ᠴᠠᠭᠠᠨᠪᠠᠶᠢᠴᠠ ᠰᠤᠷᠭᠠᠭᠤᠯᠢ
ᠨᠡᠶᠢᠲᠡᠯᠡᠭᠰᠡᠨ ᠴᠠᠭ᠄
2015/12/29
                 ᠴᠠᠭᠠᠨᠪᠠᠶᠢᠴᠠ ᠰᠤᠷᠭᠠᠭᠤᠯᠢ        ᠴᠠᠭᠠᠨᠪᠠᠶᠢᠴᠠ ᠶᠢᠨ ᠠᠶᠢᠯ ᠨᠢ ᠰᠤᠮᠤᠨ ᠲᠦᠪ ᠠᠴᠠ ᠪᠠᠷᠠᠭᠤᠨ ᠡᠮᠦᠨ᠎ᠡ 6  ᠺᠢᠯᠣᠮᠧᠲᠷ ᠤᠨ ᠵᠠᠢ ᠳᠤ ᠪᠠᠶᠢᠷᠢᠯᠠᠵᠤ᠂ ᠪᠠᠷᠠᠭᠤᠨ ᠡᠮᠦᠨ᠎ᠡ ᠲᠠᠯ᠎ᠠ ᠪᠠᠷ ᠢᠶᠠᠨ ᠤᠯᠠᠭᠠᠨᠲᠤᠯᠤᠭᠠᠢ᠂ ᠵᠡᠬᠦᠨ ᠲᠠᠯ᠎ᠠ ᠪᠠᠷ ᠢᠶᠠᠨ ᠬᠦᠬᠡᠬᠠᠳᠠ   ᠲᠠᠢ ᠬᠦᠷᠰᠢᠯᠡᠵᠦ᠂ ᠨᠤᠳᠤᠭ ᠲᠡᠪᠢᠰᠭᠡᠷ ᠤᠨ ᠶᠡᠷᠦᠩᠬᠡᠢ ᠲᠠᠯᠠᠪᠠᠢ ᠨᠢ11.74 ᠲᠦᠮᠡᠨ ᠮᠤ᠋ ᠪᠠᠶᠢᠵᠤ᠂ 110 ᠡᠷᠦᠬᠡ 396 ᠬᠦᠮᠦᠨ ᠠᠮᠠ ᠤᠷᠤᠰᠢᠨ ᠠᠮᠢᠳᠤᠷᠠᠵᠤ ᠪᠠᠶᠢᠳᠠᠭ᠃1921 ᠤᠨ ᠤ ᠦᠶ᠎ᠡ ᠪᠠᠷ ᠨᠤᠳᠤᠭ ᠪᠡᠯᠴᠢᠭᠡᠷ ᠢᠶᠠᠨ ᠠᠯᠳᠠᠭᠰᠠᠨ ᠵᠡᠯ᠎ᠡ ᠶᠢᠨ ᠬᠤᠸᠠ᠂ ᠪᠠᠮᠪᠤ ᠶᠢᠨ  ᠵᠢᠯᠠᠭ᠎ᠠ  ᠵᠡᠷᠭᠡ ᠭᠠᠵᠠᠷ   ᠤᠨ ᠮᠤᠩᠭᠤᠯᠴᠤᠳ  ᠨᠡᠬᠦᠳᠡᠯᠯᠡᠨ ᠢᠷᠡᠵᠦ ᠂ ᠤᠰᠤᠳᠦ᠋ᠯᠡᠭᠡ᠂ ᠬᠠᠭᠤᠷᠠᠶᠢᠳᠦ᠋ᠯᠡᠭᠡ ᠵᠡᠷᠭᠡ ᠭᠠᠵᠠᠷ ᠲᠤ ᠰᠠᠭᠤᠷᠢᠰᠢᠨ ᠰᠠᠭᠤᠭᠠᠳ ᠨᠢᠬᠡᠨᠳᠡ ᠵᠠᠭᠤ ᠰᠢᠬᠠᠮ ᠵᠢᠯ ᠪᠤᠯᠵᠠᠢ᠃ 1930 ᠤᠨ ᠳᠤ ᠪᠡᠶᠢᠰᠡ ᠶᠢᠨ ᠰᠦᠮ᠎ᠡ ᠨᠡᠬᠦᠵᠦ ᠢᠷᠡᠨ᠂ ᠰᠦᠮ᠎ᠡ ᠶᠢᠨ ᠲᠤᠭᠤᠷᠢᠨ ᠳᠤ ᠰᠠᠭᠤᠷᠢᠰᠢᠵᠦ ᠪᠠᠶᠢᠭᠰᠠᠨ ᠠᠶᠢᠯ ᠢ ᠰᠦᠮ᠎ᠡ ᠶᠢᠨ ᠠᠶᠢᠯ ᠬᠡᠵᠦ᠂ ᠡᠨᠡ ᠭᠤᠷᠪᠠᠨ ᠠᠶᠢᠯ ᠨᠢ ᠨᠡᠶᠢᠯᠡᠭᠡᠳ ᠤᠳᠤ ᠶᠢᠨ ᠴᠠᠭᠠᠨᠪᠠᠶᠢᠴᠠ ᠶᠢᠨ ᠠᠶᠢᠯ ᠢ ᠪᠦᠷᠢᠯᠳᠦᠬᠦᠯᠦᠭᠰᠡᠨ ᠶᠤᠮ᠃       ᠴᠠᠭᠠᠨᠪᠠᠶᠢᠴᠠ ᠰᠤᠷᠭᠠᠭᠤᠯᠢ ᠨᠢ1947 ᠤᠨ ᠳᠤ ᠪᠠᠶᠢᠭᠤᠯᠤᠭᠳᠠᠵᠤ᠂1959 ᠤᠨ ᠳᠤ ᠰᠤᠮᠤᠨ ᠤ ᠲᠦᠪ ᠤᠨ ᠨᠡᠬᠦᠬᠦ ᠶᠢ ᠲᠠᠭᠠᠯᠳᠤᠨ ᠬᠠᠳᠠᠳᠤ ᠬᠤᠸᠠ ᠳᠤ ᠰᠢᠯᠵᠢᠨ ᠢᠷᠡᠵᠦ᠂ ᠪᠠᠶᠠᠨᠬᠭᠤᠯᠠ ᠭᠤᠤᠯ ᠬᠦᠢᠰᠦᠨ ᠰᠤᠷᠭᠠᠭᠤᠯᠢ  ᠬᠡᠵᠦ ᠨᠡᠷᠡᠶᠢᠳᠦᠨ᠂ ᠪᠦᠬᠦ ᠰᠤᠮᠤᠨ ᠤ ᠲᠦᠷᠪᠡ ᠲᠠᠪᠤᠳᠤᠭᠠᠷ ᠤᠨ ᠤ ᠰᠤᠷᠤᠭᠴᠢᠳ ᠢ ᠭᠤᠤᠯᠴᠢᠯᠠᠨ ᠡᠯᠰᠡᠭᠰᠡᠨ ᠠᠴᠠ ᠴᠠᠭᠠᠨᠪᠠᠶᠢᠴᠠ ᠶᠢᠨ ᠠᠶᠢᠯ ᠤᠨ ᠲᠤᠤᠷ᠎ᠠ ᠤᠨ ᠤ ᠬᠡᠦᠬᠡᠳ ᠨᠢ ᠮᠦᠨ ᠬᠠᠭᠤᠴᠢᠨ ᠰᠠᠭᠤᠷᠢᠰᠢᠯ ᠳᠤ  ᠪᠠᠨ ᠦᠯᠡᠳᠡᠵᠦ ᠦᠷᠬᠦᠯᠵᠢᠯᠡᠨ ᠬᠢᠴᠢᠶᠡᠯᠡᠭᠰᠡᠨ ᠪᠠᠶᠢᠨ᠎ᠠ᠃ 1956 ᠣᠨ ᠳᠤ ᠷᠢᠨᠴᠢᠨᠳᠣᠷᠵᠢ ᠵᠠᠬᠢᠷᠣᠯ ᠤᠨ ᠠᠵᠢᠯ ᠢ ᠬᠠᠷᠢᠭᠤᠴᠠᠵᠣ᠂ ᠰᠣᠷᠭᠠᠯᠳᠣ᠂ ᠡᠷᠳᠡᠨᠢᠴᠡᠴᠡᠭ᠂ ᠷᠢᠨᠴᠢᠨᠮᠧᠳᠡᠭ  ᠵᠡᠷᠭᠡ ᠬᠦᠮᠣᠰ ᠬᠢᠴᠢᠶᠡᠯᠡᠯᠭᠴᠢ ᠪᠠᠭᠰᠢ ᠪᠠᠷ ᠠᠵᠢᠯᠠᠯᠵᠣ ᠪᠠᠶᠢᠪᠠ᠃        1960 ᠤᠨ ᠳᠤ ᠭᠤᠨᠴᠤᠭ ᠪᠠᠭᠰᠢ ᠬᠢᠴᠢᠶᠡᠯᠯᠡᠵᠦ᠂1962 ᠤᠨ ᠳᠤ  ᠬᠤᠤᠰᠪᠠᠶᠠᠷ ᠪᠠᠭᠰᠢ ᠠᠵᠢᠯᠯᠠᠬᠤ ᠪᠤᠯᠤᠭᠰᠠᠨ ᠪᠠᠶᠢᠨ᠎ᠠ᠃        1965 ᠤᠨ ᠳᠤ ᠰᠤᠳᠨᠠᠮ ᠪᠠᠭᠰᠢ ᠬᠤᠤᠰᠪᠠᠶᠠᠷ  ᠪᠠᠭᠰᠢ ᠶᠢ ᠵᠠᠯᠭᠠᠨ ᠠᠪᠴᠤ  ᠬᠢᠴᠢᠶᠡᠯᠯᠡᠭᠰᠡᠨ ᠪᠠᠶᠢᠨ᠎ᠠ᠃       1969 ᠤᠨ ᠳᠤ ᠰᠠᠮᠫᠢᠯ ᠪᠠᠭᠰᠢ ᠵᠠᠬᠢᠷᠤᠯ ᠢᠶᠠᠷ ᠲᠤᠮᠢᠯᠠᠭᠳᠠᠨ ᠢᠷᠡᠵᠦ᠂ ᠰᠤᠳᠨᠠᠮ ᠪᠠᠭᠰᠢ ᠲᠠᠢ ᠬᠤᠶᠠᠭᠤᠯᠠ 1 —4 ᠤᠨ ᠳᠤ ᠬᠢᠴᠢᠶᠡᠯᠯᠡᠵᠦ ᠪᠠᠶᠢᠵᠠᠢ᠃ ᠲᠤᠬᠠᠢ ᠶᠢᠨ ᠦᠶ᠎ᠡ ᠳᠤ ︽ᠡᠬᠦᠳᠡ ᠪᠠᠨ ᠨᠡᠭᠡᠭᠡᠵᠦ ᠰᠤᠷᠭᠠᠭᠤᠯᠢ ᠡᠷᠬᠢᠯᠡᠬᠦ︾ ᠶᠡᠭᠡ ᠦᠷᠨᠢᠯᠳᠡ ᠪᠤᠯᠵᠤ ᠪᠠᠶᠢᠭ᠎ᠠ ᠪᠠᠶᠢᠳᠠᠯ ᠳᠤ ᠰᠠᠮᠫᠢᠯ ᠵᠠᠬᠢᠷᠤᠯ ᠲᠠᠰᠤ ᠡᠰᠡᠷᠬᠦᠴᠡᠵᠦ᠂ ᠬᠢᠴᠢᠶᠡᠯᠯᠡᠬᠦ ᠪᠠᠨ ᠵᠤᠭᠰᠤᠭᠰᠠᠨ ᠦᠭᠡᠢ ᠪᠠᠶᠢᠯ᠎ᠠ᠃ ᠮᠦᠨ ᠲᠤᠰ ᠵᠢᠯ ᠭᠤᠷᠪᠠᠨ ᠲᠠᠰᠤᠯᠭ᠎ᠠ ᠰᠢᠪᠠᠷ ᠪᠠᠶᠢᠰᠢᠩ ᠨᠡᠮᠡᠨ ᠪᠠᠷᠢᠵᠦ᠂ ᠰᠤᠷᠭᠠᠭᠤᠯᠢ ᠶᠢᠨ ᠬᠢᠴᠢᠶᠡᠯ ᠤᠨ ᠭᠡᠷ ᠢᠶᠠᠨ ᠨᠠᠢᠮᠠᠨ ᠲᠠᠰᠤᠯᠭ᠎ᠠ ᠪᠤᠯᠭᠠᠨ ᠦᠷᠭᠡᠳᠬᠡᠭᠰᠡᠨ ᠪᠠᠶᠢᠨ᠎ᠠ᠃        1974 ᠤᠨ ᠳᠤ ᠪᠦᠬᠦ ᠰᠤᠷᠤᠭᠴᠢ ᠶᠢᠨ ᠲᠤᠭ᠎ᠠ 62ᠨᠡᠷ᠎ᠡ ᠪᠠᠶᠢᠵᠤ᠂ ᠰᠠᠮᠫᠢᠯ᠂ ᠰᠤᠳᠨᠠᠮ᠂ ᠦᠯᠵᠡᠢ ᠭᠤᠷᠪᠠᠨ ᠪᠠᠭᠰᠢ ᠠᠵᠢᠯᠯᠠᠵᠤ ᠪᠠᠶᠢᠵᠠᠢ᠃       1976  — 1983ᠤᠨ ᠪᠤᠯᠳᠠᠯ᠎ᠠ  ᠴᠤᠶᠢᠵᠠᠪ ᠵᠠᠬᠢᠷᠤᠯ ᠤᠨ ᠠᠵᠢᠯ ᠢ ᠬᠠᠷᠢᠭᠤᠴᠠᠵᠤ᠂ ᠬᠤᠸᠠᠷ᠂ ᠷᠢᠨᠴᠢᠮ᠎ᠠ᠂ ᠷᠢᠨᠴᠢᠨ᠂ ᠰᠢᠵᠢᠷ᠂ ᠠᠩᠴᠢᠨ᠂ ᠰᠢᠮᠠ᠂ ᠲᠠᠭᠠᠭᠤᠯ᠂ ᠰᠧᠪᠡᠯ᠂ ᠮᠠᠨᠳᠤᠬᠤ᠂ ᠰᠤᠷᠭᠠᠯᠳᠤ᠂ ᠯᠢᠶᠠᠨ ᠰᠢ  ᠵᠡᠷᠭᠡ ᠪᠠᠭᠰᠢ ᠤᠷᠢᠳ ᠬᠤᠵᠢᠳ ᠪᠠᠭᠰᠢᠯᠠᠭᠰᠠᠨ ᠪᠠᠶᠢᠨ᠎ᠠ᠃      1984  —1998 ᠤᠨ  ᠪᠤᠯᠳᠠᠯ᠎ᠠ ᠰᠠᠮᠫᠢᠯ ᠪᠦᠷᠢᠨ ᠪᠠᠭ᠎ᠠ ᠰᠤᠷᠭᠠᠭᠤᠯᠢ ᠠᠴᠠ ᠰᠢᠯᠵᠢᠨ ᠢᠷᠡᠵᠦ ᠵᠠᠬᠢᠷᠤᠯ ᠤᠨ ᠠᠵᠢᠯ ᠢ ᠬᠠᠷᠢᠭᠤᠴᠠᠵᠤ᠂ ᠴᠤᠶᠢᠵᠠᠪ᠂  ᠪᠠᠳᠤᠪᠠᠶᠠᠷ  ᠂ ᠨᠤᠷᠵᠠᠢ᠂  ᠤᠳᠤᠩᠭᠡᠷᠡᠯ᠂ ᠰᠧᠷᠡᠩᠨᠢᠮ᠎ᠠ᠂ ᠪᠤᠯᠤᠳ᠂ ᠰᠤᠷᠭᠠᠯᠳᠤ᠂ ᠰᠠᠷᠠᠭᠤᠯ᠂ ᠨᠠᠷᠠᠰᠤ᠂ ᠲᠤᠶᠠᠭ᠎ᠠ᠂ ᠰᠠᠴᠤᠷᠠᠩᠭᠤᠢ ᠵᠡᠷᠭᠡ ᠪᠠᠭᠰᠢ  ᠤᠷᠢᠳ ᠬᠤᠵᠢᠳ ᠪᠠᠭᠰᠢᠯᠠᠵᠤ  ᠠᠵᠢᠯᠯᠠᠵᠠᠢ᠃       1998 ᠤᠨ ᠠᠴᠠ ᠰᠤᠷᠭᠠᠯᠳᠤ ᠵᠠᠬᠢᠷᠤᠯ ᠤᠨ ᠠᠵᠢᠯ ᠢ ᠬᠠᠷᠢᠭᠤᠴᠠᠵᠤ  ᠂ ᠨᠠᠰᠤᠨᠪᠠᠶᠠᠷ᠂  ᠤᠷᠠᠨᠲᠤᠳᠢ᠂ ᠲᠦᠪᠰᠢᠨ᠂ ᠰᠤᠳᠤᠭᠡᠷᠡᠯ᠂ ᠬᠦᠦᠳᠡᠬᠦᠳᠦ᠂ ᠮᠦᠳᠠᠨ᠂ ᠰᠡᠴᠡᠨᠴᠢᠮᠡᠭ  ᠵᠡᠷᠭᠡ ᠪᠠᠭᠰᠢ ᠠᠵᠢᠯᠯᠠᠵᠤ ᠪᠠᠶᠢᠵᠠᠢ᠃      2006 ᠤᠨ ᠪᠤᠯᠬᠤ ᠳᠤ ᠪᠦᠬᠦ ᠰᠤᠮᠤᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠢ ᠪᠦᠷᠢᠨ ᠪᠠᠭ᠎ᠠ ᠰᠤᠷᠭᠠᠭᠤᠯᠢ ᠳᠤ ᠲᠦᠪᠯᠡᠷᠡᠬᠦᠯᠦᠭᠰᠡᠨ ᠠᠴᠠ ᠴᠠᠭᠠᠨᠪᠠᠶᠢᠴᠠ ᠰᠤᠷᠭᠠᠭᠤᠯᠢ ᠨᠢ ᠰᠤᠷᠭᠠᠭᠤᠯᠢ ᠠᠴᠠ ᠡᠮᠦᠨᠡᠬᠢ ᠬᠡᠦᠬᠡᠳ  ᠤᠨ ᠠᠩᠬᠢ ᠶᠢᠨ ᠵᠢᠭᠠᠬᠤ ᠴᠢᠭ᠋ ᠪᠤᠯᠵᠤ᠂ ᠬᠦᠬᠡᠬᠠᠳᠠ᠂ ᠴᠠᠭᠠᠨᠪᠠᠶᠢᠴᠠ ᠬᠤᠶᠠᠷ ᠠᠶᠢᠯ ᠤᠨ ᠬᠡᠦᠬᠡᠳ   ᠤᠨ  ᠴᠡᠴᠡᠷᠯᠢᠭ ᠪᠤᠯᠤᠭᠰᠠᠨ ᠪᠠᠶᠢᠨ᠎ᠠ᠃ ᠤᠳᠤ ᠪᠤᠯᠳᠠᠯ᠎ᠠ ᠰᠤᠷᠭᠠᠯᠳᠤ᠂ ᠰᠡᠴᠡᠨᠴᠢᠮᠡᠭ ᠬᠤᠶᠠᠷ ᠪᠠᠭᠰᠢ ᠰᠤᠷᠬᠤ ᠨᠠᠰᠤᠨ  ᠠᠴᠠ ᠡᠮᠦᠨᠡᠬᠢ ᠠᠷᠪᠠᠭᠠᠳ ᠬᠡᠦᠬᠡᠳ ᠲᠤ ᠬᠢᠴᠢᠶᠡᠯᠯᠡᠭᠰᠡᠭᠡᠷ ᠪᠠᠶᠢᠨ᠎ᠠ᠃       ᠴᠠᠭᠠᠨᠪᠠᠶᠢᠴᠠ ᠰᠤᠷᠭᠠᠭᠤᠯᠢ ᠨᠢ ᠪᠠᠶᠠᠨᠬᠭᠤᠯᠠ ᠨᠤᠳᠤᠭ ᠲᠤ ᠬᠠᠮᠤᠭ ᠠᠩᠬ᠎ᠠ ᠪᠠᠶᠢᠭᠤᠯᠤᠭᠳᠠᠭᠰᠠᠨ ᠶᠤᠮ᠃       ᠠᠵᠢᠯ ᠤᠨ ᠪᠠᠶᠢᠷᠢ ᠳᠤ ᠭᠠᠷᠤᠭᠰᠠᠳ᠄ ᠲᠤᠭᠳᠠᠩᠭ᠎ᠠ᠂ ᠨᠠᠰᠤᠨᠪᠠᠳᠤ  ᠪᠠᠶᠠᠨᠪᠠᠳᠤ᠂ ᠬᠠᠰᠴᠡᠴᠡᠭ᠂ ᠦᠩᠭᠡ᠂ ᠰᠠᠶᠢᠬᠠᠨᠴᠡᠴᠡᠭ᠂ ᠡᠷᠳᠡᠨᠢᠬᠤᠸᠠᠷ᠂ ᠲᠠᠭᠠᠭᠤᠯ᠂ ᠤᠳᠬᠠᠨ᠂ ᠵᠢᠷᠠᠨᠳᠠᠢ᠂ ᠦᠯᠵᠡᠶᠢᠳᠡᠯᠬᠡᠷ᠂ ᠨᠠᠷᠠᠨᠴᠢᠮᠡᠭ᠂ ᠰᠠᠷᠠᠨᠴᠢᠮᠡᠭ᠂ ᠰᠠᠷᠨᠵᠢᠷᠤᠭ᠂ ᠰᠤᠶᠤᠯᠳᠤ᠂ ᠵᠤᠭᠰᠤᠭᠠᠯ᠂ ᠬᠠᠰᠪᠠᠭᠠᠳᠤᠷ᠂ ᠭᠤᠸ᠎ᠠ᠂ ᠪᠦᠷᠢᠨ᠎ᠡ᠂ ᠰᠤᠷᠭᠠᠯᠳᠤ᠂ ᠰᠡᠴᠡᠨᠵᠢᠷᠭᠠᠯ᠂ ᠡᠷᠳᠡᠨᠢᠴᠤᠭᠳᠤ᠂ ᠰᠠᠮᠫᠢᠯ᠂ ᠠᠷᠢᠭᠤᠨ᠎ᠠ᠂ ᠮᠦᠳᠠᠨ᠂ ᠰᠧᠩᠭᠡᠷᠢᠨᠴᠢᠨ  ᠂  ᠠᠯᠳᠠᠩᠭᠡᠷᠡᠯ᠂ ᠲᠤᠳᠤᠭᠢᠶᠢᠵᠠᠮᠰᠤ᠂ ᠭᠤᠨᠴᠤᠭ᠂ ᠸᠠᠩᠴᠤᠭᠷᠠᠪᠳᠠᠨ᠂: ᠰᠡᠴᠡᠨᠴᠢᠮᠡᠭ᠂ ᠡᠷᠬᠡᠬᠤᠸᠠᠷ᠂ ᠪᠠᠭᠠᠳᠤᠷ᠂ ᠡᠷᠳᠡᠨᠢᠴᠢᠮᠡᠭ᠂ ᠦᠯᠵᠡᠶᠢᠪᠠᠳᠤ᠂ ᠴᠤᠯᠮᠤᠩᠭᠡᠷᠡᠯ᠂ ᠮᠦᠩᠬᠡᠪᠠᠶᠠᠷ᠂ ᠤᠳᠤᠨᠳᠤᠶᠠᠭ᠎ᠠ᠂ ᠲᠡᠯᠡᠬᠡᠶᠢᠬᠤᠩᠭᠤᠷ᠂ ᠤᠶᠠᠩᠭ᠎ᠠ᠂ ᠪᠠᠶᠠᠨᠵᠢᠷᠭᠠᠯ ᠂ ᠢᠯᠠᠯᠳᠠᠪᠠᠶᠠᠷ᠂ ᠬᠠᠰᠪᠠᠭᠠᠨ᠎ᠠ᠂ ᠮᠦᠯᠠᠨ᠂ ᠰᠡᠴᠡᠨᠴᠢᠮᠡᠭ᠂ ᠡᠷᠬᠢᠨᠬᠤᠸᠠᠷ᠂ ᠰᠡᠴᠡᠨ᠂ ᠮᠡᠷᠭᠡᠨ᠂ ᠰᠤᠳᠤ᠂ ᠡᠷᠳᠡᠨᠢᠪᠠᠶᠠᠷ  ᠵᠡᠷᠭᠡ ᠪᠤᠢ᠃                              ᠪᠠᠯᠳᠠᠨᠰᠠᠩᠪᠪᠤᠦ ᠠᠴᠠ ᠬᠠᠩᠭᠠᠪᠠ᠃
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号