ᠬᠦᠭᠡᠬᠠᠳᠠ ᠰᠤᠷᠭᠠᠭᠤᠯᠢ | ᠬᠦᠭᠡᠬᠠᠳᠠ ᠠᠶᠢᠯ ᠨᠢ ᠪᠠᠶ᠋ᠬᠠᠭᠤᠯᠠ ᠰᠤᠮᠤᠨ ᠤ ᠲᠦᠪ ᠨᠠᠶᠢᠯᠵᠤᠤᠷ ᠭᠠᠴᠠᠭ᠎ᠠ ᠠᠴᠠ ᠪᠠᠷᠠᠭᠤᠨ | ᠡᠮᠦᠨᠡᠰᠢ4km ᠵᠠᠶᠢᠳᠠᠢ ᠪᠠᠶᠢᠷᠢᠰᠢᠵᠤ᠂ ᠪᠠᠷᠠᠭᠤᠨ ᠲᠠᠯ᠎ᠠ ᠪᠠᠷ ᠢᠶᠠᠨ ᠴᠠᠭᠠᠨᠪᠠᠶᠢᠴᠠ᠂ ᠵᠠᠭᠦᠨ ᠲᠡᠯ᠎ᠡ ᠪᠠᠷ ᠢᠶᠠᠨ | ᠨᠠᠶᠢᠯᠵᠤᠤᠷ᠂ ᠡᠮᠦᠨ᠎ᠡ ᠲᠠᠯ᠎ᠠ ᠪᠠᠷ ᠢᠶᠠᠨ ᠰᠢᠨᠠᠳᠠᠯᠠ᠂ ᠬᠤᠶᠢᠳᠤ ᠲᠠᠯ᠎ᠠ ᠪᠠᠷ ᠢᠶᠠᠨ ᠰᠢᠭᠤᠷᠭ᠎ᠠ ᠤᠢ ᠰᠢᠭᠤᠢ ᠶᠢᠨ | ᠲᠠᠯᠠᠪᠠᠢ ᠲᠠᠢ ᠬᠦᠷᠰᠢᠯᠳᠤᠵᠤ᠂ ᠪᠦᠭᠦ ᠨᠤᠳᠤᠭ ᠲᠡᠪᠢᠰᠭᠡᠷ ᠨᠢ12.98 ᠲᠦᠮᠡᠨ ᠮᠤ᠋ ᠳᠤ ᠭᠦᠷᠴᠤ᠂ 396 | ᠬᠦᠮᠦᠨ ᠠᠮᠠ ᠪᠦᠭᠦᠢ 110 ᠡᠷᠦᠭᠡ ᠠᠵᠤ ᠲᠦᠷᠦᠨ ᠠᠮᠢᠳᠤᠷᠠᠵᠤ ᠪᠠᠶᠢᠳᠠᠭ᠃ ᠲᠠᠳᠡ ᠲᠡᠭᠡᠷ᠎ᠡ ᠵᠠᠭᠤᠨ ᠤ | ᠬᠤᠷᠢᠭᠠᠳ ᠤᠨ ᠤ ᠦᠶ᠎ᠡ ᠪᠠᠷ ᠵᠡᠯ᠎ᠡ ᠶᠢᠨ ᠬᠤᠸᠠ ᠠᠴᠠ ᠨᠡᠭᠦᠳᠡᠯᠯᠡᠨ ᠢᠷᠡᠵᠤ ᠠᠮᠢᠳᠤᠷᠠᠭᠠᠳ ᠨᠢᠭᠡᠨᠳᠡ ᠵᠠᠭᠤ | ᠭᠠᠷᠤᠢ ᠵᠢᠯ ᠤᠨ ᠲᠡᠦᠭᠡ ᠲᠠᠢ ᠪᠤᠯᠵᠠᠢ᠃ | 1962 ᠤᠨ ᠳᠤ ᠪᠠᠷᠢᠭᠠᠳᠠ ᠠᠴᠠ ᠭᠤᠷᠪᠠᠨ ᠲᠠᠰᠤᠯᠭ᠎ᠠ ᠰᠢᠪᠡᠷ ᠭᠡᠷ ᠪᠠᠶᠢᠭᠤᠯᠵᠤ ᠠᠶᠢᠯ ᠤᠨ ᠢᠶᠠᠨ | ᠰᠤᠷᠬᠤ ᠨᠠᠰᠤᠨ ᠤ ᠭᠡᠦᠭᠡᠳ ᠢ ᠴᠤᠭᠯᠠᠭᠤᠯᠵᠤ᠂ ᠤᠯᠠᠭᠠᠨ ᠢ ᠪᠠᠭᠰᠢ ᠪᠠᠷ ᠭᠡᠷᠡᠭᠯᠡᠵᠤ᠂ ᠠᠩᠬᠠᠨ ᠤ ᠬᠦᠭᠡᠬᠠᠳᠠ | ᠰᠤᠷᠭᠠᠭᠤᠯᠢ ᠶᠢ ᠪᠠᠶᠢᠭᠤᠯᠤᠭᠰᠠᠨ ᠪᠠᠶᠢᠨ᠎ᠠ᠃ | 1969 ᠤᠨ ᠳᠤ ᠨᠤᠷᠪᠤᠸᠠᠩᠵᠢᠯ ᠵᠠᠭᠢᠷᠤᠯ ᠢᠶᠠᠷ ᠢᠷᠡᠵᠤ᠂ ᠭᠠᠷᠰᠢᠮᠡ᠂ ᠤᠯᠠᠭᠠᠨ ᠭᠤᠷᠪᠠᠨ ᠪᠠᠭᠰᠢ | ᠪᠤᠯᠭᠠᠵᠤ᠂ ᠤᠤᠯ ᠤᠨ ᠲᠠᠪᠬᠤᠷ ᠠᠩᠭᠢ ᠶᠢ ᠰᠠᠯᠭᠠᠵᠤ᠂ ᠲᠡᠭᠡᠳᠤ ᠠᠩᠭᠢ ᠳᠤ ᠲᠤᠰᠭᠠᠷ ᠭᠢᠴᠢᠶᠡᠯᠯᠡᠭᠦ ᠪᠤᠯᠤᠭᠰᠠᠨ | ᠪᠠᠶᠢᠨ᠎ᠠ᠃ | 1972 ᠤᠨ ᠪᠤᠯᠬᠤ ᠳᠤ ᠤᠤᠯ ᠤᠨ ᠨᠤᠷᠪᠤᠸᠠᠩᠵᠢᠯ᠂ ᠭᠠᠷᠰᠢᠮᠡ ᠬᠤᠶᠠᠷ ᠪᠠᠭᠰᠢ ᠠᠴᠠ ᠭᠠᠳᠠᠨ᠎ᠠ | ᠽᠠᠨᠳᠠᠨ᠂ ᠽᠠᠨᠳᠠᠨᠴᠡᠴᠡᠭ᠂ ᠨᠠᠷᠠᠨᠴᠢᠮᠡᠭ᠂ ᠪᠠᠭ᠎ᠠ ᠨᠤᠷᠪᠤᠸᠠᠩᠵᠢᠯ ᠨᠠᠷ ᠤᠷᠢᠳ ᠬᠤᠵᠢᠳ ᠢᠷᠡᠵᠤ ᠪᠠᠭᠰᠢᠯᠠᠭᠰᠠᠨ | ᠪᠠᠶᠢᠨ᠎ᠠ᠃ | 1974 ᠤᠨ ᠳᠤ ᠨᠤᠷᠪᠤᠸᠠᠩᠵᠢᠯ ᠠᠵᠢᠯ ᠰᠢᠯᠵᠢᠵᠤ᠂ ᠭᠠᠷᠰᠢᠮᠡ ᠵᠠᠭᠢᠷᠤᠯ ᠪᠤᠯᠤᠭᠰᠠᠨ ᠪᠠᠶᠢᠨ᠎ᠠ᠃ | ᠲᠤᠰ ᠵᠢᠯ ᠳᠤ ᠪᠦᠬᠦ ᠰᠤᠷᠤᠭᠴᠢ ᠶᠢᠨ ᠲᠤᠭ᠎ᠠ 88ᠨᠡᠷ᠎ᠡ ᠪᠠᠶᠢᠵᠠᠢ᠃ ᠬᠢᠴᠢᠶᠡᠯᠡᠭᠴᠢ ᠪᠠᠭᠰᠢ ᠳᠤ ᠰᠠᠮᠠᠭ᠎ᠠ᠂ | ᠨᠠᠷᠠᠨᠴᠢᠮᠡᠭ ᠂ ᠬᠤᠳᠤᠷᠠᠩᠭ᠎ᠠ᠂ ᠴᠤᠯᠮᠤᠨ᠂ ᠴᠢᠯᠠᠭᠤ᠂ ᠨᠠᠰᠤᠨᠪᠠᠶᠠᠷ᠂ ᠡᠷᠳᠡᠨᠢᠴᠡᠴᠡᠭ᠂ ᠰᠡᠴᠡᠨᠮᠠᠨᠳᠣᠯᠠ᠂ | ᠬᠠᠰᠬᠤᠸᠠᠷ᠂ ᠰᠤᠳᠪᠠ᠂ ᠷᠢᠮᠠᠳ᠂ ᠰᠤᠪᠤᠳᠤᠨᠴᠢᠮᠡᠭ᠂ ᠰᠧᠷᠡᠩᠨᠢᠮᠠ᠂ ᠪᠠᠨᠽᠠᠷᠠᠭᠴᠠ᠂ ᠵᠢᠮᠪᠠᠵᠠᠮᠰᠤ ᠂ ᠰᠤᠷᠭᠠᠯᠳᠤ | ᠤᠷᠢᠳ ᠬᠤᠵᠢᠳ ᠪᠠᠭᠰᠢᠯᠠᠭᠰᠠᠨ ᠪᠠᠶᠢᠨ᠎ᠠ᠃ | 1983 ᠤᠨ ᠳᠤ ᠮᠦᠨ ᠭᠠᠷᠰᠢᠮᠡ ᠵᠠᠭᠢᠷᠤᠯ ᠤᠨ ᠠᠵᠢᠯ ᠢ ᠬᠠᠷᠢᠭᠤᠴᠠᠵᠤ ᠂ ᠰᠧᠷᠡᠩᠨᠢᠮᠠ | ᠰᠡᠴᠡᠩᠭᠡᠷᠡᠯ ᠂ ᠨᠤᠷᠵᠠᠢ ᠂ ᠪᠤᠯᠤᠳ᠂ ᠰᠤᠪᠤᠳᠤᠨᠴᠢᠮᠡᠭ᠂ ᠪᠠ ᠶᠦᠶᠧ᠂ ᠪᠠᠽᠠᠷᠠᠬᠴᠠ᠂ ᠲᠤᠷᠵᠢ᠂ ᠨᠠᠷᠠᠰᠤ᠂ | ᠰᠠᠨᠠᠭᠠᠷᠪᠤᠤ᠂ ᠵᠡᠷᠭᠡ ᠪᠠᠭᠰᠢ ᠠᠵᠢᠯᠯᠠᠵᠤ ᠪᠠᠶᠢᠵᠠᠢ᠃ | 1984 ᠤᠨ ᠳᠤ ᠰᠧᠷᠡᠩᠨᠢᠮᠠ ᠵᠠᠭᠢᠷᠤᠯ ᠤᠨ ᠠᠵᠢᠯ ᠢ ᠬᠠᠷᠢᠭᠤᠴᠠᠵᠤ᠂ ᠴᠢᠮᠡᠭ᠂ ᠰᠡᠴᠡᠨᠬᠡᠷᠡᠯ᠂ | ᠨᠠᠷᠠᠨ ᠵᠡᠷᠭᠡ ᠪᠠᠭᠰᠢ ᠲᠠᠢ᠂1——5 ᠤᠨ ᠤ 46 ᠰᠤᠷᠤᠭᠴᠢ ᠳᠤ ᠭᠢᠴᠢᠶᠡᠯᠯᠡᠵᠤ ᠪᠠᠶᠢᠵᠠᠢ᠃ | 1987 ᠤᠨ ᠳᠤ ᠴᠦᠢᠵᠠᠪ ᠵᠠᠭᠢᠷᠤᠯ ᠪᠤᠯᠵᠤ᠂ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠡ᠂ | ᠶᠠᠷᠤᠩᠭᠡᠢ ᠰᠤᠷᠭᠠᠭᠤᠯᠢ ᠬᠤᠶᠠᠷ ᠱᠠᠳᠤᠨ ᠤ ᠬᠠᠮᠵᠢᠯᠴᠠᠭ᠎ᠠ ᠪᠠᠷ ᠰᠢᠨ᠎ᠡ ᠪᠠᠷ ᠴᠣᠯ ᠲᠤᠭᠤᠰᠬᠠᠨ ᠪᠦᠳᠦᠴᠠ ᠪᠦᠭᠦᠢ | ᠭᠢᠴᠢᠶᠡᠯ ᠤᠨ ᠭᠡᠷ ᠪᠠᠷᠢᠭᠰᠠᠨ ᠪᠠᠶᠢᠨ᠎ᠠ᠃ | 1988 ᠤᠨ ᠳᠤ ᠰᠤᠷᠭᠠᠯᠳᠤ ᠵᠠᠭᠢᠷᠤᠯ ᠤᠨ ᠠᠵᠢᠯ ᠢ ᠬᠠᠷᠢᠭᠤᠴᠠᠵᠤ᠂ ᠲᠠᠷᠠᠭ᠎ᠠ ᠵᠢᠯ ᠨᠢ ᠲᠠᠷᠢᠵᠠᠪ | ᠵᠠᠭᠢᠷᠤᠯ ᠤᠨ ᠠᠵᠢᠯ ᠢ ᠭᠢᠭᠰᠡᠨ ᠪᠠᠶᠢᠨ᠎ᠠ᠃ | 1996 ᠤᠨ ᠳᠤ ᠴᠢᠮᠡᠭ ᠵᠠᠭᠢᠷᠤᠯ᠂ ᠬᠠᠰᠭᠡᠷᠡᠯ᠂ ᠰᠡᠴᠨᠨᠳᠣ ᠪᠠᠭᠰᠢ ᠵᠢᠭᠠᠵᠤ ᠪᠠᠶᠢᠭᠰᠠᠨ ᠢᠶᠠᠨ1999 | ᠤᠨ ᠳᠤ ᠨᠤᠷᠵᠢ ᠵᠠᠭᠢᠷᠤᠯ ᠪᠤᠯᠵᠠᠢ᠃ | ᠰᠢᠨ᠎ᠡ ᠵᠠᠭᠤᠨ ᠤ ᠡᠭᠢ ᠪᠤᠯᠬᠤ ᠳᠤ ᠰᠤᠷᠭᠠᠭᠤᠯᠢ ᠶᠢᠨ ᠪᠦᠳᠦᠭᠡᠨ ᠪᠠᠶᠢᠭᠤᠯᠤᠯᠳᠠ ᠨᠠᠯᠢᠶᠠᠳ | ᠲᠡᠭᠦᠯᠳᠡᠷᠵᠢᠵᠤ᠂ ᠭᠢᠴᠢᠶᠡᠯ ᠤᠨ ᠭᠡᠷ ᠢ ᠲᠤᠳᠤᠷ᠎ᠠ ᠠᠴᠠ ᠨᠢ ᠪᠦᠭᠦᠨ ᠢ ᠵᠠᠰᠠᠨ ᠰᠢᠨᠡᠳᠭᠡᠵᠤ᠂ ᠭᠠᠳᠠᠨ᠎ᠠ ᠲᠠᠯ᠎ᠠ | ᠶᠢᠨ60m ᠴᠢᠯᠠᠭᠤᠨ ᠭᠡᠷᠡᠮ ᠢ ᠲᠠᠭᠢᠵᠤ ᠪᠠᠶᠢᠭᠤᠯᠤᠭᠰᠠᠨ ᠮᠦᠷᠳᠡᠭᠡᠨ ᠭᠠᠴᠠᠭᠠᠨ ᠠᠴᠠ ᠬᠤᠪᠢᠶᠠᠭᠳᠠᠵᠤ | ᠦᠭᠭᠦᠭᠰᠡᠨ100 ᠮᠤ᠋ ᠲᠠᠷᠢᠶᠠᠨ ᠲᠦᠷᠢᠶᠡᠰᠤ ᠪᠠᠷ ᠰᠤᠷᠭᠠᠭᠤᠯᠢ ᠶᠢᠨ ᠠᠯᠢᠪᠡ ᠵᠠᠷᠤᠳᠠᠯ ᠢᠶᠠᠨ ᠰᠢᠢᠳᠪᠦᠷᠢᠯᠡᠵᠤ | ᠪᠠᠶᠢᠵᠠᠢ᠃ | 2000 ᠤᠨ ᠳᠤ ᠵᠠᠭᠢᠷᠤᠯ ᠢᠶᠠᠷ ᠨᠤᠷᠵᠢ ᠠᠵᠢᠯᠯᠠᠵᠤ᠂ ᠤᠷᠭᠢᠯ᠂ ᠪᠠᠶᠠᠨᠪᠠᠳᠤ᠂ ᠰᠤᠪᠤᠳᠤᠨᠴᠢᠮᠡᠭ᠂ | ᠬᠦᠦᠳᠡᠭᠦᠳᠤ᠂ ᠲᠣᠶᠠᠭ᠎ᠠ᠂ ᠬᠠᠰᠭᠡᠷᠡᠯ᠂ ᠰᠠᠷᠠᠭᠤᠯ᠂ ᠴᠡᠴᠡᠭ᠂ ᠴᠡᠩᠭᠡᠯ᠂ ᠴᠢᠨᠳᠠᠮᠤᠨᠢ᠂ ᠬᠠᠰᠴᠡᠴᠡᠭ᠂ ᠲᠠᠨ᠎ᠠ᠂ | ᠰᠡᠷᠭᠦᠯᠡᠩ᠂ ᠤᠷᠠᠨᠳᠤᠩᠭᠠᠯᠠᠭ᠂ ᠂ ᠢᠥᠢ ᠵᠧᠨ᠂ ᠲᠦᠪᠰᠢᠨ ᠵᠡᠷᠭᠡ ᠪᠠᠭᠰᠢ ᠤᠷᠢᠳ ᠬᠤᠵᠢᠳ ᠠᠵᠢᠯᠯᠠᠭᠰᠠᠨ | ᠪᠠᠶᠢᠨ᠎ᠠ᠃ | 2010 ᠤᠨ ᠳᠤ ᠰᠣᠷᠭᠠᠭᠤᠯᠢ ᠶᠢᠨ ᠨᠠᠰᠣᠨ ᠠᠴᠠ ᠡᠮᠦᠨᠡᠭᠢ ᠠᠩᠭᠢ ᠶᠢᠨ ᠭᠡᠦᠭᠡᠳ ᠰᠤᠮᠤᠨ ᠤ | ᠰᠤᠷᠭᠠᠭᠤᠯᠢ ᠳᠤ ᠢᠷᠡᠵᠤ ᠭᠢᠴᠢᠶᠡᠯᠯᠡᠭᠦ ᠪᠤᠯᠤᠭᠰᠠᠨ ᠠᠴᠠ ᠲᠤᠰ ᠰᠤᠷᠭᠠᠭᠤᠯᠢ ᠨᠢ ᠲᠡᠦᠭᠡ ᠶᠢᠨ ᠡᠭᠦᠷᠭᠡ ᠪᠠᠨ | ᠬᠦᠢᠴᠡᠳᠭᠡᠵᠤ᠂ ᠡᠭᠦᠳᠡ ᠪᠠᠨ ᠬᠠᠭᠠᠵᠤ᠂ ᠦᠩᠭᠡᠷᠡᠵᠦ ᠤᠳᠤᠭᠰᠠᠨ ᠤᠯᠠ ᠮᠦᠷ ᠲᠠᠢ ᠪᠠᠨ ᠲᠤᠷᠠᠰᠤᠯ ᠤᠨ | ᠮᠠᠨᠠᠨ ᠳᠤ ᠬᠤᠴᠢᠭᠳᠠᠭᠰᠠᠨ ᠪᠠᠶᠢᠨ᠎ᠠ᠃ | ᠠᠵᠢᠯ ᠤᠨ ᠪᠠᠶᠢᠷᠢ ᠳᠤ ᠭᠠᠷᠤᠭᠰᠠᠳ᠄ ᠳ᠋ᠠᠨᠽᠠᠨᠨᠢᠮᠠ᠂ ᠬᠦᠩᠭᠡᠷᠮᠠ᠂ ᠪᠢᠳᠤᠷᠢᠶ᠎ᠠ᠂ ᠰᠢᠨᠡᠪᠠᠶᠠᠷ᠂ | ᠨᠠᠷᠠᠩᠭᠤᠸ᠎ᠠ᠂ ᠴᠡᠩᠬᠡᠯᠪᠠᠳᠤ᠂ ᠡᠷᠳᠡᠨᠢᠪᠠᠳᠤ᠂ ᠪᠠᠶᠠᠷ᠂ ᠨᠤᠷᠪᠤᠷᠢᠨᠴᠢᠨ᠂ ᠭᠤᠸ᠎ᠠ᠂ ᠤᠶᠤᠨᠳᠠᠯᠠᠢ᠂ ᠤᠶᠤᠨᠪᠠᠭᠠᠳᠤᠷ᠂ | ᠬᠠᠰᠪᠠᠭᠠᠳᠤᠷ᠂ ᠪᠠᠨᠽᠠᠷᠠᠭᠴᠠ᠂ ᠨᠤᠷᠵᠠᠢ᠂ ᠰᠡᠴᠡᠨᠴᠤᠭᠳᠤ᠂ ᠡᠩᠬᠡᠳᠦ᠋ᠪᠰᠢᠨ᠂ ᠬᠢᠯᠪᠠᠭ᠎ᠠ᠂ ᠨᠤᠷᠪᠤᠸᠠᠩᠵᠢᠯ᠂ | ᠰᠠᠩᠪᠤᠤ᠂ ᠬᠠᠰᠠᠭᠤᠯᠠ᠂ ᠢᠯᠠᠯᠳᠠ᠂ ᠪᠤᠯᠤᠳ᠂ ᠪᠦᠷᠢᠨᠳᠡᠯᠭᠡᠷ᠂ ᠮᠠᠨᠳᠤᠯ᠎ᠠ᠂ ᠤᠯᠠᠭᠠᠩᠭᠡᠷᠡᠯ᠂ ᠰᠤᠶᠤᠯᠴᠢᠮᠡᠭ᠂ | ᠨᠤᠷᠪᠤᠸᠠᠩᠵᠢᠯ᠂ ᠷᠠᠰᠢ᠂ ᠲᠤᠷᠵᠢ᠂ ᠰᠧᠷᠡᠩᠨᠢᠮᠠ᠂ ᠰᠤᠪᠤᠳᠤᠨᠴᠢᠮᠡᠭ᠂ ᠨᠠᠰᠦᠨᠮᠦ᠋ᠩᠬᠡ᠂ ᠷᠢᠮᠡᠳ᠂ ᠲᠡᠭᠦᠦᠳᠠᠭᠠᠭᠤᠯ | ᠂ ᠠᠯᠳᠠᠨᠰᠦᠮᠪᠦᠷ᠂ ᠰᠸᠧᠡᠩᠨᠤᠷᠪᠤ᠂ ᠦᠯᠵᠡᠶᠢᠳᠤᠭᠳᠠᠬᠤ᠂ ᠮᠦᠩᠬᠡ᠂ ᠨᠠᠷᠠᠨ᠂ ᠤᠷᠠᠨ᠎ᠠ᠂ ᠦᠯᠵᠡᠶᠢᠴᠤᠭᠳᠤ᠂ | ᠰᠡᠷᠬᠦᠯᠡᠩ᠂ ᠪᠠᠭᠠᠳᠤᠷ᠂ ᠰᠡᠴᠡᠨ᠂ ᠨᠠᠷᠠᠨ᠂ ᠬᠦᠴᠦᠳᠣ᠂ ᠪᠠᠭᠠᠨ᠎ᠠ᠂ ᠰᠠᠨᠠᠭᠠᠪᠠᠶᠠᠷ᠂ ᠤᠶᠤᠨᠳᠠᠨ᠎ᠠ᠂ ᠰᠡᠴᠡᠨᠪᠠᠳᠤ᠂ | ᠬᠤᠷᠯᠤᠷᠢᠨᠴᠢᠨ᠂ ᠠᠯᠳᠠᠨᠴᠢᠮᠡᠭ᠂ ᠪᠤᠤ ᠯᠢᠶᠠᠨ ᠴᠧᠩ᠂ ᠰᠤᠳᠤᠪᠠᠶᠠᠷ᠂ ᠦᠨᠢᠷᠴᠡᠴᠡᠭ᠂ ᠬᠦᠰᠡᠯ᠂ ᠴᠤᠯᠮᠤᠨᠴᠡᠴᠡᠭ | ᠂ ᠰᠡᠴᠡᠨᠳᠡᠯᠭᠡᠷ᠂ ᠯᠠᠮᠠᠵᠠᠪ᠂ ᠰᠠᠴᠤᠷᠠ᠂ ᠴᠢᠮᠪᠠᠢ᠂ ᠣᠳᠬᠠᠨᠴᠡᠴᠡᠭ᠂ ᠰᠡᠴᠡᠨᠴᠢᠮᠡᠭ᠂ ᠰᠡᠴᠡᠨᠪᠠᠭᠠᠳᠣᠷ᠂ ᠪᠠᠶᠠᠷᠳᠣ᠂ | ᠪᠣᠶᠠᠨᠳᠡᠯᠭᠡᠷ᠂ | ᠣᠷᠠᠩᠭᠤᠸ᠎ᠠ᠂ ᠰᠡᠩᠬᠡᠷᠡᠨᠴᠢᠨ ᠵᠡᠷᠭᠡ ᠪᠤᠢ᠃ | | | ᠪᠠᠯᠳᠠᠨᠰᠠᠩᠪᠪᠤᠦ ᠠᠴᠠ ᠬᠠᠩᠭᠠᠪᠠ᠃ |