ᠪᠠᠭᠠᠷᠢᠨ ᠵᠡᠬᠦᠨ ᠬᠤᠰᠢᠭᠤᠨ ᠤ ᠡᠬᠢ ᠡᠬᠦᠰᠦᠯ ᠪᠤᠯᠤᠨ ᠲᠡᠣᠬᠡᠨ ᠳᠠᠬᠢ ᠤᠯᠠ ᠮᠦᠷ
ᠨᠡᠶᠢᠲᠡᠯᠡᠭᠰᠡᠨ ᠴᠠᠭ᠄
2015/7/29
        ᠪᠠᠭᠠᠷᠢᠨ ᠵᠡᠬᠦᠨ ᠬᠤᠰᠢᠭᠤᠨ ᠤ  ᠡᠬᠢ ᠡᠬᠦᠰᠦᠯ ᠪᠤᠯᠤᠨ ᠲᠡᠣᠬᠡᠨ ᠳᠠᠬᠢ ᠤᠯᠠ ᠮᠦᠷ                                                                                                                                       ᠶᠧᠰᠢᠪᠠᠯᠵᠤᠤᠷ       ᠪᠠᠭᠠᠷᠢᠨ ᠵᠡᠬᠦᠨ ᠬᠤᠰᠢᠭᠤᠨ ᠤ ᠨᠤᠳᠤᠭ ᠤᠰᠤ ᠪᠤᠯ ᠦᠪᠡᠷᠮᠢᠴᠡ ᠰᠤᠳᠤᠨ ᠰᠤᠶᠤᠯ ᠲᠡᠣᠬᠡ ᠶᠢᠨ ᠬᠦᠨ ᠵᠤᠵᠠᠭᠠᠨ ᠲᠤᠨᠤᠳᠠᠰᠤ ᠲᠠᠢ᠂ ᠤᠵᠤᠭᠤᠷ ᠰᠤᠶᠤᠯ ᠤᠨ ᠡᠯᠪᠡᠭ ᠪᠠᠶᠠᠯᠢᠭ ᠦᠯᠢᠬᠡᠷ ᠲᠤᠮᠤᠭ ᠲᠠᠢ ᠤᠷᠤᠨ ᠶᠤᠮ᠃ ᠡᠷᠳᠡ ᠢᠵᠠᠭᠤᠷ ᠴᠠᠭ ᠡᠷᠢᠨ ᠳᠤ ᠲᠠᠷᠤᠢ ᠤᠳᠤ ᠠᠴᠠ 5350 ᠤᠨ ᠤ ᠨᠠᠭᠠᠨ᠎ᠠ ᠴᠠᠭᠠᠨ᠎ᠠ ︽ᠡᠷᠳᠡᠨ ᠤ ᠪᠢᠴᠢᠭ ᠲᠤᠷᠠᠰᠬᠠᠯ ᠤᠨ ᠴᠢᠭᠤᠯᠭ᠎ᠠ︾ ᠬᠦᠮᠦᠨ ᠲᠦᠷᠦᠯᠬᠢᠳᠡᠨ ᠪᠠᠭᠠᠷᠢᠨ ᠵᠡᠬᠦᠨ ᠬᠤᠰᠢᠭᠤᠨ ᠤ ᠦᠯᠵᠡᠶᠢᠮᠦ᠋ᠷᠡᠨ ᠭᠤᠤᠯ  ᠤᠨ ᠰᠠᠪᠠ ᠳᠠᠬᠢ ︽ᠹᠦ᠋ ᠡᠾᠧ ᠬᠦ᠋︾ ᠶᠢᠨ ᠠᠮᠠᠨ ᠳᠤ ᠤᠷᠤᠰᠢᠨ ᠠᠮᠢᠳᠤᠷᠠᠵᠤ ᠪᠠᠶᠢᠭᠰᠠᠨ ᠢ 1962 ᠤᠨ ᠳᠤ ᠲᠤᠮᠳᠠᠳᠤ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠠᠯᠡᠩ ᠤᠨ ᠠᠷᠬᠢᠯᠦᠬᠢ ᠰᠤᠳᠤᠯᠬᠤ ᠭᠠᠵᠠᠷ  ᠠᠴᠠ ᠮᠠᠯᠳᠠᠨ ᠨᠡᠬᠡᠬᠡᠵᠤ ᠲᠡᠨᠳᠡᠬᠢ ᠬᠡᠷ ᠰᠠᠭᠤᠴᠠ ᠶᠢᠨ ᠪᠠᠭᠤᠷᠠᠢ ᠠᠵᠤ ᠠᠮᠢᠳᠤᠷᠠᠯ ᠤᠨ ᠵᠡᠷ ᠵᠡᠪᠰᠡᠭ ᠪᠠᠭᠠᠵᠢ ᠬᠡᠷᠡᠭᠯᠡᠯ ᠤᠨ ᠤᠯᠠᠳᠠᠪᠦᠷᠢ ᠠᠴᠠ ᠰᠢᠨ᠎ᠡ ᠴᠢᠯᠠᠭᠤᠨ ᠵᠡᠪᠰᠡᠭ ᠤᠨ ᠦᠶ᠎ᠡ ᠳᠤ ᠪᠤᠯᠬᠤ ᠶᠢ ᠲᠤᠳᠤᠯᠤᠨ ᠲᠤᠳᠤᠷᠠᠭᠤᠯᠵᠤ ᠪᠠᠶᠢᠬᠤ ᠮᠦᠷᠳᠡᠬᠡᠨ ᠪᠠᠰᠠ ᠠᠳᠠᠯᠢ ᠪᠤᠰᠤ ᠲᠠᠯ᠎ᠠ ᠲᠠᠢ ᠦᠪᠡᠷᠮᠢᠴᠡ ᠰᠤᠳᠤᠨ ᠰᠤᠶᠤᠯ ᠲᠡᠣᠬᠡ ᠲᠠᠢ ᠤᠷᠤᠨ ᠨᠤᠳᠤᠭ ᠶᠤᠮ ᠬᠡᠳᠡᠭ ᠢ ︽ᠹᠦ᠋ ᠡᠾᠧ︾ ᠰᠤᠶᠤᠯ ᠬᠡᠷᠡᠴᠢᠯᠡᠵᠤ ᠪᠠᠶᠢᠨ᠎ᠠ᠃     ᠱᠠᠩ ᠤᠯᠤᠰ᠂ ᠵᠸᠤ ᠤᠯᠤᠰ᠂ ᠴᠢᠨ ᠤᠯᠤᠰ ︵ᠨᠡᠶᠢᠳᠡ ᠶᠢᠨ ᠤᠨ ᠲᠤᠭᠠᠯᠠᠯ ᠠᠴᠠ ᠡᠮᠤᠨ᠎ᠡ 1711 ᠣᠨ ᠠᠴᠠ 206 ᠤᠨ︶ ᠦᠶ᠎ᠡ ᠳᠤ ᠳ᠋ᠦᠡᠭᠬᠤ ︵ᠵᠡᠬᠦᠨ ᠡᠾᠦ᠋ᠡᠭᠨᠤ︶ ᠡᠵᠡᠯᠡᠨ ᠰᠠᠭᠤᠵᠤ ᠪᠠᠶᠢᠵᠠᠢ᠃     ᠬᠠᠨ ᠤᠯᠤᠰ᠂ ᠭᠤᠷᠪᠠᠨ ᠤᠯᠤᠰ᠂ ᠶᠢᠨ ᠤᠯᠤᠰ ︵晋︶ ᠡᠮᠤᠨᠡᠳᠤ ᠤᠮᠠᠷᠠᠳᠤ ᠲᠦᠷᠦ ᠬᠦᠷᠳᠡᠯ᠎ᠡ ᠡᠨᠡ ᠤᠷᠤᠨ ᠢ ︵ᠨᠡᠶᠢᠳᠡ ᠶᠢᠨ ᠤᠨ ᠲᠤᠭᠠᠯᠠᠯ ᠠᠴᠠ ᠡᠮᠤᠨ᠎ᠡ 206 ᠤᠨ ᠠᠴᠠ ᠤᠨ ᠲᠤᠭᠠᠯᠠᠯ ᠤᠨ 500 ᠢᠯᠡᠬᠦᠤ ᠤᠨ ᠪᠤᠯᠳᠠᠯ᠎ᠠ︶ ᠦᠬᠤᠸᠠᠨ᠂ ᠰᠢᠶᠠᠨᠪᠢ ᠨᠠᠷ ᠡᠵᠡᠯᠡᠨ ᠰᠠᠭᠤᠵᠤ ᠪᠠᠶᠢᠵᠠᠢ᠃ ᠰᠦᠢ ᠤᠯᠤᠰ᠂ ᠲᠠᠩ ᠤᠯᠤᠰ᠂ ᠰᠦᠡᠭ ᠤᠯᠤᠰ ᠤᠨ ᠦᠶ᠎ᠡ ᠳᠤ ︵ᠤᠨ ᠲᠤᠭᠠᠯᠠᠯ ᠤᠨ 581 ᠤᠨ ᠠᠴᠠ 900 ᠢᠯᠡᠬᠦᠤ ᠤᠨ ᠪᠤᠯᠳᠠᠯ᠎ᠠ︶ ᠡᠬᠦᠨ ᠳᠤ ᠲᠠᠪᠤᠨ ᠦᠶ᠎ᠡ ᠶᠢ ᠪᠠᠭᠳᠠᠭᠠᠵᠤ ᠪᠠᠶᠢᠨ᠎ᠠ᠃ ᠡᠨᠡ ᠦᠶ᠎ᠡ ᠳᠤ ᠰᠢ ︵奚) ᠪᠤᠯᠤᠨ ᠬᠢᠳᠠᠨ ᠡᠵᠡᠯᠡᠨ ᠰᠠᠭᠤᠵᠤ ᠪᠠᠶᠢᠪᠠ᠃ ᠯᠢᠶᠤᠤ ᠤᠯᠤᠰ ᠤᠨ ᠦᠶ᠎ᠡ ᠳᠤ ︵ᠤᠨ ᠲᠤᠭᠠᠯᠠᠯ ᠤᠨ 907 ᠤᠨ ᠠᠴᠠ 1125 ᠣᠨ ᠪᠤᠯᠳᠠᠯ᠎ᠠ︶ ᠬᠢᠳᠠᠨ ᠪᠦᠬᠦᠨ ᠢ ᠡᠵᠡᠯᠡᠵᠤ ᠲᠦᠷᠦ ᠶᠢᠨ ᠨᠡᠶᠢᠰᠯᠡᠯ ᠪᠠᠶᠢᠭᠤᠯᠤᠨ ᠰᠠᠭᠤᠵᠤ ᠪᠠᠶᠢᠪᠠ᠃ ︵ᠲᠠᠷᠤᠢ ᠲᠡᠭᠡᠳᠤ ᠨᠡᠶᠢᠰᠯᠡᠯ︶ ᠶᠢᠨ ︵金) ᠠᠯᠳᠠᠨ ᠤᠯᠤᠰ ᠤᠨ ᠦᠶ᠎ᠡ ᠳᠤ ᠡᠬᠢᠨ ᠳᠡᠭᠡᠨ ︵ᠪᠸᠢ ᠵᠢᠩ ᠯᠤ᠋︶᠂ ᠶᠢᠨ ᠯᠤ᠋ ᠶᠡᠷᠦᠩᠬᠡᠶᠢᠯᠡᠭᠴᠢ ᠶᠢᠨ ᠤᠷᠳᠤᠨ ᠪᠠᠶᠢᠵᠤ ᠪᠸᠢ ᠵᠢᠩ ᠯᠤ᠋ ᠳᠤ ᠬᠠᠮᠢᠶᠠᠷᠤᠭᠳᠠᠵᠤ ᠪᠠᠶᠢᠪᠠ᠃ ︵ᠤᠨ ᠲᠤᠭᠠᠯᠠᠯ ᠤᠨ1125 ᠤᠨ ᠠᠴᠠ 1234 ᠤᠨ ᠪᠤᠯᠳᠠᠯ᠎ᠠ︶ ᠶᠤᠸᠠᠨ ᠤᠯᠤᠰ ᠤᠨ ᠦᠶ᠎ᠡ ᠳᠤ ︵1206 ᠤᠨ ᠠᠴᠠ1368 ᠤᠨ︶ ᠤᠳᠤ ᠶᠢᠨ ᠤᠡᠭᠨᠢᠭᠤᠳ᠂ ᠪᠠᠷᠠᠭᠤᠨ ᠪᠠᠭᠠᠷᠢᠨ᠂ ᠵᠡᠬᠦᠨ ᠪᠠᠭᠠᠷᠢᠨ ᠢ ᠯᠤ᠋ ᠸᠠᠩ ︵ᠮᠤᠩᠭᠤᠯ ᠲᠡᠭᠡᠷ᠎ᠡ ᠮᠤᠵᠢ ᠶᠢᠨ ᠸᠠᠩ ᠬᠡᠵᠤ ᠪᠤᠢ︶ ᠳᠤ ᠬᠤᠪᠢᠶᠠᠨ ᠦᠭᠬᠦᠭᠰᠡᠨ ᠭᠠᠵᠠᠷ ᠲᠠᠷᠤᠢ ᠶᠠᠭ ᠰᠠᠶᠢᠬᠠᠨ ᠴᠢᠦᠸᠠᠨ ᠢᠡᠭ ᠴᠦᠯᠬᠡ ᠳᠤ ᠬᠠᠮᠢᠶᠠᠷᠤᠭᠳᠠᠵᠤ ᠪᠠᠶᠢᠪᠠ᠃ 1218 ᠣᠨ ᠳᠤ ᠴᠢᠩᠬᠢᠰ ᠬᠠᠭᠠᠨ ᠪᠠᠷᠠᠭᠤᠨᠰᠢ ᠲᠠᠶᠢᠯᠠᠬᠤ ᠪᠠᠷ ᠶᠠᠪᠤᠬᠤ ᠳᠠᠭᠠᠨ ᠲᠡᠷᠡ ᠲᠡᠬᠦᠤ ᠤᠳᠴᠢᠬᠢᠨ ᠲᠡᠮᠦᠬᠡ ᠪᠠᠨ ᠵᠠᠷᠯᠢᠭᠳᠠᠨ᠂ ᠭᠤᠪᠢ ᠶᠢᠨ ᠠᠷᠤ᠂ ᠯᠢᠶᠤᠤ  ᠳ᠋ᠦᠩ ︵ᠠᠯᠳᠠᠨ ᠤᠯᠤᠰ ᠤᠨ ᠦᠶ᠎ᠡ ᠶᠢᠨ ᠯᠢᠨ ᠬᠤᠸᠠᠩ ᠹᠦ᠋ ᠶᠢ ᠪᠠᠭᠳᠠᠭᠠᠭᠰᠠᠨ︶ ᠭᠠᠵᠠᠷ ᠤᠳ ᠢ ᠬᠠᠷᠠᠵᠤ ᠬᠠᠮᠠᠭᠠᠯᠠᠬᠤ ᠬᠦᠨᠳᠤ ᠡᠬᠦᠷᠬᠡ ᠶᠢ ᠲᠤᠰᠢᠶᠠᠪᠠ ᠬᠡᠵᠤ ᠲᠡᠣᠬᠡ ᠶᠢᠨ ᠪᠢᠴᠢᠭ ᠲᠤ ᠪᠢᠴᠢᠭᠯᠡᠵᠤ ᠪᠤᠢ᠃     ᠮᠢᠩ ᠤᠯᠤᠰ ᠤᠨ ᠦᠶ᠎ᠡ ᠳᠤ ︵ᠤᠨ ᠲᠤᠭᠠᠯᠠᠯ ᠤᠨ1368 ᠤᠨ ᠠᠴᠠ 1644 ᠣᠨ ᠪᠤᠯᠳᠠᠯ᠎ᠠ ᠡᠬᠢᠨ  ᠳᠡᠭᠡᠨ ᠴᠤᠸᠠᠨ ᠨᠢᠩ ᠬᠠᠷᠠᠭᠤᠯ ᠤᠨ ᠭᠠᠵᠠᠷ ᠪᠠᠶᠢᠵᠤ᠂ ᠬᠤᠵᠢᠮ ᠨᠢ ᠤᠷᠢᠶᠠᠩᠬᠠᠢ ᠶᠢᠨ ᠬᠤᠶᠢᠳᠤ ᠬᠢᠵᠠᠭᠠᠷ ᠪᠤᠯᠭᠠᠪᠠᠢ᠂ ᠪᠠᠭᠠᠷᠢᠨ ᠠᠶᠢᠮᠠᠭ ᠰᠢᠷᠠᠮᠦ᠋ᠷᠡᠨ ᠤ ᠬᠤᠶᠢᠳᠤ ᠬᠦᠪᠡᠬᠡᠨ ᠳᠤᠷ ᠨᠡᠬᠦᠵᠤ ᠢᠷᠡᠬᠡᠳ ᠤᠳᠤᠬᠢ ᠬᠤᠶᠠᠷ ᠪᠠᠭᠠᠷᠢᠨ ᠤ ᠨᠤᠳᠤᠭ ᠢ ᠡᠵᠡᠯᠡᠨ ᠰᠠᠭᠤᠪᠠᠢ᠃ ᠴᠢᠩ ᠤᠯᠤᠰ ᠤᠨ ᠦᠶ᠎ᠡ ᠳᠤ ᠪᠠᠭᠠᠷᠢᠨ ᠠᠶᠢᠮᠠᠭ ᠢ ᠪᠠᠷᠠᠭᠤᠨ ᠵᠡᠬᠦᠨ ᠬᠤᠶᠠᠷ ᠬᠤᠰᠢᠭᠤ ᠪᠤᠯᠭᠠᠨ ᠬᠤᠪᠢᠶᠠᠭᠠᠳ᠂ ᠵᠤᠤ ᠤᠳᠠ ᠶᠢᠨ ᠴᠢᠭᠤᠯᠭᠠᠨ ᠳᠤ ᠬᠠᠮᠢᠶᠠᠷᠤᠭᠳᠠᠵᠤ ᠪᠠᠶᠢᠪᠠ᠃ ︵ᠵᠤᠤ ᠤᠳᠠ ᠶᠢᠨ ᠴᠢᠭᠤᠯᠭᠠᠨ ᠨᠢ ᠿᠧ ᠡᠾᠧ  ᠶᠢᠨ ᠳ᠋ᠦ᠋ ᠲᠦᠡᠭ ᠳᠤ ᠬᠠᠷᠢᠶᠠᠯᠠᠭᠳᠠᠵᠤ ᠪᠠᠶᠢᠵᠠᠢ︶᠂ ︵ᠤᠨ ᠲᠤᠭᠠᠯᠠᠯ ᠤᠨ1616 ᠤᠨ ᠠᠴᠠ1911 ᠤᠨ ᠪᠤᠯᠳᠠᠯ᠎ᠠ︶     ᠲᠤᠮᠳᠠᠳᠤ ᠢᠷᠬᠡᠨ ᠤᠯᠤᠰ ᠤᠨ ᠦᠶ᠎ᠡ ᠳᠤ ︵1912 ᠤᠨ ᠠᠴᠠ1949 ᠤᠨ ᠪᠤᠯᠳᠠᠯ᠎ᠠ︶ ᠿᠧ ᠡᠾᠧ ᠮᠤᠵᠢ ᠳᠤ ᠬᠠᠮᠢᠶᠠᠷᠤᠭᠳᠠᠵᠤ ᠪᠠᠶᠢᠵᠠᠢ᠃     ᠰᠢᠨ᠎ᠡ ᠲᠤᠮᠳᠠᠳᠤ ᠤᠯᠤᠰ ᠤᠨ ᠦᠶ᠎ᠡ ᠳᠤ ︵1947 ᠤᠨ ᠳᠤ︶ ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠴᠢᠯᠦᠬᠡᠯᠡᠭᠳᠡᠬᠡᠳ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠪᠠᠶᠢᠭᠤᠯᠵᠠᠢ᠃     ᠪᠠᠭᠠᠷᠢᠨ ᠵᠡᠬᠦᠨ ᠬᠤᠰᠢᠭᠤᠨ ᠤ ᠡᠬᠢ ᠡᠬᠦᠰᠦᠯ ᠪᠤᠯᠤᠨ ᠲᠡᠤᠬᠡ ᠶᠢᠨ ᠤᠯᠠ ᠮᠦᠷ ᠢ ᠬᠦᠬᠡᠬᠡᠪᠡᠰᠤ᠂ ᠪᠠᠭᠠᠷᠢᠨ  ᠤ ᠤᠭ ᠢᠵᠠᠭᠤᠷ ᠢ ᠤᠨ ᠲᠤᠭᠠᠯᠠᠯ ᠤᠨ ᠠᠷᠪᠠᠳᠤᠭᠠᠷ ᠦᠶ᠎ᠡ ᠠᠴᠠ ᠮᠦᠷᠳᠡᠵᠤ ᠪᠤᠯᠤᠨ᠎ᠠ᠃ ᠮᠤᠩᠭᠤᠯ ᠤᠨ ᠲᠡᠤᠬᠡᠨ ᠳᠠᠬᠢ ᠡᠨᠡ ᠦᠶ᠎ᠡ ᠪᠤᠯ ᠴᠢᠩᠬᠢᠰ ᠬᠠᠭᠠᠨ ᠤ ᠠᠷᠪᠠᠳᠤᠭᠠᠷ ᠦᠶ᠎ᠡ ᠶᠢᠨ ᠡᠪᠦᠭᠡ ᠪᠤᠷᠵᠢᠬᠢᠨ ᠤᠪᠤᠭ ᠤᠨ ᠲᠡᠭᠡᠳᠤᠰ ᠪᠤᠳᠠᠨᠴᠢᠷ ᠤᠨ ᠦᠶ᠎ᠡ ᠪᠤᠯᠤᠨ᠎ᠠ᠃ ︽ᠮᠤᠩᠭᠤᠯ ᠤᠨ ᠨᠢᠭᠤᠴᠠ ᠲᠤᠪᠴᠢᠶᠠᠨ︾ ᠤ 41 ᠳ᠋ᠤᠬᠡᠷ ᠵᠦᠢᠯ  ᠳᠤ ︽ᠲᠡᠷᠡ ᠡᠮ᠎ᠡ ᠪᠠᠰᠠ ᠪᠤᠳᠠᠨᠴᠢᠷ ᠠᠴᠠ ᠨᠢᠬᠡᠨ ᠬᠦᠪᠡᠬᠦᠨ ᠲᠦᠷᠦᠬᠦᠯᠪᠡ᠃ ᠲᠡᠬᠦᠨ ᠢ ᠪᠠᠷᠢᠵᠤ ᠠᠪᠤᠭᠰᠠᠨ ᠡᠮ᠎ᠡ ᠶᠢᠨ ᠬᠦᠪᠡᠬᠦᠨ ᠬᠡᠮᠡᠨ ᠪᠠᠭᠠᠷᠢᠳᠠᠢ ᠬᠡᠵᠤ ᠨᠡᠷᠡᠶᠢᠳᠪᠡ᠃ ᠪᠠᠭᠠᠷᠢᠨ ᠤ ᠡᠪᠦᠭᠡ ᠲᠡᠷᠡ ᠪᠤᠯᠪᠠ᠃ ᠪᠠᠭᠠᠷᠢᠳᠠᠢ  ᠶᠢᠨ ᠬᠦᠪᠡᠬᠦᠨ ᠵᠢᠳᠬᠦᠯᠪᠦ᠋ᠬᠡ᠃ ᠵᠢᠳᠬᠦᠯᠪᠦ᠋ᠬᠡ ᠤᠯᠠᠨ ᠡᠮ᠎ᠡ ᠠᠪᠤᠭᠰᠠᠨ ᠲᠤᠯᠠ ᠬᠦᠪᠡᠬᠦᠨ ᠠᠨᠤ ᠮᠠᠨᠠᠨ ᠮᠡᠳᠤ ᠤᠯᠠᠨ ᠲᠦᠷᠦᠪᠡ᠃ ᠮᠠᠨᠠᠨ ᠪᠠᠭᠠᠷᠢᠨ ᠤᠪᠤᠭᠳᠠᠨ ᠲᠡᠳᠡ ᠪᠤᠯᠪᠠ︾ ᠬᠡᠵᠤ ︽ᠪᠠᠭᠠᠷᠢᠨ ᠬᠡᠰᠡᠷ ᠤᠨ ᠲᠤᠭᠤᠵᠢ︾  ᠳᠤ ᠲᠡᠮᠳᠡᠭᠯᠡᠵᠤ ᠪᠤᠢ᠃ ᠪᠤᠳᠠᠨᠴᠢᠷ ᠠᠴᠠ ᠠᠷᠪᠠᠨ ᠬᠡᠳᠦᠨ ᠤᠪᠤᠭ ᠰᠠᠯᠪᠦᠷᠢᠯᠠᠨ ᠭᠠᠷᠴᠠᠢ᠃ ᠪᠠᠭᠠᠷᠢᠨ ᠤᠪᠤᠭ ᠨᠢ ᠲᠡᠬᠦᠨ ᠤ ᠲᠤᠳᠤᠷᠠᠬᠢ ᠨᠢᠬᠡ ᠪᠢᠯᠡ᠃ ᠪᠠᠭᠠᠷᠢᠨ ᠤᠪᠤᠭᠳᠠᠨ ᠨᠢ ︽ᠨᠢᠷᠤᠭᠤᠨ ᠮᠤᠩᠭᠤᠯ︾ ᠤᠨ ︽ᠲᠠᠯ᠎ᠠ ᠶᠢᠨ ᠮᠠᠯᠴᠢᠨ︾ ᠳᠤ ᠬᠠᠷᠢᠶᠠᠯᠠᠭᠳᠠᠨ᠎ᠠ᠃     ᠪᠤᠳᠠᠨᠴᠢᠷ ᠨᠠᠰᠤ ᠪᠠᠷᠠᠭᠰᠠᠨ ᠠᠴᠠ ᠬᠤᠶᠢᠰᠢ ᠪᠠᠭᠠᠷᠢᠨ ᠤᠪᠤᠭᠳᠠᠨ ᠨᠢ ᠬᠠᠪᠤᠯ ᠬᠠᠭᠠᠨ᠂ ᠠᠮᠪᠠᠭᠠᠢ ᠬᠠᠭᠠᠨ᠂ ᠬᠤᠳᠠᠯᠠ ᠬᠠᠭᠠᠨ ᠲᠡᠷᠡᠴᠢᠯᠡᠨ ᠶᠢᠰᠦᠬᠡᠢ ᠪᠠᠭᠠᠳᠤᠷ ᠤᠨ ᠦᠶ᠎ᠡ ᠬᠦᠷᠳᠡᠯ᠎ᠡ ᠬᠠᠮᠤᠭ ᠮᠤᠩᠭᠤᠯ ᠤᠨ ᠬᠠᠷᠢᠶᠠᠨ ᠳᠤ ᠪᠠᠶᠢᠪᠠ᠃ ᠶᠢᠰᠦᠬᠡᠢ ᠪᠠᠭᠠᠳᠤᠷ ᠲᠠᠲ᠋ᠠᠷ ᠲᠤ ᠬᠤᠤᠷᠯᠠᠭᠳᠠᠭᠰᠠᠨ ᠤ ᠲᠠᠷᠠᠭ᠎ᠠ ᠬᠠᠮᠤᠭ ᠮᠤᠩᠭᠤᠯ ᠤᠨ ᠬᠤᠯᠪᠤᠭ᠎ᠠ ᠵᠠᠳᠠᠷᠠᠵᠤ ᠲᠠᠶᠢᠴᠢᠭᠤᠳ ᠲᠡᠷᠢᠬᠦᠳᠡᠢ ᠤᠯᠠᠨ ᠬᠦᠷᠢᠶᠠᠨ ᠤ ᠬᠢᠨ ᠦᠬᠡᠯᠦᠨ ᠬᠠᠳᠤᠨ ᠢ ᠬᠡᠳᠦᠨ ᠬᠦᠪᠡᠬᠦᠳ ᠲᠠᠢ ᠨᠢ ᠨᠤᠳᠤᠭ ᠲᠡᠭᠡᠷ᠎ᠡ ᠨᠢ ᠬᠠᠶᠠᠵᠤ ᠤᠨᠤᠨ ᠮᠦᠷᠡᠨ ᠦᠬᠡᠳᠡ ᠨᠡᠬᠦᠨ ᠶᠠᠪᠤᠬᠤ ᠳᠤ ᠪᠠᠭᠠᠷᠢᠨ ᠠᠶᠢᠮᠠᠭ ᠴᠤ ᠲᠠᠭᠠᠵᠤ ᠨᠡᠬᠦᠪᠡ᠃     ᠲᠡᠮᠦᠵᠢᠨ ᠤ ᠦᠶ᠎ᠡ ᠳᠤ ᠪᠠᠭᠠᠷᠢᠨ ᠠᠶᠢᠮᠠᠭ ᠤᠨ ᠬᠡᠳᠤᠨ ᠤᠪᠤᠭᠳᠠᠨ ᠤ ᠬᠢᠨᠢ ᠬᠤᠶᠢᠨ᠎ᠠ ᠡᠮᠤᠨ᠎ᠡ ᠪᠤᠴᠠᠵᠤ ᠲᠡᠮᠦᠵᠢᠨ ᠢ ᠲᠠᠭᠠᠪᠠ᠃     ᠴᠢᠩᠬᠢᠰ ᠬᠠᠭᠠᠨ ᠤ ᠦᠶ᠎ᠡ᠂ ᠲᠠᠷᠤᠢ ᠠᠷᠪᠠᠨ ᠭᠤᠷᠪᠠᠳᠤᠭᠠᠷ ᠵᠠᠭᠤᠨ ᠤ ᠡᠬᠢᠨ ᠦᠶ᠎ᠡ ᠪᠤᠯᠳᠠᠯ᠎ᠠ ᠪᠠᠭᠠᠷᠢᠨ ᠠᠶᠢᠮᠠᠭ ᠨᠢ ᠡᠷᠴᠢᠰ ᠮᠦᠷᠡᠨ ᠤ ᠲᠠᠭᠠᠤ ᠤᠢ ᠶᠢᠨ ᠢᠷᠬᠡᠳ ᠬᠦᠷᠳᠡᠯᠡᠬᠢ ᠨᠤᠳᠤᠭ ᠲᠤ ᠲᠠᠷᠬᠠᠯᠠᠨ ᠰᠠᠭᠤᠵᠤ ᠠᠷᠪᠠᠨ ᠵᠢᠷᠭᠤᠳᠤᠭᠠᠷ ᠵᠠᠭᠤᠨ ᠤ ᠡᠬᠢᠨ ᠬᠦᠷᠳᠡᠯ᠎ᠡ ᠠᠮᠤᠷ ᠲᠠᠶᠢᠪᠤᠩ ᠠᠵᠤ ᠲᠦᠷᠦᠨ ᠠᠮᠢᠳᠤᠷᠠᠵᠤ ᠪᠠᠶᠢᠪᠠ᠃ ᠴᠢᠩᠬᠢᠰ ᠬᠠᠭᠠᠨ ᠲᠡᠮᠦᠵᠢᠨ 1206 ᠤᠨ ᠳᠤ ᠬᠠᠭᠠᠨ ᠰᠠᠭᠤᠵᠤ᠂ ᠲᠠᠶᠢᠽᠤ ᠬᠠᠭᠠᠨ ᠡᠷᠬᠦᠮᠵᠢᠯᠡᠵᠤ ᠶᠡᠭᠡ ᠮᠤᠩᠭᠤᠯ ᠬᠠᠭᠠᠨᠳᠤ ᠤᠯᠤᠰ ᠢ ᠪᠠᠶᠢᠭᠤᠯᠪᠠ᠃ 1227 ᠤᠨ ᠳᠤ 66 ᠲᠠᠢ ᠲᠦᠷᠦᠯ ᠶᠡᠬᠦᠳᠬᠡᠰᠤᠨ 22 ᠵᠢᠯ ᠬᠠᠭᠠᠨ ᠰᠠᠭᠤᠪᠠ᠃ ᠲᠦᠴᠢᠨ ᠤᠯᠤᠰ ᠢ ᠰᠦᠨᠦᠬᠡᠪᠡ᠃ ᠤᠯᠤᠰ ᠪᠠᠶᠢᠭᠤᠯᠤᠭᠰᠠᠨ ᠬᠤᠷᠠᠯᠳᠠᠢ ᠲᠡᠭᠡᠷ᠎ᠡ ᠮᠢᠩᠭᠠᠨ ᠮᠢᠩᠭᠠᠯᠠᠵᠤ ᠶᠡᠷᠡᠨ ᠲᠠᠪᠤᠨ ᠮᠢᠩᠭᠠᠨ ᠨᠤᠶᠠᠨ ᠲᠤᠮᠢᠯᠠᠵᠠᠢ᠃ ᠡᠬᠦᠨ ᠤ ᠲᠤᠳᠤᠷ᠎ᠠ ᠪᠠᠭᠠᠷᠢᠨ ᠠᠶᠢᠮᠠᠭ ᠤᠨ ᠠᠯᠠᠭ᠂ ᠨᠠᠶᠠᠭ᠎ᠠ ᠬᠤᠶᠠᠷ ᠪᠤᠢ᠃     ᠵᠠᠭᠤᠭᠠᠳ ᠵᠢᠯ ᠤᠨ ᠮᠤᠩᠭᠤᠯ ᠤᠨ ᠹᠸᠣᠳᠠᠯ ᠤᠨ ᠪᠤᠳᠠᠷᠠᠯ ᠢ ᠡᠴᠤᠰᠯᠡᠬᠦᠯᠵᠤ ᠮᠤᠩᠭᠤᠯ ᠢ ᠲᠠᠬᠢᠨ ᠨᠢᠬᠡᠳᠬᠡᠭᠰᠡᠨ ᠵᠢᠳᠬᠦᠯᠳᠡᠨ ᠪᠠᠳᠤᠮᠦ᠋ᠡᠭᠬᠡ ᠳᠠᠶᠠᠨ ᠬᠠᠭᠠᠨ ᠪᠤᠯᠤᠨ᠎ᠠ᠃ ᠪᠠᠳᠤᠮᠦ᠋ᠡᠭᠬᠡ ᠶᠢᠨ ᠬᠦᠪᠡᠬᠦᠨ ᠴᠢᠩᠬᠢᠰ ᠤᠨ ᠰᠢᠭᠤᠳ ᠤᠭᠰᠠᠭᠠᠳᠠᠨ ᠤ ᠬᠦᠮᠦᠨ ᠮᠦᠨ᠃ ᠪᠠᠳᠤᠮᠦ᠋ᠡᠭᠬᠡ ᠲᠠᠶᠠᠨ ᠬᠠᠭᠠᠨ ᠮᠤᠩᠭᠤᠯ ᠢ ᠲᠠᠬᠢᠨ ᠨᠢᠬᠡᠳᠬᠡᠭᠰᠡᠨ ᠤ ᠲᠠᠷᠠᠭ᠎ᠠ ᠪᠦᠬᠦ ᠮᠤᠩᠭᠤᠯ ᠢ ︵ᠲᠦᠷᠪᠡᠨ ᠤᠶᠢᠷᠠᠳ ᠠᠴᠠ ᠭᠠᠳᠠᠨ᠎ᠠ︶ ᠪᠠᠷᠠᠭᠤᠨ᠂ ᠵᠡᠬᠦᠨ ᠭᠤᠷᠪᠠᠨ ᠲᠦᠮᠡᠨ ᠢᠶᠠᠷ ᠵᠠᠰᠠᠭᠯᠠᠵᠠᠢ᠃ ᠲᠤᠬᠠᠢ ᠶᠢᠨ ᠦᠶ᠎ᠡ ᠳᠤ ᠪᠠᠭᠠᠷᠢᠨ ᠠᠶᠢᠮᠠᠭ ᠨᠢ ᠬᠠᠯᠬ᠎ᠠ ᠲᠦᠮᠡᠨ ᠳᠤ ᠬᠠᠷᠢᠶᠠᠯᠠᠭᠳᠠᠵᠤ ᠨᠤᠮᠤᠨ ᠬᠠᠨ ᠤᠷᠴᠢᠮ ᠬᠠᠯᠬ᠎ᠠ ᠭᠤᠤᠯ ᠲᠠᠭᠠᠤ ᠨᠤᠳᠤᠭᠯᠠᠵᠤ ᠪᠠᠶᠢᠵᠠᠢ᠃ ᠬᠠᠯᠬ᠎ᠠ ᠲᠦᠮᠡᠨ ᠤ ᠲᠤᠳᠤᠷ᠎ᠠ ᠨᠢ ᠲᠠᠪᠤᠨ ᠨᠤᠳᠤᠭ᠂ ᠲᠤᠯᠤᠭᠠᠨ ᠨᠤᠳᠤᠭ ᠢᠶᠠᠷ ᠬᠤᠪᠢᠶᠠᠵᠤ ᠲᠠᠪᠤᠨ ᠨᠤᠳᠤᠭ ᠢ ᠪᠠᠳᠤᠮᠦ᠋ᠡᠭᠬᠡ ᠬᠠᠭᠠᠨ ᠤ ᠵᠢᠷᠭᠤᠳᠤᠭᠠᠷ ᠬᠦᠪᠡᠬᠦᠨ ᠠᠯᠴᠤᠪᠤᠯᠤᠳ ᠡᠷᠬᠡ ᠮᠡᠳᠡᠨ ᠰᠠᠭᠤᠪᠠ᠃ ᠠᠯᠴᠤᠪᠤᠯᠤᠳ ᠤᠨ ᠬᠦᠪᠡᠬᠦᠨ ᠬᠤᠷᠠᠭᠴᠢ ᠶᠢᠨ ᠬᠤᠶᠠᠳᠤᠭᠠᠷ ᠬᠦᠪᠡᠬᠦᠨ ᠰᠤᠪᠤᠬᠠᠢ ᠨᠤᠶᠠᠨ ᠪᠠᠭᠠᠷᠢᠨ ᠨᠤᠳᠤᠭ ᠢ ᠮᠡᠳᠡᠵᠤ ᠪᠠᠶᠢᠪᠠ᠃ ᠠᠷᠪᠠᠨ ᠵᠢᠷᠭᠤᠳᠤᠭᠠᠷ ᠵᠠᠭᠤᠨ ᠤ ᠡᠬᠢᠨ ᠢᠶᠠᠷ ᠬᠠᠯᠬ᠎ᠠ ᠭᠤᠤᠯ ᠠᠴᠠ ᠭᠤᠪᠢ ᠶᠢᠨ ᠡᠮᠤᠨ᠎ᠡ᠂ ᠪᠠᠭᠠᠷᠢᠨ᠂ ᠵᠠᠷᠤᠳ᠂ ᠪᠠᠶᠠᠭᠤᠳ᠂ ᠬᠤᠨᠭ᠍ᠬᠢᠷᠠᠳ᠂ ᠦᠵᠢᠶᠠᠳ ᠵᠡᠷᠬᠡ ᠲᠠᠪᠤ ᠨᠡᠬᠦᠳᠡᠯᠯᠡᠨ ᠢᠷᠡᠬᠡᠳ ᠯᠢᠶᠤᠤᠾᠧ ᠭᠤᠤᠯ ᠯᠤᠤᠬ᠎ᠠ ᠶᠢᠨ ᠭᠤᠤᠯ ᠤᠨ ᠰᠠᠪᠠ ᠲᠠᠭᠠᠤ ᠮᠠᠯᠵᠢᠨ ᠠᠮᠢᠳᠤᠷᠠᠵᠤ ᠪᠠᠶᠢᠪᠠ᠃     1628 ᠣᠨ ᠳᠤ ᠪᠠᠭᠠᠷᠢᠨ ᠠᠶᠢᠮᠠᠭ ᠤᠨ ᠲᠦᠷᠦᠬᠦᠤ ᠰᠸᠠᠳᠠᠷ᠂ ᠬᠦᠪᠡᠬᠦᠨ ᠰᠧᠪᠳᠡᠨ ᠪᠠ ᠠᠴᠢ ᠬᠦᠪᠡᠬᠦᠨ ᠮᠠᠨᠽᠦ᠋ᠰᠢᠷᠢ᠂ ᠰᠠᠷᠡᠩ ᠨᠠᠷ ᠲᠠᠢ ᠪᠠᠨ ᠬᠤᠶᠢᠳᠤ ᠠᠯᠳᠠᠨ ᠤᠯᠤᠰ ᠢ ᠲᠠᠭᠠᠪᠠ᠃ ᠲᠡᠭᠷᠢ ᠰᠡᠴᠡᠨ ᠤ ᠨᠠᠢᠮᠠᠳᠤᠭᠠᠷ ᠤᠨ ︵1634 ᠣᠨ︶ ᠳᠤ ᠴᠢᠩ ᠤᠨ ᠵᠠᠰᠠᠭ ᠠᠴᠠ ᠮᠤᠩᠭᠤᠯ ᠤᠷᠤᠨ ᠢ ᠬᠤᠰᠢᠭᠤ ᠲᠦᠷᠢᠮ ᠢᠶᠠᠷ ᠵᠠᠰᠠᠵᠤ ᠪᠠᠭᠠᠷᠢᠨ ᠠᠶᠢᠮᠠᠭ ᠢ ᠰᠢᠷᠠᠮᠦ᠋ᠷᠡᠨ ᠤ ᠬᠤᠶᠢᠳᠤ ᠪᠠᠶ᠎ᠠ ᠲᠠᠭᠠᠤ ᠮᠠᠯᠵᠢᠨ ᠠᠮᠢᠳᠤᠷᠠᠬᠤ ᠪᠠᠷ ᠲᠤᠭᠳᠠᠭᠠᠵᠠᠢ᠃ 1648 ᠣᠨ ᠳᠤ ᠪᠠᠭᠠᠷᠢᠨ ᠠᠶᠢᠮᠠᠭ ᠢ ᠪᠠᠷᠠᠭᠤᠨ ᠵᠡᠬᠦᠨ ᠬᠤᠶᠠᠷ ᠭᠠᠷᠤᠨ ᠬᠤᠰᠢᠭᠤ ᠬᠤᠪᠢᠶᠠᠵᠤ ᠰᠧᠪᠳᠡᠨ ᠢ ᠬᠦᠡᠭ ᠡᠷᠬᠦᠮᠵᠢᠯᠡᠵᠤ ᠪᠠᠭᠠᠷᠢᠨ ᠪᠠᠷᠠᠭᠤᠨ ᠭᠠᠷᠤᠨ ᠬᠤᠰᠢᠭᠤ ᠶᠢ ᠵᠠᠬᠢᠷᠠᠭᠤᠯᠵᠤ᠂ ᠮᠠᠨᠽᠦ᠋ᠰᠢᠷᠢ ᠶᠢ ᠪᠠᠭᠠᠷᠢᠨ ᠵᠡᠬᠦᠨ ᠭᠠᠷᠤᠨ ᠬᠤᠰᠢᠭᠤ ᠶᠢ ᠵᠠᠬᠢᠷᠠᠭᠤᠯᠵᠤ᠂ ᠵᠠᠰᠠᠭ ᠪᠠᠶᠢᠰᠠ ᠡᠷᠬᠦᠮᠵᠢᠯᠡᠪᠡ᠃ ᠮᠠᠨᠽᠦ᠋ᠰᠢᠷᠢ ᠪᠤᠯ ᠰᠤᠪᠤᠬᠠᠢ ᠨᠤᠶᠠᠨ ᠤ ᠭᠤᠷᠪᠠᠳᠤᠭᠠᠷ ᠬᠦᠪᠡᠬᠦᠨ ᠬᠤᠳᠤᠭᠤᠷ ᠠᠩᠬ᠎ᠠ ᠨᠤᠶᠠᠨ ᠤ ᠬᠦᠪᠡᠬᠦᠨ ᠪᠤᠯᠤᠨ᠎ᠠ᠃ ᠪᠠᠭᠠᠷᠢᠨ ᠤ ᠰᠧᠨᠳᠠᠷ ᠨᠤᠶᠠᠨ ︵ᠶᠡᠭᠡ ᠠᠬᠠᠯᠠᠭᠴᠢ︶ ᠲᠡᠬᠦᠨ ᠤ ᠠᠴᠢ ᠬᠦᠪᠡᠬᠦᠨ ᠮᠠᠨᠽᠦ᠋ᠰᠢᠷᠢ ᠲᠠᠢ ᠲᠤᠳᠤᠷ᠎ᠠ ᠵᠠᠭᠤᠷ᠎ᠠ ᠪᠠᠨ ᠲᠠᠭᠠᠷᠢᠯᠴᠠᠬᠤ ᠦᠬᠡᠢ ᠪᠤᠯᠵᠤ ᠡᠷᠬᠡ ᠮᠡᠳᠡᠯ ᠪᠤᠯᠢᠶᠠᠯᠳᠤᠨ ᠡᠵᠡᠨ ᠵᠤᠷᠭᠠᠨ ᠳᠤ ᠵᠠᠭᠠᠯᠳᠤᠭᠰᠠᠨ ᠳᠤ ᠬᠠᠭᠠᠨ ᠤ ᠵᠠᠷᠯᠢᠭ ᠢᠶᠠᠷ ᠪᠠᠭᠠᠷᠢᠨ ᠠᠶᠢᠮᠠᠭ ᠢ ᠪᠠᠷᠠᠭᠤᠨ ᠵᠡᠬᠦᠨ ᠬᠤᠰᠢᠭᠤ ᠪᠤᠯᠭᠠᠭᠰᠠᠨ ᠶᠤᠮ  ᠃ ᠡᠬᠦᠨ ᠳᠤ ᠪᠠᠭᠠᠷᠢᠨ ᠠᠶᠢᠮᠠᠭ ᠨᠢ ᠪᠠᠷᠠᠭᠤᠨ ᠵᠡᠬᠦᠨ ᠬᠤᠰᠢᠭᠤ ᠪᠤᠯᠤᠨ ᠲᠤᠭᠳᠠᠭᠰᠠᠨ ᠶᠤᠮ᠃ ᠬᠤᠶᠠᠷ ᠬᠤᠰᠢᠭᠤ ᠪᠤᠯᠭᠠᠨ ᠬᠤᠪᠢᠶᠠᠭᠰᠠᠨ ᠪᠤᠯᠪᠠᠴᠤ ᠭᠠᠵᠠᠷ ᠨᠤᠳᠤᠭ ᠤᠨ ᠵᠠᠭᠠᠭ ᠢ ᠨᠠᠷᠢᠨ ᠵᠢᠷᠤᠭᠯᠠᠵᠤ ᠬᠤᠪᠢᠶᠠᠭᠰᠠᠨ ᠦᠬᠡᠢ᠃ ᠲᠤᠰ ᠪᠦᠷᠢ ᠠᠷᠪᠠᠨ ᠵᠢᠷᠭᠤᠭᠠᠨ ᠰᠤᠮᠤ ᠲᠠᠢ᠃ ︵ᠪᠠᠷᠠᠭᠤᠨ ᠪᠠᠭᠠᠷᠢᠨ 26 ᠰᠤᠮᠤ ᠲᠠᠢ ᠬᠡᠵᠤ ᠪᠤᠢ︶     ᠮᠠᠨᠽᠦ᠋ᠰᠢᠷᠢ ᠶᠢᠨ ᠲᠡᠬᠦᠣ ᠰᠡᠷᠡᠩ ᠢ ᠵᠠᠩᠵᠤᠨ ᠪᠠᠶᠢᠰᠠ ᠡᠷᠬᠦᠮᠵᠢᠯᠡᠵᠤ ᠵᠠᠰᠠᠭ ᠤᠨ ᠡᠷᠬᠡ ᠦᠬᠡᠢ ︽ᠬᠠᠶᠢᠷ᠎ᠠ  ᠶᠢᠨ ᠪᠠᠶᠢᠰᠠ︾ ᠪᠤᠯᠭᠠᠭᠠᠳ ᠪᠠᠭᠠᠷᠢᠨ ᠵᠡᠬᠦᠨ ᠭᠠᠷᠤᠨ ᠬᠤᠰᠢᠭᠤᠨ ᠤ ᠵᠡᠬᠦᠨ ᠲᠠᠯ᠎ᠠ ᠪᠠ ᠵᠡᠬᠦᠨ ᠬᠤᠶᠢᠨᠠᠬᠢ ᠭᠠᠵᠠᠷ ᠨᠤᠳᠤᠭ ᠢ ᠰᠤᠶᠤᠷᠬᠠᠵᠤ᠂ ᠬᠤᠪᠢ ᠶᠢᠨ ᠬᠠᠷᠢᠶᠠᠳᠤ ᠠᠶᠢᠯ ᠲᠠᠢ ᠪᠠᠨ ᠮᠠᠯᠵᠢᠵᠤ ᠠᠮᠢᠳᠤᠷᠠᠬᠤ ᠪᠠᠷ ᠲᠤᠬᠢᠷᠠᠭᠤᠯᠵᠠᠢ᠃ ᠪᠤᠷᠬᠠᠨᠳᠤ ᠶᠢᠨ ᠰᠢᠷ᠎ᠡ ᠲᠤᠪᠤ ᠤᠷᠴᠢᠮ ᠤᠷᠳᠤᠨ ᠪᠠᠶᠢᠭᠤᠯᠵᠤ ᠰᠠᠭᠤᠵᠤ ᠪᠠᠶᠢᠵᠠᠢ᠃ ︵ᠡᠬᠦᠨ ᠠᠴᠠ ᠵᠡᠬᠦᠨ ᠪᠠᠭᠠᠷᠢᠨ ᠢ ᠪᠠᠰᠠ ᠪᠠᠷᠠᠭᠤᠨ ᠵᠡᠬᠦᠨ ᠭᠠᠷ ᠬᠡᠵᠤ ᠬᠤᠪᠢᠶᠠᠳᠠᠭ ᠪᠤᠯᠵᠠᠢ︶ ᠪᠠᠷᠠᠭᠤᠨ ᠭᠠᠷᠤᠨ ᠪᠠᠭᠠᠷᠢᠨ ᠤ ᠵᠠᠰᠠᠭ ᠠᠨᠤ ᠲᠤᠬᠤᠢ ︵ᠲᠤᠤᠪᠠᠢ︶ ᠠᠭᠤᠯᠠᠨ ᠳᠤ᠂ ᠵᠡᠬᠦᠨ ᠭᠠᠷᠤᠨ ᠵᠠᠰᠠᠭ ᠠᠨᠤ ᠠᠴᠢᠳᠤ ᠲᠤᠯᠤᠭᠠᠢ ᠳᠤ ᠰᠠᠭᠤᠵᠠᠢ᠃ ︵ᠤᠳᠤ ᠶᠢᠨ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠵᠠᠮ ᠰᠤᠮᠤᠨ ᠳᠤ ᠪᠤᠢ᠃ 1952 ᠤᠨ ᠳᠤ ᠤᠤᠯ ᠨᠤᠤᠷᠬᠠᠢ᠂ ᠰᠤᠪᠤᠷᠭ᠎ᠠ ᠨᠤᠳᠤᠭ ᠢ ᠪᠠᠷᠠᠭᠤᠨ ᠪᠠᠭᠠᠷᠢᠨ ᠳᠤ ᠵᠢᠷᠤᠭᠯᠠᠨ ᠦᠭᠪᠡ᠃︶     ᠪᠠᠭᠠᠷᠢᠨ ᠵᠡᠬᠦᠨ ᠭᠠᠷᠤᠨ ᠬᠤᠰᠢᠭᠤᠨ ᠤ ᠠᠩᠬᠠᠳᠤᠭᠠᠷ ᠦᠶ᠎ᠡ ᠶᠢᠨ ᠵᠠᠰᠠᠭ ᠪᠠᠶᠢᠰᠠ ᠠᠴᠠ ︵ᠴᠢᠩ ᠤᠯᠤᠰ  ᠠᠴᠠ ᠢᠷᠬᠡᠨ ᠤᠯᠤᠰ ᠮᠦᠬᠦᠳᠡᠯ᠎ᠡ︶ ᠬᠠᠮᠤᠭ ᠰᠡᠬᠦᠯᠴᠢ ᠶᠢᠨ ᠵᠠᠰᠠᠭ ᠪᠠᠶᠢᠰᠠ ᠬᠦᠷᠳᠡᠯ᠎ᠡ ᠠᠷᠪᠠᠨ ᠭᠤᠷᠪᠠᠨ ᠦᠶ᠎ᠡ  ᠶᠢᠨ ᠵᠠᠰᠠᠭ ᠪᠠᠶᠢᠰᠠ ᠰᠠᠭᠤᠵᠠᠢ᠃     ᠠᠩᠬᠠᠳᠤᠭᠠᠷ ᠦᠶ᠎ᠡ ᠶᠢᠨ ᠵᠠᠰᠠᠭ ᠪᠠᠶᠢᠰᠠ ᠮᠠᠨᠽᠦ᠋ᠰᠢᠷᠢ᠂ ᠬᠤᠳᠤᠭᠤᠷ ᠠᠩᠬ᠎ᠠ ᠶᠢᠨ ᠬᠦᠪᠡᠬᠦᠨ᠂ ᠬᠤᠶᠠᠳᠤᠭᠠᠷ ᠦᠶ᠎ᠡ ᠶᠢᠨ ᠵᠠᠰᠠᠭ ᠪᠠᠶᠢᠰᠠ ᠦᠷᠴᠢᠨ᠂ ᠮᠠᠨᠽᠦ᠋ᠰᠢᠷᠢ ᠶᠢᠨ ᠬᠦᠪᠡᠬᠦᠨ᠂ ᠭᠤᠷᠪᠠᠳᠤᠭᠠᠷ ᠦᠶ᠎ᠡ ᠶᠢᠨ ᠵᠠᠰᠠᠭ ᠪᠠᠶᠢᠰᠠ ᠸᠴᠠᠷᠰᠡᠩ ᠦᠷᠴᠢᠨ ᠤ ᠠᠬᠠᠮᠠᠳ ᠬᠦᠪᠡᠬᠦᠨ᠂ ᠲᠦᠷᠪᠡᠳᠤᠬᠡᠷ ᠦᠶ᠎ᠡ ᠶᠢᠨ ᠵᠠᠰᠠᠭ ᠪᠠᠶᠢᠰᠠ ᠪᠠᠳᠮ᠎ᠠ ᠸᠴᠠᠷᠰᠡᠩ ᠤᠨ ᠠᠬᠠᠮᠠᠳ ᠬᠦᠪᠡᠬᠦᠨ᠂ ᠲᠠᠪᠤᠳᠤᠭᠠᠷ ᠦᠶ᠎ᠡ ᠶᠢᠨ ᠵᠠᠰᠠᠭ ᠪᠠᠶᠢᠰᠠ ᠨᠤᠮᠤᠭᠷᠭᠡᠳᠤ ᠪᠠᠳᠮ᠎ᠠ ᠶᠢᠨ ᠠᠬᠠᠮᠠᠳ ᠬᠦᠪᠡᠬᠦᠨ᠂ ᠵᠢᠷᠭᠤᠳᠤᠭᠠᠷ ᠦᠶ᠎ᠡ ᠶᠢᠨ ᠵᠠᠰᠠᠭ ᠪᠠᠶᠢᠰᠠ ᠳ᠋ᠠᠰᠠ ᠨᠤᠮᠤᠭᠷᠬᠡᠳᠤ ᠶᠢᠨ ᠲᠡᠬᠦᠣ᠂ ᠲᠤᠯᠤᠳᠤᠭᠠᠷ ᠦᠶ᠎ᠡ ᠶᠢᠨ ᠵᠠᠰᠠᠭ ᠪᠠᠶᠢᠰᠠ ᠰᠠᠮᠹᠢᠳᠤᠷᠵᠢ ᠳ᠋ᠠᠰᠠ ᠶᠢᠨ ᠠᠬᠠᠮᠠᠳ ᠬᠦᠪᠡᠬᠦᠨ ᠨᠠᠢᠮᠠᠳᠤᠭᠠᠷ ᠦᠶ᠎ᠡ ᠶᠢᠨ ᠵᠠᠰᠠᠭ ᠪᠠᠶᠢᠰᠠ ᠲᠤᠷᠵᠢᠫᠠᠯᠠᠮᠤ ᠰᠠᠮᠹᠢᠳᠤᠷᠵᠢ ᠶᠢᠨ ᠠᠬᠠᠮᠠᠳ ᠬᠦᠪᠡᠬᠦᠨ ᠶᠢᠰᠦᠳᠦᠬᠡᠷ ᠦᠶ᠎ᠡ ᠶᠢᠨ ᠵᠠᠰᠠᠭ ᠪᠠᠶᠢᠰᠠ ᠭᠠᠷᠮᠠᠰᠢᠳᠢ ᠲᠤᠷᠵᠢᠫᠠᠯᠠᠮᠤ ᠶᠢᠨ ᠠᠬᠠᠮᠠᠳ ᠬᠦᠪᠡᠬᠦᠨ᠂ ᠠᠷᠪᠠᠳᠤᠭᠠᠷ ᠦᠶ᠎ᠡ ᠶᠢᠨ ᠵᠠᠰᠠᠭ ᠪᠠᠶᠢᠰᠠ ᠲᠤᠷᠵᠢᠰᠠᠮᠦᠷᠦᠪᠦ ᠭᠠᠷᠮᠠᠰᠢᠳᠢ ᠶᠢᠨ ᠲᠡᠬᠦᠣ᠂ ᠠᠷᠪᠠᠨ ᠨᠢᠬᠡᠳᠤᠬᠡᠷ ᠦᠶ᠎ᠡ ᠶᠢᠨ ᠵᠠᠰᠠᠭ ᠪᠠᠶᠢᠰᠠ ᠪᠢᠴᠢᠨᠠᠰᠤᠨ ᠲᠤᠷᠵᠢᠰᠠᠮᠦᠷᠦᠪᠦ ᠶᠢᠨ ᠡᠷᠬᠦᠭᠰᠡᠨ ᠬᠦᠪᠡᠬᠦᠨ᠂ ᠠᠷᠪᠠᠨ ᠬᠤᠶᠠᠳᠤᠭᠠᠷ ᠦᠶ᠎ᠡ ᠶᠢᠨ ᠵᠠᠰᠠᠭ ᠪᠠᠶᠢᠰᠠ ᠲᠤᠶᠢᠡᠭᠬᠤᠷᠵᠠᠪ ᠪᠢᠴᠢᠨᠠᠰᠤᠨ ᠤ ᠡᠷᠬᠦᠭᠰᠡᠨ ᠬᠦᠪᠡᠬᠦᠨ᠂ ᠠᠷᠪᠠᠨ ᠭᠤᠷᠪᠠᠳᠤᠭᠠᠷ ᠦᠶ᠎ᠡ ᠶᠢᠨ ᠵᠠᠰᠠᠭ ᠪᠠᠶᠢᠰᠠ ᠰᠧᠳᠡᠩᠨᠠᠮᠵᠢᠯᠸᠡᠭᠪᠤ᠂ ᠲᠤᠶᠢᠡᠭᠬᠤᠷᠵᠠᠪ  ᠤᠨ ᠦᠪ ᠵᠠᠯᠭᠠᠮᠵᠢᠯᠠᠬᠤ ᠬᠦᠪᠡᠬᠦᠨ᠃ ᠡᠨᠡ ᠠᠷᠪᠠᠨ ᠭᠤᠷᠪᠠᠨ ᠦᠶ᠎ᠡ ᠶᠢᠨ ᠵᠠᠰᠠᠭ ᠪᠠᠶᠢᠰᠠ 1648 ᠤᠨ  ᠠᠴᠠ1930 ‍ᠭᠠᠳ ᠤᠨ ᠪᠤᠯᠳᠠᠯ᠎ᠠ ᠨᠢᠬᠡᠯᠡ ᠨᠤᠳᠤᠭ ᠲᠡᠭᠡᠷ᠎ᠡ ︵ᠵᠢᠷᠭᠠᠯ ᠵᠠᠮ ᠰᠤᠮᠤ ᠳᠠᠬᠢ︶ ᠲᠠᠷᠤᠢ ᠠᠴᠢᠨ ᠲᠤᠯᠤᠭᠠᠢ ᠳᠠᠬᠢ ᠸᠠᠩ ᠤᠨ ᠤᠷᠳᠤᠨ ᠳᠤ ᠰᠠᠭᠤᠷᠢᠰᠢᠵᠤ ᠵᠠᠰᠠᠭ ᠶᠠᠪᠤᠭᠤᠯᠵᠤ ᠪᠠᠶᠢᠵᠠᠢ᠃ ᠲᠤᠮᠳᠠᠳᠤ ᠢᠷᠬᠡᠨ ᠤᠯᠤᠰ ᠤᠨ ᠦᠶ᠎ᠡ ᠳᠤ ᠰᠧᠳᠡᠩᠨᠠᠮᠵᠢᠯᠸᠡᠩᠪᠦ ᠪᠠᠶᠢᠰᠠ ᠸᠠᠩ ᠭᠠᠳᠠᠭᠠᠳᠤ ᠶᠢᠨ ᠦᠳᠡᠬᠡᠯᠬᠡ ᠶᠢ ᠲᠡᠪᠴᠢᠵᠤ᠂ ᠪᠦᠬᠦᠳᠡ ᠨᠠᠶᠢᠷᠠᠮᠳᠠᠬᠤ ᠶᠢ ᠡᠷᠬᠢᠮᠯᠡᠨ ᠲᠠᠭᠠᠭᠰᠠᠨ ᠠᠴᠠ ᠲᠤᠰ ᠬᠤᠰᠢᠭᠤ ᠠᠮᠤᠷ ᠲᠦᠪᠰᠢᠨ ᠪᠠᠶᠢᠪᠠ᠃ 1923 ᠣᠨ ᠳᠤ ᠿᠧ ᠡᠾᠧ ᠶᠢᠨ ᠭᠠᠵᠠᠷ ᠬᠠᠭᠠᠯᠪᠦᠷᠢᠯᠠᠬᠤ ᠲᠤᠪᠴᠢᠶ᠎ᠠ ᠪᠠᠶᠢᠭᠤᠯᠵᠤ ᠲᠤᠰ ᠬᠤᠰᠢᠭᠤᠨ ᠳᠤ ᠭᠠᠵᠠᠷ ᠬᠠᠭᠠᠯᠪᠦᠷᠢᠯᠠᠵᠤ ᠡᠬᠢᠯᠡᠪᠡ᠃ ᠯᠢᠨᠳᠦ᠋ᠡᠭ ᠢ ᠰᠢᠶᠠᠨ ᠪᠤᠯᠭᠠᠪᠠ᠃ ᠬᠠᠭᠤᠷᠮᠠᠭ ᠮᠠᠨᠵᠤ ᠤᠯᠤᠰ ᠤᠨ ᠦᠶ᠎ᠡ ᠳᠤ ᠯᠢᠨᠳᠦ᠋ᠡᠭ ᠰᠢᠶᠠᠨ ᠢ ᠦᠬᠡᠷᠡᠴᠢᠯᠡᠬᠡᠳ᠂ ᠹᠸᠤᠳᠠᠯ ᠵᠠᠰᠠᠭ ᠢ ᠦᠬᠡᠶᠢᠰᠬᠡᠬᠡᠳ ᠪᠠᠭᠠᠷᠢᠨ ᠵᠡᠬᠦᠨ ᠭᠠᠷᠤᠨ ᠬᠤᠰᠢᠭᠤᠨ  ᠵᠠᠬᠢᠷᠭ᠎ᠠ ᠪᠤᠯᠭᠠᠪᠠ᠃ ᠴᠢᠩᠵᠤᠷᠢᠭᠳᠤ ︵ᠡᠾᠧ ᠽᠢ ᠵᠠᠩ︶ ᠲᠤᠬᠠᠢ ᠶᠢᠨ ᠦᠶ᠎ᠡ ᠳᠤ ᠠᠵᠢᠯ ᠡᠷᠬᠢᠯᠡᠵᠤ ᠪᠠᠶᠢᠪᠠ᠃     1933 ᠤᠨ ᠤ 3 ᠰᠠᠷ᠎ᠠ ᠳᠤ ᠶᠠᠫᠤᠨ ᠤ ᠲᠡᠬᠡᠷᠡᠮ ᠯᠢᠨᠳᠦ᠋ᠡᠭ ᠢ ᠡᠵᠡᠯᠡᠪᠡ᠃ 1945 ᠤᠨ ᠳᠤ ᠵᠦᠪᠯᠡᠯᠳᠤ ᠶᠢᠨ ᠤᠯᠠᠭᠠᠨ ᠴᠡᠷᠢᠭ ᠢᠷᠡᠵᠤ ᠶᠠᠫᠤᠨ ᠢ ᠬᠦᠬᠡᠬᠡᠨ ᠭᠠᠷᠭᠠᠭᠠᠳ ᠲᠤᠰ ᠬᠤᠰᠢᠭᠤ ᠶᠠᠫᠤᠨ ᠤ ᠨᠤᠶᠠᠷᠬᠠᠯ  ᠠᠴᠠ ᠴᠢᠯᠦᠬᠡᠯᠡᠭᠳᠡᠪᠡ᠃     1946 ᠤᠨ ᠤ 7 ᠰᠠᠷ᠎ᠠ ᠳᠤ ᠡᠪ ᠬᠠᠮᠳᠤ ᠨᠠᠮ ᠤᠨ ᠤᠳᠤᠷᠢᠳᠤᠯᠭ᠎ᠠ ᠲᠤᠤᠷ᠎ᠠ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠢ ᠪᠠᠶᠢᠭᠤᠯᠵᠤ ᠠᠶᠤᠷᠪᠤᠨᠢᠶ᠎ᠠ ᠬᠤᠰᠢᠭᠤᠨ ᠲᠠᠷᠤᠭ᠎ᠠ ᠪᠤᠯᠪᠠ᠃ ︵ᠪᠠᠭᠠᠷᠢᠨ ᠵᠡᠬᠦᠨ ᠬᠤᠰᠢᠭᠤᠨ ᠤ ᠲᠡᠤᠬᠡ︶1949 ᠤᠨ ᠳᠤ ᠰᠢᠨ᠎ᠡ ᠲᠤᠮᠳᠠᠳᠤ ᠤᠯᠤᠰ ᠪᠠᠶᠢᠭᠤᠯᠤᠭᠳᠠᠵᠤ ᠪᠠᠭᠠᠷᠢᠨ ᠵᠡᠬᠦᠨ ᠬᠤᠰᠢᠭᠤ ᠶᠢᠨ ᠠᠷᠠᠳ ᠲᠦᠮᠡᠨ ᠡᠷᠬᠡ ᠴᠢᠯᠦᠬᠡ ᠪᠠᠨ ᠤᠯᠵᠤ ᠵᠤᠯ ᠵᠢᠷᠭᠠᠯ ᠲᠠᠢ ᠠᠮᠢᠳᠤᠷᠠᠯ ᠢᠶᠠᠨ ᠡᠬᠢᠯᠡᠭᠰᠡᠨ ᠶᠤᠮ
 
ᠢᠷᠡᠯᠲᠡ᠄ ︽ᠦᠯᠵᠡᠶᠢᠮᠦ᠋ᠷᠡᠨ︾ ᠰᠡᠳᠬᠦᠯ ᠠᠴᠠ ᠠᠪᠤᠪᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号