ᠶᠤᠯᠤ ᠶᠢᠨ ᠠᠷᠤ ᠪᠠᠭ᠎ᠠ ᠰᠤᠷᠭᠠᠭᠤᠯᠢ | 1949 ᠤᠨ ᠳᠤ ᠶᠤᠯᠤ ᠶᠢᠨ ᠠᠷᠤ ᠳᠤ ᠠᠩᠬ᠎ᠠ ᠡᠬᠢᠯᠡᠵᠦ ᠠᠶᠢᠯ ᠨᠡᠬᠦᠵᠦ ᠢᠷᠡᠬᠦ ᠦᠶ᠎ᠡ ᠳᠤ | ᠪᠤᠶᠢᠳᠠ ᠪᠦᠭᠯᠡᠬᠦᠦ ᠠᠭᠤᠯᠠᠷᠬᠠᠭ ᠤᠷᠤᠨ᠂ ᠦᠡᠭᠭᠡᠷᠡᠭᠰᠡᠨ ᠠᠴᠠ ᠪᠠᠨ ᠬᠦᠮᠦᠨ ᠬᠠᠷ᠎ᠠ ᠰᠠᠭᠤᠷᠢᠰᠢᠵᠦ ᠰᠠᠭᠤᠭᠰᠠᠨ | ᠦᠬᠡᠢ ᠲᠤᠯᠠ ᠲᠠᠪᠤ ᠳᠤᠯᠤᠭᠠᠨ ᠡᠷᠦᠬᠡ ᠠᠳᠡ ᠢᠷᠡᠵᠦ ᠨᠤᠳᠤᠭᠰᠢᠵᠦ ᠪᠢᠯᠡ︕ ᠡᠳᠡᠭᠡᠷ ᠨᠢ ᠤᠤᠯ ᠤᠨ | ᠰᠢᠷᠠᠬᠠᠳᠠ ᠭᠠᠴᠠᠭᠠᠨ ᠠᠴᠠ ᠰᠠᠯᠵᠦ ᠨᠡᠬᠦᠵᠦ ᠢᠷᠡᠭᠰᠡᠨ ᠪᠤᠯᠪᠠᠴᠦ ᠮᠦᠨ ᠯᠠ ᠰᠢᠷᠠᠬᠠᠳᠠ ᠭᠠᠴᠠᠭᠠᠨ ᠳᠤ ᠪᠠᠨ | ᠬᠠᠮᠢᠶᠠᠷᠤᠭᠳᠠᠵᠦ ᠪᠠᠶᠢᠵᠦ ᠪᠢᠯᠡ︕ ᠭᠠᠴᠠᠭᠠᠨ ᠤ ᠰᠠᠭᠤᠷᠢᠰᠢᠯ ᠨᠢ ᠶᠤᠯᠤ ᠶᠢᠨ ᠠᠷᠤ ᠠᠴᠠ ᠵᠠᠭᠤ ᠢᠯᠡᠬᠦᠦ | ᠭᠠᠵᠠᠷ ᠵᠠᠶᠢᠲᠠᠢ ᠠᠭᠤᠶᠢᠳᠤ ᠰᠦᠮ᠎ᠡ — ᠤᠳᠤ ᠶᠢᠨ ᠰᠢᠨᠠᠤᠰᠤᠨ ᠴᠦᠬᠦᠷᠦᠮ ᠤᠨ ᠲᠡᠨᠳᠡ ᠪᠠᠶᠢᠭᠰᠠᠨ ᠶᠤᠮ᠃ | ᠶᠤᠯᠤ ᠶᠢᠨ ᠠᠷᠦ ᠪᠠᠭ᠎ᠠ ᠰᠤᠷᠭᠠᠭᠤᠯᠢ ᠨᠢ 1952 ᠤᠨ ᠳᠤ ᠡᠬᠦᠲᠡ ᠪᠠᠨ ᠨᠡᠬᠡᠬᠡᠵᠦ ᠡᠷᠦᠬᠡ ᠪᠠᠨ | ᠰᠡᠬᠦᠭᠰᠡᠨ ᠠᠩᠬᠠᠨ ᠤ ᠡᠳᠦᠷ᠂ ᠠᠷᠠᠳ ᠤᠨ ᠪᠠᠭᠰᠢ ᠨᠤᠶᠢᠷᠤᠪ ᠂ ᠭᠠᠴᠠᠭᠠᠨ ᠤ ᠱᠦᠵᠢ ᠪᠤᠶᠠᠨᠬᠡᠰᠢᠭ ᠶᠢᠰᠦᠳᠦᠭᠡᠷ | ᠨᠤᠳᠤᠭ ᠠᠴᠠ ᠴᠢᠨ ᠪᠠᠳᠤ ᠵᠡᠷᠬᠡ ᠬᠦᠮᠦᠰ ᠢᠷᠡᠵᠦ ᠶᠤᠰᠤᠯᠠᠯ ᠶᠠᠪᠤᠭᠤᠯᠵᠦ ᠰᠤᠷᠭᠠᠭᠤᠯᠢ ᠨᠡᠬᠡᠬᠡᠵᠠᠢ᠃ ᠬᠤᠶᠠᠷ | ᠲᠠᠰᠤᠯᠭ᠎ᠠ ᠰᠢᠪᠠᠷ ᠭᠡᠷ ᠲᠤ ᠨᠢᠬᠡ ᠲᠠᠰᠤᠯᠭ᠎ᠠ ᠳᠤ ᠪᠠᠭᠰᠢ ᠨᠢ ᠭᠡᠷ ᠤᠨ ᠬᠦᠮᠦᠰ ᠲᠠᠢ ᠪᠠᠨ ᠠᠵᠦ ᠲᠦᠷᠦᠵᠦ ᠂ | ᠭᠠᠳᠠᠷ ᠲᠠᠰᠤᠯᠭ᠎ᠠ ᠳᠤᠨᠢ ᠵᠢᠵᠢᠭᠬᠡᠨ ᠬᠠᠷ᠎ᠠ ᠰᠠᠮᠪᠠᠷ᠎ᠠ ᠡᠯᠬᠦᠵᠦ ᠡᠪᠳᠠᠷᠬᠡᠢ ᠮᠠᠶᠢᠵᠢᠬᠢ ᠬᠡᠳᠦᠨ ᠰᠢᠷᠡᠭᠡ ᠰᠠᠨᠳᠠᠯᠢ | ᠲᠠᠢ ᠬᠢᠴᠢᠶᠡᠯᠯᠡᠵᠣ ᠪᠠᠶᠢᠵᠡᠢ᠃ | 1958 ᠤᠨ ᠪᠤᠯᠬᠤ ᠳᠤ ᠠᠶᠢᠯ ᠡᠷᠦᠬᠡ ᠤᠯᠠᠰᠢᠷᠠᠵᠦ ᠬᠦᠮᠦᠨ ᠠᠮᠠ ᠨᠡᠮᠡᠭᠳᠡᠬᠦ ᠶᠢ ᠳᠠᠭᠠᠯᠳᠤᠨ | ᠰᠤᠷᠬᠤ ᠨᠠᠰᠤᠨ ᠤ ᠬᠡᠦᠬᠡᠳ ᠤᠳ ᠴᠤ ᠠᠷᠪᠢᠨ ᠪᠤᠯᠪᠠ᠃ ᠶᠤᠯᠤ ᠵᠢᠨᠠᠷᠤ ᠳᠤ ᠬᠠᠮᠳᠤᠷᠠᠯ ᠬᠤᠷᠰᠢᠶᠠᠵᠢᠯ ᠪᠤᠯᠵᠦ | ᠠᠩᠬ᠎ᠠ ᠵᠡᠷᠬᠡ ᠶᠢᠨ ᠬᠤᠷᠰᠢᠶ᠎ᠠ ᠪᠠᠶᠢᠭᠤᠯᠤᠭᠳᠠᠬᠤ ᠳᠤ ᠲᠠᠪᠢᠨ ᠲᠤᠯᠤᠭᠠᠨ ᠡᠷᠦᠬᠡ᠂ ᠬᠤᠶᠡᠷ ᠵᠠᠭᠤ ᠬᠤᠷᠢᠨ ᠨᠠᠢᠮᠠᠨ | ᠬᠦᠮᠦᠨ ᠠᠮᠠ ᠬᠤᠷᠢᠨ ᠬᠡᠳᠦᠨ ᠰᠤᠷᠬᠤ ᠨᠠᠰᠤᠨ ᠤ ᠬᠡᠦᠬᠡᠳ ᠲᠠᠢ ᠪᠤᠯᠪᠠ᠃ ᠭᠠᠴᠠᠭᠠᠨ ᠤ ᠣᠳᠣᠷᠢᠳᠬᠤ ᠪᠠᠭ | ᠠᠴᠠ ᠬᠤᠶᠠᠷ ᠲᠠᠰᠤᠯᠭ᠎ᠠ ᠰᠢᠪᠠᠷ ᠰᠢᠷᠤᠢ ᠶᠢᠨ ᠪᠦᠳᠤᠴᠡ ᠲᠠᠢ ᠰᠢᠷᠠᠯᠵᠢ ᠪᠠᠷ ᠡᠪᠡᠰᠦᠯᠡᠭᠰᠡᠨ ᠭᠡᠷ ᠪᠠᠷᠢᠵᠦ᠂ | ᠠᠷᠪᠠᠭᠠᠳ ᠬᠡᠦᠬᠡᠳ ᠲᠠᠢ ᠠᠷᠠᠳ ᠠᠴᠠ ᠡᠷᠬᠢᠯᠡᠭᠰᠡᠨ ᠲᠤᠰᠬᠠᠢ ᠤᠷᠤᠨ ᠲᠠᠢ ᠪᠤᠯᠭᠠᠵᠠᠢ᠃ | ᠶᠤᠯᠤ ᠶᠢᠨ ᠠᠷᠤ ᠪᠠᠭ᠎ᠠ ᠰᠤᠷᠭᠠᠭᠤᠯᠢ ᠨᠢ ᠲᠠᠪᠢᠨ ᠨᠠᠢᠮᠠᠨᠤᠨ ᠠᠴᠠ ᠡᠬᠢᠯᠡᠵᠦ᠂ ᠤᠳᠤᠷᠯᠠᠨ ᠮᠠᠯᠵᠢᠬᠤ | ᠪᠤᠳᠠᠳᠠᠢ ᠪᠠᠶᠢᠳᠠᠯ ᠶᠢ ᠦᠨᠳᠦᠰᠦᠯᠡᠨ ᠰᠦᠷᠦᠭ ᠳᠠᠭᠠᠵᠦ ᠬᠢᠴᠢᠶᠡᠯᠯᠡᠬᠦ ᠳᠦᠷᠢᠮ ᠢ ᠬᠡᠷᠡᠭᠵᠢᠬᠦᠯᠦᠬᠡᠳ ᠤᠯᠠᠨ | ᠮᠠᠯᠴᠢᠳ ᠳᠤ ᠳᠦᠬᠦᠮ ᠦᠵᠡᠬᠦᠯᠵᠦ᠂ ᠵᠤᠰᠠᠭᠠᠯ ᠳᠡᠭᠡᠷ᠎ᠡ ᠰᠤᠷᠤᠭᠴᠢᠳ ᠤᠨ ᠭᠡᠷ ᠲᠤ ᠡᠬᠡᠯᠵᠢ ᠪᠠᠷ ᠬᠢᠴᠢᠶᠡᠯ | ᠬᠢᠬᠦ ᠪᠤᠶᠤ ᠵᠠᠷᠢᠮ ᠳᠠᠭᠠᠨ ᠪᠠᠭᠰᠢ ᠭᠡᠷ ᠲᠤ ᠪᠠᠨ ᠬᠢᠴᠢᠶᠠᠯ ᠬᠢᠳᠡᠭ᠂ ᠡᠪᠤᠯ ᠪᠤᠯ ᠡᠪᠦᠯᠵᠢᠶᠡᠨ ᠳᠡᠭᠡᠨ ᠢᠷᠡᠵᠦ | ᠰᠤᠷᠭᠠᠭᠤᠯᠢ ᠶᠢᠨ ᠭᠡᠷ ᠲᠤ ᠬᠢᠴᠢᠶᠡᠯᠯᠡᠳᠡᠭ ᠪᠤᠯᠪᠠ᠃ | 1960 ᠤᠨ ᠬᠦᠷᠳᠡᠯ᠎ᠡ ᠭᠠᠭᠴᠠ ᠨᠤᠶᠢᠷᠤᠪ ᠪᠠᠭᠰᠢ ᠪᠠᠭᠰᠢᠯᠠᠵᠦ ᠪᠠᠶᠢᠵᠠᠢ᠃ ᠵᠢᠷᠠᠨ ᠨᠢᠬᠡᠨ ᠤᠨ ᠤ | ᠲᠡᠭᠡᠳᠦ ᠬᠠᠭᠠᠰ ᠵᠢᠯ ᠲᠤ ᠨᠤᠶᠢᠷᠤᠪ ᠪᠠᠭᠰᠢ ᠶᠢ ᠳᠠᠪᠲᠠᠨ ᠪᠤᠯᠪᠠᠰᠤᠷᠠᠭᠤᠯᠬᠤ ᠪᠠᠷ ᠰᠣᠷᠣᠯᠴᠠᠭᠤᠯᠬᠤ ᠪᠠᠷ | ᠶᠠᠪᠤᠭᠤᠯᠪᠠ᠃ | 1961 ᠤᠨ ᠳᠤ ᠂ ᠰᠢᠪᠬᠠᠳᠤ ᠶᠢᠨ ᠰᠠᠩᠵᠠᠢ ᠶᠢ ᠤᠷᠤᠯᠠᠨ ᠵᠢᠭᠠᠭᠴᠢ ᠪᠠᠷ ᠲᠤᠮᠢᠯᠠᠨ | ᠪᠠᠭᠰᠢᠯᠠᠭᠤᠯᠵᠠᠢ᠃ ᠲᠡᠷᠡ ᠦᠶ᠎ᠡ ᠳᠤ ᠰᠤᠷᠭᠠᠭᠤᠯᠢ ᠨᠢ ᠮᠦᠨ ᠯᠠ ᠨᠡᠬᠦᠳᠡᠯ ᠳᠠᠭᠠᠵᠦ ᠬᠢᠴᠢᠶᠠᠯᠯᠠᠵᠤ ᠪᠠᠶᠢᠭᠰᠠᠨ | ᠶᠤᠮ᠂ ᠬᠡᠪᠡᠴᠦ ᠰᠤᠷᠤᠭᠴᠢᠳ ᠤᠨ ᠭᠡᠷ ᠲᠤ ᠡᠬᠡᠯᠵᠢᠯᠡᠨ ᠬᠢᠴᠢᠶᠡᠯ ᠬᠢᠭᠰᠡᠨ ᠦᠬᠡᠢ᠂ ᠮᠤᠷᠢᠨ ᠳᠠᠪᠠᠭᠠᠨ ᠠᠷᠦ | ᠳᠤ ᠪᠠᠷᠢᠭᠰᠠᠨ ᠭᠠᠴᠠᠭᠠᠨ ᠤ ᠮᠠᠯ ᠤᠨ ᠡᠬᠦᠯᠳᠡᠷ ᠰᠠᠶᠢᠵᠢᠷᠠᠭᠤᠯᠬᠤ ᠦᠷᠳᠡᠭᠡᠨ ᠤ ᠭᠤᠷᠪᠠᠨ ᠲᠠᠰᠣᠯᠭ᠎ᠠ ᠪᠠᠶᠢᠰᠢᠩ | ᠭᠡᠷ ᠲᠤ ᠬᠢᠴᠢᠶᠡᠯ ᠤᠷᠤᠵᠦ ᠪᠠᠶᠢᠵᠠᠢ᠃ ᠤᠴᠢᠷ ᠨᠢ ᠡᠨᠡ ᠭᠡᠷ ᠵᠤᠰᠠᠭᠠᠯ ᠤᠨ ᠠᠶᠢᠯ ᠠᠴᠠ ᠶᠡᠭᠡ ᠤᠶᠢᠷ᠎ᠠ ᠲᠤᠯᠠ | ᠰᠤᠷᠤᠭᠴᠢᠳ ᠤᠨ ᠶᠠᠪᠤᠵᠦ ᠢᠷᠡᠬᠦ ᠳᠤ ᠲᠤᠩ ᠳᠦᠬᠦᠮ ᠶᠤᠮ᠃ ᠡᠪᠦᠯ ᠪᠤᠯ ᠮᠦᠨᠴᠦ ᠡᠪᠦᠯᠵᠢᠶᠡᠨ ᠳᠡᠭᠡᠨ ᠬᠠᠷᠢᠵᠦ | ᠬᠢᠴᠢᠶᠡᠯᠯᠡᠳᠡᠭ᠃ | 1962 ᠤᠨ ᠳᠤ ᠰᠠᠩᠵᠡᠢ ᠪᠠᠭᠰᠢ ᠶᠢ ᠡᠰᠡᠷᠡᠭ ᠪᠠᠭ᠎ᠠ ᠰᠤᠷᠭᠠᠭᠤᠯᠢ ᠳᠤ ᠰᠢᠯᠵᠢᠬᠦᠯᠵᠦ ᠨᠠᠷᠢᠨᠳᠠᠪᠠᠭ᠎ᠠ | ᠪᠠᠭ᠎ᠠ ᠰᠤᠷᠭᠠᠭᠤᠯᠢ ᠠᠴᠠ ᠪᠠᠶᠡᠷᠳᠤ ᠪᠠᠭᠰᠢ ᠶᠢ ᠰᠢᠯᠵᠢᠬᠦᠯᠤᠨ ᠠᠪᠴᠢᠷᠠᠵᠤ ᠶᠤᠯᠤ ᠶᠢᠨ ᠠᠷᠤ ᠪᠠᠭ᠎ᠠ ᠰᠤᠷᠭᠠᠭᠤᠯᠢ | ᠳᠤ ᠪᠠᠭᠰᠢᠯᠠᠭᠤᠯᠪᠠ᠃ ᠡᠨᠡ ᠬᠤᠭᠤᠴᠠᠭᠠᠨ ᠳᠤ ᠰᠤᠷᠤᠭᠴᠢ ᠶᠢᠨ ᠲᠤᠭ᠎ᠠ ᠳᠡᠮᠡᠢ ᠨᠡᠮᠡᠯᠲᠡ ᠦᠬᠡᠢ ᠠᠷᠪᠠᠨ | ᠬᠡᠳᠦᠨ ᠰᠤᠷᠤᠭᠴᠢ ᠨᠢᠬᠡ ᠪᠠᠭᠰᠢ ᠦᠷᠳᠠᠬᠡᠨ ᠭᠡᠷ ᠨᠣᠷᠠᠭᠰᠠᠨ ᠣᠴᠢᠷ ᠡᠴᠨᠰᠤᠷᠤᠭᠴᠢᠳ ᠤᠨ ᠭᠡᠷ ᠢᠶᠠᠷ | ᠡᠬᠡᠯᠵᠢᠯᠡᠨ ᠬᠢᠴᠢᠶᠡᠯ ᠬᠢᠵᠦ ᠵᠤᠨ ᠨᠠᠮᠤᠷ ᠤᠨ ᠴᠠᠭ ᠢ ᠦᠡᠭᠭᠡᠷᠭᠡᠵᠦ ᠪᠤᠰᠤᠳ ᠤᠯᠠᠷᠢᠯ ᠲᠤ ᠡᠪᠦᠯᠵᠢᠶᠡᠨ ᠳᠡᠭᠡᠨ | ᠬᠢᠴᠢᠶᠡᠯ ᠬᠢᠳᠡᠭ᠃ ᠡᠨᠡ ᠭᠡᠳᠦᠨ ᠵᠢᠯ ᠲᠤ ᠮᠠᠯᠵᠢᠯ ᠤᠨ ᠲᠠᠯ᠎ᠠ ᠲᠡᠭᠡᠷ᠎ᠡ ᠮᠠᠯ ᠳᠤ ᠬᠢᠵᠢᠭ ᠳᠡᠯᠭᠡᠷᠡᠵᠦ ﹇ | ᠪᠤᠭᠤᠮ᠎ᠠ᠂ ᠱᠦᠯᠬᠦᠬᠡ﹈ ᠲᠠᠷᠢᠶᠠᠯᠠᠩ ᠶᠢᠨ ᠲᠠᠯ᠎ᠠ ᠳᠤ ᠪᠠᠶᠢᠭᠠᠯᠢ ᠶᠢᠨ ᠭᠠᠮᠰᠢᠭ ᠳᠤᠬᠢᠶᠠᠯᠳᠤᠭᠰᠠᠨ ᠪᠠᠭᠰᠢ | ᠠᠵᠢᠯᠳᠠᠨ ᠢ ᠵᠢᠯ ᠳᠠᠷᠠᠭᠠᠯᠠᠨ ᠰᠤᠯᠢᠵᠦ ᠳᠤᠬᠢᠷᠠᠭᠤᠯᠤᠭᠰᠠᠨ᠂ ᠰᠤᠷᠭᠠᠨ ᠬᠦᠮᠦᠵᠢᠯ ᠤᠨ ᠲᠠᠯ᠎ᠠ ᠲᠡᠭᠡᠷᠡᠬᠢ ᠵᠢᠭᠠᠨ | ᠰᠤᠷᠭᠠᠯᠲᠠ ᠶᠢᠨ ᠠᠰᠠᠭᠤᠳᠠᠯ᠂ ᠬᠡᠰᠢᠬᠦᠳ ᠤᠨ ᠠᠵᠦ ᠠᠮᠢᠳᠤᠷᠠᠯ ᠤᠨ ᠬᠦᠴᠢᠷᠳᠡᠯ ᠮᠠᠯᠴᠢᠳ ᠤᠨ ᠭᠡᠷ ᠪᠦᠯᠢ ᠶᠢᠨ | ᠬᠦᠮᠦᠨ ᠠᠮᠠ ᠤᠯᠠᠳᠠᠭᠰᠠᠨ᠂ ᠵᠠᠷᠢᠮ ᠭᠡᠰᠢᠬᠦᠳ ᠤᠨ ᠭᠡᠷ ᠲᠤ ᠡᠪᠡᠳᠴᠢᠨ ᠡᠮᠬᠡᠭ ᠲᠠᠢ ᠪᠤᠯᠤᠭᠰᠠᠨ᠂ ᠠᠶᠢᠯ | ᠲᠤᠰᠬᠤᠨ ᠨᠢ ᠲᠠᠷᠠᠬᠠᠢ ᠪᠤᠳᠠᠷᠬᠠᠢ ᠰᠠᠭᠤᠷᠢᠰᠢᠵᠦ ᠰᠤᠷᠭᠠᠭᠤᠯᠢ ᠠᠴᠠ ᠬᠤᠯᠠ ᠰᠠᠭᠤᠭᠰᠠᠨ ᠵᠡᠷᠭᠡ ᠤᠯᠠᠨ ᠲᠠᠯ᠎ᠡ | ᠶᠢᠨ ᠰᠢᠯᠳᠠᠭᠠᠨ ᠨᠦᠬᠦᠴᠡᠯ ᠠᠴᠠ ᠪᠤᠯᠵᠦ ᠰᠤᠷᠤᠭᠴᠢᠳ ᠤᠨ ᠰᠤᠷᠭᠠᠭᠤᠯᠢ ᠳᠤ ᠢᠷᠡᠬᠦ ᠲᠤᠭ᠎ᠠ ᠶᠠᠪᠤᠬᠤ ᠳᠤᠳᠤᠮ | ᠴᠦᠬᠡᠬᠡᠷᠠᠵᠦ ᠭᠡᠰᠡᠭ ᠬᠡᠮᠵᠢᠶᠡᠨ ᠤ ᠵᠤᠭᠰᠤᠩᠭᠤᠶᠢᠷᠠᠬᠤ ᠪᠠᠶᠢᠳᠠᠯ ᠳᠤ ᠤᠷᠤᠵᠦ ᠳᠤᠭᠳᠠᠪᠤᠷᠢ ᠦᠬᠡᠢ ᠪᠤᠯᠪᠠ᠃ | ᠡᠶᠢᠮᠦᠷᠬᠦ ᠪᠠᠶᠢᠳᠠᠯ ᠤᠨ ᠳᠤᠤᠷ᠎ᠠ ᠶᠤᠯᠤ ᠶᠢᠨ ᠠᠷᠤ ᠭᠠᠴᠠᠭᠠᠨ ᠤ ᠨᠠᠮ ᠤᠨ ᠡᠬᠦᠷ ᠣᠳᠣᠷᠢᠳᠣᠬᠤ ᠪᠠᠭ ᠨᠢ | ᠰᠤᠶᠤᠯ ᠰᠤᠷᠭᠠᠨ ᠬᠦᠮᠦᠵᠢᠯ ᠤᠨ ᠰᠠᠯᠠᠭ᠎ᠠ ᠮᠦᠴᠢᠷ ᠲᠠᠢ ᠬᠠᠷᠢᠯᠴᠠᠵᠦ ᠪᠤᠳᠠᠳᠠᠢ ᠢᠶᠠᠨ ᠳᠣᠰᠬᠠᠵᠦ ᠶᠤᠯᠤ ᠶᠢᠨ | ᠠᠷᠤ ᠪᠠᠭ᠎ᠠ ᠰᠤᠷᠭᠠᠭᠤᠯᠢ ᠶᠢᠨ ᠦᠨᠳᠤᠰᠤᠨ ᠪᠠᠶᠢᠳᠠᠯ᠂ ᠤᠷᠤᠰᠢᠵᠤ ᠪᠠᠶᠢᠭ᠎ᠠ ᠠᠰᠠᠭᠤᠳᠠᠯ ᠢ ᠲᠠᠮᠵᠢᠭᠤᠯᠵᠤ ᠲᠠᠬᠡᠷ᠎ᠠ | ᠱᠠᠳᠣᠨ ᠳᠤ ᠮᠠᠳᠡᠭᠳᠠᠬᠦ ᠶᠢᠨ ᠬᠠᠮᠳᠤ ᠮᠠᠯᠴᠢᠳ ᠲᠦᠮᠨᠨ ᠤ ᠦᠷ᠎ᠠ ᠬᠡᠤᠬᠡᠳ ᠢ ᠬᠤᠴᠤᠷᠠᠯ ᠦᠬᠡᠢ ᠰᠤᠷᠭᠠᠭᠤᠯᠢ ᠳᠤ | ᠤᠷᠤᠭᠤᠯᠵᠦ ᠪᠢᠴᠢᠭ ᠦᠵᠡᠬᠦᠯᠬᠦ᠂ ᠦᠨᠳᠦᠰᠦᠳᠡᠨ ᠤ ᠳᠤᠬᠠᠢ ᠨᠠᠮ ᠤᠨ ᠰᠤᠷᠭᠠᠨ ᠬᠦᠮᠦᠵᠢᠯ ᠤᠨ ᠴᠢᠭᠯᠡᠯᠳᠠ | ᠲᠦᠷᠤ ᠶᠢᠨ ᠪᠤᠳᠤᠯᠭ᠎ᠠ ᠶᠢ ᠬᠦᠨᠵᠡᠬᠡᠢ ᠤᠬᠠᠭᠤᠯᠵᠦ᠂ ᠦᠷᠭᠡᠨ ᠤᠯᠠᠨ ᠮᠠᠯᠴᠢᠨᠲ᠋ᠦ᠋ᠮᠡᠨ ᠤ ᠬᠦᠴᠢᠷᠲᠡᠢ | ᠠᠰᠠᠭᠤᠳᠠᠯ ᠢ ᠰᠡᠢᠳᠪᠦᠷᠢᠯᠡᠵᠦ᠂ ᠶᠤᠯᠤ ᠶᠢᠨ ᠠᠷᠤ ᠶᠢᠨ ᠪᠠᠭ᠎ᠠ ᠰᠤᠷᠭᠠᠭᠤᠯᠢ ᠶᠢ ᠰᠠᠶᠢᠳᠦᠷ ᠡᠷᠬᠢᠯᠡᠨ | ᠲᠦᠬᠡᠮᠡᠯᠵᠢᠬᠦᠯᠬᠦ ᠲᠤᠬᠠᠢ ᠠᠷᠭ᠎ᠠ ᠬᠡᠮᠵᠢᠶ᠎ᠡ ᠠᠪᠴᠦ ᠭᠠᠴᠠᠭᠠᠨ ᠤ ᠨᠠᠮ ᠤᠨ ᠡᠬᠦᠷ ᠠᠴᠠ ᠳᠤᠰᠬᠠᠢ ᠬᠦᠮᠦᠨ | ᠭᠠᠷᠭᠠᠨ ᠬᠠᠷᠢᠭᠤᠴᠠᠭᠤᠯᠵᠠᠢ᠃ | 1963 ᠤᠨ ᠳᠤ ᠪᠠᠶᠠᠷᠳᠦ ᠪᠠᠭᠰᠢ ᠶᠢ ᠰᠢᠯᠵᠢᠬᠦᠯᠵᠦ ᠤᠳᠽᠠᠷ ᠪᠠᠭᠰᠢ ᠶᠢ ᠰᠠᠶᠢᠨᠬᠤᠳᠳᠤᠭ ᠪᠠᠭ᠎ᠠ | ᠰᠤᠷᠭᠠᠭᠤᠯᠢ ᠠᠴᠠ ᠰᠢᠯᠵᠢᠬᠦᠯᠦᠨ ᠠᠵᠢᠯᠯᠠᠭᠤᠯᠪᠠ᠃ ᠤᠳᠽᠷ ᠪᠠᠭᠰᠢ ᠶᠢ ᠠᠩᠬ᠎ᠠ ᠢᠷᠡᠬᠦ ᠦᠶ᠎ᠡ ᠳᠤ ᠰᠤᠷᠭᠠᠭᠤᠯᠢ | ᠨᠢ ᠬᠦᠷᠢᠶ᠎ᠡ ᠬᠠᠰᠢᠶ᠎ᠠ ᠬᠡᠵᠦ ᠶᠠᠭᠤ ᠴᠤ ᠦᠬᠡᠢ᠂ ᠬᠦᠳᠡᠭᠡ ᠲᠠᠯ᠎ᠠ ᠲᠡᠭᠡᠷ᠎ᠡ ᠪᠠᠶᠢᠷᠢᠯᠠᠭᠰᠠᠨ ᠪᠠᠭᠠᠬᠠᠨ ᠬᠤᠶᠠᠷ | ᠲᠠᠰᠤᠯᠭ᠎ᠠ ᠭᠡᠷ ᠨᠢ ᠬᠡᠳᠦᠨ ᠵᠢᠯ ᠢᠶᠠᠷ ᠵᠠᠰᠠᠵᠦ ᠰᠡᠯᠪᠢᠭᠰᠡᠨ ᠦᠬᠡᠢ ᠠᠴᠠ ᠪᠤᠯᠵᠦ ᠵᠤᠨ ᠳᠠᠭᠠᠨ ᠪᠤᠷᠤᠭᠠᠨ | ᠭᠤᠭᠤᠵᠢᠭᠰᠠᠨ ᠠᠴᠠ ᠴᠠᠭᠠᠰᠤᠨ ᠫᠧᠡᠭ ᠨᠢ ᠤᠡᠭᠭᠤ ᠴᠤᠩᠭᠤ᠂ ᠭᠠᠳᠠᠭᠤᠷᠬᠢ ᠰᠢᠪᠠᠭᠠᠰᠦ ᠨᠢ ᠬᠤᠪᠬᠤᠷᠠᠵᠦ | ᠤᠨᠠᠭᠰᠠᠨ ᠠᠴᠠ ᠡᠪᠦᠯ ᠰᠠᠯᠬᠢ ᠨᠠᠪᠳᠠᠷᠠᠨ᠂ ᠰᠢᠷᠡᠭᠡ ᠰᠠᠨᠳᠠᠯᠢ ᠡᠪᠳᠡᠷᠬᠡᠢ ᠪᠠᠯᠪᠠᠷᠬᠠᠢ᠂ ᠪᠡᠯᠡᠳᠭᠡᠯ ᠳᠦᠬᠦᠬᠡᠷᠦᠮᠵᠢ | ᠬᠡᠵᠦ ᠶᠠᠭᠤ ᠴᠤ ᠦᠬᠡᠢ ᠪᠠᠶᠢᠯ᠎ᠠ᠂ ᠡᠳᠡᠭᠡᠷ ᠪᠠᠶᠢᠳᠠᠯ ᠳᠤ ᠤᠳᠽᠷ ᠪᠠᠭᠰᠢ ᠵᠤᠷᠢᠭ ᠮᠤᠬᠤᠷᠠᠵᠦ ᠰᠡᠳᠬᠢᠯ ᠵᠤᠪᠠᠭᠰᠠᠨ | ᠦᠬᠡᠢ᠃ | ᠭᠠᠴᠠᠭ᠎ᠠ ᠲᠤᠰᠬᠤᠨ ᠤ ᠪᠠᠨ ᠪᠤᠳᠠᠳᠤ ᠪᠠᠶᠢᠳᠠᠯ ᠢ ᠤᠶᠢᠯᠠᠭᠠᠭᠰᠠᠨ ᠤ ᠪᠠᠨ ᠳᠠᠷᠠᠭ᠎ᠠ ᠂ ᠡᠩ ᠲᠡᠷᠢᠬᠦᠨ ᠳᠤ | ᠪᠠᠷᠢᠭᠠᠳᠠ ᠶᠢᠨ ᠨᠠᠮ ᠤᠨ ᠡᠬᠦᠷ ᠲᠠᠢ ᠨᠢᠬᠳᠠ ᠤᠶᠠᠯᠳᠤᠵᠦ᠂ ᠮᠠᠯᠴᠢᠳ ᠲᠠᠢ ᠲᠠᠰᠤᠷᠠᠯ ᠦᠬᠡᠢ ᠬᠠᠷᠢᠯᠴᠠᠵᠦ ᠂ | 27 ᠨᠡᠷᠡᠰ ᠰᠤᠷᠬᠤ ᠨᠠᠰᠤᠨ ᠤ ᠬᠡᠦᠬᠡᠳ ᠣᠳᠠᠯ ᠦᠭᠡᠢ ᠴᠦᠮ ᠰᠣᠷᠭᠠᠭᠤᠯᠢ ᠳᠤ ᠣᠷᠣᠬᠰᠠᠨ ᠪᠠᠶᠢᠨ᠎ᠠ᠃ | 1964 ᠤᠨ ᠳᠤ ᠨᠡᠬᠦᠳᠡᠯ ᠮᠠᠯᠵᠢᠯ ᠤᠨ ᠪᠤᠳᠠᠳᠤ ᠪᠠᠶᠢᠳᠠᠯ ᠢ ᠳᠠᠭᠠᠵᠦ ᠰᠤᠷᠭᠠᠭᠤᠯᠢ ᠨᠢ ᠤᠳᠤᠷ | ᠲᠡᠭᠡᠷ᠎ᠡ ᠭᠠᠷᠳᠠᠭ ᠲᠤᠯᠠ ᠤᠳᠽᠠᠷ ᠪᠠᠭᠰᠢ ᠪᠠᠷᠢᠭᠠᠲᠠ ᠶᠢᠨ ᠤᠳᠤᠷᠢᠳᠤᠯᠭ᠎ᠠ ᠶᠢ ᠡᠷᠢᠵᠦ ᠭᠡᠳᠦᠨ ᠭᠡᠰᠡᠭ ᠴᠢᠬᠢᠷᠰᠤ | ᠪᠠ ᠮᠤᠳᠤ ᠪᠦᠷᠢᠯᠳᠦᠬᠦᠯᠦᠨ ᠠᠪᠴᠠᠷᠠᠵᠤ᠂ ᠬᠠᠳᠠᠳᠤ ᠠᠭᠤᠯᠠ ᠶᠢᠨ ᠡᠩᠭᠡᠷ ᠲᠤ ᠴᠢᠬᠢᠷᠰᠤᠨ ᠫᠧᠡᠭ ᠳᠠᠷᠤᠵᠦ | ᠬᠠᠯᠠᠭᠤᠨ ᠨᠠᠷᠠ ᠬᠦᠢᠳᠡᠨ ᠪᠤᠷᠤᠭᠠᠨ ᠢ ᠬᠠᠯᠬᠠᠯᠠᠵᠦ ᠭᠤᠴᠢᠨ ᠬᠡᠳᠦᠨ ᠰᠤᠷᠤᠭᠴᠢ ᠳᠤ ᠭᠠᠭᠴᠠᠭᠠᠷ ᠢᠶᠠᠨ ᠬᠢᠴᠢᠶᠡᠯ | ᠬᠢᠵᠦ ᠨᠢᠬᠡ ᠵᠤᠨ ᠢ ᠠᠮᠵᠢᠯᠲᠠ ᠲᠠᠢ ᠦᠭᠭᠡᠷᠡᠭᠡᠪᠡ᠃ ᠳᠤᠰ ᠵᠢᠯ ᠪᠠᠷᠢᠭᠠᠲᠠ ᠠᠴᠠ ᠰᠤᠷᠭᠠᠭᠤᠯᠢ ᠳᠤ ᠭᠤᠷᠪᠠᠨ | ᠲᠠᠰᠤᠯᠭ᠎ᠠ ᠰᠢᠪᠠᠷ ᠴᠢᠯᠠᠭᠤᠨ ᠪᠦᠳᠦᠴᠡ ᠲᠠᠢ ᠬᠤᠶᠡᠷ ᠲᠠᠰᠤᠯᠭ᠎ᠠ ᠨᠢ ᠳᠠᠮ ᠨᠢᠷᠤᠭᠤ ᠲᠠᠢ ᠦᠷᠬᠦᠯᠵᠢ ᠨᠢᠬᠡ ᠠᠩᠬᠢ | ᠶᠢᠨ ᠭᠡᠷ᠂ ᠨᠢᠬᠡ ᠲᠠᠰᠤᠯᠭ᠎ᠠ ᠠᠯᠪᠠᠨ ᠭᠡᠷ᠂ ᠬᠦᠷᠢᠶ᠎ᠠ ᠬᠠᠰᠢᠶ᠎ᠠ ᠲᠠᠢ ᠪᠠᠷᠢᠵᠦ ᠦᠭᠴᠠᠢ᠃ | 1965 ᠤᠨ ᠳᠤ ᠪᠠᠷᠢᠭᠠᠲᠠ ᠶᠢᠨ ᠨᠠᠮ ᠤᠨ ᠡᠬᠦᠷ ᠠᠴᠠ ᠤᠳᠽᠠᠷ ᠪᠠᠭᠰᠢ ᠲᠠᠢ ᠶᠠᠷᠢᠯᠴᠠᠵᠦ | ᠴᠢᠭᠡᠷᠦᠰᠦᠨ ᠫᠧᠡᠭ ᠳᠤ ᠬᠢᠴᠢᠶᠠᠯ ᠬᠢᠬᠦ ᠨᠢ ᠮᠠᠯᠵᠢᠬᠤ ᠤᠷᠤᠨ ᠳᠤ ᠨᠡᠶᠢᠴᠡᠬᠦ ᠦᠬᠡᠢ ᠬᠦᠮᠦᠨ ᠦᠵᠡᠬᠦ ᠳᠤ ᠡᠪ | ᠦᠬᠡᠢ ᠬᠡᠵᠦ ᠰᠤᠷᠭᠠᠭᠤᠯᠢ ᠳᠤ ᠶᠡᠭᠡ ᠵᠢᠷᠭᠤᠭᠠᠨ ᠬᠠᠨ᠎ᠠ ᠲᠠᠢ ᠮᠤᠩᠭᠤᠯ ᠭᠡᠷ ᠪᠡᠯᠡᠳᠬᠡᠵᠦ ᠦᠭᠪᠠ᠂ ᠵᠤᠰᠠᠯᠠᠩ | ᠢᠶᠠᠷ ᠭᠠᠷᠬᠤ ᠳᠠᠭᠠᠨ ᠬᠤᠶᠠᠷ ᠪᠠᠭ᠎ᠠ ᠳᠤᠭᠤᠶᠢᠯᠠᠩ ᠠᠴᠠ ᠲᠤᠭᠤᠷᠭ᠎ᠠ᠂ ᠲᠠᠬᠡᠪᠤᠷᠢ᠂ ᠦᠷᠦᠬᠡ ᠢᠰᠡᠬᠡᠢ | ᠪᠦᠷᠢᠶᠡᠰᠦ ᠤᠯᠵᠦ ᠨᠡᠬᠦᠳᠡᠯ ᠲᠠᠭᠠᠵᠦ ᠮᠤᠩᠭᠤᠯ ᠭᠡᠷ ᠲᠤ ᠬᠢᠴᠢᠶᠡᠯᠯᠡᠬᠦ ᠪᠤᠯᠪᠠ᠂ ᠡᠨᠡ ᠵᠢᠯ44 ᠰᠤᠷᠤᠭᠴᠢ ᠲᠠᠢ | ᠪᠤᠯᠵᠦ᠂ ᠰᠤᠷᠤᠭᠴᠢ ᠶᠢᠨ ᠳᠤᠭ᠎ᠠ ᠶᠠᠪᠤᠬᠤ ᠳᠤᠳᠤᠮ ᠤᠯᠠᠰᠢᠷᠠᠪᠠ᠃ | 1966 ᠤᠨ ᠳᠤ᠂ ᠠᠷᠠᠳ ᠠᠴᠠ ᠡᠷᠬᠢᠯᠡᠭᠰᠡᠨ ᠪᠠᠭᠰᠢ ᠳᠤᠷᠵᠢᠰᠡᠷᠡᠩ ᠢ ᠳᠣᠬᠢᠷᠠᠭᠤᠯᠵᠣ | ᠠᠵᠢᠯᠯᠠᠭᠤᠯᠪᠠ᠃ ᠰᠣᠶᠣᠯ ᠤᠨ ᠬᠤᠪᠢᠰᠬᠠᠯ ᠤᠨ ᠦᠶ᠎ᠡ ᠳᠤ᠂ ᠪᠠᠷᠢᠭᠠᠲᠠ ᠶᠢᠨ ᠨᠠᠮ ᠤᠨ ᠡᠭᠦᠷ ᠪᠠᠭᠰᠢ ᠲᠠᠢ | ᠵᠦᠪᠯᠡᠵᠦ ᠰᠢᠨ᠎ᠡ ᠠᠷᠭ᠎ᠠ ᠵᠠᠮ ᠰᠦᠪᠡᠭᠴᠢᠯᠡᠨ ᠰᠤᠷᠤᠭᠴᠢᠳ ᠤᠨ ᠬᠢᠴᠢᠶᠡᠯ ᠰᠤᠷᠤᠯᠭ᠎ᠠ ᠶᠢ ᠰᠠᠭᠠᠳᠠᠬᠤ ᠦᠬᠡᠢ᠂ | ᠬᠢᠴᠢᠶᠡᠯ ᠤᠨ ᠳᠡᠪᠳᠡᠷ ᠢ ᠳᠤᠭᠲᠠᠭᠰᠠᠨ ᠬᠤᠭᠤᠴᠠᠭᠠᠨ ᠳᠤᠨᠢ ᠵᠢᠭᠠᠵᠦ ᠳᠠᠭᠤᠰᠬᠠᠵᠦ ᠤᠨ ᠳᠠᠪᠰᠢᠬᠤ ᠳᠤ ᠬᠠᠷᠰᠢ | ᠰᠠᠭᠠᠳ ᠪᠤᠯᠭᠠᠬᠤ ᠦᠬᠡᠢ ᠨᠦᠬᠦᠴᠡᠯ ᠢ ᠪᠤᠳᠤᠵᠦ ᠳᠤᠭᠤᠷᠢᠨ ᠵᠢᠭᠠᠬᠤ ᠠᠷᠭ᠎ᠠ ᠮᠠᠶ᠋ᠢᠭ ᠢ ᠭᠡᠷᠡᠭᠯᠡᠨ ᠮᠤᠷᠢᠨ | ᠨᠢᠷᠤᠭᠤᠨ ᠳᠡᠭᠡᠷ᠎ᠡ ᠰᠠᠮᠪᠠᠷ᠎ᠠ ᠡᠬᠦᠷᠴᠦ ᠵᠢᠭᠠᠬᠤ ᠮᠠᠲ᠋ᠧᠷᠢᠶᠠᠯ ᠢᠶᠠᠨ ᠡᠪᠦᠷᠳᠦᠯᠡᠨ ᠦᠲᠡ ᠶᠢᠨ ᠬᠦᠨᠡᠰᠦ ᠪᠠᠨ | ᠭᠠᠨᠵᠤᠭᠯᠠᠵᠦ᠂ ᠤ ᠶᠢᠨ ᠪᠢᠷ ᠢᠶᠠᠨ ᠬᠠᠷᠮᠠᠨ ᠳᠠᠭᠠᠨ ᠬᠢᠵᠤ ᠭᠡᠳᠦᠨ ᠴᠢᠭ ᠢ ᠳᠤᠭᠤᠷᠢᠨ ᠬᠢᠴᠢᠶᠡᠯ ᠰᠤᠷᠤᠯᠭ᠎ᠠ ᠶᠢ | ᠨᠢ ᠨᠦᠬᠦᠪᠦᠷᠢᠯᠡᠵᠦ᠂ ᠮᠠᠯᠵᠢᠬᠤ ᠦᠢᠯᠡᠳᠪᠦᠷᠢᠯᠡᠯ ᠤᠨ ᠪᠤᠳᠠᠳᠠᠢ ᠲᠠᠢ ᠤᠶᠠᠯᠳᠤᠭᠤᠯᠤᠨ ᠨᠡᠶᠢᠭᠡᠮ ᠵᠢᠷᠦᠮᠲᠦ ᠰᠢᠨ᠎ᠡ | ᠰᠤᠷᠭᠠᠨ ᠬᠦᠮᠦᠵᠢᠯ ᠤᠨ ᠦᠢᠯᠡᠰ ᠵᠦᠭ ᠨᠢᠬᠡᠨ ᠰᠡᠳᠬᠢᠯ ᠢᠶᠠᠷ ᠵᠢᠳᠬᠦᠵᠦ ᠮᠤᠷᠢᠨ ᠨᠢᠷᠤᠭᠤᠨ ᠲᠡᠭᠡᠷᠡᠬᠢ | ᠰᠤᠷᠭᠠᠭᠤᠯᠢ ᠶᠢᠨ ᠡᠬᠢᠯᠡᠯᠲᠡ ᠶᠢᠨ ᠵᠠᠮ ᠢᠶᠠᠨ ᠡᠯᠬᠦᠭᠰᠡᠨ ᠶᠤᠮ᠃ | 1965 —1966 ᠤᠨ ᠳᠤ ᠶᠤᠯᠤ ᠶᠢᠨ ᠠᠷᠦ ᠶᠢᠨ ᠪᠠᠭ᠎ᠠ ᠰᠤᠷᠭᠠᠭᠤᠯᠢ ᠠᠴᠠ ᠲᠡᠭᠦᠰᠦᠭᠰᠡᠨ | ᠭᠤᠷᠪᠠᠨ ᠤᠨ ᠤ ᠰᠤᠷᠤᠭᠴᠢᠳ ᠤᠨ ᠬᠢᠷᠢ ᠪᠦᠳᠦᠮᠵᠢ ᠨᠢ ᠪᠦᠬᠦ ᠪᠠᠶᠠᠨᠠᠭᠤᠯᠠ ᠬᠦᠡᠭᠱᠧ ᠶᠢᠨ ᠳᠤᠳᠤᠷ᠎ᠠ ᠲᠡᠷᠢᠬᠦᠨ | ᠳᠤ ᠤᠷᠤᠭᠰᠠᠨ ᠪᠦᠬᠡᠳ ᠶᠤᠯᠤ ᠶᠢᠨ ᠠᠷᠤ ᠪᠠᠭ᠎ᠠ ᠰᠤᠷᠭᠠᠭᠤᠯᠢ ᠨᠢ ᠪᠠᠭᠠᠷᠢᠨ ᠵᠡᠬᠦᠨ ᠬᠤᠰᠢᠭᠤᠨ ᠤ ᠠᠷᠠᠳ ᠤᠨ | ᠵᠦᠪᠯᠡᠯ ᠠᠴᠠ ᠰᠤᠷᠭᠠᠨ ᠬᠦᠮᠦᠵᠢᠯ ᠢ ᠳᠦᠭᠡᠮᠡᠯᠵᠢᠬᠦᠯᠦᠭᠰᠡᠨ ᠲᠡᠷᠢᠬᠦᠨ ᠤ ᠰᠤᠷᠭᠠᠭᠤᠯᠢ ᠶᠢᠨ ᠬᠦᠬᠢᠬᠦᠯᠦᠯ ᠢ | ᠤᠯᠤᠭᠰᠠᠨ ᠪᠦᠬᠡᠳ ᠤᠳᠽᠷ ᠪᠠᠭᠰᠢ ᠪᠠᠶᠠᠨᠠᠭᠤᠯᠠ ᠭᠦᠡᠭᠱᠧ᠂ ᠪᠠᠭᠠᠷᠢᠨ ᠵᠡᠬᠦᠨ ᠬᠤᠰᠢᠭᠤᠨ ᠤ ᠲᠡᠪᠤᠨ ᠰᠠᠶᠢᠲᠠᠢ | ᠪᠢᠶᠣᠣ ᠪᠢᠩ ᠢᠶᠠᠷ ᠰᠤᠩᠭᠤᠭᠳᠠᠵᠦ ᠱᠠᠩᠨᠠᠯ ᠬᠦᠬᠢᠬᠦᠯᠦᠯ᠂ ᠮᠧᠲ᠋ᠠᠯ ᠤᠯᠤᠭᠰᠠᠨ ᠪᠠᠶᠢᠨ᠎ᠠ᠃ 1966 ᠤᠨ ᠳᠤ 1 | —4 ᠳ᠋ᠤᠭᠡᠷ ᠤᠨ ᠪᠤᠯᠳᠠᠯ᠎ᠠ ᠳᠦᠴᠢᠨ ᠭᠡᠳᠦᠨ ᠰᠤᠷᠤᠭᠴᠢ᠂ ᠬᠤᠶᠠᠷ ᠪᠠᠭᠰᠢ ᠨᠢᠬᠡ ᠬᠢᠴᠢᠶᠡᠯ ᠤᠨ ᠭᠡᠷ᠂ ᠨᠢᠬᠡ | ᠳᠠᠰᠤᠯᠭ᠎ᠠ ᠠᠯᠪᠠᠨ ᠭᠡᠷ ᠲᠠᠢ ᠪᠠᠶᠢᠪᠠ᠃ | ᠮᠤᠩᠭᠤᠯ ᠭᠡᠷ ᠲᠤ ᠂ ᠰᠤᠷᠤᠭᠴᠢᠳ ᠵᠠᠪᠢᠯᠡᠵᠦ ᠰᠠᠭᠤᠬᠤ ᠪᠤᠶᠤ ᠴᠦᠮᠴᠤᠶᠢᠵᠦ ᠰᠠᠭᠤᠵᠦ ᠡᠪᠤᠷ | ᠲᠡᠭᠡᠷ᠎ᠡ ᠪᠠᠨ ︵ᠬᠦᠯ ᠲᠡᠭᠡᠷ᠎ᠡ︶ ᠲᠡᠪᠳᠡᠷ ᠢᠶᠠᠨ ᠳᠡᠯᠭᠡᠵᠦ ᠳᠠᠰᠬᠠᠯ ᠬᠢᠳᠡᠭ᠂ ᠨᠢᠷᠤᠭᠤ ᠪᠦᠬᠦᠶᠢᠵᠦ ᠨᠤᠭᠳᠤᠶᠢᠵᠦ | ᠰᠠᠭᠤᠬᠤ ᠨᠢ ᠬᠡᠦᠭᠡᠳ ᠤᠨ ᠡᠷᠡᠬᠦᠯ ᠴᠢᠬᠢᠷᠠᠭ ᠢᠶᠠᠷ ᠦᠰᠦᠨ ᠪᠤᠶᠢᠵᠢᠬᠤ ᠶᠢ ᠨᠦᠯᠦᠬᠡᠯᠡᠬᠦ ᠳᠤᠯᠠ ᠤᠳᠽᠠᠷ ᠪᠠᠭᠰᠢ | ᠪᠠᠷᠢᠭᠠᠲᠠ ᠶᠢᠨ ᠤᠳᠤᠷᠢᠳᠤᠯᠭ᠎ᠠ ᠶᠢ ᠡᠷᠢᠵᠦ ᠮᠤᠩᠭᠤᠯ ᠭᠡᠷ ᠲᠤ ᠵᠤᠬᠢᠴᠠᠭᠰᠠᠨ ᠰᠤᠷᠤᠭᠴᠢᠳ ᠤᠨ ᠬᠡᠷᠡᠭᠯᠡᠬᠦ ᠳᠤ | ᠳᠦᠬᠦᠮ ᠳᠤᠬᠢᠯᠢᠭ ᠠᠪᠰᠠᠷᠬᠠᠨ ᠭᠤᠴᠢᠨ ᠭᠡᠳᠦᠨ ᠡᠪᠬᠡᠬᠦᠷ ᠰᠢᠷᠡᠭᠡ ᠬᠤᠳᠠᠯᠳᠤᠨ ᠠᠪᠴᠢᠷᠠᠵᠦ ᠮᠤᠩᠭᠤᠯ ᠭᠡᠷ ᠲᠤ | ᠵᠤᠬᠢᠴᠠᠭᠰᠠᠨ ᠪᠢᠴᠢᠭ ᠤᠨ ᠰᠢᠷᠡᠭᠡ ᠪᠤᠯᠭᠠᠵᠠᠢ᠃ ᠵᠤᠨ ᠪᠤᠯᠪᠠᠯ ᠵᠤᠰᠠᠯᠠᠩ ᠲᠠᠭᠠᠵᠦ᠂ ᠡᠪᠦᠯᠵᠢᠶᠡᠨ ᠠᠴᠠ | ᠳᠠᠯᠠᠭᠠᠳ ᠭᠠᠵᠠᠷ ᠵᠠᠶᠢᠳᠠᠢ ᠬᠡᠷᠬᠡ ᠶᠢᠨ ᠳᠠᠪᠠᠭᠠᠨ ᠠᠮᠠ ᠬᠠᠳᠠᠳᠤ ᠶᠢᠨ ᠡᠩᠭᠡᠷ ᠢ ᠰᠦᠷᠦᠭ ᠳᠠᠭᠠᠵᠦ ᠬᠢᠴᠢᠶᠡᠯᠯᠡᠳᠡᠭ | ᠃ ᠤᠯᠠᠩᠬᠢ ᠰᠤᠷᠤᠭᠴᠢᠳ ᠨᠢ ᠲᠡᠨᠳᠡ ᠳᠦᠪᠯᠡᠷᠡᠵᠦ ᠰᠤᠷᠭᠠᠭᠤᠯᠢ ᠶᠢᠨ ᠮᠤᠩᠭᠤᠯ ᠭᠡᠷ ᠢᠶᠠᠨ ᠲᠠᠨᠲᠡ ᠪᠠᠷᠢᠵᠦ | ᠬᠢᠴᠢᠶᠡᠯᠯᠡᠳᠡᠭ ᠪᠤᠯᠪᠠᠴᠦ ᠮᠠᠯ ᠢᠶᠠᠷ ᠭᠠᠷᠤᠭᠰᠠᠨ ᠠᠶᠢᠯ ᠨᠢ ᠲᠠᠷᠬᠠᠢ ᠪᠤᠳᠠᠷᠬᠠᠢ ᠬᠡᠳᠤᠨ ᠲᠠᠰᠢ ᠰᠠᠭᠤᠳᠠᠭ ᠤᠴᠠᠷ | ᠨᠢᠬᠡ ᠪᠠᠭᠰᠢ ᠨᠢ ᠳᠦᠪᠯᠡᠷᠡᠭᠰᠡᠨ ᠭᠠᠵᠠᠷ ᠳᠤ ᠪᠠᠨ ᠮᠤᠩᠭᠤᠯ ᠭᠡᠷ ᠲᠡᠭᠡᠨ ᠬᠢᠴᠢᠶᠡᠯ ᠬᠢᠪᠡᠯ ᠨᠢᠬᠡ ᠪᠠᠭᠰᠢ ᠨᠢ | ᠪᠤᠰᠤᠳ ᠴᠢᠭ ᠲᠡᠭᠡᠷ᠎ᠡ ᠬᠦᠷᠴᠦ ᠳᠤᠭᠤᠷᠢᠨ ᠵᠢᠭᠠᠳᠠᠭ᠂ ᠡᠪᠤᠯ ᠪᠤᠯᠪᠠᠯ ᠠᠷᠪᠠᠭᠠᠳ ᠭᠠᠵᠠᠷ ᠵᠠᠶᠢᠳᠠᠢ ᠲᠤᠯᠠᠭᠠᠨ | ᠵᠠᠯᠭ᠎ᠠ ︵ᠡᠨᠡ ᠭᠤᠤ︶᠂ ᠭᠤᠷᠪᠠᠨ ᠭᠠᠵᠠᠷ ᠵᠠᠶᠢᠳᠠᠢ ᠰᠢᠬᠠᠭᠤ ᠵᠠᠷᠬᠡ ᠭᠠᠵᠠᠷ ᠢᠶᠠᠷ ᠲᠤᠭᠤᠷᠢᠨ ᠤᠳᠽᠠᠷ᠂ | ᠳᠤᠷᠵᠢᠰᠡᠷᠡᠩ ᠬᠤᠶᠠᠷ ᠪᠠᠭᠰᠢ ᠨᠢᠬᠡ ᠨᠢ ᠰᠤᠷᠭᠠᠭᠤᠯᠢ ᠶᠢᠨ ᠭᠡᠷ ᠲᠡᠭᠡᠨ ᠬᠢᠴᠢᠶᠡᠯ ᠬᠢᠵᠦ ᠨᠢᠬᠡ ᠨᠢ ᠰᠠᠮᠪᠠᠷ᠎ᠠ | ᠢᠶᠠᠨ ᠡᠬᠦᠷᠴᠤ ᠬᠡᠳᠦᠨ ᠲᠡᠰᠢ ᠡᠭᠡᠯᠵᠢᠯᠡᠨ ᠬᠢᠴᠢᠶᠠᠯ ᠵᠢᠭᠠᠨ᠎ᠠ᠂ ᠡᠨᠡ ᠨᠢ ᠴᠤᠬᠤᠮ 《ᠮᠣᠷᠢᠨ ᠨᠢᠷᠤᠭᠤᠨ ᠲᠡᠭᠡᠷᠡᠬᠢ | ᠰᠤᠷᠭᠠᠭᠤᠯᠢ》᠂ ᠨᠡᠬᠦᠳᠡᠯ ᠮᠠᠯᠵᠢᠯ ᠤᠨ ᠪᠤᠳᠠᠳᠤ ᠠᠮᠢᠳᠤᠷᠠᠯ ᠢ ᠬᠠᠷᠠᠭᠤᠯᠤᠭᠰᠠᠨ ᠤᠨᠴᠤᠭᠤᠢ ᠨᠢᠬᠡ ᠵᠦᠢᠯ ᠤᠨ | ᠠᠷᠭ᠎ᠠ ᠵᠠᠮ ᠢᠶᠠᠷ ᠰᠤᠶᠤᠯ ᠰᠤᠷᠭᠠᠨ ᠬᠦᠮᠦᠵᠢᠯ ᠢ ᠳᠦᠭᠡᠮᠡᠯᠵᠢᠬᠦᠯᠵᠦ ᠰᠤᠷᠬᠤ ᠨᠠᠰᠤᠨ ᠤ ᠬᠡᠤᠬᠡᠳ ᠢ ᠬᠤᠴᠤᠷᠤᠯ | ᠦᠬᠡᠢ ᠰᠤᠷᠭᠠᠭᠤᠯᠢ ᠳᠤ ᠤᠷᠤᠭᠤᠯᠵᠦ ᠴᠢᠳᠠᠭᠰᠠᠨ ᠪᠠᠭᠠᠷᠢᠨ ᠵᠡᠬᠦᠨ ᠬᠤᠰᠢᠭᠤ᠂ ᠪᠤᠰᠤᠳ ᠠᠬ᠎ᠠ ᠲᠡᠬᠦᠦ ᠨᠢᠭᠡᠴᠢ | ᠳᠤ ᠬᠡᠷᠡᠭᠵᠢᠬᠦᠯᠦᠭᠰᠡᠨ ᠦᠬᠡᠢ ᠴᠤᠷ ᠤᠨ ᠭᠠᠭᠴᠠ ᠶᠤᠯᠤ ᠶᠢᠨ ᠠᠷᠦ ᠪᠠᠭ᠎ᠠ ᠰᠤᠷᠭᠠᠭᠤᠯᠢ ᠶᠢᠨ ᠰᠤᠶᠤᠯ ᠰᠤᠷᠭᠠᠨ | ᠬᠦᠮᠦᠵᠢᠯ ᠤᠨ ᠵᠢᠭᠠᠨ ᠰᠤᠷᠭᠠᠯᠲᠠ ᠶᠢᠨ ᠵᠠᠮ ᠢᠶᠠᠷ ᠵᠠᠮᠨᠠᠵᠦ ᠢᠷᠡᠭᠰᠡᠨ ᠶᠤᠮ᠃ ᠤᠨᠴᠠᠭᠠᠶᠢᠯᠠᠨ ᠳᠣᠷᠠᠳᠣᠭᠤᠰᠢᠲᠠᠢ | ᠨᠢ ᠠᠷᠠᠳ ᠠᠴᠠ ᠡᠷᠬᠢᠯᠡᠭᠰᠡᠨ ᠪᠠᠭᠰᠢ ᠶᠢᠨ ᠴᠠᠯᠢᠩ ᠬᠦᠯᠦᠰᠦ ᠶᠢ ᠪᠠᠷᠢᠭᠠᠲᠠ ᠠᠴᠠ ᠬᠤᠪᠢ ᠲᠡᠮᠳᠡᠭᠯᠡᠬᠦ ᠳᠦᠷᠢᠮ | ᠢ ᠬᠡᠷᠡᠭᠵᠢᠬᠦᠯᠵᠦ ᠪᠠᠶᠢᠭᠰᠠᠨ ᠤᠴᠢᠷ ᠦᠢᠯᠡᠳᠪᠦᠷᠢᠯᠡᠯ ᠤᠨ ᠪᠠᠷᠢᠭᠠᠲᠠ ᠶᠢᠨ ᠨᠢᠬᠡ ᠪᠦᠬᠦᠯᠢ ᠬᠦᠳᠠᠯᠮᠦᠷᠢ ᠶᠢᠨ | ᠲᠤᠭ᠎ᠠ ᠶᠢ ᠬᠦᠢᠴᠡᠳᠭᠡᠵᠦ ᠪᠦᠬᠦᠯᠢ ᠵᠢᠯ ᠳᠤ 360 ᠬᠦᠳᠡᠯᠮᠦᠷᠢ ᠶᠢᠨ ᠡᠳᠦᠷ ᠢ ᠪᠠᠳᠤᠯᠬᠤ ᠭᠡᠷᠡᠭᠲᠠᠢ᠃ 360 | ᠡᠳᠦᠷ ᠢ ᠪᠠᠳᠤᠯᠠᠬᠤ ᠦᠬᠡᠢ ᠪᠤᠯ ᠴᠠᠯᠢᠩ ᠬᠦᠯᠦᠰᠦ ᠶᠢ ᠨᠢ ᠪᠦᠷᠢᠨ ᠬᠦᠢᠴᠡᠳ ᠦᠭᠬᠦ ᠦᠬᠡᠢ᠂ ᠲᠡᠶᠢᠮᠦ ᠠᠴᠠ | ᠵᠤᠨ ᠡᠪᠤᠯ ᠤᠨ ᠠᠮᠠᠷᠠᠯᠲᠠ ᠶᠢᠨ ᠬᠤᠭᠤᠴᠠᠭ᠎ᠠ ᠬᠡᠵᠦ ᠪᠠᠶᠢᠳᠠᠭ ᠦᠬᠡᠢ ᠶᠤᠮ᠃ 1972 ᠤᠨ ᠠᠴᠠ ᠬᠤᠶᠢᠰᠢ | ᠰᠠᠶ᠋ᠢ ᠠᠷᠠᠳ ᠠᠴᠠ ᠡᠷᠬᠢᠯᠡᠭᠰᠡᠨ ᠰᠤᠷᠭᠠᠭᠤᠯᠢ ᠶᠢᠨ ᠪᠠᠭᠰᠢ ᠴᠢᠯᠦᠬᠡ ᠲᠠᠢ ᠠᠮᠠᠷᠠᠯᠲᠠ ᠲᠠᠢ ᠪᠤᠯᠤᠭᠰᠠᠨ ᠪᠠᠶᠢᠨ᠎ᠠ᠃ | 1968 ᠤᠨ ᠳᠤ ᠬᠤᠶᠠᠷ ᠪᠠᠭᠰᠢ ᠳᠦᠴᠢᠨ ᠬᠡᠳᠦᠨ ᠰᠤᠷᠤᠭᠴᠢ᠂ ᠬᠤᠷᠢᠭᠠᠳ ᠢᠵᠢ ᠰᠢᠷᠡᠭᠡ | ᠰᠠᠨᠳᠠᠯᠢ ᠳᠦᠷᠪᠡᠨ ᠳᠠᠰᠤᠯᠭ᠎ᠠ ᠠᠩᠭᠢ ᠶᠢᠨ ᠭᠡᠷ ᠨᠢᠬᠡ ᠲᠠᠰᠤᠯᠭ᠎ᠠ ᠠᠯᠪᠠᠨ ᠭᠡᠷ ᠲᠠᠢ᠂ ᠵᠤᠷᠰᠢᠯ ᠶᠤᠰᠤᠭᠠᠷ ᠵᠤᠨ | ᠳᠠᠭᠠᠨ ᠵᠤᠰᠠᠭᠠᠯ ᠳᠠᠭᠠᠵᠦ ᠮᠠᠯ ᠢᠶᠠᠷ ᠭᠠᠷᠤᠭᠰᠠᠨ ᠠᠶᠢᠯ ᠤᠨ ᠬᠡᠦᠬᠡᠳ ᠤᠳ ᠲᠤ ᠮᠤᠩᠭᠤᠯ ᠭᠡᠷ ᠲᠤ | ᠬᠢᠴᠢᠶᠡᠯᠯᠡᠵᠦ᠂ ᠡᠪᠦᠯ ᠰᠠᠭᠤᠷᠢᠨ ᠳᠤ ᠪᠠᠨ ᠬᠢᠴᠢᠶᠡᠯᠯᠡᠳᠡᠩ᠂ ᠪᠤᠰᠤᠳ ᠴᠢᠭ ᠲᠡᠭᠡᠨ ᠡᠬᠡᠯᠵᠢ ᠪᠠᠷ ᠳᠤᠭᠤᠷᠢᠵᠦ | ᠮᠤᠷᠢᠨ ᠨᠢᠷᠤᠭᠤᠨ ᠲᠡᠭᠡᠷᠡᠬᠢ ᠰᠤᠷᠭᠠᠭᠤᠯᠢ ᠪᠠᠨᠦᠷᠬᠦᠯᠵᠢᠯᠡᠳᠡᠭ᠃ | 1970 ᠤᠨ ᠳᠤ᠂ ᠰᠤᠷᠭᠠᠭᠤᠯᠢ ᠶᠢ ᠠᠶᠢᠯ ᠤᠨ ᠳᠤᠮᠲᠠ ᠰᠢᠯᠵᠢᠬᠦᠯᠪᠡ᠃ ᠡᠨᠡ ᠵᠢᠯ ᠤᠨ | ᠬᠤᠭᠤᠴᠠᠭ᠎ᠠ ᠡᠬᠢᠯᠡᠮᠡᠩᠴᠡ ᠣᠳᠽᠠᠷ ᠪᠠᠭᠰᠢ ᠰᠢᠯᠵᠢᠵᠦ ᠮᠦᠡᠭᠭᠡᠪᠠᠶᠠᠷ᠂ ᠲᠡᠯᠭᠡᠷ ᠬᠤᠶᠠᠷ ᠪᠠᠭᠰᠢ ᠬᠤᠪᠢᠶᠠᠬᠳᠠᠨ | ᠢᠷᠡᠵᠦ ᠠᠵᠢᠯᠯᠠᠵᠡᠢ᠃ ᠡᠨᠡ ᠵᠢᠯ1 —5 ᠳ᠋ᠤᠭᠠᠷ ᠤᠨ ᠬᠦᠷᠳᠡᠯ᠎ᠡ ᠳᠦᠴᠢᠨ ᠭᠡᠳᠦᠨ ᠰᠤᠷᠤᠭᠴᠢ ᠲᠠᠢ᠂ ᠭᠤᠷᠪᠠᠨ | ᠨᠡᠷ᠎ᠡ ᠪᠠᠭᠰᠢ ᠠᠵᠢᠯᠲᠠᠨ ᠲᠠᠢ᠃ ᠪᠠᠭ᠎ᠠ ᠰᠤᠷᠭᠠᠭᠤᠯᠢ ᠳᠤ ᠨᠢᠭᠡᠨ ᠬᠢᠳᠡᠳ ᠠᠩᠭᠢ ᠶᠢᠨ ᠰᠤᠷᠤᠭᠴᠢ ᠨᠡᠮᠡᠭᠳᠡᠵᠦ | ᠬᠡᠰᠡᠭ ᠬᠤᠭᠤᠴᠠᠭ᠎ᠠ ᠪᠤᠯᠪᠠ᠃ ᠡᠨᠡ ᠵᠢᠯ ᠤᠨ ᠬᠤᠭᠤᠴᠠᠭᠠᠨ ᠡᠴᠦᠰ ᠢᠶᠠᠷ ᠲᠡᠯᠭᠡᠷ ᠢ ᠰᠢᠯᠵᠢᠬᠦᠯᠵᠦ 9 ᠰᠠᠷ᠎ᠠ | ᠶᠢᠨ ᠰᠡᠭᠦᠯᠴᠢ ᠪᠠᠷ ᠲᠡᠭᠰᠢᠪᠤᠤ ᠶᠤᠯᠤ ᠶᠢᠨ ᠠᠷᠤ ᠪᠠᠭ᠎ᠠ ᠰᠤᠷᠭᠠᠭᠤᠯᠢ ᠳᠤ ᠢᠷᠡᠵᠦ ᠠᠵᠢᠯᠯᠠᠵᠡᠢ᠃ ᠪᠠᠳᠤᠪᠠᠶᠠᠷ | ᠶᠠᠪᠠ ᠰᠤᠷᠤᠭᠴᠢ ᠳᠤ ᠳᠦᠬᠦᠮ ᠵᠢᠷᠤᠭ ᠵᠢᠷᠤᠵᠦ ᠦᠰᠦᠭ ᠲᠠᠨᠢᠭᠤᠯᠪᠠ᠃ | 1971 ᠤᠨ ᠠᠴᠠ ᠡᠬᠢᠯᠡᠵᠦ ᠮᠠᠨ ᠤ ᠪᠠᠷᠢᠭᠠᠲᠠ ᠶᠢᠨ ᠵᠤᠰᠠᠯᠠᠩ ᠢᠶᠠᠷ ᠭᠠᠷᠬᠤ ᠡᠷᠦᠬᠡ ᠶᠠᠪᠤᠬᠤ ᠳᠤᠳᠤᠮ | ᠴᠦᠬᠡᠬᠡᠷᠡᠵᠦ ᠰᠤᠷᠤᠭᠴᠢᠳ ᠦᠨᠳᠤᠰᠦᠨ ᠳᠡᠭᠡᠨ ᠡᠪᠦᠯᠵᠢᠶᠡᠨ ᠰᠠᠭᠤᠷᠢᠨ ᠳᠠᠭᠠᠨ ᠰᠠᠭᠤᠷᠢᠰᠢᠵᠦ ᠰᠤᠷᠠᠭᠭᠤᠯᠢ ᠨᠢ | ᠳᠤᠭᠳᠠᠩᠭᠤᠢ ᠤᠷᠤᠨ ᠰᠠᠭᠤᠴᠠ ᠲᠠᠢ ᠪᠤᠯᠵᠦ ᠳᠤᠭᠳᠠᠪᠦᠷᠢᠵᠢᠪᠠ᠃ ᠡᠨᠡ ᠵᠢᠯ ᠳᠤᠷᠵᠢᠰᠡᠷᠡᠩ ᠲᠡᠭᠰᠢᠪᠤᠤ᠂ | ᠮᠦᠡᠭᠭᠡᠪᠠᠶᠡᠷ ᠵᠡᠷᠭᠡ ᠭᠤᠷᠪᠠᠨ ᠪᠠᠭᠰᠢ᠂ ᠳᠦᠴᠢᠨ ᠭᠡᠳᠦᠨ ᠰᠤᠷᠤᠭᠴᠢ 1 —5 ᠳ᠋ᠤᠭᠠᠷ ᠤᠨ ᠬᠦᠷᠳᠡᠯ᠎ᠡ᠂ ᠨᠢᠬᠡ | ᠬᠢᠳᠡᠳ ᠠᠩᠭᠢ ᠲᠠᠢ ᠪᠠᠨ 6 ᠠᠩᠭᠢ ᠰᠤᠷᠤᠭᠴᠢ ᠲᠠᠢ ᠳᠤᠭᠤᠷᠢᠨ ᠵᠢᠭᠠᠬᠤ ᠠᠷᠭ᠎ᠠ ᠮᠠᠶ᠋ᠢᠭ ᠶᠢ ᠦᠭᠡᠷᠡᠴᠢᠯᠡᠵᠦ | ᠮᠤᠷᠢᠨ ᠨᠢᠷᠤᠭᠤᠨ ᠳᠡᠭᠡᠷᠡᠬᠢ ᠰᠤᠷᠭᠠᠭᠤᠯᠢ ᠢ ᠦᠬᠡᠶᠢᠰᠬᠡᠵᠦ ᠶᠤᠯᠤ ᠶᠢᠨ ᠠᠷᠦ ᠪᠠᠭ᠎ᠠ ᠰᠤᠷᠭᠠᠭᠤᠯᠢ ᠠᠩᠭᠢ | ᠬᠤᠪᠢᠶᠡᠵᠦ ᠬᠢᠴᠢᠶᠡᠯᠯᠡᠬᠦ ᠳᠦᠷᠢᠮ ᠢ ᠠᠩᠬ᠎ᠠ ᠡᠬᠢᠯᠡᠵᠦ ᠭᠡᠷᠡᠭᠵᠢᠬᠦᠯᠵᠡᠢ᠃ ᠳᠤᠷᠵᠢᠰᠡᠷᠡᠩ ᠪᠠᠭᠰᠢᠯᠠᠬᠤ ᠪᠠᠨ | ᠵᠣᠬᠰᠣᠪᠠ᠃ | 1972 ᠤᠨ ᠳᠤ ᠳᠡᠭᠰᠢᠪᠤᠤ᠂ ᠰᠠᠷᠠᠭᠤᠯ᠂ ᠮᠦᠡᠭᠭᠡᠪᠠᠶᠡᠷ ᠵᠡᠷᠭᠡ ᠭᠤᠷᠪᠠᠨ ᠪᠠᠭᠰᠢ ᠬᠡᠳᠦᠨ | ᠰᠤᠷᠤᠭᠴᠢ ᠲᠠᠢ ᠰᠠᠷᠠᠭᠤᠯ ᠵᠠᠬᠢᠷᠤᠯ ᠤᠨ ᠠᠵᠢᠯ ᠢ ᠬᠠᠷᠢᠭᠤᠴᠠᠵᠦ ᠪᠠᠶᠢᠵᠡᠢ᠃ ᠳᠡᠭᠰᠢᠪᠤᠤ ᠵᠢᠯ ᠤᠨ ᠡᠴᠦᠰ | ᠢᠶᠠᠷ ᠪᠠᠶ᠋ᠬᠠᠠᠭᠤᠯᠨ ᠰᠤᠮᠦ ᠶᠢᠨ ᠵᠠᠰᠠᠭ ᠤᠨ ᠤᠷᠳᠤᠨ ᠳᠤ ᠠᠵᠢᠯ ᠰᠢᠯᠵᠢᠪᠠ᠃ ᠳᠣᠰ ᠵᠢᠯ ᠰᠤᠷᠭᠠᠭᠤᠯᠢ ᠶᠢ ᠪᠤᠯᠠᠭ | ᠤᠨ ᠡᠩᠭᠡᠷ ᠲᠤ ᠰᠢᠯᠵᠢᠬᠦᠯᠪᠡ᠃ ᠬᠠᠭᠤᠴᠢᠨ ᠪᠠᠶᠢᠭᠰᠠᠨ ᠲᠠᠪᠤᠨ ᠲᠠᠰᠤᠯᠭ᠎ᠠ ᠭᠡᠷ ᠤᠨ ᠪᠠᠷᠠᠭᠤᠨ ᠲᠠᠯ᠎ᠠ ᠳᠤᠨᠢ | ᠰᠢᠨ᠎ᠡ ᠪᠠᠷ ᠲᠠᠪᠤᠨ ᠳᠠᠰᠤᠯᠭ᠎ᠠ ᠭᠡᠷ ᠪᠠᠷᠢᠵᠦ ᠬᠦᠷᠢᠶ᠎ᠠ ᠶᠢ ᠶᠡᠬᠡᠰᠬᠡᠪᠡ᠃ | 1973 —1975 ᠤᠨ ᠳᠤ᠂ ᠰᠠᠷᠠᠭᠤᠯ᠂ ᠨᠤᠶᠢᠷᠤᠪ᠂ ᠮᠦᠡᠭᠭᠡᠪᠠᠶᠡᠷ᠂ ᠸᠠᠩᠴᠤᠭᠷᠠᠪᠳᠠᠨ᠂ ᠡᠷᠳᠡᠨᠢ | ᠵᠡᠷᠭᠡ ᠲᠠᠪᠤᠨ ᠪᠠᠭᠰᠢ ᠳᠦᠴᠢᠨ ᠬᠡᠳᠦᠨ ᠰᠤᠷᠤᠭᠴᠢ ᠲᠠᠢ ᠰᠠᠷᠠᠭᠤᠯ ᠵᠠᠬᠢᠷᠤᠯ ᠤᠨ ᠠᠵᠢᠯ ᠢ ᠬᠠᠷᠢᠭᠤᠴᠠᠵᠦ | ᠪᠠᠶᠢᠵᠡᠢ᠃ | 1976 ᠤᠨ ᠳᠤ᠂ ᠰᠠᠷᠠᠭᠤᠯ ᠶᠤᠯᠤ ᠶᠢᠨ ᠠᠷᠤ ᠬᠤᠯᠪᠤᠭᠠᠲᠤ ᠲᠤᠮᠳᠠᠳᠣ ᠰᠤᠷᠭᠠᠭᠤᠯᠢ ᠳᠤ | ᠰᠢᠯᠵᠢᠪᠡ᠃ ᠮᠦᠩᠬᠡᠪᠠᠶᠠᠷ᠂ ᠸᠠᠩᠴᠤᠭᠷᠠᠪᠳᠠᠨ᠂ ᠨᠤᠶᠢᠷᠤᠪ ᠂ ᠡᠷᠳᠡᠨᠢ᠂ ᠦᠯᠵᠡᠶᠢᠪᠠᠶᠠᠷ ᠵᠡᠷᠭᠡ ᠲᠠᠪᠤᠨ ᠪᠠᠭᠰᠢ | ᠲᠠᠪᠢ ᠭᠠᠷᠤᠢ ᠰᠤᠷᠤᠭᠴᠢ ᠲᠠᠢ ᠂ ᠮᠦᠩᠬᠡᠪᠠᠶᠠᠷ ᠵᠠᠬᠢᠷᠤᠯ ᠤᠨ ᠠᠵᠢᠯ ᠢ ᠬᠠᠷᠢᠭᠤᠴᠠᠵᠤ ᠪᠠᠶᠢᠵᠠᠢ᠃ 1976 | ᠤᠨ ᠳᠤ ᠶᠤᠯᠤ ᠶᠢᠨ ᠠᠷᠣ ᠪᠠᠷᠢᠭᠠᠳᠠ ᠳᠤ ᠶᠤᠯᠤ ᠶᠢᠨ ᠠᠷᠤ ᠬᠤᠯᠪᠤᠭᠠᠳᠤ ᠲᠤᠮᠳᠠᠳᠤ ᠰᠤᠷᠭᠠᠭᠤᠯᠢ ᠭᠡᠵᠤ | ᠪᠠᠶᠢᠭᠤᠯᠤᠭᠠᠳ ᠶᠤᠯᠤ ᠶᠢᠨ ᠠᠷᠤ᠂ ᠨᠠᠷᠢᠨᠳᠠᠪᠠᠭ᠎ᠠ ᠬᠤᠶᠠᠷ ᠪᠠᠭ᠎ᠠ ᠰᠤᠷᠭᠠᠭᠤᠯᠢ ᠶᠢᠨ ᠲᠡᠭᠡᠳᠤ ᠠᠩᠬᠢ ᠶᠢ | ᠨᠡᠶᠢᠯᠡᠭᠦᠯᠵᠤ᠂ ᠠᠩᠬᠠᠲ᠋ᠤᠮᠳᠠᠳᠤ ᠶᠢᠨ ᠠᠩᠬᠢ ᠡᠷᠬᠢᠯᠡᠵᠤ ᠬᠤᠯᠪᠤᠭᠠᠳᠤ ᠲᠤᠮᠳᠠᠳᠤ ᠰᠤᠷᠭᠠᠭᠤᠯᠢ ᠪᠤᠢ ᠪᠤᠯᠪᠠ᠃ | ᠰᠤᠷᠭᠠᠭᠤᠯᠢ ᠶᠢᠨ ᠪᠡᠶᠢᠷᠢᠰᠢᠯ ᠨᠢ ᠭᠤᠤᠯ ᠤᠨ ᠵᠡᠭᠦᠨ ᠠᠶᠢᠯ ᠤᠨ ᠲᠤᠮᠳᠠ ᠬᠡᠰᠡᠭ ᠲᠤ ᠲᠤᠯᠤᠭᠠᠨ ᠲᠠᠰᠤᠯᠭ᠎ᠠ ᠶᠡᠭᠡ | ᠭᠡᠷ᠂ ᠭᠤᠷᠪᠡᠨ ᠠᠩᠬᠢ ᠶᠢᠨ ᠭᠡᠷ᠂ ᠨᠢᠭᠡ ᠲᠠᠰᠤᠯᠭ᠎ᠠ ᠠᠯᠪᠠᠨ ᠭᠡᠷ᠂ ᠰᠢᠷᠡᠭᠡ ᠰᠠᠨᠳᠠᠯᠢ ᠢᠵᠢ ᠪᠦᠷᠢᠨ᠂ ᠳᠤᠮᠳᠠ | ᠬᠡᠰᠡᠭ ᠲᠤ ᠪᠠᠶᠢᠭᠰᠠᠨ ᠪᠠᠷᠢᠭᠠᠳᠠ ᠶᠢᠨ6 ᠲᠠᠰᠤᠯᠭ᠎ᠠ ᠠᠯᠪᠠᠨ ᠭᠡᠷ ᠢ ᠬᠤᠯᠪᠤᠭᠠᠳᠤ ᠲᠤᠮᠳᠠᠳᠤ ᠰᠤᠷᠭᠠᠭᠤᠯᠢ ᠶᠢᠨ | ᠪᠠᠶᠢᠷᠢ ᠶᠢᠨ ᠭᠡᠷ᠂ ᠬᠤᠭᠤᠯᠠᠨ ᠭᠡᠷ᠂ ᠠᠷᠤ ᠲᠠᠯ᠎ᠠ ᠶᠢᠨ ᠦᠢᠯᠡᠴᠢᠯᠡᠭᠡᠨ ᠤ ᠭᠠᠵᠠᠷ ᠪᠤᠯᠭᠠᠵᠤ ᠰᠠᠷᠠᠭᠤᠯ᠂ ᠭᠡᠷᠡᠯ᠎ᠡ᠂ | ᠵᠢᠷᠠᠨᠲᠠᠢ᠂ ᠤᠳᠽᠡᠷ ᠶᠤᠨᠳᠤᠨᠫᠤᠩᠰᠤᠭ ᠂ ᠳ᠋ᠧᠴᠢᠨᠪᠠᠪᠤᠤ᠂ ᠸᠠᠩᠴᠤᠭᠷᠠᠪᠳᠠᠨ ᠵᠡᠷᠭᠡ ᠪᠠᠭᠰᠢ ᠨᠡᠷ ᠤᠷᠢᠲᠠ | ᠬᠤᠵᠢᠳ ᠠᠵᠢᠯᠯᠠᠵᠤ ᠦᠩᠭᠡᠷᠡᠭᠰᠡᠨ ᠪᠦᠭᠡᠳ1976 ᠤᠨ ᠳᠤ᠂ ᠰᠠᠷᠠᠭᠤᠯ ᠵᠠᠬᠢᠷᠤᠯ ᠤᠨ ᠠᠵᠢᠯ ᠢ ᠬᠠᠷᠢᠭᠤᠴᠠᠵᠤ | ᠂1977 —79 ᠤᠨ ᠳᠤ ᠤᠳᠽᠡᠷ ᠵᠡᠬᠢᠷᠤᠯ ᠤᠨ ᠠᠵᠢᠯ ᠢ ᠬᠠᠷᠢᠭᠤᠴᠠᠵᠤ ᠪᠠᠶᠢᠵᠡᠢ᠃ ᠳᠣᠰ ᠰᠤᠷᠭᠠᠭᠤᠯᠢ ᠨᠢ | ᠲᠦᠷᠪᠡᠨ ᠵᠢᠯ ᠪᠤᠯᠤᠮᠠᠭᠴᠠ ᠪᠠᠶ᠋ᠬᠠᠭᠤᠯᠠ ᠲᠤᠮᠳᠠᠳᠤ ᠰᠤᠷᠭᠠᠭᠤᠯᠢ ᠲᠠᠢ ᠨᠡᠶᠢᠯᠡᠭᠦᠯᠵᠤ ᠡᠷᠬᠢᠯᠡᠪᠡ᠃ | 1977 — 1978 ᠤᠨ ᠳᠤ ᠮᠦᠩᠬᠡᠪᠠᠶᠡᠷ᠂ ᠦᠯᠵᠡᠶᠢᠪᠠᠶᠠᠷ᠂ ᠡᠷᠳᠡᠨᠢ᠂ ᠨᠦᠢᠷᠤᠪ᠂ ᠵᠤᠷᠢᠭᠳᠤ | ᠵᠡᠷᠭᠡ ᠲᠠᠪᠤᠨ ᠪᠠᠭᠰᠢ᠂ ᠳᠦᠴᠢᠨ ᠬᠡᠳᠦᠨ ᠰᠤᠷᠤᠭᠴᠢ ᠲᠠᠢ ᠮᠦᠩᠬᠡᠪᠠᠶᠡᠷ ᠵᠠᠬᠢᠷᠦᠯ ᠤᠨ ᠠᠵᠢᠯ ᠢ ᠬᠠᠷᠢᠭᠤᠴᠠᠵᠤ | ᠪᠠᠶᠢᠵᠠᠢ᠃ | 1979 —1981 ᠤᠨ ᠳᠤ ᠰᠠᠷᠠᠭᠤᠯ᠂ ᠮᠦᠩᠬᠡᠪᠠᠶᠠᠷ᠂ ᠸᠠᠩᠴᠤᠭᠷᠠᠪᠳᠠᠨ᠂ ᠦᠯᠵᠡᠶᠢᠪᠠᠶᠠᠷ | ᠵᠠᠷᠭᠡ ᠪᠠᠭᠰᠢ ᠲᠠᠪᠢ ᠭᠠᠷᠤᠢ ᠰᠤᠷᠤᠭᠴᠢ ᠲᠠᠢ᠂ ᠰᠠᠷᠠᠭᠤᠯ ᠵᠠᠬᠢᠷᠤᠯ ᠤᠨ ᠠᠵᠢᠯ ᠢ ᠬᠠᠷᠢᠭᠤᠴᠠᠵᠤ ᠪᠠᠶᠢᠵᠠᠢ᠃ | 1982 ᠤᠨ ᠳᠤ ᠤᠳᠽᠡᠷ᠂ ᠰᠠᠷᠠᠭᠤᠯ᠂ ᠸᠠᠩᠴᠤᠭᠷᠠᠪᠳᠠᠨ᠂ ᠦᠯᠵᠡᠶᠢᠪᠠᠶᠠᠷ ᠵᠡᠷᠭᠡ ᠪᠠᠭᠰᠢ 57 | ᠰᠤᠷᠤᠭᠴᠢ ᠲᠠᠢ᠂ ᠤᠳᠽᠡᠷ ᠪᠠᠭᠰᠢ ᠵᠠᠬᠢᠷᠤᠯ ᠤᠨ ᠠᠵᠢᠯ ᠢ ᠬᠠᠷᠢᠭᠤᠴᠠᠵᠤ ᠪᠠᠶᠢᠵᠠᠢ᠃ | 1983 ᠤᠨ᠄ ᠤᠳᠽᠡᠷ᠂ ᠰᠠᠷᠠᠭᠤᠯ᠂ ᠶᠤᠨᠳᠤᠨᠫᠤᠩᠰᠤᠭ᠂ ᠸᠠᠩᠴᠤᠭᠷᠠᠪᠳᠠᠨ᠂ ᠦᠯᠵᠡᠶᠢᠪᠠᠶᠠᠷ᠂ | ᠳᠤᠶᠢᠩᠬᠡᠷ ᠵᠡᠷᠭᠡ ᠵᠢᠷᠭᠤᠭᠠᠨ ᠪᠠᠭᠰᠢ᠂ 54 ᠰᠤᠷᠤᠭᠴᠢ ᠲᠠᠢ ᠶᠤᠨᠳᠤᠨᠫᠤᠩᠰᠤᠭ ᠵᠠᠬᠢᠷᠤᠯ ᠤᠨ ᠠᠵᠢᠯ ᠢ | ᠬᠠᠷᠢᠭᠤᠴᠠᠵᠤ ᠪᠠᠶᠢᠵᠠᠢ᠃ | 1984 ᠤᠨ ᠄ ᠶᠤᠨᠳᠤᠨᠫᠤᠩᠰᠤᠭ᠂ ᠤᠳᠽᠡᠷ᠂ ᠰᠠᠷᠠᠭᠤᠯ᠂ ᠸᠠᠩᠴᠤᠭᠷᠠᠪᠳᠠᠨ᠂ ᠲᠤᠶᠢᠡᠭᠬᠤᠷ᠂ | ᠤᠶᠤᠨᠳᠠᠯᠠᠢ ᠂ ᠦᠯᠵᠡᠶᠢᠪᠠᠶᠠᠷ ᠵᠡᠷᠭᠡ ᠲᠤᠯᠤᠭᠠᠨ ᠪᠠᠭᠰᠢ᠂ 61 ᠰᠤᠷᠤᠭᠴᠢ ᠲᠠᠢ᠂ ᠶᠤᠨᠳᠤᠨᠫᠤᠩᠰᠤᠭ ᠵᠠᠬᠢᠷᠤᠯ ᠤᠨ | ᠠᠵᠢᠯ ᠢ ᠬᠠᠷᠢᠭᠤᠴᠠᠵᠤ ᠪᠠᠶᠢᠵᠠᠢ᠃ | ᠳᠣᠰ ᠵᠢᠯ ᠳᠤ ᠤᠳᠽᠡᠷ ᠪᠠᠭᠰᠢ ᠦᠪᠡᠷᠳᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤ ᠳᠡᠷᠢᠭᠦᠨ ᠤ | ᠠᠵᠢᠯᠳᠠᠨ ᠢᠶᠠᠷ ᠴᠤᠯᠯᠠᠭᠳᠠᠵᠡᠢ᠃ | 1985 ᠤᠨ ᠳᠤ ᠤᠳᠽᠡᠷ᠂ ᠮᠦᠩᠬᠡᠪᠠᠶᠠᠷ᠂ ᠶᠤᠨᠳᠤᠨᠫᠤᠩᠰᠤᠭ᠂ ᠳ᠋ᠧᠴᠢᠨᠪᠠᠪᠤᠤ᠂ ᠲᠤᠶᠢᠡᠭᠬᠤᠷ ᠂ | ᠦᠯᠵᠡᠶᠢᠪᠠᠶᠠᠷ᠂ ᠤᠶᠤᠨᠳᠠᠯᠠᠢ ᠵᠡᠷᠭᠡ ᠪᠠᠭᠰᠢ᠂61 ᠰᠤᠷᠤᠭᠴᠢ ᠲᠠᠪᠤᠨ ᠠᠩᠬᠢ ᠡᠷᠬᠢᠯᠡᠵᠤ ᠶᠤᠨᠳᠤᠨᠫᠤᠩᠰᠤᠭ | ᠵᠠᠬᠢᠷᠤᠯ ᠤᠨ ᠠᠵᠢᠯ ᠢ ᠬᠠᠷᠢᠭᠤᠴᠠᠵᠤ ᠪᠠᠶᠢᠵᠠᠢ ᠃ | 1986 ᠤᠨ ᠳᠤ ᠤᠳᠽᠡᠷ᠂ ᠶᠤᠨᠳᠤᠨᠫᠤᠩᠰᠤᠭ᠂ ᠳ᠋ᠧᠴᠢᠨᠪᠠᠪᠤᠤ᠂ ᠮᠦᠩᠬᠡᠪᠠᠶᠠᠷ᠂ ᠲᠤᠶᠢᠡᠭᠬᠤᠷ ᠂ | ᠦᠯᠵᠡᠶᠢᠪᠠᠶᠡᠷ᠂ ᠤᠶᠤᠨᠳᠠᠯᠠᠢ ᠵᠡᠷᠭᠡ ᠪᠠᠭᠰᠢ ᠵᠢᠷᠠᠨ ᠬᠡᠳᠤᠨ ᠰᠤᠷᠤᠭᠴᠢ ᠲᠠᠢ᠂ ᠶᠤᠨᠳᠤᠨᠫᠤᠩᠰᠤᠭ ᠵᠠᠬᠢᠷᠦᠯ ᠤᠨ | ᠠᠵᠢᠯ ᠢ ᠬᠠᠷᠢᠭᠤᠴᠠᠵᠤ ᠪᠠᠶᠢᠵᠠᠢ᠃ ᠡᠨᠡ ᠵᠢᠯ ᠶᠤᠨᠳᠤᠨᠫᠤᠩᠰᠤᠭ ᠪᠠᠶ᠋ᠬᠠᠭᠤᠯᠠ ᠶᠠᠷᠦᠩᠬᠡᠢ ᠰᠤᠷᠭᠠᠭᠤᠯᠢ ᠶᠢᠨ | ᠲᠠᠷᠢᠭᠦᠨ ᠤ ᠪᠠᠭᠰᠢ ᠪᠠᠷ ᠰᠤᠩᠭᠤᠭᠳᠠᠵᠡᠢ᠃ | 1987 — 1988 ᠤᠨ᠄ ᠶᠤᠨᠳᠤᠨᠫᠤᠩᠰᠤᠭ᠂ ᠳ᠋ᠧᠴᠢᠨᠪᠠᠪᠤᠤ ᠂ ᠲᠤᠶᠢᠡᠭᠬᠤᠷ ᠂ | ᠪᠠᠭᠠᠳᠤᠷᠴᠤᠭᠳᠤ ᠂ ᠦᠯᠵᠡᠶᠢᠪᠠᠶᠠᠷ᠂ ᠮᠦᠩᠬᠡᠪᠠᠶᠠᠷ᠂ ᠤᠶᠤᠨᠳᠠᠯᠠᠢ᠂ ᠰᠧᠪᠯᠠᠮᠠ ᠂ ᠯᠠᠶᠢᠰᠢᠶᠤᠤ᠂ | ᠸᠠᠩᠴᠤᠭᠷᠠᠪᠳᠡᠨ ᠵᠡᠷᠭᠡ ᠶᠢᠰᠤᠨ ᠨᠡᠷ᠎ᠡ ᠪᠠᠭᠰᠢ ᠠᠵᠢᠯᠲᠠᠨ ᠵᠢᠷᠠᠨ ᠬᠡᠳᠤᠨ ᠰᠤᠷᠤᠭᠴᠢ ᠲᠠᠢ᠂ ᠲᠠᠪᠤᠨ ᠠᠩᠬᠢ | ᠡᠷᠬᠢᠯᠡᠵᠤ ᠶᠤᠨᠳᠤᠨᠫᠤᠩᠰᠤᠭ ᠵᠠᠬᠢᠷᠤᠯ ᠤᠨ ᠠᠵᠢᠯ ᠢ ᠬᠠᠷᠢᠭᠤᠴᠠᠵᠤ ᠪᠠᠶᠢᠵᠠᠢ᠃ | 1989 —1990 ᠤᠨ᠄ ᠳ᠋ᠧᠴᠢᠨᠪᠠᠪᠤᠤ᠂ ᠲᠤᠶᠢᠡᠭᠬᠤᠷ ᠂ ᠦᠯᠵᠡᠶᠢᠪᠠᠶᠠᠷ᠂ ᠮᠦᠩᠬᠡᠪᠠᠶᠡᠷ᠂ | ᠸᠠᠩᠴᠤᠭᠷᠠᠪᠳᠠᠨ᠂ ᠤᠶᠤᠨᠳᠠᠯᠠᠢ᠂ ᠯᠠᠶᠢᠰᠢᠶᠤᠤ ᠵᠡᠷᠭᠡ ᠲᠤᠯᠤᠭᠠᠨ ᠪᠠᠭᠰᠢ᠂ ᠵᠢᠷᠠᠨ ᠬᠡᠳᠤᠨ ᠰᠤᠷᠤᠭᠴᠢ ᠲᠠᠢ᠂ | ᠳ᠋ᠧᠴᠢᠨᠪᠠᠪᠤᠤ ᠵᠠᠬᠢᠷᠤᠯ ᠤᠨ ᠠᠵᠢᠯ ᠢ ᠬᠠᠷᠢᠭᠤᠴᠠᠵᠤ ᠪᠠᠶᠢᠵᠠᠢ᠃ | 1990 ᠤᠨ ᠳᠤ ᠶᠤᠯᠤ ᠶᠢᠨ ᠠᠷᠤ ᠪᠠᠭ᠎ᠠ ᠰᠤᠷᠭᠠᠭᠤᠯᠢ ᠰᠢᠨ᠎ᠠ ᠪᠠᠷ ᠸᠠᠭᠠᠷ ᠲᠤᠭᠤᠰᠬ᠎ᠠ ᠶᠢᠨ | ᠪᠦᠳᠦᠴᠠ ᠲᠠᠢ ᠠᠷᠪᠠᠨ ᠲᠤᠯᠤᠭᠠᠨ ᠲᠠᠰᠤᠯᠭ᠎ᠠ ᠬᠡᠷ ᠪᠠᠷᠢᠵᠣ᠂ 6 ᠬᠢᠴᠢᠶᠡᠯ ᠤᠨ ᠭᠡᠷ ᠂ 1 ᠠᠯᠪᠠᠨ ᠭᠡᠷ᠂ | ᠲᠤᠭᠤᠭᠠᠨ ᠭᠡᠷ ᠂ ᠨᠤᠮ ᠤᠨ ᠦᠷᠦᠭᠡ ᠵᠡᠷᠭᠡ ᠶᠢ ᠲᠤᠬᠢᠯᠢᠭ ᠰᠠᠶᠢᠬᠠᠨ ᠪᠠᠶᠢᠷᠢᠯᠠᠭᠤᠯᠵᠤ᠂ ᠪᠠᠰᠠ ᠭᠤᠷᠪᠠᠨ | ᠲᠠᠰᠤᠯᠭ᠎ᠠ ᠵᠤᠷᠯᠤᠩ᠂ ᠰᠤᠷᠭᠠᠭᠤᠯᠢ ᠶᠢᠨ ᠬᠦᠷᠢᠶ᠎ᠡ ᠪᠠᠨ ᠡᠮᠤᠨᠠᠰᠢ ᠬᠤᠶᠢᠰᠢ 120 ᠮᠧᠲᠷ᠂ ᠵᠡᠭᠦᠨᠰᠢ ᠪᠠᠷᠠᠭᠤᠨᠰᠢ | 75 ᠮᠧᠲᠷ᠂ ᠬᠦᠷᠢᠶᠡᠨ ᠤ ᠡᠮᠤᠨ᠎ᠠ ᠲᠠᠯ᠎ᠠ ᠶᠢ ᠲᠤᠭᠤᠰᠬ᠎ᠠ ᠪᠠᠷ ᠪᠠᠷᠢᠵᠤ᠂ ᠠᠷᠪᠠᠭᠠᠳ ᠪᠠᠭᠰᠢ ᠠᠵᠢᠯᠲᠠᠨ ᠵᠢᠷᠠ | ᠲᠠᠯᠠᠨ ᠰᠤᠷᠤᠭᠴᠢ ᠲᠠᠢ ᠪᠤᠯᠪᠠ᠃ | 1990 —1993 ᠤᠨ ᠬᠦᠷᠳᠡᠯ᠎ᠠ ᠂ ᠳᠤᠶᠢᠩᠬᠤᠷ᠂ ᠤᠶᠤᠨᠳᠠᠯᠠᠢ ᠂ ᠸᠠᠩᠴᠤᠭᠷᠠᠪᠳᠠᠨ᠂ | ᠦᠯᠵᠡᠶᠢᠪᠠᠶᠠᠷ᠂ ᠯᠠᠶᠢᠰᠢᠶᠤᠤ ᠂ ᠳ᠋ᠧᠴᠢᠨᠪᠠᠪᠤᠤ ᠂ ᠶᠤᠨᠳᠤᠨᠫᠤᠩᠰᠤᠭ ᠵᠡᠷᠭᠡ ᠲᠤᠯᠤᠭᠠᠨ ᠪᠠᠭᠰᠢ ᠰᠤᠷᠭᠠᠭᠤᠯᠢ ᠶᠢᠨ | ᠵᠢᠭᠠᠨ ᠰᠤᠷᠭᠠᠬᠤ ᠠᠵᠢᠯ ᠂ ᠠᠩᠬᠢ ᠡᠷᠬᠢᠯᠡᠬᠦ᠂ ᠪᠦᠳᠦᠭᠡᠨ ᠪᠠᠶᠢᠭᠤᠯᠤᠯᠳᠠ ᠶᠢᠨ ᠠᠵᠢᠯ ᠳᠤ ᠪᠦᠯᠬᠦᠮᠳᠡᠨ | ᠬᠠᠮᠵᠢᠯᠴᠠᠵᠤ᠂ ᠡᠯ᠎ᠡ ᠲᠠᠯ᠎ᠠ ᠪᠠᠷ ᠬᠤᠰᠢᠭᠤ ᠰᠤᠮᠤᠨ ᠳᠠᠭᠠᠨ ᠤᠯᠠᠨᠲᠠ ᠲᠡᠷᠢᠭᠦᠯᠡᠵᠤ ᠤᠷᠤᠶᠢᠯᠠᠵᠤ ᠢᠷᠡᠭᠰᠡᠨ | ᠪᠠᠶᠢᠨ᠎ᠠ ᠃ | 1994 ᠤᠨ ᠳᠤ᠂ ᠰᠤᠷᠤᠭᠴᠢᠳ ᠤᠨ ᠬᠤᠪᠴᠠᠰᠤ ᠶᠢ ᠨᠢᠭᠡᠳᠤᠯᠲᠠᠢ ᠪᠤᠯᠪᠠ᠃ | 1997 ᠤᠨ ᠪᠠᠭᠠᠳᠤᠷᠴᠤᠭᠳᠤ᠂ ᠰᠧᠪᠡᠯᠠᠮᠠ ᠵᠡᠷᠭᠡ ᠬᠤᠶᠡᠷ ᠪᠠᠭᠰᠢ ᠨᠠᠷᠢᠨ ᠪᠠᠭ᠎ᠠ ᠰᠤᠷᠭᠠᠭᠤᠯᠢ | ᠠᠴᠠ ᠰᠢᠯᠵᠢᠨ ᠢᠷᠡᠭᠰᠡᠨ ᠪᠦᠭᠡᠳ ᠤᠶᠤᠨᠳᠠᠯᠠᠢ ᠪᠠᠭᠰᠢ ᠬᠢᠴᠢᠶᠡᠯ ᠬᠦᠮᠦᠵᠢᠯ ᠤᠨ ᠠᠵᠢᠯ ᠢ ᠬᠠᠷᠢᠭᠤᠴᠠᠨ ᠬᠢᠪᠠ᠃ | ᠨᠠᠶᠢᠲᠠ ᠶᠢᠰᠤᠨ ᠪᠠᠭᠰᠢ᠂ ᠨᠠᠶᠠᠭᠠᠳ ᠰᠤᠷᠤᠭᠴᠢ ᠲᠠᠢ ᠪᠠᠶᠢᠵᠠᠢ᠃ | 1999 ᠤᠨ ᠳᠤ ︽ᠬᠤᠶᠡᠷ ᠦᠨᠳᠤᠰᠤᠨ ︾ ᠢ ᠪᠠᠷᠢᠮᠵᠢᠶ᠎ᠡ ᠳᠤ ᠬᠦᠷᠭᠡᠬᠦ ᠠᠵᠢᠯ ᠳᠤ ᠪᠠᠭᠰᠢᠨᠠᠷ | ᠢᠳᠡᠪᠬᠢᠯᠡᠨ ᠣᠷᠣᠯᠴᠠᠪᠠ᠃ | 2000 ᠤᠨ ᠳᠤ ᠤᠶᠤᠨᠳᠠᠯᠠᠢ᠂ ᠪᠠᠭᠠᠳᠤᠷᠴᠤᠭᠳᠤ ᠬᠤᠶᠠᠷ ᠪᠠᠭᠰᠢ ᠶᠢ ᠪᠠᠶᠠᠨᠨᠢᠷᠤᠭᠤ ᠭᠤᠤᠯ ᠪᠠᠭ᠎ᠠ | ᠰᠤᠷᠭᠠᠭᠤᠯᠢ ᠳᠤ ᠰᠢᠯᠵᠢᠵᠤ᠂ 3 ᠤᠨ ᠠᠴᠠ ᠲᠡᠭᠡᠭᠰᠢᠬᠢ ᠰᠤᠷᠤᠭᠴᠢᠳ ᠢ ᠭᠤᠤᠯ ᠪᠠᠭ᠎ᠠ ᠰᠤᠷᠭᠠᠭᠤᠯᠢ ᠳᠤ | ᠰᠠᠭᠤᠯᠭᠠᠵᠤ᠂ ᠨᠢᠭᠡ ᠪᠦᠯᠦᠭ ᠪᠠᠭᠰᠢ ᠶᠢ ᠲᠦᠷ ᠴᠠᠭ ᠠᠮᠠᠷᠠᠭᠤᠯᠤᠭᠰᠠᠨ ᠠᠴᠠ ᠳᠤᠶᠢᠩᠬᠤᠷ᠂ ᠯᠠᠶᠢᠰᠢᠶᠤᠤ᠂ | ᠰᠧᠪᠯᠠᠮᠠ ᠭᠤᠷᠪᠠᠨ ᠪᠠᠭᠰᠢ ᠬᠢᠴᠢᠶᠡᠯᠯᠡᠪᠠ ᠃ | 2002 ᠤᠨ ᠪᠤᠯᠬᠤ ᠳᠤ ᠶᠤᠯᠦ ᠶᠢᠨ ᠠᠷᠤ ᠪᠠᠭ᠎ᠠ ᠰᠤᠷᠭᠠᠭᠤᠯᠢ ᠨᠢ ᠶᠤᠯᠦ ᠵᠢᠨᠠᠷᠤ ᠭᠠᠴᠠᠭᠠᠨ ᠤ ᠪᠦᠬᠦ ᠠᠶᠢᠯ | ᠪᠠᠶᠠᠠᠨᠢᠷᠣᠭᠤ ᠪᠠᠯᠭᠠᠰᠤᠨ ᠲᠤᠭᠤᠷᠢᠨ ᠳᠤ ᠨᠡᠭᠦᠨ ᠰᠢᠯᠵᠢᠭᠰᠡᠨ ᠢ ᠲᠠᠭᠠᠯᠳᠤᠨ ᠪᠠᠭᠰᠢ ᠰᠤᠷᠤᠭᠴᠢ ᠬᠠᠮᠳᠤ ᠪᠠᠷ ᠢᠶᠠᠨ | ᠪᠠᠯᠭᠠᠰᠤᠨ ᠤ ᠭᠤᠤᠯ ᠪᠠᠭ᠎ᠠ ᠰᠤᠷᠭᠠᠭᠤᠯᠢ ᠲᠠᠢ ᠨᠡᠶᠢᠯᠡᠪᠡ᠃ | ᠳᠣᠰ ᠰᠣᠷᠭᠠᠭᠤᠯᠢ ᠠᠴᠠ ᠳᠠᠪᠰᠢᠬᠰᠠᠨ ᠶᠡᠭᠡ ᠰᠤᠷᠭᠠᠭᠤᠯᠢ ᠶᠢᠨ ᠵᠢᠩᠬᠢᠨᠢ ᠠᠩᠬᠢ ᠶᠢᠨ ᠤᠶᠤᠲᠠᠳ᠄ | ᠴᠤᠭᠳᠠᠯᠭᠡᠷ᠂ ᠰᠡᠴᠡᠨᠪᠠᠯᠵᠤᠤᠷ᠂ ᠲᠡᠮᠴᠢᠷᠢᠨᠴᠢᠨ᠂ ᠲᠦᠭᠦᠷᠠᠩᠵᠠᠭᠠᠨᠠ ᠂ ᠰᠠᠴᠤᠷᠠ ᠂ ᠤᠤᠭᠠᠨ᠂ ᠠᠷᠢᠭᠤᠨ᠎ᠠ ᠂ | ᠰᠤᠷᠤᠨ᠎ᠠ᠂ ᠰᠦᠶ᠎ᠡ᠂ ᠴᠡᠯᠮᠡᠭ᠂ ᠬᠤᠪᠢᠰᠬᠠᠯᠳᠤ᠂ ᠬᠠᠪᠤᠷᠠ᠂ ᠰᠤᠷᠭᠤᠭ᠂ ᠤᠳ᠋ᠪᠠᠯ᠎ᠠ᠂ ᠨᠠᠰᠤᠨᠪᠠᠶᠠᠷ᠂ | ᠰᠠᠴᠤᠷᠠᠨ᠎ᠠ᠂ ᠮᠦᠷᠠᠨ᠂ ᠰᠤᠶᠤᠯ᠂ ᠦᠷᠨᠢᠯ᠂ ᠤᠶᠤᠨᠽᠠᠨᠳᠠᠨ᠂ ᠰᠠᠴᠤᠷᠠᠨ᠎ᠠ ᠵᠡᠷᠭᠡ ᠬᠤᠷᠢᠨ ᠨᠢᠭᠡᠨ ᠨᠠᠷᠠᠰ ᠪᠤᠢ ᠃ | ᠶᠡᠭᠡ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠠᠩᠬᠢ ᠶᠢᠨ ᠰᠤᠷᠤᠭᠴᠢ᠄ ᠰᠡᠴᠡᠨᠴᠤᠭᠳᠤ᠂ ᠮᠦᠴᠢᠷ᠂ | ᠤᠨᠳᠤᠷᠠᠨᠠ᠂ ᠬᠦᠦᠳᠠᠭᠤᠯᠠ᠂ ᠤᠷᠭᠤᠮᠠᠯ᠂ ᠲᠠᠨ᠎ᠠ᠂ ᠲᠦᠮᠠᠨᠵᠢᠷᠭᠠᠯ᠂ ᠮᠦᠩᠭᠡᠳᠡᠯᠡᠬᠡᠢ᠂ ᠦᠩᠭᠡᠨᠴᠡᠴᠡᠭ᠂ | ᠤᠶᠤᠨ᠂ ᠭᠡᠭᠡᠨᠲᠠᠨ᠎ᠠ᠂ ᠯᠦᠮᠢᠬᠤᠸᠠᠷ᠂ ᠬᠠᠰᠳᠤᠶᠠᠭ᠎ᠠ ᠵᠡᠷᠭᠡ ᠠᠷᠪᠠᠨ ᠭᠤᠷᠪᠠ ᠪᠤᠢ᠃ | ᠶᠤᠯᠤ ᠶᠢᠨ ᠠᠷᠤ ᠪᠠᠭ᠎ᠠ ᠰᠤᠷᠭᠠᠭᠤᠯᠢ ᠠᠴᠠ ᠲᠡᠭᠦᠰᠦᠭᠰᠡᠨ ᠰᠤᠷᠤᠭᠴᠢᠳ ᠠᠴᠠ ᠤᠯᠤᠰ ᠤᠨ ᠠᠯᠪᠠᠳᠠᠳ᠄ | ᠰᠠᠷᠠᠭᠠᠯ᠂ ᠳ᠋ᠧᠯᠢᠭᠵᠦᠩᠨᠠᠢ᠂ ᠰᠧᠪᠡᠭᠵᠠᠪ᠂ ᠭᠠᠯᠰᠠᠩ᠂ ᠰᠡᠴᠢᠨᠴᠤᠭᠳᠤ᠂ ᠴᠤᠭᠳᠡᠯᠭᠡᠷ᠂ ᠶᠤᠨᠳᠤᠨᠫᠤᠩᠰᠤᠭ᠂ | ᠳ᠋ᠧᠴᠢᠨᠪᠠᠪᠤᠤ᠂ ᠽᠠᠨᠳᠡᠨᠮᠧᠳᠧᠭ᠂ ᠣᠶᠤᠨᠬᠡᠷᠡᠯ᠂ ᠮᠧᠳᠡᠭ᠂ ᠰᠡᠴᠡᠨᠪᠠᠯᠵᠤᠤᠷ᠂ ᠪᠠᠭᠠᠳᠤᠷᠴᠤᠭᠳᠤ᠂ | ᠸᠠᠩᠴᠤᠭᠷᠠᠪᠳᠠᠨ᠂ ᠦᠯᠵᠡᠶᠢᠪᠠᠶᠠᠷ᠂ ᠤᠶᠤᠨᠳᠠᠯᠠᠢ᠂ ᠳᠤᠶᠢᠩᠬᠤᠷ᠂ ᠪᠠᠳᠮᠠᠴᠡᠴᠡᠭ᠂ ᠪᠠᠶᠢᠭᠠᠯᠢ᠂ ᠠᠭᠤᠯᠠ᠂ | ᠰᠦᠬᠡᠪᠠᠭᠠᠳᠤᠷ᠂ ᠡᠷᠳᠡᠨᠢᠳᠠᠯᠠᠢ᠂ ᠰᠤᠶᠤᠯᠳᠤ᠂ ᠭᠡᠷᠡᠯᠳᠤ᠂ ᠴᠢᠩᠪᠠᠳᠤ᠂ ᠰᠡᠷᠭᠦᠯᠡᠩ᠂ ᠰᠤᠶᠤᠯᠳᠤ᠂ ᠮᠦᠩᠭᠡᠪᠠᠶᠡᠷ᠂ | ᠡᠷᠬᠢᠮᠪᠠᠳᠤ᠂ ᠨᠠᠰᠤᠨᠲᠤᠭᠳᠤᠬᠤ᠂ ᠲᠤᠪᠤᠵᠠᠪ᠂ ᠰᠤᠶᠤᠯ᠂ ᠮᠦᠯᠢᠨᠬᠤᠸᠠᠷ᠂ ᠤᠷᠬᠢᠯ᠂ ᠦᠷᠨᠢᠯ᠂ ᠬᠠᠨᠠᠭᠠᠷ᠂ | ᠭᠡᠭᠡᠨᠳᠤᠶᠠᠭ᠎ᠠ᠂ ᠪᠤᠤ ᠴᠢᠩ ᠱᠠᠨ᠂ ᠰᠠᠶᠢᠬᠠᠨᠴᠡᠴᠡᠭ ᠵᠡᠷᠭᠡ ᠲᠦᠴᠢᠨ ᠨᠡᠷᠡᠰ ᠬᠦᠮᠦᠰ ᠪᠤᠢ ᠃ ᠡᠭᠦᠨ ᠠᠴᠠ | ᠭᠠᠳᠠᠨ᠎ᠠ ᠪᠠᠰᠠ ᠬᠦᠮᠦᠨ ᠤ ᠡᠮᠴᠢ᠂ ᠮᠠᠯ ᠤᠨ ᠡᠮᠴᠢ᠂ ᠰᠤᠪᠢᠯᠠᠭᠴᠢ᠂ ᠴᠡᠷᠢᠭ ᠤᠨ ᠠᠯᠪᠠᠨ ᠬᠠᠭᠠᠭᠴᠢᠳ᠂ | ᠠᠵᠤ ᠠᠬᠤᠶᠢᠯᠠᠯᠲᠠᠨ ᠵᠡᠷᠭᠡ ᠤᠯᠠᠨ ᠲᠠᠯ᠎ᠠ ᠤᠨ ᠮᠡᠳᠡᠯᠭᠡᠳᠡᠨ ᠴᠢᠳᠠᠪᠦᠷᠢᠳᠡᠳ ᠴᠤᠯᠭᠤᠷᠠᠨ ᠭᠠᠷᠤᠭᠰᠠᠨ ᠪᠠᠶᠢᠨ᠎ᠠ᠃ | | ᠪᠠᠯᠳᠠᠨᠰᠠᠩᠪᠪᠤᠦ ᠠᠴᠠ ᠬᠠᠩᠭᠠᠪᠠ᠃ |