ᠨᠠᠷᠢᠨᠳᠠᠪᠠᠭ᠎ᠠ  ᠪᠠᠭ᠎ᠠ ᠰᠤᠷᠭᠠᠭᠤᠯᠢ
ᠨᠡᠶᠢᠲᠡᠯᠡᠭᠰᠡᠨ ᠴᠠᠭ᠄
2015/12/29
             ᠨᠠᠷᠢᠨᠳᠠᠪᠠᠭ᠎ᠠ  ᠪᠠᠭ᠎ᠠ ᠰᠤᠷᠭᠠᠭᠤᠯᠢ      ᠨᠠᠷᠢᠨᠳᠠᠪᠠᠭ᠎ᠠ ᠭᠠᠴᠠᠭ᠎ᠠ ᠪᠤᠯ  ᠣᠣᠯ ᠳᠤ ᠪᠠᠨ ᠰᠢᠷᠠᠬᠠᠳᠠ ᠳᠤ ᠰᠠᠭᠤᠵᠤ ᠪᠠᠶᠢᠬᠰᠠᠨ ᠠᠶᠢᠯ ᠶᠤᠮ᠃ 1952 ᠤᠨ ᠳᠤ ᠤᠯᠤᠰ ᠠᠴᠠ  ᠰᠢᠨᠠ ᠤᠰᠤᠨ ᠴᠦᠬᠦᠷᠤᠮ ᠢ ᠪᠠᠶᠢᠭᠤᠯᠬᠤ ᠲᠦᠯᠤᠪᠯᠡᠭᠡ ᠲᠤᠬᠳᠠᠭᠠᠨ ᠤᠶᠢᠷ᠎ᠠ ᠤᠷᠴᠢᠮ ᠤᠨ ᠠᠶᠢᠯ ᠲᠤᠰᠬᠤᠨ ᠢ  ᠰᠢᠯᠵᠢᠬᠦᠯᠬᠦ ᠦᠶᠠᠰ ᠰᠢᠷᠠᠬᠠᠳᠠ᠂ ᠬᠤᠭᠤᠯᠠᠳᠤ᠂ ᠠᠭᠤᠶᠢᠳᠤ ᠰᠦᠮ᠎ᠠ ᠵᠠᠷᠬᠡ ᠲᠤᠰᠬᠤᠨ ᠠᠴᠠ ᠬᠤᠶᠢᠨ᠎ᠠ ᠡᠮᠤᠨ᠎ᠠ ᠨᠡᠬᠦᠵᠤ ᠢᠷᠠᠨ ᠨᠠᠷᠢᠨ ᠳᠤ ᠨᠤᠳᠤᠬᠰᠢᠬᠰᠠᠨ ᠶᠤᠮ᠃      ᠴᠢᠯᠤᠬᠡᠯᠡᠭᠳᠠᠬᠦ ᠠᠴᠠ ᠡᠮᠤᠨ᠎ᠡ  ᠰᠢᠷᠠᠬᠠᠳᠠ ᠳᠤ ᠨᠢᠬᠡᠨ ᠰᠠᠭᠤᠷᠢ ᠮᠠᠠᠵᠤ ᠶᠢᠨ ᠰᠤᠷᠭᠠᠭᠤᠯᠢ  ᠪᠠᠶᠢᠵᠠᠢ᠃ ᠲᠤᠰ ᠰᠤᠷᠭᠠᠭᠤᠯᠢ1943— 1945  ᠤᠨ ᠬᠦᠷᠳᠠᠯ᠎ᠠ ᠭᠤᠷᠪᠠᠨ ᠵᠢᠯ ᠬᠢᠴᠢᠶᠠᠯᠯᠠᠵᠤ᠂ ᠴᠤᠯᠤ ᠠᠯᠪᠠᠨ ᠠᠴᠠ ᠡᠷᠬᠢᠯᠠᠵᠤ ᠪᠠᠶᠢᠵᠠᠢ᠃1—3 ᠤᠨ ᠬᠦᠷᠳᠠᠯᠠᠬᠢ ᠠᠩᠬᠢ ᠲᠠᠢ᠂ ᠭᠤᠷᠪᠠᠨ ᠪᠠᠭᠰᠢ ᠶᠢᠷᠠᠬᠡᠳ ᠰᠤᠷᠤᠬᠴᠢ ᠲᠠᠢ ᠪᠠᠶᠢᠵᠤ᠂ ᠶᠠᠫᠤᠨ ᠬᠡᠯᠠ᠂ ᠲᠤᠭ᠎ᠠ ᠪᠤᠳᠤᠯᠭ᠎ᠠ᠂ ᠮᠤᠩᠭᠤᠯ ᠬᠡᠯᠠ᠂ ᠲᠠᠭᠤᠤ᠂ ᠲᠠᠮᠢᠷ ᠵᠠᠷᠬᠡ ᠬᠢᠴᠢᠶᠠᠯ ᠤᠳ ᠢ ᠨᠠᠬᠡᠬᠡᠵᠤ ᠪᠠᠶᠢᠪᠠ᠃ ᠰᠤᠷᠤᠬᠴᠢ ᠡᠯᠰᠡᠬᠦ ᠳᠤ ᠪᠠᠨ ᠪᠠᠶᠠᠨ ᠶᠠᠳᠠᠭᠤ ᠶᠢ ᠬᠠᠮᠢᠶᠠᠷᠠᠬᠤ ᠦᠬᠡᠢ᠂ ᠠᠯᠪᠠ ᠪᠠᠷ ᠪᠠᠷᠢᠵᠤ ᠢᠷᠠᠳᠡᠭ ᠬᠡᠨ᠎ᠡ  ᠃ ᠰᠤᠷᠤᠬᠴᠢᠳ ᠤᠨ ᠬᠤᠪᠴᠠᠰᠤ ᠬᠤᠨᠡᠷ ᠨᠢ ᠴᠦᠮ ᠶᠠᠫᠤᠨ  ᠴᠡᠷᠢᠭ ᠤᠨ ᠬᠤᠪᠴᠠᠰᠤ ᠵᠠᠷᠬᠡ ᠠᠯᠢᠪᠠ ᠰᠤᠶᠢᠳᠬᠡᠯ ᠢ ᠴᠦᠮ ᠤᠯᠤᠰ ᠠᠴᠠ ᠬᠠᠷᠢᠭᠤᠴᠠᠵᠤ ᠪᠠᠶᠢᠪᠠ᠃ ᠲᠤᠰ ᠰᠤᠷᠭᠠᠭᠤᠯᠢ ᠶᠢᠨ ᠵᠠᠬᠢᠷᠤᠯ ᠨᠢ ᠬᠤᠳᠤᠷᠠᠩᠭ᠎ᠠ ᠪᠠᠭᠰᠢ᠃  ᠦ᠊  ᠵᠢᠷᠭᠠᠯ᠂ ᠶᠧᠰᠢᠰᠠᠩᠪᠤᠤ ᠬᠤᠶᠠᠷ  ᠪᠠᠭᠰᠢ ᠠᠵᠢᠯᠳᠠᠨ ᠲᠠᠢ ᠪᠠᠶᠢᠵᠠᠢ᠃ ᠲᠤᠰ ᠰᠤᠷᠭᠠᠭᠤᠯᠢ ᠨᠢ 1945 ᠤᠨ ᠳᠤ ᠵᠦᠪᠯᠠᠯᠳᠤ ᠶᠢᠨ ᠤᠯᠠᠭᠠᠨ ᠴᠡᠷᠢᠭ ᠤᠷᠤᠵᠤ ᠢᠷᠠᠬᠦ ᠳᠤ ᠰᠠᠷᠨᠢᠨ ᠲᠠᠷᠬᠠᠵᠠᠢ᠃      ᠲᠤᠰ ᠰᠤᠷᠭᠠᠭᠤᠯᠢ ᠳᠤ ᠰᠤᠷᠤᠯᠴᠠᠵᠤ ᠪᠠᠶᠢᠬᠰᠠᠨ ᠰᠤᠷᠤᠬᠴᠢᠳ ᠠᠴᠠ ᠬᠤᠪᠢᠰᠬᠠᠯ ᠳᠤ ᠤᠷᠤᠯᠴᠠᠨ ᠭᠠᠨᠪᠥ᠋ ᠪᠤᠯᠤᠬᠰᠠᠨ ᠬᠦᠮᠤᠰ  ᠣᠯᠠᠨ ᠪᠤᠢ᠃ ᠪᠠᠶᠠᠨᠬᠡᠰᠢᠭ᠃ ᠮᠠᠠᠵᠤᠤᠷ  ᠂ ᠬᠧᠯᠢᠭ ᠵᠠᠷᠬᠡ ᠬᠦᠮᠤᠰ ᠰᠢᠯᠢᠨ ᠭᠤᠤᠯ ᠳᠤ ᠠᠵᠢᠯᠯᠠᠵᠤ᠂ ᠪᠢᠨᠪᠤᠤ᠂ ᠪᠠᠶᠠᠷ ᠬᠦᠯᠤᠨ ᠪᠤᠶᠢᠷ ᠲᠤ ᠠᠵᠢᠯᠯᠠᠵᠤ ᠪᠠᠶᠢᠨ᠎ᠠ᠃      ᠴᠢᠯᠥᠬᠡᠯᠡᠭᠳᠡᠭᠰᠠᠨ ᠤ ᠲᠠᠷᠠᠭ᠎ᠠ1947 ᠤᠨ ᠳᠤ ᠬᠤᠭᠤᠯᠳᠤ᠂ ᠰᠢᠷᠠᠬᠠᠳᠠ  ᠂ ᠠᠭᠤᠶᠢᠳᠤ ᠰᠦᠮ᠎ᠠ ᠵᠠᠷᠬᠡ ᠠᠶᠢᠯ ᠳᠤ ᠲᠤᠰ ᠲᠤᠰ ᠰᠤᠷᠭᠠᠭᠤᠯᠢ ᠪᠠᠶᠢᠭᠤᠯᠵᠤ ᠨᠢᠬᠡ ᠵᠢᠯ ᠪᠤᠯᠤᠭ᠎ᠠ ᠦᠬᠡᠢ ᠪᠠᠯᠠᠷᠠᠵᠤ ᠲᠠᠷᠬᠠᠵᠠᠢ᠃ ᠲᠠᠬᠢᠨ1949 ᠤᠨ ᠳᠤ ᠠᠭᠤᠶᠢᠳᠤ ᠰᠦᠮ᠎ᠠ ᠳᠤ ᠬᠢᠳᠠᠳ ᠮᠤᠩᠭᠤᠯ ᠬᠠᠮᠳᠤᠷᠠᠬᠰᠠᠨ ᠰᠤᠷᠭᠠᠭᠤᠯᠢ ᠪᠠᠶᠢᠭᠤᠯᠵᠤ᠂ ᠲᠤᠬᠠᠢ ᠶᠢᠨ ᠦᠶᠠᠰ ᠯᠢ ᠤᠪᠤᠬᠳᠤ ᠵᠠᠬᠢᠷᠤᠯ ᠪᠠᠭᠰᠢ ᠪᠠᠶᠢᠬᠰᠠᠨ ᠪᠠ ᠲᠤᠷᠵᠢᠨᠢᠩᠪᠤᠤ᠂ ᠲᠤᠭᠠᠷ᠂  ᠨᠣᠶᠢᠷᠣᠪ᠂ ᠨᠤᠷᠪᠤ᠂ ᠴᠤᠬᠷᠤᠪ ᠵᠠᠷᠬᠡ ᠠᠷᠪᠠᠨ ᠬᠡᠳᠣᠨ ᠪᠠᠭᠰᠢ᠂ ᠬᠤᠶᠠᠷ ᠵᠠᠭᠤ ᠢᠯᠠᠬᠦᠤ ᠰᠤᠷᠤᠬᠴᠢ ᠲᠠᠢ ᠪᠠᠶᠢᠵᠠᠢ᠃ ᠲᠤᠰ ᠰᠤᠷᠭᠠᠭᠤᠯᠢ ᠨᠢ ᠨᠤᠳᠤᠭ ᠦᠨᠳᠤᠷᠬᠤᠰᠢᠭᠤ ᠳᠤ ᠰᠢᠯᠵᠢᠬᠦ ᠳᠤ ᠪᠠᠨ ᠦᠨᠳᠤᠷᠬᠤᠰᠢᠭᠤ ᠳᠤ ᠰᠢᠯᠵᠢᠵᠤ ᠨᠤᠳᠤᠭ ᠠᠭᠤᠶᠢᠳᠤ ᠰᠦᠮ᠎ᠠ ᠳᠤ ᠰᠢᠯᠵᠢᠬᠦ ᠳᠤ ᠮᠦᠨ ᠨᠤᠳᠤᠭ ᠢ ᠨᠢ ᠲᠠᠭᠠᠵᠤ ᠠᠭᠤᠶᠢᠳᠤ ᠰᠦᠮ᠎ᠠ ᠳᠤ ᠰᠢᠯᠵᠢᠵᠤ ᠢᠷᠡᠭᠰᠠᠨ ᠪᠠᠶᠢᠨ᠎ᠠ᠃ ᠮᠠᠨ ᠤ ᠠᠶᠢᠯ ᠤᠨ ᠰᠤᠷᠤᠬᠴᠢᠳ1956  ᠤᠨ ᠪᠤᠯᠳᠠᠯ᠎ᠠ ᠠᠭᠤᠶᠢᠳᠤ ᠰᠦᠮ᠎ᠠ ᠲᠠᠬᠡᠷ᠎ᠠ ᠪᠢᠴᠢᠭ ᠦᠵᠠᠵᠤ ᠪᠠᠶᠢᠬᠰᠠᠨ᠃      1956 ᠣᠨ ᠳᠤ ᠨᠤᠳᠤᠭ ᠨᠢ ᠰᠤᠮᠤ ᠪᠤᠯᠵᠤ ᠵᠠᠰᠠᠭ ᠵᠠᠬᠢᠷᠭᠠᠨ ᠤ ᠦᠬᠡᠷᠠᠴᠢᠯᠠᠯᠳᠠ ᠪᠠᠷ ᠨᠠᠷᠢᠨ᠂ ᠬᠤᠪᠤᠭᠤ ᠵᠠᠷᠬᠡ ᠠᠶᠢᠯ ᠨᠢ ᠲᠤᠰ ᠲᠤᠰ ᠳᠤ ᠪᠠᠨ ᠨᠢᠬᠡ ᠭᠠᠴᠠᠭ᠎ᠠ ᠪᠤᠯᠵᠤ᠂ ᠨᠤᠳᠤᠭ ᠤᠨ ᠡᠳ᠋ ᠬᠦᠷᠤᠩᠬᠡ ᠪᠠᠨ ᠲᠤᠬᠠᠢ ᠶᠢᠨ ᠦᠶ᠎ᠠ ᠶᠢᠨ ᠵᠢᠷᠭᠤᠭ᠎ᠠ ᠲᠤᠯᠤᠭᠠᠨ ᠭᠠᠴᠠᠭᠠᠨ ᠳᠤ ᠬᠤᠪᠢᠶᠠᠬᠰᠠᠨ ᠪᠠᠶᠢᠨ᠎ᠠ᠃ ᠡᠬᠦᠨ ᠳᠤ ᠠᠯᠢ ᠬᠡᠳᠦᠶᠢᠨ ᠠᠴᠠ ᠠᠶᠢᠯ ᠳᠤ ᠪᠠᠨ ᠰᠤᠷᠭᠠᠭᠤᠯᠢ ᠪᠠᠶᠢᠭᠤᠯᠬᠤ ᠶᠢ ᠵᠤᠷᠢᠵᠤ ᠪᠠᠶᠢᠬᠰᠠᠨ ᠭᠠᠴᠠᠭᠠᠨ ᠤ ᠨᠠᠮ ᠤᠨ ᠡᠬᠦᠷ  ᠤᠨ ᠱᠦᠵᠢ ᠪᠠᠶᠠᠨᠨᠠᠮᠤᠷ᠂ ᠭᠠᠴᠠᠭᠠᠨ ᠲᠠᠷᠤᠭ᠎ᠠ ᠴᠠᠭᠠᠬᠠᠷᠰᠯᠠᠨ ᠵᠠᠷᠬᠡ ᠬᠦᠮᠤᠰ ᠨᠤᠳᠤᠭ ᠲᠠᠬᠡᠷ᠎ᠠ ᠬᠦᠷᠴᠤ ᠰᠤᠷᠭᠠᠭᠤᠯᠢ ᠶᠢᠨ ᠬᠡᠷ ᠪᠠᠷᠢᠬᠤ ᠳᠤ ᠬᠡᠷᠡᠭᠯᠠᠬᠦ ᠨᠠᠷᠠᠰᠤᠨ ᠮᠤᠳᠤ᠂ ᠨᠢᠷᠤᠭᠤ᠂ ᠲᠠᠮ ᠨᠢᠷᠤᠭᠤ ᠴᠤᠩᠬᠤ ᠬᠠᠭᠠᠯᠭ᠎ᠠ  ᠵᠠᠷᠬᠡ ᠶᠢ ᠲᠦᠷᠪᠠᠨ ᠲᠠᠰᠤᠯᠭ᠎ᠠ ᠬᠡᠷ ᠤᠨ ᠪᠣᠰᠬᠠᠬᠤ ᠬᠡᠮᠵᠢᠶ᠎ᠠ ᠪᠠᠷ ᠬᠤᠪᠢᠶᠠᠨ ᠠᠪᠤᠬᠰᠠᠨ ᠪᠠ ᠰᠢᠷᠡᠭᠡ ᠰᠠᠨᠳᠠᠯᠢ ᠠᠷᠪᠠᠨ ᠲᠠᠪᠤᠨ ᠢᠵᠢ᠂ ᠠᠪᠳᠠᠷ᠎ᠠ ᠬᠤᠷᠭᠤ ᠨᠢᠵᠢᠬᠡᠳ᠂ ᠰᠢᠷᠠᠮᠤᠨ ᠵᠤᠤᠬ᠎ᠠ ᠬᠠᠷ᠎ᠠ ᠰᠠᠮᠪᠠᠷ᠎ᠠ ᠵᠠᠷᠬᠡ ᠶᠢ ᠪᠦᠷᠢᠯᠳᠤᠬᠦᠯᠤᠨ ᠬᠤᠪᠢᠶᠠᠵᠤ ᠤᠯᠪᠠ᠃  ᠢᠡᠭᠬᠡᠬᠡᠳ ᠰᠤᠷᠭᠠᠭᠤᠯᠢ ᠪᠠᠶᠢᠭᠤᠯᠬᠤ ᠠᠩᠬ᠎ᠠ ᠠᠯᠬᠤᠮ ᠤᠨ ᠪᠤᠳᠠᠰ ᠤᠨ ᠨᠦᠬᠦᠴᠠᠯ ᠢ ᠪᠦᠷᠢᠯᠳᠤᠬᠦᠯᠵᠠᠢ᠃      1957 ᠤᠨ ᠳᠤ ᠭᠠᠴᠠᠭᠠᠨ ᠠᠴᠠ ᠡᠳ᠋ ᠪᠤᠳᠠᠰ ᠤᠨ ᠨᠦᠬᠦᠴᠠᠯ ᠢᠶᠠᠨ ᠪᠦᠷᠢᠯᠳᠤᠬᠦᠯᠵᠤ ᠲᠠᠬᠡᠳᠤ ᠱᠠᠳᠤᠨ  ᠤ ᠵᠠᠰᠠᠭ ᠤᠨ ᠤᠷᠳᠤᠨ ᠳᠤ ᠰᠤᠷᠭᠠᠭᠤᠯᠢ ᠪᠠᠶᠢᠭᠤᠯᠬᠤ ᠪᠠᠷ ᠡᠷᠠᠮᠠᠯᠵᠡᠯᠠᠨ ᠵᠦᠪᠰᠢᠶᠠᠷᠠᠬᠦᠯᠵᠤ ᠰᠤᠷᠭᠠᠭᠤᠯᠢ ᠶᠢᠨ ᠬᠡᠷ ᠪᠠᠷᠢᠬᠤ ᠨᠤᠳᠤᠭ ᠢ ᠬᠤᠰᠢᠭᠤᠨ ᠤ ᠨᠠᠮ ᠤᠨ ᠬᠤᠷᠢᠶᠠᠨ ᠤ ᠲᠠᠳ᠋ ᠱᠦᠵᠢ ᠯᠢ ᠰᠢᠨ ᠪᠠᠶ᠎ᠠ ᠪᠠᠷ ᠢᠶᠠᠨ ᠢᠷᠠᠵᠤ ᠭᠠᠴᠠᠭᠠᠨ ᠤ ᠭᠠᠨᠪᠤᠴᠤᠳ ᠲᠠᠢ ᠰᠤᠩᠭᠤᠨ ᠲᠤᠬᠳᠠᠭᠠᠵᠤ᠂ ᠪᠠᠷᠢᠯᠭ᠎ᠠ ᠡᠬᠢᠯᠠᠬᠦᠯᠦᠭᠰᠠᠨ ᠪᠠᠶᠢᠨ᠎ᠠ᠃ ᠲᠤᠰ ᠵᠢᠯ ᠤᠨ ᠨᠠᠮᠤᠷ ᠨᠠᠷᠢᠨ ᠤ ᠠᠶᠢᠯ ᠳᠤ ᠬᠠᠮᠤᠭ ᠠᠩᠬᠠᠨ ᠤ ᠰᠢᠪᠠᠷ ᠰᠢᠷᠤᠢ ᠶᠢᠨ ᠪᠦᠳᠤᠴᠠ ᠲᠠᠢ ᠨᠢᠬᠡᠨ ᠰᠠᠭᠤᠷᠢ ᠰᠤᠷᠭᠠᠭᠤᠯᠢ  ᠤᠨ ᠬᠡᠷ ᠪᠠᠶᠢᠭᠤᠯᠤᠬᠳᠠᠵᠤ᠂ ᠬᠤᠵᠢᠮ ᠤᠨ ᠬᠡᠤᠬᠡᠤᠨ ᠲᠠᠬᠦᠤ ᠨᠠᠷ ᠢ ᠰᠤᠶᠤᠯ ᠮᠠᠳᠠᠯᠬᠡ ᠲᠠᠢ ᠨᠠᠶᠢᠬᠡᠮ ᠨᠠᠶᠢᠳᠠ ᠳᠤ ᠬᠡᠷᠡᠭᠴᠡᠭᠡ ᠲᠠᠢ ᠬᠦᠮᠤᠨ ᠪᠤᠯᠭᠠᠨ ᠬᠦᠮᠤᠵᠢᠬᠦᠯᠬᠦ ᠰᠤᠶᠤᠯ ᠤᠨ ᠭᠤᠯᠤᠮᠳᠠ ᠪᠤᠢ ᠪᠤᠯᠵᠠᠢ᠃      1957 ᠤᠨ ᠤ ᠨᠠᠮᠤᠷ ᠰᠤᠷᠭᠠᠭᠤᠯᠢ ᠪᠠᠶᠢᠭᠤᠯᠬᠤ ᠪᠠᠷᠢᠯᠭ᠎ᠠ ᠲᠠᠬᠦᠰᠴᠤ ᠡᠳ᠋ ᠪᠤᠳᠠᠰ ᠤᠨ ᠨᠦᠬᠦᠴᠠᠯ ᠨᠠᠯᠢᠶᠠᠳ ᠪᠦᠷᠢᠨ ᠪᠤᠯᠤᠯ᠎ᠠ᠃ ᠬᠡᠪᠠᠴᠤ ᠪᠠᠭᠰᠢ ᠶᠢᠨ ᠠᠰᠠᠭᠤᠳᠠᠯ ᠳᠤ  ᠬᠦᠴᠢᠷ ᠤᠴᠢᠷ  ᠳᠣᠯᠭᠠᠷᠠᠪᠠ᠃ ᠭᠠᠴᠠᠭᠠᠨ  ᠤ ᠨᠠᠮ ᠤᠨ ᠡᠬᠦᠷ ᠪᠤᠯᠤᠨ ᠭᠠᠴᠠᠭᠠᠨ ᠵᠦᠪᠯᠠᠯ ᠨᠢ ᠬᠤᠰᠢᠭᠤ ᠰᠤᠮᠤ ᠲᠠᠢ ᠬᠠᠷᠢᠴᠠᠵᠣ᠂ ᠪᠠᠭᠰᠢ ᠲᠤᠬᠢᠷᠠᠭᠤᠯᠵᠤ ᠦᠭᠬᠦ ᠶᠢ ᠭᠤᠶᠤᠴᠢᠯᠠᠬᠰᠠᠨ ᠠᠴᠠ ᠯᠢᠨᠳᠦ᠋ᠡᠭ ᠤᠨ ᠪᠠᠭᠰᠢ ᠶᠢᠨ ᠰᠤᠷᠭᠠᠭᠤᠯᠢ   ᠠᠴᠠ ᠳᠡᠬᠦᠰᠦᠭᠰᠡᠨ ᠪᠠᠷᠠᠭᠤᠨ ᠬᠤᠰᠢᠭᠤᠨ ᠤ ᠨᠤᠳᠤᠭ ᠲᠠᠢ ᠬᠡᠪᠠᠩᠬᠡ ᠪᠠᠭᠰᠢ ᠶᠢ  ᠳᠣᠬᠢᠷᠠᠭᠤᠯᠵᠠᠢ᠃      1957 ᠣᠨ ᠤ ᠨᠠᠮᠤᠷ ᠨᠢᠬᠡ ᠨᠡᠷ᠎ᠠ ᠪᠠᠭᠰᠢ᠂ ᠠᠷᠪᠠᠨ ᠲᠤᠯᠤᠭᠠᠨ ᠰᠤᠷᠤᠬᠴᠢ   ᠲᠠᠢ ᠪᠠᠨ ᠰᠤᠷᠭᠠᠭᠤᠯᠢ ᠡᠬᠢᠯᠠᠬᠦ ᠶᠤᠰᠤᠯᠠᠯ ᠶᠠᠪᠤᠬᠳᠠᠵᠤ᠂ ᠨᠠᠷᠢᠨ ᠪᠠᠭ᠎ᠠ ᠰᠤᠷᠭᠠᠭᠤᠯᠢ ᠠᠩᠬ᠎ᠠ ᠪᠤᠢ ᠪᠤᠯᠵᠠᠢ᠃ ᠲᠤᠰ ᠰᠤᠷᠭᠠᠭᠤᠯᠢ ᠨᠢ1-3 ᠳ᠋ᠤᠭᠠᠷ ᠤᠨ ᠬᠦᠷᠳᠠᠯ᠎ᠠ ᠡᠷᠬᠢᠯᠠᠬᠦ ᠠᠩᠬ᠎ᠠ ᠵᠠᠷᠬᠡ ᠶᠢᠨ ᠪᠠᠭ᠎ᠠ ᠰᠤᠷᠭᠠᠭᠤᠯᠢ ᠪᠠᠶᠢᠪᠠ᠃ ᠬᠡᠪᠠᠩᠬᠡ ᠬᠤᠶᠠᠷ ᠵᠢᠯ ᠠᠵᠢᠯᠯᠠᠵᠤ᠂ 1959 ᠤᠨ ᠳᠤ ᠠᠵᠢᠯ ᠰᠢᠯᠵᠢᠵᠠᠢ᠃ ᠡᠨᠠᠬᠦ ᠬᠤᠶᠠᠷ ᠵᠢᠯ ᠤᠨ ᠬᠤᠭᠤᠴᠠᠭᠠᠨ ᠳᠠᠬᠢ ᠬᠡᠪᠠᠩᠬᠡ   ᠶᠢᠨ ᠰᠤᠷᠤᠬᠴᠢ ᠠᠴᠠ ᠱᠦᠬᠦᠧᠷᠠᠰᠢ ᠠᠷᠠᠳ   ᠠᠴᠠ ᠡᠷᠬᠢᠯᠡᠭᠰᠡᠨ ᠪᠠᠭᠰᠢ ᠪᠤᠯᠵᠤ᠂ ᠯᠤᠪᠰᠠᠩ ᠵᠠᠬᠦᠨ ᠦᠵᠤᠮᠤᠴᠢᠨ ᠬᠤᠰᠢᠭᠤᠨ ᠤ ᠲᠤᠮᠳᠠᠭᠤᠪᠢ ᠰᠣᠮᠤᠨ ᠤ  ᠡᠮᠨᠠᠯᠬᠡ ᠶᠢᠨ ᠬᠤᠷᠢᠶᠠᠨ ᠳᠤ  ᠠᠵᠢᠯᠯᠠᠪᠠ᠃  ᠬᠡᠪᠠᠩᠬᠡ ᠪᠠᠭᠰᠢ ᠠᠵᠢᠯ ᠰᠢᠯᠵᠢᠭᠰᠡᠨ ᠠᠴᠠ ᠲᠤᠰ ᠰᠤᠷᠭᠠᠭᠤᠯᠢ ᠨᠢ ᠬᠠᠭᠠᠰ ᠬᠤᠭᠤᠴᠠᠭ᠎ᠠ ᠢᠯᠠᠬᠦᠤ ᠪᠠᠭᠰᠢ ᠦᠬᠡᠢ ᠪᠤᠯᠵᠤ ᠡᠬᠦᠳᠠ ᠪᠠᠨ ᠬᠠᠭᠠᠵᠠᠢ  ᠃ ᠡᠨᠡᠬᠦ ᠪᠠᠶᠢᠳᠠᠯ ᠲᠤᠤᠷ᠎ᠠ  ᠭᠠᠴᠠᠭᠠᠨ ᠵᠦᠪᠯᠠᠯ ᠨᠢ ᠰᠤᠮᠤᠨ ᠤ ᠰᠤᠷᠭᠠᠨ ᠬᠦᠮᠤᠵᠢᠯ ᠤᠨ ᠬᠠᠮᠢᠶᠠᠳᠠᠢ ᠬᠦᠮᠤᠨ ᠢ ᠤᠯᠠᠨ ᠤᠳᠠᠭ᠎ᠠ ᠡᠷᠢᠵᠣ  ᠡᠰᠠᠷᠡᠭ ᠪᠠᠭ᠎ᠠ ᠰᠤᠷᠭᠠᠭᠤᠯᠢ ᠶᠢᠨ ᠪᠠᠶᠠᠷᠳᠤ ᠪᠠᠭᠰᠢ ᠶᠢ ᠠᠵᠢᠯ ᠰᠢᠯᠵᠢᠬᠦᠯᠣᠨ ᠠᠪᠴᠢᠷᠠᠪᠠ᠃        ᠪᠠᠶᠠᠷᠳᠤ ᠪᠠᠭᠰᠢ ᠶᠢᠨ ᠨᠠᠷᠢᠨ ᠰᠤᠷᠭᠠᠭᠤᠯᠢ ᠳᠤ ᠠᠵᠢᠯᠯᠠᠵᠤ ᠪᠠᠶᠢᠬᠰᠠᠨ ᠴᠠᠭ ᠦᠶ᠎ᠠ ᠨᠢ ᠤᠯᠤᠰ ᠲᠠᠶᠠᠭᠠᠷ ᠬᠦᠴᠢᠷᠳᠠᠯᠳᠠᠢ ᠭᠤᠷᠪᠠᠨ ᠵᠢᠯ ᠲᠤᠬᠢᠶᠠᠯᠳᠤᠬᠰᠠᠨ ᠠᠴᠠ ᠠᠵᠢᠯ ᠠᠮᠢᠳᠤᠷᠠᠯ ᠤᠨ ᠲᠠᠯ᠎ᠠ ᠪᠠᠷ ᠲᠤᠶᠢᠯ ᠤᠨ ᠬᠦᠴᠢᠷ ᠪᠠᠷᠬᠡᠰᠢᠶᠠᠯ ᠲᠠᠢ ᠪᠠᠶᠢᠬᠰᠠᠨ ᠶᠤᠮ᠃  ᠬᠦᠴᠢᠷ ᠢ ᠲᠠᠰᠪᠤᠷᠢᠯᠠᠨ ᠴᠢᠷᠮᠠᠶᠢᠨ ᠠᠵᠢᠯᠯᠠᠬᠰᠠᠨ ᠠᠴᠠ ᠰᠤᠮᠤᠨ ᠲᠣᠳᠣᠷᠠᠬᠢ ᠰᠢᠯᠵᠢᠯᠳᠠ ᠶᠢᠨ ᠤᠯᠠᠭᠠᠨ ᠲᠤᠭ ᠤᠨ  ᠱᠠᠩᠨᠠᠯ ᠤᠯᠵᠤ ᠲᠡᠷᠢᠬᠦᠨ ᠤ ᠰᠣᠷᠭᠠᠭᠤᠯᠢ ᠪᠠᠷ ᠰᠤᠩᠭᠤᠬᠳᠠᠭᠰᠠᠠ ᠪᠠᠶᠢᠨ᠎ᠠ᠃        ᠪᠠᠶᠡᠷᠳᠤ ᠪᠠᠭᠰᠢ ᠨᠢᠬᠡ ᠲᠠᠯ᠎ᠠ ᠪᠠᠷ ᠬᠡᠷ ᠤᠨ ᠠᠮᠢᠳᠤᠷᠠᠯ ᠢᠶᠠᠨ ᠠᠷᠭᠠᠴᠠᠭᠠᠵᠤ ᠵᠤᠬᠢᠶᠠᠨ ᠪᠠᠶᠢᠭᠤᠯᠤᠯᠳᠠ  ᠳᠤ ᠬᠦᠴᠢᠷ ᠵᠤᠪᠠᠭᠤᠷᠢ ᠪᠠᠨ  ᠲᠤᠭᠠᠴᠢᠬᠤ ᠦᠬᠡᠢ ᠰᠤᠯᠨ ᠰᠠᠯᠠᠬᠦᠤ ᠴᠠᠭ ᠢᠶᠠᠨ ᠠᠰᠢᠬᠯᠠᠨ ᠵᠡᠷᠯᠢᠭ ᠨᠤᠭᠤᠭ᠎ᠠ᠂ ᠮᠦᠬᠦ ᠵᠠᠷᠬᠡ ᠪᠠᠷ ᠦᠯ ᠢᠶᠠᠨ ᠲᠠᠷᠤᠵᠤ ᠪᠠᠶᠢᠬᠰᠠᠨ ᠤᠳᠠᠭ᠎ᠠ ᠤᠯᠠᠨ ᠪᠠᠶᠢᠪᠠ᠃ ᠨᠢᠬᠡ ᠤᠳᠠᠭ᠎ᠠ ᠮᠦᠬᠦᠨ ᠳᠤ ᠬᠤᠤᠷᠳᠠᠬᠳᠠᠠ ᠪᠦᠬᠦ ᠬᠡᠷ ᠢᠶᠠᠷ ᠢᠶᠠᠨ ᠮᠠᠳᠡᠭᠡ ᠠᠯᠳᠠᠷᠠᠵᠣ᠂ ᠬᠠᠪᠤᠳᠴᠤ ᠰᠠᠯᠬᠦᠷᠠᠬᠦ ᠬᠡᠮᠵᠢᠶ᠎ᠠ ᠳᠤ ᠬᠦᠷᠴᠤ ᠠᠶᠢᠯ ᠰᠠᠬᠠᠯᠳᠤ   ᠶᠢᠨ ᠬᠢᠨᠢ ᠠᠶᠢᠷᠠᠭ ᠲᠠᠷᠠᠭ ᠤᠤᠭᠤᠯᠭᠠᠨ ᠠᠮᠢ ᠨᠠᠰᠤᠨ ᠤ ᠠᠶᠤᠯ ᠠᠴᠠ  ᠠᠪᠤᠷᠠᠵᠤ ᠪᠠᠶᠢᠬᠰᠠᠨ ᠤᠳᠠᠭ᠎ᠠ ᠴᠤ ᠪᠤᠢ᠃ ᠲᠤᠰ ᠪᠠᠭᠰᠢ ᠴᠢᠷᠮᠠᠶᠢᠨ ᠠᠵᠢᠯᠯᠠᠬᠰᠠᠨ ᠠᠴᠠ ᠠᠵᠢᠯ ᠰᠢᠯᠵᠢᠬᠦ ᠪᠤᠯᠳᠠᠯ᠎ᠠ ᠰᠢᠯᠵᠢᠯᠳᠠ ᠶᠢᠨ ᠤᠯᠠᠭᠠᠨ ᠲᠤᠭ ᠢ ᠨᠠᠷᠢᠨ ᠰᠤᠷᠭᠠᠭᠤᠯᠢ ᠶᠢᠨ ᠬᠠᠨ᠎ᠠ ᠠᠴᠠ ᠰᠠᠯᠭᠠᠬᠰᠠᠨ ᠦᠬᠡᠢ᠃ ᠪᠠᠶᠠᠷᠳᠤ ᠪᠠᠭᠰᠢ ᠪᠤᠯ ᠨᠠᠷᠢᠨ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠠᠵᠢᠯ ᠳᠤ ᠪᠠᠳᠤ ᠰᠠᠭᠤᠷᠢ ᠲᠠᠯᠪᠢᠬᠴᠢ ᠶᠤᠮ᠃          1962 ᠤᠨ ᠤ ᠨᠠᠮᠤᠷ᠂ ᠪᠠᠶᠠᠷᠳᠤ ᠠᠵᠢᠯ ᠰᠢᠯᠵᠢᠵᠤ ᠰᠤᠷᠭᠠᠭᠤᠯᠢ ᠨᠢ ᠪᠠᠭᠰᠢ ᠦᠬᠡᠢ ᠨᠢᠬᠡ ᠬᠤᠭᠤᠴᠠᠭ᠎ᠠ ᠪᠤᠯᠵᠠᠢ᠃ ᠨᠠᠷᠢᠨ  ᠪᠠᠭ᠎ᠠ ᠰᠤᠷᠭᠠᠭᠤᠯᠢ ᠨᠢ ᠡᠬᠦᠳᠠ ᠪᠠᠨ ᠬᠠᠭᠠᠬᠤ ᠬᠡᠮᠵᠢᠶ᠎ᠠ ᠳᠤ ᠬᠦᠷᠪᠠ᠃ ᠲᠠᠬᠡᠳᠤ ᠱᠠᠳᠣᠨ ᠠᠴᠠ ᠰᠤᠷᠤᠬᠴᠢ ᠶᠢᠨ ᠲᠤᠭ᠎ᠠ ᠬᠡᠮᠵᠢᠶ᠎ᠠ ᠴᠦᠬᠡᠨ ᠬᠡᠳ ᠪᠠᠭᠰᠢ ᠲᠤᠬᠢᠷᠠᠭᠤᠯᠵᠤ ᠦᠭᠬᠦ ᠦᠬᠡᠢ᠃ ᠡᠬᠦᠨ  ᠳᠤ ᠭᠠᠴᠠᠭᠠᠨ ᠤ ᠨᠠᠮ ᠡᠬᠦᠷ ᠪᠤᠯᠤᠨ ᠭᠠᠴᠠᠭᠠᠨ ᠵᠦᠪᠯᠠᠯ ᠠᠴᠠ ᠰᠤᠶᠤᠯ ᠮᠠᠳᠠᠯᠬᠡ ᠲᠠᠢ ᠵᠠᠯᠠᠭᠤ ᠶᠢ ᠠᠷᠠᠳ ᠠᠴᠠ ᠡᠷᠬᠢᠯᠡᠭᠰᠠᠨ ᠪᠠᠭᠰᠢ ᠪᠠᠷ ᠤᠷᠢᠨ ᠬᠡᠷᠡᠭᠯᠠᠬᠦ ᠪᠠᠷ ᠲᠤᠬᠳᠠᠭᠠᠳ᠂ ᠴᠠᠭᠠᠠᠪᠠᠶᠢᠴᠠ ᠭᠠᠴᠠᠭᠠᠨ ᠤ ᠰᠠᠮᠪᠠᠯ ᠬᠡᠳᠡᠭ ᠵᠠᠯᠠᠭᠤ  ᠠᠩᠬ᠎ᠠ ᠳᠣᠮᠳᠠᠳᠣ ᠪᠠᠨ ᠲᠤᠷᠭᠤᠨ ᠵᠤᠬᠰᠤᠵᠤ ᠬᠡᠷ ᠲᠤ ᠪᠠᠨ ᠪᠠᠶᠢᠬᠤ ᠶᠢ ᠰᠤᠷᠤᠬᠯᠠᠵᠤ ᠤᠯᠤᠭᠠᠳ ᠲᠠᠬᠦᠨ ᠲᠠᠢ ᠶᠠᠷᠢᠯᠴᠠᠬᠰᠨᠨ ᠠᠴᠠ ᠨᠠᠷᠢᠨ ᠪᠠᠭ᠎ᠠ ᠰᠤᠷᠭᠠᠭᠤᠯᠢ ᠳᠤ ᠪᠠᠭᠰᠢ ᠶᠢᠨ ᠠᠯᠪᠠ ᠬᠢᠬᠦ ᠲᠤᠷᠠᠳᠠᠢ ᠲᠤᠯᠠ ᠲᠠᠷᠤᠢ ᠳᠤᠨᠢ ᠭᠠᠴᠠᠭᠠᠨ ᠠᠴᠠ ᠦᠬᠡᠷ ᠲᠠᠷᠬᠡ ᠲᠤᠬᠢᠷᠠᠭᠤᠯᠤᠨ ᠨᠤᠷᠵᠢ ᠪᠠᠷ ᠠᠪᠴᠢᠷᠠᠭᠤᠯᠤᠬᠰᠠᠨ ᠪᠠᠶᠢᠨ᠎ᠠ᠃ ᠰᠠᠮᠪᠠᠯ ᠲᠤᠬᠠᠢ ᠶᠢᠨ ᠦᠶ᠎ᠠ ᠳᠤ ᠠᠷᠪᠠᠨ ᠶᠢᠰᠤᠨ ᠨᠠᠰᠤᠳᠠᠢ ᠠᠩᠬᠠᠨ ᠤ ᠠᠷᠠᠳ ᠠᠴᠠ ᠡᠷᠬᠢᠯᠡᠭᠰᠠᠨ  ᠪᠠᠭᠰᠢ ᠪᠤᠯᠤᠬᠰᠠᠨ ᠶᠤᠮ᠃  ᠢᠡᠭᠬᠢᠬᠡᠳ ᠰᠤᠷᠤᠬᠴᠢᠳ ᠢᠶᠠᠨ ᠴᠤᠬᠯᠠᠭᠤᠯᠵᠤ ᠬᠢᠴᠢᠶᠠᠯ ᠡᠬᠢᠯᠠᠬᠦ ᠳᠤ ᠶᠢᠰᠤᠬᠡᠨ ᠰᠤᠷᠤᠬᠴᠢ ᠲᠠᠢ ᠪᠠᠶᠢᠵᠠᠢ᠃           ᠰᠠᠮᠪᠠᠯ ᠪᠠᠭᠰᠢ 1960— 1965 ᠤᠨ ᠬᠦᠷᠳᠠᠯ᠎ᠠ ᠨᠠᠷᠢᠨ ᠪᠠᠭ᠎ᠠ ᠰᠤᠷᠭᠠᠭᠤᠯᠢ ᠳᠤ ᠵᠢᠷᠭᠤᠭᠠᠨ ᠵᠢᠯ ᠠᠵᠢᠯᠯᠠᠵᠤ ᠲᠤᠬᠠᠢ ᠶᠢᠨ ᠦᠶ᠎ᠠ ᠴᠦ ᠠᠵᠤ ᠠᠬᠤᠢ ᠬᠦᠴᠢᠷᠳᠠᠯ ᠲᠠᠢ ᠪᠠᠶᠢᠳᠠᠯ ᠲᠤᠤᠷ᠎ᠠ ᠠᠵᠢᠯ ᠰᠤᠷᠤᠯᠭ᠎ᠠ ᠳᠤ  ᠪᠠᠨ ᠴᠢᠷᠮᠠᠶᠢᠨ ᠦᠪᠡᠷ ᠤᠨ ᠴᠢᠳᠠᠬᠤ ᠦᠬᠡᠢ ᠮᠠᠳᠡᠬᠦ ᠦᠬᠡᠢ ᠵᠤᠶᠢᠯ ᠢᠶᠠᠨ ᠬᠤᠷᠢᠨ ᠬᠡᠳᠤᠨ ᠭᠠᠵᠠᠷ ᠶᠠᠪᠠᠭᠠᠨ ᠢᠶᠠᠷ ᠬᠦᠶᠤᠵᠤ ᠠᠬᠠᠮᠠᠳ ᠪᠠᠭᠰᠢ ᠪᠠᠶᠡᠷᠳᠤ ᠠᠴᠠ ᠠᠰᠠᠭᠤᠨ ᠰᠤᠷᠴᠤ ᠰᠤᠷᠤᠬᠴᠢᠳ ᠤᠨ ᠰᠤᠷᠤᠯᠭ᠎ᠠ ᠶᠠᠰᠤ ᠴᠢᠨᠡᠷ ᠢ ᠰᠠᠶᠢᠵᠢᠷᠠᠭᠤᠯᠤᠨ ᠰᠤᠷᠤᠬᠴᠢᠳ ᠢ ᠪᠦᠬᠦ ᠲᠠᠯ᠎ᠠ ᠪᠠᠷ ᠬᠦᠮᠤᠵᠢᠬᠦᠯᠳᠡᠭ ᠠᠴᠠ ᠨᠠᠷᠢᠨ ᠪᠠᠭ᠎ᠠ ᠰᠤᠷᠭᠠᠭᠤᠯᠢ   ᠶᠢᠨ ᠰᠤᠷᠤᠬᠴᠢᠳ ᠤᠨ  ᠰᠤᠷᠤᠯᠭ᠎ᠠ ᠶᠢᠨ ᠬᠢᠷᠢ ᠬᠡᠮᠵᠢᠶ᠎ᠠ ᠪᠦᠬᠦ ᠰᠤᠮᠤᠨ ᠳᠤ ᠤᠷᠤᠶᠢᠯᠠᠵᠤ ᠪᠠᠶᠢᠯ᠎ᠠ᠃ ᠶᠠᠭ ᠡᠶᠢᠮᠤ ᠠᠴᠠ ᠲᠡᠷᠢᠬᠦᠨ ᠤ ᠨᠢᠬᠡᠴᠠ ᠶᠢᠨ ᠰᠢᠯᠵᠢᠯᠳᠠ ᠶᠢᠨ ᠤᠯᠭᠠᠨ ᠲᠤᠭ ᠨᠠᠷᠢᠨ ᠪᠠᠭ᠎ᠠ ᠰᠤᠷᠭᠠᠭᠤᠯᠢ ᠠᠴᠠ ᠶᠠᠷᠤ ᠨᠢ ᠰᠠᠯᠤᠬᠰᠠᠨ ᠦᠬᠡᠢ ᠪᠢᠯᠨ᠃           ᠲᠤᠬᠠᠢ ᠶᠢᠨ ᠦᠶ᠎ᠠ ᠶᠢᠨ ᠰᠤᠷᠤᠬᠴᠢ᠂ ᠲᠦᠷᠤ ᠶᠢᠨ ᠱᠠᠩᠨᠠᠯᠳᠤ ᠵᠠᠯᠠᠭᠤ ᠵᠤᠬᠢᠶᠠᠯᠴᠢ ᠭᠠ᠊  ᠰᠢᠷᠠᠪᠵᠠᠮᠰᠤ ᠤᠷᠤᠨ ᠨᠤᠳᠤᠭ ᠪᠠ ᠡᠬᠡ ᠰᠤᠷᠭᠠᠭᠤᠯᠢ ᠶᠢᠨ ᠢᠶᠠᠨ ᠠᠯᠳᠠᠷ ᠨᠠᠷ᠎ᠠ ᠶᠢ ᠲᠠᠯᠠᠬᠡᠢ ᠲᠠᠬᠢᠨ᠎ᠠ ᠲᠠᠭᠤᠷᠢᠰᠢᠭᠤᠯᠤᠬᠰᠠᠨ ᠶᠤᠮ᠃          1965 ᠤᠨ ᠤ ᠨᠠᠮᠤᠷ᠂ ᠰᠠᠮᠪᠠᠯ ᠠᠵᠢᠯ ᠰᠢᠯᠵᠢᠵᠤ ᠨᠤᠶᠢᠷᠤᠪ ᠢᠷᠠᠵᠤ ᠠᠵᠢᠯᠯᠠᠵᠠᠢ᠃ ᠲᠤᠬᠠᠢ ᠶᠢᠨ ᠦᠶ᠎ᠠ ᠳᠤ ᠨᠠᠷᠢᠨ ᠭᠠᠴᠠᠭᠠᠨ ᠤ ᠮᠠᠯᠴᠢᠳ ᠵᠢᠯ ᠤᠨ ᠲᠦᠷᠪᠠᠨ ᠤᠯᠠᠷᠠᠯ ᠳᠤ ᠤᠳᠤᠷᠯᠠᠨ  ᠮᠠᠯᠵᠢᠵᠤ ᠵᠤᠨ ᠨᠠᠮᠤᠷ ᠳᠤ  ᠪᠠᠨ ᠶᠠᠷᠤ  ᠵᠤᠰᠠᠯᠠᠩ ᠪᠤᠶᠤ ᠨᠠᠮᠤᠷᠵᠢᠶ᠎ᠠ ᠳᠤ ᠪᠠᠨ ᠰᠠᠭᠤᠷᠢᠰᠢᠳᠠᠭ ᠰᠠᠭᠤᠭ᠎ᠠ ᠰᠤᠷᠤᠭᠴᠢᠳ ᠤᠨ ᠰᠤᠷᠭᠠᠭᠤᠯᠢ ᠳᠤ  ᠪᠠᠨ ᠢᠷᠠᠬᠦ ᠳᠤ ᠲᠦᠢᠯ ᠤᠨ ᠲᠦᠬᠦᠮ ᠦᠬᠡᠢ ᠪᠠᠶᠢᠵᠠᠢ᠃ ᠡᠬᠦᠨ ᠳᠤ ᠨᠤᠶᠢᠷᠤᠪ ᠪᠠᠭᠰᠢ ᠠᠴᠠ ᠰᠠᠨᠠᠭᠤᠯᠭ᠎ᠠ ᠭᠠᠷᠭᠠᠨ ᠵᠤᠰᠠᠯᠠᠩ᠂ ᠨᠠᠮᠤᠷᠵᠢᠶ᠎ᠠ ᠳᠤ ᠮᠤᠩᠭᠤᠯ ᠬᠡᠷ ᠪᠤᠰᠬᠠᠨ ᠨᠠᠬᠦᠳᠠᠯ ᠰᠤᠷᠭᠠᠭᠤᠯᠢ ᠪᠠᠶᠢᠭᠤᠯᠬᠤ ᠶᠢ ᠲᠤᠷᠠᠳᠤᠬᠰᠠᠨ ᠳᠤ ᠲᠤᠬᠠᠢ ᠶᠢᠨ ᠦᠶ᠎ᠠ ᠶᠢᠨ ᠭᠠᠴᠠᠭᠠᠨ ᠤ ᠨᠠᠮ ᠤᠨ ᠡᠬᠦᠷ ᠪᠤᠯᠤᠨ ᠭᠠᠴᠠᠭᠠᠨ ᠵᠦᠪᠯᠠᠯ ᠠᠴᠠ ᠬᠤᠶᠠᠷ ᠮᠤᠩᠭᠤᠯ ᠬᠡᠷ ᠪᠤᠰᠬᠠᠵᠤ ᠮᠠᠯᠴᠢᠳ ᠢ ᠲᠠᠭᠠᠵᠤ ᠤᠳᠤᠷᠯᠠᠨ  ᠶᠠᠪᠤᠭᠤᠯᠬᠤ ᠰᠤᠷᠭᠠᠭᠤᠯᠢ ᠪᠠᠶᠢᠭᠤᠯᠤᠬᠳᠠᠵᠤ ᠰᠤᠷᠤᠬᠴᠢᠳ ᠤᠨ  ᠰᠠᠭᠠᠳᠠᠯ ᠪᠠᠭᠠᠰᠴᠤ ᠰᠤᠷᠤᠯᠭ᠎ᠠ ᠶᠢᠨ ᠶᠠᠰᠤ ᠴᠢᠨᠡᠷ ᠴᠦ ᠨᠠᠶᠢᠳᠠᠮ ᠲᠠᠬᠡᠭᠰᠢᠯᠡᠭᠰᠠᠨ ᠪᠢᠯᠠ᠃          1965-1968 ᠣᠨ ᠤ ᠰᠤᠶᠤᠯ ᠤᠨ ᠶᠡᠭᠡ ᠬᠤᠪᠢᠰᠬᠠᠯ  ᠦᠶ᠎ᠡ ᠳᠤ᠂  ᠮᠠᠤ ᠽᠧ ᠳ᠋ᠥᠡᠭ ᠤᠨ ᠰᠤᠩᠭᠤᠮᠠᠯ ᠵᠤᠬᠢᠶᠠᠯ ᠪᠤᠯᠤᠨ ᠦᠬᠡ ᠶᠢᠨ ᠲᠠᠬᠦᠪᠤᠷᠢ ᠠᠴᠠ ᠰᠤᠩᠭᠤᠨ ᠵᠢᠭᠠᠵᠤ ᠰᠤᠷᠤᠬᠴᠢᠳ ᠤᠨ ᠮᠠᠳᠠᠯᠬᠡ ᠮᠠᠳᠠᠴᠠ ᠶᠢ ᠠᠬᠢᠭᠤᠯᠤᠬᠰᠠᠨ ᠪᠠᠶᠢᠨ᠎ᠠ᠃          1968 ᠤᠨ ᠤᠨ ᠨᠠᠮᠤᠷ ᠳ᠋ᠠᠪᠠᠵᠤᠩᠨᠠᠢ ᠠᠷᠠᠳ ᠠᠴᠠ ᠡᠷᠬᠢᠯᠡᠭᠰᠠᠨ ᠪᠠᠭᠰᠢ ᠪᠤᠯᠵᠤ᠂ 1969  ᠤᠨ  ᠤ ᠨᠠᠮᠤᠷ ᠮᠦᠡᠭᠬᠡᠪᠤᠶᠠᠨᠳᠤ ᠪᠠᠭᠰᠢ ᠶᠢ ᠨᠠᠷᠢᠨ ᠰᠤᠷᠭᠠᠭᠤᠯᠢ ᠳᠤ ᠲᠤᠬᠢᠷᠠᠭᠤᠯᠤᠨ ᠲᠤᠰ ᠰᠤᠷᠭᠠᠭᠤᠯᠢ ᠨᠢ ᠠᠩᠬ᠎ᠠ ᠤᠳᠠᠭ᠎ᠠ ᠬᠤᠶᠠᠷ ᠪᠠᠭᠰᠢ ᠲᠠᠢ ᠰᠤᠷᠭᠠᠭᠤᠯᠢ ᠪᠤᠯᠵᠠᠢ᠃ ᠡᠨᠡ ᠴᠠᠭ ᠦᠶ᠎ᠠ ᠪᠤᠯ ᠶᠠᠭ ᠰᠠᠶᠢᠬᠠᠨ ᠠᠷᠪᠠᠨ ᠵᠢᠯ ᠤᠨ ᠰᠠᠮᠠᠭᠤᠷᠠᠯ ᠤᠨ ᠤᠷᠬᠢᠯ ᠤᠨ ᠬᠤᠭᠤᠴᠠᠭ᠎ᠠ ᠪᠢᠯᠠ ᠬᠡᠪᠠᠴᠤ ᠬᠤᠶᠠᠷ ᠵᠠᠯᠠᠭᠤ ᠪᠠᠭᠰᠢ ᠵᠢᠭᠠᠨ  ᠰᠤᠷᠭᠠᠬᠤ ᠠᠵᠢᠯ ᠢᠶᠠᠨ ᠶᠠᠷᠤ ᠬᠠᠶᠠᠬᠰᠠᠨ ᠦᠬᠡᠢ᠂ ᠲᠤᠬᠢᠶᠠᠯ ᠪᠤᠯᠤᠮᠵᠢ ᠪᠠᠶᠢᠳᠠᠭ ᠲᠤ ᠯᠠ ᠬᠦᠷᠪᠠᠯ ᠰᠤᠷᠤᠬᠴᠢᠳ ᠳᠤ ᠪᠠᠨ ᠬᠢᠴᠢᠶᠠᠯ ᠤᠷᠤᠵᠤ ᠪᠠᠶᠢᠯ᠎ᠠ᠃           ᠲᠠᠮᠠᠢ ᠤᠳᠠᠯ ᠦᠬᠡᠢ ᠳ᠋ᠠᠪᠠᠵᠤᠩᠨᠠᠢ ᠴᠦ ︽ᠮᠠᠭᠤ  ᠬᠤᠪᠢᠳᠠᠨ ᠤ ᠦᠷ᠎ᠠ ᠬᠡᠤᠬᠡᠳ︾ ᠮᠦᠡᠭᠬᠡᠪᠤᠶᠠᠠᠳᠤ  ᠨᠢ ︽ᠬᠠᠷ᠎ᠠ ᠤᠳᠠᠰᠳ ᠤ ᠪᠦᠯᠦᠭ ᠤᠨ ᠬᠤᠯᠪᠤᠭᠠᠴᠢᠨ︾ ᠬᠡᠳᠡᠭ ᠬᠢᠯᠢᠰ ᠮᠠᠯᠠᠭᠠᠢ ᠵᠠᠬᠦᠵᠤ ︽ᠮᠠᠯᠳᠠᠵᠤ ᠠᠷᠢᠯᠭᠠᠬᠤ︾  ᠳ᠋ᠦᠢᠰᠢᠶᠠᠩ ᠪᠤᠯᠤᠨ ᠰᠢᠬᠦᠮᠵᠢᠯᠠᠨ ᠲᠠᠮᠠᠴᠡᠭᠳᠠᠪᠠ᠃ ᠬᠡᠪᠠᠴᠤ ᠬᠤᠶᠠᠷ ᠵᠠᠯᠠᠭᠤ ᠪᠠᠭᠰᠢ ᠵᠢᠭᠠᠨ ᠰᠤᠷᠭᠠᠬᠤ ᠠᠵᠢᠯ ᠢᠶᠠᠨ  ᠬᠠᠶ᠋ᠬᠬᠰᠠᠨ ᠦᠬᠡᠢ ᠪᠢᠯᠠ᠃          1970 ᠤᠨ ᠤ ᠨᠠᠮᠤᠷ ᠵᠤᠤ ᠤᠳᠠ ᠠᠶᠢᠮᠠᠭ ᠤᠨ ︽ᠲᠠᠯ᠎ᠠ ᠨᠤᠳᠤᠭ ᠤᠨ ᠬᠡᠷᠠᠯᠳᠤ ᠰᠤᠪᠤᠳ︾ ᠴᠤᠯᠠ ᠲᠠᠢ ᠤᠤᠠᠽᠠᠷ ᠪᠠᠭᠰᠢ ᠨᠠᠷᠢᠨ ᠰᠤᠷᠭᠠᠭᠤᠯᠢ ᠳᠤ ᠵᠠᠬᠢᠷᠤᠯ ᠢᠶᠠᠷ ᠢᠷᠠᠵᠤ ᠲᠤᠰ ᠵᠢᠯ ᠠᠴᠠ ᠡᠬᠢᠯᠠᠨ 1-5 ᠣᠨ ᠢ ᠡᠷᠬᠢᠯᠠᠬᠦ ᠪᠦᠷᠢᠨ ᠪᠠᠭ᠎ᠠ ᠰᠤᠷᠭᠠᠭᠤᠯᠢ ᠪᠤᠯᠤᠬᠰᠠᠨ ᠪᠠᠶᠢᠨ᠎ᠠ᠃          1971 ᠤᠨ ᠳᠤ ᠪᠠᠶᠠᠷᠳᠤ  ᠬᠤᠶᠠᠳᠠᠬᠢ  ᠤᠳᠠᠭ᠎ᠠ ᠨᠠᠷᠢᠨ ᠰᠤᠷᠭᠠᠭᠤᠯᠢ ᠳᠤ ᠢᠷᠠᠵᠣ ᠠᠵᠢᠯᠯᠠᠵᠠᠢ᠃ ᠢᠡᠭᠬᠢᠬᠡᠳ ᠰᠤᠷᠭᠠᠭᠤᠯᠢ ᠨᠢ ᠭᠤᠷᠪᠠᠨ ᠪᠠᠭᠰᠢ ᠠᠵᠢᠯᠳᠠᠨ ᠲᠠᠢ ᠪᠤᠯᠵᠤ᠂ ᠪᠠᠭᠰᠢ ᠶᠢᠨ ᠬᠦᠴᠤᠨ ᠪᠠ ᠪᠤᠳᠠᠰ ᠤᠨ ᠨᠦᠬᠦᠴᠠᠯ  ᠤᠯᠠᠮ ᠨᠢᠬᠡ ᠠᠯᠬᠤᠮ  ᠰᠠᠶᠢᠵᠢᠷᠠᠪᠠ᠃ ᠮᠦᠨ ᠵᠢᠯ ᠳᠤ ᠭᠠᠴᠠᠭᠠᠨ ᠤ  ᠡᠬᠦᠷ ᠤᠨ ᠱᠦᠵᠢ ᠸᠠᠩᠵᠢᠶᠠᠨ ᠪᠦᠬᠦ ᠺᠠᠳ᠋ᠷ ᠤᠯᠠᠨ ᠲᠦᠮᠠᠨ ᠢ ᠲᠠᠶᠢᠴᠢᠯᠠᠨ ᠰᠤᠷᠭᠠᠭᠤᠯᠢ ᠶᠢ ᠰᠢᠨ᠎ᠠ ᠨᠤᠳᠤᠭ ᠲᠤ ᠰᠢᠯᠵᠢᠬᠦᠯᠤᠨ ᠸᠠᠭᠠᠷ ᠤᠨ ᠲᠠᠬᠡᠪᠦᠷ ᠲᠠᠢ ᠲᠤᠯᠤᠭᠠᠨ ᠲᠠᠰᠤᠯᠭ᠎ᠠ ᠰᠢᠪᠠᠷ ᠬᠡᠷ ᠪᠠᠷᠢᠨ ᠬᠦᠷᠢᠶ᠎ᠠ ᠬᠠᠰᠢᠶ᠎ᠠ ᠪᠦᠷᠢᠨ  ᠲᠦᠬᠦᠷ ᠪᠤᠯᠭᠠᠵᠠᠢ᠃  ᠲᠤᠰ ᠵᠢᠯ ᠳᠤ ᠠᠩᠬ᠎ᠠ ᠤᠳᠠᠭ᠎ᠠ 5  ᠳ᠋ᠤᠭᠠᠷ ᠤᠨ ᠢ ᠲᠠᠬᠦᠰᠬᠡᠵᠤ ᠣᠷᠳᠤ ᠵᠠᠷᠬᠡ ᠬᠢᠷᠢ ᠲᠠᠩᠴᠡᠭᠰᠠᠨ ᠲᠠᠪᠤᠨ ᠰᠤᠷᠤᠬᠴᠢ  ᠶᠢ ᠠᠩᠬ᠎ᠠ ᠲᠤᠮᠳᠠᠳᠤ ᠳᠤ ᠲᠠᠪᠰᠢᠭᠤᠯᠤᠬᠰᠠᠨ ᠪᠠᠶᠢᠨ᠎ᠠ᠃ ᠣᠣᠽᠠᠷ ᠲᠤᠰ ᠰᠤᠷᠭᠠᠭᠤᠯᠢ ᠳᠤ ᠵᠠᠬᠢᠷᠤᠯ ᠢᠶᠠᠷ ᠲᠤᠮᠢᠯᠠᠬᠳᠠᠬᠰᠠᠨ ᠠᠴᠠ ᠡᠬᠢᠯᠠᠨ ᠠᠵᠢᠯᠴᠢ ᠠᠷᠪᠢᠴᠢ ᠪᠠᠷ ᠰᠤᠷᠭᠠᠭᠤᠯᠢ ᠡᠷᠬᠢᠯᠠᠬᠦ ᠶᠢ ᠴᠢᠬᠤᠯᠴᠢᠯᠠᠨ ᠦᠪᠠᠰᠤᠪᠠᠨ ᠬᠢᠵᠤ ᠲᠠᠶᠢᠯᠬᠦ ᠠᠵᠢᠯ ᠪᠤᠯᠭᠠᠨ ᠢ ᠪᠠᠭᠰᠢ ᠰᠤᠷᠤᠬᠴᠢᠳ ᠬᠦᠳᠡᠯᠤᠯᠴᠠᠨ ᠬᠦᠢᠴᠠᠳᠬᠡᠳᠡᠭ ᠪᠦᠬᠡᠳ ᠠᠯᠠᠢ ᠴᠢᠳᠠᠬᠤ  ᠪᠠᠷ ᠬᠡᠷ ᠪᠠᠷᠢᠯᠭ᠎ᠠ ᠰᠢᠷᠡᠭᠡ   ᠰᠠᠨᠳᠠᠯᠢ ᠶᠢ  ᠰᠠᠯᠪᠢᠨ ᠵᠠᠰᠠᠬᠤ ᠰᠢᠨᠠᠳᠬᠡᠬᠦ ᠵᠠᠷᠬᠡ ᠦᠢ ᠤᠯᠠᠨ ᠠᠵᠢᠯ ᠬᠢᠭᠰᠡᠨ ᠪᠠᠶᠢᠨ᠎ᠠ᠃ ᠰᠤᠷᠭᠠᠭᠤᠯᠢ ᠶᠢᠨ ᠬᠦᠷᠢᠶᠠᠨ ᠤ ᠠᠰᠢᠬᠯᠠᠵᠤ ᠪᠤᠯᠬᠤ ᠭᠠᠵᠠᠷ ᠲᠤ ᠢᠳᠠᠰᠢᠨ ᠨᠤᠭᠤᠭ᠎ᠠ ᠲᠠᠷᠢᠵᠤ ᠤᠷᠤᠯᠭ᠎ᠠ ᠪᠠᠨ ᠨᠠᠮᠡᠭᠳᠠᠬᠦᠯᠵᠤ  ᠂ ᠲᠤᠰ ᠵᠤᠭᠤᠰ ᠢᠶᠠᠷ ᠢᠶᠠᠨ  ᠲᠠᠪᠤᠨ ᠡᠮ᠎ᠡ ᠬᠤᠨᠢ ᠬᠤᠳᠠᠯᠳᠤᠨ ᠠᠪᠴᠤ ᠵᠢᠵᠢᠭ ᠮᠠᠯᠵᠢᠯ ᠤᠨ ᠲᠠᠯᠠᠪᠠᠢ ᠡᠷᠬᠢᠯᠠᠬᠦ ᠠᠩᠬ᠎ᠠ ᠰᠠᠭᠤᠷᠢ ᠶᠢ ᠲᠠᠯᠪᠢᠵᠠᠢ᠃ ᠲᠠᠷᠨ1973 ᠣᠨ ᠳᠤ ᠬᠠᠰᠢᠶᠠᠨ ᠳᠤ ᠪᠠᠨ ᠭᠤᠷᠪᠠᠨ ᠮᠤ᠋ ᠡᠷᠯᠢᠰᠵᠢᠬᠦᠯᠦᠭᠰᠠᠨ ᠦᠨᠳᠤᠷ  ᠤᠨᠠᠯᠳᠠ ᠲᠠᠢ ᠲᠦᠮᠤᠰᠤ ᠲᠠᠷᠢᠵᠤ ᠮᠤ᠋ ᠨᠢᠬᠡᠴᠠ ᠶᠢᠨ  ᠤᠨᠠᠯᠳᠠ ᠶᠢ ᠲᠦᠮᠨ ᠰᠢᠬᠠᠮ ᠵᠢᠩ ᠳᠤ ᠬᠦᠷᠭᠡᠨ ᠬᠤᠰᠢᠭᠤ ᠠᠶᠢᠮᠠᠭ ᠤᠨ ᠲᠤᠳᠤᠷ᠎ᠠ ᠠᠯᠳᠠᠷ ᠨᠠᠷ᠎ᠠ ᠮᠠᠠᠳᠤᠵᠤ᠂ ᠤᠯᠠᠠ ᠭᠠᠵᠠᠷ ᠤᠷᠢᠬᠳᠠᠨ ᠲᠤᠷᠰᠢᠯᠭ᠎ᠠ ᠲᠠᠨᠢᠯᠴᠠᠭᠤᠯᠵᠤ ᠲᠤᠬᠠᠢ ᠶᠢᠨ ᠦᠶ᠎ᠠ ᠶᠢᠨ ᠠᠯᠳᠠᠷᠳᠤ ᠬᠦᠮᠤᠨ ᠪᠤᠯᠵᠤ ᠵᠤᠤ ᠤᠳᠠ ᠠᠶᠢᠮᠠᠭ  ᠤᠨ《 ᠲᠠᠯ᠎ᠠ ᠨᠤᠳᠤᠭ ᠤᠨ ᠬᠡᠷᠠᠯᠳᠤ ᠰᠤᠪᠤᠳ》 ᠬᠡᠳᠡᠭ ᠴᠤᠯᠠ ᠤᠯᠤᠬᠰᠠᠨ ᠪᠠᠶᠢᠨ᠎ᠠ᠃ ᠰᠤᠷᠭᠠᠭᠤᠯᠢ ᠨᠢ ᠲᠤᠰ ᠵᠢᠯ ᠠᠴᠠ ᠡᠬᠢᠯᠠᠨ ᠵᠢᠵᠢᠭ ᠮᠠᠯᠵᠢᠯ ᠤᠨ ᠲᠠᠯᠠᠪᠠᠢ᠂ ᠵᠢᠵᠢᠭ ᠲᠤᠷᠰᠢᠯᠳᠠ ᠶᠢᠨ ᠲᠠᠷᠢᠶᠠᠨ ᠤ ᠲᠠᠯᠠᠪᠠᠢ᠂ ᠵᠢᠵᠢᠭ ᠤᠢ ᠮᠤᠳᠤ ᠶᠢᠨ ᠲᠠᠯᠠᠪᠠᠢ ᠵᠠᠷᠬᠡ《 ᠭᠤᠷᠪᠠᠨ ᠲᠠᠯᠠᠪᠠᠢ》 ᠶᠢ ᠡᠷᠬᠢᠯᠠᠵᠤ ᠠᠵᠢᠯᠴᠢ ᠠᠷᠪᠢᠴᠢ ᠪᠠᠷ ᠰᠤᠷᠭᠠᠭᠤᠯᠢ ᠡᠷᠬᠢᠯᠠᠬᠦ ᠵᠠᠮ ᠢᠶᠠᠷ ᠵᠠᠮᠨᠠᠨ ᠰᠤᠷᠭᠠᠭᠤᠯᠢ ᠶᠢᠨ ᠠᠵᠤ ᠠᠬᠤᠢ ᠶᠢᠨ ᠰᠠᠭᠤᠷᠢ ᠶᠢ ᠪᠠᠬᠢᠵᠢᠬᠦᠯᠵᠤ ᠵᠢᠭᠠᠨ ᠰᠤᠷᠭᠠᠬᠤ ᠠᠵᠢᠯ ᠤᠨ ᠡᠷᠴᠢᠮᠳᠠᠢ ᠪᠦᠬᠡᠳ ᠪᠠᠳᠤᠳᠠᠢ ᠶᠠᠪᠤᠬᠳᠠᠬᠤ ᠳᠤ ᠪᠤᠳᠠᠰ ᠤᠨ ᠰᠠᠭᠤᠷᠢ ᠶᠢ ᠲᠠᠯᠪᠢᠵᠤ ᠵᠢᠯ ᠲᠠᠷᠠᠭᠠᠯᠠᠨ ᠬᠤᠰᠢᠭᠤ ᠠᠶᠢᠮᠠᠭ ᠤᠨ ᠭᠤᠤᠯᠳᠠᠯᠭ᠎ᠠ ᠲᠠᠢ ᠰᠤᠷᠭᠠᠭᠤᠯᠢ ᠪᠤᠯᠵᠤ ᠲᠠᠬᠡᠳᠤ ᠱᠠᠳᠤᠨ ᠤ ᠱᠠᠩᠨᠠᠯ ᠬᠦᠬᠢᠬᠦᠯᠤᠯ ᠢ ᠲᠤᠰᠤᠬᠰᠠᠨ ᠪᠦᠬᠡᠳ ᠵᠠᠬᠢᠷᠤᠯ ᠤᠤᠽᠠᠷ ᠪᠠᠭᠰᠢ ᠴᠦ ᠵᠢᠯ ᠲᠠᠷᠠᠭᠠᠯᠠᠨ ᠲᠠᠷᠢᠬᠦᠨ ᠤ ᠪᠠᠭᠰᠢ ᠠᠵᠢᠯᠳᠠᠨ ᠢᠶᠠᠷ   ᠤᠯᠠᠨᠳᠠ ᠬᠦᠬᠢᠬᠦᠯᠦᠭᠳᠠᠵᠠᠢ᠃          1970— 1975 ᠤᠨ ᠪᠤᠯᠳᠠᠯᠠᠬᠢ ᠬᠤᠭᠤᠴᠠᠭᠠᠨ ᠳᠤ ᠵᠤᠷᠢᠬᠳᠤ᠂ ᠰᠠᠴᠠᠨ ︵ᠡᠮᠡᠭᠳᠠᠢ︶  ᠂  ᠯᠤᠤ ᠪᠠᠨᠭ᠌᠂ ᠱᠣᠧᠠᠩ ᠰᠠᠩ᠂ ᠲᠠᠮᠤᠷ᠂ ᠭᠠ᠊ ᠰᠢᠷᠤᠪᠵᠠᠮᠰᠤ ᠵᠠᠷᠬᠡ ᠪᠠᠭᠰᠢ ᠨᠠᠷ ᠤᠷᠢᠳ ᠬᠤᠵᠢᠳ ᠠᠵᠢᠯᠯᠠᠵᠤ᠂  ᠨᠠᠷᠢᠨ ᠤ ᠰᠤᠷᠭᠠᠨ ᠬᠦᠮᠤᠵᠢᠯ ᠤᠨ ᠬᠦᠭᠵᠢᠯᠳᠠ ᠶᠢᠨ ᠤᠶᠢᠯᠠᠰ ᠲᠤ ᠬᠦᠴᠤ ᠬᠦᠯᠤᠰᠤ ᠪᠠᠨ ᠨᠡᠮᠡᠷᠢᠯᠡᠭᠰᠠᠠ ᠲᠠᠤᠬᠡ  ᠲᠠᠢ᠃          1975 ᠤᠨ ᠤ ᠨᠠᠮᠤᠷ ᠰᠠᠮᠪᠠᠯ ᠪᠠᠭᠰᠢ ᠬᠤᠶᠠᠷᠳᠠᠬᠢ ᠤᠳᠠᠭ᠎ᠠ  ᠨᠠᠷᠢᠨᠳᠠᠪᠠᠭ᠎ᠠ ᠰᠤᠷᠭᠠᠭᠤᠯᠢ ᠳᠤ ᠰᠢᠯᠵᠢᠨ ᠢᠷᠠᠵᠤ᠂ ᠱᠦᠭᠦᠸᠠᠷᠠᠰᠢ ᠶᠢ ᠠᠷᠠᠳ ᠠᠴᠠ ᠡᠷᠬᠢᠯᠡᠭᠰᠠᠨ ᠪᠠᠭᠰᠢ  ᠪᠣᠯᠭᠠᠵᠠᠢ᠃  ᠢᠡᠭᠬᠢᠬᠡᠳ ᠨᠠᠷᠢᠨ ᠰᠤᠷᠭᠠᠭᠤᠯᠢ ᠨᠢ ᠤᠤᠽᠠᠷ᠂ ᠰᠠᠮᠪᠠᠯ᠂ ᠱᠣᠧᠠᠩ ᠰᠠᠩ᠂ ᠱᠦᠬᠦᠧᠠᠷᠰᠢ ᠵᠠᠷᠬᠡ ᠲᠦᠷᠪᠠᠨ ᠪᠠᠭᠰᠢ ᠲᠠᠢ ᠪᠤᠯᠵᠠᠢ᠃ ᠤᠳᠠᠯ ᠦᠬᠡᠢ ᠱᠣᠧᠠᠩ ᠰᠠᠩ ᠰᠢᠯᠵᠢᠵᠤ᠂ ᠷᠦᠶ᠋ᠢᠮᠧᠳᠡᠭ ᠠᠷᠠᠳ ᠠᠴᠠ ᠡᠷᠬᠢᠯᠡᠭᠰᠠᠨ ᠪᠠᠭᠰᠢ ᠪᠤᠯᠵᠤ ᠠᠵᠢᠯᠯᠠᠬᠰᠠᠨ ᠪᠠᠶᠢᠨ᠎ᠠ᠃          1976 ᠤᠨ ᠳᠤ ᠰᠤᠷᠭᠠᠭᠤᠯᠢ ᠠᠴᠠ ᠬᠤᠶᠠᠷ ᠮᠤ᠋ ᠳᠤᠷᠰᠢᠯᠲᠠ   ᠶᠢᠨ ᠲᠠᠷᠢᠶ᠎ᠠ  ᠲᠡᠭᠰᠢᠯᠡᠬᠦ ᠪᠠᠷ ᠳᠦᠯᠦᠪᠯᠡᠵᠦ ᠳᠣᠰ ᠬᠠᠪᠤᠷ ᠨᠢ ᠪᠠᠭᠰᠢ ᠰᠤᠷᠤᠭᠴᠢᠳ ᠬᠠᠮᠳᠤ ᠪᠠᠷ  ᠶᠡᠭᠡ ᠳᠤᠯᠤᠯᠳᠤᠭᠠᠨ ᠬᠢᠵᠦ 100 ᠢᠯᠡᠬᠦᠦ  ᠺᠦᠪ  ᠮᠧᠲᠷ ᠴᠢᠯᠠᠭᠤ ᠰᠢᠷᠤᠢ ᠶᠢ ᠲᠡᠪᠢᠬᠦᠷ  ᠰᠠᠭᠰᠦ ᠬᠦᠷᠵᠡ ᠭᠤᠤ ᠲᠧᠦ ᠪᠠᠷ ᠰᠢᠯᠵᠢᠬᠦᠯᠵᠦ ᠪᠠᠷᠢᠮᠵᠢᠶᠠᠳᠦ ᠲᠡᠭᠰᠢ ᠲᠠᠷᠢᠶ᠎ᠠ ᠪᠤᠯᠭᠠᠵᠠᠢ᠃ ᠡᠬᠦᠨ ᠳᠤ ᠣᠨᠴᠠᠭᠠᠶᠢᠯᠠᠨ ᠳᠤᠷᠠᠳᠤᠭᠤᠰᠢᠲᠠᠢ ᠨᠢ ᠳᠤᠬᠠᠢ ᠶᠢᠨ ᠦᠶ᠎ᠡ ᠶᠢᠨ  ᠲᠠᠪᠤᠳᠤᠭᠠᠷ ᠤᠨ ᠤ ᠮᠤᠯᠦᠮ᠂ ᠴᠤᠶᠤᠩᠭᠤᠶᠢᠷᠠᠪ᠂ ᠶᠡᠭᠡ   ᠲᠡᠮᠪᠡᠷᠢᠯ ᠵᠡᠷᠭᠡ ᠰᠤᠷᠤᠭᠴᠢᠳ ᠶᠠᠳᠠᠷᠠᠯ ᠵᠦᠳᠡᠷᠡᠯ ᠢ ᠬᠠᠶᠢᠬᠤᠷᠣᠯ ᠦᠬᠡᠢ ᠭᠠᠪᠰᠢᠭᠠᠶᠢᠯᠠᠨ ᠠᠵᠢᠯᠯᠠᠵᠦ ᠪᠠᠶᠢᠭᠰᠠᠨ ᠪᠢᠯᠡ᠃ ᠡᠨᠡᠬᠦ ᠳᠤᠷᠰᠢᠯᠲᠠ ᠶᠢᠨ ᠲᠠᠷᠢᠶᠠᠨ   ᠳᠤ ᠪᠠᠨ ᠨᠠᠷᠢᠮᠤ ᠲᠠᠷᠢᠵᠦ ᠮᠤ᠋ ᠨᠢᠭᠡᠴᠢ ᠶᠢᠨ ᠤᠨᠠᠯᠲᠠ400 ᠵᠢᠩ ᠢ ᠳᠠᠪᠠᠵᠦ᠂ ᠬᠤᠰᠢᠭᠤ ᠠᠶᠢᠮᠠᠭ ᠢ ᠳᠤᠩᠰᠤᠯᠭᠠᠨ 《 ᠮᠠᠯᠵᠢᠬᠤ ᠣᠷᠣᠨ ᠤ ᠰᠢᠨ᠎ᠡ ᠨᠠᠬᠢᠶ᠎ᠠ︾ ᠬᠡᠵᠦ  ᠦᠨᠠᠯᠡᠭᠳᠡᠭᠰᠠᠨ ᠶᠤᠮ᠃  1976  ᠤᠨ ᠤ ᠨᠠᠮᠤᠷ  ᠂ ᠤᠳᠽᠠᠷ ᠪᠠᠭᠰᠢ ᠪᠠᠶᠠᠨᠠᠭᠤᠯᠠ ᠳᠤᠮᠳᠠᠳᠤ ᠰᠤᠷᠭᠠᠭᠤᠯᠢ ᠳᠤ ᠠᠵᠢᠯ ᠰᠢᠯᠵᠢᠵᠦ᠂ ᠰᠠᠮᠪᠠᠯ ᠪᠠᠭᠰᠢ ᠵᠠᠬᠢᠷᠦᠯ ᠰᠠᠭᠤᠵᠦ᠂ ᠳ᠋ᠧᠮᠴᠡᠭ ᠠᠷᠠᠳ ᠠᠴᠠ ᠡᠷᠬᠢᠯᠡᠭᠰᠡᠨ ᠪᠠᠭᠰᠢ ᠪᠤᠯᠵᠦ᠂ ᠳ᠋ᠧᠴᠢᠨᠪᠤᠤ ᠪᠠᠭᠰᠢ ᠰᠢᠯᠵᠢᠨ ᠢᠷᠡᠵᠦ ᠪᠠᠭᠰᠢᠯᠠᠵᠡᠢ᠃  1979 ᠤᠳᠽᠠᠷ ᠪᠠᠭᠰᠢ ᠲᠠᠬᠢᠨ ᠰᠢᠯᠵᠢᠨ ᠢᠷᠠᠵᠤ ᠵᠠᠬᠢᠷᠤᠯ ᠪᠤᠯᠵᠠᠢ᠃ ᠲᠠᠷᠨ ᠰᠤᠷᠭᠠᠨ ᠬᠦᠮᠤᠵᠢᠯ ᠤᠨ ᠲᠤᠪᠴᠢᠶ᠎ᠠ ᠶᠢ ᠡᠷᠢᠵᠤ  ᠂ ᠴᠢᠳᠠᠪᠤᠷᠢᠳᠠᠢ ᠪᠠᠭᠰᠢ ᠶᠢ ᠰᠤᠷᠭᠠᠭᠤᠯᠢ ᠳᠤ ᠪᠠᠨ ᠦᠯᠠᠳᠡᠬᠡᠬᠦ ᠶᠢ ᠪᠤᠳᠤᠯᠬᠢᠯᠠᠨ ᠪᠠᠭᠰᠢ ᠨᠠᠷ ᠤᠨ ᠤᠷᠤᠨ ᠰᠠᠭᠤᠴᠠ ᠶᠢ ᠪᠠᠷᠢᠬᠤ ᠪᠠᠷ ᠭᠤᠶᠤᠴᠢᠯᠠᠵᠤ ᠲᠤᠪᠴᠢᠶᠠᠨ ᠤ ᠲᠠᠮᠵᠢᠯᠬᠡ ᠶᠢ ᠬᠦᠷᠳᠠᠨ ᠰᠤᠷᠭᠠᠭᠤᠯᠢ  ᠶᠢᠨ ᠠᠵᠢᠯᠴᠢ ᠠᠷᠪᠢᠴᠢ ᠪᠠᠷ ᠰᠤᠷᠭᠠᠭᠤᠯᠢ ᠡᠷᠬᠢᠯᠡᠭᠰᠠᠨ ᠵᠤᠭᠤᠰ ᠢᠶᠠᠷ ᠢᠶᠠᠨ ᠬᠤᠶᠠᠷ ᠰᠠᠭᠤᠷᠢ ᠭᠤᠷᠪᠠᠨ ᠲᠠᠰᠤᠯᠭ᠎ᠠ ᠰᠢᠪᠠᠷ ᠪᠠᠶᠢᠰᠢᠩ ᠪᠠᠷᠢᠵᠤ ᠲᠤᠰᠪᠤᠷᠢ  ᠳᠠᠷᠣᠭᠤᠯ ᠬᠤᠳᠳᠤᠭ ᠲᠠᠭᠠᠷᠠᠭᠤᠯᠵᠤ ᠲᠤᠬᠢᠯᠠᠭ ᠰᠠᠶᠢᠬᠠᠨ ᠪᠠᠭᠰᠢ ᠶᠢᠨ ᠤᠷᠤᠨ ᠰᠠᠭᠤᠴᠠ ᠲᠠᠢ ᠪᠤᠯᠵᠠᠢ᠃          1979 ᠤᠨ ᠳᠤ  ᠡᠣ ᠶᠢᠨ ᠰᠦᠸᠧ  ᠢᠷᠠᠵᠤ ᠠᠵᠢᠯᠯᠠᠪᠠ᠃          1979 ᠤᠨ ᠳᠤ ᠰᠤᠷᠭᠠᠭᠤᠯᠢ ᠨᠢ ᠠᠵᠢᠯᠴᠢ ᠠᠷᠪᠢᠴᠢ ᠪᠠᠷ ᠰᠤᠷᠭᠠᠭᠤᠯᠢ ᠡᠷᠬᠢᠯᠡᠭᠰᠠᠨ ᠵᠤᠭᠤᠰ ᠪᠠ ᠭᠠᠴᠠᠭᠠᠨ ᠤ ᠲᠠᠮᠵᠢᠯᠬᠡ ᠪᠠᠷ ᠮᠦᠨ ᠵᠢᠷᠭᠤᠭᠠᠨ ᠲᠠᠰᠤᠯᠭ᠎ᠠ ᠴᠢᠯᠠᠭᠤᠨ ᠰᠠᠭᠤᠷᠢ ᠲᠠᠢ ᠸᠠᠭᠠᠷ ᠤᠨ  ᠲᠡᠭᠡᠪᠤᠷ ᠲᠠᠢ ᠠᠵᠢᠯᠯᠠᠬᠤ ᠬᠡᠷ ᠪᠠᠷᠢᠵᠠᠢ᠃ 79 ᠤᠨ ᠤ ᠪᠦᠬᠦ ᠬᠤᠰᠢᠭᠤᠨ ᠤ ᠰᠢᠯᠢᠳᠡᠭ ᠬᠢᠴᠢᠶᠠᠯ ᠤᠨ ᠰᠢᠯᠭᠠᠷᠠᠭᠤᠯᠤᠯᠳᠠ ᠳᠤ ᠵᠠᠬᠢᠷᠤᠯ ᠰᠠᠮᠪᠠᠯ ᠪᠠᠭᠰᠢ ᠨᠢᠬᠡᠳᠤᠬᠡᠷ ᠲᠠᠰ ᠤᠨ ᠱᠠᠩᠨᠠᠯ ᠤᠯᠵᠠᠢ᠃ 1979 ᠤᠨ ᠤ 2 ᠰᠠᠷ᠎ᠠ ᠳᠤ ᠰᠤᠷᠭᠠᠭᠤᠯᠢ  ᠨᠢ ᠵᠤᠤ ᠤᠳᠠ ᠠᠶᠢᠮᠠᠭ ᠤᠨ ᠠᠷᠠᠳ ᠤᠨ ᠵᠠᠰᠠᠭ ᠤᠨ ᠤᠷᠳᠤᠨ᠂ ᠨᠠᠮ ᠤᠨ ᠬᠤᠷᠢᠶ᠎ᠠ ᠶᠢᠨ ︽ᠨᠠᠮ ᠤᠨ ᠰᠤᠷᠭᠠᠨ ᠬᠦᠮᠤᠵᠢᠯ ᠤᠨ ᠦᠢᠯᠠᠰ ᠳᠤ ᠦᠨᠠᠨᠴᠢ ᠪᠠᠷ ᠵᠢᠳᠬᠦᠭᠰᠠᠨ︾ ᠬᠡᠰᠠᠨ ᠪᠢᠴᠢᠬᠡᠰᠤ ᠲᠠᠢ ᠬᠦᠬᠢᠬᠦᠯᠤᠯ ᠤᠨ ᠬᠡᠮᠡᠷᠯᠢᠭ ᠲᠤᠭ ᠪᠠ ᠱᠠᠩᠨᠠᠯ ᠤᠨ ᠮᠦᠡᠭᠬᠦ ᠵᠠᠭᠤ ᠲᠠᠪᠢᠨ ᠲᠦᠬᠦᠷᠢᠭ ᠭᠠᠷᠳᠠᠪᠠ᠃1979 ᠤᠨ ᠳᠤ ᠨᠠᠷᠢᠨ ᠪᠠᠭ᠎ᠠ ᠰᠤᠷᠭᠠᠭᠤᠯᠢ ᠨᠢ ᠯᠢᠶᠤᠤᠨᠢᠩ ᠮᠤᠵᠢ ᠶᠢᠨ ᠵᠤᠤ ᠤᠳᠠ ᠠᠶᠢᠮᠠᠭ ᠤᠨ  ︽ᠰᠤᠷᠭᠠᠨ ᠬᠦᠮᠤᠵᠢᠯ ᠤᠨ ᠲᠡᠷᠢᠬᠦᠨ ᠤ ᠨᠢᠬᠡᠴᠢ︾ ᠶᠢᠨ ᠬᠦᠬᠢᠬᠦᠯᠤᠯ ᠢ ᠤᠯᠤᠬᠰᠠᠨ ᠪᠠᠶᠢᠨ᠎ᠠ᠃          1980 ᠤᠨ ᠳᠤ ᠰᠢᠩ ᠪᠤᠤ ᠵᠦᠡᠭ᠂ ᠤᠷᠠᠠᠴᠢᠮᠡᠭ ᠬᠤᠶᠠᠷ ᠪᠠᠭᠰᠢ ᠢᠷᠠᠵᠤ᠂ ᠡᠤ ᠶᠢᠨ ᠰᠦᠸᠧ᠂  ᠳ᠋ᠧᠴᠢᠨᠪᠠᠪᠤᠤ ᠬᠤᠶᠠᠷ ᠰᠢᠯᠵᠢᠵᠠᠢ᠃          1981 ᠤᠨ ᠳᠤ ᠰᠤᠷᠭᠠᠭᠤᠯᠢ ᠠᠴᠠ ᠬᠦᠷᠢᠶ᠎ᠠ ᠬᠠᠰᠢᠶ᠎ᠠ ᠶᠢ ᠲᠡᠭᠰᠢᠯᠠᠬᠦ᠂ ᠮᠤᠳᠤ ᠲᠠᠷᠢᠬᠤ ᠵᠠᠷᠬᠡ ᠠᠵᠢᠯ ᠤᠳ ᠢ ᠠᠩᠬᠢ ᠨᠢᠬᠡᠴᠠ ᠳᠤ ᠬᠤᠪᠢᠶᠠᠨ ᠦᠭᠴᠤ᠂ ᠬᠦᠷᠢᠶ᠎ᠠ ᠶᠢᠨ ᠵᠠᠬᠦᠨ ᠲᠠᠨᠵᠢᠨ ᠳᠤ ᠮᠤᠳᠤ ᠲᠠᠷᠢᠬᠰᠠᠨ ᠪᠠ ᠲᠤᠯᠤᠭᠠᠨ ᠵᠠᠭᠤ ᠢᠯᠡᠬᠦᠤ ᠺᠦᠪ ᠮᠧᠲᠷ ᠰᠢᠷᠤᠢ ᠶᠢ ᠰᠢᠯᠵᠢᠬᠦᠯᠵᠤ ᠰᠤᠷᠭᠠᠭᠤᠯᠢ ᠶᠢᠨ ᠬᠦᠷᠢᠶ᠎ᠠ ᠶᠢ ᠨᠠᠯᠢᠶᠠᠳ ᠲᠡᠭᠰᠢ ᠰᠠᠶᠢᠬᠠᠨ ᠪᠤᠯᠭᠠᠬᠰᠠᠨ ᠪᠠᠶᠢᠨ᠎ᠠ᠃ 1981 ᠤᠨ ᠳᠤ ᠰᠠᠮᠪᠠᠯ᠂ ᠱᠦᠬᠦᠧᠠᠷᠠᠰᠢ ᠠᠵᠢᠯ ᠰᠢᠯᠵᠢᠵᠤ ᠤᠳᠤᠨᠴᠢᠮᠡᠭ ᠰᠢᠯᠵᠢᠨ ᠢᠷᠠᠵᠤ ᠪᠠᠭᠰᠢᠯᠠᠵᠠᠢ᠃ ᠲᠤᠬᠠᠢ ᠶᠢᠨ ᠦᠶ᠎ᠠ ᠳᠤ ᠮᠠᠯ ᠪᠠᠯᠴᠢᠬᠡᠷ ᠢ ᠡᠷᠤᠬᠡ ᠲᠠᠭᠠᠭᠠᠴᠢᠯᠠᠭᠤᠯᠬᠤ ᠲᠦᠷᠤ ᠶᠢᠨ ᠪᠤᠳᠤᠯᠭ᠎ᠠ ᠬᠡᠷᠡᠭᠵᠢᠬᠦᠯᠦᠭᠳᠠᠵᠤ ᠪᠠᠯᠴᠢᠬᠡᠷ ᠤᠰᠤ ᠬᠤᠮᠠᠰᠳᠠᠬᠤ ᠪᠠ ᠪᠠᠶᠢᠭᠠᠯᠢ ᠶᠢᠨ ᠭᠠᠮᠰᠢᠭ ᠠᠴᠠ ᠪᠤᠯᠵᠤ ᠮᠠᠯ ᠠᠵᠤ ᠠᠬᠤᠢ ᠬᠤᠬᠢᠷᠠᠯ ᠲᠠᠢ ᠪᠤᠯᠵᠤ ᠮᠠᠯᠵᠢᠯ ᠤᠨ ᠲᠠᠯᠠᠪᠠᠢ ᠪᠠᠭᠤᠷᠠᠬᠤ ᠲᠠᠰᠢ ᠬᠠᠨᠳᠤᠬᠰᠠᠨ ᠪᠠᠶᠢᠨ᠎ᠠ᠃ ᠬᠡᠪᠠᠴᠤ ᠰᠤᠷᠤᠬᠴᠢᠳ ᠤᠨ ᠰᠤᠷᠤᠯᠭ᠎ᠠ ᠶᠢᠨ ᠶᠠᠰᠤ ᠴᠢᠨᠠᠷ ᠲᠤᠬᠳᠠᠭᠤᠨ ᠢᠶᠠᠷ ᠲᠠᠬᠡᠭᠰᠢᠯᠠᠵᠤ᠂ ᠮᠦᠨ ᠯᠠ ᠠᠶᠢᠮᠠᠭ ᠬᠤᠰᠢᠭᠤᠨ ᠤ ᠭᠤᠤᠯᠳᠠᠯᠭ᠎ᠠ ᠲᠠᠢ ᠰᠤᠷᠭᠠᠭᠤᠯᠢ ᠪᠠᠷ ᠦᠨᠠᠯᠡᠭᠳᠠᠵᠤ ᠪᠠᠶᠢᠪᠠ᠃ ᠲᠤᠬᠠᠶᠢᠯᠠᠪᠠᠯ 1982 ᠤᠨ ᠤ ᠪᠦᠬᠦ ᠤᠷᠤᠨ ᠤ ᠲᠠᠪᠤᠳᠤᠭᠠᠷ ᠤᠨ ᠤ ᠬᠡᠯᠠ ᠪᠢᠴᠢᠭ᠂ ᠲᠤᠭᠠᠨ ᠤ ᠤᠬᠠᠭᠠᠨ ᠤ ᠨᠢᠬᠡᠳᠤᠯᠳᠠᠢ ᠰᠢᠯᠭᠠᠯᠳᠠ ᠳᠤ ᠪᠦᠬᠦ ᠰᠤᠮᠤᠨ ᠤ ᠬᠡᠪᠴᠢᠶᠠᠨ ᠳᠤ ᠬᠡᠯᠡ ᠪᠢᠴᠢᠭ   ᠳᠤ ᠤᠯᠠᠭᠠᠠᠪᠠᠭᠠᠳᠤᠷ ᠲᠠᠷᠢᠬᠦᠯᠠᠵᠤ ᠂ ᠲᠤᠭᠠᠨ ᠤ ᠤᠬᠠᠭᠠᠨ ᠳᠤ ᠭᠠᠨᠭ᠍ᠪᠤᠯᠤᠳ ᠲᠠᠷᠢᠬᠦᠯᠤᠨ ᠰᠤᠮᠤ ᠲᠠᠶᠠᠭᠠᠷ ᠢ ᠲᠦᠷᠬᠢᠬᠦᠯᠤᠨ ᠪᠦᠬᠦ ᠰᠤᠮᠤᠨ ᠤ ᠭᠤᠷᠪᠠᠨ ᠱᠠᠳᠣᠨ ᠤ ᠬᠤᠷᠠᠯ ᠲᠠᠬᠡᠷ᠎ᠠ ᠵᠠᠷᠢᠮ ᠰᠤᠮᠤᠨ ᠤᠳᠤᠷᠢᠳᠤᠯᠭ᠎ᠠ ᠰᠤᠷᠭᠠᠨ ᠬᠦᠮᠤᠵᠢᠯ ᠤᠨ ᠠᠵᠢᠯ ᠤᠨ ᠲᠤᠬᠠᠢ ᠶᠠᠷᠢᠬᠤ ᠳᠤ ᠪᠠᠨ ᠨᠠᠷᠢᠨ ᠤ ᠭᠠᠨᠭ᠍ᠪᠤᠯᠤᠳ ᠬᠡᠳᠡᠭ ᠰᠤᠷᠤᠬᠴᠢ ᠶᠢᠨ ᠵᠠᠷᠢᠮ ᠰᠠᠳᠤᠪ   ᠤᠨ ᠳ᠋ᠦᠡᠭ ᠢ ᠮᠠᠨ ᠤ ᠵᠠᠷᠢᠮ ᠪᠠᠭᠰᠢᠨᠠᠷ ᠴᠦ ᠦᠯᠤ ᠪᠤᠳᠤᠵᠤ ᠴᠢᠳᠠᠨ᠎ᠠ ᠬᠡᠵᠤ ᠮᠠᠬᠳᠠᠬᠰᠠᠨ ᠪᠠᠶᠢᠨ᠎ᠠ᠃          1980 ᠤᠨ ᠤ 6 ᠰᠠᠷ᠎ᠠ ᠳᠤ ᠬᠤᠰᠢᠭᠤᠨ ᠤ ᠰᠤᠷᠭᠠᠨ ᠬᠦᠮᠤᠵᠢᠯ ᠤᠨ ᠲᠤᠪᠴᠢᠶᠠᠨ ᠤ ︽ᠨᠠᠮ ᠤᠨ ᠰᠤᠷᠭᠠᠨ ᠬᠦᠮᠤᠵᠢᠯ ᠤᠨ ᠴᠢᠭᠯᠡᠯᠳᠠ ᠶᠢ ᠲᠤᠤᠱᠯᠠᠭᠤᠯᠵᠤ ᠲᠤᠬᠠᠶᠢᠯᠠᠬᠰᠠᠨ ᠠᠵᠢᠯ ᠢᠶᠠᠨ ᠨᠢᠬᠳᠠᠯᠠᠨ ᠰᠤᠳᠤᠯᠵᠤ ᠵᠢᠭᠠᠨ ᠰᠤᠷᠭᠠᠬᠤ ᠶᠠᠰᠤ ᠴᠢᠨᠠᠷ ᠢᠶᠠᠨ ᠲᠠᠬᠡᠭᠰᠢᠯᠠᠬᠦᠯᠦᠭᠰᠠᠨ ᠳᠤ ᠵᠤᠷᠢᠬᠵᠢᠭᠤᠯᠤᠨ ᠰᠠᠶᠢᠰᠢᠶᠠᠪᠠ︾ ᠬᠡᠬᠦ ᠬᠦᠬᠢᠬᠦᠯᠤᠯ ᠬᠦᠷᠳᠠᠵᠤ ᠮᠦᠨ ᠵᠢᠯ ᠤᠨ ᠵᠢᠷᠭᠤᠭᠠᠨ ᠰᠠᠷ᠎ᠠ ᠳᠤ ᠲᠤᠰ ᠰᠤᠷᠭᠠᠭᠤᠯᠢ ᠶᠢᠨ ᠪᠠᠭᠠᠴᠤᠳ ᠤᠨ ᠬᠤᠰᠢᠭᠤᠴᠢ ᠠᠩᠬᠢ  ᠶᠢᠨ ᠲᠤᠮᠳᠠ ᠠᠩᠬᠢ ᠨᠢ ᠬᠤᠰᠢᠭᠤᠨ ᠤ ᠡᠪᠯᠠᠯ ᠤᠨ ᠬᠤᠷᠢᠶ᠎ᠠ᠂ ᠰᠤᠷᠭᠠᠨ ᠬᠦᠮᠤᠵᠢᠯ ᠤᠨ ᠲᠤᠪᠴᠢᠶᠠᠨ ᠤ ︽ᠪᠠᠭᠠᠴᠤᠳ ᠤᠨ ᠬᠤᠰᠢᠭᠤᠴᠢ ᠠᠩᠬᠢ ᠶᠢᠨ ᠲᠠᠷᠢᠬᠦᠨ ᠤ ᠬᠠᠮᠳᠤ︾ ᠬᠡᠰᠠᠨ ᠬᠦᠬᠢᠬᠦᠯᠤᠯ ᠬᠦᠷᠳᠠᠵᠠᠢ᠃          1983 ᠣᠨ ᠤ 5 ᠰᠠᠷ᠎ᠠ ᠳᠤ ᠬᠤᠰᠢᠭᠤᠨ ᠤ ᠵᠠᠰᠠᠭ ᠤᠨ ᠤᠷᠳᠤᠨ ᠤ《1981— 1982 ᠤᠨ ᠤ ᠰᠤᠷᠬᠤ ᠵᠢᠯ ᠳᠤ ᠰᠤᠷᠭᠠᠨ ᠬᠦᠮᠤᠵᠢᠯ ᠢ ᠲᠦᠬᠡᠮᠠᠯᠵᠢᠬᠦᠯᠬᠦ ᠳᠤ ᠰᠢᠯᠢᠳᠡᠭ ᠪᠦᠳᠤᠮᠵᠢ ᠤᠯᠤᠬᠰᠠᠨ︾ ᠲᠠᠷᠢᠬᠦᠨ ᠤ ᠨᠢᠬᠡᠴᠠ ᠶᠢᠨ ᠬᠦᠬᠢᠬᠦᠯᠤᠯ ᠤᠯᠵᠠᠢ᠃          1982 ᠤᠨ ᠳᠤ ᠤᠤᠽᠠᠷ ᠪᠠᠭᠰᠢ ᠰᠢᠯᠵᠢᠵᠤ ᠳ᠋ᠧᠮᠴᠢᠭ ᠵᠠᠬᠢᠷᠤᠯ ᠤᠨ ᠠᠵᠢᠯ ᠢ ᠨᠢ ᠬᠠᠷᠢᠭᠤᠴᠠᠪᠠ  ᠃  ᠱᠦᠬᠦᠧᠠᠷᠠᠰᠢ ᠰᠢᠯᠵᠢᠨ ᠢᠷᠠᠪᠠ᠃          1982— 1987 ᠤᠨ ᠤ ᠨᠠᠮᠤᠷ ᠪᠤᠯᠳᠠᠯ᠎ᠠ ᠳ᠋ᠧᠮᠴᠡᠭ ᠨᠦᠬᠦᠷ ᠰᠤᠷᠭᠠᠭᠤᠯᠢ ᠶᠢᠨ ᠵᠠᠬᠢᠷᠤᠯ ᠤᠨ ᠠᠵᠢᠯ ᠢ ᠬᠠᠷᠢᠭᠤᠴᠠᠪᠠ᠃ ᠠᠵᠤ ᠠᠬᠤᠢ ᠶᠢᠨ ᠲᠠᠯ᠎ᠠ ᠪᠠᠷ ᠡᠷᠤᠬᠡ ᠲᠠᠭᠠᠭᠠᠴᠢᠯᠠᠬᠤ ᠪᠤᠯᠤᠬᠰᠠᠨ ᠠᠴᠠ ᠰᠤᠷᠭᠠᠭᠤᠯᠢ  ᠶᠢᠨ ᠵᠢᠵᠢᠭ ᠮᠠᠯᠵᠢᠯ ᠤᠨ ᠲᠠᠯᠠᠪᠠᠢ ᠳᠤ ᠵᠤᠶᠢᠯ ᠤᠨ ᠬᠦᠴᠢᠷᠳᠠᠯ ᠲᠤᠯᠭᠠᠷᠠᠵᠠᠢ᠃ ᠲᠤᠬᠠᠶᠢᠯᠠᠪᠠᠯ ᠬᠠᠳᠤᠯᠠᠩ  ᠪᠠᠯᠴᠢᠬᠡᠷ ᠦᠬᠡᠢ  ᠂  ᠬᠠᠷᠢᠭᠤᠯᠭ᠎ᠠ ᠶᠢᠨ ᠬᠦᠮᠤᠨ ᠦᠬᠡᠢ ᠪᠠᠶᠢᠳᠠᠯ ᠢ ᠦᠨᠳᠤᠰᠤᠯᠠᠨ ᠮᠠᠯᠵᠢᠯ ᠤᠨ ᠲᠠᠯᠠᠪᠠᠢ ᠶᠢ ᠬᠠᠰᠤᠵᠤ ᠪᠠᠯᠨ ᠮᠦᠡᠭᠬᠦ  ᠬᠤᠷᠠᠮᠳᠤᠭᠤᠯᠤᠨ ᠲᠠᠪᠤᠨ ᠵᠠᠭᠤ ᠵᠠᠩ ᠰᠢᠬᠠᠮ ᠴᠢᠯᠠᠭᠤᠨ ᠬᠡᠷᠠᠮ ᠪᠠᠷᠢᠵᠤ ᠭᠠᠴᠠᠭ᠎ᠠ ᠲᠠᠢ ᠬᠠᠮᠵᠢᠯᠴᠢᠨ ᠨᠠᠶᠠᠨ ᠮᠤ᠋ ᠮᠤᠳᠤᠨ ᠬᠦᠷᠢᠶ᠎ᠠ ᠪᠠᠶᠢᠭᠤᠯᠵᠤ ᠬᠠᠶᠢᠯᠠᠰᠣ ᠤᠯᠢᠶᠠᠰᠤ ᠲᠠᠷᠢᠵᠠᠢ᠃ ᠪᠦᠬᠦ ᠪᠬᠠᠰᠢ ᠨᠠᠷ ᠤᠨ ᠰᠢᠷᠭᠠᠭᠤ ᠴᠢᠷᠮᠠᠶᠢᠯᠠᠭ᠎ᠠ ᠪᠠᠷ ᠰᠤᠷᠤᠬᠴᠢᠳ ᠤᠨ ᠰᠤᠷᠤᠯᠭ᠎ᠠ ᠶᠢᠨ ᠶᠠᠰᠤ ᠴᠢᠨᠡᠷ ᠴᠦ ᠨᠠᠶᠢᠳᠠᠮ ᠲᠠᠬᠡᠭᠰᠢᠯᠠᠵᠤ ᠵᠠᠷᠢᠮ ᠬᠢᠴᠢᠶᠠᠯ ᠲᠦᠷᠤᠯ ᠤᠳ ᠨᠢ ᠵᠢᠯ ᠲᠠᠷᠠᠭᠠᠯᠠᠨ ᠬᠤᠰᠢᠭᠤ ᠰᠤᠮᠤᠨ ᠤ ᠬᠡᠪᠴᠢᠶᠠᠨ ᠳᠤ ᠡᠮᠤᠨ᠎ᠠ ᠭᠤᠷᠪᠠᠨ ᠨᠠᠷ᠎ᠠ ᠳᠤ ᠲᠤᠳᠤᠷᠠᠵᠤ ᠪᠠᠶᠢᠬᠰᠠᠨ ᠶᠤᠮ᠃ ᠰᠤᠷᠭᠠᠭᠤᠯᠢ ᠶᠢᠨ ᠪᠦᠳᠤᠬᠡᠨ ᠪᠠᠶᠢᠭᠤᠯᠤᠯᠳᠠ ᠶᠢᠨ ᠲᠠᠯ᠎ᠠ ᠳᠤ ᠶᠠᠭᠤᠨ ᠤ ᠡᠮᠤᠨ᠎ᠠ ᠤᠷᠤᠨ ᠨᠤᠳᠤᠭ ᠤᠨ ᠤᠨᠴᠠᠯᠢᠭ ᠲᠤ ᠲᠤᠬᠢᠷᠠᠬᠰᠠᠨ ᠪᠠᠭᠰᠢ ᠰᠤᠷᠤᠬᠴᠢ ᠢᠯᠭᠠᠭ᠎ᠠ ᠲᠠᠢ ᠲᠦᠷᠪᠠᠨ ᠲᠠᠰᠤᠯᠭ᠎ᠠ ᠸᠠᠭᠠᠷ ᠲᠤᠭᠤᠰᠬ᠎ᠠ ᠶᠢᠨ ᠪᠦᠳᠤᠴᠠ ᠲᠠᠢ ᠵᠣᠷᠯᠣᠩ ᠪᠠᠶᠢᠭᠤᠯᠵᠤ ᠨᠠᠷᠢᠠ ᠰᠤᠷᠭᠠᠭᠤᠯᠢ ᠶᠢᠨ ᠵᠣᠷᠯᠣᠩ ᠦᠬᠡᠢ ᠪᠠᠶᠢᠳᠠᠯ ᠢ ᠦᠬᠡᠷᠠᠴᠢᠯᠠᠨ ᠪᠠᠭᠰᠢ ᠰᠤᠷᠤᠬᠴᠢᠳ ᠤᠨ ᠪᠠᠶ᠎ᠠ ᠵᠠᠰᠠᠬᠤ ᠳᠤ ᠲᠦᠬᠦᠮ ᠦᠵᠠᠬᠦᠯᠦᠭᠰᠠᠨ ᠪᠠ ᠦᠷᠬᠦᠯᠵᠢ ᠬᠡᠷᠠᠮ ᠬᠠᠰᠢᠶ᠎ᠠ ᠪᠠᠨ  ᠰᠠᠯᠪᠢᠨ ᠵᠠᠰᠠᠵᠤ᠂ ᠡᠬᠦᠳᠠ ᠴᠤᠩᠬᠤ ᠪᠠᠨ ᠪᠠᠬᠢᠯᠠᠨ᠂ ᠵᠤᠤᠬ᠎ᠠ  ᠶᠠᠨᠳᠦᠩ ᠢᠶᠠᠨ ᠰᠢᠨᠠᠳᠬᠡᠨ ᠰᠤᠷᠤᠬᠴᠢᠳ ᠤᠨ  ᠲᠤᠬᠢᠯᠢᠭ ᠰᠠᠶᠢᠬᠠᠨ ᠤᠷᠴᠢᠨ ᠲᠤᠭᠤᠷᠢᠨ ᠳᠤ ᠰᠤᠷᠤᠯᠴᠠᠵᠤ ᠠᠮᠢᠳᠤᠷᠠᠬᠤ ᠶᠢ ᠪᠠᠳᠤᠯᠠᠬᠰᠠᠨ ᠪᠠᠶᠢᠨ᠎ᠠ᠃ ᠢᠡᠭᠬᠢᠭᠰᠡᠨ ᠢᠶᠠᠷ1984 ᠤᠨ ᠳᠤ ᠬᠤᠰᠢᠭᠤᠨ ᠤ ᠰᠢᠯᠭᠠᠨ ᠪᠠᠶᠢᠴᠠᠭᠠᠯᠳᠠ ᠪᠠᠷ ᠲᠠᠮᠵᠢᠵᠤ ︽ᠪᠤᠯᠪᠠᠰᠤᠨ ᠨᠢᠬᠡᠴᠢ︾ ᠶᠢᠨ  ᠫᠠᠶᠢᠰᠠ ᠡᠯᠬᠦᠭᠰᠠᠨ ᠪᠠᠶᠢᠨ᠎ᠠ᠃ 1984 ᠤᠨ ᠤ ᠭᠤᠷᠪᠠᠨ ᠰᠠᠷ᠎ᠠ ᠳᠤ ᠬᠤᠰᠢᠭᠤᠨ ᠤ ᠵᠠᠰᠠᠭ ᠤᠨ ᠤᠷᠳᠤᠨ ᠤ ︽1983 ᠤᠨ ᠤ ᠰᠤᠷᠭᠠᠨ ᠬᠦᠮᠤᠵᠢᠯ ᠢ ᠲᠦᠬᠡᠮᠠᠯᠵᠢᠬᠦᠯᠬᠦ ᠠᠵᠢᠯ ᠳᠤ ᠰᠢᠯᠢᠳᠡᠭ ᠠᠮᠵᠢᠯᠳᠠ ᠤᠯᠤᠬᠰᠠᠨ︾ ᠬᠦᠬᠢᠬᠦᠯᠤᠯ ᠬᠦᠷᠳᠠᠪᠠ᠃ 1983 ᠤᠨ ᠤ ᠲᠠᠪᠤᠨ ᠰᠠᠷ᠎ᠠ ᠳᠤ ᠲᠤᠰ ᠰᠤᠷᠭᠠᠭᠤᠯᠢ ᠶᠢᠨ ᠵᠠᠬᠢᠷᠤᠯ ᠳ᠋ᠧᠮᠴᠢᠭ ᠪᠠᠭᠰᠢ᠂ ᠦᠪᠤᠷ ᠮᠤᠩᠭᠤᠯ ᠤᠨ ᠦᠪᠠᠷᠳᠠᠬᠡᠨ ᠵᠠᠰᠠᠬᠤ ᠤᠷᠤᠨ ᠤ ᠬᠡᠤᠬᠡᠳ ᠪᠠᠭᠠᠴᠤᠳ ᠤᠨ ᠠᠵᠢᠯ ᠤᠨ ᠵᠦᠪᠯᠡᠯ ᠤᠨ ︽ᠦᠪᠤᠷ ᠮᠤᠩᠭᠤᠯ ᠤᠨ ᠦᠪᠠᠷᠳᠠᠬᠡᠨ ᠵᠠᠰᠠᠬᠤ ᠤᠷᠤᠨ ᠤ ᠬᠡᠤᠬᠡᠳ ᠪᠠᠭᠠᠴᠤᠳ ᠤᠨ ᠠᠵᠢᠯ ᠤᠨ ᠲᠠᠷᠢᠬᠦᠨ ᠤ ᠠᠵᠢᠯᠳᠠᠨ︾ ᠬᠡᠬᠦ ᠬᠦᠬᠢᠬᠦᠯᠤᠯ ᠬᠦᠷᠳᠠᠪᠠ᠃  1984  ᠣᠨ ᠤ ᠲᠠᠪᠤᠨ ᠰᠠᠷ᠎ᠠ ᠳᠤ ᠲᠤᠰ ᠰᠤᠷᠭᠠᠭᠤᠯᠢ ᠨᠢ ᠬᠤᠳᠠ ᠶᠢᠨ ᠠᠷᠠᠳ ᠤᠨ ᠵᠠᠰᠠᠭ ᠤᠨ ᠤᠷᠳᠤᠨ ᠤ  ︽ᠰᠤᠷᠭᠠᠨ ᠬᠦᠮᠤᠵᠢᠯ ᠤᠨ ᠠᠵᠢᠯ  ᠤᠨ ᠰᠢᠨ᠎ᠠ ᠪᠠᠶᠢᠳᠠᠯ ᠢ ᠪᠤᠢ ᠪᠤᠯᠭᠠᠬᠤ ᠳᠤ ᠢᠯᠠᠳᠳᠠ ᠪᠦᠳᠤᠮᠵᠢ ᠤᠯᠤᠬᠰᠠᠨ︾ ᠲᠠᠷᠢᠬᠦᠨ ᠤ ᠬᠠᠮᠳᠤ ᠨᠢᠬᠡᠴᠠ ᠶᠢᠨ ᠬᠦᠬᠢᠬᠦᠯᠤᠯ ᠢ ᠲᠤᠰᠴᠠᠢ᠃ 1984 ᠤᠨ ᠤ ᠠᠷᠪᠠᠨ ᠬᠤᠶᠠᠷ ᠰᠠᠷ᠎ᠠ ᠳᠤ ᠰᠤᠮᠤᠨ ᠤ ᠵᠠᠰᠠᠭ ᠤᠨ ᠤᠷᠳᠤᠨ ᠤ  ︽ᠠᠵᠢᠯᠴᠢ ᠠᠷᠪᠢᠴᠢ ᠪᠠᠷ ᠰᠤᠷᠭᠠᠭᠤᠯᠢ ᠡᠷᠬᠢᠯᠡᠭᠰᠠᠨ ᠲᠠᠷᠢᠬᠦᠨ ᠤ ᠨᠢᠬᠡᠴᠠ︾ ᠪᠠᠷ ᠬᠦᠬᠢᠬᠦᠯᠦᠭᠳᠠᠪᠠ᠃ 1983 ᠤᠨ ᠤ ᠨᠠᠮᠤᠷ ᠳ᠋ᠠᠭᠤᠯ᠎ᠠ ᠪᠠᠭᠰᠢ ᠲᠤᠰ ᠰᠤᠷᠭᠠᠭᠤᠯᠢ ᠳᠤ ᠬᠤᠪᠢᠶᠠᠬᠳᠠᠨ ᠢᠷᠠᠪᠠ᠃          1982-1987 ᠣᠨ ᠤ ᠬᠤᠭᠤᠴᠠᠭᠠᠨ ᠳᠤ ᠲᠤᠰ ᠰᠤᠷᠭᠠᠭᠤᠯᠢ ᠳᠤ ᠠᠵᠢᠯᠯᠠᠵᠤ ᠪᠠᠶᠢᠬᠰᠠᠨ ᠤᠳᠤᠨᠴᠢᠮᠡᠭ᠂ ᠰᠢᠩ ᠪᠤᠤ ᠵᠦᠡᠭ᠂ ᠤᠷᠠᠠᠴᠢᠮᠡᠭ  ᠂ ᠱᠦᠬᠦᠧᠠᠷᠠᠰᠢ᠂ ᠳ᠋ᠧᠴᠢᠨᠪᠠᠪᠤᠤ᠂ ᠳ᠋ᠠᠭᠤᠯ᠎ᠠ᠂ ᠰᠠᠶᠢᠬᠠᠨᠴᠠᠴᠡᠭ᠂ ᠪᠠᠳᠮᠠᠭᠠᠷᠪᠤ᠂  ᠸᠠᠩᠪᠤᠮᠧᠳᠡᠭ᠂ ᠦᠡᠭᠬᠡᠢ᠂ ᠪᠢᠯᠬᠦᠨᠴᠢᠮᠡᠭ ᠵᠠᠷᠬᠡ ᠪᠠᠭᠰᠢ ᠨᠠᠷ ᠨᠢ  ᠨᠠᠷᠢᠨᠳᠠᠪᠠᠭ᠎ᠠ ᠰᠤᠷᠭᠠᠨ ᠬᠦᠮᠤᠵᠢᠯ ᠤᠨ ᠤᠶᠢᠯᠠᠰ ᠲᠤ ᠪᠠᠯᠠᠷᠠᠰᠢ ᠦᠬᠡᠢ ᠬᠦᠴᠤ ᠬᠦᠯᠤᠰᠤ ᠪᠠᠨ ᠵᠤᠷᠢᠭᠤᠯᠤᠬᠰᠠᠨ ᠪᠠ ᠰᠤᠮᠤᠨ ᠤ ᠶᠠᠷᠤᠩᠬᠡᠢ ᠰᠤᠷᠭᠠᠭᠤᠯᠢ ᠪᠤᠯᠤᠨ ᠵᠠᠰᠠᠭ ᠤᠨ ᠤᠷᠳᠤᠨ ᠤ ᠬᠦᠬᠢᠬᠦᠯᠤᠯ ᠱᠠᠩᠨᠠᠯ ᠢ ᠤᠯᠠᠨᠳᠠ ᠲᠤᠰᠤᠬᠰᠠᠨ ᠪᠠᠶᠢᠨ᠎ᠠ᠃ 1987 ᠤᠨ ᠤ ᠨᠠᠮᠤᠷ  ᠂  ᠳ᠋ᠧᠮᠴᠢᠭ ᠰᠢᠯᠵᠢᠵᠤ ᠱᠦᠬᠦᠧᠠᠷᠠᠰᠢ ᠵᠠᠬᠢᠷᠤᠯ ᠤᠨ ᠠᠵᠢᠯ ᠢ ᠵᠠᠯᠭᠠᠨ ᠬᠢᠵᠠᠢ᠃ ᠱᠦᠬᠦᠧᠠᠷᠠᠰᠢ  ᠨᠠᠷᠢᠨᠳᠠᠪᠠᠭ᠎ᠠ ᠪᠠᠭ᠎ᠠ ᠰᠤᠷᠭᠠᠭᠤᠯᠢ ᠳᠤ ᠠᠷᠪᠠ ᠭᠠᠷᠥᠢ ᠵᠢᠯ ᠠᠵᠢᠯᠯᠠᠵᠤ ᠶᠠᠷᠤ ᠨᠢ ᠵᠠᠬᠢᠷᠤᠯ ᠢ ᠬᠠᠮᠵᠢᠨ ᠨᠢᠬᠳᠠᠯᠠᠨ ᠪᠤᠳᠤᠬᠴᠢ᠂ ᠪᠠᠯᠨ ᠮᠦᠡᠭᠬᠦ ᠬᠠᠮᠢᠶᠠᠷᠬᠤ ᠵᠠᠷᠬᠡ ᠠᠵᠢᠯ ᠤᠳ ᠬᠢᠵᠤ ᠪᠠᠶᠢᠬᠰᠠᠨ ᠪᠤᠯᠬᠤᠷ ᠰᠤᠷᠭᠠᠭᠤᠯᠢ ᠶᠢᠨ ᠡᠯ᠎ᠠ ᠲᠠᠯ᠎ᠠ ᠶᠢᠨ ᠠᠵᠢᠯ ᠳᠤ  ᠲᠠᠳᠮᠠᠭᠠᠢ ᠪᠤᠯᠤᠬᠰᠠᠨ ᠪᠠᠶᠢᠨ᠎ᠠ᠃ ᠲᠤᠬᠠᠢ ᠶᠢᠨ ᠦᠶ᠎ᠠ ᠳᠤ ᠬᠡᠷ ᠪᠠᠷᠢᠯᠭ᠎ᠠ ᠬᠠᠭᠤᠴᠢᠷᠠᠵᠤ᠂ ᠰᠢᠷᠡᠭᠡ ᠰᠠᠨᠳᠠᠯᠢ ᠬᠠᠭᠤᠴᠢᠷᠠᠵᠤ ᠠᠵᠤ ᠠᠬᠤᠢ ᠶᠢᠨ ᠲᠠᠯ᠎ᠠ ᠪᠠᠷ ᠨᠠᠯᠢᠶᠠᠳ ᠬᠦᠴᠢᠷᠳᠠᠯ ᠲᠠᠢ ᠪᠠᠶᠢᠬᠰᠠᠨ ᠶᠤᠮ᠃ ᠡᠬᠦᠨ ᠳᠤ ᠲᠤᠰ ᠨᠦᠬᠦᠷ ᠠᠷᠭ᠎ᠠ ᠪᠦᠬᠦᠨ ᠢ ᠰᠦᠪᠡᠭᠴᠢᠯᠠᠨ ᠪᠠᠯᠨ ᠮᠦᠡᠭᠬᠦ  ᠬᠤᠷᠠᠮᠳᠤᠭᠤᠯᠬᠤ᠂ ᠦᠪᠡᠷ ᠤᠨ ᠵᠤᠭᠤᠰ ᠢᠶᠠᠨ ᠤᠷᠢᠳᠴᠢᠯᠠᠨ ᠬᠡᠷᠡᠭᠯᠠᠬᠦ ᠮᠠᠳᠤ ᠪᠠᠷ ᠰᠤᠷᠭᠠᠭᠤᠯᠢ ᠶᠢᠨ ᠬᠡᠷᠠᠮ ᠬᠠᠰᠢᠶ᠎ᠠ ᠶᠢ  ᠰᠠᠯᠪᠢᠨ ᠵᠠᠰᠠᠵᠤ ᠴᠤᠩᠬᠤᠨ ᠰᠢᠯ ᠨᠦᠬᠦᠬᠦ᠂ ᠰᠠᠪᠠ ᠰᠠᠭᠤᠯᠠᠭ᠎ᠠ᠂  ᠲᠤᠭᠤᠭ᠎ᠠ ᠰᠢᠨᠠᠭ᠎ᠠ ᠰᠢᠨᠠᠳᠬᠡᠬᠦ ᠵᠠᠷᠬᠡ ᠠᠵᠢᠯ ᠤᠳ ᠢ ᠵᠦᠢ ᠵᠤᠬᠢᠰᠳᠠᠢ ᠰᠢᠢᠳᠪᠤᠷᠢᠯᠠᠨ ᠲᠠᠬᠡᠳᠤ ᠱᠠᠳᠤᠨ ᠤ ᠬᠠᠮᠢᠶ᠎ᠠ ᠪᠦᠬᠦᠢ ᠪᠠᠶᠢᠭᠤᠯᠭ᠎ᠠ ᠪᠠ ᠭᠠᠴᠠᠭ᠎ᠠ ᠵᠦᠪᠯᠠᠯ ᠢ ᠡᠷᠢᠵᠤ ᠪᠠᠯᠨ ᠮᠦᠡᠭᠬᠦ ᠬᠤᠷᠠᠮᠳᠤᠭᠤᠯᠤᠨ ᠲᠠᠪᠤᠨ ᠲᠠᠰᠤᠯᠭ᠎ᠠ ᠠᠯᠪᠠᠨ ᠬᠡᠷ ᠪᠠᠷᠢᠬᠰᠠᠨ ᠪᠠ ᠬᠤᠶᠠᠷ ᠲᠠᠰᠤᠯᠭ᠎ᠠ ᠵᠤᠷᠯᠤᠩ ᠪᠠᠷᠢᠵᠤ ᠰᠤᠷᠭᠠᠭᠤᠯᠢ ᠶᠢᠨ ᠠᠷᠤ ᠲᠠᠯ᠎ᠠ   ᠶᠢᠨ ᠠᠵᠢᠯ ᠢ ᠪᠠᠳᠤᠳᠠᠢ ᠪᠤᠯᠭᠠᠵᠤ ᠵᠢᠭᠠᠨ ᠰᠤᠷᠭᠠᠬᠤ ᠠᠵᠢᠯ ᠳᠤ  ᠤᠶᠢᠯᠠᠴᠢᠯᠠᠬᠦᠯᠦᠭᠰᠠᠨ ᠪᠠᠶᠢᠨ᠎ᠠ᠃ ᠡᠬᠦᠨ ᠤ ᠵᠠᠷᠬᠡ ᠪᠠᠷ ᠤᠢ ᠰᠢᠭᠤᠢ ᠶᠢᠨ ᠦᠷᠳᠡᠭᠡ ᠲᠠᠢ ᠵᠦᠪᠳᠠᠯᠴᠠᠵᠤ ᠠᠭᠤᠯᠠᠨ ᠬᠤᠰᠤ ᠮᠤᠳᠤ ᠤᠬᠳᠤᠯᠤᠨ ᠬᠤᠷᠢᠨ ᠲᠠᠪᠤᠨ ᠢᠵᠢ ᠰᠢᠷᠡᠭᠡ ᠰᠠᠨᠳᠠᠯᠢ ᠬᠢᠯᠬᠡᠵᠤ᠂ ᠨᠠᠷᠢᠨ ᠰᠤᠷᠭᠠᠭᠤᠯᠢ ᠶᠢᠨ ᠪᠠᠷᠢᠮᠵᠢᠶ᠎ᠠ ᠳᠤ ᠬᠦᠷᠬᠦ ᠰᠠᠭᠤᠷᠢ ᠶᠢ ᠲᠠᠯᠪᠢᠵᠠᠢ᠃ ᠡᠨᠡ ᠬᠤᠭᠤᠴᠠᠭᠠᠨ ᠳᠤ ᠪᠠᠭᠠᠳᠤᠷᠴᠤᠬᠳᠤ᠂ ᠰᠧᠪᠠᠯᠮ᠎ᠠ᠂ ᠳ᠋ᠠᠭᠤᠯ᠎ᠠ᠂ ᠤᠳᠭᠠᠠᠬᠬᠡᠷᠠᠯᠳᠤ  ᠂ ᠵᠢᠷᠠᠨᠳᠠᠢ  ᠂ ᠤᠯᠠᠭᠠᠨᠳᠤᠶᠠᠭ᠎ᠠ᠂ᠦᠨᠠᠨᠴᠢ  ᠂ ᠡᠷᠳᠡᠨᠢᠧᠴᠠᠷ ᠵᠠᠷᠬᠡ ᠪᠠᠭᠰᠢ ᠨᠠᠷ ᠠᠵᠢᠯᠯᠠᠵᠤ ᠪᠠᠶᠢᠬᠰᠠᠨ ᠪᠠ ᠡᠳᠠᠬᠡᠷ ᠪᠠᠭᠰᠢ ᠨᠠᠷ ᠲᠤᠬᠠᠶᠢᠯᠠᠬᠰᠠᠨ ᠠᠵᠢᠯ ᠢᠶᠠᠨ ᠰᠢᠷᠭᠠᠭᠤ ᠰᠣᠳᠤᠯᠵᠤ ᠨᠠᠷᠢᠨ ᠬᠢᠨᠠᠮᠠᠭᠠᠢ ᠵᠢᠭᠠᠨ ᠰᠤᠷᠭᠠᠳᠠᠭ ᠠᠴᠠ ᠰᠤᠷᠤᠬᠴᠢᠳ ᠤᠨ ᠰᠤᠷᠤᠯᠭ᠎ᠠ ᠶᠢᠨ ᠬᠡᠷᠢ ᠬᠡᠮᠵᠢᠶ᠎ᠠ ᠶᠠᠷᠤ ᠨᠢ ᠲᠤᠬᠳᠠᠭᠤᠨ  ᠢᠶᠠᠷ ᠲᠠᠬᠡᠭᠰᠢᠯᠠᠵᠤ ᠢᠷᠡᠭᠰᠠᠨ ᠪᠠᠶᠢᠨ᠎ᠠ᠃          1990 ᠣᠨ ᠤ ᠨᠠᠮᠣᠷ᠂ ᠪᠠᠭᠠᠳᠣᠷᠴᠣᠬᠳᠤ ᠶᠡᠷᠣᠩᠬᠡᠢ ᠰᠣᠷᠭᠠᠭᠤᠯᠢ ᠶᠢᠨ ᠳᠣᠬᠢᠷᠠᠭᠤᠯᠤᠯᠳᠠ ᠢᠶᠠᠷ ᠨᠠᠷᠢᠨᠳᠠᠪᠠᠭ᠎ᠠ ᠪᠠᠭ᠎ᠠ ᠰᠤᠷᠭᠠᠭᠤᠯᠢ ᠶᠢᠨ ᠵᠠᠬᠢᠷᠣᠯ ᠤᠨ ᠠᠵᠢᠯ ᠢ ᠬᠢᠭᠰᠡᠨ ᠪᠠᠶᠢᠨ᠎ᠠ᠃ ᠲᠡᠷᠡ ᠶᠠᠭᠤᠨ ᠤ ᠤᠷᠢᠳ ᠪᠠᠷ ᠰᠤᠷᠭᠠᠭᠤᠯᠢ ᠶᠢᠨ ᠵᠢᠭᠠᠨ ᠰᠣᠷᠭᠠᠬᠤ ᠠᠵᠢᠯ ᠢᠶᠠᠨ ᠡᠷᠴᠢᠮ ᠲᠠᠢ ᠰᠠᠶᠢᠨ ᠬᠢᠭᠦ ᠶᠢᠨ ᠲᠦᠯᠦᠬᠡ  ᠂ ᠡᠯ᠎ᠡ ᠵᠣᠶᠢᠯ ᠤᠨ ᠠᠵᠢᠯ ᠤᠨ ᠲᠦᠯᠦᠪᠯᠡᠭᠡ ᠪᠠ ᠲᠦᠷᠢᠮ ᠲᠣᠬᠳᠠᠭᠠᠯ ᠢ ᠲᠣᠬᠳᠠᠭᠠᠵᠣ᠂ ᠲᠦᠯᠦᠪᠯᠡᠭᠡ ᠶᠣᠰᠤᠭᠠᠷ ᠢᠶᠠᠨ ᠮᠦᠷᠳᠡᠯᠬᠡ  ᠲᠠᠢ ᠪᠠᠷ ᠬᠢᠨᠠᠨ ᠪᠠᠶᠢᠴᠠᠭᠠᠵᠣ᠂ ᠲᠣᠬᠠᠶᠢᠯᠬᠰᠠᠨ ᠠᠵᠢᠯ ᠳᠤ ᠪᠠᠨ ᠭᠦᠨᠵᠡᠬᠡᠶᠢᠷᠡᠡ ᠠᠵᠢᠯᠯᠠᠬᠤ ᠶᠢ ᠰᠣᠷᠳᠠᠯᠴᠢᠯᠠᠬᠤ ᠠᠵᠢᠯᠯᠠᠭᠠᠨ ᠢ ᠦᠷᠨᠢᠭᠦᠯᠦᠨ ᠲᠡᠭᠦᠯᠳᠡᠷᠵᠢᠭᠦᠯᠵᠦ᠂ ᠪᠠᠭᠰᠢ ᠨᠠᠷ ᠢ ᠱᠠᠭᠠᠷᠳᠠᠬᠤ ᠶᠢᠨ ᠲᠠᠭᠠᠤ ᠲᠠᠳᠠᠨᠠᠷ ᠤᠨ ᠭᠦᠴᠢᠷ  ᠢ ᠰᠢᠢᠳᠪᠦᠷᠢᠯᠡᠵᠦ ᠦᠭᠳᠡᠭ ᠠᠴᠠ ᠪᠠᠭᠰᠢ ᠨᠠᠷ ᠤᠨ ᠠᠵᠢᠯᠯᠠᠬᠤ ᠢᠳᠡᠪᠬᠢᠵᠢᠯ ᠲᠠᠶᠢᠴᠢᠯᠡᠨ᠂ ᠪᠦᠭᠦᠶᠢᠯᠡ ᠵᠢᠭᠠᠨ ᠰᠣᠷᠭᠠᠬᠤ ᠠᠵᠢᠯ ᠳᠤ ᠰᠢᠨ᠎ᠡ ᠨᠢᠬᠡᠨ ᠡᠷᠬᠢᠯᠳᠡ ᠶᠢ ᠭᠠᠷᠭᠠᠨ ᠠᠵᠢᠯ ᠢᠶᠠᠨ ᠠᠬᠢᠭᠤᠯᠣᠬᠰᠠᠨ ᠪᠠᠶᠢᠨ᠎ᠠ᠃  ᠲᠡᠷᠡ ᠠᠬᠠᠮᠠᠳ ᠨᠢᠬᠡ ᠦᠶ᠎ᠡ ᠶᠢᠨ ᠢᠷᠠᠭᠤ ᠠᠯᠳᠠᠷ ᠢ ᠣᠯᠠᠮᠵᠢᠯᠠᠨ ᠪᠠᠳᠠᠷᠠᠭᠤᠯᠵᠤ᠂ ᠰᠣᠷᠭᠠᠭᠤᠯᠢ ᠶᠢᠨ ᠪᠦᠳᠦᠬᠡᠨ ᠪᠠᠶᠢᠭᠤᠯᠤᠯᠳᠠ ᠪᠠ ᠵᠢᠭᠠᠨ ᠰᠣᠷᠭᠠᠬᠤ ᠶᠠᠰᠣ ᠴᠢᠨᠠᠷ ᠢ ᠲᠡᠬᠡᠭᠰᠢᠯᠡᠭᠦᠯᠭᠦ ᠳᠤ ᠦᠪᠡᠷ ᠤᠨ ᠣᠶᠤᠨ ᠣᠬᠠᠭᠠᠨ ᠪᠠ ᠭᠦᠴᠦ ᠴᠢᠳᠠᠯ ᠢᠶᠠᠨ ᠰᠢᠪᠠᠭ᠋ᠠᠨ ᠠᠵᠢᠯᠯᠠᠬᠰᠠᠨ ᠪᠠᠶᠢᠨ᠎ᠠ᠃ ᠲᠣᠬᠠᠢ ᠶᠢᠨ ᠦᠶ᠎ᠡ ᠳᠤ ᠰᠣᠷᠭᠠᠭᠤᠯᠢ ᠨᠢ ᠵᠣᠬᠢᠬᠤ ᠠᠯᠪᠠᠨ ᠵᠠᠷᠣᠳᠠᠯ ᠰᠢᠢᠳᠪᠦᠷᠢᠯᠡᠭᠦ ᠵᠣᠭᠤᠰ ᠲᠠᠢ ᠯᠡ ᠪᠠᠶᠢᠵᠣ᠂ ᠪᠣᠰᠣᠳ ᠦᠬᠡᠷ᠎ᠡ ᠪᠡᠯᠡᠳᠬᠡᠯ ᠲᠦᠭᠦᠷᠦᠮᠵᠢ ᠶᠢ ᠬᠤᠳᠠᠯᠳᠣᠨ ᠠᠪᠬᠤ ᠬᠡᠳ ᠵᠣᠭᠤᠰ ᠦᠬᠡᠢ ᠪᠠᠶᠢᠳᠠᠯ ᠤᠨ ᠳᠣᠣᠷ᠎ᠠ᠂ ᠲᠡᠷᠡ ᠦᠪᠡᠷ ᠤᠨ ᠵᠣᠭᠤᠰ ᠢᠶᠠᠨ ᠰᠣᠷᠭᠠᠭᠤᠯᠢ  ᠳᠤ ᠣᠷᠢᠳᠴᠢᠯᠠᠨ ᠰᠢᠯᠵᠢᠭᠦᠯᠵᠦ᠂ ᠯᠢᠨᠳᠦ᠋ᠩ ᠠᠴᠠ ᠠᠯᠪᠠᠨ ᠬᠡᠷ ᠵᠣᠬᠢᠬᠤ ᠡᠳ᠋ ᠬᠡᠷᠡᠭᠰᠡᠯ᠂ ᠭᠤᠷᠪᠠᠨ ᠠᠩᠬᠢ ᠶᠢᠨ ᠬᠡᠷ ᠤᠨ ᠶᠠᠨᠳᠦ᠋ᠩ ᠪᠠ ᠡᠯ᠎ᠡ ᠠᠩᠬᠢ ᠶᠢᠨ ᠬᠡᠷ᠂ ᠠᠯᠪᠠᠨ ᠬᠡᠷ᠂ ᠪᠠᠶᠢᠷᠢ ᠶᠢᠨ ᠬᠡᠷ ᠲᠤ ᠬᠡᠷᠡᠭᠯᠡᠭᠦ ᠴᠢᠨᠠᠷ ᠰᠠᠶᠢᠳᠠᠢ ᠲᠣᠯᠣᠭᠠᠨ ᠪᠦᠳᠦᠭᠦᠨ ᠲᠡᠪᠢᠭᠦᠷ ᠢ ᠬᠢᠯᠬᠡᠨ ᠠᠪᠴᠢᠷᠠᠭᠠᠳ ᠠᠩᠬ᠎ᠠ ᠠᠯᠬᠤᠮ ᠤᠨ ᠨᠢᠳᠦᠨ ᠡᠮᠦᠨᠡᠬᠢ ᠭᠦᠴᠢᠷᠳᠡᠯ ᠢ ᠰᠢᠢᠳᠪᠦᠷᠢᠯᠡᠵᠦ ᠦᠭᠭᠦᠭᠰᠡᠨ ᠶᠣᠮ᠃ 1990 ᠣᠨ ᠤ ᠨᠠᠮᠤᠷ ᠤᠨ ᠰᠡᠭᠦᠯᠴᠢ ᠪᠠᠷ ᠪᠠᠭᠠᠳᠣᠷᠴᠤᠬᠳᠣ ᠭᠠᠴᠠᠭᠠᠨ ᠤ ᠵᠦᠪᠯᠡᠯ ᠢ ᠡᠷᠢᠵᠦ ᠲᠣᠰᠬᠤᠨ ᠤ ᠡᠮᠣᠨ᠎ᠡ ᠲᠠᠯ᠎ᠠ ᠳᠤ ᠪᠠᠶᠢᠭ᠎ᠠ ᠲᠠᠷᠢᠶᠠᠨ ᠭᠠᠵᠠᠷ ᠠᠴᠠ 50 ᠮᠣ᠋ ᠲᠠᠷᠢᠶᠠᠨ ᠭᠠᠵᠠᠷ ᠢ ᠣᠯᠵᠣ ᠲᠣᠰᠬᠠᠶᠢᠯᠠᠨ ᠰᠣᠷᠭᠠᠭᠤᠯᠢ ᠶᠢᠨ ᠨᠡᠷ᠎ᠡ ᠲᠡᠬᠡᠷ᠎ᠡ ᠪᠠᠨ ᠵᠢᠭᠠᠯᠭᠠᠨ ᠠᠪᠴᠣ᠂ ᠭᠠᠳᠠᠬᠰᠢ ᠪᠠᠨ ᠲᠦᠷᠢᠶᠡᠰᠦᠯᠡᠨ ᠦᠭᠴᠦ ᠵᠢᠯ ᠪᠦᠷᠢ ᠶᠢᠨ 1500 ᠲᠦᠭᠦᠷᠢᠭ ᠤᠨ ᠴᠡᠪᠡᠷ ᠣᠷᠣᠯᠭ᠎ᠠ ᠶᠢ ᠣᠯᠵᠣ ᠰᠣᠷᠭᠠᠭᠤᠯᠢ ᠶᠢᠨ ᠠᠯᠪᠠᠨ ᠵᠠᠷᠣᠳᠠᠯ ᠪᠠ ᠵᠣᠬᠢᠬᠤ ᠪᠦᠳᠦᠬᠡᠨ ᠪᠠᠶᠢᠭᠤᠯᠣᠯᠳᠠ ᠬᠢᠭᠦ ᠵᠠᠷᠤᠳᠠᠯ ᠢᠶᠠᠨ ᠰᠢᠢᠳᠪᠦᠷᠢᠯᠡᠭᠦ ᠰᠠᠭᠤᠷᠢ ᠶᠢ ᠲᠠᠯᠪᠢᠬᠰᠠᠨ ᠪᠠᠶᠢᠨ᠎ᠠ᠃ ᠲᠣᠰ ᠵᠢᠯ ᠳᠤ ᠰᠣᠷᠬᠤ ᠨᠠᠰᠣᠨ ᠤ 11 ᠬᠡᠤᠬᠡᠳ ᠢ ᠰᠣᠷᠭᠠᠭᠤᠯᠢ ᠳᠤ ᠡᠯᠰᠡᠨ ᠠᠪᠴᠤ ᠰᠣᠷᠭᠠᠭᠤᠯᠢ  ᠳᠤ ᠣᠷᠣᠬᠤ ᠨᠣᠷᠮ᠎ᠠ ᠶᠢ 100% ᠳᠤ ᠭᠦᠷᠬᠡᠭᠰᠡᠨ ᠪᠠᠶᠢᠨ᠎ᠠ᠃ 1 — 5 ᠣᠨ ᠤ ᠲᠠᠪᠣᠨ ᠠᠩᠬᠢ ᠡᠷᠬᠢᠯᠡᠵᠦ 59 ᠰᠣᠷᠣᠬᠴᠢ ᠲᠠᠢ  ᠪᠠᠶᠢᠵᠡᠢ᠃ ᠠᠵᠢᠯᠯᠠᠵᠣ ᠪᠠᠶᠢᠬᠰᠠᠨ ᠪᠠᠭᠰᠢ ᠨᠠᠷ ᠨᠢ ᠪᠠᠭᠠᠳᠣᠷᠴᠣᠬᠳᠣ᠂ ᠰᠧᠪᠯᠡᠮ᠎ᠠ᠂ ᠦᠯᠵᠡᠶᠢᠮᠦ᠋ᠷᠢᠨ᠂ ᠱᠦᠭᠦᠸᠠᠷᠠᠰᠢ᠂ ᠳ᠋ᠠᠭᠤᠯ᠎ᠠ ᠵᠡᠷᠬᠡ ᠪᠠᠭᠰᠢ ᠨᠠᠷ ᠬᠢᠴᠢᠶᠡᠯᠯᠡᠵᠦ ᠪᠠᠶᠢᠵᠡᠢ᠃        1991 ᠣᠨ ᠳᠤ ᠰᠣᠷᠭᠠᠭᠤᠯᠢ ᠢᠶᠠᠨ ᠴᠡᠴᠡᠷᠯᠢᠭᠵᠢᠭᠰᠡᠨ ᠪᠠᠷᠢᠮᠵᠢᠶᠠᠲᠣ ᠰᠣᠷᠭᠠᠭᠤᠯᠢ ᠪᠣᠯᠭᠠᠬᠤ ᠶᠢᠨ ᠲᠦᠯᠦᠬᠡ᠂ ᠭᠦᠷᠢᠶᠡᠨ ᠤ ᠨᠠᠯᠣ ᠪᠠᠶᠢᠬᠰᠠᠨ ᠭᠠᠵᠠᠷ ᠢ ᠲᠡᠭᠰᠢᠯᠡᠭᠦ ᠠᠵᠢᠯ ᠢ ᠬᠢᠯᠬᠡᠵᠦ᠂ ᠲᠦᠷᠪᠡᠨ ᠵᠠᠭᠤ ᠰᠢᠬᠠᠮ ᠺᠦᠪ ᠮᠧᠲᠷ ᠰᠢᠷᠣᠢ ᠶᠢ ᠰᠢᠯᠵᠢᠭᠦᠯᠦᠨ ᠭᠦᠷᠢᠶ᠎ᠡ ᠪᠠᠨ ᠲᠡᠭᠰᠢᠬᠡᠨ ᠪᠣᠯᠭᠠᠬᠰᠠᠨ ᠤ ᠲᠠᠷᠠᠭ᠎ᠠ᠂ ᠲᠣᠭᠤᠷᠢᠭ ᠬᠡᠯᠪᠡᠷᠢ  ᠲᠠᠢ ᠬᠤᠸᠠᠷ ᠤᠨ ᠣᠩᠭᠤᠴᠠ ᠢ ᠪᠠᠷᠢᠵᠣ ᠣᠷᠴᠢᠨ ᠲᠣᠭᠤᠷᠢᠨ ᠤ ᠦᠩᠬᠡ ᠦᠵᠡᠮᠵᠢ ᠶᠢ ᠨᠡᠮᠡᠭᠳᠡᠭᠦᠯᠭᠦ ᠪᠦᠳᠦᠬᠡᠨ ᠪᠠᠶᠢᠭᠤᠯᠣᠯᠳᠠ ᠶᠢ ᠬᠢᠭᠰᠡᠨ ᠪᠠᠶᠢᠨ᠎ᠠ᠃  ᠲᠡᠷᠡ ᠪᠠᠭᠰᠢ ᠰᠣᠷᠣᠬᠴᠢ ᠲᠠᠢ ᠪᠠᠨ ᠬᠠᠮᠵᠢᠯᠴᠠᠵᠣ ᠪᠠᠶᠢᠭᠠᠳ ᠣᠢ ᠰᠢᠭᠤᠢ ᠶᠢᠨ ᠦᠷᠳᠡᠭᠡ ᠠᠴᠠ ᠨᠠᠷᠠᠰᠣᠨ ᠮᠣᠳᠣ ᠶᠢ ᠦᠨᠳᠦᠰᠦ ᠲᠠᠢ ᠨᠢ ᠲᠡᠬᠡᠬᠡᠨ ᠠᠪᠴᠢᠷᠠᠵᠣ ᠬᠢᠴᠢᠶᠡᠯ ᠤᠨ ᠬᠡᠷ ᠪᠠ ᠠᠯᠪᠠᠨ ᠬᠡᠷ ᠤᠨ ᠡᠮᠦᠨᠡᠭᠦᠷ ᠨᠢ ᠵᠠᠶᠢᠯᠠᠵᠣ ᠭᠤᠶᠣᠵᠢᠭᠤᠯᠬᠤ ᠠᠵᠢᠯ ᠢ ᠬᠢᠭᠰᠡᠨ ᠪᠦᠬᠡᠳ ᠵᠢᠯ ᠪᠣᠯᠭᠠᠨ ᠰᠣᠷᠣᠬᠴᠢ ᠨᠢᠬᠡᠪᠦᠷᠢ ᠠᠴᠠ ᠬᠤᠶᠠᠷ ᠲᠡᠷᠬᠡ ᠠᠷᠭᠠᠯ ᠬᠤᠷᠢᠶᠠᠨ ᠠᠪᠴᠣ ᠡᠪᠦᠯ ᠤᠨ ᠲᠦᠯᠡᠰᠢ ᠢᠶᠠᠨ ᠰᠢᠢᠳᠪᠦᠷᠢᠯᠡᠵᠦ ᠪᠠᠶᠢᠳᠠᠭ ᠪᠣᠯᠬᠤᠷ ᠠᠭᠤᠯᠠᠨ ᠠᠴᠠ  ᠰᠢᠪᠡᠭᠡ ᠲᠡᠭᠡᠭᠡᠵᠦ᠂  ᠭᠤᠷᠪᠠᠨ ᠨᠣᠭᠤᠰᠤ ᠲᠠᠢ ᠠᠷᠭᠠᠯ ᠤᠨ ᠬᠠᠰᠢᠶ᠎ᠠ ᠪᠠᠷ  ᠠᠷᠭᠠᠯ ᠢᠶᠠᠨ ᠬᠠᠰᠢᠶᠠᠯᠠᠨ ᠲᠠᠯᠪᠢᠬᠤ᠂ ᠬᠡᠷᠡᠮ ᠬᠠᠰᠢᠶ᠎ᠠ ᠶᠢ ᠰᠡᠯᠪᠢᠨ ᠵᠠᠰᠠᠬᠤ᠂ ᠠᠭᠤᠯᠠᠨ ᠠᠴᠠ ᠴᠢᠯᠠᠭᠤᠨ ᠪᠠᠭᠠᠨ᠎ᠠ  ᠢ ᠲᠡᠬᠡᠬᠡᠨ ᠠᠪᠴᠢᠷᠠᠵᠣ᠂ ᠠᠯᠪᠠᠨ ᠬᠡᠷ ᠤᠨ ᠡᠭᠦᠳᠡᠨ ᠤ ᠡᠮᠦᠨ᠎ᠡ ᠱᠠᠲᠤ ᠲᠠᠯᠪᠢᠬᠤ ᠵᠡᠷᠬᠡ ᠠᠵᠢᠯ ᠢ ᠬᠢᠭᠰᠡᠨ ᠠᠴᠠ ᠣᠣᠯ ᠤᠨ ᠰᠣᠷᠭᠠᠭᠤᠯᠢ ᠶᠢᠨ ᠭᠦᠷᠢᠶᠡᠨ ᠤ ᠲᠣᠳᠣᠷᠠᠬᠢ ᠬᠤᠴᠤᠷᠠᠩᠭᠤᠢ ᠲᠦᠷᠢ ᠪᠠᠶᠢᠳᠠᠯ ᠢ ᠰᠢᠨᠡᠳᠬᠡᠨ ᠬᠤᠪᠢᠷᠠᠭᠤᠯᠤᠬᠰᠠᠨ ᠪᠠᠶᠢᠨ᠎ᠠ᠃       ᠲᠣᠰ ᠵᠢᠯ ᠳᠤ 1 — 5 ᠣᠨ ᠤ ᠲᠠᠪᠣᠨ ᠠᠩᠬᠢ ᠡᠷᠬᠢᠯᠡᠵᠦ 62 ᠰᠣᠷᠣᠬᠴᠢ ᠲᠠᠢ ᠪᠠᠶᠢᠵᠡᠢ᠃ ᠠᠵᠢᠯᠯᠠᠵᠣ ᠪᠠᠶᠢᠬᠰᠠᠨ ᠪᠠᠭᠰᠢ ᠨᠠᠷ ᠨᠢ ᠪᠠᠭᠠᠳᠣᠷᠴᠣᠬᠳᠣ᠂ ᠰᠧᠪᠡᠯᠡᠮ᠎ᠠ᠂ ᠦᠯᠵᠡᠶᠢᠮᠦ᠋ᠷᠡᠨ  ᠂ ᠱᠦᠭᠦᠸᠠᠷᠠᠰᠢ᠂ ᠳ᠋ᠠᠭᠤᠯ᠎ᠠ ᠵᠡᠷᠬᠡ ᠪᠠᠭᠰᠢ ᠨᠠᠷ ᠬᠢᠴᠢᠶᠡᠯᠯᠡᠵᠦ ᠪᠠᠶᠢᠵᠡᠢ᠃       ᠦᠯᠵᠡᠶᠢᠮᠦ᠋ᠷᠡᠨ ᠪᠠᠭᠠᠴᠣᠳ ᠤᠨ ᠬᠤᠰᠢᠭᠤᠴᠢ ᠠᠩᠬᠢ ᠶᠢᠨ ᠬᠠᠪᠰᠣᠷᠤᠨ ᠵᠢᠯᠣᠭᠤᠳᠣᠬᠴᠢ  ᠪᠠᠶᠢᠪᠠ᠃ ᠳ᠋ᠠᠭᠤᠯ᠎ᠠ ᠪᠠᠭᠰᠢ 1992 ᠤᠨ ᠳᠤ ᠬᠤᠰᠢᠭᠤᠨ ᠤ ᠰᠤᠷᠭᠠᠨ ᠬᠦᠮᠤᠵᠢᠯ ᠤᠨ ᠲᠤᠪᠴᠢᠶᠠᠨ ᠳᠤ ︽ ᠪᠠᠭ᠎ᠠ ᠰᠤᠷᠭᠠᠭᠤᠯᠢ ᠶᠢᠨ ᠲᠤᠭᠠᠨ ᠤ ᠤᠬᠠᠭᠠᠨ ᠤ ᠬᠢᠴᠢᠶᠠᠯ ᠲᠦᠷᠤᠯ ᠤᠨ ᠲᠠᠭᠠᠭᠤᠯᠤᠬᠴᠢ︾ ᠶᠢᠨ ᠦᠨᠠᠮᠯᠠᠯ ᠢ ᠭᠠᠷᠳᠠᠬᠰᠠᠨ ᠪᠠ 1992 ᠤᠨ ᠤ 4 ᠰᠠᠷ᠎ᠠ ᠳᠤ ᠪᠠᠶ᠋ᠬᠠᠠᠭᠤᠯᠠ ᠶᠠᠷᠤᠩᠬᠡᠢ ᠰᠤᠷᠭᠠᠭᠤᠯᠢ ᠶᠢᠨ ︽ᠬᠤᠶᠠᠷ ᠲᠠᠤᠬᠡ ᠨᠢᠬᠡ ᠪᠠᠶᠢᠳᠠᠯ ᠤᠨ ᠤᠶᠤᠨ ᠤ ᠮᠠᠳᠠᠯᠬᠡ ᠶᠢᠨ ᠰᠢᠢᠳᠪᠤᠷᠢᠳᠤ ᠤᠷᠤᠯᠳᠤᠭᠠᠨ ᠳᠤ ᠲᠤᠭᠤᠶᠢᠯᠠᠩ ᠨᠢᠬᠡᠴᠠ ᠶᠢᠨ ᠲᠡᠳ᠋ ︾ ᠬᠦᠬᠢᠬᠦᠯᠤᠯ ᠲᠤᠰᠤᠬᠰᠠᠨ ᠪᠠ  ᠲᠤᠰ ᠰᠤᠷᠭᠠᠭᠤᠯᠢ ᠶᠢ ᠴᠠᠭᠠᠠᠪᠠᠷᠰ᠂ ᠪᠦᠬᠡᠨᠷᠳᠠᠨᠢ ᠵᠠᠷᠬᠡ ᠬᠤᠶᠠᠷ ᠰᠤᠷᠤᠬᠴᠢ ᠲᠤᠰ ᠲᠤᠰ ᠲᠠᠷᠢᠬᠦᠨ ᠲᠠᠳ᠋ ᠤᠨ ᠬᠦᠬᠢᠬᠦᠯᠤᠯ ᠬᠦᠷᠳᠠᠵᠤ᠂ ᠬᠠᠪᠰᠤᠷᠤᠨ ᠵᠢᠯᠤᠭᠤᠳᠤᠬᠴᠢ ᠦᠯᠵᠠᠶᠢᠮᠦ᠋ᠷᠠᠨ ᠪᠠᠭᠰᠢ ᠰᠤᠮᠤᠨ ᠤ ᠬᠡᠪᠴᠢᠶᠠᠨ ᠤ《 ᠰᠢᠯᠢᠳᠡᠭ ᠬᠠᠪᠰᠤᠷᠤᠨ ᠵᠢᠯᠤᠭᠤᠳᠤᠬᠴᠢ》 ᠶᠢᠨ ᠬᠦᠬᠢᠬᠦᠯᠤᠯ ᠲᠤᠰᠴᠠᠢ᠃          1993 ᠣᠨ ᠤ ᠬᠠᠪᠣᠷ᠂ ᠪᠠᠭᠠᠳᠣᠷᠴᠣᠬᠳᠣ ᠭᠠᠴᠠᠭᠠᠨ ᠤ ᠵᠦᠪᠯᠡᠯ ᠲᠠᠢ ᠬᠠᠷᠢᠯᠴᠠᠵᠣ ᠪᠠᠶᠢᠭᠠᠳ ᠣᠣᠯ ᠤᠨ ᠰᠣᠷᠭᠠᠭᠤᠯᠢ ᠶᠢᠨ ᠲᠠᠷᠢᠶᠠᠨ ᠭᠠᠵᠠᠷ ᠢᠶᠠᠨ 20 ᠮᠣ᠋ ᠦᠷᠬᠡᠳᠬᠡᠨ ᠬᠠᠭᠠᠯᠪᠣᠷᠢᠯᠠᠵᠣ  70 ᠮᠣ᠋ ᠲᠠᠷᠢᠶᠠᠨ ᠭᠠᠵᠠᠷ ᠲᠠᠢ ᠪᠣᠯᠵᠣ ᠵᠢᠯ ᠪᠦᠷᠢ ᠶᠢᠨ 2800 ᠲᠦᠭᠦᠷᠢᠭ ᠤᠨ ᠴᠡᠪᠡᠷ ᠣᠷᠣᠯᠭ᠎ᠠ ᠲᠠᠢ ᠪᠠᠶᠢᠵᠡᠢ  ᠃ ᠲᠡᠷᠡ ᠪᠠᠰᠠ ︽ ᠪᠠᠭᠠᠷᠢᠨ ᠵᠡᠭᠦᠨ ᠬᠤᠰᠢᠭᠤᠨ ᠤ ᠶᠠᠲᠠᠭᠤ ᠶᠢ  ᠲᠠᠳᠬᠦᠬᠦ ᠠᠯᠪᠠᠨ ᠬᠡᠷ︾ ᠢ ᠡᠷᠢᠵᠦ ᠰᠣᠷᠭᠠᠭᠤᠯᠢ ᠳᠤ ᠪᠠᠨ 5000 ᠲᠦᠭᠦᠷᠢᠭ ᠤᠨ ᠠᠷᠠᠳ ᠤᠨ ᠵᠣᠭᠤᠰ ᠢ ᠣᠯᠵᠣ ᠰᠣᠷᠭᠠᠭᠤᠯᠢ ᠳᠤ ᠪᠠᠨ ᠪᠡᠯᠡ ᠮᠦᠩᠭᠦ ᠶᠢᠨ ᠬᠤᠷᠠᠮᠳᠠᠭᠤᠯᠤᠯ ᠢ ᠨᠡᠯᠢᠶᠡᠳ ᠰᠠᠶᠢᠨ ᠬᠢᠭᠰᠡᠨ ᠶᠣᠮ᠃  ᠲᠣᠰ ᠵᠢᠯ ᠤᠨ ᠵᠣᠨ᠂ ᠲᠡᠷᠡ ᠪᠠᠭᠰᠢ ᠰᠣᠷᠣᠬᠴᠢ ᠲᠠᠢ  ᠪᠠᠨ ᠬᠠᠮᠵᠢᠯᠴᠢᠨ ᠠᠵᠢᠯᠯᠠᠵᠣ ᠪᠠᠷᠢᠮᠵᠢᠶᠠᠳᠣ ᠲᠤᠭ ᠤᠨ ᠰᠠᠭᠤᠷᠢ ᠶᠢ ᠪᠦᠳᠦᠬᠡᠨ ᠪᠠᠶᠢᠭᠤᠯᠣᠬᠰᠠᠨ ᠮᠦᠷᠳᠡᠬᠡᠨ ᠣᠯᠣᠰ ᠤᠨ ᠲᠤᠭ ᠢ ᠮᠠᠨᠳᠣᠭᠤᠯᠬᠤ ᠶᠣᠰᠣᠯᠠᠯ ᠢ ᠬᠢᠭᠦ ᠪᠣᠯᠭᠠᠨ ᠳᠤ ᠲᠡᠬᠡᠳᠦ ᠣᠨ ᠤ ᠰᠣᠷᠣᠬᠴᠢ ᠢᠶᠠᠷ ︽ᠣᠯᠣᠰ  ᠤᠨ ᠲᠤᠭ ᠤᠨ ᠳᠣᠣᠷᠠᠬᠢ  ᠶᠠᠷᠢᠶ᠎ᠠ︾ ᠶᠢ ᠰᠣᠷᠣᠬᠴᠢᠳ ᠢᠶᠠᠷ  ᠶᠠᠷᠢᠭᠤᠯᠵᠤ᠂ ᠰᠣᠷᠣᠬᠴᠢᠳ ᠲᠤ  ᠦᠵᠠᠯ ᠰᠠᠨᠠᠭ᠎ᠠ ᠶᠣᠰᠣ ᠮᠣᠷᠠᠯ ᠤᠨ ᠭᠦᠮᠦᠵᠢᠯ ᠢ ᠭᠦᠷᠳᠡᠬᠡᠭᠦ ᠶᠢᠨ ᠲᠠᠭᠠᠤ ᠡᠷᠬᠡᠪᠰᠢ ᠮᠡᠳᠡᠪᠡᠰᠦ ᠵᠣᠬᠢᠬᠤ ᠵᠣᠶᠢᠯᠠᠰ ᠢ ᠣᠶᠢᠯᠭᠠᠭᠤᠯᠵᠣ ᠪᠠᠶᠢᠬᠰᠠᠨ ᠶᠣᠮ᠃ ᠡᠭᠦᠨ ᠠᠴᠠ ᠭᠠᠳᠠᠨ᠎ᠠ ᠬᠢᠴᠢᠶᠡᠯ ᠤᠨ ᠭᠠᠳᠠᠨᠠᠬᠢ ᠭᠦᠳᠡᠯᠬᠡᠬᠡᠨ ᠤ ᠴᠠᠭ ᠲᠤ ᠰᠣᠷᠣᠬᠴᠢᠳ ᠤᠨ ᠣᠨᠴᠠᠯᠢᠭ ᠳᠤ ᠨᠢ ᠲᠣᠬᠢᠷᠠᠬᠰᠠᠨ ᠡᠯ᠎ᠡ ᠵᠦᠢᠯ ᠤᠨ ᠭᠦᠳᠡᠯᠬᠡᠬᠡᠨ ᠢ ᠦᠷᠨᠢᠭᠦᠯᠦᠬᠡᠳ ᠮᠡᠳᠡᠭᠳᠡᠭᠦᠶᠢᠴᠡ ᠠᠮᠵᠢᠯᠳᠠ ᠶᠢ ᠣᠯᠣᠬᠰᠠᠨ ᠪᠠᠶᠢᠨ᠎ᠠ᠃ 1993 ᠣᠨ ᠤ ᠨᠠᠮᠣᠷ ᠲᠡᠬᠡᠳᠣ ᠱᠠᠳᠣᠨ ᠤ ᠱᠠᠭᠠᠷᠳᠠᠯᠭ᠎ᠠ ᠶᠣᠰᠣᠭᠠᠷ ᠰᠣᠷᠣᠬᠴᠢᠳ ᠤᠨ ᠬᠤᠪᠴᠠᠰᠣ ᠶᠢ ᠨᠢᠬᠡᠳᠣᠯᠳᠠᠢ ᠪᠣᠯᠭᠠᠨ ᠬᠢᠯᠬᠡᠭᠰᠡᠨ ᠪᠠᠶᠢᠨ᠎ᠠ᠃  1994 ᠣᠨ ᠤ 4 ᠰᠠᠷ᠎ᠠ ᠳᠤ ᠪᠠᠭᠠᠳᠣᠷᠴᠣᠬᠳᠣ ᠪᠠᠭᠰᠢ ᠪᠠᠭᠠᠷᠢᠨ ᠵᠡᠭᠦᠨ ᠬᠤᠰᠢᠭᠤᠨ ᠤ ᠵᠠᠰᠠᠭ ᠤᠨ ᠤᠷᠳᠣᠨ  ᠤ《1993 ᠤᠨ ᠳᠤ ᠠᠵᠢᠯ ᠤᠨ ᠡᠭᠦᠷᠬᠡ ᠪᠠᠨ ᠪᠡᠶᠡᠯᠡᠭᠦᠯᠭᠦ ᠶᠢᠨ ᠲᠣᠮᠳᠠ ᠢᠯᠠᠳᠳᠠ ᠠᠮᠵᠢᠯᠳᠠ ᠣᠯᠣᠬᠰᠠᠨ ᠲᠣᠯᠠ  ᠤᠨᠴᠠᠭᠠᠶᠢᠯᠠᠨ‌‍ᠲ᠋ᠡᠷᠢᠭᠦᠨ ᠤ ᠠᠵᠢᠯᠳᠡᠨ ᠢᠶᠠᠷ ᠱᠠᠩᠨᠠᠪᠠ》ᠬᠡᠭᠰᠡᠨ ᠭᠦᠬᠢᠭᠦᠯᠦᠯ ᠢ ᠭᠦᠷᠳᠡᠪᠡ᠃ 1994 ᠤᠨ ᠳᠤ 1 — 5 ᠣᠨ ᠤ ᠲᠠᠪᠣᠨ ᠠᠩᠬᠢ ᠡᠷᠬᠢᠯᠡᠵᠦ 68 ᠰᠣᠷᠣᠬᠴᠢ ᠲᠠᠢ ᠪᠠᠶᠢᠵᠡᠢ᠃ 1993 -1995 ᠤᠨ ᠪᠤᠯᠳᠠᠯᠠᠬᠢ ᠬᠤᠭᠤᠴᠠᠭᠠᠨ ᠳᠤ ᠲᠤᠰ ᠰᠤᠷᠭᠠᠭᠤᠯᠢ ᠳᠤ ᠠᠵᠢᠯᠯᠠᠵᠤ ᠪᠠᠶᠢᠬᠰᠠᠨ ᠪᠠᠭᠰᠢ ᠨᠠᠷ   ᠨᠢ  ᠪᠠᠭᠠᠳᠤᠷᠴᠤᠬᠳᠤ᠂ ᠰᠧᠪᠠᠯᠮ᠎ᠠ᠂ ᠱᠦᠭᠦᠸᠠᠷᠠᠰᠢ᠂ ᠳ᠋ᠠᠭᠤᠯ᠎ᠠ᠂  ᠦᠯᠵᠠᠶᠢᠮᠦ᠋ᠷᠠᠨ᠂ ᠬᠦᠤᠪᠤᠯᠠᠭ᠂ ᠳ᠋ᠧᠮᠴᠢᠭ ᠵᠠᠷᠬᠡ ᠪᠤᠢ᠃          1995 ᠤᠨ ᠤ ᠨᠠᠮᠤᠷ ᠪᠠᠯᠭᠠᠰᠤᠨ ᠤ ᠶᠠᠷᠤᠩᠬᠡᠢ ᠰᠤᠷᠭᠠᠭᠤᠯᠢ ᠶᠢᠨ ᠲᠤᠬᠢᠷᠠᠭᠤᠯᠤᠯᠳᠠ ᠢᠶᠠᠷ ᠳ᠋ᠧᠮᠴᠢᠭ ᠪᠠᠭᠰᠢ ᠶᠢ ᠨᠠᠷᠢᠨ ᠰᠤᠷᠭᠠᠭᠤᠯᠢ ᠳᠤ ᠵᠠᠬᠢᠷᠤᠯ ᠢᠶᠠᠷ ᠲᠤᠮᠢᠯᠠᠵᠠᠢ᠃ ᠳ᠋ᠧᠮᠴᠢᠭ ᠨᠦᠬᠦᠷ 1996 ᠤᠨ ᠤ ᠭᠤᠷᠪᠠᠳᠤᠭᠠᠷ ᠰᠠᠷ᠎ᠠ ᠳᠤ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ︽ᠨᠠᠢᠮᠠᠳᠤᠭᠠᠷ ᠲᠠᠪᠤᠨ ᠵᠢᠯ ᠤᠨ ᠬᠤᠭᠤᠴᠠᠭᠠᠨ ᠳᠤ ᠰᠤᠷᠭᠠᠨ ᠬᠦᠮᠤᠵᠢᠯ ᠤᠨ ᠤᠶᠢᠯᠠᠰ ᠤᠨ ᠬᠦᠭᠵᠢᠯᠳᠠ ᠳᠤ ᠤᠨᠴᠠᠭᠠᠢ ᠨᠠᠮᠠᠷᠢ ᠦᠵᠠᠬᠦᠯᠦᠭᠰᠠᠨ︾ ᠲᠠᠷᠢᠬᠦᠨ ᠤ ᠬᠤᠪᠢ ᠬᠦᠮᠤᠨ ᠢᠶᠠᠷ ᠬᠦᠬᠢᠬᠦᠯᠦᠭᠳᠡᠭᠰᠠᠨ ᠪᠠ 2000 ᠤᠨ ᠤ ᠭᠤᠷᠪᠠᠨ ᠰᠠᠷ᠎ᠠ ᠳᠤ ᠬᠤᠰᠢᠭᠤᠨ ᠤ ᠰᠤᠷᠭᠠᠨ ᠬᠦᠮᠤᠵᠢᠯ ᠤᠨ ᠲᠤᠪᠴᠢᠶᠠᠨ ᠤ ︽1999 ᠤᠨ ᠤ ᠠᠵᠢᠯ ᠤᠨ ᠲᠤᠮᠳᠠ ᠦᠷ᠎ᠠ ᠪᠦᠳᠤᠮᠵᠢ ᠨᠢ ᠢᠯᠠᠳᠳᠠ ᠰᠢᠯᠢᠳᠡᠭ ᠪᠠᠭᠰᠢ︾   ᠪᠠᠷ ᠬᠦᠬᠢᠬᠦᠯᠦᠭᠳᠠᠵᠠᠢ᠃  ᠡᠨᠡᠬᠦ ᠬᠤᠭᠤᠴᠠᠭᠠᠨ ᠳᠤ ᠪᠤᠮᠠᠨᠵᠠᠭᠠᠨ᠎ᠠ᠂ ᠠᠯᠳᠠᠠᠴᠠᠴᠡᠭ᠂ ᠡᠷᠳᠠᠨᠢᠪᠠᠭᠠᠨ᠎ᠠ᠂ ᠬᠤᠤᠰᠪᠠᠶᠠᠷ᠂ ᠴᠢᠨᠳᠠᠮᠤᠨᠢ ᠵᠠᠷᠬᠡ ᠰᠢᠯᠢᠳᠡᠭ ᠰᠤᠷᠤᠯᠭᠠᠳᠠᠨ ᠴᠤᠯᠭᠤᠷᠠᠨ ᠭᠠᠷᠤᠬᠰᠠᠨ ᠪᠠᠶᠢᠨ᠎ᠠ᠃          1995-2000 ᠤᠨ  ᠪᠤᠯᠳᠠᠯ᠎ᠠ ᠲᠤᠰ ᠰᠤᠷᠭᠠᠭᠤᠯᠢ ᠳᠤ ᠠᠵᠢᠯᠯᠠᠵᠤ ᠪᠠᠶᠢᠬᠰᠠᠨ ᠪᠠᠭᠰᠢ ᠨᠠᠷ ᠬᠡᠪᠠᠯ  ᠄ ᠪᠠᠭᠠᠳᠤᠷᠴᠤᠬᠳᠤ᠂ ᠰᠧᠪᠠᠯᠮ᠎ᠠ᠂ ᠱᠦᠬᠦᠧᠠᠷᠠᠰᠢ᠂ ᠳ᠋ᠧᠮᠴᠢᠭ᠂ ᠳ᠋ᠠᠭᠤᠯ᠎ᠠ᠂ ᠰᠤᠶᠤᠯᠳᠤ᠂ ᠬᠡᠷᠠᠯ᠂ ᠪᠠᠳᠤᠵᠢᠷᠭᠠᠯ᠂ ᠤᠶᠤᠨᠰᠠᠴᠠᠨ᠂ ᠵᠠᠩ ᠲᠢᠶᠠᠨ ᠿᠦᠡᠭ ᠵᠠᠷᠬᠡ ᠪᠠᠭᠰᠢ ᠠᠵᠢᠯᠯᠠᠵᠤ ᠪᠠᠶᠢᠪᠠ᠃ 2000 ᠣᠨ ᠳᠤ ᠰᠤᠷᠭᠠᠭᠤᠯᠢ ᠶᠢ ᠲᠦᠪᠯᠠᠷᠠᠬᠦᠯᠬᠦ ᠪᠤᠯᠵᠤ ᠲᠤᠰ ᠰᠤᠷᠭᠠᠭᠤᠯᠢ ᠶᠢᠨ ᠲᠦᠷᠪᠠ ᠲᠠᠪᠤᠳᠤᠭᠠᠷ ᠤᠨ ᠢ ᠪᠠᠯᠭᠠᠰᠤᠨ ᠤ ᠭᠤᠤᠯ ᠪᠠᠭ᠎ᠠ ᠰᠤᠷᠭᠠᠭᠤᠯᠢ ᠳᠤ ᠲᠦᠪᠯᠠᠷᠠᠬᠦᠯᠤᠨ ᠰᠤᠷᠤᠯᠴᠠᠭᠤᠯᠬᠤ ᠪᠤᠯᠤᠬᠰᠠᠨ ᠢᠶᠠᠷ ᠲᠤᠰ ᠰᠤᠷᠭᠠᠭᠤᠯᠢ ᠳᠤ ᠪᠠᠯᠠᠳᠬᠡᠯ ᠠᠩᠬᠢ ᠪᠠ 1-3 ᠳ᠋ᠤᠭᠠᠷ ᠤᠨ ᠬᠦᠷᠳᠠᠯ᠎ᠠ ᠲᠦᠷᠪᠠᠨ ᠠᠩᠬᠢ ᠡᠷᠬᠢᠯᠠᠵᠤ ᠵᠢᠭᠠᠨ ᠰᠤᠷᠭᠠᠬᠤ ᠴᠢᠭ᠋ ᠪᠤᠯᠤᠬᠰᠠᠨ ᠪᠠᠶᠢᠨ᠎ᠠ  ᠃  ᠨᠠᠷᠢᠨ ᠰᠤᠷᠭᠠᠭᠤᠯᠢ ᠠᠩᠬ᠎ᠠ ᠪᠠᠶᠢᠭᠤᠯᠤᠬᠳᠠᠬᠤ ᠳᠤ ᠠᠷᠪᠠ ᠰᠢᠬᠠᠮ ᠰᠤᠷᠤᠬᠴᠢ ᠲᠠᠢ ᠪᠠᠶᠢᠬᠰᠠᠨ ᠠᠴᠠ ᠡᠨᠠᠬᠦ ᠲᠦᠴᠢ ᠭᠠᠷᠦᠢ ᠵᠢᠯ ᠤᠨ ᠰᠢᠭᠤᠷᠭᠠᠨ ᠢ ᠲᠤᠭᠤᠬᠯᠠᠨ ᠡᠳᠤᠷ ᠠᠴᠠ ᠪᠠᠨ ᠡᠳᠤᠷ ᠬᠦᠭᠵᠢᠨ ᠪᠤᠵᠠᠭᠠᠶᠢᠷᠠᠵᠤ᠂ ᠰᠤᠷᠤᠬᠴᠢ ᠶᠢᠨ ᠲᠤᠭ᠎ᠠ ᠬᠠᠮᠤᠭ ᠤᠯᠠᠨ ᠳᠤ ᠪᠠᠨ ᠲᠠᠯᠨ ᠶᠢ ᠲᠠᠪᠠᠵᠤ᠂ ᠪᠠᠭᠰᠢ ᠠᠵᠢᠯᠳᠠᠨ ᠲᠤᠯᠤᠭᠠᠨ ᠨᠠᠷ᠎ᠠ ᠪᠠᠶᠢᠬᠰᠠᠨ ᠲᠠᠤᠬᠡ ᠶᠢᠨ ᠲᠠᠮᠳᠡᠭᠯᠠᠯ ᠲᠠᠢ ᠶᠤᠮᠰᠠᠨ  ᠃ 2000 ᠤᠨ ᠳᠤ ᠪᠠᠳᠤᠵᠢᠷᠭᠠᠯ ᠪᠠᠭᠰᠢ ᠶᠢ ᠵᠠᠬᠢᠷᠤᠯ ᠢᠶᠠᠷ ᠲᠤᠮᠢᠯᠠᠵᠠᠢ᠃          2000-2010 ᠤᠨ ᠪᠤᠯᠳᠠᠯᠠᠬᠢ ᠬᠤᠭᠤᠴᠠᠭᠠᠨ ᠳᠤ ᠲᠤᠰ ᠰᠤᠷᠭᠠᠭᠤᠯᠢ ᠪᠠᠯᠠᠳᠬᠡᠯ ᠠᠩᠬᠢ ᠠᠴᠠ ᠭᠤᠷᠪᠠᠳᠤᠭᠠᠷ ᠤᠨ᠂ ᠪᠠᠯᠠᠳᠬᠡᠯ ᠠᠩᠬᠢ ᠠᠴᠠ ᠬᠤᠶᠠᠳᠤᠭᠠᠷ ᠤᠨ᠂ ᠪᠠᠯᠠᠳᠬᠡᠯ ᠠᠩᠬᠢ ᠠᠴᠠ ᠨᠢᠬᠡᠳᠤᠬᠡᠷ ᠤᠨ ᠵᠠᠷᠬᠡ ᠠᠩᠬᠢ ᠶᠢ ᠡᠷᠬᠢᠯᠠᠵᠤ ᠨᠠᠷᠢᠨ ᠭᠠᠴᠠᠭᠠᠨ ᠤ ᠰᠠᠭᠤᠷᠢ ᠰᠤᠷᠭᠠᠨ ᠬᠦᠮᠤᠵᠢᠯ ᠤᠨ ᠭᠤᠯᠤᠮᠳᠠ ᠶᠢ ᠵᠠᠯᠭᠠᠮᠵᠢᠯᠠᠭᠤᠯᠤᠬᠰᠠᠭᠠᠷ ᠢᠷᠡᠭᠰᠠᠨ ᠪᠠᠶᠢᠨ᠎ᠠ᠃ ᠡᠨᠡᠬᠦ ᠬᠤᠭᠤᠴᠠᠭᠠᠨ ᠳᠤ ᠨᠠᠷᠢᠨ ᠪᠠᠭ᠎ᠠ ᠰᠤᠷᠭᠠᠭᠤᠯᠢ ᠳᠤ ᠪᠠᠳᠤᠵᠢᠷᠭᠠᠯ᠂ ᠤᠶᠤᠨᠰᠠᠴᠠᠨ᠂ ᠱᠦᠬᠦᠧᠠᠷᠠᠰᠢ᠂ ᠵᠠᠩ ᠲᠢᠶᠠᠨ ᠿᠦᠡᠭ᠂ ᠳ᠋ᠧᠮᠴᠢᠭ᠂ ᠳ᠋ᠠᠭᠤᠯ᠎ᠠ  ᠂ ᠤᠶᠤᠨᠪᠢᠯᠢᠭ᠌ ᠵᠠᠷᠬᠡ ᠪᠠᠭᠰᠢ ᠨᠠᠷ ᠠᠵᠢᠯᠯᠠᠵᠤ ᠪᠠᠶᠢᠪᠠ᠃  2010 ᠤᠨ ᠠᠴᠠ ᠪᠠᠳᠤᠵᠢᠷᠭᠠᠯ ᠪᠠᠭᠰᠢ ᠶᠢ ᠪᠠᠶᠠᠨᠨᠢᠷᠤᠭᠤ ᠰᠤᠷᠭᠠᠭᠤᠯᠢ ᠳᠤ ᠰᠢᠯᠵᠢᠬᠦᠯᠤᠨ᠂ ᠨᠠᠷᠢᠨ ᠪᠠᠭ᠎ᠠ ᠰᠤᠷᠭᠠᠭᠤᠯᠢ ᠨᠢ ᠵᠦᠪᠬᠡᠨ ᠪᠠᠯᠠᠳᠬᠡᠯ ᠠᠩᠬᠢ ᠡᠷᠬᠢᠯᠠᠨ ᠵᠢᠷᠭᠤᠭ᠎ᠠ ᠲᠤᠯᠤᠭᠠᠨ ᠰᠤᠷᠤᠬᠴᠢ ᠲᠠᠢ ᠳ᠋ᠧᠮᠴᠢᠭ ᠳ᠋ᠠᠭᠤᠯ᠎ᠠ ᠬᠤᠶᠠᠷ  ᠪᠠᠭᠰᠢᠯᠠᠵᠣ ᠪᠤᠢ᠃          ᠰᠤᠷᠭᠠᠭᠤᠯᠢ ᠪᠠᠶᠢᠭᠤᠯᠤᠬᠳᠠᠬᠰᠠᠨ ᠠᠴᠠ ᠤᠳᠤ ᠪᠤᠯᠳᠠᠯᠠᠬᠢ ᠲᠠᠬᠡᠳᠤ ᠵᠠᠷᠬᠡ ᠶᠢᠨ ᠰᠤᠷᠭᠠᠭᠤᠯᠢ ᠳᠤ ᠤᠷᠤᠬᠰᠠᠨ ᠰᠤᠷᠤᠬᠴᠢᠳ᠂ ᠬᠦᠤᠪᠤᠯᠠᠭ᠂ ᠰᠠᠩᠵᠠᠢ᠂ ᠰᠠᠶᠢᠨᠪᠠᠶᠠᠷ᠂ ᠪᠠᠶᠠᠨᠪᠠᠭᠠᠳᠤᠷ᠂  ᠡᠷᠳᠠᠨᠢᠵᠢᠷᠤᠭ᠂ ᠰᠠᠷᠬᠦᠯᠠᠩ᠂ ᠠᠯᠳᠠᠴᠠᠴᠡᠭ᠂ ᠭᠠᠰᠢᠭᠮ᠎ᠠ᠂ ᠬᠤᠤᠰᠪᠠᠶᠠᠷ᠂ ᠪᠤᠮᠠᠨᠵᠠᠭᠠᠨ᠎ᠠ᠂ ᠰᠠᠷᠠᠨ᠂ ᠰᠠᠶᠢᠨᠵᠢᠶᠠᠭ᠎ᠠ᠂ ᠦᠯᠵᠠᠶᠢᠪᠠᠳᠤ᠂ ᠪᠠᠶᠠᠨᠪᠤᠯᠠᠭ᠂ ᠰᠤᠳᠤᠪᠢᠯᠢᠭ᠌᠂ ᠪᠠᠳᠤᠪᠠᠭᠠᠨ᠎ᠠ᠂ ᠰᠠᠶᠢᠨᠪᠠᠶᠠᠷ᠂ ᠬᠦᠤᠳᠠᠯᠬᠡᠷ᠂ ᠶᠢᠠ ᠯᠢ᠂ ᠲᠤᠯᠭᠠᠭᠤᠷᠢ᠂ ᠮᠦᠡᠭᠬᠡᠵᠢᠷᠭᠠᠯ᠂ ᠬᠦᠴᠤᠳᠤ᠂ ᠰᠠᠴᠠᠨ᠂ ᠰᠠᠷᠬᠦᠯᠠᠩ᠂ ᠡᠷᠳᠠᠨᠢᠴᠤᠬᠳᠤ᠂ ᠰᠠᠴᠤᠷᠠᠯᠳᠤ᠂ ᠤᠳᠭᠠᠨᠬᠤᠸᠠᠷ  ᠂ ᠨᠠᠶᠢᠷᠰᠠᠭ᠂ ᠮᠠᠩᠯᠠᠢ ᠵᠠᠷᠬᠡ ᠭᠤᠴᠢᠨ ᠨᠠᠷ᠎ᠠ ᠪᠠᠶᠢᠵᠤ ᠲᠤᠮᠳᠠ ᠵᠠᠷᠬᠡ ᠶᠢᠨ ᠲᠤᠰᠬᠠᠢ ᠮᠠᠷᠬᠡᠵᠢᠯ  ᠤᠨ ᠰᠤᠷᠭᠠᠭᠤᠯᠢ ᠲᠠᠬᠦᠰᠦᠭᠰᠠᠨ᠄ ᠤᠷᠠᠨ᠎ᠠ᠂ ᠤᠯᠠᠭᠠᠨᠳᠤᠶᠠᠭ᠎ᠠ᠂ ᠡᠷᠳᠡᠨᠢᠴᠢᠯᠠᠭᠤ᠂ ᠨᠠᠰᠤᠨᠪᠠᠶᠡᠷ᠂ ᠪᠠᠳᠮᠠᠯᠢᠩᠬᠤᠸ᠎ᠠ  ᠤᠷᠠᠠᠴᠠᠴᠡᠭ  ᠵᠠᠷᠬᠡ ᠵᠢᠷᠭᠤᠭᠠᠨ ᠨᠠᠷ᠎ᠠ ᠪᠤᠢ  ᠃                                           ᠪᠠᠯᠳᠠᠨᠰᠠᠩᠪᠪᠤᠦ ᠠᠴᠠ ᠬᠠᠩᠭᠠᠪᠠ᠃
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号