ᠬᠠᠷᠠᠪᠠᠶᠢᠴᠠ ᠰᠤᠷᠭᠠᠭᠤᠯᠢ
ᠨᠡᠶᠢᠲᠡᠯᠡᠭᠰᠡᠨ ᠴᠠᠭ᠄
2015/12/29
             ᠬᠠᠷᠠᠪᠠᠶᠢᠴᠠ ᠰᠤᠷᠭᠠᠭᠤᠯᠢ         ᠬᠠᠷᠠᠪᠠᠶᠢᠴᠠ ᠶᠢᠨ ᠠᠶᠢᠯ ᠨᠢ ᠰᠤᠮᠤᠨ ᠲᠦᠪ ᠠᠴᠠ ᠪᠠᠷᠠᠭᠤᠨ ᠡᠮᠦᠨ᠎ᠡ16 ᠺᠢᠯᠣᠮᠧᠲᠷ ᠵᠠᠶᠢᠳᠠᠢ᠂ ᠰᠠᠶᠢᠨᠬᠠᠨ ᠬᠠᠨ ᠠᠭᠤᠯᠠ ᠶᠢᠨ ᠵᠡᠭᠦᠨ ᠡᠮᠦᠨ᠎ᠡ ᠬᠤᠷᠮᠤᠢ ᠳᠤ ᠪᠠᠶᠢᠷᠢᠰᠢᠵᠤ᠂ ᠪᠠᠷᠠᠭᠤᠨ ᠲᠠᠯ᠎ᠠ ᠪᠠᠷ ᠢᠶᠠᠨ ᠭᠠᠩᠭᠠᠨ ᠰᠤᠮᠤ᠂ ᠡᠮᠦᠨ᠎ᠡ ᠲᠠᠯ᠎ᠠ ᠪᠠᠷ ᠢᠶᠠᠨ ᠬᠠᠷᠠᠬᠠᠳᠠ ᠰᠢᠶᠠᠩ᠂ ᠵᠡᠭᠦᠨ ᠲᠠᠯ᠎ᠠ ᠪᠠᠷ ᠢᠶᠠᠨ ᠮᠤᠷᠢᠨᠬᠤᠰᠢᠭᠤ᠂ ᠤᠯᠠᠭᠠᠨᠳᠤᠯᠤᠭᠠᠢ ᠲᠠᠢ ᠵᠠᠭᠠᠭᠯᠠᠭᠳᠤᠵᠤ ᠪᠤᠢ᠃84.5 ᠲᠦᠮᠡᠨ ᠮᠤ᠋ ᠲᠠᠯᠠᠪᠠᠢ ᠪᠦᠭᠦᠢ ᠨᠤᠳᠤᠭ ᠪᠡᠯᠴᠢᠭᠡᠷ ᠲᠤ386 ᠬᠦᠮᠦᠨ ᠠᠮᠠ᠂88 ᠡᠷᠦᠭᠡ ᠠᠮᠢᠳᠤᠷᠠᠨ ᠤᠨᠳᠤᠷᠴᠤ ᠪᠠᠶᠢᠳᠠᠭ᠃ ᠲᠡᠭᠡᠷ᠎ᠡ ᠵᠡᠭᠤᠨ ᠤ ᠬᠤᠷᠢᠭᠠᠳ ᠤᠨ ᠤ ᠦᠶ᠎ᠡ  ᠪᠠᠷ ᠪᠤᠶᠠᠨ ᠭᠤᠤᠯ᠂  ᠤᠯᠠᠭᠠᠨ ᠠᠶᠢᠰ᠂    ᠵᠤᠤ ᠶᠢᠨ ᠠᠷᠤ ᠵᠡᠷᠭᠡ ᠭᠠᠵᠠᠷ ᠠᠴᠠ ᠨᠤᠳᠤᠭ ᠪᠡᠯᠴᠢᠭᠡᠷ ᠢᠶᠠᠨ ᠠᠯᠳᠠᠨ᠂ ᠨᠠᠭᠦᠳᠡᠯᠯᠡᠨ ᠢᠷᠡᠵᠤ ᠠᠳᠡ ᠰᠠᠭᠤᠷᠢᠰᠢᠭᠰᠠᠨ ᠪᠠᠶᠢᠨ᠎ᠠ᠃       ᠤᠯᠤᠰ ᠪᠠᠶᠢᠭᠤᠯᠤᠭᠳᠠᠭᠰᠠᠨ ᠤ ᠲᠠᠷᠠᠭᠠᠬᠠᠨ ᠤᠯᠤᠰ ᠠᠷᠠᠳ ᠢᠶᠠᠷ ᠢᠶᠠᠨ ᠦᠰᠦᠭ ᠲᠠᠨᠢᠭᠤᠯᠵᠤ᠂ ᠰᠤᠶᠤᠯ  ᠤᠨ ᠪᠠᠯᠠᠢ ᠠᠴᠠ ᠠᠩᠭᠢᠵᠢᠷᠠᠭᠤᠯᠬᠤ ᠶᠡᠭᠡ ᠦᠷᠨᠢᠯᠳᠡ ᠳᠤ ᠬᠠᠷᠠᠪᠠᠶᠢᠴᠠ ᠨᠤᠳᠤᠭ ᠤᠨ ᠬᠢᠨ ᠡᠪᠦᠯ ᠤᠨ ᠰᠤᠷᠭᠠᠭᠤᠯᠢ ᠪᠠᠶᠢᠭᠤᠯᠤᠭᠰᠠᠨ ᠪᠠᠶᠢᠨ᠎ᠠ᠃ ᠪᠦᠭᠦ ᠬᠤᠳᠠ ᠠᠶᠢᠯ ᠤᠨ ᠢᠳᠡᠷ ᠵᠠᠯᠠᠭᠤᠴᠤᠳ ᠢ ᠴᠤᠭᠯᠠᠭᠤᠯᠵᠤ ᠦᠰᠦᠭ ᠲᠠᠨᠢᠭᠤᠯᠬᠤ ᠭᠡᠵᠤ    ᠰᠡᠴᠡᠨᠪᠠᠽᠠᠷ᠂ ᠲᠠᠪᠬ᠎ᠠ᠂ ᠲᠠᠮᠷᠢᠨ᠂ ᠸᠴᠢᠷ᠂ ᠭᠤᠮᠪᠤᠰᠦ᠋ᠷᠦᠩ᠂ ᠰᠠᠨᠠᠭᠠᠪᠠᠽᠠᠷ ᠨᠠᠷ    ᠤᠷᠢᠳ ᠬᠤᠵᠢᠳ ᠪᠠᠭᠰᠢᠯᠠᠭᠰᠠᠨ ᠪᠠᠶᠢᠨ᠎ᠠ᠃         1956 ᠤᠨ ᠳᠤ ᠠᠯᠪᠠᠨ ᠠᠴᠠ ᠡᠷᠭᠢᠯᠡᠭᠰᠡᠨ ᠠᠩᠬᠠᠨ ᠤ ᠰᠤᠷᠭᠠᠭᠤᠯᠢ ᠪᠠᠶᠢᠭᠤᠯᠤᠭᠳᠠᠵᠤ᠂ ᠭᠤᠷᠪᠠᠨ ᠲᠠᠰᠤᠯᠭ᠎ᠠ ᠰᠢᠪᠡᠷ ᠪᠠᠶᠢᠰᠢᠩ ᠳᠤ ᠭᠤᠴᠢᠭᠠᠳ ᠭᠡᠦᠭᠡᠳ ᠴᠢᠭᠢᠯᠳᠤᠵᠤ ᠨᠤᠶᠢᠷᠤᠪ ᠪᠠᠭᠰᠢ ᠪᠠᠷ ᠠᠵᠢᠯᠯᠠᠭᠰᠠᠨ ᠪᠠᠶᠢᠨ᠎ᠠ         1958 ᠤᠨ ᠳᠤ ᠸᠠᠩᠴᠤᠭ ᠢᠷᠠᠵᠤ ᠠᠵᠢᠯᠯᠠᠨ᠂ ᠨᠤᠶᠢᠷᠤᠪ ᠲᠠᠢ ᠬᠤᠶᠠᠷ ᠪᠠᠭᠰᠢ ᠪᠤᠯᠤᠭᠰᠠᠨ ᠪᠠᠶᠢᠨ᠎ᠠ ᠃1963 ᠤᠨ ᠳᠤ ᠨᠣᠭᠠᠣᠨᠳᠡᠭᠦᠳᠣ ᠪᠠᠭᠰᠢᠯᠠᠵᠤ ᠪᠠᠶᠢᠵᠠᠢ᠃          1968 ᠤᠨ ᠳᠤ  ᠠᠶᠢᠯ   ᠶᠢᠨ ᠲᠤᠮᠳᠠ ᠲᠠᠭᠢᠨ ᠰᠢᠨ᠎ᠡ ᠪᠠᠷ ᠭᠤᠷᠪᠠᠨ ᠲᠠᠰᠤᠯᠭ᠎ᠠ ᠰᠢᠪᠡᠷ ᠭᠡᠷ ᠪᠠᠷᠢᠵᠤ᠂ ᠰᠤᠷᠭᠠᠭᠤᠯᠢ ᠶᠢᠨ ᠪᠠᠶᠢᠷᠢᠰᠢᠯ ᠰᠢᠯᠵᠢᠭᠰᠡᠨ ᠪᠠᠶᠢᠨ᠎ᠠ᠃         1970 ᠤᠨ ᠳᠤ  ᠴᠢᠳᠠᠯ   ᠪᠠᠭᠰᠢ ᠵᠠᠭᠢᠷᠤᠯ   ᠢᠶᠠᠷ ᠠᠵᠢᠯᠯᠠᠵᠤ᠂1978 ᠤᠨ ᠪᠤᠯᠳᠠᠯ᠎ᠠ ᠵᠠᠯᠭᠠᠪᠠᠶᠠᠷ᠂   ᠴᠢᠳᠠᠯ᠂    ᠮᠠᠨᠰᠢ ᠤᠷᠢᠳ ᠬᠤᠵᠢᠳ ᠵᠠᠭᠢᠷᠤᠯ ᠤᠨ ᠠᠵᠢᠯ ᠢ ᠡᠭᠦᠷᠭᠡᠯᠡᠭᠰᠡᠨ ᠪᠠᠶᠢᠨ᠎ᠠ᠃ ᠲᠤᠬᠠᠢ  ᠶᠢᠨ ᠦᠶ᠎ᠡ ᠳᠤ ᠬᠢᠴᠢᠶᠡᠯᠡᠭᠴᠢ ᠪᠠᠭᠰᠢ ᠨᠠᠷ ᠠᠴᠠ ᠨᠠᠰᠤᠨᠪᠠᠶᠠᠷ᠂ ᠪᠠᠳᠤᠪᠠᠶᠠᠷ᠂   ᠮᠤᠬᠤᠷ᠂ ᠲᠠᠮᠤ᠂ ᠨᠤᠷᠪᠤ᠂  ᠲᠤᠶᠠᠭᠠᠷᠠ᠂ ᠡᠷᠳᠡᠨᠢ  ᠵᠡᠷᠭᠡ ᠬᠦᠮᠦᠰ ᠪᠠᠶᠢᠵᠠᠢ᠃          1974 ᠤᠨ ᠳᠤ ᠪᠦᠬᠦ ᠰᠤᠷᠤᠭᠴᠢ ᠶᠢᠨ ᠲᠤᠭ᠎ᠠ 52 ᠨᠡᠷ᠎ᠡ ᠪᠠᠶᠢᠵᠠᠢ᠃         1978——1992 ᠤᠨ ᠪᠤᠯᠳᠠᠯ᠎ᠠ ᠮᠠᠨᠰᠢ ᠪᠠᠭᠰᠢ ᠵᠠᠭᠢᠷᠤᠯ ᠤᠨ ᠠᠵᠢᠯ ᠢ ᠬᠠᠷᠢᠭᠤᠴᠠᠵᠤ᠂   ᠰᠠᠮᠳᠠᠨᠵᠠᠪ᠂ ᠪᠠᠶᠠᠨᠪᠤᠯᠠᠭ᠂ ᠡᠷᠳᠡᠨᠢ᠂   ᠡᠷᠳᠡᠨᠢᠴᠡᠴᠡᠭ᠂ ᠤᠶᠤᠨᠬᠡᠷᠡᠯ᠂ ᠤᠳᠬᠠᠨᠸᠠᠩᠴᠤᠭ᠂ ᠡᠷᠳᠡᠨᠢᠬᠤᠸᠠᠷ᠂   ᠰᠧᠩᠭᠡ᠂  ᠮᠦᠩᠭᠡᠪᠡᠶᠡᠷ᠂ ᠰᠡᠴᠡᠩᠭᠤᠸ᠎ᠠ᠂ ᠫᠧᠷᠯᠠᠶᠢᠵᠠᠪ᠂ ᠵᠢᠷᠤᠮᠳᠤ᠂ ᠤᠳᠬᠠᠨᠪᠠᠶᠠᠷ᠂  ᠤᠶᠤᠩᠭᠡᠷᠡᠯ᠂ ᠰᠡᠴᠡᠨ᠂ᠰᠤᠷᠭᠠᠯᠳᠤ᠂ ᠦᠯᠵᠠᠶᠢᠮᠦᠷᠡᠨ᠂ ᠰᠠᠴᠠᠨ᠂ ᠲᠠᠮᠤ᠂ ᠠᠯᠳᠠ᠂  ᠪᠠᠶᠠᠨᠪᠠᠳᠤ᠂ ᠰᠡᠴᠡᠨᠵᠢᠷᠭᠠᠯ᠂ ᠣᠷᠠᠨ᠎ᠠ ᠨᠠᠷ ᠤᠷᠢᠳ ᠬᠤᠵᠢᠳ ᠪᠠᠭᠰᠢᠯᠠᠭᠰᠠᠨ ᠪᠠᠶᠢᠨ᠎ᠠ᠃         1993 ᠤᠨ ᠳᠤ ᠪᠠᠶᠠᠨᠪᠤᠯᠠᠭ ᠵᠠᠭᠢᠷᠤᠯ ᠤᠨ ᠠᠵᠢᠯ ᠢ ᠬᠠᠷᠢᠭᠤᠴᠠᠵᠤ᠂1995 ᠤᠨ ᠳᠤ   ᠤᠳᠬᠠᠨᠪᠠᠶᠠᠷ᠂  19 96 ᠤᠨ ᠳᠤ  ᠰᠧᠩᠭᠡ    ᠵᠠᠭᠢᠷᠤᠯ ᠶᠢᠨ ᠠᠵᠢᠯ ᠢ ᠡᠭᠦᠷᠭᠡᠯᠡᠭᠰᠡᠨ ᠪᠠᠶᠢᠨ᠎ᠠ᠃ ᠲᠤᠬᠠᠢ  ᠶᠢᠨ ᠦᠶ᠎ᠡ ᠳᠤ ᠮᠠᠨᠰᠢ᠂ ᠡᠷᠳᠡᠨᠢᠬᠤᠸᠠᠷ᠂ ᠪᠠᠶᠠᠨᠪᠠᠳᠤ᠂ ᠦᠯᠵᠠᠶᠢᠮᠦᠷᠡᠨ᠂ ᠮᠦᠩᠭᠦᠨᠴᠢᠮᠡᠭ᠂ ᠬᠤᠤᠰᠪᠠᠭᠠᠳᠤᠷ᠂ ᠰᠢᠦ ᠵᠧᠨ ᠵᠡᠷᠭᠡ ᠬᠦᠮᠦᠰ ᠤᠷᠢᠳ ᠬᠤᠵᠢᠳ ᠠᠵᠢᠯᠯᠠᠭᠰᠠᠨ ᠪᠠᠶᠢᠨ᠎ᠠ᠃         1998 ᠤᠨ ᠳᠤ ᠡᠷᠳᠡᠨᠢᠬᠤᠸᠠᠷ ᠵᠠᠭᠢᠷᠤᠯ ᠤᠨ ᠠᠵᠢᠯ ᠢ ᠬᠠᠷᠢᠭᠤᠴᠠᠵᠤ᠂ ᠤᠳᠤ ᠳᠤ ᠲᠤᠯᠳᠠᠯ᠎ᠠ ᠠᠵᠢᠯᠯᠠᠭᠰᠠᠭᠠᠷ ᠪᠠᠶᠢᠨ᠎ᠠ᠃ ᠰᠤᠷᠭᠠᠭᠤᠯᠢ ᠶᠢ ᠲᠦᠪᠯᠡᠷᠡᠭᠦᠯᠬᠦ ᠲᠦᠷᠦ ᠶᠢᠨ ᠪᠤᠳᠤᠯᠭ᠎ᠠ ᠶᠢ  ᠲᠣᠭᠠᠣᠰᠢᠭᠠᠣᠯᠣᠠᠭᠰᠠᠨ  ᠠᠴᠠ ᠤᠳᠤ ᠪᠤᠯᠬᠤ ᠳᠤ ᠰᠤᠷᠭᠠᠭᠤᠯᠢ ᠠᠴᠠ ᠡᠮᠦᠨᠡᠭᠢ  ᠭᠡᠦᠭᠡᠳ ᠤᠨ ᠠᠩᠭᠢ ᠶᠢ ᠡᠷᠭᠢᠯᠡᠵᠤ᠂ ᠵᠢᠭᠠᠨ ᠰᠤᠷᠭᠠᠬᠤ ᠴᠡᠭ ᠪᠤᠯᠤᠭᠰᠠᠨ ᠪᠠᠶᠢᠨ᠎ᠠ᠃  ᠰᠧᠩᠭᠡ᠂ ᠦᠯᠵᠠᠶᠢᠮᠦᠷᠡᠨ᠂ ᠪᠠᠶᠠᠨᠪᠤᠯᠠᠭ᠂ ᠮᠦᠳᠡᠨ ᠠᠵᠢᠯᠯᠠᠵᠤ ᠪᠠᠶᠢᠭᠰᠠᠨ ᠢᠶᠠᠨ ᠡᠷᠳᠡᠨᠢᠬᠤᠸᠠᠷ᠂ ᠮᠦᠳᠡᠨ᠂  ᠰᠧᠩᠭᠡ ᠭᠤᠷᠪᠠᠭᠤᠯᠠ ᠦᠯᠡᠳᠡᠵᠤ᠂ ᠦᠪᠡᠷ ᠤᠨ ᠠᠵᠢᠯ ᠦᠢᠯᠡᠰ ᠲᠤ ᠪᠠᠨ ᠵᠢᠳᠭᠦᠭᠰᠡᠭᠡᠷ ᠪᠠᠶᠢᠨ᠎ᠠ᠃         ᠠᠵᠢᠯ ᠤᠨ ᠪᠠᠶᠢᠷ ᠳᠤ ᠭᠠᠷᠤᠭᠰᠠᠳ᠄ ᠷᠢᠮᠡᠳ᠂ ᠪᠠᠳᠤᠪᠠᠶᠠᠷ᠂ ᠤᠶᠤᠳᠠᠢ᠂ ᠨᠠᠰᠤᠨᠪᠠᠶᠠᠷ᠂ ᠵᠠᠯᠭᠠᠪᠠᠶᠠᠷ᠂ ᠡᠷᠬᠢᠮᠪᠠᠶᠠᠷ᠂ ᠵᠢᠷᠠᠨᠳᠠᠢ᠂ ᠰᠠᠮᠠᠭ᠎ᠠ᠂ ᠤᠳᠬᠤᠨ᠂᠂  ᠮᠦᠩᠬᠡᠳᠡᠯᠭᠡᠷ᠂ ᠮᠦᠩᠬᠡᠪᠠᠶᠠᠷ᠂ ᠰᠡᠴᠡᠩᠭᠤᠸ᠎ᠠ᠂ ᠮᠧᠳᠡᠭ᠂ ᠪᠤᠶᠠᠠᠦ᠋ᠯᠵᠡᠢ᠂ ᠰᠡᠴᠡᠨᠪᠠᠶᠠᠷ᠂ ᠰᠢᠨᠡᠪᠠᠶᠠᠷ᠂ ᠴᠡᠴᠡᠭ᠂ ᠲᠠᠭᠠᠭᠤᠯ᠂ ᠬᠠᠰᠴᠢᠯᠠᠭᠤ᠂ ᠡᠷᠳᠡᠨᠢᠬᠤᠸᠠᠷ᠂ ᠡᠷᠳᠡᠨᠢᠴᠯᠠᠭᠤ᠂ ᠮᠦᠩᠬᠡᠪᠠᠭᠠᠳᠤᠷ᠂ ᠪᠢᠯᠢᠭᠪᠡᠭᠠᠳᠤᠷ᠂ ᠰᠤᠷᠤᠨ᠎ᠠ᠂ ᠠᠷᠢᠭᠤᠨ᠂ ᠪᠠᠳᠤ᠂ ᠰᠡᠪᠵᠢᠳᠮ᠎ᠠ᠂ ᠨᠤᠷᠪᠤᠵᠠᠯᠰᠠᠨ᠂ ᠡᠷᠳᠡᠮᠳᠦ᠂ ᠬᠠᠰᠪᠠᠭᠠᠳᠤᠷ᠂ ᠴᠤᠶᠢᠳᠮ᠎ᠠ᠂ ᠨᠠᠰᠤᠨᠤᠷᠳᠤ᠂ ᠰᠠᠷᠠᠩᠭᠡᠷᠡᠯ᠂ ᠵᠠᠭᠤᠨᠠᠰᠤᠳᠤ᠂ ᠤᠷᠳᠤᠨᠠᠰᠤᠳᠤ᠂ ᠮᠦᠩᠬᠡᠳᠠᠯᠠᠢ᠂  ᠰᠠᠷᠠᠨᠴᠡᠴᠡᠭ᠂ ᠤᠶᠤᠨ᠂ ᠤᠷᠠᠨᠬᠦᠦ᠂ ᠰᠤᠮᠢᠶ᠎ᠠ᠂ ᠰᠧᠩᠭᠡ᠂ ᠦᠯᠵᠡᠶᠢᠮᠦ᠋ᠷᠡᠨ᠂ ᠪᠠᠶᠠᠨᠪᠠᠳᠤ᠂ ᠪᠠᠶᠠᠨᠪᠤᠯᠠᠭ᠂ ᠲᠡᠭᠦᠰ ᠂ ᠰᠠᠷᠠᠭᠤᠯ᠂ ᠨᠢᠩᠪᠤ᠂ ᠮᠧᠳᠡᠭ᠂ ᠰᠡᠷᠡᠨᠵᠠᠮᠰᠤ᠂ ᠪᠠᠶᠠᠨᠵᠢᠷᠭᠠᠯ᠂ ᠵᠢᠷᠠᠨᠳᠠᠢ᠂  ᠳ᠋ᠦᠩ ᠮᠧᠢ᠂ ᠴᠦᠨ ᠮᠧᠢ  ᠂ ᠱᠣᠭᠠᠷ᠎ᠠ᠂ ᠨᠠᠴᠢᠨ᠂ ᠯᠢᠩᠬᠸ᠎ᠠ᠂ ᠬᠤᠷᠴᠠ᠂ ᠰᠡᠷᠭᠦᠯᠡᠩ᠂ ᠰᠡᠴᠡᠨᠴᠤᠭᠳᠤ᠂ ᠰᠠᠷᠠᠭᠤᠯ᠂ ᠮᠦᠩᠬᠡᠳᠠᠯᠠᠢ᠂  ᠬᠤᠷᠴᠠᠪᠢᠯᠢᠭ᠌᠂ ᠨᠠᠷᠠ᠂ ᠤᠶᠤᠩᠭᠤᠸ᠎ᠠ ᠵᠡᠷᠭᠡ ᠪᠤᠢ᠃                                ᠪᠠᠯᠳᠠᠨᠰᠠᠩᠪᠪᠤᠦ ᠠᠴᠠ ᠬᠠᠩᠭᠠᠪᠠ᠃          
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号