ᠠᠶᠠᠯᠭᠤ ᠬᠡᠯᠡ ᠠᠴᠠ ᠡᠭᠡᠰᠢᠭ ᠲᠠᠢ ᠠᠳᠣᠭᠤᠨ ᠲᠣᠯᠣᠭᠠᠨ ᠣᠶᠠᠩᠭ᠎ᠠ | | ᠪᠠᠭᠠᠷᠢᠨ ᠵᠡᠬᠦᠨ ᠬᠤᠰᠢᠭᠤᠨ ᠤ ᠯᠢᠨᠳᠥ᠋ᠩ ᠤᠨ ᠮᠤᠩᠭᠤᠯ ᠲᠤᠮᠳᠠᠳᠤ | ᠰᠤᠷᠭᠠᠭᠤᠯᠢ ᠵᠢᠨᠲ᠋ᠡᠭᠡᠳᠤ ᠨᠢᠭᠡ ᠶᠢᠨ ᠭᠤᠷᠪᠠ ᠰᠠᠶᠢᠨ᠎ᠠ | ᠠ | ᠠᠯᠳᠠᠨ ᠲᠡᠯᠡᠬᠡᠢ ᠳᠤ ᠲᠣᠭᠤᠷᠠᠢ ᠶᠢᠨ ᠲᠠᠮᠠᠭ᠎ᠠ ᠲᠠᠢ | ᠠᠮᠢᠨᠴᠢᠬᠠᠨ ᠮᠣᠩᠭᠤᠯ ᠤᠨ ᠮᠢᠨᠢ ᠴᠢᠨᠳᠠᠮᠣᠨᠢ ᠡᠷᠳᠡᠨᠢ ᠠᠳᠣᠭᠤ ᠪᠠᠨ ᠪᠢ ᠭᠤᠷᠣᠶᠢᠯᠠᠨᠠᠮ | ᠠᠯᠳᠠ ᠪᠡᠶ᠎ᠠ ᠪᠠᠨ ᠠᠯᠳᠠᠬᠤ ᠠᠴᠠ ᠠᠵᠢᠬᠤ ᠦᠭᠡᠢ | ᠠᠵᠢᠷᠭ᠎ᠠ ᠠᠵᠢᠷᠭ᠎ᠠ ᠪᠠᠷ ᠠᠶᠢᠮᠠᠭᠯᠠᠨ ᠬᠤᠷᠢᠶᠠᠭᠰᠠᠨ ᠠᠳᠣᠭᠤ ᠪᠠᠨ ᠪᠢ ᠰᠢᠳᠦᠨᠡᠮ | ᠠᠶᠣᠯᠳᠣ ᠴᠢᠨ᠋ᠸ᠎ᠠ ᠲᠠᠢ ᠠᠰᠯᠠᠨ ᠴᠠᠪᠴᠢᠯᠠᠵᠣ | ᠣᠨᠠᠭ᠎ᠠ ᠰᠠᠷᠪᠠ ᠪᠠᠨ ᠭᠦᠶᠦᠳᠡᠯ ᠢ ᠨᠢ ᠰᠡᠯᠪᠢᠭᠰᠡᠨ ᠠᠳᠣᠭᠤ ᠪᠠᠨ ᠪᠢ ᠪᠢᠰᠢᠷᠡᠨᠠᠮ | ᠠᠯᠣᠰ ᠤᠨ ᠬᠠᠷᠠᠴᠠ ᠪᠠᠷ ᠪᠠᠶᠢᠳᠠᠰᠣ ᠪᠠᠨ ᠬᠠᠰᠣᠵᠣ | ᠣᠳᠣᠮ ᠤᠨ ᠴᠢᠨᠠᠷ ᠢᠶᠠᠨ ᠡᠷᠴᠢᠮᠯᠡᠨ ᠴᠢᠩᠭᠠᠯᠠᠳᠠᠭ ᠠᠳᠣᠭᠤ ᠪᠠᠨ ᠪᠢ ᠲᠠᠬᠢᠨᠠᠮ | ᠡ | ᠡᠭᠦᠷ ᠰᠡᠭᠦᠯᠳᠦ᠂ ᠦᠨᠳᠡᠭᠡᠨ ᠴᠠᠭᠠᠨ᠂ ᠦᠨᠳᠦᠷ ᠬᠤᠸᠠ᠂ ᠦᠭᠡᠬᠦᠨ ᠰᠢᠷᠭ᠎ᠠ | ᠦᠷᠭᠡᠨ ᠲᠠᠯ᠎ᠠ ᠶᠢ ᠦᠣᠷᠰᠡᠨ ᠴᠢᠮᠡᠳᠡᠭ ᠨᠢ ᠦᠵᠡᠬᠦ ᠳᠤ ᠰᠣᠯᠣᠩᠭ᠎ᠠ ᠮᠡᠲᠦ | ᠡᠭᠦᠯᠡ ᠶᠢ ᠦᠷᠬᠦᠬᠡᠨ ᠡᠪᠡᠰᠤ ᠶᠢ ᠢᠯᠪᠢᠨ ᠲᠡᠭᠦᠯᠢᠨ ᠲᠠᠪᠬᠢᠯᠳᠣᠬᠤ ᠨᠢ | ᠡᠷᠢᠶᠡᠨ ᠬᠤᠷᠸ᠎ᠠ ᠶᠢ ᠠᠷᠢᠭᠤᠳᠬᠠᠨ ᠴᠡᠪᠡᠷᠯᠡᠳᠡᠭ ᠲᠤᠷᠭᠠᠨ ᠰᠠᠯᠬᠢᠨ ᠮᠡᠲᠦ | ᠡᠳᠦᠷ ᠰᠦᠨᠢ ᠶᠢᠨ ᠬᠤᠷᠣᠮ ᠭᠱᠠᠨ ᠳᠤ ᠴᠣ᠋ ᠵᠣᠭᠰᠤᠭ᠎ᠠ ᠪᠠᠷ ᠢᠶᠠᠨ ᠣᠨᠳᠠᠳᠠᠭ ᠨᠢ | ᠡᠸᠦ᠋ᠷᠦᠫᠡ ᠠᠽᠢᠶ᠎ᠠ ᠶᠢ ᠪᠠᠶᠢᠯᠳᠣᠨ ᠲᠠᠭᠠᠭᠤᠯᠣᠭᠰᠠᠨ ᠤ ᠬᠢᠨᠢ ᠰᠡᠷᠡᠮᠵᠢ ᠮᠡᠲᠦ | ᠡᠨᠡᠷᠢᠯ ᠬᠠᠶᠢᠷ᠎ᠠ ᠪᠠᠷ ᠲᠦᠮᠡᠨ ᠤ ᠪᠠᠷ᠎ᠠ ᠠᠴᠠ ᠭᠠᠵᠠᠷᠴᠢᠯᠠᠨ ᠢᠷᠡᠳᠡᠭ ᠨᠢ | ᠡᠯᠪᠡᠷᠢᠯ ᠢ ᠬᠥᠴᠡᠳᠭᠡᠭᠴᠢ ᠵᠢᠷᠥᠮ ᠤᠨ ᠰᠡᠳᠬᠢᠯ ᠤᠨ ᠬᠢᠨᠢ ᠴᠠᠭᠠᠪᠤᠷᠢᠯᠠᠯ ᠮᠡᠳᠤ | ᠢ | ᠢᠰᠬᠢᠷᠦᠨ ᠱᠣᠣᠬᠢᠭᠰᠠᠨ ᠰᠢᠭᠤᠷᠭ᠎ᠠ ᠰᠦᠷᠳᠡᠭ ᠠᠶᠠᠨ ᠤ ᠬᠤᠯᠠ ᠶᠢᠨ ᠲᠡᠪᠴᠢᠶᠡᠷᠢ ᠨᠢ | ᠢᠳᠡᠷ ᠪᠣᠯᠣᠳ ᠲᠡᠮᠦᠷ ᠠᠴᠠ ᠴᠣ᠋ ᠲᠠᠭᠠᠭᠠᠮᠠᠭᠠᠢ | ᠢᠵᠢᠯᠢ ᠳᠤ ᠪᠠᠨ ᠲᠠᠰᠳᠠᠭ ᠡᠭᠡᠨᠢᠭᠰᠢᠭ ᠠᠷᠠᠨᠰᠢᠨ ᠨᠢ | ᠦᠰᠦᠲᠦ ᠲᠡᠷᠢᠭᠦᠨᠲᠦ ᠮᠣᠩᠬᠠᠭ ᠠᠷᠠᠳ ᠠᠴᠠ ᠴᠦ ᠰᠦᠭᠦᠮ ᠦᠯᠡᠭᠦᠦ | ᠢᠯᠳᠦ ᠵᠢᠳᠠᠨ ᠤ ᠴᠢᠰᠣᠨ ᠲᠠᠶᠢᠨ ᠢᠶᠠᠷ ᠡᠷᠡᠮᠡᠬᠡᠶᠢᠯᠡᠨ ᠵᠢᠳᠬᠦᠯᠡᠭᠰᠡᠨ ᠨᠢ | ᠥᠨᠡᠨᠴᠢ ᠰᠡᠳᠬᠢᠯ ᠢ ᠬᠥᠨ ᠡᠪᠥᠷᠯᠡᠭᠰᠡᠨ ᠴᠡᠷᠢᠭ ᠡᠷ᠎ᠡ ᠡ | ᠢᠲᠡᠭᠡᠯ ᠬᠠᠶᠢᠷ᠎ᠠ ᠪᠠᠷ ᠳᠡᠯ ᠢᠶᠠᠨ ᠳᠡᠪᠢᠰᠦᠨ ᠡᠵᠡᠨ ᠢᠶᠠᠨ ᠬᠠᠮᠠᠭᠠᠯᠠᠳᠠᠭ ᠨᠢ | ᠠᠨᠳᠠ ᠶᠢᠨ ᠰᠡᠳᠬᠢᠯ ᠢ ᠪᠠᠳᠤ ᠵᠢᠷᠥᠮᠯᠡᠭᠰᠡᠨ ᠲᠤᠳᠤᠨᠤ ᠨᠥᠬᠦᠷ ᠡ | ᠣ ︵4︶ | ᠣᠨ ᠣᠨ ᠠᠴᠠ ᠪᠠᠨ ᠬᠤᠪᠣᠷᠳᠠᠵᠣ ᠪᠠᠶᠢᠭ᠎ᠠ ᠠᠳᠣᠭᠤ ᠮᠢᠨᠢ | ᠣᠳᠣ ᠴᠢ ᠬᠠᠮᠢᠭ᠎ᠠ ᠪᠠᠶᠢᠨᠠᠮ | ᠤᠯᠤᠭᠰᠠᠨ ᠠᠯᠳᠠᠭᠰᠠᠨ ᠶᠢᠨ ᠲᠡᠩᠨᠡᠬᠦᠷ ᠪᠠᠷᠢᠭᠰᠠᠨ ᠮᠣᠩᠭᠤᠯᠴᠣᠳ ᠮᠠᠨᠢ | ᠶᠠᠭᠤ ᠰᠠᠨᠠᠨᠠᠮ ︖ | ᠲᠠᠶᠢᠨ ᠤ ᠲᠠᠯᠠᠪᠤᠷ ᠲᠤ ᠮᠤᠷᠢ ᠤᠳᠤ | ᠬᠡᠷᠡᠭ ᠠᠴᠠ ᠭᠠᠷᠤᠭᠰᠠᠨ ᠴᠦ | ᠲᠠᠶᠢᠴᠢᠨ ᠪᠠᠳᠤ ᠡᠷᠡᠯᠭᠡᠭ ᠵᠤᠷᠢᠭ | ᠮᠠᠨ ᠳᠤ ᠬᠡᠷᠡᠭ ᠥᠭᠡᠢ ᠭᠡᠵᠤ ᠤᠤ︖ | ᠪᠤᠳᠤᠬᠤ ᠠᠴᠠ ᠴᠦ ᠠᠶᠤᠳᠠᠰᠤ ᠬᠥᠷᠥᠮᠡ | ᠠᠬᠯᠠᠭ ᠴᠥᠯ ᠢ | ᠪᠤᠰᠤᠭ᠎ᠠ ᠵᠤᠷᠢᠭ ᠢᠶᠠᠷ ᠰᠢᠪᠳᠤᠯᠤᠨ ᠭᠠᠷᠳᠠᠭ | ᠰᠥᠰᠤ ᠨᠢ ᠮᠠᠨ ᠳᠤ ᠬᠡᠷᠡᠭ ᠥᠭᠡᠢ ᠭᠡᠵᠤ ᠤᠤ︖ | ᠤ ︵5︶ | ᠣᠣᠯ ᠠᠴᠠ ᠪᠠᠨ ᠴᠢ ᠮᠢᠨᠢ ᠲᠡᠭᠷᠢ ᠶᠢᠨ ᠬᠦᠯᠦᠭ | ᠲᠠᠷᠬᠠᠨ ᠰᠢᠳᠤᠬᠡᠨᠳᠤ ᠰᠠᠬᠢᠭᠤᠰᠣ | ᠠᠭᠤᠯᠠ ᠬᠠᠩᠭᠠᠢ ᠂ ᠣᠶᠠᠬᠠᠨ ᠪᠠᠶᠢᠭᠠᠯᠢ ᠶᠢᠨ | ᠬᠡᠶᠢᠮᠦᠷᠢ ᠲᠥᠰᠢᠭ ᠶᠤᠮ | ᠣᠰᠣᠨ ᠳᠤ ᠴᠢᠨᠢ ᠬᠤᠷᠣᠭᠤ ᠲᠦᠷᠦᠭᠰᠡᠨ ᠠᠴᠠ ᠠᠭᠤᠷᠰᠠᠭᠠᠳ ᠴᠢ ᠮᠢᠨᠢ | ᠲᠡᠭᠷᠢ ᠳᠤ ᠪᠠᠨ ᠭᠠᠷᠪᠠᠣ︖ | ᠣᠴᠢᠷ ᠲᠠᠢ ᠲᠡᠯᠡᠬᠡᠢ ᠪᠠᠨ ᠪᠦᠳᠦᠨ ᠪᠣᠯᠭᠠᠬᠤ ᠭᠡᠵᠦ | ᠠᠬᠢᠭᠠᠳ ᠤᠳᠠᠯ ᠦᠭᠡᠢ ᠢᠷᠡᠨ᠎ᠡ ᠬᠡᠵᠡᠢ ᠤᠤ︖ | ᠥᠷᠥᠴᠡᠨ ᠬᠥᠨ ᠠᠴᠠ ᠪᠢᠰᠢᠷᠡᠨ ᠰᠢᠳᠥᠳᠡᠭ ᠡᠵᠡᠨ ᠴᠢᠨᠢ | ᠡᠮᠡᠭᠡᠯ ᠬᠠᠵᠠᠭᠠᠷ ᠢᠶᠠᠨ ᠪᠠᠷᠢᠭᠠᠳ ᠰᠠᠷᠠᠪᠴᠢᠯᠠᠨ ᠵᠤᠭᠰᠤᠨ᠎ᠠ | ᠥᠳᠬᠡᠨ ᠬᠠᠷ᠎ᠠ ᠡᠬᠦᠯᠡ ᠶᠢ ᠬᠠᠭ᠎ᠠ ᠵᠥᠰᠥᠨ ᠠᠵᠢᠨᠠᠢ ᠬᠥᠯᠥᠭ ᠮᠢᠨᠢ | ᠥᠩᠬᠡ ᠶᠢᠨ ᠭᠡᠷᠡᠯ ᠰᠠᠴᠤᠷᠠᠭᠤᠯᠤᠨ ᠨᠢᠰᠥᠨ ᠢᠷᠡᠳᠡᠭ ᠪᠢᠯᠢᠤ︖ | ᠥ ︵6︶ | ᠦᠪᠯᠡᠵᠦ ᠦᠯᠡᠳᠡᠭᠡᠭᠰᠡᠨ ᠤᠩᠭᠤᠨ ᠰᠦᠯᠳᠡ ᠪᠠᠨ | ᠳᠡᠯ ᠰᠡᠭᠦᠯ ᠠᠴᠠ ᠪᠠᠨ ᠪᠠᠳᠠᠷᠠᠭᠠᠨ | ᠦᠨᠳᠦᠷ ᠲᠡᠭᠷᠢ ᠶᠢᠨ ᠰᠠᠯᠬᠢᠨ ᠪᠣᠷᠣᠭᠠᠨ ᠢ | ᠠᠶᠣᠩᠭ᠎ᠠ ᠴᠠᠬᠢᠯᠭᠠᠨ ᠢᠶᠠᠷ ᠵᠠᠬᠢᠷᠣᠨ | ᠦᠣᠷᠰᠡᠨ ᠢᠨᠴᠠᠭᠠᠵᠣ ᠨᠠᠳᠬᠤᠨ ᠴᠣᠯᠭᠢᠵᠣ | ᠨᠣᠳᠤᠭ ᠵᠦᠭ ᠢᠶᠠᠨ ᠦᠶᠡᠷᠯᠡᠬᠦ ᠳᠤ | ᠥᠩ ᠲᠠᠢ ᠵᠢᠯ ᠤᠨ ᠦᠡᠭᠭᠡ ᠪᠠᠷ ᠨᠢ ᠪᠡᠯᠭᠡᠰᠢᠶᠡᠵᠦ | ᠥᠷ᠎ᠡ ᠲᠠᠷᠢᠶ᠎ᠠ ᠰᠠᠴᠣᠶᠣ ᠪᠢ | ᠮᠤᠩᠭᠤᠯ ᠨᠤᠳᠤᠭ ᠤᠨ ᠠᠭᠤᠯᠠ ᠤᠰᠤ ᠶᠢ | ᠮᠤᠷᠢ ᠯᠡ ᠴᠢ ᠮᠢᠨᠢ ᠴᠢᠮᠡᠳᠡᠭ ᠰᠢᠤ | ᠮᠤᠩᠭᠤᠯ ᠬᠥᠮᠥᠨ ᠤ ᠬᠡᠶᠢᠮᠤᠷᠢ ᠰᠥᠯᠳᠡ ᠶᠢ | ᠮᠤᠷᠢ ᠯᠡ ᠴᠢ ᠮᠢᠨᠢ ᠪᠠᠳᠠᠷᠠᠭᠠᠳᠠᠭ ᠰᠢᠤ | ᠦ ︵7︶ | ᠥᠰᠬᠦ ᠠᠴᠠ ᠰᠣᠷᠣᠭᠰᠠᠨ ᠦᠨᠳᠦᠰᠦᠨ ᠬᠡᠯᠡ ᠪᠠᠷ ᠢᠶᠠᠨ ᠠᠳᠣᠭᠤ ᠪᠠᠨ ᠪᠢ ᠣᠩᠰᠢᠨᠠᠮ | ᠦᠬᠦᠳᠡᠯ᠎ᠡ ᠣᠷᠣᠰᠢᠬᠤ ᠲᠦᠷᠦᠯᠬᠢ ᠨᠣᠳᠤᠭ ᠲᠠᠢ ᠪᠠᠨ ᠨᠢᠯᠪᠣᠰᠣᠨ ᠳᠣᠮᠳᠠ ᠪᠠᠨ ᠬᠠᠭ᠋ᠠᠨᠠᠮ | ᠡᠷᠳᠡᠮᠳᠣ ᠪᠠᠭᠰᠢ ᠶᠢᠨ ᠢᠶᠠᠨ ᠰᠢᠯᠦᠭ ᠢᠶᠠᠷ ᠢᠶᠠᠨ ᠪᠢ ᠠᠳᠣᠭᠤ ᠪᠠᠨ ᠰᠢᠭ᠋ ᠦᠣᠷᠰᠡᠶᠡ | ᠥᠷᠯᠥᠭᠡ ᠪᠤᠰᠬᠤ ᠳᠤ ᠡᠷ᠎ᠡ ᠬᠤᠶᠠᠷ ᠵᠠᠭᠠᠯ ᠰᠢᠭ᠋ ᠭᠠᠵᠠᠷᠯᠠᠨ ᠢᠷᠡᠭᠰᠡᠨ ᠴᠦ ᠪᠤᠯᠤᠭᠠᠰᠠᠢ︕ | ᠪᠤᠵᠠᠷᠳᠤᠭᠰᠠᠨ ᠪᠠᠶᠢᠭᠠᠯᠢ ᠶᠢ ᠴᠢᠨᠢ ᠥᠨᠥᠳᠥᠷ ᠪᠢᠳᠡ | ᠠᠷᠢᠭᠤᠯᠠᠨ ᠪᠠᠶᠢᠵᠤ | ᠴᠢᠮ᠎ᠠ ᠶᠢ ᠪᠠᠨ ᠪᠢ ᠬᠥᠯᠢᠶᠡᠶᠡ | ᠪᠤᠳᠠᠷᠠᠭᠰᠠᠨ ᠰᠡᠳᠬᠢᠯ ᠢᠶᠠᠨ ᠤᠳᠤ ᠪᠢᠳᠡ | ᠨᠢᠭᠡᠳᠭᠡᠨ ᠪᠠᠶᠢᠵᠤ | ᠴᠢᠮ᠎ᠠ ᠶᠢ ᠪᠠᠨ ᠤᠭᠳᠤᠶ᠎ᠠ | ᠠᠷᠤ ᠭᠠᠵᠠᠷ ᠠᠴᠠ | ᠠᠯᠳᠠᠨ ᠤᠨᠠᠭ᠎ᠠ ᠲᠤᠭᠯᠠᠳᠠᠭ ᠭᠡᠵᠤ | ᠲᠤᠮᠤᠭ ᠮᠠᠨ ᠳᠤ ᠶᠠᠷᠢᠳᠠᠭ | ᠠᠶᠠᠯᠭᠤ ᠬᠡᠯᠡᠨ ᠠᠴᠠ | ᠠᠳᠤᠭᠤ ᠦᠦᠷᠰᠡᠨ᠎ᠡ | ᠤᠳᠤ ᠪᠢ ᠤᠶᠠᠩᠭᠠᠯᠠᠶ᠎ᠠ᠃ |