ᠰᠡᠭᠦᠯᠡᠨᠬᠦᠥ ᠰᠣᠷᠭᠠᠭᠤᠯᠢ ᠶᠢᠨ ᠬᠥᠷᠢᠶᠡᠨ ᠳᠤ ᠲᠣᠭᠤᠷᠢᠭᠰᠠᠨ ᠨᠢ | | ᠪᠠᠭᠠᠷᠢᠨ ᠵᠡᠬᠦᠨ ᠬᠤᠰᠢᠭᠤᠨ ᠤ ᠯᠢᠨᠳᠥ᠋ᠩ ᠤᠨ ᠮᠤᠩᠭᠤᠯ ᠲᠤᠮᠳᠠᠳᠤ ᠰᠤᠷᠭᠠᠭᠤᠯᠢ | ᠠᠩᠬ᠎ᠠ ᠨᠢᠭᠡ ᠶᠢᠨ ᠭᠤᠷᠪᠠ ᠣᠨᠳᠣᠷᠣᠬᠤ | | ᠨᠢᠭᠡ ᠬᠢᠴᠢᠶᠡᠯ ᠤᠨ ᠲᠢᠩᠬᠢᠮ ᠳᠤ | | ᠡᠨᠡ ᠡᠳᠥᠷ ᠲᠣᠭᠠᠨ ᠤ ᠬᠢᠴᠢᠶᠡᠯ ᠲᠡᠭᠡᠷ᠎ᠡ ᠪᠠᠭᠰᠢ ᠨᠠᠳᠠ ᠠᠴᠠ ᠨᠢᠭᠡ ᠬᠥᠴᠢᠷᠳᠡᠢ ᠰᠡᠳᠥᠪ ᠠᠰᠠᠭᠤᠪᠠ᠃ | ᠪᠢ ᠪᠠᠭᠰᠢ ᠶᠢᠨ ᠲᠠᠶᠢᠯᠪᠣᠷᠢᠯᠠᠬᠤ ᠶᠢ ᠠᠩᠬᠠᠷᠣᠯ ᠳᠤ ᠪᠠᠨ ᠠᠪᠣᠭᠰᠠᠨ ᠥᠭᠡᠢ ᠪᠣᠯᠬᠤᠷ ᠴᠢᠳᠠᠬᠤ ᠥᠭᠡᠢ ᠵᠣᠭᠰᠣᠵᠣ | ᠪᠠᠶᠢᠲᠠᠯ᠎ᠠ᠄ ︽ᠰᠠᠮᠪᠠᠷ᠎ᠠ ᠲᠡᠭᠡᠷ᠎ᠡ ᠪᠢᠴᠢᠵᠥ ᠪᠠᠶᠢᠭ᠎ᠠ ᠲᠣᠮᠢᠶ᠎ᠠ ᠶᠢ ᠮᠥᠷᠳᠡᠨ ᠪᠣᠳᠣ︾ ᠭᠡᠰᠡᠨ ᠰᠢᠪᠡᠨᠡᠭᠡ ᠴᠢᠬᠢᠨ ᠳᠤ | ᠰᠣᠨᠣᠷᠳᠠᠪᠠ᠃ ᠪᠢ ᠶᠡᠭᠡ ᠭᠠᠶᠢᠬᠠᠭᠰᠠᠨ ᠪᠣᠯᠪᠠᠴᠥ ᠰᠢᠷᠡᠭᠡᠨ ᠨᠠᠶᠢᠵᠠ ᠮᠢᠨᠢ ᠨᠠᠳᠠ ᠳᠤ ᠬᠡᠯᠡᠵᠥ ᠥᠭᠴᠥ ᠪᠠᠶᠢᠨ᠎ᠠ | ᠭᠡᠳ ᠲᠡᠭᠦᠨ ᠤ ᠬᠡᠯᠡᠭᠰᠡᠨ ᠶᠣᠰᠣ ᠪᠠᠷ ᠨᠢ ᠬᠠᠷᠢᠭᠤᠯᠪᠠ᠂ ᠮᠢᠨᠣ ᠬᠠᠷᠢᠭᠤᠯᠣᠭᠰᠠᠨ ᠨᠢ ᠲᠠᠭᠠᠷᠠᠭᠰᠠᠨ ᠮᠥᠷᠳᠡᠭᠡᠨ᠄ | ︽ᠬᠡᠷᠪᠡ ᠠᠩᠬᠠᠷᠣᠯ ᠲᠠᠯᠪᠢᠨ ᠰᠣᠨᠣᠰᠳᠠᠭ ᠶᠣᠮ ᠪᠣᠯ ᠨᠡᠩ ᠰᠠᠶᠢᠨ︾ ᠭᠡᠵᠥ ᠲᠣᠭᠠᠨ ᠤ ᠪᠠᠭᠰᠢ ᠶᠡᠭᠡ ᠪᠠᠷ | ᠮᠠᠭᠳᠠᠪᠠ᠃ ᠪᠢ ᠰᠠᠨᠳᠠᠯᠢ ᠲᠡᠭᠡᠷ᠎ᠡ ᠪᠠᠨ ᠰᠠᠭᠤᠮᠠᠭᠴᠠ ᠰᠢᠷᠡᠭᠡᠨ ᠨᠠᠶᠢᠵᠠ ᠳᠤ ᠪᠠᠨ᠄ ︽ᠲᠠᠯᠠᠷᠬᠠᠯ᠎ᠠ︕ ᠲᠠ | ᠨᠠᠳᠠ ᠳᠤ ᠲᠣᠮᠢᠶ᠎ᠠ ᠪᠠᠷ ᠮᠥᠷᠳᠡᠨ ᠪᠣᠳᠣᠬᠤ ᠶᠢ ᠬᠡᠯᠡᠵᠥ ᠥᠭᠭᠦᠭᠰᠡᠨ ᠥᠭᠡᠢ ᠪᠣᠯ ᠪᠢ ᠬᠡᠷᠬᠢᠨ ᠪᠠᠭᠰᠢ ᠳᠤ | ᠮᠠᠭᠳᠠᠭᠳᠠᠬᠤ ᠪᠣᠢ︖ ᠥᠨᠡᠨ ᠰᠡᠳᠬᠢᠯ ᠠᠴᠠ ᠪᠠᠨ ᠲᠠᠨ ᠳᠤ ᠲᠠᠯᠠᠷᠬᠠᠵᠥ ᠪᠠᠶᠢᠨ᠎ᠠ︾ ᠭᠡᠵᠥ ᠰᠡᠮᠡᠭᠡᠷ ᠬᠡᠯᠡᠪᠡ᠃ | ᠡᠨᠡ ᠥᠶ᠎ᠡ ᠳᠤ ᠨᠠᠶᠢᠵᠠ ᠮᠢᠨᠢ᠄ ︽ᠪᠢ ᠁ ᠪᠢ ᠴᠢᠮ᠎ᠠ ᠳᠤ ᠶᠠᠭᠤ ᠴᠦ ᠬᠡᠯᠡᠵᠥ ᠥᠭᠭᠦᠭᠰᠡᠨ ᠥᠭᠡᠢ᠂ ᠪᠢ | ᠪᠠᠰᠠ ᠡᠨᠡ ᠰᠡᠳᠥᠪ ᠢ ᠴᠢᠳᠠᠬᠤ ᠥᠭᠡᠢ︾ ᠭᠡᠪᠡ᠃ ᠪᠢ ᠨᠡᠩ ᠶᠡᠭᠡ ᠭᠠᠶᠢᠬᠠᠪᠠ᠂ ᠡᠨᠡ ᠥᠶ᠎ᠡ ᠳᠤ ᠴᠢᠬᠢᠨ ᠳᠤ᠄ | ︽ᠡᠷᠡᠭᠡᠯᠵᠡᠬᠦ ᠬᠡᠷᠡᠭ ᠥᠭᠡᠢ᠂ ᠪᠢ ᠶᠡᠷᠥ ᠠᠴᠠ ᠬᠥᠮᠥᠨ ᠢ ᠬᠠᠪᠰᠣᠷᠬᠤ ᠲᠣᠷᠠᠳᠠᠢ᠂ ᠥᠷᠥᠭᠡᠯ ᠪᠣᠰᠣᠳ ᠲᠤ ᠠᠴᠢ | ᠲᠣᠰᠠ ᠬᠥᠷᠳᠡᠭᠡᠬᠦ ᠨᠢ ᠮᠢᠨᠥ ᠠᠷᠠᠨᠰᠢᠨ︾ ᠭᠡᠬᠦ ᠰᠢᠪᠡᠨᠡᠭᠡ ᠲᠣᠭᠤᠯᠳᠠᠬᠤ ᠶᠣᠮ᠃ ᠪᠢ ᠴᠢᠬᠢ ᠪᠠᠨ ᠪᠠᠷᠢᠬᠤ ᠳᠤ | ᠨᠢᠭᠡ ᠶᠠᠭᠤᠮ᠎ᠠ ᠪᠠᠶᠢᠬᠤ ᠰᠢᠭ᠋᠂ ᠬᠤᠷᠣᠬᠠᠢ ᠭᠡᠵᠥ ᠪᠣᠳᠣᠭᠠᠳ ᠭᠠᠷ ᠢᠶᠠᠨ ᠲᠡᠯᠭᠡᠭᠡᠳ ᠥᠵᠡᠭᠰᠡᠨ ᠴᠢᠨᠢ ᠨᠠᠩᠵᠠᠭᠠ | ᠡᠮᠡᠭᠡ ᠶᠢᠨ ᠪᠢᠴᠢᠬᠠᠨ ᠬᠥᠮᠥᠨᠴᠢᠷ ᠰᠡᠭᠦᠯᠡᠨᠬᠦᠥ ᠪᠣᠯᠬᠤ ᠶᠢ ᠮᠡᠳᠡᠪᠡ᠃ ᠲᠡᠭᠦᠨ ᠤ ᠥᠭᠡ ᠬᠡᠯᠡᠵᠥ ᠴᠢᠳᠠᠬᠤ ᠶᠢ | ᠮᠡᠳᠡᠭᠡᠳᠲ᠋ᠡᠭᠦᠨ ᠳᠤ᠄ ︽ᠲᠠ ᠁ ᠲᠠ ᠶᠠᠭᠤᠨ ᠳᠤ ᠠᠩᠬᠢ ᠶᠢᠨ ᠭᠡᠷ ᠲᠤ ᠢᠷᠡᠪᠡ︖︾ ᠭᠡᠬᠦ ᠳᠤ ᠲᠡᠷᠡ᠄ | ︽ᠲᠠ ᠪᠢᠳᠡᠭᠡᠢ ᠠᠶᠣᠭᠠᠷᠠᠢ᠂ ᠪᠢ ᠬᠥᠮᠥᠨ ᠢ ᠬᠤᠣᠷᠯᠠᠬᠤ ᠥᠭᠡᠢ᠂ ᠰᠠᠶᠢᠨ ᠬᠥᠮᠥᠨ᠂ ᠠᠰᠢᠭᠳᠠᠢ ᠠᠮᠢᠳᠠᠨ | ᠣᠷᠭᠤᠮᠠᠯ ᠳᠤ ᠠᠴᠢ ᠲᠣᠰᠠ ᠬᠥᠷᠳᠡᠭᠡᠳᠡᠭ ᠵᠢᠵᠢᠭ ᠬᠥᠮᠥᠨᠴᠢᠷ ᠪᠣᠯᠣᠨ᠎ᠠ᠂ ᠡᠨᠡ ᠡᠳᠥᠷ ᠰᠣᠷᠭᠠᠭᠤᠯᠢ ᠶᠢᠨ | ᠬᠥᠷᠢᠶᠡᠨ ᠳᠤ ᠴᠢᠨᠢ ᠲᠣᠭᠤᠷᠢᠵᠥ ᠥᠵᠡᠶ᠎ᠡ︾ ᠭᠡᠪᠡ᠃ ᠲᠡᠷᠡ ᠪᠠᠰᠠ ᠵᠠᠯᠭᠠᠨ᠄ ︽ᠲᠠ ᠨᠠᠳᠠ ᠲᠠᠢ ᠬᠠᠮᠳᠣ | ᠲᠣᠭᠤᠷᠢᠬᠤ ᠥᠭᠡᠢ ᠤᠤ︖︾ ᠭᠡᠪᠡ᠂ ᠪᠢ ᠲᠡᠭᠦᠨ ᠤ ᠲᠣᠩ ᠡᠶᠡᠯᠳᠡᠭ ᠮᠥᠷᠳᠡᠭᠡᠨ ᠯᠠᠪᠳᠠᠭᠤᠨ ᠲᠥᠷᠢ ᠲᠠᠢ ᠶᠢ | ᠥᠵᠡᠭᠡᠳ ᠣᠣᠬᠠᠢ ᠬᠡᠵᠤ ᠲᠠᠰᠣ ᠵᠥᠪᠰᠢᠶᠡᠷᠡᠪᠡ᠃ | | ᠬᠤᠶᠠᠷ ᠲᠣᠭᠤᠭᠠᠨ ᠭᠡᠷ ᠲᠤ ᠲᠣᠭᠤᠷᠢᠭᠰᠠᠨ ᠨᠢ | ᠡᠨᠡ ᠥᠳᠡ ᠳᠤ ᠪᠢ ᠰᠡᠭᠦᠯᠡᠨᠬᠦᠥ ᠶᠢ ᠮᠠᠯᠠᠭᠠᠢ ᠲᠣᠳᠣᠷ᠎ᠠ ᠪᠠᠨ ᠬᠢᠮᠡᠭᠴᠡ ᠰᠣᠷᠭᠠᠭᠤᠯᠢ ᠶᠢᠨ ᠲᠣᠭᠤᠭᠠᠨ | ᠭᠡᠷ ᠲᠤ ᠪᠣᠳᠠᠭ᠎ᠠ ᠢᠳᠡᠬᠦ ᠪᠠᠷ ᠶᠠᠪᠣᠪᠠ᠂ ᠪᠢ ᠣᠯᠠᠨ ᠰᠣᠷᠣᠭᠴᠢ ᠶᠢᠨ ᠬᠤᠶᠢᠨ᠎ᠠ ᠮᠥᠷᠯᠡᠨ ᠵᠣᠭᠰᠣᠪᠠ᠂ | ᠰᠡᠭᠦᠯᠡᠨᠬᠦᠥ ᠰᠣᠷᠣᠭᠴᠢ ᠶᠢᠨ ᠲᠣᠮᠳᠠᠭᠤᠷ ᠲᠣᠭᠤᠷᠢᠪᠠ᠂ ᠪᠢ ᠪᠣᠳᠠᠭ᠎ᠠ ᠪᠠᠨ ᠢᠳᠡᠵᠥ ᠪᠠᠷᠠᠭᠠᠳ ᠰᠡᠭᠦᠯᠡᠨᠬᠦᠥ ᠶᠢ | ᠡᠷᠢᠪᠡ᠃ ᠲᠡᠷᠡ ᠬᠠᠷᠢᠨ ᠰᠣᠯᠠ ᠢᠳᠡᠭᠡᠨ ᠢᠳᠡᠵᠥ ᠪᠠᠶᠢᠭ᠎ᠠ ᠰᠣᠷᠣᠭᠴᠢ ᠶᠢᠨ ᠲᠣᠮᠳᠠ ᠪᠠᠶᠢᠪᠠ᠂ ᠨᠠᠮ᠎ᠠ ᠶᠢ | ᠥᠵᠡᠭᠡᠳ᠄ ︽ᠡᠳᠡᠭᠡᠷ ᠰᠣᠷᠣᠭᠴᠢᠳ ᠶᠠᠭᠠᠬᠢᠭᠠᠳ ᠰᠣᠷᠭᠠᠭᠤᠯᠢ ᠶᠢᠨ ᠲᠣᠭᠤᠭᠠᠨ ᠭᠡᠷ ᠤᠨ ᠪᠣᠳᠠᠭ᠎ᠠ ᠪᠠᠨ ᠢᠳᠡᠬᠦ | ᠥᠭᠡᠢ᠂ ᠰᠣᠯᠠ ᠢᠳᠡᠭᠡᠨ ᠢᠳᠡᠵᠥ ᠪᠠᠶᠢᠬᠤ ᠪᠣᠢ︖︾ ᠭᠡᠪᠡ᠂ ᠪᠢ᠄ ︽ᠶᠠᠭᠤ ᠭᠡᠵᠥ ᠬᠡᠯᠡᠨ᠎ᠡ ᠪᠣᠢ︖ | ᠡᠳᠡᠭᠡᠷ ᠪᠣᠯᠳᠠᠭ ᠥᠭᠡᠢ ᠪᠠᠨᠳᠢ ᠨᠠᠷ ᠥᠷᠭᠦᠯᠵᠢ ᠰᠣᠷᠭᠠᠭᠤᠯᠢ ᠶᠢᠨ ᠰᠠᠬᠢᠬᠤ ᠲᠥᠷᠢᠮ ᠢ ᠵᠥᠷᠢᠴᠡᠵᠥ᠂ ᠪᠠᠭᠰᠢ ᠶᠢᠨ | ᠰᠠᠨᠠᠭᠤᠯᠣᠭᠰᠠᠨ ᠰᠣᠯᠠ ᠢᠳᠡᠭᠡᠨ ᠢᠳᠡᠵᠥ ᠪᠣᠯᠬᠤ ᠥᠭᠡᠢ ᠬᠡᠰᠡᠨ ᠰᠠᠨᠠᠭᠤᠯᠭ᠎ᠠ ᠶᠢ ᠠᠩᠬᠠᠷᠣᠯ ᠳᠤ ᠪᠠᠨ ᠠᠪᠳᠠᠭ | ᠥᠭᠡᠢ᠂ ᠶᠣᠰᠣᠳᠠᠢ ᠬᠥᠮᠥᠨ ᠤ ᠥᠭᠡ ᠰᠣᠨᠣᠰᠳᠠᠭ ᠥᠭᠡᠢ ᠠᠳᠣᠭᠤᠰᠣ ᠪᠠᠶᠢᠨ᠎ᠠ︾ ᠭᠡᠬᠦ ᠳᠤ᠂ ᠰᠡᠭᠦᠯᠡᠨᠬᠦᠥ | ᠠᠭᠤᠷ ᠲᠠᠢ ᠪᠠᠷ᠄ ︽ᠲᠡᠷᠡ ᠰᠣᠯᠠ ᠢᠳᠡᠭᠡᠨ ᠨᠢ ᠪᠥᠷ ᠣᠯᠠᠨ ᠵᠥᠢᠯ ᠤᠨ ᠠᠮᠳᠠ ᠣᠷᠣᠭᠤᠯᠬᠤ ᠡᠳ᠋᠂ ᠢᠯᠵᠡᠷᠡᠬᠤ | ᠶᠢ ᠰᠡᠷᠭᠡᠶᠢᠯᠡᠬᠦ ᠡᠳ᠋᠂ ᠥᠩᠭᠡ ᠪᠣᠳᠤᠭ ᠣᠷᠣᠭᠤᠯᠣᠭᠰᠠᠨ ᠪᠥᠭᠡᠳ ᠵᠠᠷᠢᠮ ᠤᠨ ᠬᠢᠨᠢ ᠡᠳᠥᠷ ᠬᠤᠭᠤᠴᠠᠭ᠎ᠠ ᠨᠢ | ᠥᠩᠭᠡᠷᠡᠭᠰᠡᠨ ᠪᠠᠶᠢᠵᠣ ᠮᠡᠳᠡᠨ᠎ᠡ᠂ ᠰᠣᠷᠭᠠᠭᠤᠯᠢ ᠶᠢᠨ ᠲᠣᠭᠤᠭᠠᠨ ᠭᠡᠷ ᠤᠨ ᠪᠣᠳᠠᠭᠠᠨ ᠤ ᠬᠢᠷᠢ ᠰᠢᠮ᠎ᠡ ᠲᠡᠵᠢᠭᠡᠯ | ᠥᠭᠡᠢ ᠪᠠᠶᠢᠵᠣ ᠵᠣᠭᠤᠰ ᠵᠤᠭ᠎ᠠ ᠳᠤ ᠴᠦ ᠠᠷᠪᠢ ᠥᠭᠡᠢ᠂ ᠡᠳᠡᠭᠡᠷ ᠪᠥᠳᠥᠯ ᠥᠭᠡᠢ ᠪᠠᠨᠳᠢ ᠨᠠᠷ ᠠᠪᠤ ᠡᠵᠢ ᠶᠢᠨ | ᠢᠶᠠᠨ ᠥᠢᠯᠡ ᠪᠠᠨ ᠥᠵᠡᠵᠥ ᠥᠰᠥ ᠪᠠᠨ ᠲᠡᠭᠦᠵᠥ ᠣᠯᠣᠭᠰᠠᠨ ᠵᠣᠭᠤᠰ ᠢ ᠠᠳᠡ ᠬᠠᠷᠢᠨ ᠲᠡᠮᠡᠢ ᠲᠠᠯᠠᠭᠠᠷ ᠥᠷᠡᠵᠥ | ᠰᠥᠢᠳᠭᠡᠵᠥ ᠪᠠᠶᠢᠭ᠎ᠠ ᠶᠣᠮ ᠪᠠᠶᠢᠨ᠎ᠠ︾ ᠭᠡᠪᠡ᠃ ᠰᠡᠭᠦᠯᠡᠨᠬᠦᠥ ᠪᠢᠳᠡ ᠬᠤᠶᠠᠷ ᠶᠠᠷᠢᠯᠴᠠᠵᠣ ᠪᠠᠶᠢᠲᠠᠯ᠎ᠠ ᠠᠩᠬ᠎ᠠ | ᠨᠢᠭᠡᠳᠥᠭᠡᠷ ᠣᠨ ᠤ ᠭᠠᠯᠬᠦᠥ ᠣᠭᠰᠢᠭᠤᠯᠣᠨ ᠪᠥᠭᠡᠯᠵᠢᠭᠰᠡᠭᠡᠷ ᠣᠰᠣᠨ ᠭᠡᠷ ᠵᠥᠭ ᠭᠥᠶᠥᠪᠡ᠂ ᠰᠡᠭᠦᠯᠡᠨᠬᠦᠥ ᠮᠢᠨᠥ | ᠵᠥᠭ ᠬᠠᠨᠳᠣᠨ᠄ ︽ᠥᠵᠡᠬᠦ ᠥᠭᠡᠢ ᠤᠤ︖ ᠰᠠᠶ᠋ᠢᠬᠠᠨ ᠰᠣᠯᠠ ᠢᠳᠡᠭᠡᠨ ᠢᠳᠡᠵᠥ ᠣᠮᠳᠠᠭᠠᠨ ᠣᠣᠭᠤᠵᠥ | ᠪᠠᠶᠢᠭᠰᠠᠨ ᠲᠡᠷᠡ ᠨᠠᠶᠢᠵᠠ ᠴᠢᠨᠢ︾ ᠭᠡᠪᠡ᠃ ᠲᠡᠷᠨ ᠪᠠᠰᠠ ᠵᠠᠯᠭᠠᠨ᠄ ︽ᠨᠢᠭᠡᠨ ᠰᠥᠯᠵᠢᠶᠡᠨ ᠲᠡᠭᠡᠷ᠎ᠡ ᠡᠶᠢᠮᠥ ᠨᠢᠭᠡᠨ | ᠶᠠᠷᠢᠶ᠎ᠠ ᠪᠢᠴᠢᠭᠳᠡᠵᠥ ᠪᠠᠶᠢᠭᠰᠠᠨ ᠪᠠᠶᠢᠨ᠎ᠠ᠂ ᠨᠢᠭᠡᠨ ᠲᠣᠮᠳᠠᠳᠣ ᠶᠢᠨ ᠬᠥᠮᠥᠨ ᠤ ᠬᠡᠭᠦᠷ ᠨᠢ ᠲᠡᠷᠣᠢ ᠨᠢᠭᠡ ᠬᠠᠭᠤᠳᠠᠰᠣ | ᠡᠯᠧᠮᠧᠨ᠋ᠲ ᠤᠨ ᠥᠶᠡᠯᠡᠬᠦ ᠬᠥᠰᠥᠨᠥᠭᠳᠥ ᠪᠣᠯᠣᠨ ᠬᠤᠴᠣᠷᠳᠠᠭ ᠭᠡᠳᠡᠭ᠃ ᠣᠴᠢᠷ ᠨᠢ ᠲᠣᠮᠳᠠᠳᠣ ᠣᠯᠣᠰ ᠤᠨ | ᠢᠳᠡᠭᠡᠨ ᠤ ᠲᠣᠮᠳᠠ ᠠᠭᠤᠯᠣᠭᠳᠠᠵᠣ ᠪᠠᠶᠢᠭ᠎ᠠ ᠨᠡᠮᠡᠯᠳᠡ ᠡᠳ᠋ ᠨᠢ ᠮᠠᠰᠢ ᠣᠯᠠᠨ ᠪᠠᠶᠢᠵᠣ᠂ ᠵᠠᠷᠢᠮ ᠨᠡᠮᠡᠯᠳᠡ ᠡᠳ᠋ ᠨᠢ | ᠴᠢᠨᠠᠭᠰᠢᠯᠠᠨ ᠬᠤᠣᠷᠳᠣ ᠡᠳ᠋ ᠪᠣᠯᠣᠨ᠎ᠠ᠃ ᠡᠨᠡ ᠨᠢ ᠶᠠᠮᠠᠷ ᠴᠦ ᠪᠠᠷᠢᠮᠳᠠ ᠥᠭᠡᠢ ᠪᠠᠯᠠᠢ ᠶᠠᠷᠢᠶ᠎ᠠ ᠪᠢᠰᠢ᠂ ᠡᠨᠡ ᠨᠢ | ᠬᠡᠳᠥᠶᠢᠪᠡᠷ ᠵᠣᠬᠢᠬᠤ ᠬᠡᠮᠵᠢᠶ᠎ᠡ ᠪᠠᠷ ᠥᠰᠭᠡᠵᠥ ᠶᠠᠷᠢᠵᠣ ᠪᠠᠶᠢᠭ᠎ᠠ ᠪᠣᠯᠪᠠᠴᠣ ᠮᠥᠨ ᠥᠭᠡᠷ᠎ᠡ ᠨᠢᠭᠡᠨ ᠲᠠᠯ᠎ᠠ ᠠᠴᠠ | ᠮᠠᠨᠣᠰ ᠢ ᠰᠡᠷᠡᠮᠵᠢᠯᠡᠭᠦᠯᠵᠥ ᠪᠠᠶᠢᠳᠠᠭ︾ ᠭᠡᠪᠡ᠃ ᠪᠢ ᠣᠷᠮ᠎ᠠ ᠮᠠᠭᠤᠳᠠᠶᠢᠬᠠᠨ ᠰᠡᠭᠦᠯᠡᠨᠬᠦᠥ ᠶᠢ ᠮᠠᠯᠠᠭᠠᠢ ᠳᠤ ᠪᠠᠨ | ᠬᠢᠮᠡᠭᠴᠡ ᠪᠠᠶᠢᠷᠢ ᠵᠥᠭ ᠢᠶᠠᠨ ᠶᠠᠪᠣᠪᠠ᠃ | ᠭᠤᠷᠪᠠ ᠪᠠᠶᠢᠷᠢ ᠶᠢᠨ ᠭᠡᠷ ᠲᠤ ᠲᠣᠭᠤᠷᠢᠭᠰᠠᠨ ᠨᠢ | | ᠪᠠᠶᠢᠷᠢ ᠶᠢᠨ ᠶᠡᠭᠡ ᠡᠭᠦᠳᠡ ᠪᠠᠷ ᠣᠷᠣᠮᠠᠭᠴᠠ ᠣᠰᠣᠨ ᠤ ᠲᠤᠰᠤᠯᠠᠬᠤ ᠲᠠᠭᠤᠨ ᠢ ᠣᠯᠵᠣ ᠰᠣᠨᠣᠰᠪᠠ᠃ | ᠰᠡᠭᠦᠯᠡᠨᠬᠦᠥ ᠲᠥᠷᠭᠡᠨ ᠭᠡᠭᠴᠢ ᠭᠠᠷᠴᠣ ᠢᠷᠡᠭᠡᠳ᠄ ︽ᠶᠠᠭᠠᠬᠢᠴᠢᠬᠠᠪᠠ︖︾ ᠭᠡᠪᠡ᠂ ᠪᠢ᠄ ︽ᠬᠠᠮᠢᠶ᠎ᠠ ᠥᠭᠡᠢ᠂ | ᠣᠰᠣᠨ ᠴᠣᠷᠭᠤ ᠪᠠᠨ ᠬᠠᠭᠠᠭᠰᠠᠨ ᠥᠭᠡᠢ ᠠᠴᠠ ᠪᠣᠯᠣᠭᠠᠳ ᠣᠰᠣ ᠨᠢ ᠲᠤᠰᠣᠯᠠᠵᠤ ᠪᠠᠶᠢᠨ᠎ᠠ︾ ᠭᠡᠪᠡ᠃ | ᠰᠡᠭᠦᠯᠡᠨᠬᠦᠥ᠄ ︽ᠡᠳᠡ ᠶᠠᠭᠠᠬᠢᠭᠠᠳ ᠣᠰᠣ ᠠᠷᠪᠢᠯᠠᠬᠤ ᠶᠢ ᠮᠡᠳᠡᠳᠡᠭ ᠥᠭᠡᠢ ᠪᠣᠢ︖︾ ᠭᠡᠪᠡ᠃ ᠪᠢᠳᠡ ᠪᠠᠶᠢᠷᠢ | ᠶᠢᠨ ᠭᠡᠷ ᠲᠤ ᠣᠷᠣᠬᠤ ᠳᠤ ᠰᠣᠷᠣᠭᠴᠢᠳ ᠣᠰᠣᠨ ᠫᠣᠣ ᠪᠠᠷ ᠨᠠᠭᠠᠳᠴᠥ ᠪᠠᠶᠢᠬᠤ ᠮᠥᠷᠲᠡᠭᠡᠨ ᠬᠤᠸᠠᠷ ᠴᠡᠴᠡᠭ ᠢ | ᠲᠠᠰᠣᠳᠠᠵᠥ ᠠᠩᠬᠠᠨ ᠤ ᠣᠣᠭᠤᠭᠰᠠᠨ ᠣᠮᠳᠠᠭᠠᠨ ᠤ ᠯᠣᠩᠬᠤᠨ ᠳᠤ ᠪᠠᠨ ᠣᠰᠣ ᠬᠢᠭᠡᠳ ᠰᠠᠭᠤᠯᠭᠠᠵᠣ ᠪᠠᠶᠢᠪᠠ᠃ | ᠪᠢ ᠴᠦ ᠥᠵᠡᠭᠡᠳ ᠲᠣᠩ ᠡᠭᠳᠡᠭᠦᠥ ᠬᠥᠷᠪᠡ᠃ ᠰᠡᠭᠦᠯᠡᠨᠬᠦᠥ ᠨᠠᠳᠠ ᠳᠤ᠄ ︽ᠰᠠᠶ᠋ᠢ ᠣᠰᠣ ᠠᠷᠪᠢᠯᠠᠬᠤ ᠥᠭᠡᠢ | ᠪᠠᠶᠢᠬᠤ ᠶᠢ ᠥᠵᠡᠭᠡᠳ ᠠᠭᠤᠷᠯᠠᠵᠣ ᠪᠠᠶᠢᠬᠤ ᠳᠤ ᠪᠠᠰᠠ ᠴᠡᠴᠡᠭ ᠬᠤᠸᠠᠷ ᠢ ᠲᠡᠰᠣᠳᠠᠵᠣ ᠢᠩᠭᠢᠵᠥ ᠲᠣᠷ᠎ᠠ ᠵᠣᠷᠢᠭ | ᠤᠨ ᠥᠵᠡᠯ ᠢᠶᠠᠷ ᠠᠭᠠᠰᠢᠯᠠᠬᠤ ᠨᠢ ᠥᠨᠡᠬᠡᠷ ᠢᠴᠢᠭᠦᠷᠢ︾ ᠭᠡᠯᠡ᠃ ᠪᠢ ᠰᠡᠭᠦᠯᠡᠨᠬᠦᠥ ᠠᠴᠠ ᠡᠳᠡᠭᠡᠷ ᠬᠡᠥᠬᠡᠳ ᠢ | ᠰᠣᠷᠭᠠᠬᠤ ᠵᠥᠭᠡᠯᠡᠨ ᠲᠣᠬᠢᠳᠠᠢ ᠠᠷᠭ᠎ᠠ ᠲᠡᠮ ᠪᠠᠶᠢᠬᠤ ᠶᠢ ᠯᠠᠪᠯᠠᠬᠤ ᠳᠤ ᠲᠡᠷᠡ ᠨᠠᠳᠠ ᠨᠢᠭᠡ ᠥᠯᠢᠭᠡᠷ ᠶᠠᠷᠢᠵᠥ | ᠥᠭᠪᠡ᠃ | ᠡᠷᠳᠡ ᠣᠷᠢᠳᠣ ᠶᠢᠨ ᠴᠠᠭ ᠲᠤ ᠨᠢᠭᠡᠨ ᠭᠤᠶᠣ ᠰᠠᠶᠢᠬᠠᠨ ᠲᠠᠯ᠎ᠠ ᠨᠣᠳᠤᠭ ᠪᠠᠶᠢᠵᠣ ᠭᠡᠨ᠎ᠡ᠂ ᠲᠡᠨᠳᠡ ᠨᠢ ᠠᠭᠤᠯᠠ | ᠲᠠᠢ᠂ ᠣᠰᠣ ᠲᠠᠢ᠂ ᠶᠣᠰᠣᠳᠠᠢ ᠲᠥᠮᠡᠨ ᠠᠷᠢᠶᠠᠳᠠᠨ ᠰᠥᠷᠥᠭᠯᠡᠨ ᠲᠣᠭᠳᠠᠭᠰᠠᠨ᠂ ᠲᠥᠷᠥᠯ ᠪᠥᠷᠢ ᠶᠢᠨ ᠰᠢᠪᠠᠭᠤ | ᠵᠢᠷᠭᠢᠨ ᠲᠣᠩᠭᠤᠳᠣᠭᠰᠠᠨ᠂ ᠭᠤᠪᠢ ᠪᠣᠯᠭᠠᠨ ᠠᠴᠠ ᠨᠢ ᠭᠤᠣᠯ ᠭᠤᠷᠤᠬ᠎ᠠ ᠭᠤᠷᠴᠢᠭᠢᠨᠠᠨ ᠣᠷᠣᠰᠣᠭᠰᠠᠨ᠂ ᠭᠤᠣ | ᠪᠣᠯᠭᠠᠨ ᠳᠤ ᠨᠢ ᠪᠠᠯᠠᠷ ᠪᠢᠳᠡᠭᠦᠥ ᠰᠢᠭᠤᠢ ᠢᠭᠴᠣᠷᠠᠨ ᠣᠷᠭᠤᠭᠰᠠᠨ ᠪᠠᠶᠢᠭᠠᠯᠢ ᠶᠢᠨ ᠰᠠᠶᠢᠬᠠᠨ ᠣᠷᠣᠨ ᠪᠠᠶᠢᠭᠰᠠᠨ | ᠶᠣᠮ᠃ ᠭᠡᠪᠡᠴᠥ ᠲᠡᠨᠳᠡᠬᠢ ᠬᠥᠮᠥᠰ ᠣᠷᠴᠢᠨ ᠲᠣᠭᠤᠷᠢᠨ ᠢᠶᠠᠨ ᠬᠠᠶᠢᠷᠠᠯᠠᠵᠣ ᠬᠠᠮᠠᠭᠠᠯᠠᠬᠤ ᠶᠢ ᠶᠠᠭ ᠮᠡᠳᠡᠬᠦ ᠥᠭᠡᠢ᠂ | ᠲᠣᠮᠣᠴᠣᠣᠯ ᠨᠢ ᠡᠳᠥᠷ ᠡᠳᠥᠷ ᠭᠤᠶᠣ ᠮᠣᠳᠣᠨ ᠭᠡᠷ ᠬᠢᠬᠦ ᠥᠭᠡᠢ ᠪᠣᠯ ᠲᠥᠯᠡᠭᠡ ᠲᠥᠯᠡᠰᠢ ᠬᠢᠨ᠎ᠡ ᠭᠡᠳ ᠣᠢ | ᠮᠣᠳᠣ ᠶᠢ ᠲᠣᠷ᠎ᠠ ᠪᠠᠷ ᠣᠭᠳᠣᠯᠣᠨᠠ᠂ ᠬᠡᠥᠬᠡᠳ ᠨᠢ ᠬᠤᠸᠠᠷ ᠴᠡᠴᠡᠭ ᠢ ᠲᠠᠰᠣᠯᠵᠣ᠂ ᠣᠰᠣ ᠪᠠᠷ ᠲᠣᠷ᠎ᠠ ᠪᠠᠷ | ᠨᠠᠭᠠᠳᠳᠠᠭ᠃ ︽ᠪᠠᠷᠠᠬᠤ ᠶᠠᠭᠤᠮᠠᠨ ᠳᠤ ᠪᠠᠭᠰᠢ ᠥᠭᠡᠢ︾ ᠭᠡᠭᠴᠢ ᠪᠠᠷ ᠠᠭᠠᠵᠢᠮ ᠳᠤ ᠪᠠᠨ ᠣᠰᠣ ᠨᠢ ᠰᠢᠷᠭᠢᠵᠥ | ᠮᠣᠳᠣ ᠨᠢ ᠬᠠᠳᠠᠭᠠᠳ ᠨᠣᠳᠤᠭ ᠨᠢ ᠥᠵᠡᠬᠦ ᠶᠢᠨ ᠲᠥᠷᠢ ᠥᠭᠡᠢ ᠪᠣᠯᠪᠠ᠂ ᠰᠡᠭᠦᠯᠡᠷ ᠨᠢ ᠭᠠᠵᠠᠷ ᠰᠢᠷᠣᠢ ᠨᠢ | ᠬᠠᠭᠠᠷᠠᠭᠠᠳ ᠣᠰᠣ ᠴᠦ ᠥᠭᠡᠢ᠂ ᠡᠪᠡᠰᠥ ᠮᠣᠳᠣ ᠬᠤᠸᠠᠷ ᠴᠡᠴᠡᠭ ᠴᠦ ᠥᠭᠡᠢ ᠪᠣᠯᠣᠭᠰᠠᠨ ᠳᠤ ᠲᠡᠳᠡ ᠰᠠᠶ᠋ᠢ | ᠣᠬᠠᠭᠠᠷᠠᠨ ᠣᠷᠴᠢᠨ ᠲᠣᠭᠤᠷᠢᠨ ᠢᠶᠠᠨ ᠬᠠᠮᠠᠭᠠᠯᠠᠬᠤ ᠶᠢ ᠮᠡᠳᠡᠪᠡ ᠃ | ᠰᠡᠭᠦᠯᠡᠨᠬᠦᠥ ᠶᠢᠨ ᠶᠠᠷᠢᠭᠰᠠᠨ ᠥᠯᠢᠭᠡᠷ ᠢ ᠰᠣᠨᠣᠰᠣᠭᠠᠳ ᠲᠡᠳᠡᠭᠡᠷ ᠪᠣᠯᠳᠠᠭ ᠥᠭᠡᠢ ᠪᠠᠨᠳᠢ ᠨᠠᠷ ᠪᠣᠷᠣᠭᠤ ᠪᠠᠨ | ᠮᠡᠳᠡᠷᠡᠵᠥ ᠡᠭᠦᠨ ᠠᠴᠠ ᠬᠤᠶᠢᠰᠢᠳᠠ᠄ ︽ᠣᠰᠣ ᠪᠠᠷ ᠨᠠᠭᠠᠳᠬᠤ ᠥᠭᠡᠢ᠂ ᠬᠤᠸᠠᠷ ᠴᠡᠴᠡᠭ ᠢ ᠲᠣᠷ᠎ᠠ ᠪᠠᠷ | ᠲᠠᠰᠣᠯᠬᠤ ᠥᠭᠡᠢ︾ ᠭᠡᠪᠡ᠃ | | ᠲᠥᠷᠪᠡ ᠰᠡᠭᠦᠯᠡᠨᠬᠦᠥ ᠲᠠᠢ ᠰᠠᠯᠬᠤ ᠶᠣᠰᠣ ᠭᠥᠢᠴᠡᠳᠭᠡᠭᠰᠡᠨ ᠨᠢ | ᠪᠢ ᠰᠡᠭᠦᠯᠡᠨᠬᠦᠥ ᠲᠠᠢ ᠨᠠᠶᠢᠵᠠᠯᠠᠭᠠᠳ ᠲᠠᠪᠣᠨ ᠡᠳᠥᠷ ᠪᠣᠯᠴᠢᠬᠠᠯ᠎ᠠ᠃ ᠰᠡᠭᠦᠯᠡᠨᠬᠦᠥ ᠬᠡᠳᠥᠶᠢᠪᠡᠷ ᠵᠢᠵᠢᠭᠭᠡᠨ | ᠪᠡᠶ᠎ᠡ ᠲᠠᠢ ᠪᠣᠯᠪᠠᠴᠣ ᠰᠠᠨᠠᠭ᠎ᠠ ᠨᠢ ᠰᠠᠶᠢᠨ᠂ ᠪᠢ ᠡᠨᠡ ᠬᠡᠳᠥᠨ ᠡᠳᠥᠷ ᠲᠡᠭᠦᠨ ᠠᠴᠠ ᠣᠯᠠᠨ ᠶᠠᠭᠤᠮ᠎ᠠ ᠰᠣᠷᠪᠠ᠃ | ᠥᠷᠯᠥᠭᠡ ᠠᠮᠳᠠᠳᠣ ᠵᠡᠭᠦᠳᠥᠨ ᠳᠤ ᠪᠠᠨ ᠮᠠᠩᠰᠢᠭᠤᠷᠠᠵᠣ ᠪᠠᠶᠢᠬᠤ ᠳᠤ᠄ ︽ᠣᠨᠳᠣᠷᠠᠬᠤ ᠡ᠂ ᠪᠢ ᠣᠳᠣ ᠶᠠᠪᠣᠨ᠎ᠠ | ᠰᠢᠣ︾ ᠭᠡᠵᠥ ᠰᠡᠭᠦᠯᠡᠨᠬᠦᠥ ᠴᠢᠬᠢᠨ ᠲᠡᠪᠢᠰᠭᠡᠷ ᠢ ᠴᠢᠩᠭᠠᠨ ᠨᠠᠮᠣᠭᠤᠬᠠᠨ ᠲᠣᠣᠭᠠᠷᠪᠠ᠃ ᠪᠢ ᠰᠣᠴᠢᠨ ᠰᠡᠷᠡᠵᠥ᠄ | ︽ᠡᠶᠢᠮᠥ ᠬᠤᠷᠳᠣᠨ ᠤᠤ︖ ᠲᠠ ᠮᠢᠨᠢ ᠲᠠᠬᠢᠭᠠᠳ ᠬᠡᠵᠢᠶ᠎ᠡ ᠢᠷᠡᠬᠦ ᠪᠣᠢ︖︾ ᠭᠡᠪᠡ᠃ ᠲᠡᠷᠡ ᠲᠠᠭᠤ ᠥᠭᠡᠢ | ᠪᠠᠭ᠋ᠠᠨ ᠪᠣᠳᠣᠯᠬᠢᠯᠠᠭᠰᠠᠨ ᠢᠶᠠᠨ᠄ ︽ᠲᠨ ᠨᠠᠷ ᠬᠡᠵᠢᠶ᠎ᠡ ᠬᠢᠴᠢᠶᠡᠯ ᠢᠶᠠᠨ ᠠᠩᠬᠠᠷᠣᠯ ᠲᠠᠯᠪᠢᠨ ᠰᠣᠨᠣᠰᠴᠥ᠂ | ᠰᠣᠷᠭᠠᠭᠤᠯᠢ ᠶᠢᠨ ᠡᠳ᠋ ᠬᠤᠭᠰᠢᠯ ᠢ ᠬᠠᠶᠢᠷᠠᠯᠠᠨ ᠭᠠᠮᠨᠠᠵᠣ᠂ ᠡᠬᠡ ᠪᠠᠶᠢᠭᠠᠯᠢ ᠳᠤ ᠪᠠᠨ ᠬᠠᠶᠢᠷᠠᠳᠠᠢ ᠰᠠᠬᠢᠯᠭ᠎ᠠ ᠪᠠᠳᠣ | ᠶᠣᠰᠣ ᠲᠥᠷᠢᠮ ᠲᠠᠢ ᠰᠣᠷᠣᠭᠴᠢ ᠪᠣᠯᠣᠭᠰᠠᠨ ᠥᠶ᠎ᠡ ᠳᠤ ᠪᠢ ᠭᠤᠶᠣ ᠲᠣᠷᠠᠰᠬᠠᠯ ᠤᠨ ᠪᠣᠳᠠᠰ ᠲᠠᠢ ᠢᠷᠡᠨ᠎ᠡ︾ | ᠭᠡᠪᠡ᠃ ᠪᠢ ᠶᠣᠰᠣᠴᠢᠯᠠᠨ ᠪᠡᠶᠡᠯᠡᠭᠦᠯᠵᠥ ᠴᠢᠳᠠᠨ᠎ᠠ ᠭᠡᠵᠥ ᠵᠣᠷᠢᠭ ᠢᠶᠠᠨ ᠢᠯᠡᠳᠭᠡᠪᠡ᠃ | ᠰᠡᠭᠦᠯᠡᠨᠬᠦᠥ ᠶᠠᠪᠣᠴᠢᠬᠠᠪᠠ᠃ ᠪᠢ ᠲᠥᠷᠥᠭᠦᠴᠢ ᠶᠢᠨ ᠰᠢᠭ ᠰᠣᠷᠬᠤ ᠲᠣᠷ᠎ᠠ ᠥᠭᠡᠢ ᠬᠤᠭᠤᠯᠠ ᠪᠣᠳᠠᠭ᠎ᠠ | ᠪᠠᠨ ᠭᠤᠯᠣᠳᠠᠭ ᠣᠰᠣ ᠶᠢ ᠪᠥᠷᠢᠯᠭᠡᠨ ᠰᠥᠢᠳᠭᠡᠳᠡᠭ ᠰᠣᠷᠣᠭᠴᠢ ᠪᠢᠰᠢ ᠪᠣᠯᠵᠠᠢ᠃ ᠡᠨᠡ ᠪᠣᠯ ᠪᠥᠷ ᠵᠢᠵᠢᠭ | ᠬᠥᠮᠥᠨᠴᠢᠷ ᠰᠡᠭᠦᠯᠡᠨᠬᠦᠥ ᠶᠢᠨ ᠠᠴᠢ ᠲᠣᠰᠠ ᠪᠠᠶᠢᠭ᠎ᠠ ᠶᠣᠮ᠃ ᠮᠥᠨ ᠴᠦ ᠰᠡᠭᠦᠯᠡᠨᠬᠦᠥ ᠶᠢᠨ ᠨᠠᠳᠠ ᠪᠡᠯᠡᠭᠯᠡᠭᠰᠡᠨ | ᠡᠷᠬᠢᠮ ᠨᠠᠨᠳᠢᠨ ᠪᠡᠯᠡᠭ ᠪᠠᠶᠢᠭ᠎ᠠ ᠶᠣᠮ᠃ |