ᠥᠵᠥᠭᠦᠷᠬᠤᠸᠠ ᠭᠠᠴᠠᠭᠠᠨ ᠤ ᠰᠣᠷᠭᠠᠭᠤᠯᠢ | ᠲᠣᠰ ᠠᠶᠢᠯ ᠵᠡᠭᠦᠨᠬᠤᠶᠢᠨᠠ ᠠᠴᠠ ᠪᠠᠷᠠᠭᠤᠨ ᠡᠮᠥᠨᠡᠰᠢ ᠰᠣᠨᠣᠯᠵᠠᠭᠰᠠᠨᠬᠤᠸᠠ ᠲᠣᠯᠣᠭᠠᠳ ᠤᠨ | ᠥᠵᠥᠭᠦᠷ ᠬᠡᠰᠡᠭ ᠤᠨ ᠪᠠᠷᠠᠭᠤᠨ ᠲᠣᠬᠤᠢ ᠳᠠᠭᠠᠵᠣ ᠰᠠᠭᠤᠷᠢᠰᠢᠭᠰᠠᠨ ᠠᠴᠠ︽ᠥᠵᠥᠭᠦᠷ ᠬᠤᠸᠠ︾ ᠭᠡᠵᠥ | ᠨᠡᠷᠡᠯᠡᠭᠳᠡᠭᠰᠡᠨ ᠪᠠᠶᠢᠳᠠᠭ ᠶᠣᠮ᠃ 1944 ᠣᠨ ᠤ ᠪᠠᠷᠤᠭ ᠢᠶᠠᠷ ᠵᠢᠭ᠍ᠮᠢᠳᠵᠠᠮᠰᠣ ᠭᠡᠷ ᠤᠨ ᠪᠠᠭᠰᠢ ᠪᠠᠷ ᠣᠷᠢᠭᠳᠠᠵᠣ | ᠰᠣᠷᠭᠠᠭᠤᠯᠢ ᠶᠢᠨ ᠠᠩᠬᠠᠨ ᠤ ᠰᠠᠭᠤᠷᠢ ᠶᠢ ᠲᠠᠯᠪᠢᠵᠠᠢ᠃ | 1947ᠣᠨ ᠳᠤ ᠥᠵᠥᠭᠦᠷᠬᠤᠸᠠ ᠳᠤ ᠭᠤᠣᠯ ᠰᠣᠷᠭᠠᠭᠤᠯᠢ ᠪᠠᠶᠢᠭᠤᠯᠵᠣ ᠠᠷᠣ ᠬᠤᠷᠴᠢᠨ ︵ | ᠲᠠᠪᠣᠳᠣᠭᠠᠷ ᠨᠣᠲᠤᠭ︶ ᠠᠴᠠ ᠬᠠᠮᠢᠶᠠᠷᠣᠨ᠂ ᠭᠡᠷ ᠤᠨ ᠰᠣᠷᠭᠠᠭᠤᠯᠢ ᠶᠢ ᠡᠴᠥᠰᠯᠡᠭᠦᠯᠪᠡ᠃ ᠱᠠᠵᠢᠨᠳᠡᠯᠭᠡᠷ᠂ | ᠰᠠᠶᠢᠨᠲᠣᠭᠲᠠᠬᠤ᠂ ᠬᠠᠨ ᠪᠣᠣ ᠯᠢᠨ᠂ ᠮᠢᠴᠡᠭ ᠰᠣᠷᠭᠠᠭᠤᠯᠢ ᠶᠢ ᠬᠠᠮᠢᠶᠠᠷᠴᠣ᠂ ᠵᠢᠭᠠᠨ ᠰᠣᠷᠭᠠᠯᠲᠠ ᠶᠢᠨ ᠠᠵᠢᠯ ᠢ | ᠬᠠᠷᠢᠭᠤᠴᠠᠵᠠᠢ᠃ ᠭᠤᠣᠯ ᠰᠣᠷᠭᠠᠭᠤᠯᠢ ᠳᠤ ᠬᠠᠪᠴᠢᠯ ᠵᠡᠷᠭᠡ ᠣᠶᠢᠷ᠎ᠠ ᠣᠷᠴᠢᠮ ᠤᠨ ᠠᠶᠢᠯ ᠤᠳ ᠤᠨ ᠬᠡᠥᠬᠡᠳ ᠢ | ᠡᠯᠰᠡᠵᠥ ᠰᠣᠷᠣᠯᠴᠠᠭᠤᠯᠪᠠ᠃ ᠪᠠᠶᠢᠷᠢ ᠶᠢᠨ ᠰᠣᠷᠣᠭᠴᠢ ᠲᠠᠢ ᠪᠥᠭᠡᠳ ᠳᠥᠷᠢᠮ ᠭᠤᠷᠢᠮ ᠴᠥ ᠮᠠᠰᠢ ᠴᠢᠩᠭ᠎ᠠ | ᠪᠠᠶᠢᠵᠣ᠂ ᠰᠥᠨᠢ ᠭᠠᠳᠠᠭᠠᠯᠠᠬᠤ ᠪᠠᠷ ᠶᠠᠪᠣᠭᠰᠠᠨ ᠴᠥ ᠭᠡᠷᠡᠴᠢ ᠲᠡᠮᠳᠡᠭ ᠬᠡᠷᠡᠭᠯᠡᠵᠥ᠂ ᠪᠥᠯᠥᠭᠯᠡᠵᠥ ᠭᠠᠷᠬᠤ ᠶᠢ | ᠵᠥᠪᠰᠢᠶᠡᠷᠡᠳᠡᠭ ᠥᠭᠡᠢ᠃ ᠭᠤᠣᠯ ᠰᠣᠷᠭᠠᠭᠤᠯᠢ ᠠᠴᠠ ᠠᠷᠪᠠᠭᠠᠳ ᠰᠣᠷᠣᠭᠴᠢ ᠲᠡᠭᠦᠰᠴᠡᠢ᠃ | 1949 ᠣᠨ ᠳᠤ ᠥᠵᠥᠭᠦᠷᠬᠤᠸᠠ ᠪᠠᠭᠠᠷᠢᠨ ᠵᠡᠭᠦᠨ ᠬᠤᠰᠢᠭᠤᠨ ᠳᠤ ᠬᠠᠷᠢᠶᠠᠯᠠᠭᠳᠠᠵᠣ᠂ | ᠰᠣᠷᠭᠠᠭᠤᠯᠢ ᠰᠢᠨ᠎ᠡ ᠡᠷᠭᠢᠯᠲᠡ ᠶᠢᠨ ᠱᠠᠲᠣᠨ ᠳᠤ ᠣᠷᠣᠵᠠᠢ᠃ ᠡᠨᠡ ᠥᠶᠡᠰ ᠢᠶᠠᠷ ᠸᠠᠩ ᠹᠧᠩ ᠴᠢ᠂ ᠠᠷᠰᠯᠠᠨ᠂ | ᠾᠥᠸᠧ ᠪᠣᠣ᠂ ᠭᠠᠩᠵᠣᠷᠢᠭ᠂ ᠢ ᠸᠧᠨ ᠵᠢᠶᠧ᠂ ᠥᠯᠵᠡᠢ᠂ ᠬᠠᠰᠴᠢᠮᠡᠭ ︵ᠣᠷᠣᠯᠠᠭᠴᠢ ᠪᠠᠭᠰᠢ︶ ᠨᠠᠷ | ᠪᠠᠭᠰᠢᠯᠠᠵᠣ ᠰᠢᠨ᠎ᠡ ᠫᠷᠣᠭ᠍ᠷᠠᠮ ᠤᠨ ᠬᠢᠴᠢᠶᠡᠯ ᠤᠨ ᠠᠭᠤᠯᠭ᠎ᠠ ᠶᠢ ᠵᠢᠭᠠᠵᠣ ᠪᠠᠶᠢᠪᠠ᠃ ᠲᠠᠪᠢᠭᠠᠳ ᠣᠨ ᠤ ᠣᠷᠴᠢᠮ | ᠴᠥᠮ ᠨᠢᠭᠡ ᠯᠠ ᠪᠠᠭᠰᠢ ᠬᠢᠴᠢᠶᠡᠯᠯᠡᠵᠡᠢ᠃ ᠰᠣᠷᠭᠠᠭᠤᠯᠢ ᠣᠳᠣ ᠶᠢᠨ ᠪᠠᠶᠢᠷᠢ ᠠᠴᠠ ᠴᠢᠭᠡ ᠡᠮᠥᠨ᠎ᠡ ᠪᠠᠶᠢᠭᠰᠠᠨ | ᠠᠴᠠ ᠰᠢᠯᠵᠢᠵᠥ᠂ ᠠᠶᠢᠯ ᠤᠨ ᠵᠡᠭᠦᠨ ᠬᠤᠶᠢᠨ᠎ᠠ ᠪᠠᠶᠢᠷᠢᠰᠢᠪᠠ᠃ ᠰᠣᠷᠭᠠᠭᠤᠯᠢ ᠶᠢᠨ ᠪᠠᠭᠤᠷᠢ ᠳᠤ ᠲᠣᠮᠣ ᠰᠢᠬᠦᠷ | ᠱᠠᠩᠰᠢ ᠥᠯᠡᠳᠡᠵᠥ᠂ ᠲᠡᠥᠬᠡ ᠶᠢᠨ ᠣᠯᠠ ᠮᠥᠷ ᠢ ᠭᠡᠷᠡᠴᠢᠯᠡᠵᠥ ᠪᠣᠢ᠃ ᠬᠥᠢᠰᠥ ᠰᠣᠷᠭᠠᠭᠤᠯᠢ ᠲᠡᠨᠳᠡ ᠪᠠᠶᠢᠵᠠᠢ᠃ | 1949 — ᠵᠢᠷᠠᠭᠠᠳ ᠣᠨ ᠳᠤ ᠵᠢᠯ ᠪᠥᠷᠢ ᠲᠡᠭᠰᠢᠳᠭᠡᠭᠡᠳ ᠬᠤᠷᠢᠭᠠᠳ ᠰᠣᠷᠣᠭᠴᠢ ᠲᠡᠭᠦᠰᠴᠥ ᠪᠠᠶᠢᠵᠠᠢ᠃ | ᠳᠠᠯᠠᠭᠠᠳ ᠣᠨ ᠤ ᠥᠶ᠎ᠡ ᠳᠤ ᠰᠣᠷᠭᠠᠭᠤᠯᠢ ᠶᠢ ᠶᠡᠭᠡ ᠪᠷᠢᠭᠠᠳᠠ ᠠᠴᠠ ᠬᠠᠮᠢᠶᠠᠷᠴᠣ ᠭᠡᠷ ᠵᠠᠰᠠᠵᠣ ᠰᠡᠯᠪᠢᠬᠦ᠂ | ᠴᠠᠭᠠᠰᠣᠯᠠᠬᠤ᠂ ᠪᠥᠲᠥᠭᠡᠨ ᠪᠠᠶᠢᠭᠤᠯᠬᠤ ᠠᠵᠢᠯ ᠢ ᠴᠥᠮ ᠬᠠᠷᠢᠭᠤᠴᠠᠨ ᠵᠣᠬᠢᠬᠤ ᠬᠥᠳᠡᠯᠮᠥᠷᠢ ᠬᠥᠴᠥ ᠬᠠᠩᠭᠠᠳᠠᠭ᠃ | ᠰᠣᠷᠭᠠᠭᠤᠯᠢ ᠶᠢᠨ ᠰᠣᠷᠭᠠᠨ ᠬᠥᠮᠥᠵᠢᠯ ᠲᠣᠭᠲᠠᠭᠤᠨ ᠵᠥᠭ ᠲᠤ ᠪᠠᠨ ᠬᠠᠨᠳᠣᠵᠣ ᠵᠠᠬᠢᠷᠣᠯ᠂ ᠡᠷᠬᠢᠯᠡᠭᠴᠢ᠂ | ᠬᠢᠴᠢᠶᠡᠯᠯᠡᠭᠴᠢ ᠪᠠᠭᠰᠢ ᠢᠯᠭᠠᠮᠵᠢ ᠲᠠᠢ ᠪᠣᠯᠣᠭᠰᠠᠨ ᠢᠶᠠᠷ ᠪᠠᠷᠠᠬᠤ ᠥᠭᠡᠢ ᠡᠯ᠎ᠡ ᠲᠠᠯ᠎ᠠ ᠶᠢᠨ ᠠᠵᠢᠯ ᠤᠨ ᠡᠭᠦᠷᠭᠡ | ᠲᠣᠳᠣᠷᠬᠠᠢ ᠪᠣᠯᠵᠠᠢ᠃ ᠪᠠᠭᠰᠢ ᠶᠢᠨ ᠬᠥᠴᠥᠨ ᠪᠣᠵᠠᠭᠠᠶᠢᠷᠠᠵᠣ ᠳᠠᠯᠠᠢ᠂ ᠳᠥᠭᠦᠷᠡᠩ᠂ ᠬᠠᠰᠴᠢᠯᠠᠭᠤ᠂ ᠨᠠᠰᠣᠨᠪᠥ᠋ᠬᠡ᠂ | ᠲᠢᠶᠠᠨ ᠰᠠᠩ᠂ ᠬᠠᠰᠪᠥ᠋ᠬᠡ᠂ ᠶᠢᠩ ᠭᠧ᠂ ᠳ᠋ᠧ ᠱᠠᠨ᠂ ᠴᠢ ᠱᠢ ᠥ᠋᠂ ᠢᠥᠢ ᠮᠧᠢ᠂ ᠠᠯᠲᠠ᠂ ᠱᠢᠷᠥᠨᠴᠢᠮᠡᠭ᠂ | ᠠᠯᠲᠠᠨᠴᠡᠴᠡᠭ᠂ ᠴᠢ ᠱᠢ ᠯᠢᠥ᠂ ᠯᠢ ᡁᠢ ᠰᠢᠨ᠂ ᠬᠥᠬᠡ᠂ ᠡᠷᠬᠡᠪᠠᠭᠠᠲᠣᠷ᠂ ᠸᠠᠩ ᠰᠠᠷᠠᠨ᠂ ᠮᠥᠩᠬᠡ᠂ ᠨᠠᠷᠠᠨᠭᠡᠷᠡᠯ | ᠵᠡᠷᠭᠡ ᠪᠠᠭᠰᠢ ᠠᠵᠢᠯᠯᠠᠵᠣ ᠪᠠᠶᠢᠭᠰᠠᠨ᠃ ᠨᠠᠶᠠᠭᠠᠳ ᠣᠨ ᠤ ᠥᠶᠡᠰ ᠢᠶᠠᠷ᠂ ᠰᠣᠷᠭᠠᠭᠤᠯᠢ ᠳᠤ ᠪᠠᠰᠠ ᠨᠢᠭᠡᠨ ᠰᠢᠨ᠎ᠡ | ᠬᠤᠪᠢᠷᠠᠯᠲᠠ ᠭᠠᠷᠴᠠᠢ᠃ 1982 ᠣᠨ ᠳᠤ ᠰᠢᠨ᠎ᠡ ᠰᠠᠭᠤᠷᠢᠨ ᠳᠤ ᠨᠡᠭᠦᠪᠡ᠃ ᠬᠤᠶᠠᠷ ᠰᠠᠭᠤᠷᠢ ᠠᠩᠭᠢ ᠶᠢᠨ ᠭᠡᠷ | ᠂ ᠨᠢᠭᠡ ᠰᠠᠭᠤᠷᠢ ᠠᠯᠪᠠᠯᠠᠬᠤ ᠭᠡᠷ ᠪᠠᠶᠢᠭᠤᠯᠵᠣ ᠥᠭᠴᠡᠢ᠃ ᠲᠣᠬᠠᠢ ᠶᠢᠨ ᠥᠶ᠎ᠡ ᠳᠤ ᠲᠡᠭᠦᠰᠪᠠᠶᠠᠷ᠂ ᠳᠥᠭᠦᠷᠡᠩ᠂ | ᠪᠠᠳᠮᠠᠨᠢᠩᠪᠥᠥ᠂ ᠣᠯᠠᠭᠠᠨᠭᠡᠷᠡᠯ᠂ ᠣᠶᠣᠨᠴᠡᠴᠡᠭ᠂ ᠶᠥᠸᠧ ᠷᠥᠩ᠂ ᠰᠢᠥ ᠯᠢᠩ᠂ ᠰᠣᠨᠣᠷᠠᠢ᠂ ᠶᠢᠨ ᠵᠥ᠂ | ᠪᠥᠷᠢᠨᠴᠢᠮᠡᠭ᠂ ᠴᠡᠴᠡᠭ᠂ ᠰᠠᠶᠢᠬᠠᠨᠴᠡᠴᠡᠭ᠂ ᠭᠠᠷᠪᠣᠣ᠂ ᠨᠠᠷᠠᠨᠲ᠋ᠣᠩᠭᠠᠯᠠᠭ᠂ ᠪᠢᠯᠢᠭ᠂ ᠰᠡᠴᠡᠨᠭᠡᠷᠡᠯ᠂ ᠴᠠᠩ ᠳ᠋ᠧ᠂ | ᠮᠠᠨᠳᠣᠯ᠎ᠠ᠂ ᠮᠡᠷᠭᠡᠨ᠂ ᠯᠢᠩ ᠶᠧ᠂ ᠰᠢᠥ ᠵᠧᠨ ᠵᠡᠷᠭᠡ ᠪᠠᠭᠰᠢ ᠠᠵᠢᠯᠯᠠᠵᠣ ᠥᠩᠭᠡᠷᠡᠪᠡ᠃ ᠵᠢᠭᠠᠨ ᠰᠣᠷᠭᠠᠬᠤ ᠠᠵᠢᠯ | ᠢ ᠴᠢᠩᠭᠠᠳᠬᠠᠨ ᠵᠢᠭᠠᠬᠤ ᠶᠢ ᠰᠣᠳᠣᠯᠬᠤ ᠠᠵᠢᠯ ᠢ ᠡᠷᠴᠢᠮᠲᠡᠢ ᠥᠷᠨᠢᠭᠦᠯᠵᠡᠢ᠃ ᠭᠠᠳᠠᠭᠰᠢ ᠭᠠᠷᠴᠣ ᠰᠣᠷᠣᠯᠴᠠᠬᠤ᠂ | ᠳᠣᠲᠣᠭᠠᠳᠣ ᠳᠤ ᠪᠠᠨ ᠰᠣᠳᠣᠯᠬᠤ ᠶᠢ ᠬᠤᠣᠰᠯᠠᠭᠤᠯᠵᠣ ᠪᠠᠶᠢᠯ᠎ᠠ᠃ ᠲᠠᠮᠢᠷ ᠡᠷᠡᠬᠦᠯ ᠬᠠᠮᠠᠭᠠᠯᠠᠯ ᠤᠨ ᠠᠵᠢᠯ᠂ | ᠲᠥᠭᠡᠮᠡᠯᠵᠢᠭᠦᠯᠬᠦ ᠠᠵᠢᠯ ᠢ ᠰᠢᠰᠲ᠋ᠧᠮ ᠲᠠᠢ ᠬᠢᠭᠰᠡᠨ ᠪᠥᠭᠡᠳ ᠥᠷ᠎ᠡ ᠠᠰᠢᠭ ᠢᠶᠠᠷ ᠨᠡᠯᠢᠶᠡᠳ ᠵᠡᠭᠡᠭᠰᠡᠨ ᠪᠠᠶᠢᠪᠠ᠃ | ᠨᠣᠭᠤᠭᠠᠷᠠᠭᠤᠯᠣᠯᠲᠠ ᠶᠢᠨ ᠠᠵᠢᠯ ᠢ ᠡᠷᠴᠢᠮᠲᠡᠢ ᠬᠢᠵᠡᠭᠡᠨ 1983 — 1989 ᠣᠨ ᠤ ᠬᠤᠭᠤᠴᠠᠭᠠᠨ ᠳᠤ ᠵᠢᠯ | ᠪᠥᠷᠢ ᠲᠥᠯᠥᠪᠯᠡᠭᠡ ᠲᠠᠢ ᠶᠠᠪᠣᠭᠤᠯᠵᠣ᠂ ᠡᠴᠥᠰ ᠲᠤ ᠨᠢ ᠪᠥᠬᠦ ᠬᠥᠷᠢᠶ᠎ᠡ ᠶᠢ ᠨᠣᠭᠤᠭᠠᠷᠠᠭᠤᠯᠵᠠᠢ᠃ ᠠᠵᠢᠯᠴᠢ | ᠠᠷᠪᠢᠴᠢ ᠪᠠᠷ ᠰᠣᠷᠭᠠᠭᠤᠯᠢ ᠡᠷᠬᠢᠯᠡᠬᠦ ᠶᠢ ᠴᠢᠩᠭ᠎ᠠ ᠠᠳᠬᠤᠨ ᠪᠠᠷᠢᠮᠲᠠᠯᠠᠵᠣ ᠭᠡᠷ ᠬᠥᠷᠢᠶ᠎ᠡ ᠰᠡᠯᠪᠢᠬᠦ᠂ ᠰᠣᠷᠭᠠᠭᠤᠯᠢ | ᠬᠠᠷᠠᠬᠤ ᠠᠵᠢᠯ ᠢ ᠴᠥᠮ ᠳᠣᠲᠣᠭᠠᠳᠣ ᠳᠤ ᠪᠠᠨ ᠰᠶᠢᠳᠪᠥᠷᠢᠯᠡᠵᠥ ᠪᠠᠶᠢᠵᠠᠢ᠃ 65 ᠮᠥ ᠲᠠᠷᠢᠶ᠎ᠠ᠂ 12 ᠮᠥ | ᠬᠠᠰᠢᠶ᠎ᠠ ᠪᠠᠨ ᠥᠪᠡᠷᠰᠡᠳ ᠢᠶᠠᠨ ᠡᠵᠡᠩᠨᠡᠵᠥ ᠣᠷᠣᠯᠭ᠎ᠠ ᠪᠠᠨ ᠨᠡᠮᠡᠭᠳᠡᠭᠦᠯᠬᠦ ᠪᠠᠷ ᠴᠢᠷᠮᠠᠶᠢᠪᠠ᠃ ᠲᠣᠬᠠᠶᠢᠯᠠᠪᠠᠯ | 1988 ᠣᠨ ᠳᠤ ᠰᠢᠷ᠎ᠠ ᠪᠣᠷᠴᠠᠭ 1000ᠵᠢᠩ ᠬᠤᠳᠠᠯᠳᠣᠵᠣ 500 ᠲᠥᠭᠦᠷᠢᠭ ᠣᠯᠪᠠ᠃ ᠱᠥᠭᠦᠷ 100 | ᠬᠤᠳᠠᠯᠳᠣᠨ 100 ᠲᠥᠭᠦᠷᠢᠭ ᠣᠯᠣᠭᠰᠠᠨ᠃ 1989 ᠣᠨ ᠳᠤ ᠵᠠᠰᠠᠮᠠᠯ ᠵᠠᠮ ᠤᠨ ᠠᠩᠭᠢ ᠳᠤ ᠮᠣᠳᠣ | ᠰᠠᠭᠤᠯᠭᠠᠵᠣ ᠦᠭᠬᠦᠭᠡᠳ 100 ᠲᠥᠭᠦᠷᠢᠭ ᠣᠯᠣᠭᠰᠠᠨ ᠵᠡᠷᠭᠡ ᠵᠢᠱᠢᠶ᠎ᠠ ᠨᠦᠭᠦᠳ ᠪᠣᠢ᠃ | ᠶᠡᠷᠡᠭᠡᠳ ᠣᠨ ᠪᠣᠯᠬᠤ ᠳᠤ ᠰᠣᠷᠭᠠᠭᠤᠯᠢ ᠶᠢᠨ ᠨᠥᠬᠦᠴᠡᠯ ᠪᠣᠯᠣᠮᠵᠢ ᠨᠡᠯᠢᠶᠡᠳ ᠰᠠᠶᠢᠵᠢᠷᠠᠵᠣ᠂ ᠸᠠᠭᠠᠷ | ᠲᠣᠭᠤᠰᠬ᠎ᠠ ᠶᠢᠨ ᠪᠥᠲᠥᠴᠡ ᠲᠠᠢ 18 ᠲᠠᠰᠣᠯᠭ᠎ᠠ ᠠᠩᠭᠢ ᠶᠢᠨ ᠭᠡᠷ ᠪᠠ ᠨᠢᠭᠡ ᠲᠠᠰᠣᠯᠭ᠎ᠠ ᠲᠣᠷᠰᠢᠯᠲᠠ ᠶᠢᠨ | ᠪᠠᠭᠠᠵᠢ ᠲᠥᠬᠦᠭᠡᠷᠥᠮᠵᠢ ᠶᠢᠨ ᠥᠷᠥᠭᠡ ᠲᠠᠢ ᠪᠣᠯᠵᠠᠢ᠃ ᠪᠠᠰᠠ ᠬᠤᠶᠠᠷ ᠲᠠᠰᠣᠯᠭ᠎ᠠ ᠠᠯᠪᠠᠨ ᠭᠡᠷ ᠪᠠ ᠳᠠᠩᠰᠠ | ᠡᠪᠬᠡᠮᠡᠯ ᠤᠨ ᠲᠠᠰᠤᠭ᠂ ᠮᠠᠨᠠᠭᠠᠴᠢ ᠶᠢᠨ ᠭᠡᠷ ᠲᠣᠰᠪᠣᠷᠢ ᠨᠢᠭᠡ ᠲᠠᠰᠣᠯᠭ᠎ᠠ ᠪᠠᠶᠢᠪᠠ᠃ ᠨᠠᠶᠠᠭᠠᠳ ᠣᠨ ᠤ | ᠵᠠᠶᠢᠯᠠᠭᠰᠠᠨ ᠮᠣᠳᠣᠳ ᠴᠥᠮ ᠠᠵᠣ ᠠᠬᠤᠢ ᠶᠢᠨ ᠥᠷᠲᠡᠭ ᠲᠠᠢ ᠪᠣᠯᠣᠭᠰᠠᠨ ᠢᠶᠠᠷ ᠪᠠᠷᠠᠬᠤ ᠥᠭᠡᠢ ᠲᠠᠷᠢᠶᠠᠨ ᠭᠠᠵᠠᠷ | ᠢᠶᠠᠨ 70 ᠮᠥ ᠬᠥᠷᠲᠡᠯ᠎ᠡ ᠥᠷᠭᠡᠳᠭᠡᠪᠠ᠃ ᠰᠣᠷᠣᠭᠴᠢ ᠶᠢᠨ ᠲᠤᠭ᠎ᠠ ᠨᠣᠷᠮ᠎ᠠ ᠴᠥ ᠨᠡᠮᠡᠭᠳᠡᠵᠥ ᠪᠡᠯᠡᠳᠭᠡᠯ ᠣᠨ | ᠠᠴᠠ ᠲᠠᠪᠣᠳᠣᠭᠠᠷ ᠣᠨ ᠬᠥᠷᠲᠡᠯ᠎ᠡ ᠨᠡᠶᠢᠲᠡ 6ᠠᠩᠭᠢ ᠡᠷᠬᠢᠯᠡᠨ᠂ ᠰᠣᠷᠣᠯᠭ᠎ᠠ ᠶᠢᠨ ᠶᠠᠰᠣ ᠴᠢᠨᠡᠷ ᠰᠠᠶᠢᠵᠢᠷᠠᠵᠣ | ᠰᠣᠮᠣᠨ ᠤ ᠬᠡᠪᠴᠢᠶᠡᠨ ᠳᠤ ᠪᠠᠨ ᠥᠷᠢᠰᠥᠯᠳᠥᠬᠦ ᠬᠥᠴᠥᠨ ᠲᠠᠢ ᠪᠣᠯᠵᠠᠢ᠃ ᠥᠨᠳᠥᠰᠥ᠂ ᠰᠠᠷᠠᠨᠵᠢᠷᠤᠭ᠂ | ᠪᠠᠳᠮᠠᠨᠢᠩᠪᠥᠥ᠂ ᠪᠥᠷᠢᠨᠴᠢᠯᠠᠭᠤ᠂ ᠪᠥᠷᠢᠨᠪᠠᠶᠠᠷ᠂ ᠬᠠᠰᠪᠢᠯᠢᠭ᠌᠂ ᠬᠥᠥᠳᠠᠭᠤᠯᠠ᠂ ᠬᠤᠷᠴᠠ᠂ ᠾᠧ ᠫᠢᠩ᠂ ᠹᠦ᠋ ᠯᠢᠩ | ᠂ ᠪᠥᠷᠢᠨᠴᠡᠴᠡᠭ᠂ ᠪᠥᠷᠢᠨᠪᠠᠭᠠᠲᠣᠷ ᠵᠡᠷᠭᠡ ᠪᠠᠭᠰᠢ ᠨᠠᠷ ᠠᠵᠢᠯᠯᠠᠵᠣ ᠥᠩᠭᠡᠷᠡᠭᠰᠡᠨ ᠪᠥᠭᠡᠳ ᠪᠠᠭᠰᠢ ᠶᠢᠨ ᠰᠣᠷᠣᠯᠭ᠎ᠠ | ᠶᠢᠨ ᠨᠠᠮᠲᠠᠷ ᠤᠨ ᠬᠢᠷᠢ ᠲᠡᠩᠴᠡᠬᠦ ᠨᠣᠷᠮ᠎ᠠ 100% ᠳᠤ ᠬᠥᠷᠴᠡᠢ᠃ ᠡᠨᠡᠬᠦ ᠬᠤᠭᠤᠴᠠᠭᠠᠨ ᠳᠤ ᠲᠠᠷᠢᠶᠠᠨ | ᠣᠷᠣᠯᠭ᠎ᠠ 3350 ᠲᠥᠭᠦᠷᠢᠭ ᠲᠤ ᠬᠥᠷᠥᠭᠰᠡᠨ ᠣᠳᠠᠭ᠎ᠠ ᠪᠠᠶᠢᠬᠤ ᠪᠥᠭᠡᠳ ᠬᠠᠰᠢᠶᠠᠨ ᠠᠴᠠ ᠪᠠᠨ 2400 | ᠲᠥᠭᠦᠷᠢᠭ ᠤᠨ ᠥᠨᠳᠥᠷ ᠣᠷᠣᠯᠭ᠎ᠠ ᠣᠯᠣᠭᠰᠠᠨ ᠵᠢᠯ ᠴᠥ ᠪᠠᠶᠢᠵᠣ᠂ ᠪᠥᠷᠢᠮᠥᠰᠥᠨ ᠪᠡᠶ᠎ᠡ ᠪᠠᠨ ᠳᠠᠭᠠᠭᠠᠵᠣ ᠴᠢᠳᠠᠬᠤ | ᠪᠣᠯᠵᠠᠢ᠃ ᠰᠣᠷᠣᠭᠴᠢ ᠶᠢᠨ ᠲᠤᠭ᠎ᠠ ᠴᠥ 180 ᠶᠢ ᠳᠠᠪᠠᠵᠣ ᠪᠠᠶᠢᠪᠠ᠃ | 2000 — 2004ᠣᠨ ᠪᠣᠯᠲᠠᠯ᠎ᠠ 1— 3 ᠣᠨ ᠪᠠᠶᠢᠵᠣ ᠬᠠᠰᠪᠢᠯᠢᠭ᠌᠂ ᠰᠠᠷᠠᠨᠵᠢᠷᠤᠭ᠂ | ᠪᠥᠷᠢᠨᠪᠠᠶᠠᠷ᠂ ᠶᠣᠸᠠᠮᠪᠣᠣ᠂ ᠡᠷᠳᠡᠨᠢᠪᠢᠯᠢᠭ᠂ ᠮᠥᠳᠡᠨ᠂ ᠴᠥᠨ ᠶᠠᠨ᠂ ᠣᠯᠠᠭᠠᠨᠭᠡᠷᠡᠯ᠂ᠬᠤᠣᠰᠪᠠᠭᠠᠲᠣᠷ᠂ | ᠪᠥᠷᠢᠨᠴᠡᠴᠡᠭ ᠵᠡᠷᠭᠡ ᠪᠠᠭᠰᠢ ᠨᠠᠷ ᠠᠵᠢᠯᠯᠠᠵᠣ ᠥᠩᠭᠡᠷᠡᠪᠡ᠃ 2005 ᠣᠨ ᠠᠴᠠ ᠵᠥᠪᠬᠡᠨ ᠰᠣᠷᠬᠤ ᠨᠠᠰᠣᠨ ᠠᠴᠠ | ᠡᠮᠥᠨᠡᠬᠢ ᠬᠡᠥᠬᠡᠳ ᠤᠨ ᠠᠩᠭᠢ ᠯᠠ ᠥᠯᠡᠳᠡᠵᠥ ᠶᠢᠨ ᠵᠥ᠂ ᠰᠠᠷᠠᠨᠵᠢᠷᠤᠭ᠂ ᠪᠥᠷᠢᠨᠪᠠᠭᠠᠲᠣᠷ᠂ ᠬᠠᠰᠴᠢᠯᠠᠭᠤ ᠨᠠᠷ | ᠪᠠᠭᠰᠢᠯᠠᠵᠣ ᠪᠣᠢ᠃ ᠣᠳᠣ ᠬᠡᠥᠬᠡᠳ ᠤᠨ ᠠᠩᠭᠢ ᠶᠢ ᠪᠠᠭ᠎ᠠ᠂ ᠳᠣᠮᠳᠠ᠂ ᠪᠡᠯᠡᠳᠭᠡᠯ ᠭᠤᠷᠪᠠᠨ ᠱᠠᠲᠣ ᠬᠤᠪᠢᠶᠠᠨ | ᠬᠥᠮᠥᠵᠢᠭᠦᠯᠵᠥ ᠪᠠᠶᠢᠬᠤ ᠪᠥᠭᠡᠳ ᠬᠡᠥᠬᠡᠳ ᠤᠳ ᠤᠨ ᠥᠳᠡ ᠶᠢᠨ ᠬᠤᠭᠤᠯᠠ᠂ ᠥᠳᠡ ᠶᠢᠨ ᠠᠮᠠᠷᠠᠯᠲᠠ ᠶᠢ | ᠰᠣᠷᠭᠠᠭᠤᠯᠢ ᠳᠤ ᠲᠥᠪᠬᠢᠨᠡᠭᠦᠯᠥᠨ ᠬᠥᠮᠥᠵᠢᠭᠦᠯᠬᠦ ᠠᠬᠤᠢ ᠣᠷᠴᠢᠨ ᠢ ᠲᠣᠬᠢᠯᠢᠭ ᠪᠣᠯᠭᠠᠵᠠᠢ᠃ | 1971 — 1978 ᠣᠨ ᠬᠥᠷᠲᠡᠯ᠎ᠡ ᠳᠣᠮᠳᠠᠳᠣ ᠰᠣᠷᠭᠠᠭᠤᠯᠢ ᠶᠢᠨ ᠠᠩᠭᠢ ᠡᠯᠰᠡᠭᠰᠡᠨ ᠪᠠᠶᠢᠨ᠎ᠠ᠃ | ᠭᠡᠪᠡᠴᠥ ᠲᠣᠰ ᠠᠶᠢᠯ ᠢᠶᠠᠷ ᠯᠠ ᠬᠢᠵᠭᠠᠷᠯᠠᠭᠰᠠᠨ ᠲᠣᠯᠠ ᠪᠠᠶᠢᠷᠢ ᠶᠢᠨ ᠰᠣᠷᠣᠭᠴᠢ ᠪᠠᠶᠢᠭᠰᠠᠨ ᠥᠭᠡᠢ᠃ ᠳᠣᠮᠳᠠᠳᠣ | ᠰᠣᠷᠭᠠᠭᠤᠯᠢ ᠶᠢᠨ 6᠂ 7 ᠳ᠋ᠣᠭᠠᠷ ᠬᠤᠶᠠᠷ ᠣᠨ ᠤ 40 — 50 ᠰᠣᠷᠣᠭᠴᠢ ᠳᠤ ᠢᠥᠢ ᠮᠧᠢ᠂ ᠠᠯᠲᠠ | ᠪᠠᠭᠰᠢ ᠬᠢᠴᠢᠶᠡᠯᠯᠡᠵᠥ ᠪᠠᠶᠢᠵᠠᠢ᠃ | 1940ᠣᠨ ᠳᠤ ᠶᠠᠫᠣᠨ ᠬᠦᠮᠦᠨ ᠤ ᠪᠠᠶᠢᠭᠤᠯᠣᠬᠰᠠᠨ ︽ᠶᠠᠩ ᠰᠢᠥᠸᠧᠢ ᠲᠠᠩ︾ ᠤᠨ ᠶᠠᠫᠣᠨ | ᠬᠡᠯᠡ ᠶᠢ ᠡᠷᠬᠡᠪᠰᠢ ᠰᠣᠷᠭᠠᠵᠣ ᠪᠠᠶᠢᠭᠰᠠᠨ ᠨᠣᠶᠠᠷᠬᠠᠯ ᠤᠨ ᠴᠠᠭ ᠢ ᠡᠴᠥᠰᠯᠡᠭᠦᠯᠵᠥ᠂ ᠬᠥᠭᠵᠢᠯ ᠤᠨ ᠵᠠᠮ ᠢᠶᠠᠨ | ᠡᠯᠭᠦᠭᠰᠡᠨ ᠳᠣᠰ ᠰᠣᠷᠭᠠᠭᠤᠯᠢ ᠳᠤ ᠮᠢᠴᠡᠭ᠂ ᠸᠠᠩ ᠹᠧᠩ ᠴᠢ᠂ ᠠᠷᠰᠯᠠᠨ᠂ ᠾᠥᠸᠧ ᠪᠣᠣ᠂ ᠭᠠᠩᠵᠣᠷᠢᠭ᠂ | ᠳᠥᠭᠦᠷᠡᠩ᠂ ᠲᠢᠶᠠᠨ ᠰᠠᠩ᠂ ᠬᠥᠬᠡ᠂ ᠡᠷᠬᠡᠪᠠᠭᠠᠲᠣᠷ᠂ ᠱᠢᠷᠥᠨᠴᠢᠮᠡᠭ᠂ ᠶᠢᠨ ᠵᠥ᠂ ᠮᠠᠨᠳᠣᠯ᠎ᠠ᠂ ᠬᠥᠥᠳᠠᠭᠤᠯᠠ᠂ | ᠬᠠᠰᠪᠢᠯᠢᠭ᠌᠂ ᠰᠠᠷᠠᠨᠵᠢᠷᠤᠭ ᠵᠡᠷᠭᠡ ᠪᠠᠭᠰᠢ ᠨᠠᠷ ᠠᠵᠢᠯᠯᠠᠵᠤ ᠦᠩᠭᠡᠷᠡᠪᠡ᠃ | | | ᠪᠠᠯᠳᠠᠨᠰᠠᠩᠪᠪᠤᠦ ᠠᠴᠠ ᠬᠠᠩᠭᠠᠪᠠ᠃ | |