ᠯᠢᠨᠳᠦ᠋ᠩ ᠤᠨ ᠳᠣᠯᠣᠳᠣᠭᠠᠷ ᠪᠠᠭ᠎ᠠ ᠰᠤᠷᠭᠠᠭᠤᠯᠢ | ᠪᠠᠭᠠᠷᠢᠨ ᠵᠡᠭᠦᠨ ᠬᠤᠰᠢᠭᠤᠨ ᠤ ᠯᠢᠨᠳᠦ᠋ᠩ ᠤᠨ ᠳᠣᠯᠣᠳᠣᠭᠠᠷ ᠪᠠᠭ᠎ᠠ ᠰᠤᠷᠭᠠᠭᠤᠯᠢ ᠨᠢ ᠯᠢᠨᠳᠦ᠋ᠩ | ᠪᠠᠯᠭᠠᠰᠤ ᠶᠢᠨ ᠪᠠᠷᠠᠭᠤᠨ ᠬᠤᠲᠠ ᠲᠣᠭᠤᠷᠢᠭ ᠲᠤ ᠪᠠᠶᠢᠷᠢᠯᠠᠵᠤ᠂ ᠠᠯᠪᠠᠨ ᠵᠢᠷᠦᠮ ᠤᠨ ᠰᠤᠷᠭᠠᠨ ᠬᠦᠮᠦᠵᠢᠯ ᠪᠣᠯᠣᠨ | ᠣᠨᠴᠠᠭᠠᠢ ᠰᠤᠷᠭᠠᠨ ᠬᠦᠮᠦᠵᠢᠯ ᠢ ᠨᠢᠭᠡ ᠴᠣᠭᠴᠠᠵᠢᠭᠤᠯᠤᠭᠰᠠᠨ ᠪᠦᠷᠢᠨ ᠪᠠᠭ᠎ᠠ ᠰᠤᠷᠭᠠᠭᠤᠯᠢ ᠪᠣᠯᠬᠤ ᠶᠤᠮ᠃ | ᠲᠤᠰ ᠰᠤᠷᠭᠠᠭᠤᠯᠢ 2013 ᠣᠨ ᠤ 9 ᠰᠠᠷ᠎ᠠ ᠳᠤ ᠪᠠᠶᠢᠭᠤᠯᠤᠭᠳᠠᠵᠤ᠂ ᠨᠡᠶᠢᠲᠡ 18 ᠠᠩᠭᠢ᠂ 82 ᠪᠠᠭᠰᠢ | ᠠᠵᠢᠯᠲᠠᠨ᠂ 600 ᠢᠯᠡᠭᠦᠦ ᠰᠤᠷᠤᠭᠴᠢ ᠲᠠᠢ᠃ ᠰᠤᠷᠭᠠᠭᠤᠯᠢ ᠵᠢᠨᠬᠦ᠋ᠷᠢᠶᠡ ᠨᠢ 20010 ᠲᠡᠭᠰᠢ ᠳᠦᠷᠪᠡᠯᠵᠢᠨ | ᠮᠧᠲᠷ᠂ ᠪᠠᠶᠢᠷᠢ ᠶᠢᠨ ᠭᠡᠷ ᠨᠢ 4087 ᠲᠡᠭᠰᠢ ᠳᠦᠷᠪᠡᠯᠵᠢᠨ ᠮᠧᠲᠷ ᠲᠠᠯᠠᠪᠠᠢ ᠲᠠᠢ᠃ | ᠰᠤᠷᠭᠠᠭᠤᠯᠢ ᠪᠠᠶᠢᠭᠤᠯᠤᠭᠳᠠᠭᠰᠠᠨ ᠠᠴᠠ ᠨᠠᠭᠠᠰᠢ᠂ ︽ᠰᠤᠷᠤᠭᠴᠢ ᠳᠤ ᠳᠣᠬᠢᠷᠠᠭᠰᠠᠨ ᠬᠠᠮᠤᠭ ᠤᠨ ᠰᠢᠯᠢᠳᠡᠭ | ᠬᠦᠭᠵᠢᠯᠲᠡ ᠶᠢᠨ ᠰᠤᠷᠭᠠᠨ ᠬᠦᠮᠦᠵᠢᠯ ᠢ ᠡᠭᠦᠳᠬᠦ︾ ᠪᠠᠷ ᠰᠤᠷᠭᠠᠭᠤᠯᠢ ᠡᠷᠬᠢᠯᠡᠬᠦ ᠦᠵᠡᠯᠲᠡ ᠪᠠᠨ ᠪᠣᠯᠭᠠᠵᠤ᠂ ︽ | ᠡᠶ᠎ᠡ ᠨᠠᠶᠢᠷᠠᠮᠳᠠᠭᠤ᠂ ᠭᠤᠸ᠎ᠠ ᠰᠠᠶᠢᠬᠠᠨ᠂ ᠪᠠᠶᠠᠷ ᠴᠡᠩᠭᠡᠯ᠂ ᠡᠷᠡᠭᠦᠯ ᠴᠢᠬᠢᠷᠠᠭ︾ ᠢ ᠰᠤᠷᠭᠠᠭᠤᠯᠢ ᠶᠢᠨ ᠰᠤᠷᠭᠠᠯ ᠢᠶᠠᠷ | ᠲᠣᠭᠲᠠᠭᠠᠨ᠂ ︽ ᠪᠡᠶ᠎ᠡ ᠪᠠᠨ ᠳᠠᠭᠠᠭᠠᠭᠰᠠᠨ᠂ ᠦᠷ᠎ᠡ ᠪᠦᠲᠦᠮᠵᠢ ᠲᠠᠢ ᠪᠠᠶᠢᠬᠤ︾ ᠪᠠᠷ ᠬᠦᠭᠵᠢᠯᠲᠡ ᠶᠢᠨ ᠬᠡᠪ | ᠵᠠᠭᠪᠤᠷ ᠪᠣᠯᠭᠠᠵᠤ᠂ ᠰᠤᠷᠭᠠᠭᠤᠯᠢ ᠶᠢᠨ ᠬᠦᠷᠢᠶᠡᠨ ᠳᠤ ᠣᠯᠠᠨ ᠭᠤᠴᠤ ᠰᠠᠶᠢᠬᠠᠨ ᠰᠤᠶᠤᠯ ᠤᠨ ᠦᠵᠡᠮᠵᠢ ᠰᠢᠨ᠎ᠡ ᠪᠠᠷ | ᠪᠠᠶᠢᠭᠤᠯᠤᠨ᠂ ︽ᠦᠨᠳᠦᠷ ᠡᠬᠢᠯᠡᠯᠲᠡ᠂ ᠬᠠᠮᠲᠤ ᠶᠢᠨ ᠦᠵᠡᠯᠲᠡ᠂ ᠦᠨᠳᠦᠷ ᠬᠡᠪ ᠪᠣᠯᠪᠠᠰᠤᠷᠠᠯ᠂ ᠦᠪᠡᠷᠮᠢᠴᠡ | ᠣᠨᠴᠠᠯᠢᠭᠲᠤ ᠯᠢᠨᠳᠦ᠋ᠩ ᠤᠨ ᠳᠣᠯᠤᠳᠤᠭᠠᠷ ᠪᠠᠭ᠎ᠠ ᠰᠤᠷᠭᠠᠭᠤᠯᠢ ᠶᠢᠨ ᠰᠤᠷᠭᠠᠨ ᠬᠦᠮᠦᠵᠢᠯ ᠤᠨ ᠭᠠᠶᠢᠬᠠᠮᠰᠢᠭ ᠢ | ᠡᠭᠦᠳᠬᠦ︾ ᠪᠠᠷ ᠡᠭᠦᠷᠭᠡ ᠬᠠᠷᠠᠯᠲᠠ ᠪᠠᠨ ᠪᠣᠯᠭᠠᠪᠠ᠃ | ᠰᠤᠷᠭᠠᠭᠤᠯᠢ ᠶᠢᠨ ᠤᠳᠤᠷᠢᠳᠬᠤ ᠪᠠᠭ ᠪᠣᠯᠤᠨ ᠪᠦᠬᠦ ᠪᠠᠭᠰᠢ ᠰᠤᠷᠤᠭᠴᠢᠳ ᠤᠨ ᠬᠠᠮᠲᠤ ᠶᠢᠨ ᠰᠢᠷᠭᠠᠭᠤ | ᠴᠢᠷᠮᠠᠶᠢᠯᠭ᠎ᠠ ᠪᠠᠷ᠂ ᠰᠤᠷᠭᠠᠭᠤᠯᠢ ᠶᠢᠨ ᠢᠷᠡᠭᠡᠳᠦᠢ ᠨᠡᠩ ᠭᠡᠭᠡᠨ ᠰᠠᠷᠠᠭᠤᠯ ᠪᠣᠯᠬᠤ ᠶᠢ ᠪᠠᠲᠤ ᠢᠲᠡᠭᠡᠵᠦ ᠪᠠᠶᠢᠨ᠎ᠠ᠃ | |