ᠬᠤᠪᠣᠭᠤ ᠭᠠᠴᠠᠭᠠᠨ ᠤ ᠰᠣᠷᠭᠠᠭᠤᠯᠢ
ᠨᠡᠶᠢᠲᠡᠯᠡᠭᠰᠡᠨ ᠴᠠᠭ᠄
2015/12/29
         ᠬᠤᠪᠣᠭᠤ ᠭᠠᠴᠠᠭᠠᠨ ᠤ ᠰᠣᠷᠭᠠᠭᠤᠯᠢᠨᠢᠭᠡ᠄ ᠰᠣᠷᠭᠠᠭᠤᠯᠢ ᠠᠩᠬ᠎ᠠ ᠪᠠᠶᠢᠭᠤᠯᠣᠭᠳᠠᠭᠰᠠᠨ         ᠬᠤᠪᠣᠭᠤ ᠰᠣᠷᠭᠠᠭᠤᠯᠢ ᠨᠢ ᠪᠣᠶᠢᠳᠠ ᠪᠥᠭᠯᠡᠭᠦᠥ ᠠᠭᠤᠯᠠᠷᠬᠠᠭ ᠣᠷᠣᠨ ᠤ ᠮᠠᠯᠴᠢᠳ ᠤᠨ ᠥᠪᠡᠷ ᠢᠶᠠᠨ ᠪᠠᠶᠢᠭᠤᠯᠣᠭᠰᠠᠨ ᠪᠠᠭ᠎ᠠ ᠰᠣᠷᠭᠠᠭᠤᠯᠢ ᠪᠣᠯᠬᠤ ᠶᠣᠮ᠃         1958 ᠣᠨ ᠳᠤ ᠬᠢᠴᠢᠶᠡᠯ ᠨᠡᠭᠡᠭᠡᠬᠦ ᠳᠤ ᠪᠠᠨ ᠪᠠᠭᠰᠢ ᠨᠢ ᠥᠪᠡᠷ ᠤᠨ ᠭᠡᠷ ᠲᠤ ᠪᠠᠨ ᠬᠢᠴᠢᠶᠡᠯ ᠣᠷᠣᠵᠣ ᠠᠩᠬᠠᠨ ᠤ ᠬᠤᠭᠤᠴᠠᠭ᠎ᠠ ᠶᠢ ᠥᠩᠭᠡᠷᠡᠭᠦᠯᠥᠭᠰᠡᠨ ᠪᠢᠯᠠ᠃ ᠲᠣᠰ ᠪᠠᠭᠰᠢ ᠪᠣᠯ ᠰᠸᠧᠡᠩᠵᠠᠮᠰᠤ ᠪᠤᠯᠤᠨ᠎ᠠ᠃ ᠠᠩᠬ᠎ᠠ ᠡᠬᠢᠯᠡᠩᠭᠦᠲᠡ 11 ᠨᠡᠷ᠎ᠡ ᠰᠣᠷᠣᠭᠴᠢ ᠲᠠᠢ᠃  1959 — 1960 ᠣᠨ ᠤ ᠨᠠᠮᠣᠷ ᠪᠣᠯᠬᠤ ᠳᠤ ᠰᠣᠷᠭᠠᠭᠤᠯᠢ ᠨᠢ ᠬᠢᠴᠢᠶᠡᠯᠯᠡᠬᠦ ᠭᠡᠷ ᠲᠠᠢ ᠪᠣᠯᠵᠠᠢ᠃          1960 ᠣᠨ ᠨᠢ 6 ᠰᠠᠷ᠎ᠠ ᠶᠢᠨ 1 ᠳᠤ ᠠᠩᠬ᠎ᠠ ᠣᠳᠠᠭᠠᠨ‌‍ᠣ  ᠪᠠᠭᠠᠴᠣᠳ ᠤᠨ ᠬᠤᠰᠢᠭᠤᠴᠢ ᠠᠩᠭᠢ  ᠶᠢᠨ ᠵᠣᠬᠢᠶᠠᠨ ᠪᠠᠶᠢᠭᠤᠯᠣᠯᠲᠠ ᠶᠢ ᠪᠠᠶᠢᠭᠤᠯᠵᠣ᠂ ᠪᠠᠭᠠᠴᠣᠳ ᠤᠨ ᠬᠤᠰᠢᠭᠤᠴᠢ ᠠᠩᠭᠢ ᠶᠢ ᠡᠯᠰᠡᠵᠡᠢ᠃ ᠨᠢᠭᠡ ᠳᠣᠮᠳᠠ ᠠᠩᠭᠢ᠂ ᠲᠡᠷᠡ ᠥᠶᠡᠰ ᠲᠤ  ᠫᠢᠦ᠋ᠨᠧᠷ ᠤᠨ ᠭᠡᠰᠢᠭᠦᠨ ᠭᠡᠳᠡᠭ᠃ ᠬᠠᠪᠰᠣᠷᠣᠨ ᠵᠢᠯᠣᠭᠤᠳᠣᠭᠴᠢ᠄ ᠰᠸᠧᠡᠩᠵᠠᠮᠰᠤ᠃ ᠳᠣᠮᠳᠠ ᠠᠩᠭᠢ ᠶᠢᠨ ᠳᠠᠷᠤᠭ᠎ᠠ᠄ ᠰᠠᠩᠵᠠᠪ  ᠃ ᠪᠠᠭ᠎ᠠ ᠠᠩᠭᠢ  ᠶᠢᠨ ᠳᠠᠷᠤᠭ᠎ᠠ᠄ ᠪᠠᠭ᠎ᠠ ᠮᠥᠳᠡᠨ  ᠃ ᠲᠣᠭᠴᠢ᠄ ᠵᠠᠩᠰᠢᠯᠠᠢ  ᠃ ᠬᠠᠮᠠᠭᠠᠯᠠᠭᠴᠢ᠄ ᠪᠠᠳᠮᠠᠭᠠᠷᠪᠥᠣ  ᠃ ᠭᠡᠰᠢᠭᠦᠨ᠄ ᠶᠡᠭᠡ ᠮᠥᠳᠡᠨ᠂ ᠪᠠᠳᠮᠠᠯᠢᠩᠬᠸ᠎ᠠ          ᠬᠤᠪᠣᠭᠤ ᠪᠠᠷᠢᠭᠠᠳᠠ ᠨᠢ ᠮᠠᠯᠵᠢᠬᠤ ᠪᠠᠷ ᠭᠤᠣᠯᠯᠠᠵᠣ ᠪᠠᠶᠢᠭᠰᠠᠨ ᠣᠴᠢᠷ ᠠᠴᠠ ᠵᠣᠨ ᠤ ᠣᠯᠠᠷᠢᠯ ᠳᠤ ᠲᠥᠪᠯᠡᠷᠡᠭᠦᠯᠥᠨ ᠬᠢᠴᠢᠶᠡᠯᠯᠡᠵᠥ ᠴᠢᠳᠠᠬᠤ ᠥᠭᠡᠢ ᠪᠠᠶᠢᠳᠠᠯ ᠳᠤ ︽ᠮᠣᠷᠢᠨ ᠳᠡᠭᠡᠷᠡᠬᠢ ᠰᠣᠷᠭᠠᠭᠤᠯᠢ︾ ᠶᠢ ᠪᠣᠢ ᠪᠣᠯᠭᠠᠪᠠ᠃ ᠪᠠᠷᠢᠭᠠᠳᠠ ᠠᠴᠠ ᠪᠠᠭᠰᠢ ᠳᠤ ᠲᠣᠰᠬᠠᠢ ᠮᠣᠷᠢ ᠲᠣᠬᠢᠷᠠᠭᠤᠯᠣᠨ ᠥᠭᠴᠠᠢ᠃ ᠪᠠᠭᠰᠢ ᠠᠴᠠ ᠭᠠᠷᠠᠭ ᠤᠨ 1᠂  2᠂ 3 ᠪᠣᠯᠪᠠᠯ ᠬᠤᠲᠠ ᠪᠥᠷᠢ ᠶᠢᠨ ᠵᠢᠭᠠᠬᠤ ᠴᠢᠭ ᠲᠤ ᠬᠥᠷᠴᠥ ᠬᠢᠴᠢᠶᠡᠯᠯᠡᠳᠡᠭ᠃ ᠭᠠᠷᠠᠭ ᠤᠨ 4᠂ 5᠂ 6 ᠳᠤ ᠪᠣᠯ ᠰᠠᠭᠤᠷᠢᠰᠢᠯ ᠡᠪᠥᠯᠵᠢᠶᠡᠨ ᠳᠠᠬᠢ ᠰᠣᠷᠣᠭᠴᠢᠳ ᠲᠤ ᠬᠢᠴᠢᠶᠡᠯᠯᠡᠳᠡᠭ᠃          ᠪᠠᠭᠰᠢ ᠶᠢᠨ ᠴᠠᠯᠢᠩ ᠬᠥᠯᠥᠰᠥ ᠶᠢ ᠪᠠᠷᠢᠭᠠᠳᠠ ᠠᠴᠠ ᠡᠳᠥᠷ ᠪᠥᠷᠢ 8 ᠬᠤᠪᠢ ᠪᠠᠷ ᠪᠣᠳᠣᠵᠣ ᠵᠢᠯ ᠳᠤ 2400 ᠬᠤᠪᠢ ᠲᠡᠮᠳᠡᠭᠯᠡᠵᠥ ᠥᠭᠳᠡᠭ᠃ ᠰᠣᠷᠭᠠᠭᠤᠯᠢ ᠨᠡᠶᠢᠲᠡ ᠶᠢᠨ ᠣᠴᠢᠷ ᠢᠶᠠᠷ ᠬᠤᠷᠠᠯ ᠴᠣᠭᠯᠠᠭᠠᠨ ᠳᠤ ᠣᠴᠢᠪᠠᠯ ᠡᠳᠥᠷ ᠪᠥᠷᠢ 80 ᠮᠥᠩᠭᠦ ᠶᠢᠨ ᠨᠥᠬᠦᠪᠥᠷᠢ ᠥᠭᠴᠥ ᠲᠣᠰᠬᠠᠢ ᠬᠥᠮᠥᠨ ᠲᠣᠮᠢᠯᠠᠨ ᠮᠣᠷᠢ ᠪᠠᠷ ᠲᠣᠰᠴᠣ ᠬᠥᠷᠭᠡᠳᠡᠭ᠃ ᠰᠣᠷᠭᠠᠭᠤᠯᠢ ᠶᠢᠨ ᠠᠯᠪᠠᠨ ᠵᠠᠷᠣᠳᠠᠯ ᠢ ᠠᠩᠭᠢ ᠨᠢᠭᠡᠴᠢ ᠶᠢᠨ ᠲᠤᠭ᠎ᠠ ᠪᠠᠷ ᠰᠠᠷ᠎ᠠ ᠪᠥᠷᠢ 10 ᠲᠥᠭᠦᠷᠢᠭ ᠥᠭᠳᠡᠭ᠃           ᠠᠵᠢᠯᠴᠢ ᠠᠷᠪᠢᠴᠢ ᠪᠠᠷ ᠰᠣᠷᠭᠠᠭᠤᠯᠢ ᠪᠠᠨ ᠡᠷᠬᠢᠯᠡᠭᠰᠡᠨ          ᠲᠣᠬᠠᠢ ᠶᠢᠨ ᠥᠶ᠎ᠡ ᠳᠤ ᠬᠤᠪᠣᠭᠤ ᠪᠠᠷᠢᠭᠠᠳᠠ ᠶᠢ ᠣᠷᠲᠣᠪᠣᠯᠠᠭ ᠭᠡᠵᠥ ᠨᠡᠷᠡᠶᠢᠳᠴᠥ ᠪᠠᠶᠢᠭᠰᠠᠨ ᠤ ᠳᠡᠭᠡᠷ᠎ᠡ᠂ ᠥᠪᠥᠷ ᠮᠣᠩᠭᠤᠯ ᠣᠷᠣᠨ ᠤ ᠮᠠᠯᠵᠢᠯ ᠤᠨ ᠲᠠᠯᠠᠪᠠᠢ ᠶᠢᠨ ᠨᠢᠭᠡ ᠨᠢ ᠭᠡᠵᠥ ᠪᠠᠶᠢᠭᠰᠠᠨ ᠣᠴᠢᠷ ᠠᠴᠠ ︽ᠭᠤᠷᠪᠠᠨ ᠣᠯᠠᠭᠠᠨ ᠲᠤᠭ︾ ᠤᠨ ᠱᠠᠩᠨᠠᠯ ᠬᠥᠬᠢᠭᠦᠯᠥᠯ ᠢ ᠬᠥᠷᠲᠡᠵᠥ ᠪᠠᠶᠢᠵᠠᠢ᠃ ᠮᠠᠯ ᠠᠵᠣ ᠠᠬᠤᠢ ᠶᠢ ᠬᠥᠨᠳᠥᠳᠭᠡᠵᠥ᠂ ᠲᠠᠷᠢᠶᠠᠯᠠᠬᠤ ᠶᠢ ᠳᠡᠳ᠋ᠯᠡᠭᠦᠯᠵᠣ ᠪᠠᠶᠢᠵᠠᠢ᠃  ᠰᠧ᠊ ᠪᠠᠭᠰᠢ ᠰᠣᠷᠣᠭᠴᠢᠳ ᠢᠶᠠᠨ ᠵᠣᠬᠢᠶᠠᠨ ᠪᠠᠶᠢᠭᠤᠯᠵᠣ᠂ ᠳᠡᠭᠡᠰᠥᠨ ᠲᠠᠰᠣᠷᠬᠠᠢ᠂ ᠬᠠᠶᠠᠭᠳᠠᠮᠠᠯ ᠲᠡᠮᠥᠷ ᠴᠣᠬᠯᠠᠭᠤᠯᠬᠤ᠂ ᠬᠡᠭᠡᠷ᠎ᠡ ᠶᠢᠨ ᠭᠥᠢᠯᠡᠰᠥ ᠲᠡᠭᠦᠬᠦ᠂  ᠬᠢᠯᠠᠭᠠᠨ᠎ᠠ ᠬᠠᠳᠣᠬᠤ᠂ ᠡᠪᠥᠯ ᠨᠢ ᠣᠷᠬ᠎ᠠ ᠲᠣᠣᠷ ᠲᠠᠯᠪᠢᠬᠤ᠂ ᠢᠲᠣᠭᠤ ᠭᠤᠷᠭᠤᠣᠯ ᠠᠩᠨᠠᠵᠣ ᠬᠤᠳᠠᠯᠳᠣᠬᠤ ᠵᠡᠷᠭᠡ ᠠᠵᠢᠯ ᠢ ᠬᠢᠵᠥ᠂ ᠵᠠᠷᠣᠳᠠᠯ ᠢᠶᠠᠨ ᠬᠠᠩᠭᠠᠵᠣ ︽ᠲᠣᠰᠠᠯᠠᠬᠤ ᠠᠵᠣ ᠠᠬᠤᠢ︾ ᠶᠢᠨ ᠡᠭᠦᠷᠭᠡ ᠪᠠᠨ ᠭᠥᠢᠴᠡᠳᠭᠡᠳᠡᠭ ᠪᠠᠶᠢᠨ᠎ᠠ᠃          1963ᠣᠨ ᠳᠤ ᠰᠢᠨ᠎ᠡ ᠰᠣᠷᠣᠭᠴᠢ 9 ᠡᠯᠰᠡᠵᠥ᠂ ᠨᠢᠭᠡᠳᠥᠭᠡᠷ ᠣᠨ ᠭᠡᠵᠥ ᠨᠡᠷᠡᠶᠢᠳᠪᠡ᠃          1964 ᠣᠨ ᠤ ᠬᠠᠪᠣᠷ ᠪᠠᠷᠢᠭᠠᠳᠠ ᠪᠠᠨ ᠵᠡᠭᠦᠨ ᠪᠠᠷᠠᠭᠤᠨ ᠬᠤᠶᠠᠷ ᠭᠡᠵᠥ ᠰᠠᠯᠭᠠᠪᠠ᠃ ᠰᠣᠷᠭᠠᠭᠤᠯᠢ  ᠶᠢ ᠬᠤᠶᠠᠷ ᠪᠠᠷᠢᠭᠠᠳᠠ ᠶᠢᠨ ᠳᠣᠮᠳᠠ ᠪᠠᠶᠢᠭᠤᠯᠵᠠᠢ᠃ ᠲᠣᠰ ᠵᠢᠯ ᠤᠨ 9 ᠰᠠᠷ᠎ᠠ ᠶᠢᠨ 1 ᠳᠤ ᠰᠢᠨ᠎ᠡ ᠰᠣᠷᠭᠠᠭᠤᠯᠢ ᠨᠡᠭᠦᠨ ᠣᠷᠣᠵᠠᠢ᠃          1963 ᠣᠨ ᠤ ᠡᠴᠥᠰ ᠲᠤ ᠰᠸᠧᠡᠩᠵᠠᠮᠰᠤ ᠪᠠᠭᠰᠢ ᠪᠠᠭᠰᠢᠯᠠᠬᠤ ᠪᠠᠨ ᠪᠠᠶᠢᠵᠣ᠂ ᠠᠷᠰᠯᠠᠨ ᠪᠠᠭᠰᠢ ᠲᠣᠮᠢᠯᠠᠭᠳᠠᠨ ᠢᠷᠠᠵᠣ ᠰᠣᠷᠭᠠᠭᠤᠯᠢ ᠡᠷᠬᠢᠯᠡᠵᠠᠢ᠃ ᠲᠣᠰ ᠵᠢᠯ ᠤᠨ 8 ᠰᠠᠷ᠎ᠠ ᠳᠤ ᠨᠢ ᠠᠷᠰᠯᠠᠨ ᠪᠠᠭᠰᠢ ᠰᠢᠯᠵᠢᠨ ᠶᠠᠪᠣᠭᠠᠳ 1964 ᠣᠨ ᠤ ᠨᠠᠮᠣᠷ ᠶᠥᠩ ᠱᠧᠩ ︵ᠨᠠᠷᠠᠰᠣ︶ ᠪᠠᠭᠰᠢ ᠲᠣᠮᠢᠯᠠᠭᠳᠠᠨ ᠢᠷᠠᠵᠠᠢ᠃ ᠵᠢᠢ ᠶᠥᠩ ᠱᠧᠩ ᠪᠠᠭᠰᠢ ᠪᠠᠷᠢᠭᠠᠳᠠ ᠶᠢᠨ ᠣᠳᠣᠷᠢᠳᠣᠯᠭ᠎ᠠ ᠲᠠᠢ ᠬᠠᠷᠢᠴᠠᠨ ᠮᠠᠯᠴᠢᠨ ᠤ ᠭᠡᠷ ᠢᠶᠠᠷ ᠰᠣᠷᠪᠣᠯᠵᠢᠯᠠᠨ ᠡᠪᠥᠯ ᠰᠠᠭᠤᠷᠢᠰᠢᠵᠥ᠂ ᠵᠣᠨ ᠨᠡᠭᠦᠳᠡᠯᠯᠡᠬᠦ ᠬᠤᠶᠠᠷ ᠵᠥᠢᠯ ᠤᠨ ᠠᠷᠭ᠎ᠠ ᠪᠠᠷ ᠰᠣᠷᠭᠠᠭᠤᠯᠢ ᠪᠠᠨ ᠡᠷᠬᠢᠯᠡᠵᠡᠢ᠃        1964 — 1968 ᠣᠨ ᠪᠣᠯᠲᠠᠯᠠᠬᠢ ᠬᠤᠭᠤᠴᠠᠭᠠᠨ ᠳᠤ ᠰᠣᠷᠭᠠᠭᠤᠯᠢ ᠶᠢᠨ ᠰᠣᠷᠣᠭᠴᠢ ᠰᠠᠭᠠᠲᠤᠯ ᠥᠭᠡᠢ ᠬᠢᠴᠢᠶᠡᠯᠯᠡᠵᠡᠢ᠃ ᠰᠣᠷᠣᠭᠴᠢ ᠶᠢᠨ ᠲᠤᠭ᠎ᠠ ᠴᠥᠭᠡᠨ ᠲᠣᠯᠠ ᠵᠢᠯ ᠠᠯᠣᠰᠯᠠᠨ ᠰᠣᠷᠣᠭᠴᠢ ᠡᠯᠰᠡᠬᠦ ᠶᠢ ᠬᠡᠷᠡᠭᠵᠢᠭᠦᠯᠵᠡᠢ᠃        1968 ᠣᠨ ᠤ ᠨᠠᠮᠣᠷ ᠠᠴᠠ ᠰᠣᠶᠣᠯ ᠤᠨ ᠬᠤᠪᠢᠰᠬᠠᠯ ᠡᠭᠦᠰᠴᠥ᠂ ᠵᠢᠢ ᠶᠥᠩ ᠱᠧᠩ ᠪᠠᠭᠰᠢ ︽ᠬᠥᠷᠥᠩᠭᠡᠲᠥ ᠶᠣᠰᠣ ᠶᠢᠨ ᠵᠠᠮ ᠢᠶᠠᠷ ᠶᠠᠪᠣᠭᠴᠢ ᠡᠷᠬᠡ ᠪᠠᠷᠢᠭᠴᠢ︾ ᠪᠠᠷ ᠶᠠᠯᠠᠯᠠᠭᠳᠠᠵᠣ ᠬᠢᠴᠢᠶᠡᠯ ᠵᠣᠭᠰᠣᠵᠠᠢ᠃        1965 — 1970 ᠣᠨ ᠳᠤ ᠨᠣᠷᠪᠤ ᠪᠠᠭᠰᠢ ᠪᠠᠶᠢᠵᠠᠢ᠃   1969 ᠣᠨ ᠳᠤ ᠭᠠᠩᠵᠣᠷᠢᠭ ᠪᠠᠭᠰᠢ ᠶᠢ ᠲᠣᠮᠢᠯᠠᠨ ᠢᠷᠡᠭᠦᠯᠵᠡᠢ᠃          1970 ᠣᠨ ᠤ ᠬᠠᠪᠣᠷ ᠤᠨ ᠳᠣᠮᠳᠠᠴᠢ ᠪᠠᠷ ᠨᠣᠷᠪᠤ ᠪᠠᠭᠰᠢ ᠠᠵᠢᠯ ᠢᠶᠠᠨ ᠬᠠᠶᠠᠵᠣ᠂ ᠥᠵᠥᠮᠥᠴᠢᠨ  ᠳᠤ ᠨᠡᠭᠦᠵᠥ ᠶᠠᠪᠣᠵᠠᠢ᠃ ᠢᠩᠭᠢᠭᠡᠳ ᠠᠷᠠᠳ ᠠᠴᠠ ᠡᠷᠬᠢᠯᠡᠭᠰᠡᠨ ᠪᠠᠭᠰᠢ ᠬᠥᠥᠳᠠᠭᠤᠯᠠ ᠪᠠᠭᠰᠢ᠂ ᠭᠠᠩᠵᠣᠷᠢᠭ ᠪᠠᠭᠰᠢ ᠲᠠᠢ  ᠬᠠᠮᠲᠣ  ᠠᠵᠢᠯᠯᠠᠵᠠᠢ᠃ ᠲᠣᠰ ᠵᠢᠯ ᠠᠴᠠ  ᠫᠢᠦ᠋ᠨᠧᠷ   ᠤᠨ ᠭᠡᠰᠢᠭᠦᠨ ᠢ ᠣᠯᠠᠭᠠᠨ ᠪᠢᠴᠢᠬᠠᠨ ᠴᠡᠷᠢᠭ ᠭᠡᠵᠥ ᠥᠭᠡᠷᠡᠴᠢᠯᠡᠨ ᠨᠡᠷᠡᠶᠢᠳᠪᠡ᠃              1972 ᠣᠨ ᠳᠤ ᠬᠥᠥᠳᠠᠭᠤᠯᠠ ᠪᠠᠭᠰᠢ ᠶᠢ ᠰᠣᠮᠣᠨ ᠳᠤ ᠠᠵᠢᠯ ᠢᠶᠠᠷ ᠰᠢᠯᠵᠢᠭᠦᠯᠵᠣ᠂ ᠡᠷᠬᠡᠪᠠᠭᠠᠲᠣᠷ ᠪᠠᠭᠰᠢ ᠶᠢ ᠠᠷᠠᠳ ᠠᠴᠠ ᠡᠷᠬᠢᠯᠡᠭᠰᠡᠨ ᠪᠠᠭᠰᠢ ᠪᠠᠷ ᠬᠡᠷᠡᠭᠯᠡᠵᠥ᠂ ᠲᠣᠰ ᠵᠢᠯ ᠤᠨ 6 ᠳ᠋ᠣᠭᠠᠷ ᠰᠠᠷ᠎ᠠ ᠳᠤ ᠡᠷᠬᠡᠪᠠᠭᠠᠲᠣᠷ ᠪᠠᠭᠰᠢ ᠶᠢ ᠯᠢᠨᠳᠥ᠋ᠩ ᠤᠨ ᠪᠠᠭᠰᠢ ᠶᠢᠨ ᠰᠣᠷᠭᠠᠭᠤᠯᠢ ᠳᠤ 6 ᠰᠠᠷ᠎ᠠ  ᠰᠤᠷᠤᠯᠴᠠᠭᠤᠯᠵᠤ 1973 ᠣᠨ ᠳᠤ ᠵᠢᠩᠬᠢᠨᠢᠴᠢᠯᠡᠭᠡᠳ ᠵᠠᠯᠭᠠᠨ ᠪᠠᠭᠰᠢᠯᠠᠭᠤᠯᠵᠠᠢ᠃          1973 — 1988 ᠣᠨ ᠳᠤ ᠭᠠᠩᠵᠣᠷᠢᠭ᠂ ᠴᠣᠭᠯᠠ᠂ ᠡᠷᠳᠡᠨᠢᠳᠠᠯᠠᠢ᠂ ᠡᠷᠳᠡᠨᠢᠴᠡᠴᠡᠭ᠂ ᠬᠠᠢ  ᠶᠢᠨ᠂ ᠮᠥᠳᠡᠨ᠂ ᠬᠠᠰᠬᠤᠸᠠᠷ᠂ ᠬᠠᠰᠭᠡᠷᠡᠯ᠂ ᠯᠥᠩ ᠮᠧᠢ᠂ ᠨᠠᠰᠣᠨᠪᠥ᠋ᠬᠡ ᠨᠠᠷ ᠠᠵᠢᠯᠯᠠᠵᠣ ᠥᠩᠭᠡᠷᠡᠵᠡᠢ᠃ ᠵᠢᠯ ᠪᠥᠷᠢ ᠭᠤᠷᠪᠠ ᠠᠴᠠ ᠲᠠᠪᠣᠨ ᠪᠠᠭᠰᠢ ᠠᠵᠢᠯᠯᠠᠨ ᠡᠯ᠎ᠡ ᠲᠥᠷᠥᠯ ᠤᠨ ᠬᠢᠴᠢᠶᠡᠯ ᠢ ᠭᠥᠢᠴᠡᠳ ᠨᠡᠭᠡᠭᠡᠵᠥ ᠪᠠᠶᠢᠪᠠ᠃ ᠬᠡᠳᠥᠶᠢᠪᠡᠷ ᠵᠢᠯ ᠠᠯᠣᠰᠯᠠᠨ ᠰᠣᠷᠣᠭᠴᠢ ᠡᠯᠰᠡᠳᠡᠭ ᠪᠣᠯᠪᠠᠴᠣ ᠪᠡᠯᠡᠳᠭᠡᠯ ᠠᠩᠬᠢ  1᠂ 3᠂ 5 ᠣᠨ ᠡᠯᠰᠡᠵᠥ ᠪᠠᠶᠢᠭᠰᠠᠨ ᠠᠴᠠ ᠬᠡᠳᠥᠬᠡᠨ ᠪᠠᠭᠰᠢ ᠳᠤ ᠠᠪᠴᠣ ᠬᠡᠯᠡᠪᠡᠯ ᠡᠭᠦᠷᠭᠡ ᠳᠠᠷᠣᠭᠠᠰᠣ ᠨᠡᠩ ᠬᠥᠨᠳᠥ ᠪᠠᠶᠢᠵᠠᠢ᠃ ᠭᠡᠶ᠎ᠡ ᠵᠢᠭᠠᠬᠤ ᠶᠢ ᠰᠣᠳᠣᠯᠬᠤ ᠠᠵᠢᠯᠯᠠᠭ᠎ᠠ ᠶᠢ ᠶᠡᠷᠥᠩᠬᠡᠢ ᠰᠣᠷᠭᠠᠭᠤᠯᠢ ᠶᠢᠨ ᠱᠠᠭᠠᠷᠳᠠᠯᠭ᠎ᠠ ᠶᠣᠰᠣᠭᠠᠷ ᠪᠡᠶᠡᠯᠡᠭᠦᠯᠵᠥ ᠢᠷᠠᠵᠠᠢ᠃  1988 ᠣᠨ ᠳᠤ ᠨᠠᠰᠣᠨᠪᠥ᠋ᠬᠡ ᠠᠭᠤᠷᠬᠠᠢ ᠳᠤ ᠰᠢᠯᠵᠢᠵᠥ᠂ ᠬᠠᠰᠭᠡᠷᠡᠯ ᠭᠠᠴᠠᠭᠠᠨ ᠳᠤ ᠰᠢᠯᠵᠢᠨ ᠠᠵᠢᠯᠯᠠᠵᠠᠢ᠃ 1989 ᠣᠨ ᠠᠴᠠ 92 ᠣᠨ ᠪᠣᠯᠲᠠᠯ᠎ᠠ ᠡᠷᠳᠡᠨᠢᠰᠡᠩ ᠵᠠᠬᠢᠷᠣᠯ ᠤᠨ ᠠᠵᠢᠯ ᠢ ᠬᠠᠷᠢᠭᠤᠴᠠᠵᠠᠢ᠃ ᠡᠨᠡᠬᠦ ᠬᠤᠭᠤᠴᠠᠭᠠᠨ ᠳᠤ ᠡᠷᠳᠡᠨᠢᠰᠡᠩ᠂ ᠯᠥᠩ ᠮᠧᠢ᠂ ᠯᠢᠩ ᠶᠧ᠂ ᠭᠠᠩᠵᠣᠷᠢᠭ᠂ ᠰᠠᠷᠠᠩᠭᠤᠸ᠎ᠠ᠂ ᠴᠢᠮᠡᠭ ᠪᠠᠭᠰᠢ ᠠᠵᠢᠯᠯᠠᠵᠣ ᠪᠠᠶᠢᠭᠰᠠᠨ ᠶᠣᠮ᠃ ᠪᠠᠭᠰᠢ ᠶᠢᠨ ᠲᠤᠭ᠎ᠠ ᠳᠥᠷᠪᠡᠨ ᠨᠡᠷ᠎ᠡ ᠶᠢ ᠳᠠᠪᠠᠭᠰᠠᠨ ᠥᠭᠡᠢ ᠪᠣᠯᠪᠠᠴᠣ ᠰᠠᠷᠠᠩᠭᠤᠸ᠎ᠠ ᠪᠠᠭᠰᠢ ᠢᠷᠡᠭᠰᠡᠨ ᠠᠴᠠ ᠳᠠᠭᠤᠣ ᠬᠥᠭᠵᠢᠮ᠂ ᠣᠷᠠᠨ ᠰᠠᠶᠢᠬᠠᠨ ᠤ ᠬᠢᠴᠢᠶᠡᠯ ᠳᠤ ᠲᠣᠰᠬᠠᠢ ᠪᠠᠭᠰᠢ  ᠲᠠᠢ ᠪᠣᠯᠵᠣ᠂ ᠰᠣᠷᠭᠠᠭᠤᠯᠢ ᠶᠢᠨ ᠬᠥᠷᠢᠶᠡᠨ ᠤ ᠰᠣᠶᠣᠯ ‍ᠣᠨ‌ᠠᠮᠢᠳᠣᠷᠠᠯ ᠡᠯᠪᠡᠭ ᠪᠠᠶᠠᠯᠢᠭ ᠪᠣᠯᠣᠭᠰᠠᠨ ᠪᠠᠶᠢᠨ᠎ᠠ᠃          1992 ᠣᠨ ᠤ 9 ᠰᠠᠷ᠎ᠠ ᠳᠤ ᠡᠷᠳᠡᠨᠢᠰᠡᠩ ᠪᠠᠭᠰᠢ ᠶᠢ ᠳᠣᠮᠳᠠᠳᠣ ᠰᠣᠷᠭᠠᠭᠤᠯᠢ ᠳᠤ ᠠᠵᠢᠯ ᠰᠢᠯᠵᠢᠭᠦᠯᠵᠥ᠂ ᠡᠷᠬᠡᠪᠠᠭᠠᠲᠣᠷ ᠪᠠᠭᠰᠢ ᠶᠢ ᠲᠣᠰ ᠰᠣᠷᠭᠠᠭᠤᠯᠢ ᠳᠤ ᠵᠠᠬᠢᠷᠣᠯ ᠢᠶᠠᠷ ᠲᠣᠮᠢᠯᠠᠨ ᠢᠷᠡᠭᠦᠯᠵᠡᠢ᠃          1995 ᠣᠨ ᠳᠤ ᠡᠷᠬᠡᠪᠠᠭᠠᠲᠣᠷ ᠪᠠᠭᠰᠢ ᠶᠢ ᠱᠠᠩᠵᠢᠩ ᠰᠣᠷᠭᠠᠭᠤᠯᠢ ᠳᠤ ᠰᠢᠯᠵᠢᠭᠦᠯᠵᠥ᠂ ᠡᠷᠳᠡᠨᠢᠰᠡᠩ ᠵᠠᠬᠢᠷᠣᠯ ᠤᠨ ᠠᠵᠢᠯ ᠢ ᠡᠷᠬᠢᠯᠡᠵᠥ ᠰᠠᠷᠠᠩᠭᠤᠸ᠎ᠠ᠂ ᠴᠢᠮᠡᠭ᠂ ᠯᠢᠩ ᠶᠧ ᠪᠠᠭᠰᠢ ᠠᠵᠢᠯᠯᠠᠵᠣ ᠪᠠᠶᠢᠪᠠ᠃          1996 ᠣᠨ ᠳᠤ ᠳᠠᠭᠠᠭᠤᠯ ᠪᠠᠭᠰᠢ ᠣᠷᠣᠯᠠᠭᠴᠢ ᠪᠠᠭᠰᠢ ᠪᠠᠷ ᠣᠷᠢᠭᠳᠠᠵᠣ᠂ 2000 ᠣᠨ ᠳᠤ᠂ ᠠᠭᠤᠷᠬᠠᠢ ᠳᠤ ᠠᠵᠢᠯ ᠰᠢᠯᠵᠢᠪᠡ᠃          1999 ᠣᠨ ᠳᠤ  ᠴᠢᠮᠡᠭ᠂ ᠡᠷᠬᠡᠪᠠᠭᠠᠲᠣᠷ᠂ ᠡᠷᠳᠡᠨᠢᠰᠡᠩ᠂ ᠰᠠᠷᠠᠩᠭᠤᠸ᠎ᠠ᠂ ᠰᠣᠶᠣᠯᠴᠡᠴᠡᠭ ᠵᠡᠷᠬᠡ ᠪᠠᠭᠰᠢ ᠪᠠᠶᠢᠪᠠ᠃ ᠪᠡᠯᠡᠳᠭᠡᠯ  ᠠᠩᠬᠢ ᠳᠤ 5 ᠰᠣᠷᠣᠭᠴᠢ᠂ ᠨᠢᠭᠡᠳᠥᠭᠡᠷ ᠣᠨ ᠳᠤ 9 ᠰᠣᠷᠣᠭᠴᠢ᠂ 3 ᠣᠨ ᠳᠤ 10 ᠰᠣᠷᠣᠭᠴᠢ᠂ 5ᠳ᠋ᠣᠭᠠᠷ ᠣᠨ ᠳᠤ 11 ᠰᠣᠷᠣᠭᠴᠢ ᠲᠠᠢ ᠪᠠᠶᠢᠪᠠ᠃          1999 ᠣᠨ ᠤ 12 ᠰᠠᠷ᠎ᠠ ᠶᠢᠨ 13 ᠤ ᠡᠳᠥᠷ ᠡᠷᠬᠡᠪᠠᠭᠠᠲᠣᠷ ᠪᠠᠭᠰᠢ ᠱᠠᠩᠵᠢᠩ ᠰᠣᠷᠭᠠᠭᠤᠯᠢ ᠳᠤ ᠠᠵᠢᠯ ᠰᠢᠯᠵᠢᠵᠥ᠂ ᠰᠡᠴᠡᠨᠲᠣᠩᠭᠠᠯᠠᠭ ᠢ ᠣᠷᠣᠯᠠᠭᠴᠢ ᠪᠠᠭᠰᠢ ᠪᠠᠷ ᠬᠡᠷᠡᠭᠯᠡᠵᠡᠢ᠃          2000ᠣᠨ ᠳᠤ ᠴᠢᠮᠡᠭ᠂ ᠭᠤᠸ᠎ᠠ᠂ ᠡᠷᠳᠡᠨᠢᠰᠡᠩ ᠵᠡᠷᠭᠡ ᠭᠤᠷᠪᠠᠭ᠋ᠠᠨ ᠪᠠᠭᠰᠢ ᠲᠠᠢ᠃ ᠭᠤᠷᠪᠠᠨ ᠠᠩᠭᠢ  ᠨᠡᠶᠢᠲᠡ 28 ᠰᠣᠷᠣᠭᠴᠢ᠃ 2000.10.21 ᠠᠴᠠ ᠬᠤᠭᠤᠴᠠᠭ᠎ᠠ ᠲᠡᠭᠦᠰᠲᠡᠯ᠎ᠡ ᠵᠠᠭᠰᠠᠯᠮ᠎ᠠ ᠴᠢᠮᠡᠭ ᠪᠠᠭᠰᠢ ᠶᠢ ᠣᠷᠣᠯᠠᠵᠣ ᠬᠢᠴᠢᠶᠡᠯᠯᠡᠪᠡ᠃          2001 ᠣᠨ ᠳᠤ ᠰᠠᠷᠠᠩᠭᠤᠸ᠎ᠠ᠂ ᠴᠢᠮᠡᠭ᠂ ᠡᠷᠳᠡᠨᠢᠰᠡᠩ᠂ ᠡᠷᠬᠡᠪᠠᠭᠠᠲᠣᠷ ᠳᠥᠷᠪᠡᠨ ᠪᠠᠭᠰᠢ ᠲᠠᠢ᠃ ᠭᠤᠷᠪᠠᠨ ᠣᠨ ᠲᠠᠢ᠃ 1᠂  3᠂  5 ᠣᠨ᠃ ᠨᠡᠶᠢᠲᠡ 27 ᠰᠣᠷᠣᠭᠴᠢ ᠲᠠᠢ᠃          ᠬᠤᠪᠣᠭᠤ ᠰᠣᠷᠭᠠᠭᠤᠯᠢ 1990 ᠣᠨ ᠠᠴᠠ ᠪᠠᠭᠰᠢ ᠶᠢᠨ ᠬᠥᠴᠥᠨ ᠨᠡᠮᠡᠭᠳᠡᠵᠥ᠂ ᠰᠣᠷᠣᠭᠴᠢ ᠶᠢᠨ ᠲᠤᠭ᠎ᠠ ᠨᠣᠷᠮ᠎ᠠ ᠴᠥ  ᠣᠷᠭᠢᠯ ᠳᠤ ᠲᠣᠯᠵᠣ᠂ ᠵᠢᠭᠠᠨ ᠰᠣᠷᠭᠠᠯᠲᠠ ᠶᠢᠨ ᠬᠢᠷᠢ ᠪᠥᠲᠥᠮᠵᠢ ᠬᠢᠭᠡᠳ ᠭᠡᠷ ᠪᠠᠷᠢᠯᠭ᠎ᠠ ᠴᠥ ᠰᠣᠮᠣᠨ ᠳᠣᠲᠣᠷ᠎ᠠ ᠪᠠᠨ ᠳᠡᠭᠡᠳᠥ ᠳᠡᠰ ᠲᠤ ᠣᠷᠣᠭᠰᠠᠨ ᠪᠠᠶᠢᠨ᠎ᠠ᠃ ᠳᠡᠭᠡᠳᠥ ᠱᠠᠲᠣᠨ ᠤ ᠵᠢᠭᠠᠪᠣᠷᠢ ᠶᠢ ᠥᠨᠳᠥᠰᠥᠯᠡᠨ ᠡᠯ᠎ᠡ ᠵᠥᠢᠯ ᠤᠨ ᠬᠥᠳᠡᠯᠭᠡᠭᠡᠨ ᠢ ᠴᠥ ᠥᠷᠨᠢᠭᠦᠯᠵᠥ᠂ ᠰᠣᠷᠣᠭᠴᠢᠳ ᠤᠨ ᠢᠳᠡᠪᠬᠢᠵᠢᠯ ᠢ ᠪᠠᠳᠠᠷᠠᠭᠤᠯᠵᠠᠢ᠃          1997 ᠣᠨ ᠳᠤ ︽ᠰᠢᠶᠠᠩᠭᠠᠩ ᠢ ᠣᠯᠣᠰ ᠲᠤ ᠪᠠᠨ ᠪᠣᠴᠠᠭᠠᠬᠤ︾ ᠳᠤ ᠣᠯᠣᠰ ᠳᠠᠶᠠᠭᠠᠷ ᠰᠢᠶᠠᠩᠭᠠᠩ ᠢᠶᠠᠨ ᠪᠣᠴᠠᠭᠠᠵᠥ ᠠᠪᠬᠤ ᠰᠢᠯᠥᠭ᠂ ᠵᠢᠷᠤᠭ ᠮᠡᠲᠥ ᠶᠢᠨ ᠮᠥᠷᠥᠶᠢᠴᠡᠭᠡᠨ ᠶᠠᠪᠣᠭᠤᠯᠣᠭᠰᠠᠨ ᠳᠤ ᠮᠠᠨ ᠤ ᠰᠣᠷᠭᠠᠭᠤᠯᠢ ᠨᠢ ︽ᠰᠢᠶᠠᠩᠭᠠᠩ ᠢᠶᠠᠨ ᠣᠭᠲᠣᠶ᠎ᠠ︾ ᠭᠡᠰᠡᠨ ᠭᠠᠷᠴᠠᠭ ᠲᠠᠢ ᠳᠠᠭᠤᠣ ᠨᠠᠶᠢᠷᠠᠭᠤᠯᠣᠨ ᠰᠣᠷᠣᠭᠴᠢᠳ  ᠲᠤ ᠪᠠᠨ ᠵᠢᠭᠠᠭᠰᠠᠨ ᠪᠠᠶᠢᠨ᠎ᠠ᠃          1998 ᠣᠨ ᠨᠢ 8 ᠰᠠᠷ᠎ᠠ ᠳᠤ ᠰᠣᠷᠭᠠᠭᠤᠯᠢ ᠪᠠᠶᠢᠭᠤᠯᠣᠭᠳᠠᠭᠰᠠᠨ 40 ᠵᠢᠯ ᠤᠨ ᠣᠢ ᠪᠠᠨ ᠪᠡᠯᠡᠭᠯᠡᠬᠦ ᠭᠡᠳ ᠬᠢᠴᠢᠶᠡᠯ ᠤᠨ ᠠᠭᠤᠯᠭ᠎ᠠ ᠳᠤ ᠪᠠᠶᠢᠭᠰᠠᠨ ︽ᠫᠢᠦ᠋ᠨᠧᠷ ᠤᠨ ᠮᠠᠷᠱ ︾ ᠭᠡᠳᠡᠭ  ᠰᠢᠯᠦᠭ ᠲᠤ ᠠᠶ᠎ᠠ ᠲᠠᠭᠠᠷᠠᠭᠤᠯᠣᠨ᠂ ᠵᠢᠭᠰᠠᠭᠠᠯ ᠳᠤ ᠣᠷᠣᠬᠤ᠂ ᠶᠡᠭᠡ ᠪᠠᠭ᠎ᠠ ᠬᠡᠩᠭᠡᠷᠭᠡ ᠶᠢᠨ ᠠᠶᠠᠰ ᠢ ᠨᠠᠶᠢᠷᠠᠭᠤᠯᠵᠣ ᠪᠣᠯᠪᠠᠰᠣᠷᠠᠭᠤᠯᠵᠠᠢ᠃          2002 — 2010 ᠣᠨ ᠳᠤ ᠡᠷᠳᠡᠨᠢᠰᠡᠩ᠂ ᠰᠠᠷᠠᠩᠭᠤᠸ᠎ᠠ᠂ ᠡᠷᠳᠡᠨᠢᠪᠢᠯᠢᠭ᠂ ᠮᠥᠴᠢᠷ᠂ ᠡᠷᠬᠡᠪᠠᠭᠠᠲᠣᠷ ᠵᠡᠷᠭᠡ ᠪᠠᠭᠰᠢ ᠠᠵᠢᠯᠯᠠᠵᠣ ᠥᠩᠭᠡᠷᠡᠵᠡᠢ᠃ ᠰᠣᠷᠬᠤ ᠵᠢᠯ ᠪᠥᠷᠢ ᠭᠤᠷᠪᠠᠭ᠋ᠠᠨ ᠪᠠᠭᠰᠢ ᠲᠠᠢ ᠪᠠᠶᠢᠯ᠎ᠠ᠃ ᠵᠥᠪᠬᠡᠨ ᠳᠥᠷᠪᠡᠳᠥᠭᠡᠷ ᠣᠨ ᠬᠥᠷᠲᠡᠯ᠎ᠡ ᠪᠠᠶᠢᠭᠰᠠᠨ ᠪᠥᠭᠡᠳ ᠬᠠᠮᠤᠭ ᠣᠯᠠᠨ ᠳᠤ ᠪᠠᠨ 11 ᠰᠣᠷᠣᠭᠴᠢ ᠯᠠ ᠪᠠᠶᠢᠪᠠ᠃ 2007 — 2008  ᠣᠨ ᠤ ᠰᠣᠷᠬᠤ ᠵᠢᠯ ᠠᠴᠠ ᠨᠢᠭᠡᠳᠥᠭᠡᠷ ᠣᠨ ᠴᠥ ᠬᠠᠪᠴᠢᠯ ᠳᠤ ᠲᠥᠪᠯᠡᠷᠡᠭᠰᠡᠨ ᠠᠴᠠ ᠵᠥᠪᠬᠡᠨ ᠰᠣᠷᠭᠠᠭᠤᠯᠢ ᠶᠢᠨ ᠨᠠᠰᠣᠨ ᠠᠴᠠ ᠡᠮᠥᠨᠡᠬᠢ ᠬᠡᠥᠬᠡᠳ ᠥᠯᠳᠡᠵᠡᠢ᠃ 3 — 6 ᠨᠡᠷ᠎ᠡ ᠰᠣᠷᠣᠭᠴᠢ ᠶᠢ ᠬᠥᠮᠥᠵᠢᠭᠦᠯᠳᠡᠭ᠃          2002 ᠣᠨ ᠳᠤ ᠥᠪᠡᠷ ‍ᠣᠨ‌‍ᠰᠣᠷᠭᠠᠭᠤᠯᠢ ᠶᠢᠨ ᠳᠠᠭᠤᠣ ᠪᠠᠨ ᠨᠠᠶᠢᠷᠠᠭᠤᠯᠵᠣ ᠵᠢᠭᠠᠭᠰᠠᠨ ᠪᠠᠶᠢᠨ᠎ᠠ᠃          2004 ᠣᠨ ᠳᠤ ᠠᠭᠤᠷᠬᠠᠢ ᠶᠢᠨ ᠣᠳᠣᠷᠢᠳᠣᠯᠭ᠎ᠠ᠂ ᠬᠢᠲᠠᠳ᠂ ᠮᠣᠩᠭᠤᠯ ᠰᠣᠷᠭᠠᠭᠤᠯᠢ ᠶᠢᠨ ᠪᠠᠭᠰᠢ ᠰᠣᠷᠣᠭᠴᠢᠳ ᠢ ᠴᠣᠭᠯᠠᠭᠤᠯᠣᠨ 9.10 ᠤ ᠪᠠᠭᠰᠢ ᠶᠢᠨ ᠪᠠᠶᠠᠷ ᠢ ᠪᠡᠯᠭᠡᠯᠡᠬᠦ ᠲᠣᠭᠯᠠᠯᠲᠠ ᠭᠠᠷᠭᠠᠭᠰᠠᠨ ᠳᠤ ᠮᠠᠨ ᠤ ᠰᠣᠷᠭᠠᠭᠤᠯᠢ ︽ᠪᠠᠭᠰᠢ ᠲᠠᠨ ᠳᠤ ᠪᠠᠨ ᠲᠠᠯᠠᠷᠬᠠᠶ᠎ᠠ︾ ᠭᠡᠰᠡᠨ ᠳᠠᠭᠤᠣ ᠶᠢ ᠨᠠᠶᠢᠷᠠᠭᠤᠯᠵᠣ ᠰᠣᠨᠢᠷᠬᠠᠭᠤᠯᠪᠠ᠃          2010 — 2012 ᠣᠨ ᠳᠤ ᠰᠠᠷᠠᠩᠭᠤᠸ᠎ᠠ᠂ ᠮᠥᠴᠢᠷ ᠬᠤᠶᠠᠷᠬᠠᠨ ᠪᠠᠭᠰᠢ ᠲᠠᠢ ᠪᠣᠯᠵᠣ᠂ 8 — 9 ᠬᠡᠥᠬᠡᠳ ᠢ ᠬᠥᠮᠥᠵᠢᠭᠦᠯᠵᠡᠢ᠃  ᠰᠣᠷᠭᠠᠭᠤᠯᠢ ᠶᠢᠨ ᠨᠠᠰᠣᠨ ᠠᠴᠠ ᠡᠮᠥᠨᠡᠬᠢ ᠬᠡᠥᠬᠡᠳ ᠤᠨ ᠠᠩᠭᠢ ᠳᠤ ᠬᠥᠮᠥᠨ ᠤ ᠲᠤᠭ᠎ᠠ ᠴᠥᠭᠡᠨ ᠪᠣᠯᠪᠠᠴᠣ ᠣᠷᠢᠳᠴᠢᠯᠠᠨ ᠴᠡᠴᠡᠷᠯᠢᠭ ᠲᠤ ᠣᠷᠣᠬᠤ ᠬᠡᠥᠬᠡᠳ ᠪᠠᠶᠢᠳᠠᠭ ᠠᠴᠠ ᠰᠣᠷᠭᠠᠨ ᠬᠥᠮᠥᠵᠢᠭᠦᠯᠬᠦ ᠠᠵᠢᠯ ᠮᠥᠨ ᠬᠥᠨᠳᠥ  ᠪᠣᠯᠣᠭᠰᠠᠨ ᠪᠠᠶᠢᠨ᠎ᠠ᠃ ᠡᠯ᠎ᠡ ᠬᠢᠴᠢᠶᠡᠯ ᠢ ᠲᠣᠬᠢᠲᠠᠢ ᠨᠡᠭᠡᠭᠡᠵᠥ᠂ ᠬᠡᠥᠬᠡᠳ ᠨᠢᠭᠡᠪᠥᠷᠢ ᠶᠢ ᠬᠠᠷᠠᠭᠠᠯᠵᠠᠬᠤ ᠲᠡᠶᠢᠮᠥ ᠬᠢᠯᠪᠠᠷ ᠠᠰᠠᠭᠤᠳᠠᠯ ᠪᠢᠰᠢ ᠶᠣᠮ᠃                                      ᠪᠠᠯᠳᠠᠨᠰᠠᠩᠪᠪᠤᠦ ᠠᠴᠠ ᠬᠠᠩᠭᠠᠪᠠ᠃
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号