ᠤᠯᠠᠭᠠᠨᠳᠤᠯᠤᠭᠠᠢ ᠰᠤᠷᠭᠠᠭᠤᠯᠢ | ᠤᠯᠠᠭᠠᠨᠳᠤᠯᠤᠭᠠᠢ ᠠᠶᠢᠯ ᠪᠤᠯ ᠪᠠᠷᠠᠭᠤᠨ᠂ ᠵᠡᠭᠦᠨ᠂ ᠬᠤᠶᠢᠨ᠎ᠠ ᠭᠤᠷᠪᠠᠨ ᠲᠠᠯ᠎ᠠ ᠪᠠᠷ ᠢᠶᠠᠨ ᠠᠭᠤᠯᠠ ᠲᠠᠢ᠂ | ᠡᠮᠦᠨ᠎ᠡ ᠲᠠᠯ᠎ᠠ ᠪᠠᠷ ᠮᠤᠷᠢᠨᠬᠤᠰᠢᠭᠤ᠂ ᠰᠠᠶᠢᠨᠬᠤᠳᠳᠤᠭ ᠠᠶᠢᠯ ᠲᠠᠢ ᠵᠠᠯᠭᠠᠯᠳᠤᠵᠤ᠂ ᠵᠡᠭᠦᠨ ᠬᠤᠶᠢᠳᠤ ᠲᠠᠯ᠎ᠠ ᠪᠠᠷ | ᠢᠶᠠᠨ ᠴᠠᠭᠠᠨᠪᠠᠶᠢᠴᠠ ᠠᠶᠢᠯ ᠲᠠᠢ ᠬᠦᠷᠰᠢᠯᠳᠤᠵᠤ ᠂ ᠰᠤᠮᠤᠨ ᠲᠦᠪ ᠪᠠᠷᠠᠭᠤᠨ ᠡᠮᠦᠨᠡᠰᠢ 10 ᠺᠢᠯᠤᠮᠧᠲᠷ ᠤᠨ | ᠵᠠᠶᠢᠳᠠᠢ ᠪᠠᠶᠢᠷᠢᠯᠠᠵᠤ ᠪᠠᠶᠢᠭ᠎ᠠ28 ᠡᠷᠦᠭᠡ᠂127 ᠬᠦᠮᠦᠨ ᠠᠮᠠ ᠪᠦᠭᠦᠢ ᠵᠢᠭᠠᠬᠠᠨ ᠠᠶᠢᠯ ᠪᠤᠯᠬᠤ ᠶᠤᠮ᠃ ᠲᠡᠭᠡᠷ᠎ᠡ | ᠵᠠᠭᠤᠨ ᠤ ᠬᠤᠷᠢᠭᠠᠳ ᠤᠨ ᠤ ᠦᠶ᠎ᠡ ᠪᠠᠷ ᠪᠤᠶᠠᠨ ᠭᠤᠤᠯ ᠠᠴᠠ ᠨᠡᠭᠦᠵᠤ ᠢᠷᠡᠬᠦ ᠲᠤᠯᠤᠭᠠᠬᠠᠨ ᠡᠷᠦᠭᠡ | ᠪᠠᠶᠢᠭᠰᠠᠨ ᠨᠢ ᠤᠳᠤ ᠪᠤᠯᠬᠤ ᠳᠤ ᠬᠤᠷᠢᠭᠠᠳ ᠡᠷᠦᠭᠡ ᠪᠤᠯᠤᠨ ᠨᠡᠮᠡᠭᠳᠡᠭᠰᠡᠨ ᠪᠠᠶᠢᠨ᠎ᠠ᠃ | 1964 ᠤᠨ ᠤ ᠦᠶ᠎ᠡ ᠳᠤ ᠂ ᠨᠤᠶᠢᠷᠤᠪ ᠪᠠᠭᠰᠢ ᠶᠢ ᠠᠩᠬ᠎ᠠ ᠲᠤᠮᠢᠯᠠᠨ ᠤᠯᠠᠭᠠᠨᠳᠤᠯᠤᠭᠠᠢ ᠠᠶᠢᠯ | ᠤᠨ7᠂ 8 ᠭᠡᠦᠭᠡᠳ ᠢ ᠴᠤᠭᠯᠠᠭᠤᠯᠵᠤ᠂ ᠭᠠᠴᠠᠭᠠᠨ ᠤ ᠭᠤᠷᠪᠠᠨ ᠲᠠᠰᠤᠯᠭ᠎ᠠ ᠭᠡᠷ ᠢ ᠶᠡᠭᠦᠯᠡᠨ ᠦᠭᠴᠤ ᠠᠩᠬᠠᠨ ᠤ | ᠰᠤᠷᠭᠠᠭᠤᠯᠢ ᠶᠢ ᠪᠠᠶᠢᠭᠤᠯᠵᠠᠢ᠃ ᠲᠤᠰ ᠵᠢᠯ ᠨᠤᠶᠢᠷᠤᠪ ᠪᠠᠭᠰᠢ ᠲᠠᠢ ᠬᠠᠮᠳᠤ ᠴᠢᠮᠠᠳ᠂ ᠲᠤᠩᠭᠠᠯᠠᠭ ᠭᠡᠭᠦ ᠬᠤᠶᠠᠷ | ᠲᠠᠳᠤᠯᠭ᠎ᠠ ᠶᠢᠨ ᠪᠠᠭᠰᠢ ᠢᠷᠠᠵᠤ ᠠᠵᠢᠯᠯᠠᠭᠰᠠᠨ ᠪᠠᠶᠢᠨ᠎ᠠ᠃ | ᠬᠠᠪᠤᠷᠵᠢᠶᠡ᠂ ᠵᠤᠰᠠᠯᠠᠩ᠂ ᠨᠠᠮᠤᠷᠵᠢᠶᠡ᠂ ᠡᠪᠦᠯᠵᠢᠶ᠎ᠡ ᠭᠡᠵᠤ ᠤᠯᠠᠷᠢᠯ ᠢᠶᠠᠨ ᠲᠠᠭᠠᠵᠤ ᠨᠠᠭᠦᠳᠡᠯᠯᠡᠵᠤ | ᠠᠮᠢᠳᠤᠷᠠᠭᠰᠠᠨ ᠪᠠᠶ᠋ᠬᠠᠭᠤᠯᠠ ᠶᠢᠨ ᠮᠤᠩᠭᠤᠯᠴᠤᠳ ᠮᠢᠨᠢ ᠲᠡᠭᠡᠷ᠎ᠡ ᠵᠠᠭᠤᠨ ᠤ ᠵᠢᠷᠠᠭᠠᠳ ᠤᠨ ᠪᠤᠯᠳᠠᠯ᠎ᠠ ᠡᠨᠡᠭᠦ | ᠤᠤᠭᠠᠯ ᠠᠷᠠᠨᠰᠢᠨ ᠢᠶᠠᠨ ᠪᠠᠷᠢᠮᠳᠠᠯᠠᠭᠰᠠᠭᠠᠷ ᠢᠷᠡᠵᠡᠢ᠃ ᠤᠯᠠᠭᠠᠨᠳᠤᠯᠤᠭᠠᠢ ᠶᠢᠨ ᠮᠠᠯᠴᠢᠳ ᠴᠦ ᠵᠤᠨ ᠪᠤᠯᠬᠤ ᠪᠠᠷ | ᠨᠦᠬᠡᠳᠦ ᠶᠢᠨ ᠪᠠᠶᠢᠴᠠ ᠶᠢᠨ ᠰᠤᠷᠭᠤᠭ ᠪᠡᠯᠴᠢᠭᠡᠷ ᠢ ᠲᠠᠭᠠᠵᠤ ᠨᠡᠭᠦᠳᠡᠯᠯᠡᠳᠡᠭ ᠪᠤᠯᠬᠤᠷ ᠰᠤᠷᠭᠠᠭᠤᠯᠢ ᠴᠦ | ᠲᠠᠭᠠᠯᠳᠤᠨ ᠶᠠᠪᠤᠵᠤ ᠵᠤᠰᠠᠯᠠᠩ ᠤᠨ ᠰᠤᠷᠭᠠᠭᠤᠯᠢ ᠡᠷᠭᠢᠯᠠᠵᠤ ᠪᠠᠶᠢᠭᠰᠠᠨ ᠨᠢ ᠦᠯᠢᠭᠡᠷ ᠤᠨ ᠶᠤᠮᠰᠢᠭ ᠪᠤᠳᠤᠭᠳᠠᠨ᠎ᠠ᠃ | | 1968 ᠤᠨ ᠳᠤ ᠮᠤᠷᠢᠨᠬᠤᠰᠢᠭᠤ ᠳᠤ ᠰᠤᠷᠭᠠᠭᠤᠯᠢ ᠶᠢ ᠨᠠᠶᠢᠯᠠᠭᠦᠯᠦᠭᠰᠡᠨ ᠪᠤᠯᠬᠤᠷ ᠤᠯᠠᠭᠠᠨᠳᠤᠯᠤᠭᠠᠢ ᠶᠢᠨ | ᠰᠤᠷᠭᠠᠭᠤᠯᠢ ᠲᠦᠷ ᠡᠷᠭᠢᠯᠡᠭᠦ ᠪᠠᠨ ᠵᠤᠭᠰᠤᠭᠰᠠᠨ ᠪᠠᠶᠢᠨ᠎ᠠ᠃ | 1971 ᠤᠨ ᠤ ᠦᠶ᠎ᠡ ᠪᠠᠷ ᠰᠤᠮᠤᠨ ᠤ ᠰᠤᠷᠭᠠᠨ ᠬᠦᠮᠦᠵᠢᠯ ᠤᠨ ᠤᠳᠤᠷᠢᠳᠬᠤ ᠲᠤᠭᠤᠶᠢᠯᠠᠩ ᠠᠴᠠ | ᠲᠠᠭᠢᠵᠤ ᠲᠤᠭᠢᠷᠠᠭᠤᠯᠤᠯᠳᠠ ᠭᠢᠵᠤ᠂ ᠤᠯᠠᠭᠠᠨᠳᠤᠯᠤᠭᠠᠢ ᠰᠤᠷᠭᠠᠭᠤᠯᠢ ᠳᠤ ᠴᠢᠳᠠᠯ᠂ ᠲᠠᠭᠠᠭᠤᠯ ᠬᠤᠶᠠᠷ ᠪᠠᠭᠰᠢ | ᠶᠢ ᠲᠤᠮᠢᠯᠠᠨ ᠤᠴᠢᠭᠤᠯᠵᠤ ᠲᠠᠭᠢᠨᠳᠠ ᠰᠤᠷᠭᠠᠭᠤᠯᠢ ᠡᠷᠭᠢᠯᠡᠭᠰᠡᠨ ᠪᠠᠶᠢᠨ᠎ᠠ᠃ | 1974 ᠤᠨ ᠳᠤ ᠬᠠᠢ ᠯᠢᠶᠠᠩ ᠪᠠᠭᠰᠢᠯᠠᠵᠤ ᠪᠠᠶᠢᠵᠠᠢ᠃ ᠰᠤᠷᠤᠭᠴᠢ ᠶᠢᠨ ᠲᠤᠭ᠎ᠠ ᠨᠡᠶᠢᠳᠡ 9 ᠨᠡᠷ᠎ᠡ | ᠪᠠᠶᠢᠵᠠᠢ᠃ | 1986 ᠤᠨ ᠪᠤᠯᠬᠤ ᠳᠤ ᠤᠯᠠᠭᠠᠨᠳᠤᠯᠤᠭᠠᠢ ᠭᠠᠴᠠᠭᠠᠨ ᠤ ᠭᠠᠴᠠᠭᠠᠨ ᠲᠠᠷᠤᠭ᠎ᠠ ᠨᠤᠷᠪᠤ ᠬᠤᠰᠢᠭᠤᠨ ᠤ | ᠰᠤᠷᠭᠠᠨ ᠬᠦᠮᠦᠵᠢᠯ ᠤᠨ ᠲᠤᠪᠴᠢᠶ᠎ᠡ ᠪᠠ ᠶᠡᠷᠦᠩᠭᠡᠢ ᠰᠤᠷᠭᠠᠭᠤᠯᠢ ᠶᠢ ᠡᠷᠢᠵᠤ᠂ ᠰᠤᠷᠭᠠᠨ ᠬᠦᠮᠦᠵᠢᠯ ᠤᠨ | ᠲᠤᠪᠴᠢᠶ᠎ᠡ ᠠᠴᠠ ᠵᠤᠭᠢᠬᠤ ᠭᠡᠮᠵᠢᠶᠡᠨ ᠤ ᠵᠤᠭᠤᠰ ᠮᠦᠩᠭᠦ ᠤᠯᠵᠤ᠂ ᠨᠢᠭᠡ ᠪᠦᠯᠦᠭ ᠢ ᠨᠢ ᠭᠠᠴᠠᠭ᠎ᠠ ᠠᠴᠠ | ᠬᠠᠷᠢᠭᠤᠴᠠᠨ᠂ ᠴᠤ᠋ ᠰᠢᠨ᠎ᠡ ᠲᠤᠯᠤᠭᠠᠨ ᠲᠠᠰᠤᠯᠭ᠎ᠠ ᠸᠠᠭᠠᠷ ᠲᠤᠭᠤᠰᠬ᠎ᠠ ᠶᠢᠨ ᠪᠦᠳᠦᠴᠠ ᠲᠠᠢ ᠭᠢᠴᠢᠶᠡᠯ ᠤᠨ ᠭᠡᠷ᠂ | ᠪᠠᠷᠢᠵᠤ ᠪᠠᠭᠰᠢ ᠰᠤᠷᠤᠭᠴᠢᠳ ᠤᠨ ᠠᠵᠢᠯᠯᠠᠵᠤ ᠰᠤᠷᠤᠯᠴᠠᠬᠤ ᠨᠦᠭᠦᠴᠠᠯ ᠢ ᠰᠠᠶᠢᠵᠢᠷᠡᠭᠤᠯᠤᠭᠰᠠᠨ ᠪᠠᠶᠢᠨ᠎ᠠ᠃ ᠮᠥᠨ | ᠡᠭᠦᠨ ᠤ ᠬᠠᠮᠳᠤ ᠭᠠᠴᠠᠭᠠᠨ ᠠᠴᠠ10 ᠮᠤ᠋ ᠲᠠᠷᠢᠶᠠᠨ ᠭᠠᠵᠠᠷ ᠭᠠᠷᠭᠠᠨ ᠦᠭᠴᠤ ᠰᠤᠷᠭᠠᠭᠤᠯᠢ ᠶᠢᠨ ᠡᠳᠦᠷ ᠲᠤᠳᠤᠮ | ᠤᠨ ᠭᠡᠷᠡᠭᠰᠡᠯ ᠢᠶᠠᠨ ᠰᠢᠢᠳᠪᠦᠷᠢᠯᠡᠭᠦ ᠳᠤ ᠨᠢ ᠪᠠᠳᠤᠯᠠᠭ᠎ᠠ ᠬᠠᠩᠭᠠᠭᠰᠠᠨ ᠪᠠᠶᠢᠨ᠎ᠠ᠃ | ᠲᠤᠬᠠᠢ ᠶᠢᠨ ᠦᠶ᠎ᠡ ᠳᠤ ᠤᠯᠠᠭᠠᠨᠳᠤᠯᠤᠭᠠᠢ ᠰᠤᠷᠭᠠᠭᠤᠯᠢ ᠳᠤ ᠴᠢᠳᠠᠯ᠂ ᠲᠠᠭᠠᠭᠤᠯ᠂ ᠽᠠᠨᠳᠠᠨ᠂ | ᠡᠷᠳᠡᠨᠢᠪᠢᠯᠢᠭ᠂ ᠤᠳᠬᠠᠨᠪᠠᠶᠠᠷ᠂ ᠠᠯᠳᠠ᠂ ᠪᠤᠯᠤᠳ᠂ ᠵᠢᠷᠤᠮᠳᠤ᠂ ᠰᠤᠷᠭᠠᠯᠳᠤ᠂ ᠬᠦᠦᠳᠠᠭᠠᠭᠤᠯ᠂ ᠮᠦᠩᠬᠡᠪᠠᠶᠠᠷ᠂ | ᠫᠧᠷᠯᠠᠶᠢᠵᠠᠪ᠂ ᠰᠡᠴᠡᠨᠴᠤᠭᠳᠤ᠂ ᠰᠠᠷᠠᠨᠳᠤᠩᠭᠠᠯᠠᠭ ᠵᠡᠷᠭᠡ ᠪᠠᠭᠰᠢ ᠤᠷᠢᠳ ᠬᠤᠵᠢᠳ ᠠᠵᠢᠯᠯᠠᠭᠰᠠᠨ ᠪᠠᠶᠢᠨ᠎ᠠ᠃ | 1992 ᠣᠨ ᠳᠤ ᠰᠡᠴᠡᠨᠴᠣᠬᠳᠣ ᠰᠣᠷᠭᠠᠭᠤᠯᠢ ᠶᠢᠨ ᠵᠠᠬᠢᠷᠣᠯ ᠢᠶᠠᠷ᠂ ᠲᠣᠶᠠᠭ᠎ᠠ᠂ ᠰᠠᠷᠠᠨᠳᠣᠩᠭᠠᠯᠠᠭ ᠬᠤᠶᠠᠷ | ᠬᠢᠴᠢᠶᠡᠯᠯᠡᠭᠴᠢ ᠪᠠᠭᠰᠢ ᠪᠠᠷ ᠪᠠᠶᠢᠪᠠ᠃ ᠲᠠᠷᠠᠭ᠎ᠠ ᠵᠢᠯ ᠨᠢ ᠰᠠᠶᠢᠨᠪᠠᠶᠠᠷ᠂ ᠪᠠᠳᠠᠷᠠᠩᠭᠤᠢ ᠬᠤᠶᠠᠷ ᠢ ᠲᠦᠷ ᠣᠷᠣᠯᠠᠬᠴᠢ | ᠪᠠᠭᠰᠢ ᠪᠠᠷ ᠬᠡᠷᠭᠯᠡᠪᠡ᠃ | ᠶᠡᠷᠢᠭᠡᠳ ᠤᠨ ᠤ ᠦᠶ᠎ᠡ ᠪᠠᠷ ᠤᠯᠠᠭᠠᠨᠳᠤᠯᠤᠭᠠᠢ ᠠᠶᠢᠯ ᠤᠨ ᠮᠠᠯᠴᠢᠳ ᠦᠪᠡᠷᠰᠡᠳ ᠢᠶᠠᠨ ᠭᠠᠷ ᠬᠦᠳᠡᠯᠵᠤ᠂ | ︽ᠶᠡᠭᠡ ᠲᠤᠯᠤᠯᠳᠤᠭᠠᠨ︾ ᠤ ᠭᠡᠯᠪᠡᠷᠢ ᠪᠠᠷ ᠰᠤᠷᠭᠠᠭᠤᠯᠢ ᠪᠠᠨ ᠪᠦᠳᠦᠭᠡᠨ ᠪᠠᠶᠢᠭᠤᠯᠵᠤ᠂ ᠭᠡᠷᠡᠮ ᠬᠠᠰᠢᠶ᠎ᠡ ᠢ ᠨᠢ | ᠰᠢᠨᠠᠳᠭᠡᠨ ᠵᠠᠰᠠᠵᠠᠢ᠃ | 1995 ᠤᠨ ᠳᠤ ᠰᠢᠦ ᠵᠧᠨ ᠪᠠᠭᠰᠢ ᠤᠯᠠᠭᠠᠨᠳᠤᠯᠤᠭᠠᠢ ᠰᠤᠷᠭᠠᠭᠤᠯᠢ ᠳᠤ ᠰᠢᠯᠵᠢᠨ ᠢᠷᠡᠵᠤ ᠠᠵᠢᠯᠯᠠᠵᠤ᠂ | ᠴᠦᠭᠡᠨ ᠭᠡᠳᠦᠨ ᠭᠡᠦᠭᠡᠳ ᠲᠤ ᠪᠠᠨ ᠡᠭᠡᠭᠡ ᠠᠳᠠᠯᠢᠬᠠᠨ ᠭᠢᠴᠢᠶᠡᠯᠯᠡᠵᠤ ᠪᠠᠶᠢᠭᠰᠠᠨ ᠢᠶᠠᠨ2006 ᠤᠨ ᠤ ᠦᠶ᠎ᠡ | ᠪᠠᠷ ᠪᠦᠭᠦ ᠰᠤᠮᠤᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠢ ᠪᠦᠷᠢᠨ ᠪᠠᠭ᠎ᠠ ᠰᠤᠷᠭᠠᠭᠤᠯᠢ ᠳᠤ | ᠲᠦᠪᠯᠡᠷᠡᠭᠦᠯᠦᠭᠰᠡᠨ ᠠᠴᠠ ᠴᠦᠭᠡᠨ ᠭᠡᠳᠦᠨ ᠰᠤᠷᠤᠭᠴᠢᠳ ᠨᠢ ᠴᠦ ᠰᠢᠯᠵᠢᠵᠤ ᠶᠠᠪᠤᠵᠠᠢ᠃ | ᠤᠯᠠᠭᠠᠨᠳᠤᠯᠤᠭᠠᠢ ᠠᠶᠢᠯ ᠠᠴᠠ ᠠᠵᠢᠯ ᠤᠨ ᠪᠠᠶᠢᠷᠢ ᠳᠤ ᠭᠠᠷᠤᠭᠰᠠᠳ ᠄ ᠸᠠᠩᠴᠤᠭ᠂ ᠠᠯᠳᠠ᠂ ᠽᠠᠨᠳᠠᠨ᠂ | ᠮᠦᠩᠬᠡᠪᠠᠶᠠᠷ᠂ ᠰᠡᠷᠬᠦᠯᠡᠩ᠂ ᠨᠠᠨᠳᠢᠨ᠂ ᠪᠠᠳᠠᠷᠠᠬᠤ᠂ ᠤᠷᠠᠨ᠎ᠠ᠂ ᠰᠠᠶᠢᠨᠪᠠᠶᠠᠷ ᠵᠡᠷᠭᠡ ᠪᠤᠢ᠃ | | | | ᠪᠠᠯᠳᠠᠨᠰᠠᠩᠪᠪᠤᠦ ᠠᠴᠠ ᠬᠠᠩᠭᠠᠪᠠ᠃ |