ᠪᠠᠭᠠᠷᠢᠨ ᠵᠡᠭᠦᠨ ᠭᠠᠷᠤᠨ ᠬᠤᠰᠢᠭᠤᠨ ᠤ ᠵᠠᠰᠠᠭ ᠤᠨ ᠣᠷᠳᠣᠨᠴᠣᠩᠵᠢᠨ‌‍ᠰᠦ᠋ᠮ᠎ᠡ ᠳᠤ ᠨᠡᠭᠦᠵᠦ ᠢᠷᠡᠭᠰᠡ᠊
ᠨᠡᠶᠢᠲᠡᠯᠡᠭᠰᠡᠨ ᠴᠠᠭ᠄
2015/7/30
          ᠪᠠᠭᠠᠷᠢᠨ ᠵᠡᠭᠦᠨ ᠭᠠᠷᠤᠨ ᠬᠤᠰᠢᠭᠤᠨ  ᠤ  ᠵᠠᠰᠠᠭ  ᠤᠨ           ᠣᠷᠳᠣᠨ ᠴᠣᠩᠵᠢᠨ ᠰᠦᠮ᠎ᠡ ᠳᠤ ᠨᠡᠭᠦᠵᠦ ᠢᠷᠡᠭᠰᠡᠨ ᠨᠢ                                           ᠭᠡᠸᠠᠷᠠᠰᠢ        1946 ᠣᠨ ︵ᠤᠯᠠᠭᠠᠨ ᠨᠣᠬᠠᠢ ᠵᠢᠯ︶ ᠤ 9 ᠰᠠᠷ᠎ᠠ ᠶᠢᠨ 20  ᠤ ᠡᠳᠦᠷ ᠲᠥᠷᠪᠡᠨ ᠮᠣᠷᠢ ᠬᠦᠯᠦᠭᠰᠡᠨ ᠭᠤᠮ ᠲᠡᠷᠭᠡᠨ ᠳᠡᠭᠡᠷ᠎ᠡ 7 — 8 ᠬᠦᠮᠦᠨ ᠰᠠᠭᠤᠵᠤ᠂ ᠠᠮᠤ ᠪᠤᠳᠠᠭ᠎ᠠ᠂ ᠲᠡᠮᠦᠷ ᠵᠤᠤᠬ᠎ᠠ᠂ ᠲᠡᠮᠦᠷ ᠶᠠᠨᠳᠦ᠋ᠩ ᠵᠡᠷᠭᠡ ᠶᠢ ᠳᠦᠭᠦᠷᠲᠡᠯ᠎ᠡ ᠲᠡᠭᠡᠭᠡᠳ ᠨᠠᠷᠠ ᠰᠢᠩᠭᠡᠬᠦ ᠦᠶᠡᠰ ᠴᠣᠩᠵᠢᠨ ᠰᠦᠮ᠎ᠡ ᠶᠢᠨ ᠭᠡᠭᠡᠨ ᠰᠠᠩ ᠳᠡᠭᠡᠷ᠎ᠡ ᠪᠠᠭᠤᠯ᠎ᠠ᠃ ᠲᠡᠷᠭᠡᠨ ᠳᠡᠭᠡᠷ᠎ᠡ ᠢᠷᠡᠭᠰᠡᠳ ᠨᠢ ᠪᠠᠭᠠᠷᠢᠨ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠬᠤᠶᠠᠷ ᠲᠣᠭᠤᠭᠠᠴᠢ ᠠᠴᠠ ᠭᠠᠳᠠᠨ᠎ᠠ ᠠᠮᠤᠷ ᠢ ᠬᠠᠮᠠᠭᠠᠯᠠᠬᠤ ᠴᠡᠷᠢᠭ ᠠᠩᠭᠢ ᠶᠢᠨ ᠳᠠᠷᠤᠭ᠎ᠠ ᠴᠣᠶᠢᠵᠢᠨᠵᠠᠪ ᠪᠠ ᠬᠤᠶᠠᠷ ᠪᠠᠶᠢᠯᠳᠤᠭᠴᠢ ᠪᠣᠯᠤᠨ ᠠᠷᠤ ᠲᠠᠯ᠎ᠠ ᠶᠢᠨ ᠠᠵᠢᠯ ᠢ ᠬᠠᠮᠢᠶᠠᠷᠤᠭᠴᠢ ᠸᠠᠩᠵᠢᠯ ᠵᠡᠷᠭᠡ ᠬᠦᠮᠦᠰ ᠪᠠᠶᠢᠯᠴᠠᠪᠠ᠃ ᠡᠳᠡᠭᠡᠷ ᠬᠦᠮᠦᠰ ᠢᠷᠡᠭᠰᠡᠨ ᠤ ᠳᠠᠷᠠᠭ᠎ᠠ ᠴᠣᠩᠵᠢᠨ ᠠᠶᠢᠯ ᠠᠴᠠ ᠠᠷᠪᠠᠭᠠᠳ ᠵᠠᠯᠠᠭᠤᠴᠤᠳ ᠢ ᠠᠮᠤᠷ ᠢ ᠬᠠᠮᠠᠭᠠᠯᠠᠬᠤ ᠠᠩᠭᠢ ᠳᠠᠭᠠᠨ ᠡᠯᠰᠡᠵᠦ ᠥᠷᠯᠥᠭᠡ ᠳᠡᠭᠡᠨ ᠪᠣᠯᠪᠠᠰᠤᠷᠠᠯ ᠬᠢᠬᠦ ᠶᠢᠨ ᠬᠠᠮᠲᠤ ᠡᠳᠦᠷ ᠪᠦᠷᠢ ᠮᠣᠷᠢᠨ ᠲᠡᠷᠭᠡ ᠪᠠᠷ ᠢᠶᠠᠨ ᠬᠠᠭᠤᠷᠠᠢ ᠲᠦᠯᠡᠭᠡ ᠴᠤᠭᠯᠠᠭᠤᠯᠪᠠ᠃ ᠸᠠᠩᠵᠢᠯ ᠬᠡᠷᠡᠮᠲᠦ ᠲᠤᠰᠬᠤᠨ ᠪᠣᠯᠤᠨ ᠴᠤᠩᠵᠢᠨ ᠠᠶᠢᠯ ᠤᠨ ᠬᠡᠳᠦᠨ ᠰᠢᠪᠠᠷᠴᠢᠨ ᠣᠯᠵᠤ ᠰᠦᠮ᠎ᠡ ᠶᠢᠨ ᠰᠠᠩ ᠤᠨ ᠭᠡᠷ ᠤᠳ ᠲᠤ ᠬᠠᠨᠵᠤ ᠵᠤᠤᠬ᠎ᠠ ᠪᠠᠷᠢᠭᠤᠯᠪᠠ᠃ ᠡᠭᠦᠨ ᠤ ᠵᠡᠷᠭᠡ ᠪᠠᠷ ᠨᠤᠤᠷᠭᠠᠢ ᠨᠤᠲᠤᠭ ᠠᠴᠠ ᠪᠠᠰᠠ ᠠᠵᠢᠯᠲᠠᠨ ᠢᠷᠡᠵᠦ ᠲᠤᠰ ᠠᠶᠢᠯ ᠤᠨ ᠡᠷᠬᠢᠯᠡᠭᠴᠢ ᠲᠠᠢ ᠬᠠᠮᠵᠢᠯᠴᠠᠨ ᠴᠣᠩᠵᠢᠨ ᠰᠦᠮ᠎ᠡ ᠳᠤ ᠰᠠᠭᠤᠵᠤ ᠪᠠᠶᠢᠭ᠎ᠠ ᠬᠦᠮᠦᠰ ᠢ ᠤᠬᠠᠭᠤᠯᠤᠯ ᠬᠢᠵᠦ ᠭᠡᠷ ᠰᠢᠯᠵᠢᠭᠦᠯᠬᠦ ᠪᠠ ᠭᠡᠷ ᠢᠶᠠᠨ ᠶᠡᠭᠦᠯᠡᠵᠦ ᠥᠭᠬᠦ ᠠᠵᠢᠯ ᠬᠢᠯᠭᠡᠪᠡ᠃ ᠰᠠᠷ᠎ᠠ ᠰᠢᠬᠠᠮ ᠶᠠᠭᠠᠷᠠᠯ ᠲᠠᠢ ᠠᠵᠢᠯᠯᠠᠭᠠᠳ ᠰᠠᠭᠤᠬᠤ ᠣᠷᠣᠨ ᠰᠠᠭᠤᠴᠠ ᠶᠢ ᠪᠦᠷᠢᠨ ᠪᠡᠯᠡᠳᠬᠡᠵᠦ ᠂ ᠳᠤᠯᠠᠭᠠᠯᠠᠭ᠎ᠠ ᠶᠢᠨ ᠠᠵᠢᠯ ᠴᠦ ᠠᠮᠵᠢᠯᠲᠠ ᠲᠠᠢ ᠲᠡᠭᠦᠰᠪᠡ᠃ ᠠᠷᠪᠠᠨ ᠰᠠᠷ᠎ᠠ ᠶᠢᠨ ᠳᠤᠮᠳᠠᠴᠢ ᠪᠠᠷ ᠲᠥᠷᠪᠡᠨ ᠮᠣᠷᠢ ᠬᠥᠯᠥᠭᠰᠡᠨ ᠭᠤᠮ ᠲᠡᠷᠭᠡ ᠪᠠᠷ ᠠᠵᠢᠯᠲᠠᠳ ᠤᠨ ᠭᠡᠷ ᠪᠦᠯᠢ ᠪᠣᠯᠣᠨ ᠠᠯᠪᠠᠨ ᠪᠠᠶᠢᠭᠤᠯᠭ᠎ᠠ ᠶᠢᠨ ᠡᠳ᠋ᠯᠡᠯ ᠬᠡᠷᠡᠭᠰᠡᠯ ᠵᠢᠴᠢ ᠠᠵᠢᠯᠲᠠᠨ ᠢ ᠠᠷᠪᠠᠭᠠᠳ ᠡᠳᠦᠷ ᠵᠠᠯᠭᠠᠭ᠎ᠠ ᠪᠠᠷ ᠵᠦᠭᠡᠭᠡᠪᠦᠷᠢᠯᠡᠵᠦ᠂ 1946 ᠣᠨ ᠤ 11 ᠰᠠᠷ᠎ᠠ ᠳᠤ ᠪᠠᠭᠠᠷᠢᠨ ᠵᠡᠭᠦᠨ ᠬᠤᠰᠢᠭᠤᠨ ᠤ ᠵᠠᠰᠠᠭ ᠤᠨ ᠣᠷᠳᠣᠨ ᠨᠢ ᠦᠨᠳᠦᠰᠦᠨ ᠳᠡᠭᠡᠨ ᠴᠣᠩᠵᠢᠨ ᠰᠦᠮ᠎ᠡ ᠳᠤ ᠨᠡᠭᠦᠵᠦ ᠢᠷᠡᠭᠡᠳ ᠠᠵᠢᠯᠯᠠᠵᠠᠢ᠃     ᠪᠠᠭᠠᠷᠢᠨ ᠵᠡᠭᠦᠨ ᠬᠤᠰᠢᠭᠤᠨ ᠤ ᠵᠠᠰᠠᠭ ᠤᠨ ᠣᠷᠳᠣᠨ ᠰᠢᠯᠵᠢᠵᠦ ᠢᠷᠡᠭᠰᠡᠨ ᠤ ᠳᠠᠷᠠᠭ᠎ᠠ ᠠᠯᠪᠠᠨ ᠪᠠᠶᠢᠭᠤᠯᠭ᠎ᠠ ᠨᠤᠭᠤᠳ ᠢ ᠰᠠᠩ ᠤᠨ ᠭᠡᠷ ᠤᠳ ᠲᠤ ᠳᠣᠬᠢᠷᠠᠭᠤᠯᠵᠤ᠂ ᠠᠵᠢᠯᠲᠠᠳ ᠤᠨ ᠭᠡᠷ ᠪᠦᠯᠢ ᠶᠢ ᠬᠤᠪᠢ ᠬᠦᠮᠦᠨ ᠤ ᠭᠡᠷ ᠲᠤ ᠰᠠᠭᠤᠯᠭᠠᠪᠠ᠃ ᠭᠡᠭᠡᠨ ᠰᠠᠩ ᠳᠤ ᠬᠤᠰᠢᠭᠤᠨ ᠤ ᠵᠠᠰᠠᠭ ᠤᠨ ᠣᠷᠳᠣᠨ ᠠᠵᠢᠯᠯᠠᠵᠤ᠂ ᠭᠡᠭᠡᠨ ᠣᠷᠳᠣᠨ ᠤ ᠡᠮᠦᠨᠡᠬᠢ ᠵᠡᠭᠦᠨ ᠪᠠᠷᠠᠭᠤᠨ ᠱᠠᠮᠫᠠᠨ ᠭᠡᠷ ᠢ ᠠᠮᠤ ᠪᠤᠳᠠᠭ᠎ᠠ᠂ ᠡᠳ᠋ ᠪᠤᠳᠠᠰ ᠢᠶᠠᠨ ᠬᠤᠷᠢᠶᠠᠬᠤ ᠬᠦᠮᠦᠷᠭᠡ ᠪᠣᠯᠭᠠᠪᠠ᠃     ᠲᠤᠬᠠᠢ ᠶᠢᠨ ᠦᠶᠡᠰ ᠪᠠᠭᠠᠷᠢᠨ ᠵᠡᠭᠦᠨ ᠬᠤᠰᠢᠭᠤ ᠨᠢ ᠴᠢᠯᠦᠭᠡᠯᠡᠭᠳᠡᠭᠡᠳ ᠤᠳᠠᠭᠠᠳᠤᠢ᠂ ᠭᠤᠮᠢᠨᠳᠠᠩ ᠤᠨ ᠯᠢ ᠱᠸᠦ ᠰᠢᠨ ᠤ ᠴᠡᠷᠢᠭ ᠺᠠᠶᠢᠯᠦ ᠶᠢ ᠡᠵᠡᠯᠡᠭᠡᠳ ᠪᠠᠶᠢᠭᠰᠠᠨ ᠪᠣᠯᠬᠤᠷ ᠨᠡᠶᠢᠭᠡᠮ ᠤᠨ ᠪᠠᠶᠢᠳᠠᠯ ᠠᠮᠤᠷ ᠲᠣᠭᠲᠠᠭᠤᠨ ᠪᠣᠰᠤ ᠪᠠᠶᠢᠭᠰᠠᠨ ᠤ ᠳᠡᠭᠡᠷ᠎ᠡ ᠳᠣᠲᠤᠭᠠᠳᠤ ᠠᠴᠠ ᠦᠷᠭᠦᠯᠵᠢᠯᠡᠨ ᠳᠡᠭᠡᠷᠡᠮ ᠬᠤᠯᠠᠭᠠᠢ ᠭᠠᠷᠴᠤ᠂ ᠨᠡᠶᠢᠭᠡᠮ ᠠᠬᠤᠢ ᠶᠢ ᠤᠯᠠᠮ ᠠᠶᠤᠮᠰᠢᠭ ᠲᠦᠭᠰᠢᠭᠦᠷᠢ ᠲᠠᠢ ᠪᠣᠯᠭᠠᠵᠤ ᠪᠠᠶᠢᠯ᠎ᠠ᠃ ᠤᠤᠯ ᠤᠨ ᠯᠢᠨᠳᠦ᠋ᠩ ᠤᠨ ᠠᠮᠤᠷ ᠢ ᠬᠠᠮᠠᠭᠠᠯᠠᠬᠤ ᠭᠡᠰᠢᠭᠦᠨ ᠪᠠᠶᠢᠭᠰᠠᠨ ᠳᠠᠷᠢᠵᠠᠪ ᠤᠷᠪᠠᠵᠤ ᠺᠠᠶᠢᠯᠦ ᠳᠤ ᠬᠦᠷᠦᠭᠡᠳ ᠯᠢ ᠱᠸᠦ ᠰᠢᠨ ᠳᠤ ᠣᠷᠤᠵᠤ ᠥᠭᠴᠡᠢ᠃ ᠪᠠᠰᠠ ᠪᠠᠶᠠᠨ᠋ᠣ᠋ᠪᠣᠭ᠎ᠠ ᠶᠢᠨ ᠭᠠᠵᠠᠷ ᠤᠨ ᠡᠵᠡᠨ ᠳᠡᠭᠡᠷᠡᠮ ᠯᠢ ᠵᠢᠩ ᠶᠠᠩ ︵ᠳᠡᠭᠡᠷᠡᠮ ᠤᠨ ᠴᠣᠯᠠ ᠨᠢ ᠵᠡᠭᠦᠨ ᠳᠠᠯᠠᠢ︶ ᠠᠷᠠᠳᠴᠢᠯᠠᠭᠰᠠᠨ ᠬᠤᠪᠢᠰᠬᠠᠯ ᠢ ᠡᠰᠡᠷᠭᠦᠴᠡᠵᠦ᠂ ᠲᠤᠬᠠᠢ ᠶᠢᠨ ᠦᠶ᠎ᠡ ᠶᠢᠨ ᠴᠢᠦᠢ ︵ᠲᠣᠭᠤᠷᠢᠭ︶ ᠶᠢᠨ ᠠᠵᠢᠯᠲᠠᠨ ᠢ ᠬᠤᠣᠷᠯᠠᠨ ᠠᠯᠠᠵᠤ ᠪᠠᠶᠢᠪᠠ᠃ ᠪᠠᠭᠠᠷᠢᠨ ᠵᠡᠭᠦᠨ ᠭᠠᠷᠤᠨ ᠬᠤᠰᠢᠭᠤᠨ ᠤ ᠬᠠᠢ ᠯᠢ ᠲᠦ᠋ ᠲᠤᠰᠬᠤᠨ ᠤ ᠭᠠᠵᠠᠷ ᠤᠨ ᠡᠵᠡᠨ ᠨᠢᠦ ᠵᠢᠩ ᠬᠤᠸᠠ ᠪᠠᠰᠠ ᠤᠷᠪᠠᠵᠤ ᠭᠠᠷᠤᠭᠠᠳ 5᠂ 6᠂ 7 ᠳ᠋ᠤᠭᠠᠷ ᠴᠢᠦᠢ ︵ᠲᠣᠭᠤᠷᠢᠭ︶ ᠪᠠᠷ ᠬᠦᠳᠡᠯᠭᠡᠭᠡᠨ ᠬᠢᠵᠦ ᠯᠢᠨᠰᠢ ᠬᠦᠷᠲᠡᠯ᠎ᠡ ᠳᠡᠷᠰᠯᠡᠭᠦᠦ ᠬᠤᠯᠪᠤᠭ᠎ᠠ ᠪᠠᠶᠢᠭᠤᠯᠤᠨ ᠪᠤᠯᠢᠶᠠᠨ ᠳᠡᠭᠡᠷᠡᠮᠳᠡᠬᠦ᠂ ᠭᠠᠵᠠᠷ ᠰᠢᠷᠤᠢ ᠶᠢᠨ ᠥᠭᠡᠷᠡᠴᠢᠯᠡᠯᠲᠡ ᠶᠢᠨ ᠬᠦᠳᠡᠯᠭᠡᠭᠡᠨ ᠢ ᠡᠰᠡᠷᠭᠦᠴᠡᠨ ᠬᠠᠷᠰᠢᠯᠠᠵᠤ ᠬᠤᠪᠢᠰᠬᠠᠯᠲᠤ ᠠᠵᠢᠯᠲᠠᠨ ᠪᠠ ᠲᠡᠭᠦᠨ ᠤ ᠭᠡᠷ ᠪᠦᠯᠢ ᠶᠢᠨ ᠬᠢᠨ ᠢ ᠠᠯᠠᠨ ᠬᠢᠲᠤᠵᠤ ᠲᠦᠢᠪᠡᠭᠡᠵᠦ ᠪᠠᠶᠢᠪᠠ᠃ 1946 ᠣᠨ ᠤ ᠨᠠᠮᠤᠷ᠂ ᠠᠷᠤ ᠬᠤᠷᠴᠢᠨ ᠬᠤᠰᠢᠭᠤᠨ ᠤ ᠵᠠᠰᠠᠭ ᠤᠨ ᠣᠷᠳᠣᠨ ᠤ ᠳᠣᠲᠤᠭᠠᠳᠤ ᠶᠢ ᠬᠠᠮᠠᠭᠠᠯᠠᠬᠤ ᠰᠠᠯᠠᠭᠠᠨ ᠳᠠᠷᠤᠭ᠎ᠠ ᠰᠦᠨ ᠭᠧᠨ ᠴᠢᠤᠸᠠᠨ ᠵᠠᠭᠤ ᠢᠯᠡᠭᠦᠦ ᠬᠦᠮᠦᠨ ᠢ ᠳᠠᠭᠠᠭᠤᠯᠤᠨ ᠤᠷᠪᠠᠭᠠᠳ ᠺᠠᠶᠢᠯᠦ ᠳᠤ ᠬᠦᠷᠴᠦ ᠯᠢ ᠱᠸᠦ ᠰᠢᠨ ᠲᠠᠢ ᠨᠡᠶᠢᠯᠡᠪᠡ ᠃ ᠤᠤᠯ ᠠᠴᠠ ᠰᠡᠵᠢᠭ ᠲᠠᠢ ᠪᠠᠶᠢᠭᠰᠠᠨ ᠳᠥᠷᠪᠡᠳᠥᠭᠡᠷ ᠳ᠋ᠢᠸᠢᠽᠢ ᠶᠢᠨ 35 ᠳ᠋ᠤᠭᠠᠷ ᠬᠤᠷᠢᠶ᠎ᠠ ᠶᠢᠨ ᠬᠤᠷᠢᠶᠠᠨ ᠳᠠᠷᠤᠭ᠎ᠠ ᠡᠯᠳᠡᠩᠭᠡ ᠨᠢᠭᠡ ᠪᠦᠯᠦᠭ ᠬᠦᠮᠦᠰ ᠢ ᠳᠠᠭᠠᠭᠤᠯᠤᠨ ᠬᠠᠭᠤᠷᠮᠠᠭ ᠪᠠᠭ ᠢᠶᠠᠨ ᠱᠠᠭᠠᠯᠤᠨ ᠬᠠᠶᠠᠵᠤ ᠤᠷᠪᠠᠵᠤ ᠭᠠᠷᠤᠭᠠᠳ ᠭᠤᠮᠢᠨᠳᠠᠩ ᠤᠨ ᠴᠡᠷᠢᠭ ᠢ ᠳᠠᠭᠠᠪᠠ᠃ 1946 ᠣᠨ ᠤ 10 ᠰᠠᠷ᠎ᠠ ᠶᠢᠨ 10 ᠤ ᠡᠳᠦᠷ᠂ ᠭᠤᠮᠢᠨᠳᠠᠩ ᠤᠨ 93 ᠳ᠋ᠤᠭᠠᠷ ᠠᠷᠮᠢ ᠶᠢᠨ 22 ᠳ᠋ᠤᠭᠠᠷ ᠳ᠋ᠢᠸᠢᠽᠢ ᠤᠯᠠᠭᠠᠨᠬᠠᠳᠠ ᠶᠢ ᠳᠠᠭᠠᠷᠢᠨ ᠡᠵᠡᠯᠡᠵᠡᠢ᠃ ᠡᠳᠡᠭᠡᠷ ᠪᠠᠶᠢᠳᠠᠯ ᠢ ᠦᠨᠳᠦᠰᠦᠯᠡᠵᠦ᠂ ᠪᠠᠶᠢᠯᠳᠤᠬᠤ ᠪᠣᠳᠤᠯᠭ᠎ᠠ ᠶᠢᠨ ᠪᠠᠶᠢᠷᠢᠯᠠᠭᠤᠯᠤᠯᠲᠠ ᠬᠢᠵᠦ᠂ ︽ᠯᠢᠨᠳᠦ᠋ᠩ ᠤᠨ ᠵᠠᠰᠠᠭ ᠵᠠᠬᠢᠷᠭᠠᠨ ᠤ ᠵᠦᠪᠯᠡᠯ ᠤᠨ ᠬᠤᠷᠠᠯ︾ ︵ᠰᠢᠶᠠᠨ︶ ᠢ ᠲᠡᠮᠡᠭᠡᠨ ᠬᠦᠵᠦᠭᠦᠦ ᠶᠢᠨ ᠰᠠᠨ ᠳ᠋ᠣᠣ ᠶᠢᠩ ᠽᠢ ︵ᠶᠢᠩᠽᠢ︶ ᠲᠤᠰᠬᠤᠨ ᠳᠤ ᠰᠢᠯᠵᠢᠭᠦᠯᠵᠦ ᠲᠠᠷᠢᠶᠠᠯᠠᠬᠤ ᠣᠷᠣᠨ ᠤ ᠭᠠᠵᠠᠷ ᠰᠢᠷᠤᠢ ᠶᠢᠨ ᠥᠭᠡᠷᠡᠴᠢᠯᠡᠯᠲᠡ ᠶᠢᠨ ᠠᠵᠢᠯ ᠢ ᠤᠳᠤᠷᠢᠳᠴᠠᠢ᠃ ᠰᠢᠨ᠎ᠡ ᠪᠠᠷ ᠪᠠᠶᠢᠭᠤᠯᠤᠭᠰᠠᠨ ︽ᠪᠠᠭᠠᠷᠢᠨ ᠵᠡᠭᠦᠨ ᠭᠠᠷᠤᠨ ᠬᠤᠰᠢᠭᠤᠨ ᠤ ᠬᠤᠰᠢᠭᠤᠨ ᠵᠠᠰᠠᠭ ᠤᠨ ᠣᠷᠳᠣᠨ︾ ᠨᠢ ᠨᠤᠤᠷᠭᠠᠢ ᠨᠤᠲᠤᠭ ᠤᠨ ᠴᠣᠩᠵᠢᠨ ᠰᠦᠮ᠎ᠡ ᠳᠤ ᠰᠢᠯᠵᠢᠨ ᠢᠷᠡᠵᠦ᠂ ᠪᠠᠭᠠᠷᠢᠨ ᠵᠡᠭᠦᠨ ᠭᠠᠷᠤᠨ ᠬᠤᠰᠢᠭᠤᠨ ᠤ ᠡᠯ᠎ᠡ ᠮᠠᠯᠵᠢᠬᠤ ᠨᠤᠲᠤᠭ ᠤᠨ ᠬᠤᠪᠢᠰᠬᠠᠯᠲᠤ ᠬᠦᠳᠡᠯᠭᠡᠭᠡᠨ ᠢ ᠤᠳᠤᠷᠢᠳᠪᠠ᠃ᠴᠣᠩᠵᠢᠨ ᠰᠦᠮ᠎ᠡ ᠪᠣᠯ ᠠᠭᠤᠯᠠ ᠬᠠᠳᠠ ᠪᠠᠷ ᠬᠦᠷᠢᠶᠡᠯᠡᠭᠳᠡᠵᠦ᠂ ᠵᠠᠮ ᠱᠤᠭᠤᠮ ᠪᠠᠷᠲᠠᠭ᠎ᠠ ᠶᠡᠭᠡ ᠲᠠᠢ᠂ ᠪᠤᠶᠢᠳᠠ ᠪᠦᠭᠯᠡᠭᠦᠦ ᠠᠭᠤᠯᠠᠷᠬᠠᠭ ᠣᠷᠣᠨ ᠪᠣᠯᠬᠤ ᠪᠦᠭᠡᠳ ᠴᠣᠩᠵᠢᠨ ᠰᠦᠮ᠎ᠡ ᠶᠢᠨ ᠭᠡᠷ ᠪᠠᠶᠢᠰᠢᠩ ᠣᠯᠠᠨ᠂ ᠲᠠᠪᠤᠨ ᠰᠠᠩ ᠤᠨ ᠰᠠᠭᠤᠴᠠ ᠪᠠ ᠯᠠᠮᠠ ᠨᠠᠷ ᠤᠨ ᠭᠡᠷ ᠴᠦ ᠠᠷᠪᠢᠨ ᠤᠴᠢᠷ ᠠᠴᠠ ᠪᠠᠶᠢᠭᠤᠯᠭ᠎ᠠ ᠶᠢᠨ ᠠᠯᠪᠠᠨ ᠭᠡᠷ᠂ ᠪᠠᠶᠢᠷᠢ ᠶᠢᠨ ᠭᠡᠷ ᠴᠦ ᠬᠦᠷᠦᠯᠴᠡᠬᠦᠶᠢᠴᠡ ᠪᠠᠶᠢᠪᠠ᠃ ᠲᠤᠰ ᠰᠦᠮ᠎ᠡ ᠳᠤ ᠡᠮᠦᠨ᠎ᠡ ᠠᠴᠠ ᠢᠷᠡᠬᠦ ᠬᠦᠮᠦᠨ ᠪᠠᠶᠠᠨᠮᠦ᠋ᠷᠡᠨ ︵ᠨᠤᠤᠷᠭᠠᠢ ᠭᠤᠣᠯ︶ ᠢ ᠥᠭᠰᠥᠵᠦ᠂ ᠠᠭᠤᠯᠠ ᠬᠠᠳᠠᠨ ᠤ ᠬᠤᠱᠤᠤ ᠶᠢ ᠤᠷᠢᠶᠠᠨ ᠮᠤᠷᠤᠢ ᠰᠠᠷᠤᠢ ᠶᠠᠪᠤᠭᠰᠠᠭᠠᠷ ᠡᠰᠡᠷᠡᠭ ᠬᠠᠳᠠ ᠬᠦᠷᠦᠭᠡᠳ ᠪᠠᠷᠠᠯᠠᠪᠠᠯ᠂ ᠴᠣᠩᠵᠢᠨ ᠰᠦᠮ᠎ᠡ ᠶᠢᠨ ᠠᠷᠤ᠂ ᠪᠠᠷᠠᠭᠤᠨ᠂ ᠵᠡᠭᠦᠨ ᠲᠠᠯ᠎ᠠ ᠨᠢ ᠦᠨᠳᠦᠷ ᠠᠭᠤᠯᠠ ᠪᠠᠷ ᠬᠦᠷᠢᠶᠡᠯᠡᠭᠳᠡᠵᠦ᠂ ᠡᠮᠦᠨ᠎ᠡ ᠠᠴᠠ ᠢᠷᠡᠬᠦ ᠠᠭᠤᠯᠠᠨ ᠬᠤᠭᠤᠷᠤᠨᠳᠤᠬᠢ ᠵᠠᠮ ᠤᠨ ᠴᠢᠬᠤᠯ ᠬᠡᠰᠡᠭ ᠲᠤ ᠡᠰᠡᠷᠡᠭ ᠬᠠᠳᠠ ᠪᠠ ᠨᠣᠮᠣᠬᠠᠨ ᠣᠷᠣᠢ ᠬᠤᠭᠤᠷᠣᠭᠳᠣ ᠪᠠᠨ ᠬᠤᠶᠠᠷ ᠵᠠᠭᠤᠨ ᠮᠧᠲᠷ ᠯᠡ ᠵᠠᠶᠢᠲᠠᠢ ᠡᠰᠡᠷᠭᠦ ᠪᠠᠨr ᠮᠦᠷᠭᠦᠯᠴᠢᠮᠡᠷ ᠰᠡᠬᠦᠶᠢᠯᠴᠡᠵᠦ᠂ ᠶᠠᠭ ᠯᠡ ᠬᠤᠲᠠ ᠶᠢᠨ ᠬᠡᠷᠡᠮ ᠬᠠᠭᠠᠯᠭ᠎ᠠ ᠰᠢᠭ᠋ ᠪᠠᠶᠢᠷᠢᠯᠠᠵᠠᠢ᠃ ᠮᠡᠷᠭᠡᠨ ᠫᠤᠤᠴᠢ ᠬᠤᠶᠠᠷ ᠲᠠᠯ᠎ᠠ ᠶᠢᠨ ᠬᠠᠳᠠᠨ ᠣᠷᠣᠢ ᠶᠢ ᠠᠪᠤᠭᠠᠳ ᠰᠠᠭᠤᠴᠢᠬᠠᠪᠠᠯ ᠡᠨᠡ ᠬᠦ ᠨᠠᠷᠢᠨ ᠵᠢᠯᠠᠭ᠎ᠠ ᠪᠠᠷ ᠶᠠᠮᠠᠷ ᠴᠦ ᠬᠦᠯᠲᠡᠨ ᠢ ᠣᠷᠤᠭᠤᠯᠬᠤ ᠦᠭᠡᠢ ᠬᠠᠮᠠᠭᠠᠯᠠᠵᠤ ᠳᠡᠶᠢᠯᠦᠨ᠎ᠡ᠃ ᠡᠶᠢᠮᠦ ᠠᠴᠠ ᠡᠨᠡ ᠭᠠᠵᠠᠷ ᠨᠢ ᠡᠪᠳᠡᠬᠦ ᠳᠤ ᠬᠦᠴᠢᠷ᠂ ᠰᠠᠬᠢᠬᠤ ᠳᠤ ᠬᠢᠯᠪᠠᠷ ᠪᠣᠯᠬᠤᠷ ᠪᠠᠭᠠᠷᠢᠨ ᠵᠡᠭᠦᠨ ᠭᠠᠷᠤᠨ ᠬᠤᠰᠢᠭᠤᠨ ᠤ ᠵᠠᠰᠠᠭ ᠤᠨ ᠣᠷᠳᠣᠨ ᠨᠢ ᠲᠤᠰ ᠭᠠᠵᠠᠷ ᠢ ᠰᠤᠩᠭᠤᠵᠤ ᠢᠷᠡᠭᠡᠳ ᠬᠤᠪᠢᠰᠬᠠᠯᠲᠤ ᠬᠦᠳᠡᠯᠭᠡᠭᠡᠨ ᠢᠶᠠᠨ ᠦᠷᠨᠢᠭᠦᠯᠵᠠᠢ᠃    1946 ᠣᠨ ᠤ 11 ᠰᠠᠷ᠎ᠠ ᠶᠢᠨ ᠡᠬᠢᠨ ᠳᠤ᠂ ᠬᠤᠰᠢᠭᠤᠨ ᠵᠠᠰᠠᠭ ᠤᠨ ᠣᠷᠳᠣᠨ ᠳᠤ ᠠᠵᠢᠯᠯᠠᠬᠤ ᠪᠠᠷ ᠢᠷᠡᠭᠰᠡᠳ ᠲᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠤᠯᠪᠤᠭᠠᠲᠤ ᠬᠤᠷᠠᠯ ᠤᠨ ᠪᠠᠭᠠᠷᠢᠨ ᠵᠡᠭᠦᠨ ᠭᠠᠷᠤᠨ ᠬᠤᠰᠢᠭᠤᠨ ᠤ ᠰᠠᠯᠪᠤᠷᠢ ᠬᠤᠷᠠᠯ ᠤᠨ ᠡᠷᠬᠢᠯᠡᠭᠴᠢ ᠵᠠᠯᠭᠠᠬᠦᠦ᠂ ᠳᠡᠳ᠋ ᠡᠷᠬᠢᠯᠡᠭᠴᠢ ᠡᠷᠳᠡᠨᠢᠴᠤᠭᠲᠤ᠂ ᠭᠡᠰᠢᠭᠦᠨ ᠵᠠᠯᠭᠠᠬᠦᠦ᠂ ᠠᠶᠤᠷᠪᠣᠨᠢᠶ᠎ᠠ᠂ ᠥᠷᠭᠡᠨ᠂ ᠮᠦᠷᠡᠨ᠂ ᠬᠡᠰᠢᠭᠲᠦ ᠵᠡᠷᠭᠡ ᠪᠣᠢ᠃ ᠬᠤᠰᠢᠭᠤᠨ ᠤ ᠰᠠᠯᠪᠤᠷᠢ ᠬᠤᠷᠠᠯ ᠳᠤ ᠨᠠᠷᠢᠨ ᠪᠢᠴᠢᠭᠡᠴᠢ ᠶᠢᠨ ᠲᠠᠰᠤᠭ ᠪᠠ ᠤᠬᠠᠭᠤᠯᠬᠤ ᠲᠠᠰᠤᠭ ᠢ ᠥᠷᠭᠡᠨ ᠬᠠᠪᠰᠤᠷᠭᠠᠨ ᠬᠠᠷᠢᠭᠤᠴᠠᠵᠤ᠂ ᠵᠠᠯᠠᠭᠤᠴᠤᠳ ᠤᠨ ᠲᠠᠰᠤᠭ ᠪᠠ ᠵᠣᠬᠢᠶᠠᠨ ᠪᠠᠶᠢᠭᠤᠯᠬᠤ ᠲᠠᠰᠤᠭ ᠢ ᠮᠦᠷᠡᠨ ᠬᠠᠪᠰᠤᠷᠭᠠᠨ ᠬᠠᠷᠢᠭᠤᠴᠠᠵᠤ ᠪᠠᠶᠢᠪᠠ᠃ ᠬᠤᠰᠢᠭᠤᠨ ᠤ ᠰᠠᠯᠪᠤᠷᠢ ᠬᠤᠷᠠᠯ ᠪᠣᠯ ᠤᠯᠠᠨ ᠲᠦᠮᠡᠨᠴᠢ ᠵᠣᠬᠢᠶᠠᠨ ᠪᠠᠶᠢᠭᠤᠯᠤᠯᠲᠠ ᠮᠦᠨ᠃ ᠭᠡᠪᠡᠴᠦ ᠵᠠᠰᠠᠭ ᠤᠨ ᠣᠷᠳᠣᠨ ᠤ ᠡᠯ᠎ᠡ ᠲᠥᠷᠥᠯ ᠤᠨ ᠥᠭᠡᠷᠡᠴᠢᠯᠡᠯᠲᠡ ᠳᠤ ᠤᠳᠤᠷᠢᠳᠬᠤ ᠦᠢᠯᠡᠳᠦᠯ ᠦᠵᠡᠭᠦᠯᠵᠦ ᠪᠠᠶᠢᠪᠠ᠃    ᠪᠠᠭᠠᠷᠢᠨ ᠵᠡᠭᠦᠨ ᠭᠠᠷᠤᠨ ᠬᠤᠰᠢᠭᠤᠨ ᠤ ᠬᠤᠰᠢᠭᠤᠨ ᠳᠠᠷᠤᠭ᠎ᠠ ᠠᠶᠤᠷᠪᠣᠨᠢᠶ᠎ᠠ᠂ ᠠᠷᠠᠳ ᠤᠨ ᠶᠠᠪᠤᠳᠠᠯ ᠤᠨ ᠰᠠᠯᠠᠭᠠᠨ ᠳᠠᠷᠤᠭ᠎ᠠ ᠬᠤᠣᠰᠪᠠᠶᠠᠷ᠂ ᠡᠳ᠋ ᠤᠨ ᠶᠠᠪᠤᠳᠠᠯ ᠤᠨ ᠰᠠᠯᠠᠭᠠᠨ ᠳᠠᠷᠤᠭ᠎ᠠ ᠬᠤᠳᠤᠷᠠᠩᠭ᠎ᠠ᠂ ᠠᠷᠠᠳ ᠤᠨ ᠰᠤᠷᠭᠠᠨ ᠬᠦᠮᠦᠵᠢᠯ ᠤᠨ ᠰᠠᠯᠠᠭᠠᠨ ᠳᠠᠷᠤᠭ᠎ᠠ ᠡᠷᠳᠡᠨᠢᠴᠤᠭᠲᠤ᠂ ᠬᠠᠤᠯᠢ ᠴᠠᠭᠠᠵᠠ ᠶᠢᠨ ᠰᠠᠯᠠᠭᠠᠨ ᠳᠠᠷᠤᠭ᠎ᠠ ᠮᠦᠩᠬᠡᠪᠠᠶᠠᠷ᠂ ᠳᠣᠲᠤᠭᠠᠳᠤ ᠶᠢ ᠬᠠᠮᠠᠭᠠᠯᠠᠬᠤ ᠰᠠᠯᠠᠭᠠᠨ ᠳᠠᠷᠤᠭ᠎ᠠ ᠪᠠᠶᠠᠨᠨᠠᠮᠤᠷ᠂ ᠠᠮᠤᠷ ᠢ ᠬᠠᠮᠠᠭᠠᠯᠠᠬᠤ ᠴᠡᠷᠢᠭ ᠠᠩᠭᠢ ᠶᠢᠨ ᠳᠠᠷᠤᠭ᠎ᠠ ᠴᠣᠶᠢᠵᠢᠨᠵᠠᠪ ᠵᠡᠷᠭᠡ ᠬᠦᠮᠦᠰ ᠠᠴᠠ ᠭᠠᠳᠠᠨ᠎ᠠ᠂ ᠪᠣᠣ ᠵᠦᠩ ᠶᠤᠸᠠᠨ᠂ ᠨᠠᠰᠤᠨ᠋ᠦ᠌ᠯᠵᠡᠢ᠂ ᠯᠦᠩᠭᠠᠨᠵᠠᠪ᠂ ᠮᠢᠨᠵᠤᠤᠷ᠂ ᠸᠠᠩᠵᠢᠯ ᠵᠡᠷᠭᠡ ᠬᠦᠮᠦᠰ ᠴᠢᠬᠤᠯᠠ ᠲᠤᠰᠢᠶᠠᠯ ᠬᠠᠷᠢᠭᠤᠴᠠᠵᠤ ᠪᠠᠶᠢᠪᠠ᠃ ᠳᠥᠷᠪᠡᠳᠥᠭᠡᠷ ᠳ᠋ᠢᠸᠢᠽᠢ ᠶᠢᠨ ᠳᠣᠩᠷᠣᠪᠴᠣᠶᠢᠮᠫᠤᠯ ᠤᠨ ᠨᠢᠭᠡ ᠰᠠᠯᠠᠭ᠎ᠠ ᠴᠡᠷᠢᠭ ᠬᠤᠰᠢᠭᠤᠨ ᠵᠠᠰᠠᠭ ᠤᠨ ᠣᠷᠳᠣᠨ ᠢ ᠬᠠᠮᠠᠭᠠᠯᠠᠵᠤ ᠺᠠᠵᠢᠳ ᠰᠠᠩ ᠳᠤ ᠰᠠᠭᠤᠵᠠᠢ᠃
 
ᠢᠷᠡᠯᠲᠡ᠄ ᠭᠡᠸᠠᠷᠠᠰᠢ ᠶᠢᠨ ︽ᠪᠠᠭᠠᠷᠢᠨ ᠤ ᠲᠡᠤᠬᠡ ᠰᠤᠶᠤᠯ ᠤᠨ ᠣᠴᠢᠭ ᠰᠦᠪᠡᠭᠴᠢ︾ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号