ᠬᠠᠶᠢᠷ᠎ᠠ ᠪᠠᠷ ᠲᠡᠷᠭᠡᠯᠰᠢᠬᠦ ᠬᠤᠷᠸ᠎ᠠ | | ᠪᠠᠭᠠᠷᠢᠨ ᠵᠡᠬᠦᠨ ᠬᠤᠰᠢᠭᠤᠨ ᠤ ᠯᠢᠨᠳᠥ᠋ᠩ ᠤᠨ ᠮᠤᠩᠭᠤᠯ ᠲᠤᠮᠳᠠᠳᠤ ᠰᠤᠷᠭᠠᠭᠤᠯᠢ ᠶᠢᠨ | ᠲᠡᠭᠡᠳᠤ ᠬᠤᠶᠠᠷ ᠤᠨ ᠭᠤᠷᠪᠠ ᠶᠢᠨ ᠬᠦᠰᠡᠯᠠᠩ | | | ᠤᠬᠢᠯᠠᠵᠤ ᠤᠨᠠᠬᠰᠠᠠ᠂ ᠤᠬᠠᠭᠠᠷᠠᠵᠤ ᠲᠤᠷᠨᠢᠬᠰᠠᠠ ᠬᠠᠶᠢᠷ᠎ᠠ ᠶᠢᠨ ᠴᠠᠭᠠᠨ ᠲᠡᠯᠡᠭᠡᠢ ᠨᠠᠮ᠎ᠡ ᠶᠢ | ᠪᠥᠤᠪᠠᠶᠢᠯᠠᠳᠡᠭ ᠡᠵᠢ ᠶᠢᠨ ᠪᠥᠤᠪᠠᠢ ᠶᠢᠨ ᠲᠠᠭᠤᠨ — ᠬᠤᠯᠨ ᠳᠤ ᠪᠠᠨ ᠴᠤᠤ ᠦᠭᠡᠢ᠂ ᠬᠤᠳᠡᠡ ᠳᠤ ᠪᠠᠨ | ᠨᠠᠷᠠ ᠦᠭᠡᠢ᠃ ᠡᠰᠡᠷᠡᠭ ᠨᠤᠳᠤᠭ ᠲᠤ ᠪᠠᠨ ᠢᠷᠡᠭᠡᠤᠨ ᠪᠢ ᠨᠢᠭᠡᠨᠳᠡ ᠠᠷᠪᠠᠨ ᠨᠠᠢᠮᠨᠨ ᠬᠠᠪᠤᠷ ᠨᠠᠮᠤᠷ ᠢ ᠤᠬᠳᠤᠨ | ᠠᠪᠴᠤ ᠪᠠᠶᠢᠨ᠎ᠡ᠃ ᠲᠡᠭᠡᠬᠦ ᠳᠤ ᠪᠠᠨ ᠤᠷᠴᠢᠯᠠᠩ ᠤᠨ ᠵᠠᠶᠢᠴᠢᠨ ᠳᠤ ᠡᠳᠤᠢ ᠭᠡᠳᠤᠨ ᠵᠢᠯ ᠠᠮᠢᠳᠤᠷᠠᠵᠤ ᠶᠠᠪᠤᠭ᠎ᠠ ᠳᠤ | ᠪᠠᠨ ᠪᠢ ᠬᠠᠶᠢᠷ᠎ᠠ ᠰᠡᠤᠡᠬᠢᠯ ᠢ ᠤᠬᠠᠭᠠᠷᠠᠵᠤ ᠮᠠᠳᠡᠭᠰᠠᠠ ᠶᠤᠮ᠃ | ᠬᠠᠶᠢᠷ᠎ᠠ ᠦᠭᠡᠢ ᠪᠤᠯ ᠤᠷᠴᠢᠯᠠᠩ ᠬᠠᠷᠠᠩᠭᠤᠢ᠂ ᠬᠠᠶᠢᠷ᠎ᠠ ᠦᠭᠡᠢ ᠪᠤᠯ ᠠᠮᠢᠳᠤᠷᠠᠯ ᠬᠥᠢᠳᠡᠮᠰᠤᠭ᠌ ᠪᠠᠶᠢᠯᠳᠠᠢ᠃ | ᠬᠠᠶᠢᠷ᠎ᠠ ᠪᠤᠯ ᠬᠥᠮᠤᠨ ᠲᠥᠷᠤᠯᠬᠢᠳᠡᠡ ᠤ ᠵᠤᠯ ᠵᠢᠷᠭᠠᠯ ᠤᠨ ᠨᠠᠷᠠ ᠪᠢᠯᠨ᠃ | ᠬᠠᠶᠢᠷ᠎ᠠ — ᠡᠭᠡ ᠪᠠᠶᠢᠭᠠᠯᠢ ᠶᠢᠨ ᠤᠩᠭᠤᠨ ᠥᠨᠳᠤᠷ ᠰᠢᠳᠤᠭᠡᠨ᠂ ᠤᠯᠵᠨ ᠶᠢᠨ ᠴᠠᠭᠠᠨ ᠪᠠᠭᠤᠴᠠ᠂ | ᠬᠥᠮᠤᠨ ᠵᠤᠨ ᠤ ᠠᠮᠢᠳᠤᠷᠠᠯ ᠲᠡᠮᠡᠴᠡᠯ ᠤᠨ ᠤᠤᠭᠠᠨ ᠬᠠᠷᠠᠭᠠᠬᠤ᠃ ᠬᠥᠰᠡᠯ ᠲᠡᠮᠡᠤᠯᠡᠯ ᠤᠨ ᠨᠤᠭᠤᠭᠠᠨ ᠵᠢᠬᠦᠷ ᠶᠤᠮ᠃ | | ᠠᠮᠢᠳᠤᠷᠠᠯ ᠬᠠᠶᠢᠷ᠎ᠠ ᠲᠡᠭᠡᠷ᠎ᠡ ᠲᠤᠬᠳᠠᠳᠠᠭ ᠶᠤᠮ᠃ ᠶᠠᠭ ᠲᠠᠶᠢᠮᠤ ᠠᠴᠠ ᠲᠥᠮᠨᠨ ᠪᠤᠳᠠᠰ ᠬᠠᠶᠢᠷ᠎ᠠ | ᠪᠠᠶᠢᠮᠠᠨᠵᠢᠨ ᠰᠠᠶ᠋ᠢ ᠬᠤᠭᠤᠷᠤ ᠬᠤᠭᠤᠷᠤᠨᠳᠤ ᠪᠠᠨ ᠲᠥᠰᠢᠯᠴᠡᠡ ᠤᠷᠤᠰᠢᠵᠤ ᠴᠢᠳᠡᠳᠠᠭ᠃ | ᠠᠯᠳᠠᠷᠳᠤ ᠵᠤᠬᠢᠶᠠᠯᠴᠢ ᠪᠤᠶᠠᠨᠪᠠᠳᠤ ᠭᠤᠸᠠᠢ ︽ᠬᠠᠶᠢᠷ᠎ᠠ ᠬᠠᠶᠢᠷ᠎ᠠ ᠪᠠᠷ ᠢᠶᠠᠨ ᠲᠡᠭᠡᠳᠤᠯᠡᠬᠦ ᠬᠤᠷᠸ᠎ᠠ︾ ᠭᠡᠬᠦ ᠵᠤᠬᠢᠶᠠᠯ | ᠳᠤ ᠪᠠᠨ ︽ᠪᠢᠳᠡ ᠡᠭᠡᠯ ᠶᠠᠷᠤᠮᠳᠡᠭ ᠢᠶᠠᠷ ᠢᠶᠠᠨ ᠠᠳᠠᠯᠢᠬᠠᠨ᠂ ᠤᠴᠢᠷ ᠨᠢ ᠪᠢᠳᠡᠡ ᠳᠤ ᠪᠥᠷ ᠬᠠᠶᠢᠷ᠎ᠠ ᠭᠡᠷᠡᠭᠳᠡᠢ | ᠪᠠᠶᠢᠳᠠᠭ᠃ ᠪᠢᠳᠡ ᠡᠷᠬᠢᠮ ᠲᠡᠭᠡᠳᠤ ᠪᠠᠷ ᠢᠶᠠᠨ ᠠᠳᠠᠯᠢᠬᠠᠨ᠂ ᠤᠴᠢᠷ ᠨᠢ ᠪᠢᠳᠡ ᠪᠥᠷ ᠬᠠᠶᠢᠷ᠎ᠡ ᠪᠠᠨ ᠡᠷᠬᠦᠵᠤ | ᠲᠡᠭᠡᠳᠤᠯᠠᠵᠤ ᠶᠠᠪᠤᠳᠠᠭ ᠤᠯᠤᠰ ᠤᠳ︾ ᠭᠡᠵᠤ ᠪᠢᠴᠢᠭᠰᠡᠠ ᠪᠠᠶᠢᠳᠠᠭ᠃ ᠡᠨ᠋ᠨ ᠥᠭᠡ ᠴᠦ ᠴᠤᠬᠤᠮ ᠤᠷᠤ ᠦᠭᠡᠢ | ᠵᠥᠪ ᠳ᠋ᠠ︕ ᠬᠥᠮᠤᠨ ᠪᠤᠯ ᠨᠢᠭᠡᠨ ᠪᠠᠶᠠᠴᠢ ᠴᠢᠳᠡᠮᠠᠭᠠᠢ ᠴᠢᠨᠠᠷ ᠢᠶᠠᠷ ᠢᠶᠠᠨ ᠪᠤᠰᠤᠤᠨ ᠠᠮᠢᠳᠡᠡ ᠠᠴᠠ ᠪᠠᠨ | ᠢᠯᠭᠠᠷᠠᠭᠰᠠᠨ ᠲᠡᠭᠡᠳᠤ ᠵᠡᠷᠭᠡ ᠶᠢᠨ ᠠᠮᠢᠳᠡᠡ ᠮᠥᠨ᠃ ᠡᠶᠢᠮᠤ ᠠᠴᠠ ᠪᠢᠳᠡ ᠬᠠᠶᠢᠷ᠎ᠠ ᠳᠠᠭᠠᠨ ᠠᠮᠢᠳᠤᠷᠠᠵᠤ ᠬᠠᠶᠢᠷ᠎ᠡ | ᠶᠢᠨ ᠲᠤᠯᠠᠭᠠᠨ ᠬᠥᠷᠤᠰᠤᠨ ᠳᠤ ᠥᠰᠤᠨ ᠲᠤᠷᠨᠢᠵᠤ᠂ ᠬᠠᠶᠢᠷ᠎ᠡ ᠶᠢᠨ ᠮᠥᠩᠭᠡ ᠲᠡᠩᠭᠡᠯᠢᠭ ᠢ ᠲᠠᠭᠠᠨ ᠡᠷᠬᠢᠯᠳᠤᠵᠤ | ᠪᠠᠶᠢᠬᠤ ᠯᠠ ᠶᠤᠰᠤᠳᠠᠢ᠃ | ᠬᠤᠷᠸ᠎ᠠ ᠶᠢᠷᠳᠢᠨᠴᠤ ᠳᠤ ᠵᠠᠷᠢᠮ ᠬᠥᠮᠤᠨ ᠦᠭᠬᠢᠶᠡᠮᠤᠷ ᠨᠠᠨᠳᠢᠨ ᠰᠡᠤᠡᠬᠢᠯ ᠲᠠᠢ ᠪᠠᠶᠢᠬᠤ ᠳᠤ᠂ ᠡᠬᠦᠨ ᠤ | ᠡᠰᠡᠷᠬᠦ ᠪᠠᠷ ᠬᠠᠷᠢᠨ ᠵᠠᠷᠢᠮ ᠨᠢ ᠬᠠᠷᠠᠮᠴᠢ ᠬᠤᠪᠢᠨᠴᠢᠷ ᠵᠠᠩ ᠲᠠᠢ ᠪᠠᠶᠢᠳᠠᠭ᠃ ᠡᠨ᠋ᠨ ᠨᠢ ︽ᠬᠥᠮᠤᠨ︾ ᠭᠡᠳᠡᠭ ᠨᠠᠷᠠ | ᠬᠥᠨᠳᠤ ᠪᠠᠨ ᠪᠠᠷᠠᠵᠤ ᠪᠠᠶᠢᠭ᠎ᠠ ᠶᠠᠪᠤᠳᠠᠯ ᠪᠢᠰᠢ ᠭᠡᠵᠤ ᠤᠤ ︖ ᠭᠡᠷᠪᠡ ᠡᠶᠢᠮᠤ ᠪᠤᠯᠤᠬᠰᠠᠠ ᠶᠤᠮ ᠪᠤᠯ ᠬᠥᠮᠤᠨ ᠤ | ᠬᠤᠷᠸ᠎ᠠ ᠳᠤ ᠬᠥᠵᠤᠬᠦᠤ ᠲᠤᠯᠤᠭᠠᠢ ᠲᠠᠬᠦᠵᠢᠯᠠᠵᠤ ᠶᠠᠪᠤᠭᠠᠤᠨ ᠵᠥᠪᠭᠡᠨ ᠬᠥᠮᠤᠨ ᠤ ᠤᠷᠤᠨᠴᠤᠭ ᠲᠡᠳᠤᠢ ᠯᠠ ᠰᠢᠤ︕ | | ᠪᠢᠳᠡ ᠴᠢᠯᠤᠭᠡ ᠲᠠᠯᠪᠢᠬᠤ ᠪᠤᠯᠭᠠᠨ ᠭᠡᠷ ᠲᠤ ᠪᠠᠨ ᠬᠠᠷᠢᠵᠤ ᠤᠴᠢᠬᠤ ᠳᠤ ᠠᠪᠤ ᠡᠵᠢ ᠮᠢᠨᠢ ᠬᠠᠮᠤᠭ | ᠰᠠᠶᠢᠨ ᠰᠠᠶᠢᠬᠠᠨ ᠢᠶᠠᠨ ᠪᠢᠳᠡ ᠳᠤ ᠪᠠᠨ ᠥᠯᠡᠳᠡᠭᠡᠵᠤ᠂ ᠠᠯᠢ ᠠᠮᠳᠠᠳᠠᠢ ᠢᠳᠡᠭᠡᠨ᠂ ᠠᠯᠢ ᠰᠠᠶᠢᠬᠠᠨ ᠬᠤᠪᠴᠠᠰᠤ ᠶᠢ | ᠡᠮᠤᠨ᠎ᠡ ᠮᠢᠨᠢ ᠤᠶᠢᠷᠡᠳᠤᠭᠤᠯᠬᠤ ᠳᠤ ᠬᠠᠶᠠ ᠵᠠᠷᠢᠮ ᠨᠢ ᠪᠠᠰᠠ ᠤᠴᠠᠭᠠᠷᠯᠠᠨ᠄ ︽ᠶᠠᠭᠤᠨ ᠤ ᠬᠢᠨᠢ ᠤᠭ ᠤᠨ ᠰᠤᠨᠢᠨ | ᠶᠠᠭᠤᠮ᠎ᠡ ᠪᠠᠨ ᠭᠠᠷᠭᠠᠭᠠᠤᠨ ᠪᠠᠶᠢᠬᠤ ᠪᠤᠢ︖ ᠪᠥᠷ ᠨᠠᠶᠢᠭᠡᠮ ᠠᠴᠠ ᠬᠤᠴᠤᠷᠤᠬᠰᠠᠠ ᠪᠠᠶᠢᠬᠤ ᠳᠤ ᠁ | ᠲᠠᠬᠢᠭᠠᠤᠨ ᠭᠡᠯᠡᠪᠠᠯ᠂ ᠭᠡᠳᠤᠢ ᠰᠠᠶᠢᠬᠠᠨ ᠢᠳᠡᠬᠦᠯᠵᠤ ᠡᠮᠤᠰᠭᠡᠪᠠᠴᠤ ᠪᠢ ᠰᠠᠶᠢᠨ ᠰᠤᠷᠴᠤ ᠲᠠᠶᠢᠯᠬᠦ ᠦᠭᠡᠢ᠂ | ᠰᠤᠷᠤᠭᠠᠤᠨ ᠪᠠᠰᠠ ᠢᠷᠡᠭᠡᠳᠤᠢ ᠦᠭᠡᠢ ᠁︾ ᠭᠡᠵᠤ ᠭᠡᠳᠤᠶᠢᠪᠠᠷ ᠭᠡᠯᠡᠬᠦ ᠦᠭᠡᠢ ᠴᠦ ᠰᠡᠤᠡᠬᠢᠯ ᠳᠤ ᠪᠠᠨ | ᠪᠤᠳᠤᠳᠠᠭ᠃ ᠠᠪᠤ ᠡᠵᠢ ᠶᠢᠨ ᠢᠶᠠᠨ ᠨᠢᠮᠭᠡᠨ ᠡᠮᠤᠰᠴᠤ᠂ ᠰᠢᠩᠭᠡᠨ ᠢᠳᠡᠵᠤ᠂ ᠵᠤᠪᠠᠨ ᠵᠥᠳᠡᠵᠤ ᠴᠤᠬᠯᠠᠭᠤᠯᠤᠬᠰᠠᠠ | ᠵᠤᠭᠤᠰ ᠢ ᠬᠤᠭᠤᠯᠠᠨ ᠭᠡᠷ᠂ ᠵᠠᠳᠠᠭᠠᠢ ᠲᠡᠯᠭᠡᠬᠦᠷ᠂ ᠪᠠᠭᠠᠷ᠂ ᠲᠥᠷᠢᠶᠠᠰᠤᠨ ᠲᠡᠷᠭᠡ ᠳᠤ ᠪᠥᠷᠢᠯᠭᠡᠵᠤ ᠁ ᠦᠭᠡᠢ | ᠶᠠᠷᠤ ᠨᠢ᠂ ᠪᠢᠳᠡ ᠴᠤᠬᠤᠮ ᠶᠠᠭᠠᠬᠢᠴᠢᠬᠠᠪᠠ ᠳ᠋ᠠ︖ ᠥᠪᠠᠷ ᠤᠨ ᠠᠮᠢᠨ ᠬᠠᠶᠢᠷᠠᠳᠠᠢ ᠠᠪᠤ ᠡᠵᠢ ᠪᠠᠨ ᠪᠠᠰᠠ | ᠢᠩᠬᠢᠵᠤ ᠵᠤᠪᠠᠭᠠᠨᠡ ᠤᠤ︖ | ᠨᠢᠬᠡᠨ ᠨᠠᠰᠤᠳᠠᠢ ᠠᠪᠤ ᠭᠠᠭᠴᠠᠭᠠᠷ ᠭᠡᠷ ᠲᠤ ᠪᠠᠨ ᠰᠠᠭᠤᠵᠤ ᠪᠠᠶᠢᠳᠠᠯ᠎ᠠ᠂ ᠡᠬᠦᠳᠡ ᠲᠤᠭᠰᠢᠬᠤ ᠲᠠᠭᠤᠨ ᠭᠠᠷᠴᠤ ︽ | ᠠᠪᠤ ᠡ︕ ᠡᠬᠦᠳᠡ ᠪᠠᠨ ᠨᠡᠭᠡᠭᠡᠭᠳᠡᠬᠦᠨ︾ ᠭᠡᠵᠤ ᠬᠥᠤ ᠨᠢ ᠭᠡᠯᠡᠬᠦ ᠳᠤ᠂ ᠠᠪᠤ ᠨᠢ ᠬᠥᠤ ᠪᠠᠨ ᠥᠵᠡᠭᠡᠤᠨ᠄ ︽ | ᠴᠢ ᠮᠢᠨᠤ ᠬᠥᠤ ᠪᠢᠰᠢ᠂ ᠪᠢ ᠴᠢᠮ᠎ᠡ ᠶᠢ ᠲᠠᠨᠢᠬᠤ ᠦᠭᠡᠢ︾ ᠭᠡᠤᠨ ᠭᠡᠷ ᠠᠴᠠ ᠪᠠᠨ ᠭᠠᠷᠭᠠᠯ᠎ᠠ᠃ ᠪᠠᠰᠠ ᠨᠢᠭᠡ | ᠥᠵᠡᠭᠳᠡᠯ ᠨᠢ᠂ ᠨᠢᠭᠡ ᠡᠳᠤᠷ ᠬᠥᠤ ᠨᠢ ᠠᠪᠤ ᠪᠠᠨ ᠲᠠᠭᠠᠭᠤᠯᠤᠭᠠᠤᠨ ᠠᠬ᠎ᠠ ᠲᠠᠬᠦᠤ ᠨᠠᠷ ᠲᠠᠢ ᠪᠠᠨ ᠬᠤᠭᠤᠯᠠᠨ ᠭᠡᠷ | ᠲᠤ ᠪᠡᠩᠰᠢ ᠢᠳᠡᠯ᠎ᠠ᠃ ᠲᠡᠭᠡᠭᠰᠠᠠ ᠴᠢᠨᠢ ᠠᠪᠤ ᠨᠢ ᠪᠠᠩᠰᠢ ᠠᠴᠠ ᠨᠢ ᠠᠪᠤᠭᠠᠤᠨ ᠬᠠᠷᠮᠨᠨ ᠲᠤᠳᠤᠷ᠎ᠠ ᠪᠠᠨ ᠰᠠᠪᠠᠯᠠᠵᠤ | ᠪᠠᠶᠢᠯ᠎ᠠ᠃ ᠬᠥᠤ ᠨᠢ ᠡᠨ᠋ᠨ ᠪᠠᠶᠢᠳᠠᠯ ᠢ ᠥᠵᠡᠭᠡᠤᠨ ᠶᠡᠭᠡ ᠯᠠ ᠡᠪ ᠦᠭᠡᠢ ᠪᠤᠯᠵᠤ᠄ ︽ᠠᠪᠤ ᠡ︕ ᠲᠠᠠ ᠤ ᠡᠨ᠋ᠨ | ᠴᠢᠨᠢ ᠶᠠᠭᠠᠬᠢᠵᠤ ᠪᠠᠶᠢᠭ᠎ᠠ ᠪᠤᠢ︖︾ ᠭᠡᠰᠠᠠ ᠳᠤ᠂ ︽ᠮᠢᠨᠤ ᠮᠠᠭᠤ ᠬᠥᠤ ᠪᠡᠩᠰᠢ ᠢᠳᠡᠬᠦ ᠲᠤᠷ᠎ᠠ ᠲᠠᠢ᠂ ᠪᠢ ᠬᠥᠤ | ᠳᠤ ᠪᠠᠨ ᠠᠪᠠᠴᠢᠵᠤ ᠢᠳᠡᠬᠦᠯᠤᠨᠡ︕︾ ᠭᠡᠪᠡ᠃ ᠠᠢ︕ ᠡᠶᠢᠮᠤ ᠶᠡᠭᠡ ᠵᠥᠨᠤᠭ᠍ᠰᠢᠭ᠍ᠰᠡᠠ ᠪᠠᠶᠢᠳᠠᠯ ᠳᠤ ᠤᠷᠤᠬᠰᠠᠠ | ᠴᠦ ᠥᠪᠠᠷ ᠤᠨ ᠠᠮᠢᠨ ᠬᠠᠶᠢᠷᠠᠳᠠᠢ ᠬᠥᠤ ᠪᠠᠨ ᠪᠤᠳᠤᠵᠤ ᠤᠯᠤᠨ᠎ᠡ ᠭᠡᠭᠴᠢ ᠁ ᠡᠨ᠋ᠨ ᠬᠦ ᠵᠠᠷ ᠮᠡᠳᠡᠭᠡ ᠶᠢ | ᠲᠠᠨᠤᠰ ᠴᠥᠮ ᠲᠧᠯᠧᠰ ᠠᠴᠠ ᠥᠵᠡᠭᠰᠠᠠ ᠪᠠᠶᠢᠯᠬᠦᠢ︖ ᠪᠢᠳᠡ ᠠᠪᠤ ᠡᠵᠢ ᠪᠠᠨ ᠠᠴᠢᠯᠠᠵᠤ᠂ ᠠᠮᠢᠳᠤ ᠳᠤ ᠨᠢ | ᠲᠡᠭᠡᠳᠤᠯᠠᠨ ᠬᠠᠶᠢᠷᠠᠯᠠᠵᠤ ᠶᠠᠪᠤᠶ᠎ᠡ︕ | ᠪᠢᠳᠡ ᠠᠪᠤ ᠡᠵᠢ ᠶᠢᠨ ᠢᠶᠠᠨ ᠬᠥᠯ ᠠᠴᠠ ᠨᠢ ᠴᠢᠷᠤᠭ᠍ᠳᠡᠭᠰᠡᠭᠡᠷ ᠬᠤᠷᠮᠤᠢ ᠠᠴᠠ ᠨᠢ ᠲᠠᠳᠠᠬᠳᠠᠬᠰᠠᠭᠠᠷ | ᠡᠳᠤᠢ ᠪᠤᠯᠤᠬᠰᠠᠠ᠃ ᠪᠢᠳᠡ ᠠᠪᠤ ᠡᠵᠢ ᠪᠠᠨ ᠵᠤᠪᠠᠭᠠᠬᠤ ᠨᠢ ᠲᠠᠭᠠᠷᠠᠬᠤ ᠦᠭᠡᠢ᠃ ᠪᠢᠳᠡ ᠠᠪᠤ ᠡᠵᠢ ᠶᠢᠨ ᠢᠶᠠᠨ | ᠥᠰᠭᠡᠵᠤ ᠬᠥᠮᠤᠵᠢᠬᠦᠯᠤᠭ᠍ᠰᠠᠠ ᠠᠴᠢ ᠡᠨᠠᠷᠢᠯ ᠤᠨ ᠬᠢᠨᠢ ᠬᠠᠷᠢᠭᠤ ᠳᠤ ᠡᠷᠭᠡᠪᠰᠢ ᠲᠠᠳᠡᠡ ᠢ ᠪᠠᠨ ᠠᠴᠢᠯᠠᠵᠤ ᠶᠠᠪᠤᠬᠤ | ᠭᠡᠷᠡᠭᠳᠡᠢ᠃ | ᠠᠯᠠᠭ ᠬᠤᠷᠸ᠎ᠠ ᠳᠤ ᠮᠠᠨᠳᠤᠯᠠᠵᠤ᠂ ᠬᠥᠮᠤᠨ ᠤ ᠠᠮᠢᠳᠤᠷᠠᠯ ᠤᠨ ᠠᠩᠬᠠᠨ ᠤ ᠲᠠᠭᠤᠤ ᠶᠢ | ᠬᠠᠩᠬᠢᠨᠠᠭᠤᠯᠤᠬᠰᠠᠠ ᠲᠡᠷᠡ ᠡᠳᠤᠷ ᠠᠴᠠ ᠪᠢ ᠨᠢᠭᠡ ᠠᠭᠤᠤ ᠶᠡᠭᠡ ᠬᠠᠶᠢᠷ᠎ᠡ ᠶᠢ ᠬᠥᠷᠳᠡᠭᠰᠠᠠ ᠶᠤᠮ᠃ ᠲᠠᠷᠤᠢ ᠠᠪᠤ | ᠡᠵᠢ ᠶᠢᠨ ᠬᠠᠶᠢᠷ᠎ᠠ ᠪᠤᠯᠤᠨ᠎ᠡ᠃ | ᠠᠪᠤ ᠡᠵᠢ ᠮᠢᠨᠢ ᠪᠢᠳᠡᠡ ᠤ ᠰᠡᠤᠡᠬᠢᠯ ᠤᠨ ᠪᠤᠬᠳᠡ ᠠᠭᠤᠯᠨ ᠶᠤᠮᠰᠠᠠ᠃ ᠪᠢᠳᠡ ᠰᠥᠮᠪᠤᠷ ᠶᠡᠭᠡ ᠨᠥᠮᠤᠷᠢ | ᠳᠤ ᠨᠢ ᠰᠠᠯᠬᠢᠨ ᠪᠤᠷᠤᠭᠠᠨ ᠠᠴᠠ ᠲᠠᠯᠳᠠᠯᠠᠵᠤ᠂ ᠡᠰᠠᠠ ᠮᠡᠨᠳᠤ ᠠᠵᠤ ᠲᠥᠷᠤᠵᠤ ᠪᠠᠶᠢᠨ᠎ᠡ᠃ ᠠᠪᠤ ᠡᠵᠢ ᠮᠢᠨᠢ ᠠᠯᠠᠭ | ᠬᠤᠷᠸ᠎ᠠ ᠶᠢᠨ ᠠᠯᠠᠭᠠᠨ ᠲᠡᠭᠡᠷ᠎ᠡ ᠥᠷ᠎ᠡ ᠪᠢᠳᠡᠡ ᠢ ᠪᠠᠨ ᠠᠷᠪᠠᠨ ᠥᠩᠭᠡ ᠪᠠᠷ ᠲᠤᠬᠯᠠᠭᠤᠯᠬᠤ ᠭᠡᠵᠤ ᠶᠠᠳᠠᠷᠠᠯ | ᠵᠥᠳᠡᠷᠡᠯ ᠢᠶᠠᠨ ᠬᠠᠶᠢᠬᠤᠷᠤᠯ ᠦᠭᠡᠢ ᠠᠮᠢᠳᠤᠷᠠᠯ ᠤᠨ ᠪᠡᠷᠭᠡ ᠬᠠᠳᠠᠭᠤ ᠲᠠᠪᠠᠭ᠎ᠠ ᠶᠢ ᠲᠠᠪᠠᠨ ᠵᠢᠤᠨᠬᠦᠵᠤ ᠪᠤᠢ᠃ | ᠠᠴᠢᠯᠠᠯ ᠤᠨ ᠰᠢᠳᠤᠭᠡᠨ ᠠᠪᠤ ᠡᠵᠢ ᠶᠢᠨ ᠢᠶᠠᠨ ᠠᠭᠤᠤ ᠶᠡᠭᠡ ᠬᠠᠶᠢᠷ᠎ᠠ ᠶᠢ ᠭᠡᠷᠬᠢᠨ ᠬᠠᠷᠢᠭᠤᠯᠬᠤ ᠪᠢᠯᠨ︖ ᠡᠷᠳᠡᠮ | ᠮᠡᠳᠡᠯᠭᠡ ᠪᠠᠨ ᠰᠠᠶᠢᠨ ᠰᠤᠷᠴᠤ᠂ ᠠᠮᠵᠢᠯᠳᠡ ᠪᠥᠳᠤᠭᠡᠯ ᠤᠨ ᠴᠡᠴᠡᠭ ᠢᠶᠠᠷ ᠮᠢᠯᠢᠶᠠᠯᠭᠠᠵᠤ᠂ ᠶᠡᠭᠡ ᠰᠤᠷᠭᠠᠭᠤᠯᠢ ᠳᠤ | ᠡᠯᠰᠡᠭᠳᠡᠭᠰᠠᠠ ᠮᠡᠳᠡᠭᠳᠡᠯ ᠤᠨ ᠪᠢᠴᠢᠭ ᠢᠶᠠᠨ ᠲᠤᠰᠴᠤ ᠪᠠᠶᠢᠪᠠᠯ ᠠᠪᠤ ᠡᠵᠢ ᠮᠢᠨᠢ ᠯᠠᠪ ᠮᠠᠩᠨᠠᠢ ᠲᠠᠨᠠᠶᠢᠨ ᠪᠠᠶᠠᠷᠯᠠᠬᠤ | ᠪᠠᠶᠢᠬᠤ ᠡ︕ | ᠬᠥᠭᠡᠷᠤᠬᠦᠢ︕ ᠠᠪᠤ ᠡᠵᠢ ᠶᠢᠨ ᠰᠡᠤᠡᠬᠢᠯ ᠭᠡᠵᠤ ᠡᠭᠡᠨᠡᠭᠳᠡ ᠥᠷ᠎ᠠ ᠶᠢᠨ ᠢᠶᠠᠨ ᠲᠥᠯᠤᠭᠡ ᠲᠠᠳᠠᠯᠳᠤᠬᠤ | ᠶᠤᠮ ᠳ᠋ᠠ︕ | ᠵᠢᠮ᠎ᠡ ᠬᠠᠤᠯᠢ ᠶᠢ ᠰᠤᠪᠢᠨ ᠠᠯᠢᠪᠠ ᠶᠢ ᠰᠤᠨᠢᠭᠤᠴᠢᠯᠠᠳᠠᠭ ᠬᠥᠮᠤᠨ ᠤ ᠬᠤᠭᠤᠷᠤᠨᠳᠤᠬᠢ ᠬᠠᠷᠢᠴᠠᠭ᠎ᠠ | ᠬᠤᠯᠪᠤᠭ᠎ᠠ ᠪᠠ ᠬᠠᠶᠢᠷ᠎ᠠ ᠰᠡᠤᠡᠬᠢᠯ ᠭᠡᠵᠤ ᠬᠠᠷᠢᠯᠴᠠᠠ ᠶᠠᠪᠤᠯᠴᠠᠬᠤ ᠲᠤᠮᠳᠡ ᠪᠤᠢ ᠪᠤᠯᠳᠠᠭ᠃ ᠭᠡᠪᠡᠴᠤ ᠡᠴᠢᠭᠡ ᠬᠥᠤ᠂ | ᠡᠭᠡ ᠭᠡᠤᠭᠡᠤᠨ ᠤᠨ ᠬᠤᠭᠤᠷᠤᠨᠳᠤᠬᠢ ᠬᠠᠶᠢᠷ᠎ᠠ ᠰᠡᠤᠡᠬᠢᠯᠭᠡ ᠨᠢ ᠪᠤᠳᠠᠰᠴᠢ ᠤᠷᠤᠰᠢᠬᠤᠢ ᠡᠬᠢ ᠡᠬᠦᠰᠤᠯ ᠤᠨ | ᠤᠷᠭᠠᠨᠢᠭ ᠴᠤᠬᠴᠠ᠂ ᠶᠠᠭᠤᠨ ᠠᠴᠠ ᠴᠦ ᠨᠢᠬᠳᠡ᠂ ᠠᠯᠤᠰ ᠭᠡᠳᠤ ᠶᠢᠨ ᠬᠥᠰᠡᠯ ᠤᠢ ᠳᠤ ᠰᠠᠭᠤᠷᠢᠯᠠᠬᠳᠠᠵᠤ᠂ | ᠮᠥᠩᠭᠡ ᠪᠠᠷᠢᠯᠳᠤᠯᠭ᠎ᠠ ᠲᠠᠢ ᠪᠠᠶᠢᠳᠠᠭ ᠠᠵᠤᠭᠤ᠃ | ᠪᠠᠭᠰᠢ ᠬᠥᠮᠤᠨ ᠪᠤᠯ ᠶᠠᠭ ᠪᠢᠳᠡᠡ ᠤ ᠠᠪᠤ ᠡᠵᠢ ᠲᠠᠢ ᠠᠳᠠᠯᠢᠬᠠᠨ᠂ ᠪᠢᠳᠡᠡ ᠳᠤ ᠬᠥᠮᠤᠨ ᠪᠤᠯᠬᠤ ᠶᠤᠰᠤ | ᠤᠴᠢᠷ ᠢ ᠵᠢᠭᠠᠨ᠂ ᠬᠥᠯ ᠢ ᠮᠢᠨᠢ ᠲᠥᠷᠤᠭᠡᠨ ᠳᠤ᠂ ᠭᠠᠷ ᠢ ᠮᠢᠨᠢ ᠭᠠᠨᠵᠤᠭᠠᠨ ᠳᠤ ᠬᠥᠷᠭᠡᠵᠤ᠂ ᠬᠥᠮᠤᠨ ᠤ ᠵᠡᠷᠭᠡ | ᠳᠤ ᠬᠥᠷᠤᠬᠦᠯᠵᠤ᠂ ᠰᠤᠷᠤᠯᠭ᠎ᠠ ᠠᠮᠢᠳᠤᠷᠠᠯ ᠤᠨ ᠲᠠᠯ᠎ᠠ ᠪᠠᠷ ︽ᠴᠠᠮᠬᠠᠭ︾ ᠪᠤᠯᠤᠨ ᠪᠢᠳᠡᠡ ᠢ ᠵᠢᠭᠠᠨ ᠵᠢᠯᠤᠭᠤᠤᠨᠴᠤ | ᠶᠠᠪᠤᠨ᠎ᠡ᠃ ᠡᠶᠢᠮᠤ ᠠᠴᠠ ᠠᠷᠠᠤᠨ ᠤᠨ ᠪᠠᠭᠰᠢ ᠡᠨ᠋ᠨ ᠲᠡᠯᠡᠭᠡᠢ ᠳᠤ ᠬᠠᠮᠤᠭ ᠤᠨ ᠠᠭᠤᠤ ᠶᠡᠭᠡ ᠬᠥᠮᠤᠨ ᠭᠡᠵᠤ ᠪᠢ | ᠪᠤᠳᠤᠨ᠎ᠡ᠃ | ᠡᠬᠦᠨ ᠳᠤ ᠪᠢ ᠥᠪᠡᠷ ᠤᠨ ᠠᠩᠬᠢ ᠶᠢᠨ ᠪᠠᠭᠰᠢ — ᠨᠠᠷᠡᠨᠮᠠᠨᠳᠥᠯᠠ ᠪᠠᠭᠰᠢ ᠪᠠᠷ ᠢᠶᠠᠨ ᠠᠪᠥᠭᠠᠤᠨ | ᠬᠡᠯᠡᠪᠡᠯ᠂ ᠶᠤᠰᠤᠳᠡᠢ ᠴᠦ ᠥᠷᠤ ᠡᠪᠡᠳᠣᠮᠡᠷ ᠶᠤᠮ ᠰᠢᠤ︕ ᠡᠳᠣᠷ ᠰᠥᠨᠢ ᠦᠭᠡᠢ ᠣᠶᠢᠯᠡ ᠪᠠᠨ ᠥᠵᠡᠨ᠂ ᠥᠰᠣ | ᠪᠠᠨ ᠴᠠᠶᠢᠯᠭᠠᠨ᠂ ᠪᠢᠳᠡᠡ ᠤ ᠲᠥᠯᠣᠭᠡ ᠵᠢᠣᠨᠬᠦᠵᠤ᠂ ᠠᠷᠤ ᠭᠡᠷ ᠢᠶᠠᠨ ᠠᠷᠤ ᠳᠤ ᠪᠠᠨ ᠬᠠᠶᠠᠵᠤ᠂ ᠡᠷᠳᠡᠮ ᠢᠶᠠᠨ | ᠪᠢᠳᠡᠡ ᠳᠤ ᠬᠠᠷᠡᠮ ᠦᠭᠡᠢ ᠵᠤᠷᠢᠭᠤᠯᠤᠨ᠂ ᠬᠥᠮᠣᠨ ᠠᠴᠠ ᠲᠣᠣᠷ᠎ᠡ ᠶᠠᠪᠤᠭᠤᠯᠬᠤ ᠦᠭᠡᠢ ᠭᠡᠵᠤ ᠮᠠᠷᠡᠶᠢᠵᠤ ᠪᠠᠶᠢᠬᠤ | ᠳᠤ᠂ ᠪᠢᠳᠡᠡ ᠤ ᠬᠢᠨᠢ ᠵᠠᠷᠢᠮ ᠨᠢ ᠬᠠᠷᠢᠨ᠄ ︽ᠭᠡᠵᠢᠶᠡᠳᠡ ᠪᠢᠳᠡᠡ ᠢ ᠵᠠᠩᠳᠤᠷᠴᠤ ᠵᠠᠬᠢᠷᠤᠭᠠᠤᠨ᠂ ᠪᠢᠳᠡ ᠶᠠᠮᠠᠷ | ᠵᠠᠩᠨᠠᠭᠤᠯᠬᠤ ᠪᠠᠷ ᠢᠷᠡᠴᠢᠭᠡᠪᠡ ᠤᠤ︖ ᠰᠤᠷᠬᠤ ᠪᠠᠷ ᠢᠷᠡᠭᠰᠠᠠ ᠪᠢᠰᠢ︕ ᠶᠠᠩᠰᠢᠶᠡ ᠨᠢ ᠭᠡᠵᠤ ᠳ᠋ᠠ︕ ᠭᠡᠷᠡᠭ ᠡ | ︕ ᠭᠡᠷᠡᠭ ᠁︾ ᠭᠡᠵᠤ ᠡᠯᠳᠡᠪ ᠡᠰᠠᠠ ᠢᠶᠠᠷ ᠭᠡᠯᠡᠵᠤ᠂ ᠪᠠᠭᠰᠢ ᠶᠢ ᠪᠠᠨ ᠵᠢᠭᠠᠬᠠᠨ ᠴᠦ ᠤᠶᠢᠯᠠᠭᠠᠬᠤ ᠦᠭᠡᠢ | ᠠᠭᠠᠰᠢᠯᠠᠳᠠᠭ᠃ ᠡᠨ᠋ᠨ ᠤᠶᠢᠯᠨ ᠠᠵᠢᠯᠯᠠᠭ᠎ᠠ ᠴᠥᠮ ᠪᠤᠷᠤᠭᠤ ᠶᠤᠮ᠃ ᠪᠠᠭᠰᠢ ᠪᠠᠨ ᠪᠢᠳᠡ ᠬᠥᠨᠳᠤᠯᠠᠵᠤ᠂ | ᠬᠠᠶᠢᠷᠠᠯᠠᠵᠤ ᠶᠠᠪᠤᠬᠤ ᠭᠡᠷᠡᠭᠳᠡᠢ᠃ ᠬᠠᠷᠢᠨ ᠪᠤᠷᠤᠭᠤ ᠪᠠᠷ ᠤᠶᠢᠯᠠᠭᠠᠨ᠂ ᠰᠠᠶᠢᠨ ᠰᠠᠶᠢᠬᠠᠨ ᠰᠠᠨᠠᠭ᠎ᠠ ᠰᠡᠤᠡᠬᠢᠯ ᠤᠨ | ᠬᠢᠨᠢ ᠥᠭᠡᠳᠡ ᠠᠴᠠ ᠬᠥᠢᠳᠡᠡ ᠤᠰᠤ ᠰᠠᠴᠤᠵᠤ ᠶᠠᠪᠤᠵᠤ ᠪᠤᠯᠬᠤ ᠦᠭᠡᠢ᠃ ᠪᠢᠴᠢᠭ ᠥᠰᠤᠭ᠌ ᠨᠢᠳᠤᠯᠠᠵᠤ᠂ ᠪᠢᠯᠢᠭ | ᠤᠨ ᠡᠬᠦᠳᠡ ᠪᠠᠨ ᠨᠡᠭᠡᠭᠡᠭᠰᠠᠠ ᠢᠶᠠᠷ ᠤᠯᠠᠨ ᠲᠠᠢ ᠪᠠᠨ ᠮᠥᠷᠤ ᠵᠡᠷᠭᠡᠴᠡᠡ ᠥᠭᠡᠳᠡ ᠲᠠᠢ ᠥᠩᠭᠡ ᠲᠠᠢ ᠪᠠᠶᠢᠭ᠎ᠠ ᠨᠢ | ᠡᠷᠳᠡᠮᠳᠤ ᠤᠯᠠᠨ ᠪᠠᠭᠰᠢ ᠨᠠᠷ ᠤᠨ ᠮᠢᠨᠢ ᠠᠴᠢ ᠭᠠᠪᠢᠶ᠎ᠡ ᠮᠥᠨ᠃ | ᠶᠡᠷᠤ ᠨᠢ ᠠᠭᠤᠳᠠᠮ ᠰᠠᠷᠠᠭᠤᠯ ᠬᠤᠢ ᠨᠤᠳᠤᠭ ᠲᠤ ᠠᠷᠠᠤᠨ ᠤᠨ ᠪᠠᠭᠰᠢ ᠤᠯᠠᠨ ᠪᠠᠶᠢᠯ᠎ᠠ ᠴᠦ ᠤᠭᠤᠷᠠᠭ | ᠲᠠᠷᠢᠬᠢ ᠪᠠᠨ ᠰᠢᠪᠬᠠᠨ ᠪᠠᠶᠢᠵᠤ᠂ ᠪᠢᠳᠡᠡ ᠤ ᠲᠥᠯᠤᠭᠡ ᠵᠠᠵᠢ ᠶᠢᠨ ᠥᠰᠤ ᠪᠠᠨ ᠴᠠᠶᠢᠳᠠᠯ᠎ᠠ ᠶᠠᠪᠤᠬᠰᠠᠠ ᠪᠠᠭᠰᠢ ᠪᠤᠯ | ᠬᠤᠷᠸ᠎ᠠ ᠳᠤ ᠭᠠᠭᠴᠠᠬᠠᠨ᠂ ᠬᠠᠶᠢᠷ᠎ᠠ ᠶᠢᠨ ᠪᠥᠷᠢᠯᠸᠠ — ᠮᠢᠨᠤ ᠨᠠᠷᠠᠨᠮᠠᠨᠳᠤᠯ᠎ᠠ ᠪᠠᠭᠰᠢ ᠮᠢᠨᠢ ᠪᠠᠶᠢᠯ᠎ᠠ᠃ | ᠠᠢ︕ ᠤᠳᠤ ᠶᠢᠨ ᠨᠠᠶᠢᠭᠡᠮ ᠲᠡᠭᠡᠷ᠎ᠡ ᠡᠳᠡᠭᠡᠷ ᠥᠵᠡᠭᠳᠡᠯ ᠵᠥᠩᠳᠡᠭᠡᠨ ᠤᠷᠤᠰᠢᠬᠤ ᠪᠤᠯᠤᠯ᠎ᠠ᠃ ᠡᠳᠡᠭᠡᠷ | ᠪᠤᠯ ᠪᠢᠳᠡᠡ ᠤ ᠲᠡᠭᠡᠳᠤ ᠵᠡᠷᠭᠡ ᠶᠢᠨ ᠠᠮᠢᠳᠡᠡ ᠳᠤ ᠥᠯᠤ ᠵᠤᠬᠢᠴᠠᠬᠤ ᠮᠥᠷᠳᠡᠭᠡᠨ ᠬᠢᠪᠡᠰᠤ ᠥᠯᠤ ᠲᠤᠬᠢᠷᠠᠬᠤ ᠵᠤᠶᠢᠯ | ᠪᠤᠯᠤᠨ᠎ᠡ᠃ | ︽ᠬᠥᠨᠳᠤᠤᠡᠭᠡᠯ ᠪᠤᠯ ᠬᠠᠶᠢᠷ᠎ᠠ ᠮᠥᠨ᠃ ᠬᠥᠨᠳᠤᠤᠡᠭᠡᠯ ᠠᠴᠠ ᠬᠠᠶᠢᠷ᠎ᠠ ᠡᠬᠦᠰᠳᠡᠭ᠃︾ ᠡᠶᠢᠮᠤ ᠠᠴᠠ | ᠪᠢᠳᠡ ᠬᠥᠮᠤᠨ ᠢ ᠬᠥᠨᠳᠤᠤᠡᠭᠡᠵᠤ ᠴᠢᠳᠡᠮᠠᠨᠵᠢᠨ ᠰᠠᠶ᠋ᠢ ᠬᠥᠮᠤᠨ ᠤ ᠬᠠᠶᠢᠷ᠎ᠠ ᠶᠢ ᠤᠯᠵᠤ ᠴᠢᠳᠡᠨ᠎ᠡ᠃ ᠠᠷᠢᠭᠤᠨ | ᠰᠠᠶᠢᠬᠠᠨ ᠬᠠᠶᠢᠷ᠎ᠠ ᠰᠡᠤᠡᠬᠢᠯᠭᠡ ᠨᠢ ᠪᠤᠰᠤᠤᠨ ᠢ ᠰᠡᠤᠡᠬᠢᠯ ᠤᠨ ᠵᠤᠪᠠᠯᠠᠩ ᠳᠤ ᠤᠨᠠᠭᠠᠨ ᠲᠠᠮᠤᠯᠠᠳᠠᠭ ᠦᠭᠡᠢ᠂ ᠬᠠᠷᠢᠨ | ᠬᠥᠮᠤᠨ ᠤ ᠲᠥᠯᠤᠭᠡ ᠥᠪᠠᠷ ᠢ ᠪᠠᠨ ᠵᠤᠪᠠᠭᠠᠳᠠᠭ ᠲᠠᠪᠢᠯᠠᠩ ᠲᠠᠢ ᠪᠢᠯᠨ᠃ | ᠪᠢᠳᠡ ᠬᠥᠮᠤᠨ ᠢ ᠬᠥᠨᠳᠤᠤᠡᠭᠡᠵᠤ᠂ ᠬᠥᠮᠤᠨ ᠢ ᠬᠠᠶᠢᠷᠠᠯᠠᠵᠤ ᠶᠠᠪᠤᠪᠠᠯ ᠰᠠᠶ᠋ᠢ ᠤᠷᠴᠢᠯᠠᠩ ᠶᠢᠷᠳᠢᠨᠴᠤ | ᠬᠠᠶᠢᠷ᠎ᠠ ᠪᠠᠷ ᠪᠢᠯᠬᠠᠨᠡ᠃ | ᠪᠢᠳᠡᠡ ᠤ ᠬᠢᠪᠡᠰᠤ ᠵᠤᠬᠢᠬᠤ ᠶᠠᠪᠤᠳᠠᠯ ᠭᠡᠪᠠᠯ ᠬᠠᠮᠳᠤ ᠨᠥᠬᠦᠤᠨ ᠡᠪᠡᠤᠡᠴᠢᠯᠠᠭᠰᠠᠠ ᠪᠤᠯ ᠲᠠᠷᠤᠢ ᠳᠤ ᠡᠮ | ᠠᠪᠴᠤ ᠤᠤᠭᠤᠯᠭᠠᠬᠤ᠂ ᠲᠠᠨᠢᠳᠠᠭ ᠴᠦ ᠪᠤᠯᠤᠭ᠂ ᠲᠠᠨᠢᠬᠤ ᠦᠭᠡᠢ ᠴᠦ ᠪᠤᠯᠤᠭ ᠬᠥᠴᠢᠷ ᠲᠤᠯᠭᠠᠷᠠᠵᠤ ᠪᠠᠶᠢᠭ᠎ᠠ | ᠥᠶ᠎ᠡ ᠳᠤ ᠨᠢ ᠲᠠᠮᠵᠢᠵᠤ ᠲᠤᠰᠠᠯᠠᠬᠤ᠂ ᠨᠥᠬᠦᠤᠨ ᠤᠨ ᠮᠢᠨᠢ ᠨᠤᠮ᠂ ᠪᠢᠷ ᠵᠡᠷᠭᠡ ᠨᠢ ᠭᠠᠵᠠᠷ ᠤᠨᠠᠬᠰᠠᠠ ᠪᠤᠯ | ᠠᠪᠴᠤ ᠦᠭᠬᠦ᠂ ᠲᠤᠤᠷ᠎ᠠ ᠠᠩᠬᠢ ᠶᠢᠨ ᠲᠠᠬᠦᠤ ᠨᠠᠷ ᠲᠤ ᠪᠠᠨ ᠨᠠᠶᠢᠷ ᠲᠠᠯᠪᠢᠵᠤ᠂ ᠬᠠᠪᠰᠤᠷᠴᠤ ᠬᠠᠷᠠᠭᠠᠯᠵᠠᠵᠤ | ᠶᠠᠪᠤᠬᠤ ᠁ ᠵᠡᠷᠭᠡ ᠪᠤᠯᠤᠨ᠎ᠡ᠃ | ᠡᠨ᠋ᠨ ᠪᠥᠬᠦᠨ ᠪᠤᠯ ᠪᠥᠷ ᠬᠥᠮᠤᠨ ᠲᠥᠷᠤᠯᠬᠢᠳᠡᠡ ᠳᠤ ᠬᠠᠨᠳᠢᠪᠯᠠᠵᠤ ᠪᠠᠶᠢᠭ᠎ᠠ ᠥᠭᠡ ᠲᠠᠭᠤᠨ ᠦᠭᠡᠢ | ᠬᠠᠶᠢᠷ᠎ᠠ ᠪᠤᠯᠤᠨ᠎ᠡ᠃ | ᠵᠠᠷᠢᠮ ᠨᠢ ᠪᠠᠰᠠ ᠬᠠᠮᠤᠭ ᠤᠨ ᠨᠠᠭᠠᠳᠤ ᠵᠠᠬ᠎ᠠ ᠳᠤ ᠪᠠᠨ ᠥᠪᠠᠷ ᠤᠨ ᠲᠥᠷᠤᠵᠤ ᠥᠰᠤᠭ᠍ᠰᠠᠠ ᠨᠤᠳᠤᠭ | ᠢᠶᠠᠨ ᠪᠠᠰᠠ ᠬᠠᠶᠢᠷᠠᠯᠠᠬᠤ ᠦᠭᠡᠢ᠂ ᠴᠡᠴᠡᠭ ᠡᠪᠡᠰᠤ ᠶᠢ ᠲᠤᠷ᠎ᠠ ᠪᠠᠷ ᠬᠢᠰᠬᠢᠯᠠᠵᠤ᠂ ᠬᠤᠭ ᠨᠤᠪᠰᠢ ᠶᠢ ᠲᠤᠷ᠎ᠠ ᠪᠠᠷ | ᠬᠠᠶᠠᠵᠤ ᠪᠠᠶᠢᠨ᠎ᠡ᠃ ᠦᠭᠡᠢ ᠶᠠᠷᠤ ᠨᠢ ᠨᠤᠳᠤᠬᠰᠠᠭ ᠬᠠᠶᠢᠷ᠎ᠠ ᠰᠡᠤᠡᠬᠢᠯᠭᠡ ᠲᠠᠢ ᠪᠠᠶᠢᠵᠤ ᠪᠤᠯᠬᠤ ᠦᠭᠡᠢ ᠤᠤ︖ | ᠨᠤᠳᠤᠭ ᠪᠤᠯ ᠶᠠᠭ ᠲᠠᠠ ᠤ ᠡᠵᠢ ᠰᠢᠭ᠂ ᠲᠠᠠ ᠢ ᠪᠥᠤᠪᠠᠶᠢᠯᠠᠨ ᠥᠰᠭᠡᠵᠤ ᠢᠷᠡᠭᠰᠠᠠ᠂ ᠨᠤᠳᠤᠭ ᠤᠨ ᠢᠶᠠᠨ | ᠲᠤᠷᠭᠠᠨ ᠬᠥᠷᠤᠰᠤᠨ ᠳᠤ ᠲᠠ ᠥᠰᠤᠨ ᠲᠤᠷᠨᠢᠵᠤ ᠬᠥᠮᠤᠨ ᠪᠤᠯᠵᠤ ᠢᠷᠡᠭᠰᠠᠠ᠃ | ᠨᠤᠳᠤᠭ ᠡᠵᠡᠡ ᠢᠶᠠᠨ ᠢᠪᠡᠭᠡᠳᠡᠭ ᠶᠤᠮ᠃ ᠭᠠᠵᠠᠷ ᠤᠰᠤᠨ ᠤ ᠪᠠᠨ ᠢᠪᠡᠭᠡᠯ ᠳᠤ ᠠᠮᠢᠳᠤᠷᠠᠯ | ᠥᠭᠡᠳᠡᠯᠡᠬᠦᠯᠵᠤ᠂ ᠬᠥᠮᠤᠨ ᠵᠤᠨ ᠤ ᠠᠶᠠᠠ ᠳᠤ ᠠᠴᠢᠶ᠎ᠡ ᠲᠡᠩᠴᠡᠬᠦᠯᠤᠨ ᠭᠤᠯᠤᠮᠳᠡ ᠪᠠᠨ ᠲᠥᠷᠡᠯᠵᠢᠬᠦᠯᠤᠨ ᠶᠠᠪᠤᠵᠤ | ᠪᠠᠶᠢᠭ᠎ᠠ ᠪᠢᠳᠡ ᠨᠠᠷ ᠨᠤᠳᠤᠬᠰᠠᠭ ᠬᠠᠶᠢᠷ᠎ᠠ ᠰᠡᠤᠡᠬᠢᠯᠭᠡ ᠪᠠᠶᠢᠬᠤ ᠴᠢᠬᠤᠯᠨ ᠲᠠᠢ᠃ | ︽ᠨᠤᠳᠤᠬᠰᠠᠭ ᠬᠠᠶᠢᠷ᠎ᠠ ᠰᠡᠤᠡᠬᠢᠯᠭᠡ ᠪᠤᠯ ᠮᠤᠩᠭᠤᠯᠴᠤᠤᠨ ᠤᠨ ᠬᠠᠶᠢᠷ᠎ᠠ ᠰᠡᠤᠡᠬᠢᠯᠭᠡ ᠶᠢᠨ ᠶᠠᠷᠤᠩᠭᠡᠢ | ᠤᠨᠴᠠᠯᠢᠭ᠂ ᠴᠠᠭ ᠥᠶ᠎ᠡ ᠶᠢᠨ ᠡᠷᠢᠯᠬᠢᠯᠠᠯ᠂ ᠥᠷᠬᠦᠯᠵᠢᠯᠠᠨ ᠬᠥᠭᠵᠢᠵᠤ ᠮᠠᠨᠳᠤᠨ᠂ ᠥᠭᠡᠳᠡᠯᠡᠨ ᠴᠡᠴᠡᠭᠯᠡᠬᠦ ᠨᠠᠶᠢᠳᠡ | ᠶᠢᠨ ᠲᠤᠬᠳᠤᠯᠤᠯ᠂ ᠬᠠᠮᠳᠤ ᠶᠢᠨ ᠮᠠᠳᠡᠷᠡᠬᠦᠢ ᠮᠥᠨ᠃ ᠨᠤᠳᠤᠬᠰᠠᠭ ᠬᠠᠶᠢᠷ᠎ᠠ ᠰᠡᠤᠡᠬᠢᠯᠭᠡ ᠮᠤᠩᠭᠤᠯᠴᠤᠤᠨ ᠤᠨ | ᠥᠴᠤᠭᠡᠳᠤᠷ ᠤᠨ ᠮᠥᠷ ᠲᠤ ᠲᠠᠬᠦᠨ ᠤ ᠤᠷᠤᠯᠠᠰᠢ ᠦᠭᠡᠢ ᠴᠢᠬᠤᠯᠨ ᠤᠶᠢᠯᠠᠳᠤᠯ ᠢᠶᠠᠨ ᠪᠠᠳᠠᠷᠠᠭᠤᠯᠤᠬᠰᠠᠠ ᠪᠥᠭᠡᠤᠨ | ᠥᠨᠤᠳᠤᠷ᠂ ᠮᠠᠷᠭᠠᠰᠢ ᠶᠢᠨ ᠵᠠᠢ ᠳᠤ ᠥᠷᠬᠦᠯᠵᠢᠯᠠᠨ ᠲᠠᠬᠦᠨ ᠠᠴᠠ ᠰᠠᠯᠵᠤ ᠪᠤᠯᠤᠰᠢ ᠦᠭᠡᠢ ᠥᠪᠠᠷᠮᠢᠴᠠ | ᠨᠢᠷᠤᠭᠤᠪᠴᠢ ᠤᠶᠢᠯᠡᠳᠤᠯ ᠢᠶᠠᠨ ᠪᠠᠳᠠᠷᠠᠭᠤᠯᠤᠨ ᠠᠯᠢ ᠪᠡᠷᠭᠡ ᠬᠥᠴᠢᠷ ᠲᠠᠢ ᠥᠶ᠎ᠡ᠂ ᠡᠰᠡᠬᠦᠯ᠎ᠠ ᠨᠠᠶᠢᠭᠡᠮ ᠲᠥᠷᠤ ᠶᠢᠨ | ᠰᠢᠯᠢᠯᠳᠡ ᠰᠤᠩᠭᠤᠯᠳᠡ ᠬᠢᠬᠦ ᠥᠶ᠎ᠡ ᠳᠤ ᠨᠤᠳᠤᠬᠰᠠᠭ ᠬᠠᠶᠢᠷ᠎ᠠ ᠰᠡᠤᠡᠬᠢᠯᠭᠡ ᠶᠠᠷᠤ ᠨᠢ ᠵᠠᠩᠬᠢᠯᠠᠭ᠎ᠠ ᠶᠢᠨ ᠤᠶᠢᠯᠠᠳᠤᠯ | ᠢᠶᠠᠨ ᠪᠠᠳᠠᠷᠠᠭᠤᠯᠵᠤ᠂ ᠵᠤᠷᠢᠭ ᠰᠠᠨᠠᠭᠠᠨ ᠤ ᠴᠥᠮ᠎ᠡ᠂ ᠥᠵᠡᠯ ᠪᠤᠳᠤᠯ ᠤᠨ ᠲᠤᠯᠭᠠᠭᠤᠷᠢᠯᠠᠬᠤ ᠬᠥᠴᠤᠨ | ᠪᠤᠯᠤᠬᠰᠠᠭᠠᠷ ᠢᠷᠡᠭᠰᠠᠠ ᠶᠤᠮ᠃︾ ᠡᠭᠡ ᠨᠤᠳᠤᠭ ᠭᠡᠵᠤ ᠨᠢᠭᠡ ᠬᠥᠮᠤᠨ ᠤ ᠡᠵᠢ ᠲᠠᠢ ᠠᠳᠠᠯᠢᠬᠠᠨ ᠥᠯᠤᠭᠡᠢ ᠪᠤᠶᠤ᠃ | ᠥᠷ᠎ᠠ ᠶᠢᠨ ᠪᠥᠤᠪᠠᠢ ᠪᠠᠷ ᠪᠢᠳᠡᠨ ᠢ ᠲᠤᠷᠨᠢᠭᠤᠯᠵᠤ᠂ ᠬᠤᠷᠸ᠎ᠠ ᠲᠠᠨᠢᠭᠤᠯᠳᠠᠭ ᠶᠤᠮ᠃ ᠡᠶᠢᠮᠤ ᠠᠴᠠ ᠪᠢᠳᠡ | ᠮᠤᠩᠭᠤᠯ ᠬᠥᠮᠤᠨ ᠪᠤᠯᠵᠤ ᠮᠤᠩᠭᠤᠯ ᠨᠤᠳᠤᠭ ᠲᠤ ᠪᠠᠨ ᠥᠰᠴᠤ ᠪᠤᠶᠢᠵᠢᠬᠰᠠᠠ ᠳᠤ ᠪᠠᠨ ᠨᠤᠳᠤᠭ ᠢᠶᠠᠨ | ᠬᠠᠶᠢᠷᠠᠯᠠᠵᠤ ᠬᠢᠮᠠᠭᠠᠳᠠᠵᠤ ᠶᠠᠪᠤᠬᠤ ᠭᠡᠷᠡᠭᠳᠡᠢ᠃ | ︽ᠬᠠᠶᠢᠷ᠎ᠠ ᠪᠤᠯ ᠬᠠᠷᠠᠮ ᠦᠭᠡᠢ ᠥᠨᠠᠨᠴᠢᠭᠡᠨ ᠡᠷᠬᠦᠮᠵᠢ᠂ ᠬᠠᠶᠢᠷ᠎ᠠ ᠪᠤᠯ ᠬᠦᠮᠦᠨ ᠲᠥᠷᠤᠯᠬᠢᠳᠡᠡ ᠳᠤ | ᠬᠠᠮᠤᠭ ᠤᠨ ᠭᠤᠶᠤᠬᠠᠨ ᠥᠭᠡ ᠶᠤᠮ ᠁︾ ᠭᠡᠵᠤ ᠪᠤᠶ᠋ᠨᠨᠪᠠᠳᠤ ᠭᠤᠸᠠᠢ ᠪᠠᠰᠠ ᠥᠬᠦᠯᠡᠭᠰᠠᠠ ᠪᠠᠶᠢᠳᠠᠭ᠃ | ᠲᠠᠶᠢᠮᠤ ᠡ︕ ᠬᠠᠶᠢᠷ᠎ᠠ ᠪᠤᠯ ᠡᠷᠬᠢᠮ ᠲᠡᠭᠡᠳᠤ ᠪᠠᠶᠢᠳᠠᠭ᠃ ᠬᠠᠶᠢᠷ᠎ᠠ ᠪᠤᠯ ᠶᠢᠷᠳᠢᠨᠴᠤ ᠶᠢᠨ ᠬᠠᠮᠤᠭ ᠤᠨ | ᠭᠤᠶᠤ ᠵᠤᠶᠢᠯ᠃ ᠬᠠᠶᠢᠷ᠎ᠠ ᠪᠠᠶᠢᠬᠤ ᠠᠴᠠ ᠪᠤᠯᠵᠤ ᠠᠮᠢᠳᠤᠷᠠᠯ ᠭᠤᠶᠤᠵᠢᠳᠠᠭ᠃ ᠶᠠᠭ ᠡᠶᠢᠮᠤ ᠠᠴᠠ — ᠠᠮᠢᠳᠤᠷᠠᠯ | ᠬᠠᠶᠢᠷ᠎ᠠ ᠲᠡᠭᠡᠷ᠎ᠡ ᠲᠤᠬᠳᠠᠳᠠᠭ᠃ | ᠬᠤᠷᠸ᠎ᠠ ᠭᠡᠵᠤ ᠰᠡᠤᠡᠬᠢᠯ ᠤᠨ ᠬᠠᠯᠠᠭᠠᠰᠤ᠂ ᠬᠠᠶᠢᠷ᠎ᠠ ᠶᠢᠨ ᠪᠠᠭᠳᠠᠭᠠᠮᠵᠢ ᠪᠢᠯᠨ᠃ ᠡᠵᠡᠩᠨᠠᠵᠤ ᠶᠠᠪᠤᠬᠤ | ᠡᠷᠭᠡ ᠨᠢ ᠬᠥᠮᠤᠨ ᠪᠥᠬᠦᠨ ᠤ ᠤᠬᠠᠭᠠᠨ ᠰᠠᠨᠠᠭᠠᠨ ᠳᠤ ᠤᠷᠤᠰᠢᠬᠤᠢ᠃ | ᠬᠠᠶᠢᠷ᠎ᠠ ᠪᠤᠯ ᠲᠡᠭᠷᠢ ᠶᠢᠨ ᠲᠤᠤᠷᠠᠬᠢ ᠬᠠᠮᠤᠭ ᠶᠡᠭᠡ ᠵᠤᠯ ᠵᠢᠷᠭᠠᠯ᠃ ᠬᠠᠶᠢᠷ᠎ᠠ ᠪᠤᠯ ᠬᠥᠮᠤᠨ ᠤ ᠬᠤᠷᠸ᠎ᠠ | ᠶᠢᠨ ᠬᠠᠮᠤᠭ ᠭᠤᠶᠤ ᠲᠠᠯ᠎ᠠ ᠨᠤᠳᠤᠭ ᠶᠤᠮᠰᠠᠠ᠃ | ᠬᠠᠶᠢᠷ᠎ᠠ ᠭᠡᠳᠡᠭ ᠬᠤᠷᠸ᠎ᠠ ᠶᠢᠨ ᠬᠥᠮᠤᠰ ᠢ ᠬᠤᠯᠪᠤᠵᠤ ᠲᠠᠯᠪᠢᠳᠠᠭ ᠬᠤᠪᠤᠷᠬᠠᠨ ᠠᠵᠠ ᠵᠢᠷᠭᠠᠯ ᠪᠠᠶᠢᠪᠠᠤ︕ | | ᠬᠠᠶᠢᠷ᠎ᠠ — ᠬᠤᠷᠸ᠎ᠠ ᠶᠢᠷᠳᠢᠨᠴᠤ ᠶᠢᠨ ᠮᠥᠩᠭᠡ ᠶᠢᠨ ᠢᠪᠡᠭᠡᠯ ᠡ︕ | ᠬᠠᠶᠢᠷ᠎ᠠ ᠪᠠᠷ ᠮᠥᠩᠭᠡᠷᠡᠬᠦ ᠬᠥᠮᠤᠨ ᠤ ᠬᠤᠷᠸ᠎ᠠ ᠨᠢᠭᠡᠨ ᠪᠠᠶᠠᠰᠤᠯ ᠰᠠᠠ︕ ᠬᠥᠮᠤᠨ ᠤ ᠬᠤᠷᠸ᠎ᠠ ᠳᠤ | ᠬᠠᠶᠢᠷ᠎ᠠ ᠪᠠᠷ ᠮᠥᠩᠭᠡᠷᠡᠬᠦ ᠨᠢᠭᠡᠨ ᠵᠢᠷᠭᠠᠯ ᠰᠠᠠ︕ | ᠬᠠᠶᠢᠷ᠎ᠠ ᠪᠠᠷ ᠲᠡᠷᠭᠡᠯᠰᠢᠬᠦ ᠬᠤᠷᠸ᠎ᠠ ᠭᠡᠵᠤ ᠁ | | | | |