷᠠᠳᠤ ᠡᠷᠳᠡᠮᠳᠡᠡ᠂ ᠰᠢᠯᠤᠭ᠍ᠴᠢ᠂ ᠰᠤᠶᠤᠯ ᠤᠨ ᠵᠢᠤᠨᠬᠦᠯᠳᠡᠡ ᠬᠠ᠊ · ᠳ᠋ᠠᠮᠪᠢᠵᠠᠯᠰᠠᠠ 2004 ᠤᠨ ᠤ | 10 ᠰᠠᠷ᠎ᠠ ᠶᠢᠨ 26 ᠳᠤ ᠨᠠᠰᠤ ᠪᠠᠷᠠᠪᠠ᠃ ᠲᠡᠷᠡ ᠨᠠᠰᠤᠨ ᠲᠤᠷᠰᠢᠳᠡ ᠮᠤᠩᠭᠤᠯ ᠰᠤᠶᠤᠯ ᠤᠨ ᠲᠥᠯᠤᠭᠡ | ᠵᠢᠤᠨᠬᠦᠵᠤ ᠡᠷᠳᠡᠮ ᠰᠤᠳᠤᠯᠭ᠎ᠠ ᠪᠠ ᠤᠤᠠᠬ᠎ᠠ ᠵᠤᠬᠢᠶᠠᠯ ᠤᠨ ᠵᠤᠬᠢᠶᠠᠠ ᠪᠥᠳᠤᠭᠡᠬᠦ ᠤᠶᠢᠯᠡᠰ ᠲᠤ ᠶᠡᠭᠡᠭᠡᠨ ᠠᠮᠵᠢᠯᠳᠡ | ᠤᠯᠵᠠᠢ᠃ ᠲᠠᠬᠦᠨ ᠤ ᠡᠷᠳᠡᠮ ᠰᠢᠨᠵᠢᠯᠡᠭᠡ ᠪᠠ ᠤᠤᠠᠬ᠎ᠠ ᠵᠤᠬᠢᠶᠠᠯ ᠤᠨ ᠪᠥᠳᠤᠭᠡᠯ ᠤᠳ ᠢ ᠴᠤᠬᠯᠠᠭᠤᠯᠤᠨ | ᠡᠮᠬᠢᠤᠨᠭᠡᠭᠡᠤᠨ ᠥᠪᠤᠷ ᠮᠤᠩᠭᠤᠯ ᠤᠨ ᠠᠷᠠᠤᠨ ᠤᠨ ᠭᠡᠪᠯᠡᠯ ᠤᠨ ᠬᠤᠷᠢᠶᠠᠠ ᠠᠴᠠ 2009 ᠤᠨ ᠳᠤ ︽ᠬᠠ᠊ · | ᠳ᠋ᠠᠮᠪᠢᠵᠠᠯᠰᠠᠠ ᠤ ᠪᠥᠷᠢᠨ ᠵᠤᠬᠢᠶᠠᠯ︾ ᠵᠢᠷᠭᠤᠭᠠᠨ ᠪᠤᠳᠢ ᠶᠢ ᠭᠡᠪᠯᠡᠬᠦᠯᠤᠨ ᠲᠠᠷᠬᠠᠭᠠᠵᠤ᠂ ᠪᠥᠬᠦ ᠤᠷᠤᠨ ᠤ | ᠠᠷᠪᠠᠳᠤᠭᠠᠷ ᠬᠤᠭᠤᠴᠠᠭᠠᠨ ᠤ ︽ᠲᠠᠪᠤᠨ ᠨᠢᠭᠡ ᠶᠢᠨ ᠢᠨᠵᠧᠨᠧᠷᠢᠩ︾ ᠤᠨ ᠵᠤᠬᠢᠶᠠᠯ ᠪᠥᠳᠤᠭᠡᠯ ᠤᠨ ᠨᠢᠭᠡᠳᠤᠭᠡᠷ | ᠲᠡᠰ ᠤᠨ ᠱᠠᠩᠨᠠᠯ ᠬᠥᠷᠳᠡᠵᠠᠢ᠃ | ᠬᠠ᠊ · ᠳ᠋ᠠᠮᠪᠢᠵᠠᠯᠰᠠᠠ 1996 ᠤᠨ ᠠᠴᠠ ᠮᠤᠩᠭᠤᠯ ᠤᠷᠠᠨ ᠵᠤᠬᠢᠶᠠᠯ ᠤᠨ ᠪᠤᠷᠵᠢᠬᠢᠨ ᠱᠠᠩᠨᠠᠯ ᠤᠨ | ᠵᠤᠬᠢᠶᠠᠯ ᠰᠢᠯᠭᠠᠷᠠᠭᠤᠯᠵᠤ ᠱᠠᠩᠨᠠᠬᠤ ᠵᠥᠪᠯᠠᠯ ᠤᠨ ᠭᠡᠰᠢᠬᠦᠨ ᠢᠶᠠᠷ ᠤᠷᠢᠬᠳᠠᠭᠠᠤᠨ ᠨᠠᠰᠤ ᠪᠠᠷᠠᠳᠠᠯ᠎ᠠ ᠪᠠᠨ ᠠᠵᠢᠯᠯᠠᠵᠤ | ᠪᠠᠶᠢᠪᠠ᠃ | | | ᠪᠠᠯᠳᠠᠨᠰᠠᠩᠪᠤᠤ ᠬᠠᠩᠭᠠᠪᠠ᠃ | | |