| | ᠭᠠ᠊ · ᠰᠢᠷᠠᠪᠵᠠᠮᠰᠤ ᠡᠷᠡᠭᠲᠠᠢ᠂ ᠮᠣᠩᠭᠤᠯ ᠦᠨᠳᠦᠰᠦᠲᠡᠨ᠂ 16 ᠳ᠋ᠤᠭᠠᠷ ᠷᠠᠪᠵᠤᠩ ᠤᠨ ᠳᠠᠶᠢᠨ | ᠢᠯᠠᠭᠤᠭᠰᠠᠨ ᠬᠡᠮᠡᠬᠦ ᠬᠠᠷᠠᠭᠴᠢᠨ ᠮᠣᠭᠠᠢ ᠵᠢᠯ ︵1953 ᠣᠨ︶ ᠤᠨ ᠪᠢᠯᠢᠭ ᠤᠨ ᠤᠯᠠᠷᠢᠯ ᠤᠨ 10 ᠰᠠᠷ᠎ᠠ ᠶᠢᠨ | 19 ᠳᠤ ᠥᠪᠥᠷ ᠮᠣᠩᠭᠤᠯ ᠤᠨ ᠵᠤᠤ ᠤᠳᠠ ᠠᠶᠢᠮᠠᠭ ᠤᠨ ᠪᠠᠭᠠᠷᠢᠨ ᠵᠡᠭᠦᠨ ᠭᠠᠷᠤᠨ ᠬᠤᠰᠢᠭᠤᠨ ᠤ ᠨᠠᠷᠢᠨᠳᠠᠪᠠᠭ᠎ᠠ | ᠬᠡᠮᠡᠬᠦ ᠠᠯᠲᠠᠨ ᠬᠢᠩᠭᠠᠨ ᠤ ᠠᠭᠯᠠᠭ ᠠᠭᠤᠯᠠᠨ ᠵᠢᠯᠠᠭ᠎ᠠ ᠳᠤ ᠲᠦᠷᠺ ᠤᠳᠤᠮᠲᠤ ᠣᠩᠭᠤᠳ ᠠᠶᠢᠮᠠᠭ ᠤᠨ | ᠭᠠᠨᠵᠣᠣᠷᠵᠠᠪ᠂ ᠦᠵᠢᠶᠡᠳ ᠣᠪᠣᠭᠲᠤ ᠪᠦᠮᠠ ᠶᠢᠨ ᠬᠦᠪᠡᠭᠦᠨ ᠪᠣᠯᠵᠤ ᠵᠠᠶᠠᠭᠠᠪᠠ᠃ ᠬᠠᠷᠠᠬᠠᠨ ᠪᠠᠭ᠎ᠠ ᠠᠴᠠ ᠪᠠᠨ | ᠬᠠᠷ᠎ᠠ ᠪᠤᠷᠤ ᠬᠦᠳᠡᠭᠡ ᠶᠢᠨ ᠠᠮᠢᠳᠤᠷᠠᠯ ᠳᠤ ᠭᠠᠷᠰᠢᠵᠤ᠂ ᠬᠤᠨᠢ᠂ ᠦᠬᠡᠷ᠂ ᠠᠳᠤᠭᠤ ᠬᠠᠷᠢᠭᠤᠯᠵᠤ ᠦᠰᠦᠭᠡᠳ | ᠳᠡᠭᠡᠳᠦ ᠳᠤᠮᠳᠠᠳᠤ ᠪᠠᠨ ᠳᠦᠭᠦᠷᠭᠡᠨ ᠡᠷᠦᠬᠡ ᠶᠢᠨ ᠴᠡᠷᠢᠭ ᠤᠨ ᠰᠤᠷᠭᠠᠭᠴᠢ ᠪᠠ ᠠᠷᠠᠳ ᠤᠨ ᠪᠠᠭᠰᠢ ᠪᠣᠯᠵᠤ | ᠥᠩᠭᠡᠷᠡᠵᠠᠢ᠃ | 1974 — 1990 ᠣᠨ ᠤ ᠬᠤᠭᠤᠷᠣᠨᠳᠤ ︽ᠵᠤᠤ ᠤᠳᠠ ᠶᠢᠨ ᠰᠣᠨᠢᠨ︾ ᠤ ᠰᠣᠷᠪᠣᠯᠵᠢᠯᠠᠭᠴᠢ᠂ ︽ | ᠤᠳᠠᠲᠤ ᠲᠠᠯ᠎ᠠ︾ ᠤᠷᠠᠨ ᠵᠣᠬᠢᠶᠠᠯ ᠤᠨ ᠨᠠᠶᠢᠷᠠᠭᠤᠯᠤᠭᠴᠢ ᠪᠠᠷ ᠠᠵᠢᠯᠯᠠᠵᠤ ᠪᠠᠶᠢᠬᠤ ᠳᠠᠭᠠᠨ 1982 ᠣᠨ ᠳᠤ | ᠥᠪᠥᠷ ᠮᠣᠩᠭᠤᠯ ᠤᠨ ᠶᠡᠭᠡ ᠰᠤᠷᠭᠠᠭᠤᠯᠢ ᠳᠤ ᠳᠠᠪᠲᠠᠨ ᠰᠤᠷᠤᠯᠴᠠᠵᠤ ᠨᠠᠶᠢᠷᠠᠭᠤᠯᠬᠤ᠂ ᠵᠣᠬᠢᠶᠠᠬᠤ ᠶᠢ ᠬᠠᠮᠲᠤ ᠳᠤᠨᠢ | ᠪᠣᠯᠪᠠᠰᠤᠷᠠᠭᠤᠯᠵᠤ ᠭᠠᠷᠭᠠᠬᠤ ᠬᠤᠣᠰᠯᠠᠯ ᠮᠡᠷᠭᠡᠵᠢᠯ ᠡᠵᠡᠮᠰᠢᠨ᠂ 1986 ᠣᠨ ᠳᠤ ᠮᠦᠨ ᠰᠤᠷᠭᠠᠭᠤᠯᠢ ᠠᠴᠠ | ᠤᠳᠬ᠎ᠠ ᠵᠣᠬᠢᠶᠠᠯ ᠤᠨ ᠠᠰᠫᠢᠷᠠᠨᠲ ᠤᠨ ᠺᠦᠷᠰ ᠳᠦᠭᠦᠷᠭᠡᠪᠡ᠃ 1990 — 2003ᠣᠨ ᠪᠣᠯᠲᠠᠯ᠎ᠠ | ᠤᠯᠠᠭᠠᠨᠬᠠᠳᠠ ᠬᠤᠲᠠ ᠶᠢᠨ ᠤᠳᠬ᠎ᠠ ᠤᠷᠠᠯᠢᠭ ᠤᠨ ᠬᠢᠨ ᠤ ᠬᠤᠯᠪᠤᠭᠠᠨ ᠳᠤ ᠨᠠᠷᠢᠨ ᠪᠢᠴᠢᠭ ᠤᠨ ᠳᠠᠷᠤᠭ᠎ᠠ᠂ | ᠠᠯᠪᠠᠨ ᠭᠡᠷ ᠤᠨ ᠡᠷᠬᠢᠯᠡᠭᠴᠢ᠂ ᠵᠣᠬᠢᠶᠠᠯᠴᠢᠳ ᠤᠨ ᠨᠡᠶᠢᠭᠡᠮᠯᠢᠭ ᠤᠨ ᠣᠷᠤᠯᠠᠭᠴᠢ ᠳᠠᠷᠤᠭ᠎ᠠ᠂ ︽ᠰᠢᠷ᠎ᠠ ᠮᠦᠷᠡᠨ︾ | ᠰᠡᠳᠬᠦᠯ ᠤᠨ ᠨᠠᠶᠢᠷᠠᠭᠤᠯᠤᠭᠴᠢ᠂ ᠨᠠᠶᠢᠷᠠᠭᠤᠯᠬᠤ ᠬᠡᠯᠲᠡᠰ ᠤᠨ ᠡᠷᠬᠢᠯᠡᠭᠴᠢ᠂ ᠶᠡᠷᠦᠩᠬᠡᠢ ᠨᠠᠶᠢᠷᠠᠭᠤᠯᠤᠭᠴᠢ ᠪᠠᠷ | ᠠᠵᠢᠯᠯᠠᠭᠠᠳ ᠡᠳᠦᠭᠡ ᠡᠭᠦᠷᠭᠡ ᠲᠤᠰᠢᠶᠠᠯ ᠢᠶᠠᠨ ᠶᠡᠭᠦᠯᠡᠵᠤ ᠲᠤᠰᠬᠠᠢ ᠵᠣᠬᠢᠶᠠᠯᠴᠢ ᠪᠣᠯᠪᠠ᠃ ᠲᠦᠷᠦ ᠶᠢᠨ | ᠡᠷᠭᠦᠮᠵᠢᠯᠡᠯᠲᠦ ᠬᠤᠱᠤᠢ ᠱᠠᠩᠨᠠᠯᠲᠤ ᠵᠣᠬᠢᠶᠠᠯᠴᠢ᠂ ᠳᠤᠮᠳᠠᠳᠤ ᠤᠯᠤᠰ ᠤᠨ ᠵᠣᠬᠢᠶᠠᠯᠴᠢᠳ ᠤᠨ ᠬᠤᠯᠪᠤᠭᠠᠨ ᠤ | ᠬᠡᠰᠢᠭᠦᠨ᠂ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠤ ᠤᠳᠬ᠎ᠠ ᠵᠣᠬᠢᠶᠠᠯ ᠰᠣᠳᠤᠯᠬᠤ ᠡᠷᠳᠡᠮ | ᠰᠢᠵᠢᠯᠡᠭᠡᠨ ᠤ ᠨᠡᠶᠢᠭᠡᠮᠯᠢᠭ ᠤᠨ ᠬᠡᠷᠡᠭ ᠡᠷᠬᠢᠯᠡᠭᠴᠢ᠂ ᠪᠡᠭᠡᠵᠢᠩ ᠤᠨ ︽ᠡᠬᠡ ᠣᠷᠣᠨ ᠤ ᠲᠡᠭᠷᠢᠯᠢᠭ ᠦᠷᠡᠰ︾ ᠬᠡᠮᠡᠬᠦ | ᠲᠣᠮᠤᠬᠠᠨ ᠴᠣᠪᠤᠷᠠᠯ ᠪᠢᠴᠢᠭ ︵ᠬᠢᠲᠠᠳ︶ ᠤᠨ ᠣᠨᠴᠠ ᠣᠷᠢᠭᠰᠠᠨ ᠨᠠᠶᠢᠷᠠᠭᠤᠯᠬᠤ ᠺᠣᠮᠢᠰ ᠤᠨ ᠬᠡᠰᠢᠭᠦᠨ᠂ ︽ᠵᠣᠣ | ᠤᠳᠠ ᠣᠷᠴᠢᠭᠤᠯᠭ᠎ᠠ ᠶᠢᠨ ᠬᠤᠷᠢᠶ᠎ᠠ︾ ᠶᠢᠨ ᠨᠠᠶᠢᠷᠠᠭᠤᠯᠬᠤ ᠺᠣᠮᠢᠰ ᠤᠨ ᠬᠡᠰᠢᠭᠦᠨ ᠵᠡᠷᠭᠡ ᠨᠡᠶᠢᠭᠡᠮ ᠤᠨ ᠲᠤᠰᠢᠶᠠᠯ | ᠲᠠᠢ᠃ | 1979 ᠣᠨ ᠠᠴᠠ ᠨᠠᠰᠢ ᠠᠶᠢᠮᠠᠭ᠂ ᠣᠷᠣᠨ᠂ ᠤᠯᠤᠰ ᠤᠨ ᠳᠡᠰ ᠤᠨ ᠰᠣᠨᠢᠨ ᠰᠡᠳᠭᠦᠯ ᠳᠤ 100 | ᠭᠠᠷᠤᠢ ᠲᠦᠮᠡᠨ ᠦᠰᠦᠭ ᠪᠦᠬᠦᠢ ᠣᠯᠠᠨ ᠰᠲ᠋ᠢᠯᠢ ᠶᠢᠨ ᠤᠷᠠᠨ ᠪᠦᠲᠦᠭᠡᠯ ᠨᠡᠶᠢᠲᠡᠯᠡᠭᠦᠯᠦᠭᠰᠡᠨ ᠤ ᠳᠣᠲᠤᠷ᠎ᠠ ᠠᠴᠠ | ᠣᠯᠠᠩᠬᠢ ᠨᠢ ᠡᠯ᠎ᠡ ᠵᠦᠢᠯ ᠤᠨ ᠰᠤᠩᠭᠤᠮᠠᠯ ᠪᠢᠴᠢᠭ ᠲᠤ ᠰᠢᠯᠢᠭᠳᠡᠵᠤ᠂ ᠨᠡᠯᠢᠶᠡᠳ ᠨᠢ ᠠᠩᠬ᠎ᠠ᠂ ᠳᠡᠭᠡᠳᠦ ᠳᠤᠮᠳᠠᠳᠤ | ᠂ ᠲᠤᠰᠬᠠᠢ ᠮᠡᠷᠭᠡᠵᠢᠯ ᠤᠨ ᠪᠠ ᠶᠡᠭᠡ ᠰᠤᠷᠭᠠᠭᠤᠯᠢ ᠶᠢᠨ ᠬᠡᠴᠢᠶᠡᠯ ᠤᠨ ᠪᠢᠴᠢᠭ ᠲᠤ ᠰᠤᠩᠭᠤᠭᠳᠠᠪᠠ᠃ ︽ᠠᠩᠬᠠᠨ ᠤ | ᠴᠠᠰᠤ︾ ᠲᠤᠭᠤᠵᠢ ᠨᠢ ᠶᠠᠫᠤᠨ ᠤ ᠲᠣᠣᠺᠢᠤ᠋ ᠶᠡᠭᠡ ᠰᠤᠷᠭᠠᠭᠤᠯᠢ ᠳᠤ ᠵᠢᠭᠠᠬᠤ ᠮᠠᠲ᠋ᠧᠷᠢᠶᠠᠯ ᠢᠶᠠᠷ ᠠᠰᠢᠭᠯᠠᠭᠳᠠᠵᠠᠢ᠃ | ᠵᠣᠬᠢᠶᠠᠯ ᠪᠦᠲᠦᠭᠡᠯ ᠠᠴᠠ ᠵᠠᠷᠢᠮ ᠨᠢ ᠬᠢᠲᠠᠳ ᠬᠡᠯᠡᠨ᠎ᠡ ᠣᠷᠴᠢᠭᠤᠯᠤᠭᠳᠠᠨ᠂ ᠵᠠᠷᠢᠮ ᠨᠢ ᠬᠠᠷᠢ ᠬᠡᠯᠡᠨ᠎ᠡ ᠬᠡᠪᠯᠡᠭᠳᠡᠪᠡ᠃ | ᠬᠡᠪᠯᠡᠭᠦᠯᠦᠭᠰᠡᠨ ᠨᠣᠮ᠄ ︽ᠰᠢᠯᠦᠭ ᠤᠨ ᠡᠷᠡᠮᠡᠯᠵᠡᠯᠡᠯ︾ ︵ᠬᠠᠮᠲᠤᠷᠠᠨ ᠵᠣᠬᠢᠶᠠᠭᠰᠠᠨ᠂ ᠥᠪᠥᠷ ᠮᠣᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ᠂ 1986 ᠣᠨ︶᠂ ︽ᠵᠢᠷᠦᠬᠡᠨ᠎ᠡ ᠬᠤᠯᠪᠤᠭᠠᠲᠠᠢ ᠳᠡᠯᠡᠬᠡᠢ︾ ︵ᠪᠠᠭᠤᠯᠭᠠᠭᠰᠠᠨ᠂ | ᠥᠪᠥᠷ ᠮᠣᠩᠭᠤᠯ ᠤᠨ ᠰᠢᠨᠵᠢᠯᠡᠬᠦ ᠲᠧᠭᠨᠢᠭ ᠬᠡᠪᠯᠡᠯ ᠤᠨ ᠬᠤᠷᠢᠶ᠎ᠠ᠂ 1986 ᠣᠨ︶᠂ ︽ᠤᠶᠠᠩᠭ᠎ᠠ ᠦᠭᠦᠯᠡᠯᠭᠡ︾ | ︵ᠵᠣᠬᠢᠶᠠᠵᠤ ᠨᠠᠶᠢᠷᠠᠭᠤᠯᠤᠭᠰᠠᠨ᠂ ᠯᠢᠶᠤᠤᠨᠢᠩ ᠤᠨ ᠦᠨᠳᠦᠰᠦᠲᠡᠨ ᠤ ᠬᠡᠪᠯᠡᠯ ᠤᠨ ᠬᠤᠷᠢᠶ᠎ᠠ᠂ 1990 ᠣᠨ︶᠂ | ᠪᠠᠷᠢᠮᠲᠠᠲᠤ ᠤᠷᠠᠨ ᠲᠡᠮᠳᠡᠭᠯᠡᠯ ︽ᠣᠷᠣᠨ ᠪᠠᠶᠢᠷᠢ︾ ︵ᠵᠣᠬᠢᠶᠠᠵᠤ ᠨᠠᠶᠢᠷᠠᠭᠤᠯᠤᠭᠰᠠᠨ᠂ ᠥᠪᠥᠷ ᠮᠣᠩᠭᠤᠯ ᠤᠨ | ᠪᠠᠭᠠᠴᠤᠤᠯ ᠤᠨ ᠬᠡᠪᠯᠡᠯ ᠤᠨ ᠬᠤᠷᠢᠶ᠎ᠠ᠂ 1994 ᠣᠨ︶᠂ ᠦᠭᠦᠯᠡᠯᠭᠡ ᠶᠢᠨ ᠲᠡᠭᠦᠪᠦᠷᠢ ︽ᠬᠦᠮᠦᠨ ᠶᠠᠰᠤᠲᠤ | ᠬᠠᠳᠠ︾ ︵ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1993 ᠣᠨ︶᠂ ᠲᠤᠭᠤᠵᠢ ᠶᠢᠨ | ᠲᠡᠭᠦᠪᠦᠷᠢ ︽ᠪᠥᠭᠡᠷ᠎ᠡ ᠠᠯᠠᠭ ᠪᠣᠶᠤ ᠴᠠᠭᠠᠨᠪᠤᠬ᠎ᠠ ᠶᠢᠨ ᠦᠯᠢᠭᠡᠷ︾ ︵ᠥᠪᠥᠷ ᠮᠣᠩᠭᠤᠯ ᠤᠨ ᠠᠷᠠᠳ ᠤᠨ ᠬᠡᠪᠯᠡᠯ | ᠤᠨ ᠬᠤᠷᠢᠶ᠎ᠠ᠂ 1999 ᠣᠨ︶᠂ ᠨᠠᠶᠢᠷᠠᠭᠤᠯᠤᠯ ᠤᠨ ᠲᠡᠭᠦᠪᠦᠷᠢ ︽ᠱᠠᠩᠳᠦ ᠭᠡᠶᠢᠪᠤᠩ ᠭᠦᠷᠳᠦ ᠪᠠᠯᠭᠠᠰᠤ︾ ︵ | ᠲᠦᠪ ᠤᠨ ᠦᠨᠳᠦᠰᠦᠲᠡᠨ ᠤ ᠬᠡᠪᠯᠡᠯ ᠤᠨ ᠬᠤᠷᠢᠶ᠎ᠠ᠂ 2001 ᠣᠨ︶᠂ ᠪᠠᠰᠠ ︽ᠪᠠᠶᠠᠬᠠᠭᠤᠯᠠ ᠨᠤᠲᠤᠭ ᠤᠨ | ᠣᠶᠢᠯᠠᠯᠭ᠎ᠠ︾᠂ ︽ᠵᠡᠭᠦᠨ ᠪᠠᠭᠠᠷᠢᠨ ᠤ ᠣᠷᠴᠢᠨ ᠦᠶ᠎ᠡ ᠶᠢᠨ ᠨᠠᠶᠢᠷ ᠨᠠᠭᠠᠳᠤᠮ︾ ︵ᠥᠪᠥᠷ ᠮᠣᠩᠭᠤᠯ ᠤᠨ | ᠰᠢᠨᠵᠢᠯᠡᠬᠦ ᠲᠧᠭᠨᠢᠭ ᠬᠡᠪᠯᠡᠯ ᠤᠨ ᠬᠤᠷᠢᠶ᠎ᠠ᠂ 2004 ᠣᠨ︶᠂ ︽ᠤᠯᠠᠭᠠᠨᠬᠠᠳᠠ ᠶᠢᠨ ᠬᠠᠮᠤᠭ ᠤᠳ︾ 2004 | ᠣᠨ ᠤ ᠬᠢᠲᠠᠳ ᠬᠡᠯᠡᠨ ᠤ ᠬᠡᠪᠯᠡᠯ︶ ᠵᠡᠷᠭᠡ ᠨᠣᠮ ᠤᠳ ᠢ ᠵᠣᠬᠢᠶᠠᠬᠤ ᠳᠤ ᠣᠷᠤᠯᠴᠠᠵᠤ ᠭᠤᠣᠯᠯᠠᠨ ᠨᠠᠶᠢᠷᠠᠭᠤᠯᠵᠠᠢ᠃ | ᠮᠣᠵᠢ᠂ ᠣᠷᠣᠨ᠂ ᠤᠯᠤᠰ ᠤᠨ ᠳᠡᠰ ᠤᠨ ᠱᠠᠩᠨᠠᠯ 14 ᠤᠳᠠᠭ᠎ᠠ ᠬᠥᠷᠲᠡᠭᠰᠡᠨ ᠤ ᠳᠣᠲᠤᠷ᠎ᠠ ︽ | ᠤᠶᠠᠩᠭ᠎ᠠ ᠦᠭᠦᠯᠡᠯᠭᠡ︾ ᠪᠠᠷ ᠢᠶᠠᠨ ᠨᠠᠢᠮᠠᠨ ᠮᠤᠵᠢ ᠣᠷᠣᠨ ᠤ ᠰᠢᠯᠢᠳᠡᠭ ᠨᠣᠮ ᠪᠢᠴᠢᠭ ᠤᠨ ᠱᠠᠩᠨᠠᠯ ᠪᠠ ᠯᠢᠶᠤᠤᠨᠢᠩ | ᠮᠣᠵᠢ ᠶᠢᠨ ᠰᠢᠯᠢᠳᠡᠭ ᠨᠣᠮ ᠪᠢᠴᠢᠭ ᠤᠨ ᠱᠠᠩᠨᠠᠯ᠂ ᠪᠠᠷᠢᠮᠲᠠᠲᠤ ᠤᠷᠠᠨ ᠪᠦᠲᠦᠭᠡᠯ ︽ᠦᠢᠯᠡᠰ ᠤᠨ ᠰᠠᠶᠢᠬᠠᠨ | ᠤᠯᠠᠭᠠᠨᠪᠠᠭᠠᠲᠤᠷ︾ ᠢᠶᠠᠷ ᠢᠶᠠᠨ ᠥᠪᠥᠷ ᠮᠣᠩᠭᠤᠯ ᠤᠨ ᠮᠡᠳᠡᠭᠡᠯᠡᠯ ᠤᠨ ᠤᠷᠠᠨ ᠵᠣᠬᠢᠶᠠᠯ ᠤᠨ ᠰᠢᠯᠢᠳᠡᠭ ᠱᠠᠩᠨᠠᠯ | ᠬᠦᠷᠲᠡᠭᠰᠡᠨ ᠪᠠ ︽ᠬᠦᠮᠦᠨ ᠶᠠᠰᠤᠲᠤ ᠬᠠᠳᠠ︾᠂ ︽ᠬᠠᠳᠠᠨ ᠴᠤᠤᠷᠠᠢ︾ ᠲᠤᠭᠤᠵᠢ ᠪᠠᠷ ᠢᠶᠠᠨ ᠥᠪᠥᠷ | ᠮᠣᠩᠭᠤᠯ ᠤᠨ ᠬᠤᠶᠠᠷ᠂ ᠭᠤᠷᠪᠠᠳᠤᠭᠠᠷ ᠬᠤᠭᠤᠴᠠᠭᠠᠨ ᠤ ︽ᠰᠣᠯᠤᠩᠭ᠎ᠠ︾ ᠨᠡᠷᠡᠮᠵᠢᠲᠦ ᠤᠷᠠᠨ ᠵᠣᠬᠢᠶᠠᠯ ᠤᠨ | ᠱᠠᠩᠨᠠᠯ ᠤᠨ ᠲᠣᠯᠤᠭᠠᠢ ᠴᠣᠬᠢᠵᠤ᠂ ᠦᠭᠦᠯᠡᠯᠭᠡ ᠶᠢᠨ ᠲᠡᠭᠦᠪᠦᠷᠢ ︽ᠬᠦᠮᠦᠨ ᠶᠠᠰᠤᠲᠤ ᠬᠠᠳᠠ︾ ᠨᠢ ᠪᠦᠬᠦ | ᠤᠯᠤᠰ ᠤᠨ ᠴᠥᠭᠡᠨ ᠲᠣᠭᠠᠲᠤ ᠦᠨᠳᠦᠰᠦᠲᠡᠨ ᠤ ᠲᠠᠪᠤᠳᠡᠬᠢ ︽ᠠᠵᠢᠨᠠᠢ ᠬᠦᠯᠦᠭ︾ ᠱᠠᠩᠨᠠᠯ ᠢᠶᠠᠷ ᠮᠢᠯᠢᠶᠠᠯᠭᠠᠪᠠ᠃ | ᠣᠷᠲᠤ ᠨᠠᠶᠢᠷᠠᠭᠤᠯᠤᠯ ︽ᠱᠠᠩᠳᠤ ᠭᠡᠶᠢᠪᠤᠩ ᠬᠦᠷᠳᠦ ᠪᠠᠯᠭᠠᠰᠤ︾ ᠪᠠᠷ ᠢᠶᠠᠨ ᠮᠣᠩᠭᠤᠯ ᠤᠷᠠᠨ ᠵᠤᠬᠢᠶᠠᠯ ᠤᠨ ︽ | ᠪᠣᠷᠵᠢᠭᠢᠨ︾ ᠱᠠᠩᠨᠠᠯ ᠳᠤ ᠲᠡᠷᠢᠭᠦᠯᠡᠵᠤ᠂ ᠲᠤᠭᠤᠵᠢ ︽ᠰᠦᠷ ᠰᠦᠯᠳᠡ︾ ᠪᠠᠷ ᠢᠶᠠᠨ ᠥᠪᠥᠷ ᠮᠣᠩᠭᠤᠯ ᠤᠨ | ᠠᠩᠬᠠᠳᠠᠭᠴᠢ ︽ᠠ᠊ · ᠣᠳᠽᠠᠷ ᠨᠡᠷᠡᠮᠵᠢᠲᠦ ᠤᠳᠬ᠎ᠠ ᠵᠣᠬᠢᠶᠠᠯ ᠤᠨ ᠱᠠᠩᠨᠠᠯ︾ ᠬᠦᠷᠲᠡᠪᠡ᠃ ᠨᠠᠶᠢᠷᠠᠭᠤᠯᠤᠯ ᠤᠨ | ᠲᠡᠭᠦᠪᠦᠷᠢ ︽ᠱᠠᠩᠳᠤ ᠭᠡᠶᠢᠪᠤᠩ ᠬᠦᠷᠳᠦ ᠪᠠᠯᠭᠠᠰᠤ︾ ᠪᠠᠷ ᠢᠶᠠᠨ ᠪᠦᠬᠦ ᠤᠯᠤᠰ ᠤᠨ ᠴᠥᠭᠡᠨ ᠲᠣᠭᠠᠲᠤ | ᠦᠨᠳᠦᠰᠦᠲᠡᠨ ᠤ ᠳᠣᠯᠤᠳᠡᠬᠢ ︽ᠠᠵᠢᠨᠠᠢ ᠬᠦᠯᠦᠭ︾ ᠱᠠᠩᠨᠠᠯ ᠢᠶᠠᠷ ᠳᠠᠬᠢᠨᠲᠠ ᠮᠢᠯᠢᠶᠠᠯᠭᠠᠨ᠂ ᠮᠦᠨ ᠦᠭᠦᠯᠡᠯᠭᠡ᠂ | ᠨᠠᠶᠢᠷᠠᠭᠤᠯᠤᠯ ᠤᠨ ᠬᠤᠶᠠᠷ ᠨᠣᠮ ᠨᠢ ᠬᠤᠶᠠᠷ ᠬᠤᠭᠤᠴᠠᠭᠠᠨ ᠤ ᠥᠪᠥᠷ ᠮᠣᠩᠭᠤᠯ ᠤᠨ ᠤᠷᠠᠨ ᠵᠣᠬᠢᠶᠠᠯ ᠤᠨ ︽ | ᠰᠣᠯᠤᠩᠭ᠎ᠠ︾ ᠨᠡᠷᠡᠮᠵᠢᠲᠦ ᠢᠷᠠᠭᠤ ᠠᠯᠳᠠᠷ ᠤᠨ ᠱᠠᠩᠨᠠᠯ ᠬᠦᠷᠲᠡᠵᠠᠢ᠃ 2009 ᠣᠨ ᠳᠤ ︽ᠪᠥᠭᠡᠷ᠎ᠡ ᠠᠯᠠᠭ | ᠪᠣᠶᠤ ᠴᠠᠭᠠᠨᠪᠤᠬ᠎ᠠ ᠶᠢᠨ ᠦᠯᠢᠭᠡᠷ︾ ᠲᠡᠭᠦᠪᠦᠷᠢ ᠪᠠᠷ ᠢᠶᠠᠨ ︽ᠤᠳᠠᠲᠤ ᠨᠤᠲᠤᠭ · ᠤᠳᠬ᠎ᠠ ᠶᠢᠨ ᠡᠷᠢᠬᠡ︾ 99 | ᠪᠣᠳᠢ ᠬᠡᠪᠯᠡᠯ ᠤᠨ ᠨᠣᠮ ᠤᠨ ᠰᠢᠯᠭᠠᠷᠠᠭᠤᠯᠤᠯᠲᠠ ᠳᠤ ᠲᠡᠷᠢᠭᠦᠨ ᠱᠠᠩᠨᠠᠯ ᠬᠦᠷᠲᠡᠪᠡ᠃ | 1986 ᠣᠨ ᠳᠤ᠂ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠤᠳᠬ᠎ᠠ ᠵᠣᠬᠢᠶᠠᠯ ᠤᠨ | ᠠᠰᠫᠢᠷᠠᠨᠲ ᠤᠨ ᠬᠦᠷᠢᠶᠡᠯᠡᠩ ᠠᠴᠠ ︽ᠭᠠ᠊ · ᠰᠢᠷᠠᠪᠵᠠᠮᠰᠤ ᠶᠢᠨ ᠲᠤᠭᠤᠵᠢᠰ ᠪᠦᠲᠦᠭᠡᠯ ᠢ ᠰᠣᠳᠤᠯᠤᠨ ᠶᠠᠷᠢᠯᠴᠠᠬᠤ | ᠬᠤᠷᠠᠯ︾ ︔ 1990 ᠣᠨ ᠳᠤ᠂ ᠳᠤᠮᠳᠠᠳᠤ ᠤᠯᠤᠰ ᠤᠨ ᠮᠣᠩᠭᠤᠯ ᠤᠳᠬ᠎ᠠ ᠵᠣᠬᠢᠶᠠᠯ ᠤᠨ ᠡᠷᠳᠡᠮ | ᠰᠢᠨᠵᠢᠯᠡᠭᠡᠨ ᠤ ᠨᠡᠶᠢᠭᠡᠮᠯᠢᠭ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠳᠬ᠎ᠠ ᠤᠷᠠᠯᠢᠭ ᠤᠨ | ᠬᠢᠨ ᠤ ᠬᠤᠯᠪᠤᠭ᠎ᠠ᠂ ᠵᠣᠬᠢᠶᠠᠯᠴᠢᠳ ᠤᠨ ᠡᠪᠯᠡᠯ᠂ ᠥᠪᠥᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ᠂ ᠥᠪᠥᠷ ᠮᠣᠩᠭᠤᠯ ᠤᠨ ᠶᠡᠭᠡ ᠰᠤᠷᠭᠠᠭᠤᠯᠢ ᠵᠡᠷᠭᠡ ᠨᠠᠢᠮᠠᠨ ᠨᠢᠭᠡᠴᠡ ᠬᠠᠮᠲᠤᠷᠠᠨ ︽ᠭᠠ᠊ · | ᠰᠢᠷᠠᠪᠵᠠᠮᠰᠤ ᠶᠢᠨ ᠤᠷᠠᠨ ᠪᠦᠲᠦᠭᠡᠯ ᠢ ᠰᠣᠳᠤᠯᠤᠨ ᠶᠠᠷᠢᠯᠴᠠᠬᠤ ᠬᠤᠷᠠᠯ︾ ᠢ ᠲᠤᠰ ᠲᠤᠰ ᠨᠡᠭᠡᠭᠡᠵᠤ᠂ ᠤᠷᠠᠨ | ᠪᠦᠲᠦᠭᠡᠯ ᠢ ᠨᠢ ᠰᠢᠭᠦᠮᠵᠢᠯᠡᠭᠴᠢᠳ ᠦᠨᠳᠦᠷ ᠦᠨᠡᠯᠡᠪᠡ᠃ 1991 ᠣᠨ ᠳᠤ᠂ ᠪᠦᠬᠦ ᠤᠯᠤᠰ ᠤᠨ ᠵᠠᠯᠠᠭᠤ | ᠵᠣᠬᠢᠶᠠᠯᠴᠢᠳ ᠤᠨ ᠲᠦᠯᠦᠭᠡᠯᠡᠭᠴᠢᠳ ᠤᠨ ᠬᠤᠷᠠᠯᠳᠤᠭᠠᠨ ᠳᠤ ᠰᠣᠩᠭᠤᠭᠳᠠᠨ ᠣᠷᠤᠯᠴᠠᠵᠤ᠂ 1997 ᠣᠨ ᠳᠤ᠂ | ᠥᠪᠥᠷ ᠮᠣᠩᠭᠤᠯ ᠤᠨ ᠲᠧᠯᠸᠢᠰ ᠬᠤᠷᠢᠶ᠎ᠠ 59 ᠳ᠋ᠤᠭᠡᠷ ᠬᠤᠭᠤᠴᠠᠭᠠᠨ ᠤ ︽ᠰᠣᠶᠣᠯ ᠤᠷᠠᠯᠢᠭ︾ ᠫᠷᠤᠭ᠍ᠷᠠᠮ ᠳᠠᠭᠠᠨ | ︽ᠦᠢᠯᠡᠰ ᠤᠨ ᠳᠠᠷᠬᠠᠳ — ᠵᠠᠯᠠᠭᠤ ᠵᠣᠬᠢᠶᠠᠯᠴᠢ ᠭᠠ᠊ · ᠰᠢᠷᠠᠪᠵᠠᠮᠰᠤ ᠶᠢᠨ ᠲᠤᠬᠠᠢ ᠰᠣᠷᠪᠣᠯᠵᠢᠯᠠᠭ᠎ᠠ︾ ᠬᠡᠮᠡᠬᠦ | ᠲᠤᠰᠬᠠᠢ ᠹᠢᠯᠢᠮ ᠢᠶᠠᠷ ᠵᠣᠬᠢᠶᠠᠯᠴᠢ ᠶᠢᠨ ᠠᠮᠢᠳᠤᠷᠠᠯ ᠦᠢᠯᠡᠰ ᠪᠦᠲᠦᠭᠡᠯ ᠤᠨ ᠬᠢᠨᠢ ᠲᠤᠬᠠᠢ ᠰᠢᠩᠭᠡᠭᠡᠨ | ᠨᠡᠪᠲᠡᠷᠡᠭᠦᠯᠵᠠᠢ᠃ 1999 ᠣᠨ ᠤ 12 ᠰᠠᠷ᠎ᠠ ᠳᠤ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ | ᠤᠬᠠᠭᠤᠯᠬᠤ ᠭᠡᠯᠲᠡᠰ ᠤᠨ ᠤᠳᠬ᠎ᠠ ᠤᠷᠠᠯᠢᠭ ᠤᠨ ᠰᠠᠭᠤᠷᠢ ᠮᠥᠩᠭᠦᠨ ᠤ ᠨᠡᠶᠢᠭᠡᠮᠯᠢᠭ ᠠᠴᠠ ᠵᠣᠬᠢᠶᠠᠨ | ᠪᠠᠶᠢᠭᠤᠯᠤᠭᠰᠠᠨ ᠲᠦᠷᠦ ᠶᠢᠨ ᠱᠠᠩᠨᠠᠯᠲᠤ ᠵᠣᠬᠢᠶᠠᠯᠴᠢᠳ ᠤᠨ ᠭᠠᠳᠠᠭᠠᠳᠤ ᠳᠤ ᠠᠶᠢᠯᠴᠢᠯᠠᠬᠤ ᠪᠦᠯᠬᠦᠮ ᠳᠤ ᠡᠯᠰᠡᠭᠳᠡᠨ | ᠰᠢᠶᠠᠩᠭᠠᠩ᠂ ᠣᠣᠮᠧᠨ ᠪᠠ ᠳᠣᠷᠤᠨᠠᠲᠤ ᠠᠽᠢᠶ᠎ᠠ ᠶᠢᠨ ᠤᠯᠤᠰ ᠣᠷᠣᠨ ᠤᠳ ᠢᠶᠠᠷ ᠠᠶᠢᠯᠴᠢᠯᠠᠪᠠ᠃ 2001 | ᠣᠨ ᠳᠤ ᠥᠪᠥᠷ ᠮᠣᠩᠭᠤᠯ ᠤᠨ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠥᠪᠥᠷ ᠮᠣᠩᠭᠤᠯ ᠤᠨ ᠤᠳᠬ᠎ᠠ | ᠤᠷᠠᠯᠢᠭ ᠤᠨ ᠬᠢᠨ ᠤ ᠬᠤᠯᠪᠤᠭ᠎ᠠ ᠠᠴᠠ ︽ᠮᠤᠷᠠᠯ ᠡᠷᠳᠡᠮ ᠬᠤᠣᠰᠯᠠᠭᠰᠠᠨ ᠤᠳᠬ᠎ᠠ ᠤᠷᠠᠯᠢᠭᠴᠢ︾ ᠬᠡᠮᠡᠬᠦ ᠮᠢᠨᠳᠠᠭ | ᠴᠣᠯᠠ ᠬᠦᠷᠲᠡᠭᠡᠵᠠᠢ᠃ 2008 ᠣᠨ ᠤ 7 ᠰᠠᠷ᠎ᠠ ᠶᠢᠨ 14 ᠳᠤ᠂ ᠥᠪᠥᠷ ᠮᠣᠩᠭᠤᠯ ᠤᠨ ᠲᠧᠯᠸᠢᠰ ᠬᠤᠷᠢᠶ᠎ᠠ ︽ | ᠭᠠᠷᠠᠭ ᠤᠨ ᠪᠣᠯᠵᠤᠭ᠎ᠠ︾ ᠳᠡᠯᠭᠡᠴᠡ ᠪᠠᠷ ᠢᠶᠠᠨ ᠳᠠᠮᠵᠢᠭᠤᠯᠤᠨ ᠬᠤᠪᠢ ᠬᠦᠮᠦᠨ ᠤ ᠡᠷᠳᠡᠮ ᠦᠢᠯᠡᠰ ᠤᠨ ᠲᠤᠬᠠᠢ | ᠲᠤᠰᠬᠠᠢ ᠶᠠᠷᠢᠯᠴᠠᠯᠭ᠎ᠠ ᠠᠪᠴᠤ ᠨᠡᠪᠲᠡᠷᠡᠭᠦᠯᠪᠡ᠃ ᠲᠣᠪᠴᠢ ᠨᠠᠮᠲᠠᠷ ᠨᠢ ︽ᠳᠤᠮᠳᠠᠳᠤ ᠤᠯᠤᠰ ᠵᠣᠬᠢᠶᠠᠯᠴᠢᠳ ᠤᠨ | ᠲᠣᠮᠤ ᠲᠣᠯᠢ︾᠂ ︽ᠳᠡᠯᠡᠬᠡᠢ ᠶᠢᠨ ᠤᠷᠠᠯᠢᠭ ᠤᠨ ᠠᠯᠳᠠᠷᠲᠠᠳ︾ ᠵᠡᠷᠭᠡ ᠤᠯᠠᠨ ᠲᠣᠯᠢ ᠪᠢᠴᠢᠭ ᠲᠤ ᠲᠡᠮᠳᠡᠭᠯᠡᠭᠳᠡᠵᠤ | ᠂ ᠵᠣᠬᠢᠶᠠᠯ ᠪᠦᠲᠦᠭᠡᠯ ᠨᠢ ᠡᠯ᠎ᠡ ᠭᠠᠵᠠᠷ ᠤᠨ ᠨᠣᠮ ᠤᠨ ᠰᠠᠩ ᠳᠤ ᠬᠤᠷᠢᠶᠠᠨ ᠬᠠᠳᠠᠭᠠᠯᠠᠭᠳᠠᠪᠠ᠃ | | | ᠪᠠᠯᠳᠠᠨᠰᠠᠩᠪᠤᠤ ᠬᠠᠩᠭᠠᠪᠠ᠃ | |