ᠮᠢᠨᠤ ᠢᠢᠮᠤ ᠨᠢᠬᠡᠨ ᠰᠤᠷᠤᠭᠴᠢ ᠭᠦᠮᠦᠨ ᠤ ᠦᠯᠢᠬᠡᠷ | ᠯᠢᠨᠳᠦ᠋ᠡᠭ ᠤᠨ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠶᠢᠨ | ᠲᠡᠭᠡᠳᠤ ᠭᠤᠷᠪᠠ ᠶᠢᠨ ᠭᠤᠷᠪᠠ ᠶᠢᠨ ᠰᠤᠷᠤᠭᠴᠢ ᠬᠦᠬᠡᠷᠦᠬᠦᠨ | | | ᠨᠠᠮ᠎ᠡ ᠶᠢ ᠭᠦᠬᠡᠷᠤᠭᠦᠨ ᠬᠡᠳᠡᠭ᠃ ᠡᠵᠢ ᠶᠢᠨ ᠬᠡᠪᠠᠯᠢ ᠳᠤ ᠠᠷᠪᠠᠨ ᠰᠠᠷ᠎ᠠ ᠠᠴᠢᠭᠳᠠᠵᠤ ᠠᠪᠤ ᠶᠢᠨ ᠭᠦᠰᠡᠯ | ᠳᠤ ᠠᠷᠪᠠᠨ ᠰᠠᠷ᠎ᠠ ᠠᠯᠳᠠᠷᠠᠶᠢᠰᠢᠭᠤᠯᠵᠤ ᠂ ᠽᠠᠨᠪᠦᠯᠢᠭ ᠲᠤ ᠰᠠᠶᠢᠨ ᠤ ᠢᠷᠤᠬᠡᠯ ᠲᠤᠭᠳᠠᠭᠠᠵᠤ᠂ ᠰᠠᠷᠠᠨ ᠨᠠᠷᠠᠨ ᠢᠶᠠᠷ | ᠪᠦᠤᠪᠠᠶᠢᠯᠠᠨ ᠡᠩᠭᠦᠷᠠᠶᠢᠯᠠᠵᠤ᠂ ᠡᠬᠡ ᠡᠴᠢᠬᠡ ᠡᠪᠦᠭᠡ ᠡᠮᠡᠭᠡ ᠶᠢᠨ ᠢᠶᠠᠨ ᠬᠠᠶᠢᠷ᠎ᠡ ᠶᠢᠨ ᠲᠤᠷᠭᠠᠨ ᠦᠯᠦᠬᠡᠢ ᠳᠤ | ᠦᠩᠭᠦᠷᠢᠳᠤᠨ᠂ ᠡᠨᠡ ᠬᠤᠷᠸ᠎ᠠ ᠡᠰᠡᠷᠸ᠎ᠠ ᠲᠡᠭᠷᠢ ᠶᠢᠨ ᠢᠶᠠᠨ ᠮᠦᠩᠬᠡ ᠶᠢᠨ ᠠᠭᠠᠷ ᠢ ᠦᠨᠤᠷᠯᠡᠵᠤ᠂ ᠦᠭᠦᠬᠡᠷᠳᠡᠪᠠᠰᠤ | ᠢᠨᠢᠶᠡᠭᠦ ᠪᠠᠷ ᠢᠶᠠᠨ ᠢᠯᠡᠳᠬᠡᠳᠡᠭ᠂ ᠦᠯᠤᠰᠪᠠᠰᠤ ᠤᠬᠢᠯᠠᠬᠤ ᠪᠠᠷ ᠢᠶᠠᠨ ᠠᠶᠤᠯᠭᠠᠳᠠᠭ ᠦᠯᠦᠬᠡᠢ ᠨᠠᠰᠤ ᠪᠠᠨ | ᠦᠩᠬᠡᠷᠡᠬᠡᠵᠤ᠂ ᠨᠠᠭᠤᠷ ᠤᠨ ᠤᠰᠤᠨ ᠤ ᠲᠤᠩᠭᠠᠯᠠᠭ ᠢ ᠠᠮᠳᠠᠯᠠᠵᠤ᠂ ᠮᠤᠷᠢᠨ ᠬᠤᠭᠤᠷ ᠤᠨ ᠡᠬᠡᠰᠢᠭ ᠲᠤ | ᠵᠠᠶᠢᠮᠤᠭᠤᠯᠵᠤ᠂ ᠤᠷᠳᠤ ᠶᠢᠨ ᠲᠠᠭᠤᠤ ᠶᠢᠨ ᠤᠶᠠᠩᠭ᠎ᠠ ᠰᠢᠷᠤᠩᠬᠠᠶᠢᠯᠠᠭᠠ ᠳᠤ ᠲᠠᠶᠢᠪᠤᠰᠢᠷᠡᠵᠤ᠂ ᠦᠰᠴᠤ | ᠲᠦᠷᠦᠭᠰᠡᠨ ᠦᠯᠦᠬᠡᠢ ᠨᠤᠳᠤᠭ — ᠤᠯᠠᠭᠠᠨᠬᠠᠳᠠ ᠬᠤᠳᠠ ᠶᠢᠨ ᠵᠡᠭᠦᠨ ᠪᠠᠭᠠᠷᠢᠨ ᠤ ᠪᠠᠶ᠋ᠬᠠᠭᠤᠯᠠ ᠰᠤᠮᠤ ᠶᠢᠨ | ᠡᠰᠡᠷᠡᠭ ᠨᠤᠳᠤᠭ ᠤᠨ ᠮᠢᠨᠢ ︿︿ᠡᠰᠡᠷᠡᠭ ᠬᠠᠳᠡ﹀﹀ ᠠᠴᠠ ᠡᠬᠢ ᠠᠪᠤᠭᠰᠠᠨ ︿︿ᠰᠢᠪᠠᠭᠳᠤ ᠶᠢᠨ ᠭᠤᠤᠯ﹀﹀ ᠢᠶᠠᠷ | ᠵᠢᠰᠤᠨ ᠢᠶᠠᠨ ᠲᠤᠯᠢᠳᠡᠨ ᠪᠠᠶᠢᠵᠤ᠂ ᠨᠢᠬᠡᠨᠳᠡ ᠠᠷᠪᠠᠨ ᠨᠠᠢᠮᠠᠨ ᠬᠠᠪᠤᠷ ᠨᠠᠮᠤᠷ ᠢ ᠤᠭᠳᠤᠨ ᠠᠪᠴᠢᠷᠠᠯ᠎ᠠ᠃ 1997 | ᠤᠨ ᠤ 1 ᠰᠡᠷ᠎ᠠ ᠶᠢᠨ 1 ᠤ ᠡᠳᠤᠷ ᠮᠠᠯᠴᠢᠨ ᠠᠮᠢᠨᠪᠦ᠋ᠬᠡ᠂ ᠴᠠᠭᠠᠨᠴᠡᠴᠡᠭ ᠬᠤᠶᠠᠷ ᠤᠨ ᠠᠮᠢᠨ ᠬᠠᠶᠢᠷᠠᠳᠤ ᠤᠤᠭᠠᠨ | ᠬᠡᠤᠬᠡᠨ ᠨᠢ ᠪᠤᠯᠵᠤ ᠲᠠᠯᠡᠬᠡᠢ ᠲᠠᠢ ᠨᠢᠭᠤᠷ ᠵᠤᠯᠭᠠᠭᠰᠠᠨ ᠪᠢᠯᠠ᠃ | ᠤᠷᠳᠤ ᠬᠠᠷ᠎ᠠ ᠬᠡᠵᠢᠬᠡ ᠲᠠᠢ᠂ ᠤᠳᠠ ᠶᠢᠨ ᠨᠠᠪᠴᠢᠨ ᠭᠦᠮᠦᠰᠬᠡ ᠲᠠᠢ᠂ ᠪᠤᠨᠳᠤᠭᠤᠷ ᠬᠠᠷ᠎ᠡ ᠬᠠᠴᠠᠷ ᠲᠠᠢ | ᠂ ᠬᠠᠳᠠᠭᠤ ᠲᠤᠭᠰᠢᠨ ᠵᠠᠩ ᠲᠠᠢ᠂ ︿︿ᠢᠮᠠᠭᠠᠨ ᠤᠮᠤᠭ﹀﹀ ᠲᠠᠢ ᠭᠦᠮᠦᠨ ᠪᠣᠯ ᠪᠢ ᠮᠥᠨ᠃ ᠲᠠᠯᠡᠬᠡᠢ ᠳᠤ ᠭᠠᠭᠴᠡ | ᠪᠤᠰᠤᠭ᠎ᠠ ᠪᠠᠷ ᠪᠢᠴᠢᠭᠳᠡᠭᠰᠡᠨ ᠮᠤᠩᠭᠤᠯ ᠬᠡᠯᠡ ᠪᠠᠷ ᠢᠶᠠᠨ ᠰᠤᠷᠴᠤ᠂ ᠲᠤᠯᠤᠭᠠᠳᠠᠢ ᠵᠢᠯ ᠳᠤ ᠪᠠᠨ ᠠᠶᠢᠯ ᠤᠨ ᠢᠶᠠᠨ | ᠠᠩᠬᠠᠨ ᠤ ᠮᠠᠳᠡᠯᠬᠡ ᠶᠢᠨ ᠦᠷᠳᠡᠬᠡᠨ ᠤ ᠡᠭᠦᠳᠡ ᠶᠢ ᠮᠠᠨᠳᠤᠬᠤ ᠨᠠᠷ᠎ᠡ ᠲᠠᠢ ᠬᠠᠮᠳᠤ ᠠᠯᠬᠤᠨ ᠤᠷᠤᠭᠰᠠᠨ ᠪᠢᠯᠠ᠃ | ᠰᠤᠨᠢᠭᠤᠴᠢ ᠰᠡᠳᠬᠢᠯᠬᠡ ᠠᠴᠠ ᠪᠤᠯᠵᠤ ᠰᠤᠷᠭᠠᠭᠤᠯᠢ ᠳᠤ ᠤᠷᠤᠭᠰᠠᠨ ᠡᠳᠤᠷ ᠲᠤ ᠪᠠᠨ ᠬᠢᠴᠢᠶᠡᠯ ᠲᠡᠬᠡᠷ᠎ᠡ ᠠᠩᠬᠠᠷᠴᠤ | ᠰᠤᠨᠤᠰᠬᠤ ᠦᠭᠡᠢ᠂ ᠪᠠᠭᠰᠢ ᠶᠢᠨ ᠶᠠᠷᠢᠭᠰᠡᠨ ᠵᠤᠶᠢᠯᠡᠰ ᠢ ᠵᠡᠭᠦᠨ ᠴᠢᠬᠢ ᠪᠠᠷ ᠢᠶᠠᠨ ᠤᠷᠤᠭᠤᠯᠵᠤ᠂ ᠪᠠᠷᠠᠭᠤᠨ ᠴᠢᠬᠢ | ᠪᠠᠷ ᠢᠶᠠᠨ ᠭᠠᠷᠭᠠᠵᠤ᠂ ᠲᠠᠷᠢᠬᠡᠨ ᠳᠤ ᠮᠠᠨᠢ ᠮᠠᠳᠡᠯᠬᠡ ᠭᠠᠵᠠᠷ ᠠᠪᠤᠭᠰᠠᠨ ᠦᠭᠡᠢ᠃ ᠢᠩᠬᠢᠵᠤ ᠲᠠᠬᠡᠵᠤ ᠪᠠᠶᠢᠭᠠᠳ | 2009 ᠤᠨ ᠤ ᠨᠠᠮᠤᠷ ᠯᠢᠨᠳᠦ᠋ᠩ ᠤᠨ ᠮᠤᠩᠭᠤᠯ ᠲᠤᠮᠳᠠᠳᠤ ᠰᠤᠷᠭᠠᠭᠤᠯᠢ ᠶᠢᠨ ᠠᠯᠳᠠᠨ ᠪᠤᠰᠤᠭ᠎ᠠ ᠶᠢ ᠠᠯᠬᠤᠵᠤ | ᠤᠷᠤᠯ᠎ᠠ᠃ ᠠᠩᠬ᠎ᠠ ᠲᠤᠮᠳᠠᠳᠤ ᠳᠤ ᠤᠷᠤᠭᠰᠠᠨ ᠴᠢᠨᠢ ᠨᠡᠩ ᠤᠯᠠᠨ ᠭᠦᠮᠦᠨ ᠲᠠᠢ ᠲᠠᠨᠢᠯᠴᠡᠵᠤ᠂ ᠨᠠᠩ ᠤᠯᠠᠨ | ᠨᠠᠶᠢᠵᠡ ᠨᠦᠭᠦᠳ ᠲᠠᠢ ᠪᠤᠯᠵᠤ᠂ ᠤᠬᠠᠭᠠᠨ ᠮᠢᠨᠢ ᠨᠡᠮᠡᠭᠳᠡᠵᠤ ᠤᠶᠤᠨ ᠮᠢᠨᠢ ᠨᠡᠬᠡᠬᠡᠭᠳᠡᠪᠠ᠃ ᠢᠩᠬᠢᠬᠡᠳ 2012 | ᠤᠨ ᠤ ᠨᠠᠮᠤᠷ ᠲᠡᠬᠡᠳᠤ ᠲᠤᠮᠳᠠᠳᠤ ᠶᠢᠨ ᠠᠩᠬᠠᠨ ᠤ ᠮᠦᠴᠡ ᠪᠠᠨ ᠡᠷᠭᠦᠨ ᠠᠪᠤᠭᠰᠠᠨ ᠶᠤᠮ᠃ | ᠶᠠᠷᠤ ᠨᠢ ᠭᠠ᠊᠂ ᠰᠢᠷᠠᠪᠵᠠᠮᠰᠤ ᠪᠠᠭᠰᠢ ᠶᠢᠨ ᠨᠤᠳᠤᠭ ᠲᠤ ᠲᠦᠷᠤᠵᠤ ᠦᠰᠦᠭᠰᠡᠨ ᠤᠨ ᠤᠴᠢᠷ ᠶᠤᠮ ᠤᠤ | ᠪᠤᠤ ᠮᠠᠳᠡ︕ ᠬᠠᠷᠠᠬᠠᠨ ᠪᠠᠭ᠎ᠠ ᠠᠴᠠ ᠪᠠᠨ ᠰᠢᠯᠦᠭ ᠵᠤᠬᠢᠶᠡᠯ ᠳᠤ ᠤᠨᠴᠡ ᠶᠢᠨ ᠪᠠᠭ᠋ᠠᠳᠠᠢ ᠪᠠᠶᠢᠳᠠᠭ ᠪᠠᠷ ᠢᠶᠠᠨ | ᠪᠠᠭ᠎ᠠ ᠰᠤᠷᠭᠠᠭᠤᠯᠢ ᠳᠤ ᠪᠠᠨ ᠰᠤᠨᠢᠨ ᠤ ᠳ᠋ᠤᠭᠠᠷ ᠲᠤ ︿︿ᠱᠤᠭ ᠡ︕ ᠱᠤᠭ﹀﹀ ᠬᠡᠰᠡᠨ ᠵᠤᠬᠢᠶᠡᠯ ᠢᠶᠠᠨ ᠠᠩᠬ᠎ᠠ | ᠨᠡᠶᠢᠳᠡᠯᠡᠬᠦᠯᠵᠤ᠂ ᠵᠤᠬᠢᠶᠡᠯ ᠪᠢᠴᠢᠭᠦ ᠠᠩᠬᠠᠨ ᠤ ᠠᠯᠬᠤᠮ ᠢᠶᠠᠨ ᠡᠯᠭᠦᠭᠰᠡᠨ ᠪᠢᠯᠡ᠃ ᠲᠠᠬᠡᠪᠠᠯ ᠦᠨᠤᠳᠤᠷ ᠤᠨ ᠡᠨᠡ | ᠰᠠᠶᠢᠬᠠᠨ ᠲᠠᠰᠢᠷᠡᠮ ᠪᠠᠷ ᠲᠠ ᠪᠦᠭᠦᠨ ᠳᠤ ᠪᠠᠨ ᠪᠢ ︿︿ᠮᠢᠨᠤ ᠢᠢᠮᠤ ᠨᠢᠬᠡᠨ ᠰᠤᠷᠤᠭᠴᠢ ᠭᠦᠮᠦᠨ﹀﹀ ᠬᠡᠳᠡᠭ | ᠵᠤᠬᠢᠶᠡᠯ ᠢᠶᠠᠨ ᠡᠷᠭᠦᠮᠠᠷ ᠪᠠᠶᠢᠨ᠎ᠠ᠂ ᠲᠠᠭᠠᠯᠠᠬᠤ ᠪᠤᠯᠪᠠᠤ︖ | ᠮᠤᠷᠢ ᠪᠠᠷ ᠲᠤᠭᠤᠯᠬᠤ ᠲᠠᠯ᠎ᠠ ᠳᠤ ᠪᠠᠨ ᠪᠦᠳᠤᠷᠢᠵᠤ ᠦᠵᠡᠭᠡ ᠦᠭᠡᠢ ᠮᠤᠩᠭᠤᠯ ᠢᠶᠠᠷ ᠲᠠᠭᠤᠯᠠᠬᠤ ᠦᠶ᠎ᠡ ᠳᠤ ᠪᠠᠨ | ᠬᠡᠯᠡ ᠴᠤᠯᠴᠢᠷᠠᠵᠤ ᠶᠠᠪᠤᠭ᠎ᠠ ᠦᠭᠡᠢ ᠮᠦᠩᠬᠡ ᠲᠡᠭᠷᠢ ᠳᠤ ᠲᠠᠭᠠᠳᠬᠠᠭᠰᠠᠨ ᠡᠩᠬᠡ ᠴᠠᠭᠠᠨ ᠰᠦᠵᠢᠭ ᠲᠠᠢ᠂ ᠮᠦᠰᠤᠨ | ᠲᠠᠯᠠᠢ ᠶᠢ ᠬᠠᠶᠢᠯᠤᠭᠤᠯᠤᠭᠰᠠᠨ ᠴᠠᠰᠤᠨ ᠴᠠᠭᠠᠨ ᠲᠤᠮᠤᠭ ᠲᠠᠢ᠂ ᠡᠬᠡ ᠤᠷᠤᠨ ᠬᠡᠳᠡᠭ ᠦᠨᠢᠷ ᠲᠤᠯᠠᠭᠠᠨ ᠬᠡᠷ ᠪᠦᠯᠢ | ᠳᠤ ᠢᠢᠮᠤ ᠮᠤᠩᠭᠤᠯ ᠠᠶᠢᠯ ᠪᠠᠶᠢᠳᠠᠭ ᠶᠤᠮ ᠡ᠃ ᠡᠨᠡ ᠠᠶᠢᠯ ᠪᠣᠯ ᠲᠠᠷᠤᠢ ᠮᠢᠨᠤ ᠦᠰᠴᠤ ᠲᠦᠷᠦᠭᠰᠡᠨ ᠬᠡᠷ | ᠤᠷᠤᠨ — ᠡᠰᠡᠷᠡᠭ ᠤᠨ ᠠᠶᠢᠯ ᠪᠤᠯᠤᠨ᠎ᠠ᠃ | ᠲᠠᠯ᠎ᠠ ᠬᠡᠬᠡᠷ᠎ᠡ ᠶᠢᠨ ᠨᠠᠮᠬᠠᠨ ᠪᠤᠷᠤ ᠠᠭᠤᠯᠠᠰ᠂ ᠠᠭᠤᠵᠢᠮ ᠭᠦᠨᠳᠠᠢ ᠠᠮᠤᠭᠤᠯᠠᠩ ᠨᠤᠶᠢᠷ ᠠᠴᠠ ᠪᠠᠨ | ᠰᠡᠷᠭᠦᠨ᠂ ᠠᠭᠠᠷ ᠲᠤ ᠮᠠᠨᠳᠤᠬᠤ ᠠᠯᠳᠠᠨ ᠨᠠᠷᠠ ᠪᠠᠨ ᠲᠤᠰᠬᠤ ᠳᠤ ᠪᠠᠯᠡᠨ ᠮᠠᠨᠳᠤ ᠨᠠᠯᠠᠶᠢᠭᠠᠳ᠂ ᠦᠷᠯᠤᠬᠡ ᠶᠢᠨ | ᠲᠤᠩᠭᠠᠯᠠᠭ ᠰᠢᠩᠬᠡᠨ ᠠᠭᠠᠷ ᠴᠢᠬᠢᠭ ᠲᠠᠭᠠᠭᠠᠨ ᠰᠡᠩᠬᠢᠨᠡᠬᠡᠳ ᠶᠠᠭᠤᠳᠠᠢ ᠲᠠᠩᠰᠤᠭ᠂ ᠶᠠᠭᠤᠳᠠᠢ ᠢᠪᠡᠬᠡᠯ ᠲᠠᠢ ᠪᠤᠢ︕ | ᠡᠨᠡ ᠦᠷᠯᠤᠬᠡ ᠪᠢ ᠮᠠᠨᠳᠤᠬᠤ ᠨᠠᠷᠠ ᠲᠠᠢ ᠤᠷᠤᠯᠳᠤᠨ ᠪᠤᠰᠴᠤ᠂ ᠠᠷᠠᠳ ᠤᠨ ᠰᠤᠷᠭᠠᠭᠤᠯᠢ ᠶᠢᠨ ᠠᠯᠳᠠᠨ | ᠪᠤᠱᠤᠭ᠎ᠠ ᠶᠢ ᠠᠯᠬᠤᠵᠤ ᠤᠷᠤᠯ᠎ᠠ᠃ | ᠵᠠ ᠶᠡᠷᠤ ᠨᠢ᠂ ᠤᠳᠤ ᠦᠪᠠᠷ ᠤᠨ ᠦᠯᠢᠬᠡᠷ ᠢᠶᠠᠨ ᠡᠬᠢᠨ ᠠᠴᠠ ᠨᠢ ᠶᠠᠷᠢᠶ᠎ᠡ︕ ᠰᠤᠷᠤᠯᠭ᠎ᠠ ᠶᠢᠨ | ᠠᠮᠢᠳᠤᠷᠠᠯ ᠳᠤ ᠪᠠᠶ᠎ᠡ ᠪᠠᠷ ᠢᠶᠠᠨ ᠦᠩᠬᠡᠷᠡᠭᠦᠯᠦᠭᠰᠡᠨ ᠢᠶᠠᠨ ᠯᠡ ᠶᠠᠷᠢᠶ᠎ᠡ ᠳ᠋ᠠ︕ ᠠᠪᠤ ᠡᠵᠢ ᠨᠠᠮ᠎ᠡ ᠶᠢ ᠲᠤᠯᠤᠭᠠᠳᠠᠢ | ᠪᠠᠶᠢᠬᠤ ᠳᠤ ᠪᠦᠷ᠄ ︽ᠴᠢᠨᠤ ᠤᠪᠤᠷᠳᠤᠭᠠᠳ ᠶᠡᠭᠡ ᠭᠦᠮᠦᠨ ᠰᠢᠭ ᠲᠠᠯᠠᠨ ᠦᠬᠡ ᠲᠡᠯᠬᠡᠵᠤ ᠲᠡᠬᠢᠮ ᠭᠠᠷᠭᠠᠵᠤ | ᠪᠠᠶᠢᠬᠤ ᠶᠢ ᠨᠢ ᠦᠵᠡᠭᠦ ᠦᠭᠡᠢ ᠤᠤ ᠁ ᠶᠡᠭᠡ ᠭᠦᠮᠤᠨ ᠤ ᠠᠮᠠ ᠶᠢ ᠴᠢᠩᠨᠠᠭᠠᠳ ᠶᠠᠭᠠᠬᠢᠬᠤ ᠶᠤᠮ︖ ᠭᠠᠷ︕ | ᠠᠷᠭᠠᠯ ᠲᠦᠯᠡᠭᠡ ᠦᠢᠷᠠᠳᠤᠭᠤᠯ︕︾ ᠡᠨᠡ ᠲᠡᠷᠡ ᠬᠡᠵᠤ ᠠᠭᠠᠰᠢᠯᠠᠳᠠᠭ᠃ ᠪᠢ ᠦᠯᠢᠬᠡᠷ ᠰᠤᠨᠤᠰᠬᠤ ᠦᠨᠡᠬᠡᠷ | ᠪᠠᠭ᠋ᠠᠳᠠᠢ᠂ ᠨᠡᠮᠡ ᠶᠢ ᠤᠯᠠᠨ ᠤᠳᠠᠭ᠎ᠠ ᠰᠠᠶᠢᠬᠠᠨ ᠦᠯᠢᠬᠡᠷ ᠰᠤᠨᠢᠨ ᠶᠠᠪᠤᠳᠠᠯ ᠰᠤᠨᠤᠰᠴᠤ ᠪᠠᠶᠢᠬᠤ ᠳᠤ ᠠᠪᠤ ᠡᠵᠢ | ᠲᠠᠯᠢᠭᠦᠨ ᠴᠢᠷᠠᠢ ᠪᠠᠨ ᠲᠠᠯᠪᠡ ᠲᠠᠯᠪᠢᠵᠤ ᠪᠠᠶᠢᠭᠠᠳ ᠴᠢᠬᠢ ᠠᠴᠠ ᠲᠠᠯᠳᠡᠶᠢᠳᠡᠯᠠ ᠴᠢᠩᠭᠠᠭᠠᠵᠤ ᠪᠠᠶᠢᠭᠠᠳ ᠭᠦᠬᠡᠬᠡᠵᠤ | ᠭᠠᠷᠭᠠᠳᠠᠭ ᠰᠠᠨ᠂ ᠬᠡᠪᠡᠴᠤ ᠮᠢᠨᠤ ᠴᠡᠬᠡᠵᠢ ᠰᠠᠶᠢᠨ᠂ ᠰᠤᠨᠤᠰᠤᠭᠠᠳ ᠪᠤᠶᠤ ᠦᠵᠡᠭᠰᠡᠨ ᠦᠯᠢᠬᠡᠷ᠂ ᠦᠢᠯᠡ ᠶᠠᠪᠤᠳᠠᠯ | ᠤᠳ ᠢᠶᠠᠨ ᠵᠢᠭᠠᠬᠠᠨ ᠴᠦ ᠬᠡᠬᠡᠭᠳᠡᠬᠦᠯᠬᠦ ᠦᠭᠡᠢ ᠰᠤᠨᠤᠰᠬᠤ ᠲᠤᠷᠠᠳᠠᠢ ᠨᠦᠭᠦᠳ ᠲᠤ ᠪᠠᠨ ᠬᠡᠯᠡᠵᠤ ᠦᠭᠳᠡᠭ᠃ | ᠨᠡᠮᠡ ᠶᠢ ᠲᠦᠷᠪᠠᠳᠤᠬᠡᠷ ᠤᠨ ᠪᠠᠶᠢᠬᠤ ᠳᠤ ᠰᠤᠨᠢᠨ ᠤ ᠳ᠋ᠤᠭᠠᠷ ᠲᠤ ᠮᠢᠨᠤ ᠵᠤᠬᠢᠶᠡᠯ ᠨᠡᠶᠢᠳᠡᠯᠡᠭᠳᠡᠬᠡᠳ ᠬᠡᠨᠡᠳᠳᠡ | ᠵᠤᠬᠢᠶᠠᠯᠴᠢ ᠪᠤᠯᠭᠠᠴᠢᠬᠠᠭᠰᠠᠨ ᠬᠡᠯᠡ ᠪᠢᠴᠢᠭ ᠤᠨ ᠪᠠᠭᠰᠢ ᠶᠢᠨ ᠠᠮᠠᠨ ᠱᠠᠩ ᠢ ᠭᠦᠷᠳᠡᠵᠤ ᠶᠠᠪᠤᠭᠰᠠᠨ ᠤᠳᠠᠭ᠎ᠠ ᠲᠠᠢ᠃ | | ᠮᠢᠨᠤ ᠤᠤᠯ ᠨᠠᠷ᠎ᠡ ᠨᠠᠬᠢᠶ᠎ᠡ᠂ ᠬᠤᠴᠢ ᠨᠠᠷ᠎ᠡ ︽ᠬᠠᠷ᠎ᠡ ᠦᠬᠢᠨ︾᠂ ᠪᠤᠰᠤᠳ ᠭᠦᠮᠦᠨ ︽ᠲᠠᠪᠤᠨ ᠰᠠᠶᠢᠨᠳᠠᠢ | ᠰᠤᠷᠤᠭᠴᠢ︾ ᠪᠠᠶᠢᠬᠤ ᠳᠤ ᠪᠢ ᠬᠠᠷᠢᠨ ︽ᠲᠠᠪᠤᠨ ᠲᠤᠳᠠᠭᠳᠠᠯ ᠲᠠᠢ ᠰᠤᠷᠤᠭᠴᠢ︾ ᠪᠠᠶᠢᠵᠠᠢ᠂ ᠬᠠᠮᠠᠷ ᠲᠤᠪᠤᠭᠤᠷ᠂ | ᠬᠠᠴᠠᠷ ᠲᠦᠨᠳᠤᠬᠡᠷ᠂ ᠬᠠᠳᠠᠭᠤ ᠲᠤᠭᠰᠢᠨ ︽ᠢᠮᠠᠭᠠᠨ ᠤᠮᠤᠭ︾ ᠲᠠᠢ᠂ ᠮᠠᠷᠢᠶᠠᠯᠢᠭ ᠲᠦᠷᠦᠭᠰᠡᠨ ᠬᠠᠷ᠎ᠡ ᠦᠬᠢᠨ᠂ | ᠨᠠᠩ ᠴᠢᠬᠤᠯᠠ ᠨᠢ ᠲᠤᠭ᠎ᠠ ᠰᠤᠷᠳᠠᠭ ᠦᠭᠡᠢ ᠬᠠᠴᠢᠨ ᠭᠠᠶᠢᠬᠠᠯ︕ ᠬᠡᠳᠤᠶᠢᠪᠠᠷ ᠲᠤᠭ᠎ᠠ ᠰᠤᠷᠤᠨ᠎ᠠ ᠬᠡᠵᠤ ᠬᠡᠳᠤ | ᠤᠳᠠᠭ᠎ᠠ ᠵᠤᠷᠢᠭ ᠰᠢᠭᠤᠳᠤᠭᠰᠠᠨ ᠪᠤᠯᠪᠠᠴᠤ ᠡᠴᠤᠰ ᠤᠨ ᠡᠴᠤᠰ ᠲᠤ ᠪᠠᠨ ᠪᠠᠰᠠ ᠯᠡ ︽ᠵᠢᠷᠤᠭᠰᠠᠨ ᠪᠤᠭᠤᠷᠰᠤᠭ︾ | ᠪᠤᠯᠤᠯ᠎ᠠ ᠳ᠋ᠠ︕ ᠤᠳᠠᠭ᠎ᠠ ᠪᠤᠯᠭᠠᠨ ᠤ ᠲᠤᠭᠠᠨ ᠤ ᠰᠢᠯᠭᠠᠯᠳᠠ ᠳᠤ ᠪᠢ ᠭᠠᠩ ᠵᠢᠯ ᠤᠨ ᠬᠤᠷᠢᠶᠠᠯᠳᠡ ᠰᠢᠭ᠋ ᠲᠤᠩ | ᠮᠠᠭᠤ ᠬᠢᠷᠢ ᠪᠦᠳᠦᠮᠵᠢ ᠤᠯᠳᠠᠭ᠃ ᠮᠢᠨᠤ ᠰᠢᠷᠡᠬᠡᠨ ᠨᠠᠶᠢᠵᠡ ᠠᠰᠬᠠᠨ ᠬᠡᠵᠤ ᠶᠤᠰᠤᠳᠠᠢ ᠱᠤᠭᠳᠠᠢ ᠴᠦ ᠮᠦᠷᠳᠡᠬᠡᠨ | ᠠᠭᠤᠷ ᠤᠮᠤᠭ ᠢ ᠴᠤ ᠶᠡᠭᠡ ᠭᠦᠷᠬᠡᠳᠡᠭ ᠭᠦᠮᠦᠨ ᠪᠠᠶᠢᠭᠰᠠᠨ᠃ ᠪᠢ ᠲᠡᠭᠦᠨ ᠲᠠᠢ ᠰᠢᠷᠡᠭᠡ ᠪᠤᠯᠢᠶᠠᠯᠴᠡᠵᠤ | ᠪᠢᠴᠢᠭ ᠤᠨ ᠰᠢᠷᠡᠬᠡᠨ ᠳᠤ ᠪᠠᠨ ︽ᠬᠢᠯᠢ ᠶᠢᠨ ᠵᠠᠭᠠᠭ︾ ᠲᠠᠳᠡᠵᠤ᠂ ᠴᠢ ᠪᠢ ᠦᠭᠡᠢ ᠲᠠᠳᠠᠯᠴᠠᠬᠤ ᠳᠤ ᠲᠡᠷᠡ | ᠬᠡᠨᠡᠳᠳᠡ᠄ ︽ᠬᠡᠩ︕ ᠬᠤᠤᠷ ᠢᠷᠸ᠎ᠠ ᠲᠠᠢ ᠬᠠᠷ᠎ᠡ ᠭᠦᠭᠰᠢᠨ︕︾ ᠬᠡᠵᠤ ᠪᠠᠷᠬᠢᠷᠠᠭᠰᠠᠨ ᠳᠤ ᠪᠦᠭᠦ ᠠᠩᠬᠢ ᠶᠢᠨ | ᠨᠦᠭᠦᠳ ᠲᠦᠷᠬᠢᠳᠡᠯᠠ ᠢᠨᠢᠶᠡᠯᠳᠤᠪᠠ᠃ ᠲᠠᠷᠡ ᠨᠢᠭᠤᠷ ᠢ ᠪᠠᠷᠠᠭᠰᠠᠨ ᠬᠡᠵᠤ ᠡ︕ ᠡᠩ ᠤᠨ ᠴᠠᠭ ᠲᠤ | ᠤᠯᠠᠶᠢᠭᠠᠳ ᠪᠠᠰᠠ ᠮᠡᠳᠡᠭᠳᠡᠳᠡᠭ ᠦᠭᠡᠢ ᠮᠢᠨᠤ ᠬᠠᠴᠠᠷ ᠭᠦᠵᠤᠭᠦᠨ ᠳᠡᠭᠡᠨ ᠲᠤᠯᠳᠠᠯ᠎ᠠ ᠨᠢᠯᠴᠢᠬᠢᠨᠡᠵᠤ ᠪᠠᠶᠢᠯ᠎ᠠ᠃ | ᠢᠩᠬᠢᠭᠰᠡᠨ ᠠᠴᠠ ᠰᠡᠭᠦᠯᠡᠷ ︽ᠬᠠᠷ᠎ᠡ ᠦᠬᠢᠨ︾ ᠬᠡᠵᠤ ᠲᠠᠭᠤᠳᠠᠭᠳᠠᠬᠤ ᠪᠤᠯᠪᠠ᠃ ᠪᠢ ᠴᠢᠨᠢ ᠶᠠᠷᠤ ᠠᠴᠠ ᠢᠳᠡᠯ᠎ᠡ | ᠬᠡᠪᠠᠯ ᠢᠨᠢᠶᠡᠴᠢᠬᠡᠳᠡᠭ᠂ ᠴᠠᠳᠤᠯ᠎ᠠ ᠬᠡᠪᠠᠯ ᠴᠠᠮᠨᠠᠴᠢᠬᠠᠳᠠᠭ᠂ ᠦᠯᠤᠰᠤᠯᠠ ᠯᠡ ᠬᠡᠪᠠᠯ ᠦᠯᠪᠠᠷᠴᠢᠬᠡᠳᠡᠭ ᠭᠦᠮᠦᠨ | ᠬᠤᠶᠢᠨ᠎ᠠ ᠠᠰᠬᠠᠨ ᠳᠤ ᠭᠤᠤᠯ ᠦᠭᠡᠢ ᠭᠤᠮᠤᠳᠠᠵᠤ ᠶᠠᠰᠤᠨ ᠳᠤ ᠪᠠᠨ ᠤᠷᠤᠳᠠᠯ᠎ᠠ ᠬᠤᠷᠤᠰᠤᠭᠰᠠᠨ ᠪᠢᠯᠠ᠃ ᠮᠠᠭᠤ | ᠶᠠᠭᠤᠮ᠎ᠠ ᠡᠳᠤᠵᠤ ᠡᠨᠡ ︽ᠴᠤᠯᠠ︾ ᠪᠠᠷ ᠨᠠᠮ᠎ᠡ ᠶᠢ ᠠᠩᠬ᠎ᠠ ᠲᠠᠭᠤᠳᠠᠭᠰᠠᠨ ᠲᠡᠷᠡ ᠡᠳᠤᠷ ᠪᠢ ᠠᠰᠬᠠᠨ ᠳᠤ ᠠᠭᠠᠭ | ᠲᠠᠢ ᠪᠤᠤᠪᠦ ᠨᠢᠬᠡ ᠠᠮᠳᠠᠯᠠᠭᠤᠯᠵᠤ ᠪᠢᠯᠠ᠃ ᠬᠡᠭᠦ ᠳᠤ ᠮᠢᠨᠤ ᠲᠠᠷᠡ ᠡᠰᠡᠷᠭᠦᠴᠡᠯ ᠲᠠᠷᠤᠩᠭᠤᠶᠢᠯᠠᠯ ᠬᠡᠳᠡᠷᠭᠦ ᠮᠠᠭᠤ | ᠦᠢᠯᠡᠳᠤᠯ ᠦᠵᠡᠭᠦᠯᠦᠭᠰᠡᠨ ᠴᠦ ᠪᠤᠯᠪᠠ ᠤᠤ᠂ ᠤᠯᠠᠨ ᠪᠠᠷ ᠢᠶᠠᠨ ᠲᠧᠯᠸᠢᠰ ᠤᠨ ᠵᠠᠷ ᠦᠵᠡᠭᠰᠡᠨ ᠠᠴᠠ ᠢᠯᠡᠭᠦᠤ | ᠴᠡᠬᠡᠵᠢᠯᠡᠬᠡᠳ ᠭᠠᠭᠴᠠᠬᠠᠨ ᠮᠢᠨᠦ᠋ᠲ ᠤᠨ ᠲᠤᠳᠤᠷ᠎ᠠ ᠯᠡ ᠰᠤᠷᠭᠠᠭᠤᠯᠢ ᠶᠢᠨ ᠭᠦᠷᠢᠶ᠎ᠡ ᠲᠠᠷᠬᠠᠭᠠᠳ ᠱᠤᠤᠬᠢᠴᠢᠬᠠᠯᠠ᠃ | ᠲᠠᠷᠡ ᠦᠶ᠎ᠡ ᠳᠤ ᠪᠢ ᠢᠴᠢᠵᠤ ᠠᠭᠤᠷᠯᠠᠭᠠᠳ ᠡᠨᠡ ︽ᠴᠤᠯᠠ︾ ᠶᠢ ᠪᠠᠶ᠎ᠠ ᠳᠤ ᠪᠠᠨ ᠨᠠᠭᠠᠯᠳᠤᠭᠤᠯᠬᠤ ᠦᠭᠡᠢ | ᠬᠡᠵᠤ ᠶᠡᠭᠡ ᠤᠷᠤᠯᠳᠤᠭᠰᠠᠨ᠃ ᠠᠭᠤᠷᠯᠠᠯ᠎ᠠ᠂ ᠤᠬᠢᠯᠠᠯ᠎ᠠ᠂ ᠵᠠᠪᠰᠠᠷ ᠢᠶᠠᠷ ᠨᠢ ᠪᠠᠰᠠ ᠭᠤᠶᠤᠵᠤ ᠦᠵᠡᠯ᠎ᠡ᠂ ᠪᠦᠷ | ᠲᠤᠰᠠ ᠪᠤᠯᠤᠭᠰᠠᠨ ᠦᠭᠡᠢ ᠳ᠋ᠠ︕ ᠬᠠᠷᠠᠰᠠᠯᠳᠠᠢ ᠬᠡᠳᠡᠭ ᠨᠢ ᠬᠡᠷᠡᠭ ᠡ ᠬᠡᠷᠡᠭ᠃ ᠦᠭᠡᠢ ᠶᠠᠷᠤ ᠨᠢ ᠠᠰᠬᠠᠨ ᠬᠡᠳᠡᠭ | ᠴᠢᠨᠢ ᠵᠠᠷᠢᠮ ᠳᠤ ᠪᠠᠨ ᠮᠠᠯᠡᠬᠡᠢ ᠬᠤᠪᠢᠯᠤᠭᠠᠳ ᠲᠦᠷᠪᠠᠨ ᠮᠦᠴᠢᠯᠡᠵᠤ ᠦᠰᠤᠷᠤᠨᠠ᠂ ᠬᠠᠶᠠ ᠵᠠᠷᠢᠮ ᠳᠤ ᠪᠠᠨ ︽ | ᠶᠡᠭᠡ ᠬᠠᠮᠠᠷᠳᠤ︾ ᠵᠠᠭᠠᠨ ᠪᠤᠯᠴᠢᠬᠠᠭᠠᠳ ᠬᠤᠶᠢᠨ᠎ᠠ ᠢᠨᠢᠶᠡᠳᠤᠮ ᠱᠤᠭ ᠤᠨ ᠬᠤᠭᠤᠷᠤᠨᠳᠤ ᠪᠢ ᠴᠦ ᠲᠠᠰᠬᠡᠯ ᠦᠭᠡᠢ | ᠢᠨᠢᠶᠡᠬᠡᠳ ᠭᠠᠷᠤᠨ᠎ᠠ᠃ ᠨᠠᠷ᠎ᠡ ᠬᠡᠳᠡᠭ ᠴᠢᠨᠢ ᠲᠠᠭᠤᠳᠠᠭᠠᠳ ᠲᠠᠰᠴᠢᠬᠠᠪᠠᠯ ᠲᠦᠵᠢᠷᠴᠢᠬᠡᠭᠦ ᠶᠤᠮ ᠪᠠᠶᠢᠨ᠎ᠠ᠃ ᠤᠳᠤ | ᠮᠢᠨᠤ ᠨᠠᠷ᠎ᠡ ᠶᠢ ᠬᠢᠴᠢᠶᠡᠯ ᠲᠡᠬᠡᠷ᠎ᠡ ᠪᠠᠭᠰᠢ ᠨᠢᠬᠡ ᠬᠡᠷᠡᠭᠯᠡᠨ᠎ᠡ᠂ ᠬᠡᠷ ᠲᠤ ᠬᠠᠷᠢᠪᠠᠯ ᠠᠪᠤ ᠡᠵᠢ᠂ ᠬᠤᠳᠠ ᠠᠶᠢᠯ ᠤᠳ | ᠨᠢᠬᠡ ᠬᠡᠷᠡᠭᠯᠡᠨ᠎ᠡ᠃ ᠰᠤᠷᠭᠠᠭᠤᠯᠢ ᠳᠤ ᠶᠠᠷᠤ ᠶᠢᠨ ᠦᠶ᠎ᠡ ᠳᠤ ᠪᠦᠷ ᠯᠡ ︽ᠬᠠᠷ᠎ᠡ ᠦᠬᠢᠨ︾ ᠬᠡᠵᠤ ᠲᠠᠭᠤᠳᠠᠳᠠᠭ᠃ | ᠬᠡᠪᠡᠴᠤ ᠤᠳᠤ ᠬᠠᠷᠢᠨ ᠠᠮᠠᠨ ᠤ ᠠᠮᠠᠷ ᠢᠶᠠᠨ ᠪᠤᠳᠤᠭᠰᠠᠨ ᠴᠦ ᠶᠤᠮ ᠤᠤ ᠪᠤᠤ ᠮᠠᠳᠡ᠂ ᠰᠢᠭᠤᠳ ᠯᠡ ︽ᠬᠠᠷ᠎ᠡ︾ | ᠬᠡᠳ ᠠᠪᠤᠴᠢᠬᠠᠨᠠ᠃ ᠰᠡᠭᠦᠯᠳᠡᠵᠤ ᠢᠷᠡᠬᠡᠳ ᠪᠢ ᠦᠪᠠᠰᠤᠪᠠᠨ ᠴᠦ ᠲᠦᠵᠢᠷᠡᠬᠡᠳ ᠦᠬᠡᠷ᠎ᠡ ᠭᠦᠮᠦᠰ ᠴᠤᠯᠠ ᠪᠠᠷ | ᠲᠠᠭᠤᠳᠠᠬᠤ ᠳᠤ ᠰᠠᠨᠠᠮᠰᠠᠷ ᠦᠭᠡᠢ ︽ᠵᠠ︕︾ ᠬᠡᠳ ᠬᠠᠷᠢᠭᠤ ᠲᠤᠤᠭᠠᠷᠬᠤ ᠪᠤᠯᠤᠭᠰᠠᠨ︕ ᠬᠡᠪᠡᠴᠤ ᠲᠤᠳᠤᠷ᠎ᠡ | ᠶᠠᠷᠤ ᠨᠢ ᠡᠪ ᠦᠭᠡᠢ ᠰᠠᠨᠠᠭᠳᠠᠭᠠᠳ ᠪᠠᠶᠢᠳᠠᠭ ᠪᠤᠯᠬᠤᠷ ᠭᠠᠭᠴᠠᠭᠠᠷ ᠢᠶᠠᠨ ᠪᠠᠶᠢᠬᠤ ᠴᠠᠭ ᠨᠢᠭᠤᠵᠤ ᠪᠠᠶᠢᠭᠠᠳ | ᠤᠬᠢᠯᠡᠵᠤ ᠴᠦ ᠦᠩᠬᠡᠷᠡᠭᠰᠡᠨ ᠤᠳᠠᠭ᠎ᠠ ᠲᠠᠢ᠃ | ᠬᠡᠪᠡᠴᠤ ᠤᠳᠤ ᠮᠠᠭᠤ ᠨᠠᠷ᠎ᠡ ᠮᠤᠨᠳᠠᠭ ᠴᠤᠯᠠ ᠠᠴᠠ ᠨᠠᠩ ᠬᠡᠴᠡᠭᠦᠤ ᠶᠠᠪᠤᠳᠠᠯ ᠨᠠᠮ᠎ᠡ ᠶᠢ ᠰᠢᠨᠠᠯᠭᠠᠵᠤ | ᠪᠤᠳᠤᠯ ᠰᠡᠳᠬᠢᠯ ᠪᠦᠷ ᠠᠰᠳᠠᠭᠠᠨ ᠪᠤᠯᠤᠭᠠᠳ ᠤᠬᠢᠯᠡᠵᠤ ᠤᠨᠵᠢᠭᠠᠳ ᠶᠠᠪᠤᠵᠤ ᠪᠠᠶᠢᠨ᠎ᠠ᠃ ᠡᠵᠢ ᠶᠢᠨ ᠭᠠᠷ ᠮᠠᠭᠤ᠂ | ᠠᠵᠢᠯ ᠭᠦᠳᠡᠯᠮᠤᠷᠢ ᠬᠢᠭᠦ ᠳᠤ ᠪᠠᠰᠠ ᠵᠦᠭ ᠦᠭᠡᠢ ᠮᠠᠭᠤ ᠨᠦᠯᠦᠬᠡ ᠠᠪᠴᠢᠷᠠᠳᠠᠭ᠂ ᠪᠤᠷᠤᠭᠠᠨ ᠤᠰᠤ ᠲᠠᠢ ᠡᠳᠤᠷ | ᠮᠠᠭᠤᠬᠠᠢ ᠬᠠᠷᠰᠢ ᠡᠳᠤᠷ ᠪᠤᠯᠤᠭᠰᠠᠭᠠᠷ ᠯᠡ ᠡᠵᠢ ᠶᠢᠨ ᠮᠢᠨᠢ ᠬᠤᠷᠤᠭᠤ ᠨᠢ ᠡᠪᠠᠳᠤᠬᠡᠳ ᠰᠦᠷᠡᠬᠡᠢ ᠶᠡᠭᠡ ᠰᠢᠨᠠᠯᠵᠤ | ᠵᠤᠪᠠᠨ᠎ᠠ᠃ ᠡᠨᠡ ᠬᠡᠷ ᠤᠨ ᠠᠮᠢᠳᠤᠷᠠᠯ ᠵᠦᠪᠬᠡᠨ ᠠᠪᠤ ᠶᠢᠨ ᠭᠦᠴᠤ ᠪᠠᠷ ᠯᠡ ᠶᠠᠪᠤᠵᠤ ᠪᠠᠶᠢᠨ᠎ᠠ᠃ ᠬᠡᠷ ᠲᠤ ᠵᠤᠭᠤᠰ | ᠪᠠᠶᠢᠬᠤ ᠦᠭᠡᠢ᠂ ᠠᠪᠤ ᠪᠠᠨ ᠪᠢ ᠦᠷᠤ ᠡᠪᠠᠳᠤᠨᠠ᠂ ᠮᠢᠨᠤ ᠰᠤᠷᠤᠯᠭ᠎ᠠ ᠶᠢᠨ ᠵᠠᠷᠤᠳᠠᠯ ᠢ ᠠᠷᠭᠠᠯᠠᠵᠤ ᠲᠠᠶᠢᠯᠭᠦ | ᠦᠭᠡᠢ ᠠᠴᠠ ᠠᠶᠤᠭᠠᠳ ᠪᠢ ᠰᠤᠷᠭᠠᠭᠤᠯᠢ ᠵᠤᠭᠰᠤᠨ᠎ᠠ ᠬᠡᠰᠡᠨ ᠪᠤᠳᠤᠯ ᠡᠪᠤᠷᠯᠡᠵᠤ ᠬᠡᠷ ᠦᠬᠡᠳᠡ ᠪᠠᠨ ᠬᠠᠷᠢᠭᠰᠠᠨ | ᠤᠳᠠᠭ᠎ᠠ ᠲᠠᠢ᠃ ᠡᠨᠡ ᠤᠴᠢᠷ ᠢ ᠪᠢ ᠬᠡᠨ ᠳᠤ ᠴᠦ ᠲᠤᠤᠭᠠᠷᠤᠭᠰᠠᠨ ᠦᠭᠡᠢ᠂ ᠰᠡᠳᠬᠢᠯ ᠳᠤ ᠪᠠᠨ ᠲᠠᠷᠤᠵᠤ ᠶᠠᠪᠤᠯ᠎ᠠ | ᠃ ᠪᠢ ᠲᠤᠷᠠᠳᠠᠢ ᠲᠠᠢ ᠳᠤ ᠪᠠᠨ ᠪᠢᠰᠢ ᠰᠢᠤ᠃ ᠠᠷᠭ᠎ᠠ ᠦᠭᠡᠢ ᠯᠡ ᠲᠠᠷᠬᠡᠨ ᠳᠤ ᠰᠠᠭᠤᠨ ᠬᠡᠷ ᠤᠷᠤᠭᠤ ᠪᠠᠨ | ᠬᠡᠯᠳᠤᠷᠢᠵᠤ ᠪᠠᠶᠢᠨ᠎ᠠ᠃ ︽ᠭᠠᠢ ᠭᠠᠵᠠᠷ ᠲᠤᠤᠷ᠎ᠡ ᠠᠴᠠ᠂ ᠭᠠᠭ᠋ᠠᠢ ᠮᠤᠳᠤᠨ ᠲᠤᠳᠤᠷ᠎ᠠ ᠠᠴᠠ︾ ᠬᠡᠳᠡᠭᠴᠢᠯᠠᠨ | ᠨᠠᠮᠤᠷᠵᠢᠵᠤ ᠮᠠᠯ ᠲᠠᠷᠭᠤᠯᠠᠭᠰᠠᠨ ᠤ ᠲᠠᠷᠠᠭ᠎ᠠ ᠵᠠᠷᠤᠵᠤ ᠵᠤᠭᠤᠰ ᠪᠤᠯᠭᠠᠨ᠎ᠠ ᠬᠡᠵᠤ ᠪᠠᠶᠢᠭᠰᠠᠨ ᠠᠪᠤ ᠶᠢᠨ ᠭᠦᠭᠰᠢᠨ | ᠬᠤᠨᠢ ᠬᠡᠮ ᠤᠷᠤᠭᠠᠳ ︽ᠶᠠᠪᠤᠴᠢᠬᠠᠯ᠎ᠠ︾᠃ ᠪᠢ ᠲᠡᠷᠡ ᠬᠡᠮ ᠳᠤ ᠦᠭᠦᠨ ᠬᠤᠷᠤᠰᠪᠠ᠃ ᠬᠤᠨᠢ ᠪᠠᠨ ᠪᠤᠴᠠᠭᠠᠵᠤ | ᠠᠪᠴᠢᠷᠠᠬᠤ ᠰᠠᠨᠠᠭ᠎ᠠ ᠴᠦ ᠤᠷᠤᠪᠠ᠂ ᠬᠡᠪᠡᠴᠤ ᠪᠢᠳᠡ ᠪᠦᠷ ᠠᠷᠭ᠎ᠠ ᠮᠤᠬᠤᠷᠳᠡᠪᠠ᠃ ︽ᠬᠤᠪᠢ ᠵᠠᠶᠠᠭ᠎ᠠ ᠪᠠᠨ ᠬᠡᠮ | ᠳᠤ ᠠᠯᠳᠠᠴᠢᠬᠠᠪᠠ︾ ᠬᠡᠵᠤ ᠠᠪᠤ ᠰᠡᠭᠦᠷᠠᠰᠤ ᠠᠯᠳᠠᠪᠠ᠃ ︽ᠮᠠᠨ ᠤ ᠳᠤ ᠤᠳᠤ ᠬᠤᠳᠠᠯᠳᠤᠵᠤ ᠵᠤᠭᠤᠰ ᠭᠦᠷᠭᠦ | ᠶᠠᠭᠤᠮ᠎ᠠ ᠪᠠᠶᠢᠬᠤ ᠦᠭᠡᠢ ᠪᠤᠯᠵᠠᠢ︾ ᠬᠡᠵᠤ ᠡᠵᠢ ᠰᠠᠭᠠᠯᠢ ᠶᠢᠨ ᠦᠨᠢᠶ᠎ᠡ ᠪᠠᠨ ᠬᠠᠷᠠᠭᠰᠠᠭᠠᠷ ᠬᠡᠯᠡᠭᠰᠡᠨ ᠦᠬᠡ ᠨᠢ | ᠮᠢᠨᠤ ᠪᠤᠳᠤᠯ ᠳᠤ ᠴᠢᠯᠠᠭᠤ ᠰᠢᠭ᠋ ᠪᠠᠭᠤᠪᠠ᠃ | ᠮᠢᠨᠤ ᠡᠵᠢ ᠶᠢᠨ ᠭᠠᠷ᠂ ᠮᠢᠨᠤ ᠠᠪᠤ ᠶᠢᠨ ᠲᠠᠷᠤᠭᠠᠰᠤ ᠶᠢ ᠵᠤᠭᠤᠰ ᠠᠴᠠ ᠦᠬᠡᠷ᠎ᠡ ᠶᠠᠭᠤᠮ᠎ᠠ ᠠᠪᠤᠷᠡᠵᠤ | ᠴᠢᠳᠠᠬᠤ ᠦᠭᠡᠢ᠂ ᠨᠠᠮ᠎ᠡ ᠶᠢ ᠰᠤᠷᠭᠠᠭᠤᠯᠢ ᠳᠤ ᠵᠤᠭᠤᠰ ᠠᠴᠠ ᠦᠬᠡᠷ᠎ᠡ ᠶᠠᠭᠤᠮ᠎ᠠ ᠰᠠᠭᠤᠯᠭᠠᠵᠤ ᠴᠢᠳᠠᠬᠤ ᠦᠭᠡᠢ᠂ | ᠮᠠᠨ ᠤ ᠬᠡᠳᠡᠰᠤ ᠶᠢ ᠵᠤᠭᠤᠰ ᠠᠴᠠ ᠦᠬᠡᠷ᠎ᠡ ᠶᠠᠭᠤᠮ᠎ᠠ ᠲᠦᠭᠦᠷᠬᠡᠵᠤ ᠴᠢᠳᠠᠬᠤ ᠦᠭᠡᠢ᠃ ᠠᠢ ᠳ᠋ᠠ︕ ᠵᠤᠭᠤᠰ︕ | ᠵᠤᠭᠤᠰ ᠬᠡᠳᠡᠭ ᠴᠢᠨᠢ ᠠᠯᠢᠪᠠ ᠶᠢ ᠠᠮᠢᠯᠠᠭᠤᠯᠳᠠᠭ ᠡᠷᠳᠠᠨᠢ ᠴᠦ ᠶᠤᠮ ᠤᠤ ᠳ᠋ᠠ ᠬᠡᠵᠤ ᠪᠤᠳᠤᠯᠭᠠᠰᠢᠷᠠᠪᠠ᠃ ᠶᠠᠪᠠ | ᠶᠤᠮ ᠰᠢᠭ᠋ ᠲᠠᠭ ᠲᠤᠭᠤᠢ ᠰᠠᠭᠤᠪᠠ᠃ ᠬᠤᠪᠢ ᠵᠠᠶᠠᠭ᠎ᠠ ᠪᠠᠨ ᠪᠤᠴᠠᠭᠠᠵᠤ ᠠᠪᠴᠢᠷᠠᠬᠤ ᠶᠢ ᠪᠢᠰᠢᠯᠭᠠᠵᠤ ᠰᠠᠭᠤᠪᠠ᠃ | ᠪᠢ ᠬᠠᠷᠢᠵᠤ ᠢᠷᠡᠭᠰᠡᠨ ᠡᠳᠤᠷ ᠤᠨ ᠢᠶᠠᠨ ᠲᠠᠷᠡ ᠰᠦᠨᠢ ᠴᠤᠬᠤᠮ ᠬᠡᠳᠤᠢ ᠳᠤ ᠤᠨᠳᠠᠭᠰᠠᠨ ᠢ ᠮᠡᠳᠡᠭᠦ | ᠦᠭᠡᠢ᠂ ᠦᠷᠯᠤᠬᠡ ᠪᠤᠰᠬᠤ ᠳᠤ ᠲᠠᠷᠡ ᠨᠤᠷᠴᠤ ᠴᠢᠬᠢᠭᠳᠡᠬᠡᠳ ᠪᠠᠶᠢᠪᠠ᠃ ᠲᠡᠬᠡᠬᠡᠳ ᠪᠢ ᠨᠢᠬᠡ ᠦᠶ᠎ᠡ ᠶᠠᠭᠤ ᠴᠦ | ᠬᠢᠭᠦ ᠲᠤᠷ᠎ᠡ ᠦᠭᠡᠢ ᠶᠡᠭᠡ ᠦᠢᠳᠬᠠᠷᠯᠠᠨ ᠪᠢᠯᠵᠤᠤᠬᠠᠢ ᠦᠷᠭᠦᠬᠡᠨ ᠴᠢᠯᠠᠭᠤ ᠢᠰᠭᠦᠯᠤᠨ ᠶᠠᠪᠤᠯ᠎ᠠ᠃ ᠲᠠᠷᠡ ᠤᠰᠤ | ᠲᠠᠮᠨᠠᠨᠠ ᠬᠡᠳᠡᠭ ᠴᠢᠨᠢ ᠶᠤᠰᠤᠳᠠᠢ ᠲᠠᠮᠤ ᠶᠢᠨ ᠠᠵᠢᠯ︕ ᠲᠠᠮᠠᠢ ᠶᠠᠪᠤᠬᠤ ᠦᠭᠡᠢ ᠨᠢᠬᠡ ᠠᠮᠠᠷᠡᠵᠤ ᠮᠦᠷᠤ ᠪᠠᠨ | ᠭᠠᠷ ᠢᠶᠠᠷ ᠢᠶᠠᠨ ᠢᠯᠪᠢᠨ᠎ᠡ᠃ ᠦᠷᠯᠤᠬᠡ ᠡᠷᠳᠡ ᠦᠬᠡᠷ ᠤᠨ ᠪᠠᠭᠠᠰᠤ ᠠᠪᠬᠤ ᠬᠡᠳᠡᠭ ᠰᠢᠨ᠎ᠡ ᠬᠢᠴᠢᠶᠡᠯ ᠤᠨ ᠭᠦᠨᠳᠤ | ᠦᠬᠡᠰ ᠢ ᠪᠠᠷᠢᠵᠤ ᠴᠡᠬᠡᠵᠢᠯᠡᠭᠦ ᠠᠴᠠ ᠴᠦ ᠢᠯᠡᠭᠦᠤ ᠭᠦᠴᠢᠷᠳᠠᠢ᠃ ᠲᠤᠭᠤᠯ ᠲᠠᠳᠠᠬᠤ ᠴᠤ ᠠᠩᠬᠢ ᠶᠢᠨ ᠬᠡᠷ ᠲᠤ | ᠵᠢᠵᠢᠭᠦᠷ ᠬᠢᠭᠦ ᠶᠢ ᠬᠤᠯᠠ ᠭᠦᠷᠭᠦ ᠦᠭᠡᠢ ᠰᠠᠨᠠᠭᠳᠠᠨ᠎ᠠ᠃ ᠪᠤᠳᠤᠭᠠᠳ ᠪᠠᠶᠢᠬᠤ ᠳᠤ ᠪᠢ ᠪᠣᠯ ᠶᠤᠰᠤᠳᠠᠢ ᠨᠢᠬᠡ | ᠬᠤᠭᠤᠰᠤᠨ ᠶᠡᠭᠡ ᠰᠠᠨᠠᠭ᠎ᠠ ᠲᠠᠢ ᠬᠤᠶᠠᠷ ᠭᠦᠯ ᠲᠠᠢ ᠪᠤᠳᠠᠭᠠᠨ ᠲᠤᠯᠤᠮ ᠡ︕ ᠲᠤᠯᠠᠭᠠᠨ ᠪᠦᠯᠢᠶᠡᠨ ᠬᠢᠴᠢᠶᠡᠯ ᠤᠨ | ᠬᠡᠷ ᠲᠤ ᠡᠳᠤᠷᠵᠢᠨ ᠰᠠᠭᠤᠭᠠᠳ ᠬᠢᠴᠢᠶᠡᠯ ᠰᠤᠨᠤᠰᠬᠤ ᠳᠤ ᠪᠠᠨ ᠭᠠᠷ ᠢᠶᠠᠨ ᠭᠦᠰᠢᠳᠡᠯ᠎ᠡ ᠲᠠᠰᠤᠷᠠᠯᠳᠠ ᠦᠭᠡᠢ | ᠲᠠᠮᠳᠡᠭᠯᠡᠯ ᠬᠢᠭᠦ ᠠᠴᠠ ᠲᠤᠯᠤᠭᠠᠢ ᠶᠢᠨ ᠦᠰᠤ ᠠᠷᠵᠠᠶᠢᠬᠤ ᠰᠢᠭ᠋ ᠪᠠᠶᠢᠪᠠ᠃ ᠪᠤᠳᠠᠭ᠎ᠠ ᠢᠳᠡᠭᠦ ᠶᠢᠨ ᠵᠠᠭᠤᠷ᠎ᠠ᠂ | ᠵᠤᠷᠯᠤᠩ ᠳᠤ ᠰᠠᠭᠤᠬᠤ ᠶᠢᠨ ᠬᠤᠭᠤᠷᠤᠨᠳᠤ ᠴᠦ ᠰᠤᠷᠤᠭᠰᠠᠨ ᠬᠢᠴᠢᠶᠡᠯ ᠢᠶᠠᠨ ᠴᠡᠬᠡᠵᠢᠯᠡᠭᠦ ᠬᠡᠵᠤ ᠵᠠᠷᠢᠮ ᠰᠤᠷᠤᠭᠴᠢ | ᠰᠢᠭ᠋ ᠨᠢᠳᠤ ᠪᠠᠨ ᠠᠨᠢᠵᠤ ᠲᠤᠯᠤᠭᠠᠢ ᠲᠤᠬᠢᠯᠵᠠᠭᠤᠯᠬᠤ ᠪᠠᠶᠢᠳᠤᠭᠠᠢ ᠵᠠᠷᠢᠮ ᠳᠤ ᠪᠠᠨ ᠬᠢᠴᠢᠶᠡᠯ ᠲᠡᠬᠡᠷ᠎ᠡ ᠴᠦ ᠪᠤᠳᠤᠯ | ᠲᠦᠬᠡᠷᠢᠬᠡᠳ ᠲᠧᠯᠸᠢᠰ ᠲᠡᠬᠡᠷ᠎ᠡ ᠭᠠᠷᠳᠠᠭ ᠦᠨᠤ ᠬᠠᠴᠢᠨ ᠵᠢᠭᠳᠡᠢ ᠬᠡᠤᠬᠡᠯᠳᠡᠢ ᠵᠦᠴᠦᠬᠡ ᠪᠠᠨ ᠭᠠᠶᠢᠭᠠᠭᠠᠳ | ᠶᠠᠪᠤᠴᠢᠬᠠᠳᠠᠭ᠃ ᠮᠢᠨᠤ ᠤᠷᠮ᠎ᠡ ᠪᠠᠬ᠎ᠠ ᠬᠡᠳᠡᠭ ᠨᠢ ᠢᠳᠡᠭᠦ᠂ ᠨᠠᠭᠠᠳᠬᠤ᠂ ᠤᠨᠳᠠᠬᠤ᠂ ᠬᠤᠭᠤᠰᠤᠨ ᠪᠤᠳᠤᠬᠤ᠂ | ᠬᠤᠳᠠᠯ ᠢᠨᠢᠶᠡᠵᠤ ᠭᠦᠮᠦᠨ ᠪᠠᠶᠠᠷᠯᠠᠭᠤᠯᠬᠤ ᠪᠤᠶᠤ ᠬᠠᠭᠤᠷᠮᠠᠭ ᠢᠶᠠᠷ ᠤᠬᠢᠯᠡᠵᠤ ᠭᠦᠮᠦᠨ ᠠᠶᠤᠯᠭᠠᠬᠤ᠂ ᠬᠡᠷᠡᠭ | ᠦᠭᠡᠢ ᠶᠠᠭᠤᠮ᠎ᠠ ᠤᠷᠤᠯᠳᠤᠬᠤ ᠲᠤᠷ᠎ᠠ ᠲᠠᠢ᠃ | ᠡᠵᠢ ᠶᠢᠨ ᠭᠠᠷ ᠬᠠᠳᠬᠤᠯᠠᠨ ᠡᠪᠠᠳᠤᠨᠠ᠂ ᠰᠦᠨᠢᠵᠢᠨ ᠶᠤᠤᠯᠠᠨ᠎ᠠ᠃ ᠨᠢᠳᠤ ᠨᠢ ᠰᠠᠭᠤᠵᠤ᠂ ᠭᠦᠵᠤᠭᠦᠤ | ᠨᠢ ᠭᠦᠷᠳᠤᠶᠢᠵᠤ᠂ ᠦᠰᠤ ᠬᠡᠵᠢᠬᠡ ᠨᠢ ᠵᠠᠷᠠᠭᠠᠨ ᠦᠰᠤ ᠰᠢᠭ ᠠᠷᠪᠠᠨ ᠵᠦᠭ ᠲᠤ ᠠᠷᠵᠠᠶᠢᠨ ᠠᠪᠤ ᠶᠢᠨ ᠪᠠᠶ᠎ᠠ ᠴᠦ | ᠤᠤᠯ ᠤᠨ ᠬᠢ ᠪᠠᠨ ᠭᠦᠷᠭᠦ ᠦᠭᠡᠢ ᠪᠤᠯᠴᠢᠬᠠᠵᠠᠢ᠃ ᠲᠠᠮᠠᠬᠢ ᠨᠢ ᠤᠯᠠᠮ ᠠᠬᠠᠳᠠᠪᠠ᠃ ᠠᠭᠤᠷᠯᠠᠵᠤ ᠭᠤᠮᠤᠳᠠᠬᠤ ᠨᠢ | ᠤᠯᠠᠳᠠᠪᠠ᠃ ᠠᠪᠤ ᠶᠢᠨ ᠲᠠᠮᠠᠬᠢ ᠲᠠᠳᠠᠬᠤ ᠬᠡᠵᠤ ᠭᠦᠮᠦᠨ ᠠᠶᠤᠮᠠᠷ︕ ᠪᠦᠬᠡᠮ ᠪᠦᠬᠡᠮ ᠬᠠᠷ᠎ᠡ ᠤᠳᠤᠭ᠎ᠠ ᠰᠢᠷᠤᠭᠦᠨ | ᠪᠤᠷᠤᠭᠠᠨ ᠤ ᠡᠭᠦᠯᠡ ᠮᠠᠳᠤ ᠲᠤᠨ ᠬᠠᠷᠠᠯᠠᠭᠠᠳ ᠲᠠᠬᠡᠭᠰᠢ ᠪᠠᠨ ᠮᠠᠨᠠᠷᠠᠨ ᠪᠤᠷᠬᠢᠯᠤᠨᠠ᠃ ᠤᠷᠵᠢᠳᠤᠷ ᠦᠳᠡ ᠶᠢᠨ | ᠬᠤᠶᠢᠨ᠎ᠡ ᠠᠪᠤ ᠨᠢᠳᠤᠨ ᠳᠤ ᠪᠠᠨ ᠨᠢᠯᠪᠤᠰᠤ ᠵᠠᠶᠢᠷᠯᠠᠭᠤᠯᠤᠭᠰᠠᠭᠠᠷ᠄ ︽ᠠᠪᠤ ᠴᠢᠨᠢ ᠴᠢᠮ᠎ᠡ ᠶᠢ ᠪᠢᠴᠢᠭ ᠦᠵᠡᠭᠦᠯᠵᠤ | ᠲᠠᠶᠢᠯᠤᠭᠰᠡᠨ ᠦᠭᠡᠢ ᠁︾ ᠬᠡᠵᠤ ᠶᠠᠷᠢᠭᠰᠠᠭᠠᠷ ᠲᠠᠮᠠᠬᠢ ᠪᠠᠨ ᠮᠠᠨᠠᠷᠠᠭᠤᠯᠤᠯᠠ᠃ ᠲᠠᠪᠤᠨ ᠮᠢᠨᠦ᠋ᠲ ᠶᠢᠨ | ᠲᠤᠳᠤᠷ᠎ᠠ ᠦᠨᠦᠬᠢ ᠤᠬᠤᠷ ᠭᠠᠩᠰᠠ ᠪᠠᠷ ᠢᠶᠠᠨ ᠭᠤᠷᠪᠠᠨᠳᠡ ᠲᠠᠮᠠᠬᠢ ᠬᠤᠳᠬᠤᠵᠤ ᠲᠦᠷᠤᠭᠦᠴᠢ ᠶᠢᠨ ᠲᠤᠭᠰᠢᠵᠤ | ᠭᠠᠷᠭᠠᠭᠰᠠᠨ ᠭᠠᠯ ᠲᠠᠢ ᠦᠨᠠᠰᠤ ᠪᠠᠨ ᠲᠠᠷᠤᠵᠤ ᠵᠤᠯᠭᠠᠭᠤᠯᠤᠭᠠᠳ ᠰᠢᠯᠦᠨ ᠰᠢᠯᠪᠢ ᠪᠠᠨ ᠰᠤᠷᠤᠭᠠᠳ ᠲᠠᠷᠡ | ᠪᠠᠭᠠᠬᠢᠭᠤᠯᠤᠭᠰᠠᠨ ᠬᠡᠵᠤ ᠡ︕ ᠶᠠᠭ ᠢᠩᠬᠢᠵᠤ ᠬᠠᠷ᠎ᠠ ᠤᠳᠤᠭ᠎ᠠ ᠪᠠᠭᠠᠬᠢᠵᠤ ᠪᠠᠶᠢᠳᠠᠯ᠎ᠠ ᠦᠢᠯᠡ ᠨᠢ ᠢᠷᠡᠭᠰᠡᠨ | ᠭᠤᠷᠪᠠᠨ ᠢᠯᠠᠭ᠎ᠠ ᠤᠳᠤᠭᠠᠨ ᠭᠤᠤᠯ ᠢᠶᠠᠷ ᠰᠢᠪᠳᠤᠯᠵᠤ ᠭᠠᠷᠬᠤ ᠬᠡᠳ ᠲᠤᠯᠤᠭᠠᠢ ᠨᠢ ᠡᠷᠬᠢᠬᠡᠳ ᠤᠨᠠᠭᠰᠠᠨ ᠤᠤ | ᠲᠤᠳᠠᠭᠠᠭᠰᠠᠨ ᠤᠤ ᠶᠠᠭᠤ ᠴᠦ ᠪᠤᠯᠤᠭᠰᠠᠨ ᠪᠦᠷ ᠠᠯᠠᠭ᠎ᠠ ᠪᠤᠯᠵᠠᠢ᠃ ᠠᠪᠤ ᠶᠢᠨ ᠶᠠᠷᠢᠬᠤ ᠶᠢ ᠴᠢᠩᠨᠠᠭᠠᠳ ᠠᠯᠢᠪᠠ | ᠪᠠᠶᠢᠳᠠᠯ ᠢ ᠠᠵᠢᠭᠯᠠᠵᠤ ᠪᠠᠶᠢᠭᠰᠠᠨ ᠮᠢᠨᠤ ᠢᠨᠢᠶᠡᠳᠤ ᠭᠦᠷᠭᠦ ᠰᠢᠭ ᠪᠤᠯᠤᠭᠰᠠᠨ ᠴᠦ ᠢᠨᠢᠶᠡᠵᠤ ᠴᠢᠳᠠᠭᠰᠠᠨ ᠦᠭᠡᠢ | ᠬᠠᠷᠢᠨ ᠬᠠᠨᠢᠶᠠᠯᠭᠠᠵᠤ ᠪᠢᠯᠠ᠃ | ᠠᠪᠤ ᠮᠢᠨᠢ ᠠᠩᠬ᠎ᠠ ᠵᠡᠷᠬᠡ ᠶᠢᠨ ᠲᠤᠮᠳᠠᠳᠤ ᠰᠤᠷᠭᠠᠭᠤᠯᠢ ᠲᠡᠭᠦᠰᠦᠭᠰᠡᠨ ᠭᠦᠮᠦᠨ᠂ ᠦᠬᠡ ᠶᠢ ᠶᠡᠭᠡ | ᠰᠠᠶᠢᠬᠠᠨ ᠤᠷᠤᠰᠤᠮ᠎ᠠ ᠶᠠᠷᠢᠳᠠᠭ᠂ ᠶᠤᠭᠳᠠ ᠦᠬᠡ᠂ ᠵᠤᠶᠢᠷ ᠰᠠᠴᠡᠨ ᠦᠬᠡ ᠠᠷᠪᠢᠨ ᠮᠠᠳᠡᠳᠡᠭ ᠴᠡᠬᠡᠵᠢ ᠰᠠᠶᠢᠳᠠᠢ | ᠭᠦᠮᠦᠨ᠃ ᠰᠤᠨᠢᠨ ᠰᠡᠳᠭᠦᠯ ᠶᠠᠭᠤ ᠪᠠᠷᠢᠪᠠᠯ ᠲᠡᠭᠦᠨ ᠢᠶᠠᠨ ᠰᠢᠭᠤᠳ ᠤᠩᠰᠢᠳᠠᠭ᠂ ᠪᠠᠯᠭᠠᠨᠰᠠᠩ ᠤᠨ ᠦᠯᠢᠬᠡᠷ᠂ | ᠲᠠᠯᠠᠨ ᠬᠤᠳᠠᠯᠴᠢ ᠶᠢᠨ ᠦᠯᠢᠬᠡᠷ ᠢ ᠰᠠᠶᠢᠨ ᠮᠠᠳᠡᠳᠡᠭ ᠮᠦᠷᠳᠡᠬᠡᠨ ᠮᠤᠩᠭᠤᠯ ᠤᠷᠠᠨ ᠪᠢᠴᠢᠯᠬᠡ ᠪᠤᠯᠪᠠᠰᠤᠷᠠᠵᠤ | ᠪᠠᠶᠢᠭᠰᠠᠨ ᠳ᠋ᠠ᠃ ᠲᠡᠬᠡᠯᠠ ᠴᠦ ᠬᠡᠰᠡᠨ ᠲᠠᠷᠡ ᠦᠶ᠎ᠡ ᠳᠤ ᠬᠡᠷ ᠤᠨ ᠠᠮᠢᠳᠤᠷᠠᠯ ᠵᠡᠷᠬᠡ ᠡᠯ᠎ᠡ ᠲᠠᠯ᠎ᠠ ᠶᠢᠨ ᠨᠦᠭᠦᠴᠡᠯ | ᠠᠴᠠ ᠪᠤᠯᠵᠤ ᠠᠪᠤ ᠠᠵᠠ ᠲᠤᠬᠢᠶᠠᠯ ᠬᠡᠵᠤ ᠪᠠᠶᠢᠭᠰᠠᠨ ᠦᠭᠡᠢ ᠰᠠᠨ ᠁ | ᠡᠳᠤᠷ ᠬᠤᠨᠤᠭ ᠦᠩᠬᠡᠷᠡᠵᠤ᠂ ᠨᠢᠬᠡ ᠭᠠᠷᠠᠭ ᠪᠤᠯᠤᠭᠠᠳ ᠢᠷᠡᠭᠦ ᠲᠠᠢ ᠵᠡᠷᠬᠡ ᠪᠠᠶᠢᠳᠠᠯ ᠢ ᠮᠡᠳᠡᠭᠰᠡᠨ | ᠰᠤᠷᠭᠠᠭᠤᠯᠢ ᠶᠢᠨ ᠤᠳᠤᠷᠢᠳᠤᠯᠭ᠎ᠠ ᠪᠠᠭᠰᠢ ᠮᠠᠨ ᠤ ᠬᠡᠷ ᠢᠶᠠᠷ ᠢᠷᠡᠵᠤ ᠲᠤᠰᠠ ᠲᠠᠮᠵᠢᠯᠬᠡ ᠦᠵᠡᠭᠦᠯᠵᠤ ᠪᠠᠶᠢᠭᠠᠳ | ᠨᠠᠮ᠎ᠡ ᠶᠢ ᠲᠠᠬᠢᠨᠳᠠ ᠰᠤᠷᠭᠠᠭᠤᠯᠢ ᠶᠢᠨ ᠭᠦᠷᠢᠶᠡᠨ ᠳᠤ ᠭᠦᠯ ᠬᠢᠰᠬᠢᠭᠦᠯᠤᠯᠠ᠃ | ᠶᠠᠷᠤ ᠨᠢ ᠬᠡᠰᠡᠭ ᠬᠤᠭᠤᠴᠠᠭ᠎ᠠ ᠰᠤᠷᠤᠯᠭ᠎ᠠ ᠵᠤᠭᠰᠤᠵᠤ ᠬᠡᠷ ᠲᠤ ᠪᠠᠨ ᠰᠠᠭᠤᠵᠤ ᠬᠠᠯᠠ ᠲᠠᠮᠤ ᠦᠵᠡᠭᠰᠡᠨ | ᠪᠢ᠂ ᠡᠷᠬᠢᠵᠤ ᠪᠤᠴᠠᠭᠠᠳ ᠢᠷᠡᠭᠦ ᠳᠤ ᠨᠢᠬᠡ ᠯᠡ ᠦᠰᠤᠳ ᠦᠬᠡᠷ᠎ᠡ ᠪᠤᠯᠵᠤ ᠰᠤᠷᠬᠤ ᠵᠤᠷᠢᠭ ᠮᠢᠨᠢ ᠭᠦᠪᠴᠢᠯᠡᠭᠳᠡᠯᠠ | ᠃ ᠰᠤᠷᠭᠠᠭᠤᠯᠢ ᠳᠤ ᠢᠷᠡᠭᠰᠡᠨ ᠠᠩᠬᠠᠨ ᠤ ᠡᠳᠤᠷ ᠨᠠᠮ᠎ᠠ ᠶᠢ ᠦᠷᠯᠤᠬᠡ ᠪᠤᠰᠬᠤ ᠳᠤ ᠨᠠᠷ᠎ᠡ ᠦᠨᠳᠤᠷ ᠮᠠᠨᠳᠤᠭᠠᠳ | ᠠᠯᠳᠠᠨ ᠲᠤᠶᠠᠭ᠎ᠠ ᠪᠠᠨ ᠠᠰᠬᠠᠵᠤ ᠪᠠᠶᠢᠪᠠ᠃ ᠪᠢ ᠡᠨᠡ ᠡᠳᠤᠷ ᠤᠨ ᠱᠠᠭᠠᠵᠠᠭᠠᠢ ᠱᠠᠭᠰᠢᠭᠰᠠᠨ ᠡᠰᠡᠭᠦ ᠶᠢ | ᠠᠩᠬᠠᠷᠤᠭᠰᠠᠨ ᠦᠭᠡᠢ ᠪᠤᠯᠬᠤᠷ ᠴᠤᠬᠤᠮ ᠶᠠᠭᠤ ᠬᠡᠵᠤ ᠤᠷᠢᠳᠴᠢᠯᠠᠨ ᠮᠠᠳᠡᠭᠡᠯᠡᠭᠰᠡᠨ ᠢ ᠨᠢ ᠮᠠᠳᠡᠭᠰᠡᠨ ᠦᠭᠡᠢ | ᠪᠤᠯᠪᠠᠴᠤ ᠪᠠᠶᠠᠷ ᠤᠨ ᠶᠠᠪᠤᠳᠠᠯ ᠪᠤᠯᠪᠠ᠃ | ᠠᠯᠠᠭ ᠲᠠᠯᠡᠬᠡᠢ ᠬᠡᠳᠡᠭ ᠢᠢᠮᠤ ᠯᠡ ᠡᠳᠠᠢ ᠪᠤᠳᠠᠢ᠂ ᠠᠮᠢ ᠨᠠᠰᠤ ᠬᠡᠳᠡᠭ ᠲᠤᠶᠢᠯ ᠦᠭᠡᠢ ᠡᠷᠬᠢᠮ ᠨᠠᠨᠳᠢᠨ | ᠂ ᠠᠮᠢᠳᠤᠷᠠᠵᠤ ᠶᠠᠪᠤᠬᠤ ᠬᠡᠳᠡᠭ ᠠᠭᠤᠤ ᠶᠡᠭᠡ ᠵᠤᠶᠢᠯ᠃ ᠲᠠᠨᠳᠡ ᠠᠴᠠ ᠬᠠᠶᠢᠷ᠎ᠡ ᠶᠢᠨ ᠵᠠᠮ ᠵᠤᠷᠠᠶᠢᠨᠠ᠂ ᠬᠠᠶᠢᠷᠠᠯᠠᠬᠤ | ᠭᠦᠮᠦᠨ ᠤᠯᠠᠳᠠᠨᠠ᠃ ᠠᠢ ᠭᠦ᠋︕ ᠨᠠᠰᠤᠨ ᠵᠠᠯᠠᠭᠤ ᠶᠢᠨ ᠢᠳᠡ ᠳᠤ ᠭᠠᠭᠴᠠᠭᠠᠷᠳᠡᠵᠤ ᠶᠠᠪᠤᠬᠤ ᠡᠳᠤᠷ | ᠬᠤᠨᠤᠭ ᠤᠳ ᠢ ᠬᠠᠶᠠ ᠨᠢᠬᠡ ᠡᠷᠬᠢᠭᠦᠯᠵᠤ ᠪᠤᠳᠤᠬᠤ ᠨᠢ ᠨᠢᠬᠡ ᠶᠤᠰᠤᠨ ᠤ ᠰᠠᠳᠬᠢᠯ ᠰᠠᠨᠠᠭ᠎ᠠ ᠶᠢ ᠲᠠᠯᠪᠢᠭᠤᠨ | ᠪᠤᠯᠭᠠᠬᠤ ᠤᠶᠤᠨ ᠤ ᠲᠠᠵᠢᠬᠡᠯ ᠴᠦ ᠶᠤᠮᠰᠢᠭ ᠨᠠᠳᠡ ᠰᠠᠨᠠᠭᠳᠠᠨ᠎ᠠ᠃ ᠡᠷᠬᠢᠵᠤ ᠬᠢᠰᠬᠢᠭᠰᠡᠨ ᠮᠦᠷ ᠬᠡᠵᠤ ᠳ᠋ᠧ︕ | | |