ᠨᠣᠳᠤᠭ ᠠᠴᠠ ᠴᠣᠯᠭᠤᠷᠠᠬᠰᠠᠨ ᠡᠷᠳᠡᠮᠳᠡᠳ — ᠵᠠᠯᠭᠠᠬᠦᠤ
ᠨᠡᠶᠢᠲᠡᠯᠡᠭᠰᠡᠨ ᠴᠠᠭ᠄
2015/12/14
        ᠵᠠᠯᠭᠠᠬᠦᠤ     ᠲᠡᠳ᠋ ᠲᠢᠩᠬᠢᠮ ᠤᠨ ᠲᠡᠰ ᠤᠨ ᠲᠠᠷᠤᠭ᠎ᠠ᠃ 1919 ᠤᠨ ᠤ ᠪᠢᠯᠢᠭ ᠤᠨ ᠤᠯᠠᠷᠢᠯ  ᠤᠨ 2 ᠰᠠᠷ᠎ᠠ ᠶᠢᠨ 12 ᠤᠨ ᠡᠳᠤᠷ ᠬᠠᠷᠠᠴᠢᠨ ᠪᠠᠷᠠᠭᠤᠨ ᠬᠤᠰᠢᠭᠤᠨ ᠤ ᠵᠠᠬᠦᠨ ᠹᠦ᠋ ᠢᠤᠢ ᠭᠸᠤ ᠭᠡᠬᠦ ᠭᠠᠵᠠᠷ ᠤᠨ ᠯᠢ ᠹᠧᠨ ᠤ ᠤᠤᠭᠠᠨ ᠬᠥᠪᠡᠬᠦᠨ ᠪᠤᠯᠤᠨ ᠵᠠᠶᠠᠭᠠᠵᠠᠢ᠃ ᠪᠠᠭ᠎ᠠ ᠨᠠᠰᠤᠨ ᠳᠠᠭᠠᠨ  ᠪᠠᠭᠠᠷᠢᠨ ᠵᠠᠬᠦᠨ ᠭᠠᠷᠤᠨ ᠬᠤᠰᠢᠭᠤᠨ ᠳᠤ ᠨᠡᠬᠦᠵᠣ ᠢᠷᠡᠵᠣ ᠨᠣᠳᠣᠬᠰᠢᠨ᠂ ᠯᠢᠨᠳᠥ᠋ᠩ᠂ ᠰᠤᠪᠤᠷᠭ᠎ᠠ ᠪᠠᠷ ᠭᠡᠷ ᠤᠨ ᠰᠤᠷᠭᠠᠭᠤᠯᠢ ᠳᠤ ᠲᠠᠪᠤᠨ ᠵᠢᠯ ᠰᠤᠷᠤᠯᠴᠠᠵᠤ᠂ 1934 ᠤᠨ ᠳᠤ ᠯᠢᠨᠳᠥ᠋ᠩ   ᠤᠨ ᠥᠨᠳᠤᠷ ᠵᠡᠷᠭᠡ ᠶᠢᠨ ᠪᠠᠭ᠎ᠠ ᠰᠤᠷᠭᠠᠭᠤᠯᠢ ᠳᠤ ᠰᠤᠷᠤᠯᠴᠠᠵᠤ᠂ ᠠᠩᠬ᠎ᠠ ᠵᠡᠷᠭᠡ ᠶᠢᠨ ᠲᠥᠷᠪᠠᠳᠤᠭᠡᠷ ᠤᠨ ᠤ ᠰᠤᠷᠤᠯᠭ᠎ᠠ ᠪᠠᠨ ᠲᠠᠬᠦᠰᠭᠡᠪᠡ᠃ 1935 ᠤᠨ᠂ 1936 ᠤᠨ ᠳᠤ ᠯᠢᠨᠳᠥ᠋ᠩ ᠤᠨ ᠨᠢᠭᠡᠳᠤᠭᠡᠷ ᠥᠨᠳᠤᠷ ᠵᠡᠷᠭᠡ ᠶᠢᠨ ᠪᠠᠭ᠎ᠠ ᠰᠤᠷᠭᠠᠭᠤᠯᠢ ᠳᠤ ᠰᠤᠷᠤᠯᠴᠠᠵᠠᠢ᠃ 1937 ᠤᠨ ᠳᠤ ᠴᠢᠴᠢᠬᠠᠷ ᠲᠠᠬᠢ ᠬᠢᠩᠭᠠᠨ ᠪᠠᠭᠰᠢ ᠶᠢᠨ ᠰᠤᠷᠭᠠᠭᠤᠯᠢ ᠶᠢᠨ ᠪᠡᠯᠡᠤᠨᠭᠡᠯ ᠠᠩᠬᠢ ᠳᠤ ᠤᠷᠤᠵᠤ ᠨᠢᠭᠡ ᠵᠢᠯ ᠰᠤᠷᠤᠯᠴᠠᠪᠠ᠃1938 ᠤᠨ ᠤ ᠨᠠᠮᠤᠷ ᠲᠤᠰ ᠰᠤᠷᠭᠠᠭᠤᠯᠢ ᠨᠢ ᠵᠠᠯᠨᠨ ᠠᠶᠢᠯ ᠳᠤ ᠨᠠᠬᠦᠨ ᠵᠠᠯᠠᠨ ᠠᠶᠢᠯ  ᠤᠨ ᠪᠠᠭᠰᠢ ᠶᠢᠨ ᠶᠤᠰᠤᠨ ᠤ ᠰᠤᠷᠭᠠᠭᠤᠯᠢ ᠭᠡᠵᠤ ᠥᠭᠡᠷᠡᠴᠢᠯᠡᠭᠳᠡᠵᠠᠢ᠃ 1941 ᠤᠨ ᠤ 12 ᠰᠠᠷ᠎ᠠ ᠳᠤ ᠲᠤᠰ ᠰᠤᠷᠭᠠᠭᠤᠯᠢ ᠶᠢᠨ ᠵᠢᠩᠬᠢᠨᠢ ᠠᠩᠬᠢ ᠶᠢᠨ ᠬᠤᠶᠠᠳᠤᠭᠠᠷ ᠤᠨ ᠠᠴᠠ ᠲᠠᠬᠦᠰᠪᠠ᠃ 1942 ᠤᠨ ᠤ 1 ᠰᠠᠷ᠎ᠠ ᠳᠤ᠂ ᠪᠠᠭᠠᠷᠢᠨ ᠵᠠᠬᠦᠨ ᠭᠠᠷᠤᠨ ᠬᠤᠰᠢᠭᠤᠨ ᠤ ᠯᠢᠨᠳᠥ᠋ᠩ ᠳᠠᠬᠢ ᠰᠤᠶᠤᠯ ᠢ ᠮᠠᠨᠳᠤᠭᠤᠯᠬᠤ ᠤᠯᠤᠰ ᠠᠷᠠᠤᠨ ᠤᠨ ᠥᠯᠡᠮᠵᠢ ᠵᠡᠷᠭᠡ ᠶᠢᠨ ᠰᠤᠷᠭᠠᠭᠤᠯᠢ ᠳᠤ ᠪᠠᠭᠰᠢᠯᠠᠵᠤ᠂ 1943 ᠤᠨ ᠠᠴᠠ 1944 ᠤᠨ ᠤ 12 ᠰᠠᠷ᠎ᠠ ᠪᠤᠯᠳᠠᠯ᠎ᠠ ᠪᠠᠭᠠᠷᠢᠨ ᠵᠠᠬᠦᠨ ᠭᠠᠷᠤᠨ ᠬᠤᠰᠢᠭᠤᠨ ᠤ ᠰᠤᠪᠤᠷᠭ᠎ᠠ ᠶᠢᠨ ᠤᠯᠤᠰ ᠠᠷᠠᠤᠨ ᠤᠨ ᠪᠠᠭ᠎ᠠ ᠰᠤᠷᠭᠠᠭᠤᠯᠢ ᠳᠤ ᠵᠠᠬᠢᠷᠤᠯ ᠢᠶᠠᠷ ᠠᠵᠢᠯᠯᠠᠵᠤ᠂ 1945 ᠤᠨ ᠤ 1 ᠰᠠᠷ᠎ᠠ ᠳᠤ ᠯᠢᠨᠳᠥ᠋ᠩ ᠳᠠᠬᠢ ᠰᠤᠶᠤᠯ ᠢ ᠮᠠᠨᠳᠤᠭᠤᠯᠬᠤ ᠤᠯᠤᠰ ᠠᠷᠠᠤᠨ ᠤᠨ ᠥᠯᠡᠮᠵᠢ ᠵᠡᠷᠭᠡ ᠶᠢᠨ ᠰᠤᠷᠭᠠᠭᠤᠯᠢ ᠳᠤ ᠰᠢᠯᠵᠢᠨ ᠵᠢᠭᠠᠨ ᠰᠤᠷᠭᠠᠬᠤ ᠭᠠᠵᠠᠷ ᠤᠨ ᠡᠷᠬᠢᠯᠡᠭᠴᠢ ᠪᠤᠯᠵᠠᠢ᠃ ᠴᠢᠯᠤᠭᠡᠯᠡᠭᠳᠡᠭᠰᠠᠠ ᠤ ᠡᠬᠢᠨ ᠤ ᠥᠶ᠎ᠡ ᠳᠤ ᠬᠤᠪᠢᠰᠬᠠᠯᠳᠤ ᠬᠥᠳᠡᠯᠭᠡᠭᠡᠨ ᠳᠤ ᠤᠷᠤᠯᠴᠠᠵᠤ ᠮᠤᠩᠭᠤᠯ ᠵᠠᠯᠠᠭᠤᠴᠤᠤᠨ  ᠤᠨ ᠬᠤᠯᠪᠤᠭ᠎ᠠ ᠶᠢ ᠵᠤᠬᠢᠶᠠᠠ ᠪᠠᠶᠢᠭᠤᠯᠬᠤ ᠠᠵᠢᠯ ᠢ ᠢᠳᠡᠪᠬᠢᠳᠡᠢ ᠬᠢᠪᠡ᠃ 1945 ᠤᠨ ᠤ 11 ᠰᠠᠷ᠎ᠠ ᠳᠤ ᠥᠪᠤᠷ ᠮᠤᠩᠭᠤᠯ ᠤᠨ ᠬᠤᠪᠢᠰᠬᠠᠯᠳᠤ ᠵᠠᠯᠠᠭᠤᠴᠤᠤᠨ ᠤᠨ ᠬᠤᠯᠪᠤᠭᠠᠨ ︵ᠬᠤᠵᠢᠮ ᠨᠢ ᠥᠪᠤᠷ ᠮᠤᠩᠭᠤᠯ ᠤᠨ ᠬᠤᠪᠢᠰᠬᠠᠯᠳᠤ ᠵᠠᠯᠠᠭᠤᠴᠤᠤᠨ ᠤᠨ ᠡᠪᠯᠡᠯ ᠭᠡᠵᠤ ᠥᠭᠡᠷᠡᠴᠢᠯᠡᠪᠡ︶ ᠳᠤ ᠤᠷᠤᠯᠴᠠᠵᠤ ᠪᠠᠭᠠᠷᠢᠨ ᠵᠠᠬᠦᠨ ᠭᠠᠷᠤᠨ ᠬᠤᠰᠢᠭᠤᠨ ᠤ ᠬᠤᠷᠢᠶᠡᠡ ᠤ ᠨᠠᠷᠢᠨ ᠪᠢᠴᠢᠭ ᠤᠨ ᠲᠠᠷᠤᠭ᠎ᠠ ︵ᠡᠪᠯᠠᠯ ᠤᠨ ᠬᠤᠷᠢᠶᠠᠠ ᠤ ᠱᠥᠵᠢ︶ ᠪᠤᠯᠵᠠᠢ᠃1946 ᠤᠨ ᠤ 3 ᠰᠠᠷ᠎ᠠ ᠳᠤ ᠪᠠᠭᠠᠷᠢᠨ ᠵᠠᠬᠦᠨ ᠭᠠᠷᠤᠨ ᠬᠤᠰᠢᠭᠤᠨ ᠤ ᠠᠷᠠᠤᠨ ᠤᠨ ᠵᠠᠰᠠᠭ ᠤᠨ ᠤᠷᠳᠤᠨ ᠤ ᠰᠤᠶᠤᠯ ᠰᠤᠷᠭᠠᠨ ᠬᠥᠮᠤᠵᠢᠯ ᠤᠨ ᠲᠠᠰᠤᠭ ᠤᠨ ᠲᠠᠷᠤᠭ᠎ᠠ ᠪᠠᠷ ᠲᠤᠮᠢᠯᠠᠬᠳᠠᠵᠤ᠂ 6 ᠰᠠᠷ᠎ᠠ ᠳᠤᠨᠢ ᠥᠪᠤᠷ ᠮᠤᠩᠭᠤᠯ  ᠤᠨ ᠥᠪᠠᠷᠳᠡᠭᠡᠨ ᠵᠠᠰᠠᠬᠤ ᠬᠥᠳᠡᠯᠭᠡᠭᠡᠨ ᠤ ᠬᠤᠯᠪᠤᠭᠠᠳᠤ ᠬᠤᠷᠠᠯ ᠠᠴᠠ ᠡᠷᠬᠢᠯᠡᠭᠰᠠᠠ ᠺᠠᠳ᠋ᠷ ᠤᠨ ᠰᠤᠷᠤᠯᠴᠠᠬᠤ ᠠᠩᠬᠢ ᠳᠤ ᠰᠤᠷᠤᠯᠴᠠᠠ 7 ᠰᠠᠷ᠎ᠠ ᠳᠤᠨᠢ ᠲᠤᠰ ᠬᠤᠯᠪᠤᠭᠠᠳᠤ ᠬᠤᠷᠠᠯ ᠤᠨ ᠪᠠᠭᠠᠷᠢᠨ ᠵᠠᠬᠦᠨ ᠭᠠᠷᠤᠨ ᠬᠤᠰᠢᠭᠤᠨ ᠤ ᠰᠠᠯᠪᠤᠷᠢ ᠬᠤᠷᠠᠯ ᠤᠨ ᠡᠷᠬᠢᠯᠡᠭᠴᠢ ᠪᠤᠯᠪᠠ᠃ 1947 ᠤᠨ ᠳᠤ ᠪᠠᠭᠷᠢᠨ ᠵᠠᠬᠦᠨ ᠭᠠᠷᠤᠨ ᠬᠤᠰᠢᠭᠤᠨ ᠤ ᠠᠵᠢᠯᠴᠢᠨ ᠲᠠᠷᠢᠶᠠᠴᠢᠨ ᠡᠮᠡᠭᠳᠡᠶᠢᠴᠤᠤᠨ ᠵᠠᠯᠠᠭᠤᠴᠤᠤᠨ ᠤᠨ ᠬᠤᠯᠪᠤᠭ᠎ᠠ ᠶᠢᠨ ᠲᠡᠳ᠋ ᠡᠷᠬᠢᠯᠡᠭᠴᠢ ᠪᠠᠷ ᠲᠤᠮᠢᠯᠠᠬᠳᠠᠵᠠᠢ ᠃ 1947 ᠤᠨ ᠤ 7 ᠰᠠᠷ᠎ᠠ ᠳᠤ ᠲᠤᠮᠳᠠᠳᠤ ᠤᠯᠤᠰ ᠤᠨ ᠡᠪ ᠬᠠᠮᠳᠤ ᠨᠠᠮ ᠳᠤ ᠡᠯᠰᠡᠭᠳᠡᠪᠡ᠃ 1949 ᠤᠨ ᠤ 1 ᠰᠠᠷ᠎ᠠ ᠳᠤ ᠵᠤᠤ ᠤᠳᠡ ᠠᠶᠢᠮᠠᠭ ᠤᠨ ᠠᠷᠠᠤᠨ ᠤᠨ ᠵᠠᠰᠠᠭ ᠤᠨ ᠤᠷᠳᠤᠨ ᠤ ᠰᠤᠷᠭᠠᠨ ᠬᠥᠮᠤᠵᠢᠯ ᠤᠨ ᠰᠠᠯᠠᠭᠠᠨ  ᠳᠤ ᠲᠡᠳ᠋ ᠲᠠᠷᠤᠭ᠎ᠠ ᠪᠠᠷ ᠠᠵᠢᠯᠯᠠᠵᠤ᠂ 1950 ᠤᠨ ᠳᠤ ᠠᠷᠠᠤᠨ ᠤᠨ ᠶᠠᠪᠤᠳᠠᠯ ᠰᠤᠷᠭᠠᠨ ᠬᠥᠮᠤᠵᠢᠯ ᠤᠨ ᠭᠠᠵᠠᠷ  ᠤᠨ ᠲᠡᠳ᠋ ᠲᠠᠷᠤᠭ᠎ᠠ ᠪᠤᠯᠵᠤ᠂ 1951 ᠤᠨ ᠳᠤ ᠰᠤᠶᠤᠯ ᠰᠤᠷᠭᠠᠨ ᠬᠥᠮᠤᠵᠢᠯ ᠤᠨ ᠭᠠᠵᠠᠷ ᠤᠨ ᠲᠡᠳ᠋ ᠲᠠᠷᠤᠭ᠎ᠠ ᠪᠤᠯᠪᠠ᠃ 1953 ᠤᠨ ᠤ 3 ᠰᠠᠷ᠎ᠠ ᠳᠤ ᠥᠪᠤᠷ ᠮᠤᠩᠭᠤᠯ ᠤᠨ ᠥᠪᠠᠷᠳᠡᠭᠡᠨ ᠵᠠᠰᠠᠬᠤ ᠤᠷᠤᠨ ᠤ ᠵᠠᠬᠦᠨ ᠭᠡᠰᠩ  ᠤᠨ ᠵᠠᠬᠢᠷᠭᠠᠨ ᠳᠤ ᠰᠤᠶᠤᠯ ᠤᠨ ᠪᠡᠯᠠᠢ ᠶᠢ ᠲᠠᠶᠢᠯᠬᠤ ᠵᠥᠪᠯᠠᠯ ᠤᠨ ᠠᠯᠪᠠᠨ ᠭᠡᠷ ᠤᠨ ᠲᠡᠳ᠋ ᠡᠷᠬᠢᠯᠡᠭᠴᠢ ᠪᠠᠷ ᠰᠢᠯᠵᠢᠨ ᠠᠵᠢᠯᠯᠠᠪᠠ᠃ 1954 ᠤᠨ ᠤ 3 ᠰᠠᠷ᠎ᠠ ᠳᠤ ᠵᠢᠷᠢᠮ ᠠᠶᠢᠮᠠᠭ ᠤᠨ ᠰᠤᠶᠤᠯ ᠰᠤᠷᠭᠠᠨ ᠬᠥᠮᠤᠵᠢᠯ ᠤᠨ ᠭᠠᠵᠠᠷ ᠤᠨ ᠲᠠᠷᠤᠭ᠎ᠠ ᠪᠠᠷ ᠠᠵᠢᠯᠯᠠᠵᠤ᠂ 1957 ᠤᠨ ᠳᠤ ᠲᠥᠪ ᠤᠨ ᠰᠤᠷᠭᠠᠨ ᠬᠥᠮᠤᠵᠢᠯ ᠤᠨ ᠵᠠᠰᠠᠭ ᠵᠠᠬᠢᠷᠭᠠᠨ  ᠤ ᠲᠡᠭᠡᠳᠤ ᠰᠤᠷᠭᠠᠭᠤᠯᠢ ᠳᠤ ᠤᠷᠤᠵᠤ ᠰᠤᠷᠤᠯᠴᠠᠬᠰᠠᠠ ᠪᠠᠶᠢᠨ᠎ᠡ᠃ 1958 ᠤᠨ ᠤ 7 ᠰᠠᠷ᠎ᠠ ᠳᠤ ᠥᠪᠤᠷ ᠮᠤᠩᠭᠤᠯ ᠤᠨ ᠰᠤᠷᠭᠠᠨ ᠬᠥᠮᠤᠵᠢᠯ ᠤᠨ ᠲᠢᠩᠬᠢᠮ ᠠᠴᠠ ᠲᠠᠬᠦᠨ ᠢ ᠰᠤᠷᠤᠯᠴᠠᠯᠭ᠎ᠠ ᠶᠢᠨ ᠲᠤᠮᠳᠡ ᠠᠴᠠ ᠨᠢ ᠲᠠᠭᠤᠳᠡᠡ ᠠᠪᠴᠢᠷᠠᠵᠤ᠂ ᠲᠥᠩᠯᠢᠶᠤᠤ ᠶᠢᠨ ᠪᠠᠭᠰᠢ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠶᠢ ᠪᠡᠯᠡᠤᠨᠭᠡᠨ ᠪᠠᠶᠢᠭᠤᠯᠬᠤ ᠠᠵᠢᠯ ᠢ ᠬᠠᠷᠢᠭᠤᠴᠠᠭᠤᠯᠵᠠᠢ᠃ 1958 ᠤᠨ ᠳᠤ ᠰᠤᠷᠭᠠᠭᠤᠯᠢ ᠶᠢᠨ ᠲᠡᠳ᠋ ᠵᠠᠬᠢᠷᠤᠯ᠂ ᠨᠠᠮ ᠤᠨ ᠬᠤᠷᠢᠶᠡᠡ ᠤ ᠭᠡᠰᠢᠬᠦᠨ ᠪᠤᠯᠪᠠ᠃ 1965 ᠤᠨ ᠳᠤ ᠲᠤᠰ ᠰᠤᠷᠭᠠᠭᠤᠯᠢ ᠶᠢ ᠲᠥᠩᠯᠢᠶᠤᠤ ᠶᠢᠨ ᠪᠠᠭᠰᠢ ᠶᠢᠨ ᠲᠡᠭᠡᠳᠤ ᠰᠤᠷᠭᠠᠭᠤᠯᠢ ᠪᠤᠯᠭᠠᠨ ᠥᠭᠡᠷᠡᠴᠢᠯᠡᠬᠦ ᠳᠤ ᠰᠤᠷᠭᠠᠭᠤᠯᠢ ᠶᠢᠨ ᠲᠡᠳ᠋ ᠵᠠᠬᠢᠷᠤᠯ᠂ ᠨᠠᠮ ᠤᠨ ᠬᠤᠷᠢᠶᠠᠠ ᠤ ᠤᠷᠤᠯᠠᠬᠴᠢ ᠱᠥᠵᠢ ᠪᠤᠯᠵᠠᠢ᠃ 1966 ᠤᠨ ᠠᠴᠠ 1971 ᠤᠨ ᠪᠤᠯᠳᠠᠯ᠎ᠠ ︽ᠰᠤᠶᠤᠯ ᠤᠨ ᠶᠡᠭᠡ ᠬᠤᠪᠢᠰᠬᠠᠯ︾ ᠤᠨ ᠲᠤᠮᠳᠡ ᠲᠤᠰᠢᠶᠠᠯ ᠢ ᠨᠢ ᠤᠬᠴᠠᠷᠠᠭᠤᠯᠵᠠᠢ᠃ 1972 ᠤᠨ ᠤ 4 ᠰᠠᠷ᠎ᠠ ᠳᠤ ᠬᠢᠷᠢᠨ ᠮᠤᠵᠢ ᠶᠢᠨ ︽5 · 7︾ ᠺᠠᠳᠡᠷ ᠤᠨ ᠰᠤᠷᠭᠠᠭᠤᠯᠢ ᠳᠤ ᠰᠤᠷᠤᠯᠴᠠᠪᠠ᠃ 1973 ᠤᠨ ᠳᠤ ᠲᠥᠩᠯᠢᠶᠤᠤ ᠶᠢᠨ ᠪᠠᠭᠰᠢ ᠶᠢᠨ ᠲᠡᠭᠡᠳᠤ ᠰᠤᠷᠭᠠᠭᠤᠯᠢ ᠶᠢᠨ ᠬᠤᠪᠢᠰᠬᠠᠯ ᠤᠨ ᠵᠥᠪᠯᠠᠯ ᠤᠨ ᠲᠡᠳ᠋ ᠡᠷᠬᠢᠯᠡᠭᠴᠢ᠂ ᠨᠠᠮ ᠤᠨ ᠬᠤᠷᠢᠶᠠᠠ ᠤ ᠲᠡᠳ᠋ ᠱᠥᠵᠢ ᠶᠢᠨ ᠲᠤᠰᠢᠶᠠᠯ ᠳᠤ ᠲᠤᠮᠢᠯᠠᠬᠳᠠᠵᠤ᠂ 1976 ᠤᠨ ᠠᠴᠠ ᠰᠤᠷᠭᠠᠭᠤᠯᠢ ᠶᠢᠨ ᠲᠡᠳ᠋ ᠵᠠᠬᠢᠷᠤᠯ᠂ ᠲᠡᠳ᠋ ᠱᠥᠵᠢ ᠪᠠᠷ ᠠᠵᠢᠯᠯᠠᠪᠠ᠃ 1980 ᠤᠨ ᠳᠤ ᠥᠪᠤᠷ ᠮᠤᠩᠭᠤᠯ ᠤᠨ ᠨᠠᠮ ᠤᠨ ᠰᠤᠷᠭᠠᠭᠤᠯᠢ ᠶᠢᠨ ᠲᠡᠭᠡᠳᠤ ᠵᠡᠷᠭᠡ ᠶᠢᠨ ᠰᠤᠷᠤᠯᠴᠠᠬᠤ ᠠᠩᠬᠢ ᠳᠤ ᠤᠷᠤᠵᠤ ᠵᠢᠷᠭᠤᠭᠠᠨ ᠰᠠᠷ᠎ᠠ ᠰᠤᠷᠤᠯᠴᠠᠪᠠ᠃ 1983 ᠤᠨ ᠠᠴᠠ ᠪᠠᠭᠰᠢ ᠶᠢᠨ ᠲᠡᠭᠡᠳᠤ ᠰᠤᠷᠭᠠᠭᠤᠯᠢ ᠶᠢᠨ ᠢᠶᠠᠨ ᠵᠥᠪᠯᠡᠭᠴᠢ ᠪᠠᠷ ᠠᠵᠢᠯᠯᠠᠵᠠᠢ᠃         ᠲᠡᠷᠡ ᠲᠥᠩᠯᠢᠶᠤᠤ ᠶᠢᠨ ᠪᠠᠭᠰᠢ ᠶᠢᠨ ᠲᠡᠭᠡᠳᠤ ᠰᠤᠷᠭᠠᠭᠤᠯᠢ  ︵ᠤᠳᠤ ᠶᠢᠨ ᠥᠪᠤᠷ ᠮᠤᠩᠭᠤᠯ ᠤᠨ ᠥᠨᠳᠤᠰᠤᠳᠡᠡ ᠤ ᠪᠠᠭᠰᠢ ᠶᠢᠨ ᠲᠡᠭᠡᠳᠤ ᠰᠤᠷᠭᠠᠭᠤᠯᠢ︶ ᠶᠢᠨ ᠡᠬᠦᠰᠭᠡᠨ ᠪᠠᠶᠢᠭᠤᠯᠤᠬᠴᠢ ᠶᠢᠨ ᠨᠢᠭᠡ ᠨᠢ ᠪᠠᠶᠢᠬᠰᠠᠠ ᠪᠥᠭᠡᠤᠨ ᠠᠵᠢᠯ ᠠᠴᠠ ᠪᠠᠨ ᠠᠮᠠᠷᠠᠬᠰᠠᠠ ᠤ ᠲᠠᠷᠠᠭ᠎ᠠ ᠬᠤᠷᠴᠢᠨ ᠤ ᠨᠠᠰᠤᠳᠡᠶᠢᠴᠤᠤᠨ ᠤᠨ ᠤᠷᠠᠨ ᠪᠢᠴᠢᠯᠭᠡ ᠵᠢᠷᠤᠭ  ᠤᠨ ᠰᠤᠷᠤᠯᠴᠠᠬᠤ ᠬᠤᠷᠢᠶ᠎ᠡ ᠶᠢ ᠪᠠᠶᠢᠭᠤᠯᠵᠤ ᠬᠤᠷᠴᠢᠨ ᠤ ᠤᠷᠠᠨ ᠵᠢᠷᠤᠭ ᠤᠨ ᠨᠠᠶᠢᠭᠡᠮᠯᠢᠭ ᠢ ᠡᠷᠬᠢᠯᠡᠵᠤ᠂ ᠲᠤᠰ ᠨᠠᠶᠢᠭᠡᠮᠯᠢᠭ ᠤᠨ ᠨᠠᠷ᠎ᠠ ᠬᠥᠨᠳᠤᠳᠤ ᠲᠠᠷᠢᠬᠦᠯᠡᠭᠴᠢ ᠪᠠ ᠵᠥᠪᠯᠡᠭᠴᠢ ᠪᠠᠷ ᠰᠤᠩᠭᠤᠬᠳᠠᠵᠠᠢ᠃ 1986 ᠤᠨ ᠠᠴᠠ 1993 ᠤᠨ ᠪᠤᠯᠳᠠᠯ᠎ᠠ ᠲᠤᠮᠳᠠᠳᠤ ᠤᠯᠤᠰ ᠤᠨ ᠤᠷᠠᠨ ᠪᠢᠴᠢᠯᠭᠡ ᠵᠢᠷᠤᠭ ᠤᠨ ᠵᠠᠬᠢᠳᠡᠯ ᠢᠶᠠᠷ ᠰᠤᠷᠬᠤ ᠶᠡᠭᠡ ᠰᠤᠷᠭᠠᠭᠤᠯᠢ ᠶᠢᠨ ᠬᠤᠷᠴᠢᠨ ᠬᠤᠪᠢᠶᠠᠷᠢ ᠰᠤᠷᠭᠠᠭᠤᠯᠢ ᠶᠢᠨ ᠲᠡᠳ᠋ ᠵᠠᠬᠢᠷᠤᠯ᠂ ᠵᠠᠬᠢᠷᠤᠯ ᠤᠨ ᠲᠤᠰᠢᠶᠠᠯ ᠳᠤ ᠲᠤᠮᠢᠯᠠᠬᠳᠠᠪᠠ᠃        1985 ᠤᠨ ᠳᠤ ᠥᠪᠤᠷ ᠮᠤᠩᠭᠤᠯ ᠤᠨ ᠥᠪᠠᠷᠳᠡᠭᠡᠨ ᠵᠠᠰᠠᠬᠤ ᠤᠷᠤᠨ ᠤ ᠰᠤᠷᠭᠠᠨ ᠬᠥᠮᠤᠵᠢᠯ ᠤᠨ ᠲᠢᠩᠬᠢᠮ ᠤᠨ ᠭᠤᠴᠢᠨ ᠵᠢᠯ ᠰᠤᠷᠭᠠᠨ ᠬᠥᠮᠤᠵᠢᠯ ᠤᠨ ᠤᠶᠢᠯᠡᠰ ᠲᠤ ᠵᠢᠤᠨᠬᠦᠭᠰᠠᠠ ᠠᠵᠢᠯᠳᠡᠡ ᠤ ᠢᠷᠡᠭᠤ ᠠᠯᠳᠠᠷ  ᠤᠨ ᠥᠨᠡᠮᠯᠠᠯ ᠪᠠ ᠱᠠᠩᠨᠠᠯ ᠤᠨ ᠲᠠᠮᠳᠡᠭ ᠬᠥᠷᠳᠡᠵᠤ᠂ ᠮᠥᠨ ᠵᠢᠯ ᠳᠡᠭᠡᠨ ᠵᠢᠷᠢᠮ ᠠᠶᠢᠮᠠᠭ ᠪᠠ ᠥᠪᠠᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠡ᠂ ᠵᠠᠰᠠᠭ ᠤᠨ ᠤᠷᠳᠤᠨ ᠤ ᠠᠵᠢᠯ ᠠᠴᠠ ᠪᠠᠨ ᠠᠮᠠᠷᠠᠬᠰᠠᠠ ᠺᠠᠳ᠋ᠷᠴᠤᠤᠨ ᠤᠨ ᠵᠢᠱᠢᠶᠠᠴᠢ ᠠᠵᠢᠯᠳᠡᠡ ᠢᠶᠠᠷ ᠰᠤᠩᠭᠤᠬᠳᠠᠵᠤ ᠢᠷᠠᠭᠤ ᠠᠯᠳᠠᠷ ᠤᠨ ᠥᠨᠡᠮᠯᠠᠯ ᠭᠠᠷᠳᠡᠪᠠ᠃ 1989 ᠤᠨ ᠳᠤ ᠲᠤᠮᠳᠠᠳᠤ ᠤᠯᠤᠰ ᠤᠨ ᠡᠪ ᠬᠠᠮᠳᠤ ᠨᠠᠮ ᠤᠨ ᠥᠪᠤᠷ ᠮᠤᠩᠭᠤᠯ ᠤᠨ ᠥᠪᠠᠷᠳᠡᠭᠡᠨ ᠵᠠᠰᠠᠬᠤ ᠤᠷᠤᠨ ᠤ ᠬᠤᠷᠢᠶ᠎ᠡ᠂ ᠵᠠᠰᠠᠭ ᠤᠨ ᠤᠷᠳᠤᠨ ᠤ ᠠᠵᠢᠯ ᠠᠴᠠ ᠪᠠᠨ ᠠᠮᠠᠷᠠᠬᠰᠠᠠ ᠵᠢᠱᠢᠶᠠᠴᠢ ᠺᠠᠳ᠋ᠷ ᠤᠨ ᠢᠷᠠᠭᠤ ᠠᠯᠳᠠᠷ ᠤᠨ ᠥᠨᠡᠮᠯᠠᠯ ᠢ ᠲᠠᠬᠢᠨᠳᠡ ᠬᠥᠷᠳᠡᠵᠤ᠂1990 ᠤᠨ ᠳᠤ ᠲᠤᠮᠳᠠᠳᠤ ᠤᠯᠤᠰ ᠤᠨ ᠤᠷᠠᠨ ᠪᠢᠴᠢᠯᠭᠡ ᠶᠢᠨ ᠵᠠᠬᠢᠳᠡᠯ ᠢᠶᠠᠷ ᠰᠤᠷᠬᠤ ᠶᠡᠭᠡ ᠰᠤᠷᠭᠠᠭᠤᠯᠢ ᠶᠢᠨ ᠲᠠᠷᠢᠬᠦᠨ ᠤ ᠠᠵᠢᠯᠳᠡᠡ ᠢᠶᠠᠷ ᠰᠤᠩᠭᠤᠬᠳᠡᠡ᠂ 1992 ᠤᠨ ᠳᠤ ᠥᠪᠤᠷ ᠮᠤᠩᠭᠤᠯ ᠤᠨ ᠥᠨᠳᠤᠰᠤᠳᠡᠡ ᠤ ᠲᠡᠭᠡᠳᠤ ᠰᠤᠷᠭᠠᠭᠤᠯᠢ ᠶᠢᠨ ᠲᠠᠷᠢᠬᠦᠨ ᠤ ᠠᠵᠢᠯᠳᠡᠡ᠂ ᠭᠤᠴᠢᠨ ᠵᠢᠯ ᠠᠴᠠ ᠲᠡᠭᠡᠭᠰᠢ ᠠᠵᠢᠯᠯᠠᠬᠰᠠᠠ ᠰᠤᠷᠭᠠᠨ ᠬᠥᠮᠤᠵᠢᠯ ᠤᠨ ᠠᠵᠢᠯᠳᠡᠡ ᠤ ᠢᠷᠡᠭᠤ ᠠᠯᠳᠠᠷ ᠤᠨ ᠥᠨᠡᠮᠯᠠᠯ ᠢ ᠲᠤᠰ ᠲᠤᠰ ᠭᠠᠷᠳᠡᠵᠠᠢ᠃ 1985 ᠤᠨ ᠳᠤ ᠥᠪᠤᠷ ᠮᠤᠩᠭᠤᠯ ᠤᠨ ᠥᠪᠠᠷᠳᠡᠭᠡᠨ ᠵᠠᠰᠠᠬᠤ ᠤᠷᠤᠨ ᠤ ᠠᠬᠠᠮᠠᠤᠨ ᠺᠠᠳ᠋ᠷ ᠤᠨ ᠲᠤᠪᠴᠢᠶᠠᠠ  ᠠᠴᠠ ᠡᠷᠬᠢᠯᠡᠭᠰᠠᠠ ᠤᠷᠠᠨ ᠪᠢᠴᠢᠯᠭᠡ ᠶᠢᠨ ᠥᠵᠡᠰᠬᠦᠯᠠᠩ ᠳᠤ ᠤᠷᠤᠯᠴᠠᠠ ᠰᠢᠯᠢᠳᠡᠭ ᠪᠥᠳᠤᠭᠡᠯ ᠤᠨ ᠱᠠᠩᠨᠠᠯ ᠬᠥᠷᠳᠡᠵᠤ᠂ 1990 ᠤᠨ ᠪᠠ 1992 ᠤᠨ ᠳᠤ ᠥᠪᠠᠷᠳᠡᠭᠡᠨ ᠵᠠᠰᠠᠬᠤ ᠤᠷᠤᠨ ᠤ ᠨᠠᠰᠤᠳᠠᠶᠢᠴᠤᠤᠨ ᠤᠨ ᠵᠥᠪᠯᠠᠯ ᠠᠴᠠ ᠡᠷᠬᠢᠯᠡᠭᠰᠠᠠ ︽ᠤᠷᠳᠤ ᠨᠠᠰᠤᠨ︾ ᠬᠤᠨᠳᠠᠭᠠᠳᠤ ᠤᠷᠠᠨ ᠪᠢᠴᠢᠯᠭᠡ ᠶᠢᠨ ᠥᠵᠡᠰᠬᠦᠯᠠᠩ ᠳᠤ ᠤᠷᠤᠯᠴᠠᠠ᠂ ᠰᠢᠯᠢᠳᠡᠭ ᠪᠥᠳᠤᠭᠡᠯ ᠤᠨ ᠱᠠᠩᠨᠠᠯ ᠬᠤᠶᠠᠷ ᠤᠳᠠᠭ᠎ᠠ ᠬᠥᠷᠳᠡᠪᠡ᠃ ᠪᠠᠰᠠ ᠤᠷᠢᠤᠨ ᠬᠤᠵᠢᠤᠨ ᠵᠢᠷᠢᠮ ᠠᠶᠢᠮᠠᠭ ᠤᠨ ᠭᠡᠪᠴᠢᠶᠡᠡ ᠳᠠᠬᠢ ᠤᠷᠠᠨ ᠪᠢᠴᠢᠯᠭᠡ ᠶᠢᠨ ᠥᠵᠡᠰᠬᠦᠯᠠᠩ ᠳᠤ ᠲᠥᠷᠪᠠ ᠤᠳᠠᠭ᠎ᠠ᠂ ᠰᠢᠨᠵᠢᠶᠠᠩ᠂ ᠶᠠᠨᠪᠢᠶᠠᠠ᠂ ᠲᠠᠩᠱᠠᠠ ᠵᠡᠷᠭᠡ ᠤᠷᠤᠨ ᠤ ᠤᠷᠠᠨ ᠪᠢᠴᠢᠯᠭᠡ ᠶᠢᠨ ᠥᠵᠡᠰᠬᠦᠯᠠᠩ ᠳᠤ ᠲᠤᠰ ᠪᠥᠷᠢ ᠨᠢᠭᠡ ᠤᠳᠠᠭ᠎ᠠ᠂ ᠲᠤᠮᠳᠠᠳᠤ ᠶᠠᠫᠤᠨ ᠤ ᠨᠥᠬᠦᠷᠰᠩ ᠨᠠᠶᠢᠭᠡᠮᠯᠢᠭ ᠤᠨ ᠡᠷᠬᠢᠯᠡᠭᠰᠠᠠ ᠤᠷᠠᠨ ᠪᠢᠴᠢᠯᠭᠡ ᠶᠢᠨ ᠥᠵᠡᠰᠬᠦᠯᠠᠩ ᠳᠤ ᠨᠢᠭᠡ ᠤᠳᠠᠭ᠎ᠠ ᠤᠷᠤᠯᠴᠠᠬᠰᠠᠠ ᠪᠠᠶᠢᠨ᠎ᠡ᠃ ᠡᠬᠦᠨ ᠠᠴᠠ ᠭᠠᠳᠠᠨ᠎ᠡ ᠬᠤᠪᠢ ᠬᠥᠮᠤᠨ ᠤ ᠤᠷᠠᠨ ᠪᠢᠴᠢᠯᠭᠡ ᠶᠢᠨ ᠥᠵᠡᠰᠬᠦᠯᠠᠩ ᠢ ᠴᠦ ᠤᠯᠠᠨᠳᠡ ᠡᠷᠬᠢᠯᠡᠵᠠᠢ᠃  ᠳᠡᠷᠡ 1984 ᠤᠨ ᠳᠤ ᠠᠵᠢᠯ ᠠᠴᠠ ᠪᠠᠨ ᠠᠮᠠᠷᠠᠪᠠ᠃                             ᠪᠠᠯᠳᠠᠨᠰᠠᠩᠪᠤᠤ ᠬᠠᠩᠭᠠᠪᠠ᠃  
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号