ᠱᠠᠩᠵᠢᠩ ᠭᠠᠴᠠᠭᠠᠨ ᠤ ᠰᠣᠷᠭᠠᠭᠤᠯᠢ | ᠴᠢᠯᠥᠭᠡᠯᠡᠭᠳᠡᠭᠰᠡᠨ ᠤ ᠳᠠᠷᠠᠭᠠᠬᠢ ᠠᠷᠪᠠᠨ ᠬᠡᠳᠥᠨ ᠡᠷᠥᠬᠡ ᠲᠠᠢ ᠵᠠᠭᠤ ᠢᠯᠡᠭᠦᠥ ᠬᠥᠮᠥᠨ ᠠᠮᠠ ᠲᠠᠢ | ᠱᠠᠩᠵᠢᠩ ᠭᠠᠴᠠᠭ᠎ᠠ ᠶᠢᠨ ᠠᠷᠠᠳ ᠲᠥᠮᠡᠨ ᠠᠷᠣ ᠭᠡᠷ ᠤᠨ ᠠᠵᠣ ᠠᠮᠢᠳᠣᠷᠠᠯ ᠢᠶᠠᠨ ᠠᠷᠭᠠᠴᠠᠬᠤ ᠶᠢᠨ ᠬᠠᠮᠲᠣ ᠥᠷ᠎ᠡ | ᠬᠡᠥᠬᠡᠳ ᠢᠶᠠᠨ ᠪᠢᠴᠢᠭ ᠰᠣᠷᠭᠠᠵᠣ ᠰᠣᠶᠣᠯ ᠭᠡᠭᠡᠷᠡᠯ ᠤᠨ ᠮᠥᠷ ᠢ ᠬᠥᠭᠡᠭᠡᠵᠥ ᠬᠥᠭᠵᠢᠯ ᠮᠠᠨᠳᠣᠯ ᠤᠨ ᠠᠩᠬᠠᠨ ᠤ | ᠱᠠᠲᠣ ᠶᠢ ᠲᠠᠯᠪᠢᠬᠤ ᠶᠢᠨ ᠲᠥᠯᠥᠭᠡ ᠴᠧᠨ ᠾᠧᠥ ᠰᠢᠶᠠᠩ ᠢ ᠵᠠᠯᠠᠵᠣ ᠬᠡᠳᠥᠨ ᠬᠡᠥᠬᠡᠳ ᠲᠤ ᠪᠠᠨ ᠭᠡᠷ ᠤᠨ | ᠰᠣᠷᠭᠠᠭᠤᠯᠢ ᠡᠷᠬᠢᠯᠡᠵᠥ ᠪᠢᠴᠢᠭ ᠵᠢᠭᠠᠵᠣ ᠬᠥᠮᠥᠨ ᠪᠣᠯᠵᠣ ᠶᠠᠪᠣᠬᠤ ᠶᠢᠨ ᠣᠴᠢᠷ ᠶᠣᠰᠣ ᠶᠢ ᠰᠣᠷᠭᠠᠪᠠ᠃ | 1956 ᠣᠨ ᠳᠤ ᠨᠠᠮ ᠤᠨ ᠲᠥᠷᠥ ᠶᠢᠨ ᠪᠣᠳᠣᠯᠭ᠎ᠠ ᠶᠢᠨ ᠵᠢᠯᠣᠭᠤᠳᠣᠯᠭ᠎ᠠ ᠪᠠᠷ ᠠᠷᠠᠳ ᠠᠴᠠ | ᠭᠤᠷᠪᠠᠨ ᠲᠠᠰᠣᠯᠭ᠎ᠠ ᠰᠢᠪᠠᠷ ᠭᠡᠷ ᠪᠠᠷᠢᠵᠣ ᠠᠷᠪᠠᠨ ᠬᠡᠳᠥᠨ ᠬᠡᠥᠬᠡᠳ ᠲᠤ ᠪᠠᠨ ᠪᠢᠴᠢᠭ ᠵᠢᠭᠠᠵᠣ ᠬᠥᠮᠥᠨ ᠢ | ᠬᠥᠮᠥᠵᠢᠭᠦᠯᠬᠦ ᠰᠠᠭᠤᠷᠢᠨ ᠭᠠᠵᠠᠷ ᠪᠣᠯᠬᠤ ᠠᠩᠬᠠᠨ ᠤ ᠰᠣᠷᠭᠠᠭᠤᠯᠢ ᠶᠢ ᠡᠷᠬᠢᠯᠡᠵᠡᠢ᠃ ᠲᠣᠬᠠᠢ ᠶᠢᠨ ᠥᠶ᠎ᠡ ᠶᠢᠨ | ᠰᠣᠷᠭᠠᠭᠤᠯᠢ ᠡᠷᠬᠢᠯᠡᠬᠦ ᠨᠥᠬᠦᠴᠡᠯ ᠲᠣᠶᠢᠯ ᠤᠨ ᠠᠨᠠᠢ ᠲᠣᠯᠠ ᠪᠣᠷᠭᠠᠰᠣ ᠪᠠᠷ ᠰᠢᠷᠡᠭᠡ ᠭᠥᠷᠥᠵᠥ ᠰᠢᠪᠠᠷ ᠢᠶᠠᠷ | ᠮᠢᠯᠢᠶᠠᠵᠣ᠂ ᠭᠡᠷ ᠠᠴᠠ ᠪᠠᠨ ᠰᠠᠨᠳᠠᠯᠢ ᠠᠪᠴᠢᠷᠠᠨ ᠰᠣᠷᠣᠯᠴᠠᠬᠤ ᠠᠩᠬᠠᠨ ᠤ ᠨᠥᠬᠦᠴᠡᠯ ᠢ ᠪᠥᠷᠢᠯᠳᠥᠭᠦᠯᠵᠥ ᠪᠢᠯᠡ᠃ | ᠵᠢᠭᠠᠬᠤ ᠮᠠᠲ᠋ᠧᠷᠢᠶᠠᠯ ᠤᠨ ᠲᠠᠯ᠎ᠠ ᠪᠠᠷ ᠮᠣᠩᠭᠤᠯ ᠥᠰᠥᠭ ᠤᠨ ᠴᠠᠭᠠᠨ ᠲᠣᠯᠣᠭᠠᠢ ᠶᠢ ᠠᠷᠪᠠᠨ ᠬᠤᠶᠠᠷ ᠰᠠᠮᠪᠠᠷ᠎ᠠ ᠪᠠᠷ | ᠵᠢᠭᠠᠬᠤ ᠠᠭᠤᠯᠭ᠎ᠠ ᠪᠣᠯᠭᠠᠨ᠂ ᠭᠠᠷ ᠪᠢᠴᠢᠮᠡᠯ᠂ ᠬᠠᠭᠤᠯᠪᠣᠷᠢ ᠶᠢᠨ ᠬᠡᠯᠪᠡᠷᠢ ᠪᠠᠷ ᠵᠢᠭᠠᠵᠣ ᠪᠠᠶᠢᠵᠠᠢ᠃ ᠰᠣᠷᠣᠭᠴᠢ | ᠶᠢᠨ ᠢᠷᠠᠯᠲᠠ ᠪᠣᠯ ᠨᠠᠰᠣᠨ ᠤ ᠢᠯᠭᠠᠯ ᠥᠭᠡᠢ ᠰᠣᠷᠣᠯᠴᠠᠬᠤ ᠳᠣᠷ᠎ᠠ ᠲᠠᠢ ᠯᠠ ᠪᠣᠯ ᠰᠣᠷᠭᠠᠭᠤᠯᠢ ᠳᠤ ᠪᠠᠨ | ᠰᠣᠷᠣᠯᠴᠠᠭᠤᠯᠵᠣ ᠪᠠᠶᠢᠭᠰᠠᠨ ᠶᠣᠮ᠃ | 1958 ᠣᠨ ᠤ 9 ᠰᠠᠷ᠎ᠠ ᠪᠣᠯᠬᠤ ᠳᠤ 30ᠰᠣᠷᠣᠭᠴᠢ ᠲᠠᠢ ᠪᠣᠯᠵᠠᠢ᠃ ᠡᠶᠢᠮᠥ ᠠᠴᠠ ᠪᠠᠭᠰᠢ ᠶᠢᠨ | ᠬᠥᠴᠥᠨ ᠬᠥᠷᠥᠯᠴᠡᠬᠦ ᠥᠭᠡᠢ ᠪᠣᠯᠣᠭᠰᠠᠨ ᠠᠴᠠ ᠵᠢᠨᠲ᠋ᠠᠩ᠂ ᠰᠣᠪᠣᠳ ᠵᠡᠷᠭᠡ ᠰᠣᠶᠣᠯ ᠮᠡᠳᠡᠯᠭᠡ ᠲᠠᠢ ᠥᠨᠳᠥᠷ | ᠣᠬᠠᠮᠰᠠᠷ ᠲᠠᠢ ᠰᠡᠬᠡᠭᠡᠲᠡᠨ ᠢ ᠣᠷᠢᠳ ᠬᠤᠵᠢᠳ ᠣᠷᠢᠵᠣ ᠲᠣᠰ ᠰᠣᠷᠭᠠᠭᠤᠯᠢ ᠳᠤ ᠪᠠᠭᠰᠢᠯᠠᠭᠤᠯᠵᠣ ᠥᠩᠭᠡᠷᠡᠵᠡᠢ᠃ | | 1961 ᠣᠨ ᠳᠤ ᠭᠠᠴᠠᠭᠠᠨ ᠠᠴᠠ ᠪᠠᠨ 9 ᠲᠠᠰᠣᠯᠭ᠎ᠠ ᠰᠢᠪᠠᠷ ᠪᠠᠶᠢᠰᠢᠩ ᠪᠠᠷᠢᠵᠣ ᠬᠢᠴᠢᠶᠡᠯ ᠤᠨ ᠭᠡᠷ | ᠪᠣᠯᠭᠠᠨ ᠬᠡᠷᠡᠭᠯᠡᠵᠡᠢ᠃ ᠰᠣᠷᠣᠭᠴᠢ 1— 5ᠣᠨ ᠬᠥᠷᠲᠡᠯ᠎ᠡ ᠪᠠᠶᠢᠵᠠᠢ᠃ ᠵᠠᠷᠢᠮ ᠠᠩᠭᠢ ᠶᠢ ᠳᠠᠪᠬᠤᠷᠯᠠᠨ ᠵᠢᠭᠠᠵᠣ | ᠂ ᠳᠡᠭᠡᠷ᠎ᠡ ᠣᠨ ᠤ ᠰᠣᠷᠣᠭᠴᠢ ᠨᠢ ᠳᠣᠣᠷ᠎ᠠ ᠣᠨ ᠤ ᠰᠣᠷᠣᠭᠴᠢ ᠳᠤ ᠪᠠᠨ ᠬᠠᠪᠰᠣᠷᠣᠨ ᠵᠢᠯᠣᠭᠤᠳᠴᠣ ᠬᠠᠮᠲᠣ ᠳᠤ | ᠪᠠᠨ ᠰᠣᠷᠣᠯᠴᠠᠵᠣ ᠪᠠᠶᠢᠭᠰᠠᠨ ᠶᠣᠮ᠃ ᠪᠠᠭᠰᠢ ᠶᠢᠨ ᠬᠥᠴᠥᠨ ᠲᠣᠶᠢᠯ ᠤᠨ ᠳᠣᠲᠠᠮᠠᠭ ᠪᠣᠯᠣᠭᠰᠠᠨ ᠲᠣᠯᠠ 65ᠣᠨ | ᠳᠤ ᠭᠤᠣᠯ ᠰᠣᠷᠭᠠᠭᠠᠯᠢ ᠠᠴᠠ ᠾᠥᠸᠧ ᠪᠣᠣ ᠪᠠᠭᠰᠢ ᠶᠢ ᠲᠣᠰ ᠰᠣᠷᠭᠠᠭᠤᠯᠢ ᠳᠤ ᠲᠣᠮᠢᠯᠠᠵᠣ ᠠᠵᠢᠯᠯᠠᠭᠤᠯᠪᠠ᠃ | 66ᠣᠨ ᠳᠤ ᠳᠡᠯᠭᠡᠷ ᠪᠠᠭᠰᠢ ᠠᠯᠲᠠᠨᠴᠢᠮᠡᠭ ᠪᠠᠭᠰᠢ ᠶᠢ ᠲᠣᠰ ᠰᠣᠷᠭᠠᠭᠤᠯᠢ ᠳᠤ ᠲᠣᠮᠢᠯᠠᠵᠣ ᠠᠵᠢᠯᠯᠠᠭᠤᠯᠪᠠ᠃ | ᠲᠣᠬᠠᠢ ᠶᠢᠨ ᠥᠶ᠎ᠡ ᠳᠤ 70 ᠭᠠᠷᠣᠢ ᠰᠣᠷᠣᠭᠴᠢ ᠲᠠᠢ ᠪᠠᠶᠢᠭᠰᠠᠨ ᠶᠣᠮ᠃ ᠬᠢᠴᠢᠶᠡᠯ ᠤᠨ ᠭᠡᠷ ᠬᠥᠷᠥᠯᠴᠡᠬᠦ ᠥᠭᠡᠢ | ᠪᠣᠯᠣᠭᠰᠠᠨ ᠠᠴᠠ ᠭᠠᠴᠠᠭ᠎ᠠ ᠠᠴᠠ 7 ᠲᠠᠰᠣᠯᠭ᠎ᠠ ᠰᠢᠪᠠᠷ ᠪᠠᠶᠢᠰᠢᠩ ᠪᠠᠷᠢᠵᠣ ᠬᠢᠴᠢᠶᠡᠯ ᠤᠨ ᠭᠡᠷ᠂ ᠪᠠᠭᠰᠢ ᠶᠢᠨ | ᠪᠠᠶᠢᠷᠢ ᠪᠣᠯᠭᠠᠨ ᠬᠡᠷᠡᠭᠯᠡᠵᠡᠢ᠃ ᠭᠠᠴᠠᠭ᠎ᠠ ᠠᠴᠠ 15 ᠮᠥ ᠲᠠᠷᠢᠶᠠᠨ ᠭᠠᠵᠠᠷ ᠥᠭᠴᠥ ᠰᠣᠷᠭᠠᠭᠤᠯᠢ ᠡᠷᠬᠢᠯᠡᠬᠦ | ᠨᠥᠬᠦᠴᠡᠯ ᠢ ᠰᠠᠶᠢᠵᠢᠷᠠᠭᠤᠯᠬᠤ ᠳᠤ ᠬᠡᠷᠡᠭᠯᠡᠭᠦᠯᠵᠡᠢ᠃ ᠲᠣᠬᠠᠢ ᠶᠢᠨ ᠥᠶ᠎ᠡ ᠳᠤ 80 ᠭᠠᠷᠣᠢ ᠰᠣᠷᠣᠭᠴᠢ ᠲᠠᠢ | ᠪᠣᠯᠵᠣ᠂ ᠪᠠᠭᠰᠢ ᠶᠢᠨ ᠬᠥᠴᠥᠨ ᠳᠣᠲᠠᠮᠠᠭ ᠪᠣᠯᠣᠭᠰᠠᠨ ᠠᠴᠠ ᠭᠤᠣᠯ ᠰᠣᠷᠭᠠᠭᠤᠯᠢ ᠠᠴᠠ ᠬᠥᠭᠡ ᠪᠠᠭᠰᠢ ᠶᠢ ᠲᠣᠰ | ᠰᠣᠷᠭᠠᠭᠤᠯᠢ ᠳᠤ ᠲᠣᠮᠢᠯᠠᠵᠣ ᠠᠵᠢᠯᠯᠠᠭᠤᠯᠪᠠ᠃ 1970 ᠣᠨ ᠳᠤ ᠰᠣᠮᠣᠨ ᠤ ᠭᠤᠣᠯ ᠪᠠᠭ᠎ᠠ ᠰᠣᠷᠭᠠᠭᠤᠯᠢ ᠳᠤ | ᠳᠣᠮᠳᠠᠳᠣ ᠰᠣᠷᠭᠠᠭᠤᠯᠢ ᠡᠷᠬᠢᠯᠡᠭᠰᠡᠨ ᠠᠴᠠ ᠳᠡᠯᠭᠡᠷ ᠪᠠᠭᠰᠢ᠂ ᠠᠯᠲᠠᠨᠴᠢᠮᠡᠭ ᠪᠠᠭᠰᠢ ᠠᠵᠢᠯ ᠤᠨ ᠴᠢᠬᠤᠯᠠᠴᠢᠯᠠᠯ ᠢᠶᠠᠷ | ᠰᠢᠯᠵᠢᠨ ᠶᠠᠪᠣᠭᠰᠠᠨ ᠲᠣᠯᠠ ᠥᠷᠥᠨᠲᠣᠶᠠᠭᠠ ᠪᠠᠭᠰᠢ ᠶᠢ ᠲᠣᠰ ᠰᠣᠷᠭᠠᠭᠤᠯᠢ ᠳᠤ ᠲᠣᠮᠢᠯᠠᠨ ᠠᠵᠢᠯᠯᠠᠭᠤᠯᠪᠠ᠃ | ᠡᠭᠦᠨ ᠤ ᠬᠠᠮᠲᠣ ᠡᠷᠳᠡᠨᠢ ᠶᠢ ᠠᠷᠠᠳ ᠠᠴᠠ ᠡᠷᠬᠢᠯᠡᠭᠰᠡᠨ ᠪᠠᠭᠰᠢ ᠪᠠᠷ ᠣᠷᠢᠵᠣ ᠬᠡᠷᠡᠭᠯᠡᠭᠡᠳ ᠪᠠᠭᠰᠢ ᠶᠢᠨ ᠬᠥᠴᠥᠨ | ᠢ ᠨᠥᠬᠦᠪᠥᠷᠢᠯᠡᠭᠰᠡᠨ ᠶᠣᠮ᠃ | 1975 ᠣᠨ ᠳᠤ ᠨᠠᠮ ᠤᠨ ᠰᠣᠷᠭᠠᠨ ᠬᠥᠮᠥᠵᠢᠯ ᠤᠨ ᠲᠥᠷᠥ ᠶᠢᠨ ᠪᠣᠳᠣᠯᠭ᠎ᠠ ᠴᠡᠭᠴᠡᠯᠡᠯᠲᠡ | ᠶᠣᠰᠣᠭᠠᠷ ᠳᠣᠮᠳᠠᠳᠣ ᠰᠣᠷᠭᠠᠭᠤᠯᠢ ᠶᠢ ᠲᠥᠭᠡᠮᠡᠯᠵᠢᠭᠦᠯᠬᠦ ᠬᠠᠷᠠᠯᠲᠠ ᠶᠢ ᠪᠡᠶᠡᠯᠡᠭᠦᠯᠬᠦ ᠶᠢᠨ ᠲᠥᠯᠥᠭᠡ ᠲᠣᠰᠬᠤᠨ ᠤ | ᠰᠣᠷᠭᠠᠭᠤᠯᠢ ᠳᠤ ᠪᠠᠨ ᠠᠩᠬ᠎ᠠ ᠳᠣᠮᠳᠠᠳᠣ ᠶᠢᠨ ᠬᠤᠶᠠᠷ ᠣᠨ ᠢ ᠡᠷᠬᠢᠯᠡᠵᠡᠢ᠃ ᠲᠣᠰ ᠰᠣᠷᠭᠠᠭᠤᠯᠢ ᠨᠢ 7 | ᠠᠩᠬᠢ 120 ᠰᠣᠷᠣᠭᠴᠢ ᠲᠠᠢ ᠪᠠᠶᠢᠵᠠᠢ᠃ ᠪᠠᠭᠰᠢ ᠶᠢᠨ ᠬᠥᠴᠥᠨ ᠲᠣᠶᠢᠯ ᠤᠨ ᠳᠣᠲᠠᠮᠠᠭ ᠪᠠᠶᠢᠭᠰᠠᠨ ᠲᠣᠯᠠ | ᠶᠡᠷᠥᠩᠬᠡᠢ ᠰᠣᠷᠭᠠᠭᠤᠯᠢ ᠠᠴᠠ ᠡᠷᠳᠡᠨᠢᠬᠤᠸᠠᠷ᠂ ᠰᠠᠷᠠᠨᠭᠡᠷᠡᠯ ᠬᠤᠶᠠᠷ ᠪᠠᠭᠰᠢ ᠶᠢ ᠲᠣᠰ ᠰᠣᠷᠭᠠᠭᠤᠯᠢ ᠳᠤ ᠲᠣᠮᠢᠯᠠᠵᠣ | ᠠᠵᠢᠯᠯᠠᠭᠤᠯᠪᠠ᠃ ᠡᠭᠦᠨ ᠤ ᠬᠠᠮᠲᠣ ᠮᠡᠨᠳᠥᠯᠡᠬᠦᠥ ᠶᠢ ᠣᠷᠣᠯᠠᠭᠴᠢ ᠪᠠᠭᠰᠢ ᠪᠠᠷ ᠣᠷᠢᠵᠣ ᠬᠡᠷᠡᠭᠯᠡᠵᠡᠢ᠃ ᠭᠠᠴᠠᠭᠠᠨ ᠤ | ᠲᠠᠯ᠎ᠠ ᠠᠴᠠ ᠨᠠᠷᠠᠨᠭᠡᠷᠡᠯ᠂ ᠰᠥᠸᠧ ᠵᠥ᠂ ᠹᠦ᠋ ᠭᠧᠨ ᠵᠡᠷᠭᠡ ᠰᠣᠶᠣᠯ ᠮᠡᠳᠡᠯᠭᠡ ᠲᠠᠢ ᠥᠨᠳᠥᠷ ᠣᠬᠠᠮᠰᠠᠷ ᠲᠠᠢ | ᠰᠡᠬᠡᠭᠡᠲᠡᠨ ᠢ ᠣᠷᠢᠵᠣ ᠬᠡᠷᠡᠭᠯᠡᠵᠡᠢ᠃ ᠾᠥᠸᠧ ᠪᠣᠣ ᠪᠠᠭᠰᠢ ᠰᠣᠷᠭᠠᠭᠤᠯᠢ ᠶᠢᠨ ᠳᠠᠷᠤᠭ᠎ᠠ ᠪᠠᠷ ᠠᠵᠢᠯᠯᠠᠵᠣ ᠪᠠᠶᠢᠪᠠ᠃ | ᠲᠣᠰ ᠵᠢᠯ ᠳᠤ ᠭᠠᠴᠠᠭᠠᠨ ᠠᠴᠠ 80 ᠮᠥ ᠠᠲᠠᠷ ᠭᠠᠵᠠᠷ ᠥᠭᠴᠥ ᠰᠣᠷᠭᠠᠭᠤᠯᠢ ᠡᠷᠬᠢᠯᠡᠬᠦ ᠨᠥᠬᠦᠴᠡᠯ ᠳᠤ | ᠲᠣᠰᠠᠯᠠᠮᠵᠢ ᠥᠵᠡᠭᠦᠯᠵᠡᠢ᠃ ᠲᠣᠰ ᠲᠠᠷᠢᠶᠠᠨ ᠭᠠᠵᠠᠷ ᠢ ᠪᠠᠭᠰᠢ ᠰᠣᠷᠣᠭᠴᠢ ᠬᠠᠮᠲᠣ ᠪᠠᠷ ᠠᠷᠠᠴᠢᠯᠠᠵᠣ᠂ ᠠᠵᠢᠯᠴᠢ | ᠠᠷᠪᠢᠴᠢ ᠪᠠᠷ ᠰᠣᠷᠭᠠᠭᠤᠯᠢ ᠡᠷᠬᠢᠯᠡᠬᠦ ᠶᠢ ᠡᠷᠬᠢᠮᠯᠡᠭᠡᠳ ᠨᠡᠯᠢᠶᠡᠳ ᠰᠠᠶᠢᠨ ᠥᠷ᠎ᠡ ᠪᠥᠲᠥᠮᠵᠢ ᠣᠯᠣᠭᠰᠠᠨ ᠶᠣᠮ᠃ | ᠡᠭᠦᠨ ᠤ ᠰᠠᠭᠤᠷᠢᠨ ᠳᠤ ᠲᠣᠰ ᠰᠣᠷᠭᠠᠭᠤᠯᠢ ᠥᠬᠡᠷ᠂ ᠬᠤᠨᠢ ᠲᠡᠵᠢᠭᠡᠨ ᠠᠷᠠᠴᠢᠯᠠᠵᠣ ᠰᠣᠷᠭᠠᠭᠤᠯᠢ ᠶᠢᠨ ᠡᠳᠥᠷ | ᠳᠣᠲᠣᠮ ᠤᠨ ᠵᠠᠷᠣᠳᠠᠯ ᠢᠶᠠᠨ ᠬᠠᠩᠭᠠᠵᠣ ᠴᠢᠳᠠᠭᠰᠠᠨ ᠢᠶᠠᠷ ᠪᠠᠷᠠᠬᠤ ᠥᠭᠡᠢ ᠰᠢᠷᠡᠭᠡ ᠰᠠᠨᠳᠠᠯᠢ ᠪᠠᠨ ᠰᠢᠨᠡᠳᠭᠡᠨ | ᠥᠭᠡᠷᠡᠴᠢᠯᠡᠵᠥ᠂ ᠵᠢᠭᠠᠬᠤ ᠪᠠᠭᠠᠵᠢ ᠬᠡᠷᠡᠭᠰᠡᠯ ᠢ ᠨᠥᠬᠦᠪᠥᠷᠢᠯᠡᠨ ᠠᠪᠴᠠᠢ᠃ ᠵᠢᠭᠠᠨ ᠰᠣᠷᠭᠠᠬᠤ ᠥᠷ᠎ᠡ ᠠᠰᠢᠭ ᠶᠢᠨ | ᠲᠠᠯ᠎ᠠ ᠪᠠᠷ ᠣᠯᠣᠰ ᠠᠴᠠ ᠡᠷᠬᠢᠯᠡᠭᠰᠡᠨ ᠪᠠᠭᠰᠢ᠂ ᠠᠷᠠᠳ ᠠᠴᠠ ᠡᠷᠬᠢᠯᠡᠭᠰᠡᠨ ᠪᠠᠭᠰᠢ ᠶᠢᠨ ᠬᠠᠮᠲᠣ ᠶᠢᠨ ᠴᠢᠷᠮᠠᠶᠢᠯᠲᠠ | ᠪᠠᠷ ᠳᠠᠮᠵᠢᠨ ᠲᠣᠰ ᠰᠣᠷᠭᠠᠭᠤᠯᠢ ᠠᠴᠠ ᠲᠡᠭᠦᠰᠥᠭᠰᠡᠨ ᠰᠣᠷᠣᠭᠴᠢᠳ ᠨᠢ ᠣᠯᠣᠰ ᠤᠨ ᠨᠢᠭᠡᠳᠥᠯᠲᠡᠢ ᠰᠢᠯᠭᠠᠯᠲᠠ ᠪᠠᠷ | ᠳᠠᠮᠵᠢᠨ ᠶᠡᠭᠡ ᠰᠣᠷᠭᠠᠭᠤᠯᠢ ᠳᠤ ᠰᠢᠯᠭᠠᠨ ᠣᠷᠣᠭᠠᠳ ᠤᠯᠤᠰ ᠤᠷᠤᠨ ᠳᠤ ᠵᠣᠬᠢᠬᠤ ᠬᠤᠪᠢ ᠨᠡᠮᠡᠷᠢ ᠥᠵᠡᠭᠦᠯᠵᠥ | ᠪᠠᠶᠢᠬᠤ ᠴᠢᠳᠠᠪᠣᠷᠢᠲᠠᠨ ᠮᠠᠰᠢ ᠣᠯᠠᠨ ᠴᠣᠯᠭᠤᠷᠠᠭᠰᠠᠨ ᠶᠣᠮ᠃ ᠪᠠᠭᠰᠢ ᠨᠠᠷ ᠬᠠᠮᠲᠤᠷᠠᠨ ᠠᠵᠢᠯᠴᠢ ᠠᠷᠪᠢᠴᠢ ᠪᠠᠷ | ᠰᠣᠷᠭᠠᠭᠤᠯᠢ ᠪᠠᠨ ᠡᠷᠬᠢᠯᠡᠨ ᠥᠷ᠎ᠡ ᠠᠰᠢᠭ ᠨᠢ ᠳᠣᠪᠣᠶᠢᠮ᠎ᠠ ᠲᠣᠯᠠ 1981ᠣᠨ᠂ 1982 ᠣᠨ ᠳᠤ ᠳᠠᠷᠠᠭᠠᠯᠠᠨ | ᠠᠶᠢᠮᠠᠭ ᠤᠨ ᠰᠣᠷᠭᠠᠨ ᠬᠥᠮᠥᠵᠢᠯ ᠤᠨ ᠲᠣᠪᠴᠢᠶ᠎ᠠ᠂ ᠡᠳ᠋ ᠤᠨ ᠵᠠᠰᠠᠭ ᠤᠨ ᠲᠣᠪᠴᠢᠶ᠎ᠠ ᠶᠢᠨ ᠬᠥᠬᠢᠭᠦᠯᠥᠯ ᠱᠠᠩᠨᠠᠯ ᠢ | ᠣᠯᠵᠣ ᠥᠩᠭᠡᠷᠡᠪᠡ᠃ | 1984 ᠣᠨ ᠤ ᠪᠥᠷᠢᠳᠭᠡᠯ ᠪᠣᠯᠬᠤ ᠳᠤ ᠰᠣᠷᠣᠭᠴᠢ ᠶᠢᠨ ᠲᠤᠭ᠎ᠠ ᠵᠠᠭᠤ ᠶᠢ ᠳᠠᠪᠠᠵᠣ᠂ 1— 5 | ᠣᠨ ᠬᠥᠷᠲᠡᠯ᠎ᠡ ᠡᠷᠬᠢᠯᠡᠵᠥ ᠪᠠᠶᠢᠪᠠ᠃ ᠲᠣᠬᠠᠢ ᠶᠢᠨ ᠵᠢᠯ ᠳᠤ ᠭᠠᠵᠠᠷ ᠳᠣᠣᠷᠠᠬᠢ ᠣᠰᠣᠨ ᠲᠥᠪᠰᠢᠨ | ᠳᠣᠭᠤᠭᠰᠢᠯᠠᠭᠠᠳᠣᠢ ᠪᠠᠶᠢᠵᠣ ᠵᠢᠯ ᠪᠥᠷᠢ ᠶᠢᠨ ᠬᠠᠪᠣᠷ ᠪᠣᠯᠬᠤ ᠳᠤ ᠨᠠᠮᠤᠭ ᠬᠥᠳᠡᠯᠵᠥ᠂ ᠵᠠᠷᠢᠮ ᠳᠤ ᠪᠠᠨ ᠠᠩᠭᠢ ᠶᠢᠨ | ᠭᠡᠷ ᠤᠨ ᠱᠠᠯᠠ ᠠᠴᠠ ᠣᠰᠣ ᠭᠠᠷᠳᠠᠭ ᠪᠠᠶᠢᠵᠠᠢ᠃ ᠡᠭᠦᠨ ᠤ ᠳᠡᠭᠡᠷ᠎ᠡ ᠣᠣᠯ ᠤᠨ ᠭᠡᠷ ᠪᠠᠷᠢᠯᠭ᠎ᠠ ᠨᠢ ᠰᠢᠪᠠᠷ ᠴᠢᠯᠠᠭᠤ | ᠶᠢᠨ ᠪᠥᠲᠥᠴᠡ ᠲᠠᠢ ᠣᠨ ᠵᠢᠯ ᠣᠳᠠᠭᠰᠠᠨ ᠠᠴᠠ ᠨᠢᠭᠡᠨᠲᠡ ᠬᠡᠷᠡᠭᠯᠡᠵᠥ ᠪᠣᠯᠬᠤ ᠪᠠᠨ ᠪᠠᠶᠢᠵᠠᠢ᠃ ᠲᠣᠰ ᠵᠢᠯ ᠤᠨ | ᠬᠠᠪᠣᠷ ᠬᠤᠰᠢᠭᠤᠨ ᠳᠠᠷᠤᠭ᠎ᠠ ᠥ᠋ ᠴᠢᠶᠠᠨ ᠲᠣᠰ ᠰᠣᠷᠭᠠᠭᠤᠯᠢ ᠳᠤ ᠢᠷᠠᠵᠣ ᠪᠠᠶᠢᠳᠠᠯ ᠢ ᠣᠶᠢᠯᠭᠠᠭᠰᠠᠨ ᠤ ᠳᠠᠷᠠᠭ᠎ᠠ | ᠬᠤᠰᠢᠭᠤᠨ ᠠᠴᠠ ᠨᠢᠭᠡ ᠪᠥᠯᠥᠭ ᠵᠣᠭᠤᠰ ᠥᠭᠴᠥ ᠸᠠᠭᠠᠷ ᠲᠣᠭᠤᠰᠬ᠎ᠠ ᠶᠢᠨ ᠪᠥᠲᠥᠴᠡ ᠲᠠᠢ ᠭᠡᠷ ᠪᠠᠷᠢᠬᠤ ᠪᠠᠷ | ᠪᠣᠯᠵᠠᠢ᠃ ᠬᠤᠰᠢᠭᠤᠨ ᠠᠴᠠ ᠮᠥᠩᠭᠦ ᠭᠠᠷᠭᠠᠨ ᠭᠠᠴᠠᠭᠠᠨ ᠠᠴᠠ ᠬᠥᠳᠡᠯᠮᠥᠷᠢ ᠬᠥᠴᠥ ᠭᠠᠷᠭᠠᠨ ᠰᠣᠷᠭᠠᠭᠤᠯᠢ ᠶᠢᠨ | ᠬᠥᠷᠢᠶ᠎ᠡ ᠳᠠᠬᠢ ᠮᠣᠳᠣ ᠶᠢ ᠣᠨᠠᠭᠠᠨ ᠮᠣᠳᠣᠨ ᠮᠠᠲ᠋ᠧᠷᠢᠶᠠᠯ ᠤᠨ ᠠᠰᠠᠭᠤᠳᠠᠯ ᠢ ᠰᠶᠢᠳᠪᠥᠷᠢᠯᠡᠵᠡᠢ᠃ ᠲᠣᠰ ᠵᠢᠯ ᠤᠨ | ᠨᠠᠮᠣᠷ ᠠᠴᠠ ᠡᠬᠢᠯᠡᠵᠥ ᠰᠠᠷᠠᠭᠤᠯ ᠲᠣᠬᠢᠯᠢᠭ ᠸᠠᠭᠠᠷ ᠲᠣᠭᠤᠰᠬ᠎ᠠ ᠶᠢᠨ ᠪᠥᠲᠥᠴᠡ ᠲᠠᠢ ᠬᠢᠴᠢᠶᠡᠯ ᠤᠨ ᠭᠡᠷ ᠲᠠᠢ | ᠪᠣᠯᠣᠭᠰᠠᠨ ᠪᠠᠶᠢᠨ᠎ᠠ᠃ | 1985 ᠣᠨ ᠳᠤ ᠰᠣᠷᠭᠠᠭᠤᠯᠢ ᠡᠷᠬᠢᠯᠡᠬᠦ ᠨᠥᠬᠦᠴᠡᠯ ᠢ ᠣᠯᠠᠮ ᠨᠢᠭᠡ ᠠᠯᠬᠤᠮ ᠰᠠᠶᠢᠵᠢᠷᠠᠭᠤᠯᠬᠤ ᠶᠢᠨ | ᠲᠥᠯᠥᠭᠡ ᠭᠠᠴᠠᠭᠠᠨ ᠠᠴᠠ 80 ᠮᠥ ᠭᠠᠵᠠᠷ ᠣᠯᠵᠣ ᠲᠠᠷᠢᠶ᠎ᠠ ᠬᠠᠭᠠᠯᠪᠣᠷᠢᠯᠠᠵᠣ᠂ ᠴᠢᠯᠠᠭᠤᠨ ᠬᠡᠷᠡᠮ ᠢᠶᠠᠷ | ᠬᠥᠷᠢᠶᠡᠯᠡᠭᠰᠡᠨ ᠪᠠᠶᠢᠨ᠎ᠠ᠃ 1985 ᠣᠨ ᠳᠤ ᠬᠠᠰᠪᠠᠭᠠᠨ᠎ᠠ ᠲᠣᠰ ᠰᠣᠷᠭᠠᠭᠤᠯᠢ ᠶᠢᠨ ᠳᠠᠷᠤᠭ᠎ᠠ ᠪᠣᠯᠵᠣ᠂ | ᠰᠣᠷᠭᠠᠭᠤᠯᠢ ᠶᠢᠨ ᠬᠤᠨᠢ ᠢᠮᠠᠭ᠎ᠠ ᠶᠢ ᠪᠥᠬᠦᠨ ᠢ ᠬᠤᠳᠠᠯᠳᠣᠵᠣ᠂ ᠪᠠᠶᠢᠷᠢ ᠶᠢᠨ ᠪᠠᠭᠰᠢ ᠶᠢᠨ ᠵᠠᠷᠣᠳᠠᠯ ᠪᠠ ᠨᠢᠭᠡ | ᠪᠥᠯᠥᠭ ᠪᠠᠭᠠᠵᠢ ᠬᠡᠷᠡᠭᠰᠡᠯ ᠪᠥᠷᠢᠯᠳᠥᠭᠦᠯᠵᠡᠢ᠃ | 1986 ᠣᠨ ᠤ ᠬᠠᠪᠣᠷ ᠠᠴᠠ ᠭᠠᠩᠵᠣᠷᠢᠭ ᠳᠠᠷᠤᠭ᠎ᠠ ᠪᠣᠯᠵᠣ 80 ᠮᠥ ᠲᠠᠷᠢᠶᠠᠨ ᠭᠠᠵᠠᠷ ᠢ ᠮᠥ | ᠪᠥᠷᠢ ᠶᠢ 5 ᠲᠥᠭᠦᠷᠢᠭ ᠢᠶᠠᠷ 10 ᠵᠢᠯ ᠤᠨ ᠬᠤᠭᠤᠴᠠᠭ᠎ᠠ ᠲᠠᠢ ᠭᠡᠷ᠎ᠡ ᠲᠣᠭᠲᠠᠵᠣ ᠪᠣᠰᠣᠳ ᠲᠤ ᠳᠠᠭᠠᠭᠠᠴᠢᠯᠠᠵᠣ | ᠥᠭᠪᠡ᠃ | 1992 ᠣᠨ ᠪᠣᠯᠲᠠᠯ᠎ᠠ ᠵᠢᠯ ᠪᠥᠷᠢ 1— 5 ᠣᠨ ᠪᠠ ᠨᠢᠭᠡ ᠪᠡᠯᠡᠳᠭᠡᠯ ᠠᠩᠭᠢ ᠡᠷᠬᠢᠯᠡᠵᠥ᠂ | ᠬᠠᠮᠤᠭ ᠣᠯᠠᠨ ᠳᠤ ᠪᠠᠨ 140 ᠨᠡᠷ᠎ᠡ ᠰᠣᠷᠣᠭᠴᠢ ᠪᠣᠯᠵᠣ ᠥᠩᠭᠡᠷᠡᠪᠡ᠃ 27 ᠮᠥ ᠭᠠᠵᠠᠷ ᠲᠠᠷᠢᠶ᠎ᠠ ᠪᠠᠨ ᠪᠠᠭᠰᠢ | ᠰᠣᠷᠣᠭᠴᠢ ᠥᠪᠡᠷ ᠢᠶᠠᠨ ᠠᠷᠠᠴᠢᠯᠠᠵᠣ᠂ ᠠᠵᠢᠯᠴᠢ ᠠᠷᠪᠢᠴᠢ ᠪᠠᠷ ᠰᠣᠷᠭᠠᠭᠤᠯᠢ ᠡᠷᠬᠢᠯᠡᠬᠦ ᠣᠷᠣᠯᠭ᠎ᠠ ᠪᠠᠨ | ᠨᠡᠮᠡᠭᠳᠡᠭᠦᠯᠵᠥ ᠪᠠᠶᠢᠵᠠᠢ᠃ ᠪᠠᠭᠰᠢ ᠶᠢᠨ ᠬᠥᠴᠥᠨ ᠤ ᠲᠠᠯ᠎ᠠ ᠠᠴᠠ ᠠᠯᠪᠠᠨ ᠪᠠᠭᠰᠢ 4 ᠨᠡᠷ᠎ᠡ᠂ ᠠᠷᠠᠳ ᠠᠴᠠ | ᠡᠷᠬᠢᠯᠡᠭᠰᠡᠨ ᠪᠠᠭᠰᠢ 2 ᠨᠡᠷ᠎ᠡ᠂ ᠲᠥᠷ ᠣᠷᠣᠯᠠᠭᠴᠢ ᠪᠠᠭᠰᠢ 2 ᠨᠡᠷ᠎ᠡ ᠪᠠᠶᠢᠵᠠᠢ᠃ ᠲᠣᠰ ᠵᠢᠯ ᠤᠨ ᠬᠠᠪᠣᠷ ᠠᠴᠠ | ᠡᠬᠢᠯᠡᠵᠥ 27 ᠮᠥ ᠭᠠᠵᠠᠷ ᠢ ᠭᠠᠳᠠᠭᠰᠢ ᠲᠥᠷᠢᠶᠡᠰᠥᠯᠡᠵᠥ ᠭᠠᠷᠭᠠᠪᠠ᠃ | 1994 ᠣᠨ ᠳᠤ ᠰᠥᠸᠧ ᠵᠥ ᠰᠣᠷᠭᠠᠭᠤᠯᠢ ᠶᠢᠨ ᠵᠠᠬᠢᠷᠣᠯ ᠪᠣᠯᠵᠣ᠂ 80 ᠮᠥ ᠲᠠᠷᠢᠶᠠᠨ ᠭᠠᠵᠠᠷ ᠢ | ᠪᠣᠴᠠᠭᠠᠨ ᠠᠪᠴᠠᠢ᠃ 1995 ᠣᠨ ᠪᠣᠯᠬᠤ ᠳᠤ 18 ᠲᠠᠰᠣᠯᠭ᠎ᠠ ᠭᠡᠷ ᠤᠨ ᠰᠠᠭᠤᠷᠢ ᠳᠣᠷᠣᠭᠰᠢ ᠰᠠᠭᠤᠵᠣ | ᠠᠶᠣᠮᠰᠢᠭᠳᠣ ᠪᠠᠷᠢᠯᠭ᠎ᠠ ᠪᠣᠯᠵᠠᠢ᠃ ᠲᠣᠰ ᠵᠢᠯ ᠤᠨ ᠵᠣᠨ ᠠᠴᠠ ᠨᠠᠷᠠᠠᠴᠣᠭᠳᠣ ︵ᠭᠠᠴᠠᠭᠠᠨ ᠱᠥᠵᠢ︶ ᠬᠠᠮᠢᠶ᠎ᠠ | ᠪᠥᠬᠦᠢ ᠪᠠᠶᠢᠭᠤᠯᠭ᠎ᠠ ᠲᠠᠢ ᠬᠠᠷᠢᠴᠠᠨ 18 ᠲᠠᠰᠣᠯᠭ᠎ᠠ ᠭᠡᠷ ᠢ ᠨᠣᠷᠠᠭᠠᠵᠣ ᠳᠠᠬᠢᠨ ᠪᠠᠶᠢᠭᠤᠯᠵᠠᠢ᠃ ᠬᠠᠭᠤᠴᠢᠨ18 | ᠲᠠᠰᠣᠯᠭ᠎ᠠ ᠭᠡᠷ ᠤᠨ ᠸᠠᠭᠠᠷ ᠲᠣᠭᠤᠰᠬ᠎ᠠ᠂ ᠨᠢᠷᠣᠭᠤ᠂ ᠡᠭᠦᠳᠡ ᠴᠣᠩᠬᠤ ᠵᠡᠷᠭᠡ ᠶᠢ ᠠᠰᠢᠭᠯᠠᠠ ᠣᠣᠯ ᠤᠨ ᠰᠠᠭᠤᠷᠢᠨ | ᠳᠤᠨᠢ 12 ᠲᠠᠰᠣᠯᠭ᠎ᠠ ᠸᠠᠭᠠᠷ ᠲᠣᠭᠤᠰᠬᠠᠨ ᠪᠥᠲᠥᠴᠡ ᠲᠠᠢ ᠭᠡᠷ ᠪᠠᠷᠢᠵᠠᠢ᠃ ᠲᠣᠰ ᠵᠢᠯ ᠤᠨ 10 ᠰᠠᠷ᠎ᠠ ᠶᠢᠨ 1 | ᠳᠤ ᠬᠤᠲᠠ ᠬᠤᠰᠢᠭᠤ᠂ ᠰᠣᠮᠣᠨ ᠤ ᠬᠤᠯᠪᠣᠭᠳᠠᠯ ᠪᠥᠬᠦᠢ ᠬᠥᠮᠥᠰ ᠢᠷᠠᠵᠣ ᠪᠠᠷᠢᠯᠭ᠎ᠠ ᠲᠡᠭᠦᠰᠥᠭᠰᠡᠨ ᠶᠣᠰᠣᠯᠠᠯ ᠳᠤ | ᠣᠷᠣᠯᠴᠠᠨ᠂ ᠴᠠᠷᠳᠠᠭᠤᠯ ᠤᠨ ᠥᠢᠯᠡᠳᠪᠥᠷᠢ ᠶᠢᠨ ︽ᠬᠥᠰᠡᠯᠡᠩᠲᠣ ᠰᠣᠷᠭᠠᠭᠤᠯᠢ︾ ᠶᠢᠨ ᠫᠠᠶᠢᠰᠠ ᠡᠯᠭᠦᠵᠡᠢ᠃ | ᠡᠭᠦᠨ ᠤ ᠳᠠᠭᠠᠣ ᠳᠤ ᠰᠣᠷᠣᠭᠴᠢ ᠨᠢᠭᠡᠪᠥᠷᠢ ᠳᠤ ᠰᠣᠷᠭᠠᠭᠤᠯᠢ ᠶᠢᠨ ᠬᠤᠪᠴᠠᠰᠣ ᠬᠢᠵᠥ ᠥᠭᠴᠡᠢ᠃ 12 ᠲᠠᠰᠣᠯᠭ᠎ᠠ | ᠭᠡᠷ ᠨᠢ ᠬᠡᠷᠡᠭᠯᠡᠵᠥ ᠭᠥᠢᠴᠡᠬᠦ ᠥᠭᠡᠢ ᠣᠴᠢᠷ ᠠᠴᠠ ᠪᠡᠯᠡᠳᠭᠡᠯ ᠠᠩᠭᠢ ᠶᠢ ᠭᠠᠴᠠᠭᠠᠨ ᠳᠤ ᠡᠷᠬᠢᠯᠡᠵᠥ ᠪᠠᠶᠢᠵᠠᠢ᠃ | 1998 ᠣᠨ ᠪᠣᠯᠬᠤ ᠳᠤ ᠮᠠᠨᠳᠣᠯ᠎ᠠ ᠳᠠᠷᠤᠭ᠎ᠠ ᠪᠠᠶᠢᠵᠠᠢ᠃ ᠰᠢᠨᠡᠬᠡᠨ ᠪᠠᠷᠢᠭᠰᠠᠨ ᠭᠡᠷ ᠪᠠᠷᠢᠯᠭ᠎ᠠ ᠨᠢ | ᠴᠢᠨᠠᠷ ᠤᠨ ᠠᠰᠠᠭᠤᠳᠠᠯ ᠭᠠᠷᠴᠠᠢ᠃ ᠲᠣᠰ ᠵᠢᠯ ᠤᠨ ᠬᠠᠪᠣᠷ ᠨᠢᠭᠡ ᠲᠠᠰᠣᠯᠭ᠎ᠠ ᠬᠢᠴᠢᠶᠡᠯᠯᠡᠬᠦ ᠭᠡᠷ ᠤᠨ ᠲᠡᠭᠡᠪᠥᠷ ᠨᠢ | ᠥᠪᠴᠢ ᠪᠠᠷ ᠢᠶᠠᠨ ᠨᠣᠷᠠᠵᠣ ᠪᠠᠭᠤᠵᠣ ᠢᠷᠠᠵᠠᠢ᠃ ᠵᠣᠯ ᠢᠶᠠᠷ ᠰᠥᠨᠢ ᠨᠣᠷᠠᠭᠰᠠᠨ ᠠᠴᠠ ᠪᠠᠭᠰᠢ ᠰᠣᠷᠣᠭᠴᠢᠳ ᠤᠨ | ᠭᠡᠮᠳᠥᠯ ᠰᠢᠷᠬᠠᠲᠣᠯ ᠭᠠᠷᠣᠭᠰᠠᠨ ᠥᠭᠡᠢ᠃ | 1999 ᠣᠨ ᠳᠤ ᠪᠤ ᠪᠠᠭᠠᠲᠣᠷ ᠰᠣᠷᠭᠠᠭᠤᠯᠢ ᠶᠢᠨ ᠵᠠᠬᠢᠷᠣᠯ ᠪᠣᠯᠵᠣ᠂ ᠪᠠᠭᠰᠢ ᠰᠣᠷᠣᠭᠴᠢ ᠶᠢᠨ ᠠᠮᠣᠷ | ᠲᠥᠪᠰᠢᠨ ᠠᠵᠢᠯᠯᠠᠵᠣ ᠰᠣᠷᠣᠯᠴᠠᠬᠤ ᠶᠢ ᠪᠠᠲᠣᠯᠠᠬᠤ ᠶᠢ ᠲᠥᠯᠥᠭᠡ ᠠᠩᠭᠢ ᠶᠢᠨ ᠭᠡᠷ ᠤᠨ ᠲᠡᠭᠡᠪᠥᠷ ᠢ ᠠᠪᠴᠣ | ᠬᠠᠶᠠᠵᠠᠢ᠃ ᠭᠡᠷ ᠪᠠᠷᠢᠯᠭ᠎ᠠ ᠶᠢᠨ ᠠᠶᠣᠮᠰᠢᠭᠲᠠᠢ ᠪᠠᠶᠢᠳᠠᠯ ᠢ ᠭᠠᠴᠠᠭ᠎ᠠ᠂ ᠰᠣᠮᠣ᠂ ᠰᠣᠷᠭᠠᠨ ᠬᠥᠮᠥᠵᠢᠯ ᠤᠨ | ᠲᠣᠪᠴᠢᠶᠠᠨ ᠳᠤ ᠮᠡᠳᠡᠭᠦᠯᠵᠥ ᠳᠡᠭᠡᠳᠥ ᠱᠠᠲᠣᠨ ᠤ ᠣᠳᠣᠷᠢᠳᠣᠯᠭ᠎ᠠ ᠶᠢᠨ ᠵᠥᠪᠰᠢᠶᠡᠷᠡᠯ ᠢᠶᠠᠷ ᠠᠵᠢᠯ ᠢᠶᠠᠨ | ᠥᠷᠨᠢᠭᠦᠯᠵᠡᠢ᠃ | 2000 ᠣᠨ ᠳᠤ 9 ᠨᠡᠷ᠎ᠡ ᠪᠠᠭᠰᠢ᠂ 5 ᠠᠩᠭᠢ ᠲᠠᠢ᠂ 61 ᠰᠣᠷᠣᠭᠴᠢ ᠲᠠᠢ᠂ 10 ᠨᠡᠷ᠎ᠡ | ᠪᠡᠯᠡᠳᠭᠡᠯ ᠠᠩᠭᠢ ᠶᠢᠨ ᠰᠣᠷᠣᠭᠴᠢ ᠲᠠᠢ ᠪᠣᠯᠵᠠᠢ᠃ ᠶᠠᠭ ᠡᠶᠢᠮᠥ ᠠᠴᠠ ᠰᠣᠷᠭᠠᠭᠤᠯᠢ ᠡᠷᠬᠢᠯᠡᠬᠦ ᠵᠠᠷᠣᠳᠠᠯ ᠮᠥᠩᠭᠦ | ᠬᠥᠷᠥᠯᠴᠡᠬᠦ ᠥᠭᠡᠢ ᠪᠣᠯᠵᠠᠢ᠃ ᠭᠠᠴᠠᠭ᠎ᠠ ᠲᠠᠢ ᠬᠠᠷᠢᠴᠠᠵᠣ 60 ᠮᠥ ᠲᠠᠷᠢᠶᠠᠨ ᠭᠠᠵᠠᠷ ᠣᠯᠵᠠᠢ᠃ ᠭᠡᠷ ᠪᠠᠷᠢᠯᠭ᠎ᠠ | ᠶᠢᠨ ᠬᠡᠷᠡᠮ ᠬᠠᠨ᠎ᠠ ᠬᠠᠭᠠᠷᠠᠵᠣ ᠰᠠᠭᠤᠷᠢ ᠨᠢ ᠳᠣᠷᠣᠭᠰᠢ ᠰᠠᠭᠤᠵᠣ ᠮᠠᠰᠢ ᠠᠶᠣᠮᠰᠢᠭᠲᠠᠢ ᠪᠣᠯᠣᠭᠰᠠᠨ ᠠᠴᠠ | ᠰᠣᠷᠭᠠᠭᠤᠯᠢ ᠠᠴᠠ ᠪᠢᠴᠢᠭ ᠮᠠᠲ᠋ᠧᠷᠢᠶᠠᠯ ᠤᠨ ᠬᠡᠯᠪᠡᠷᠢ ᠪᠠᠷ ᠬᠤᠰᠢᠭᠤ ᠵᠠᠰᠠᠭ ᠤᠨ ᠣᠷᠳᠣᠨ ᠵᠡᠷᠭᠡ ᠬᠠᠮᠢᠶ᠎ᠠ ᠪᠥᠬᠦᠢ | ᠪᠠᠶᠢᠭᠤᠯᠭ᠎ᠠ ᠳᠤ ᠮᠡᠳᠡᠭᠦᠯᠵᠥ ᠲᠡᠳᠡᠨᠡᠷ ᠤᠨ ᠵᠥᠪᠰᠢᠶᠡᠷᠡᠯ ᠢᠶᠠᠷ ᠨᠢᠭᠡ ᠭᠠᠷᠠᠭ ᠰᠣᠷᠣᠯᠭ᠎ᠠ ᠵᠣᠭᠰᠣᠵᠠᠢ᠃ ᠳᠠᠷᠠᠭ᠎ᠠ | ᠪᠠᠷ ᠨᠢ ᠭᠠᠴᠠᠭᠠᠨ ᠤ ᠭᠡᠷ᠂ ᠬᠤᠪᠢ ᠬᠥᠮᠥᠨ ᠤ ᠭᠡᠷ ᠲᠤ ᠬᠢᠴᠢᠶᠡᠯ ᠣᠷᠣᠵᠣ ᠡᠬᠢᠯᠡᠵᠡᠢ᠃ | 2002 ᠣᠨ ᠳᠤ ᠭᠠᠴᠠᠭᠠᠨ ᠠᠴᠠ ᠳᠡᠭᠡᠳᠥ ᠱᠠᠲᠣ ᠲᠠᠢ ᠬᠠᠷᠢᠴᠠᠨ ᠬᠠᠭᠤᠴᠢᠨ ᠰᠣᠷᠭᠠᠭᠤᠯᠢ ᠶᠢᠨ | ᠬᠥᠷᠢᠶ᠎ᠡ ᠨᠠᠮᠤᠭ ᠭᠠᠵᠠᠷ ᠪᠠᠶᠢᠷᠢᠯᠠᠭᠰᠠᠨ ᠪᠣᠳᠠᠲᠠᠢ ᠪᠠᠶᠢᠳᠠᠯ ᠢ ᠥᠨᠳᠥᠰᠥᠯᠡᠵᠥ᠂ ᠭᠠᠴᠠᠭᠠᠨ ᠤ ᠬᠥᠷᠢᠶ᠎ᠡ ᠳᠤ | ᠰᠣᠷᠭᠠᠭᠤᠯᠢ ᠪᠠᠶᠢᠭᠤᠯᠪᠠ᠃ ᠲᠣᠰ ᠵᠢᠯ 10 ᠲᠠᠰᠣᠯᠭ᠎ᠠ ᠸᠠᠭᠠᠷ ᠲᠣᠭᠤᠰᠬᠠᠨ ᠪᠥᠲᠥᠴᠡ ᠲᠠᠢ ᠭᠡᠷ ᠪᠠᠷᠢᠭᠰᠠᠨ | ᠪᠥᠭᠡᠳ ᠬᠥᠷᠢᠶᠡᠨ ᠬᠡᠷᠡᠮ ᠢ ᠵᠠᠰᠠᠵᠣ ᠰᠣᠷᠭᠠᠭᠤᠯᠢ ᠶᠢᠨ ᠬᠥᠷᠢᠶ᠎ᠡ ᠶᠢ ᠲᠡᠭᠰᠢᠯᠡᠪᠡ᠃ ᠰᠣᠷᠭᠠᠭᠤᠯᠢ ᠶᠢᠨ ᠬᠥᠷᠢᠶᠡᠨ | ᠳᠤ 3 ᠲᠠᠰᠣᠯᠭ᠎ᠠ ᠬᠡᠷ ᠪᠠᠶᠢᠭᠰᠠᠨ ᠪᠥᠭᠡᠳ ᠠᠯᠪᠠᠨ ᠭᠡᠷ ᠪᠣᠯᠭᠠᠨ ᠬᠡᠷᠡᠭᠯᠡᠵᠡᠢ᠃ | 2003 ᠣᠨ ᠠᠴᠠ ᠡᠬᠢᠯᠡᠨ ᠲᠣᠰ ᠰᠣᠷᠭᠠᠭᠤᠯᠢ 8 ᠪᠠᠭᠰᠢ᠂ 42 ᠰᠣᠷᠣᠭᠴᠢ ᠲᠠᠢ᠃ ᠪᠡᠯᠡᠳᠭᠡᠯ | ᠠᠩᠭᠢ ᠳᠤ 11 ᠰᠣᠷᠣᠭᠴᠢ᠂ 5ᠠᠩᠭᠢ ᠪᠠᠶᠢᠵᠠᠢ᠃ ᠳᠣᠣᠷ᠎ᠠ ᠬᠤᠭᠤᠴᠠᠭ᠎ᠠ ᠠᠴᠠ ᠡᠬᠢᠯᠡᠨ ᠳᠡᠭᠡᠳᠥ ᠱᠠᠲᠣᠨ ᠤ | ᠱᠠᠭᠠᠷᠳᠠᠯᠭ᠎ᠠ ᠶᠣᠰᠣᠭᠠᠷ 4᠂ 5 ᠣᠨ ᠤ ᠰᠣᠷᠣᠭᠴᠢ ᠶᠢ ᠬᠠᠪᠴᠢᠯ ᠰᠣᠷᠭᠠᠭᠤᠯᠢ ᠳᠤ ᠲᠥᠪᠯᠡᠷᠡᠭᠦᠯᠥᠨ᠂ ᠪᠠᠭᠰᠢ | ᠶᠢᠨ ᠲᠤᠭ᠎ᠠ ᠪᠠᠭᠠᠰᠴᠣ᠂ ᠰᠣᠷᠣᠭᠴᠢ ᠶᠢᠨ ᠲᠤᠭ᠎ᠠ ᠪᠠᠭᠠᠰᠣᠭᠰᠠᠨ ᠠᠴᠠ ᠭᠠᠴᠠᠭᠠᠨ ᠠᠴᠠ ᠰᠣᠷᠭᠠᠭᠤᠯᠢ ᠳᠤ | ᠦᠭᠬᠦᠭᠰᠠᠨ 60 ᠮᠥ ᠲᠠᠷᠢᠶᠠᠨ ᠭᠠᠵᠠᠷ ᠢᠶᠠᠨ ᠪᠣᠴᠠᠭᠠᠨ ᠠᠪᠣᠪᠠ᠃ ᠢᠩᠭᠢᠭᠡᠳ ᠰᠣᠷᠭᠠᠭᠤᠯᠢ 108 ᠮᠥ ᠲᠠᠷᠢᠶᠠᠨ | ᠣᠷᠣᠯᠭ᠎ᠠ ᠵᠢᠴᠢ ᠪᠡᠯᠡᠳᠭᠡᠯ ᠠᠩᠭᠢ ᠶᠢᠨ ᠰᠣᠷᠣᠭᠴᠢ ᠪᠥᠷᠢ ᠶᠢᠨ 100 ᠲᠥᠭᠦᠷᠢᠭ ᠢᠶᠠᠷ ᠰᠣᠷᠭᠠᠭᠤᠯᠢ ᠶᠢᠨ | ᠵᠠᠷᠣᠯᠭ᠎ᠠ ᠪᠠᠨ ᠠᠷᠭᠠᠴᠠᠵᠣ ᠪᠠᠶᠢᠪᠠ᠃ ᠲᠣᠰ ᠵᠢᠯ ᠪᠠᠰᠠ ︽ᠨᠡᠶᠢᠲᠡᠯᠢᠭ ᠪᠣᠰᠣ︾ ᠠᠭᠤᠰᠬᠢᠨ ᠥᠷᠪᠢᠰᠥᠯ | ᠳᠡᠯᠭᠡᠷᠡᠵᠥ ᠨᠢᠭᠡ ᠬᠤᠭᠤᠴᠠᠭ᠎ᠠ ᠳᠡᠮᠡᠢ ᠬᠢᠴᠢᠶᠡᠯ ᠣᠷᠣᠵᠣ ᠳᠡᠶᠢᠯᠥᠭᠰᠡᠨ ᠥᠭᠡᠢ᠂ ᠪᠠᠭᠰᠢ ᠨᠠᠷ ᠡᠭᠡᠯᠵᠢᠯᠡᠨ | ᠰᠣᠷᠭᠠᠭᠤᠯᠢ ᠰᠠᠬᠢᠨ ᠠᠷᠭᠠᠣᠳᠬᠠᠬᠤ ᠠᠵᠢᠯ ᠢ ᠬᠢᠪᠡ᠃ | 2004 ᠣᠨ ᠳᠤ ᠰᠣᠷᠭᠠᠭᠤᠯᠢ ᠳᠤ 3 ᠠᠩᠭᠢ ᠥᠯᠡᠳᠡᠵᠥ᠂ 5 ᠪᠠᠭᠰᠢ ᠲᠠᠢ ᠪᠣᠯᠵᠣ᠂ ᠨᠡᠶᠢᠲᠡ | 25 ᠰᠣᠷᠣᠭᠴᠢ ᠲᠠᠢ ᠪᠣᠯᠵᠠᠢ᠃ ᠳᠣᠣᠷ᠎ᠠ ᠬᠤᠭᠤᠴᠠᠭ᠎ᠠ ᠠᠴᠠ 3 ᠣᠨ ᠢ ᠬᠠᠪᠴᠢᠯ ᠰᠣᠷᠭᠠᠭᠤᠯᠢ ᠳᠤ | ᠲᠥᠪᠯᠡᠷᠡᠭᠦᠯᠥᠨ ᠰᠣᠷᠣᠭᠴᠢ 19 ᠪᠣᠯᠵᠠᠢ᠃ | 2005 ᠣᠨ ᠳᠤ 4 ᠪᠠᠭᠰᠢ ᠂ 19 ᠰᠣᠷᠣᠭᠴᠢ ᠲᠠᠢ᠂ ᠬᠤᠶᠠᠷ ᠠᠩᠭᠢ ᠥᠯᠡᠳᠡᠵᠡᠢ᠃ | 2008 ᠣᠨ ᠤ ᠬᠠᠪᠣᠷ ᠂ ᠬᠤᠰᠢᠭᠤᠨ ᠤ ᠰᠣᠷᠭᠠᠨ ᠬᠥᠮᠥᠵᠢᠯ ᠤᠨ ᠲᠣᠪᠴᠢᠶᠠᠨ ᠠᠴᠠ ᠬᠦᠮᠦᠨ | ᠢᠷᠠᠵᠣ 1— 5 ᠣᠨ ᠢ ᠪᠥᠬᠦᠨ ᠢ ᠬᠠᠪᠴᠢᠯ ᠰᠣᠷᠭᠠᠭᠤᠯᠢ ᠳᠤ ᠲᠥᠪᠯᠡᠷᠡᠭᠦᠯᠬᠦ ᠪᠠᠷ ᠱᠠᠭᠠᠷᠳᠠᠵᠣ 1— 2 | ᠣᠨ ᠢ ᠴᠥ ᠬᠠᠪᠴᠢᠯ ᠰᠣᠷᠭᠠᠭᠤᠯᠢ ᠳᠤ ᠲᠥᠪᠯᠡᠷᠡᠭᠦᠯᠪᠡ᠃ ᠢᠩᠭᠢᠭᠡᠳ ᠵᠥᠪᠬᠡᠨ ᠪᠡᠯᠡᠳᠭᠡᠯ ᠠᠩᠬᠢ ᠥᠯᠡᠳᠡᠵᠥ᠂ | ᠰᠥᠸᠧ ᠵᠥ ᠪᠠᠭᠰᠢ ᠶᠢ ᠬᠠᠪᠴᠢᠯ ᠰᠣᠷᠭᠠᠭᠤᠯᠢ ᠳᠤ ᠠᠵᠢᠯ ᠰᠢᠯᠵᠢᠭᠦᠯᠥᠭᠰᠡᠨ ᠠᠴᠠ ᠣᠳᠣ ᠪᠣᠯᠲᠠᠯ᠎ᠠ ᠭᠤᠷᠪᠠᠨ | ᠪᠠᠭᠰᠢ ᠠᠵᠢᠯᠯᠠᠵᠣ ᠪᠠᠶᠢᠨ᠎ᠠ᠃ ᠡᠭᠦᠨ ᠠᠴᠠ ᠡᠬᠢᠯᠡᠨ ᠲᠣᠰ ᠰᠣᠷᠭᠠᠭᠤᠯᠢ ᠨᠢ ᠪᠠᠭ᠎ᠠ ᠰᠣᠷᠭᠠᠭᠤᠯᠢ ᠠᠴᠠ ᠵᠢᠭᠠᠬᠤ | ᠴᠢᠭ᠋ ᠪᠣᠯᠣᠨ ᠬᠤᠪᠢᠷᠠᠵᠣ᠂ ᠶᠡᠭᠡ ᠠᠩᠭᠢ᠂ ᠪᠠᠭ᠎ᠠ ᠠᠩᠭᠢ ᠡᠷᠬᠢᠯᠡᠵᠥ ᠡᠬᠢᠯᠡᠵᠡᠢ᠃ | 2009 ᠣᠨ ᠳᠤ 3 ᠪᠠᠭᠰᠢ᠂ ᠶᠡᠭᠡ ᠠᠩᠭᠢ 4 ᠰᠣᠷᠣᠭᠴᠢ᠂ ᠪᠠᠭ᠎ᠠ ᠠᠩᠭᠢ 7 ᠰᠣᠷᠣᠭᠴᠢ ᠲᠠᠢ | ᠪᠣᠯᠵᠠᠢ᠃ | 2011 ᠣᠨ ᠠᠴᠠ ᠡᠬᠢᠯᠡᠨ ᠰᠣᠷᠣᠭᠴᠢ ᠪᠥᠷᠢ ᠠᠴᠠ 100 ᠲᠥᠭᠦᠷᠢᠭ ᠤᠨ ᠠᠰᠠᠷᠠᠵᠣ | ᠬᠥᠮᠥᠵᠢᠭᠦᠯᠬᠦ ᠰᠥᠢᠳᠭᠡᠯ ᠬᠤᠷᠢᠶᠠᠵᠣ ᠪᠠᠶᠢᠭᠰᠠᠨ ᠠᠴᠠ 150 ᠲᠥᠭᠦᠷᠢᠭ ᠤᠨ ᠰᠥᠢᠳᠭᠡᠯ ᠬᠤᠷᠢᠶᠠᠵᠣ 108 | ᠮᠥ ᠲᠠᠷᠢᠶᠠᠨ ᠲᠥᠷᠢᠶᠡᠰᠥ ᠲᠠᠢ ᠪᠠᠨ ᠣᠳᠣ ᠪᠣᠯᠲᠠᠯ᠎ᠠ ᠵᠢᠭᠠᠬᠤ ᠴᠢᠭ᠋ ᠢᠶᠠᠨ ᠡᠷᠬᠢᠯᠡᠵᠥ ᠪᠠᠶᠢᠨ᠎ᠠ᠃ | | | ᠪᠠᠯᠳᠠᠨᠰᠠᠩᠪᠪᠤᠦ ᠠᠴᠠ ᠬᠠᠩᠭᠠᠪᠠ᠃ | |