ᠨᠡᠬᠦᠳᠡᠯ ᠮᠠᠯᠵᠢᠯ ᠤᠨ ᠪᠤᠯᠪᠠᠰᠤᠨ | ᠵᠣᠷᠢᠬᠳᠣ | | 2012 ᠤᠨ ᠤ ᠵᠢᠯ ᠤᠨ ᠡᠬᠢᠨ ᠤ ᠨᠢᠬᠡᠨ ᠡᠲᠦᠷ᠂ ᠭᠠᠷ ᠤᠳᠠᠰᠤᠨ ᠤ ᠤᠬᠤᠷ ᠴᠢᠮᠡᠬᠡᠨ ᠠᠴᠠ ᠰᠢᠯᠢ | ᠶᠢᠨ ᠭᠤᠤᠯ ᠠᠶᠢᠮᠠᠭ ᠤᠨ ᠠᠪᠠᠭ᠎ᠠ᠂ ᠰᠦᠨᠢᠳ ᠤᠨ ᠲᠠᠯ᠎ᠠ ᠨᠤᠳᠤᠭ ᠲᠤ ᠴᠢᠨ᠋ᠸ᠎ᠠ ᠶᠢᠨ ᠰᠦᠷᠦᠭ ᠢᠯᠡᠷᠡᠵᠤ ᠮᠠᠯ | ᠰᠦᠷᠦᠭ ᠲᠤ ᠬᠦᠨᠦᠬᠡᠯ ᠪᠤᠯᠵᠤ ᠪᠠᠶᠢᠨ᠎ᠠ ᠬᠡᠰᠡᠨ ᠴᠢᠮᠡᠭᠡ ᠶᠢ ᠲᠤᠭᠤᠯᠤᠯ᠎ᠠ᠃ | ᠡᠨᠡ ᠨᠢ ᠨᠠᠮ᠎ᠠ ᠶᠢ ᠦᠪᠡᠷ ᠤᠨ ᠡᠷᠬᠡ ᠦᠬᠡᠢ ᠪᠠᠯᠴᠢᠷ ᠪᠠᠭ᠎ᠠ ᠶᠢᠨ ᠦᠶ᠎ᠡ ᠳᠤ ᠨᠤᠳᠤᠭ ᠤᠰᠤᠨ ᠤ ᠬᠢᠨ | ᠴᠢᠨ᠋ᠸ᠎ᠠ ᠶᠢᠨ ᠰᠦᠷᠦᠭ ᠯᠦᠭᠡ ᠲᠡᠮᠡᠴᠡᠯ ᠬᠢᠵᠤ ᠮᠠᠯ ᠰᠦᠷᠦᠭ ᠢᠶᠠᠨ ᠬᠠᠮᠠᠭᠠᠯᠠᠵᠤ ᠦᠰᠬᠡᠬᠦ ᠬᠡᠵᠤ ᠪᠠᠶᠢᠭᠰᠠᠨ ᠪᠤᠷᠤ | ᠲᠤᠷᠠᠳᠬᠠᠯ ᠢ ᠰᠠᠨᠠᠭᠳᠠᠭᠤᠯᠵᠠᠢ᠃ ᠮᠢᠨᠤ ᠨᠤᠳᠤᠭ ᠪᠤᠯ ᠪᠠᠭᠠᠷᠢᠨ ᠵᠡᠬᠦᠨ ᠬᠤᠰᠢᠭᠤᠨ ᠤ ᠤᠮᠠᠷ᠎ᠠ ᠬᠢᠯᠢ ᠳᠤ | ᠪᠠᠶᠢᠷᠢᠯᠠᠭᠰᠠᠨ ᠠᠭᠤᠯᠠᠷᠬᠠᠭ ᠬᠢᠷ᠎ᠠ ᠲᠠᠯ᠎ᠠ ᠶᠢᠨ ᠪᠡᠯᠴᠢᠬᠡᠷ ᠢᠶᠠᠷ ᠭᠤᠤᠯᠳᠠᠭᠤᠯᠤᠭᠰᠠᠨ ᠮᠠᠯᠵᠢᠬᠤ ᠨᠤᠳᠤᠭ ᠪᠤᠯᠬᠤ | ᠶᠤᠮ᠃ ᠨᠠᠮ᠎ᠠ ᠶᠢ ᠪᠠᠭ᠎ᠠ ᠪᠠᠶᠢᠵᠤ ᠤᠴᠢᠷ ᠶᠤᠰᠤ ᠶᠢ ᠬᠠᠷᠠᠬᠠᠨ ᠤᠬᠠᠬᠤ ᠦᠬᠡᠢ ᠪᠠᠶᠢᠬᠤ ᠳᠤ᠂ ᠨᠤᠳᠤᠭ ᠤᠰᠤᠨ | ᠤ ᠨᠢᠬᠡᠳᠤᠯ ᠪᠠᠷᠢᠭᠠᠳᠠ ᠶᠢᠨ ᠬᠢᠨ ᠤ ᠨᠢᠬᠡᠳᠦᠯᠳᠡᠢ ᠤᠷᠢᠶᠠᠯᠠᠭ᠎ᠠ ᠲᠤᠤᠷ᠎ᠠ ᠴᠢᠨ᠋ᠸ᠎ᠠ ᠠᠩᠨᠠᠬᠤ ᠤᠷᠤᠯᠳᠤᠭᠠᠨ | ᠦᠷᠨᠢᠬᠦᠯᠵᠤ᠂ ᠨᠢᠬᠡ ᠴᠢᠨ᠋ᠸ᠎ᠠ ᠠᠩᠨᠠᠪᠠᠯ ᠪᠠᠷᠢᠭᠠᠳᠠ ᠠᠴᠠ ᠲᠠᠪᠤᠨ ᠬᠤᠪᠢ ᠲᠡᠮᠳᠡᠭᠯᠡᠵᠤ ᠦᠭᠬᠦ ᠪᠦᠬᠡᠳ ᠠᠷᠠᠰᠤ ᠶᠢ | ᠨᠢ ᠬᠤᠷᠰᠢᠶᠠᠨ ᠳᠤ ᠬᠤᠳᠠᠯᠳᠤᠪᠠᠯ ᠪᠠᠰᠠ ᠬᠡᠳᠤᠨ ᠲᠦᠬᠦᠷᠢᠭ ᠤᠨ ᠤᠷᠤᠯᠭ᠎ᠠ ᠤᠯᠵᠤ ᠬᠡᠷ ᠵᠠᠭᠤᠷ᠎ᠠ ᠶᠢᠨ ᠵᠠᠷᠤᠳᠠᠯ | ᠢᠶᠠᠨ ᠰᠢᠢᠳᠪᠦᠷᠢᠯᠡᠵᠤ ᠴᠢᠳᠠᠳᠠᠭ ᠪᠠᠶᠢᠵᠠᠢ᠃ ᠤᠯᠠᠨ ᠴᠢᠨ᠋ᠸ᠎ᠠ ᠠᠩᠨᠠᠪᠠᠯ ᠨᠢᠬᠡᠳᠦᠯ ᠪᠠᠷᠢᠭᠠᠳᠠ ᠠᠴᠠ ᠪᠠᠰᠠ ︽ | ᠬᠦᠳᠡᠯᠮᠦᠷᠢ ᠶᠢᠨ ᠵᠢᠱᠢᠶᠡᠴᠢ︾ ᠪᠠᠷ ᠱᠠᠩᠨᠠᠨ ᠬᠦᠬᠢᠬᠦᠯᠳᠡᠭ᠃ ᠡᠬᠦᠨ ᠠᠴᠠ ᠬᠦᠮᠦᠰ ᠤᠨ ᠲᠤᠮᠳᠠ ᠬᠠᠪᠬ᠎ᠠ ᠪᠠᠷ | ᠠᠩᠨᠠᠬᠤ᠂ ᠬᠤᠤᠷ ᠢᠶᠠᠷ ᠠᠩᠨᠠᠬᠤ᠂ ᠫᠤᠤ ᠪᠠᠷ ᠠᠩᠨᠠᠬᠤ᠂ ᠡᠬᠦᠷ ᠢ ᠨᠢ ᠮᠠᠯᠳᠠᠬᠤ ᠵᠡᠷᠬᠡ ᠴᠢᠨ᠋ᠸ᠎ᠠ ᠳᠤ | ᠬᠠᠨᠳᠤᠭᠤᠯᠤᠭᠰᠠᠨ ᠱᠦᠬᠦᠷᠳᠡᠯᠳᠡ ᠶᠠᠪᠤᠭᠳᠠᠵᠤ᠂ ᠴᠢᠨ᠋ᠸ᠎ᠠ ᠶᠢ ᠬᠠᠮᠤᠭ ᠠᠮᠢᠳᠠᠨ ᠤ ᠬᠠᠷ᠎ᠠ ᠲᠠᠶᠢᠰᠤᠨ ᠢᠶᠠᠷ ᠦᠵᠡᠵᠤ | ᠬᠢᠳᠤᠨ ᠤᠰᠠᠳᠬᠠᠵᠤ ᠪᠠᠶᠢᠵᠠᠢ᠃ ᠨᠠᠰᠤ ᠵᠢᠯ ᠤᠨ ᠨᠡᠮᠡᠭᠳᠡᠬᠦ ᠪᠠ ᠰᠤᠷᠭᠠᠭᠤᠯᠢ ᠨᠤᠮ ᠤᠨ ᠮᠦᠷ ᠢᠶᠠᠷ ᠭᠠᠳᠠᠭᠰᠢ | ᠰᠤᠷᠤᠯᠴᠠᠬᠤ ᠪᠠᠷ ᠶᠠᠪᠤᠬᠤ ᠠᠴᠠ ᠪᠤᠯᠵᠤ᠂ ᠲᠠᠷᠬᠠᠯᠳᠠ ᠳᠤ ᠬᠠᠶᠠ ᠨᠤᠳᠤᠭ ᠲᠠᠭᠠᠨ ᠪᠤᠴᠠᠬᠤ ᠦᠶᠡᠰ ᠨᠤᠳᠤᠭ ᠤᠨ | ᠬᠢᠨ ᠤ ᠴᠢᠨ᠋ᠸ᠎ᠠ ᠶᠢᠨ ᠲᠤᠬᠠᠢ ᠵᠤᠭᠤᠭ ᠴᠦᠬᠡᠷᠡᠵᠤ ᠲᠡᠮᠡᠢ ᠲᠤᠷᠠᠳᠬᠤ ᠬᠦᠮᠦᠨ ᠦᠬᠡᠢ ᠪᠤᠯᠤᠭᠰᠠᠨ ᠳᠤ ᠲᠤᠬᠠᠢ ᠶᠢᠨ | ᠦᠶ᠎ᠡ ᠳᠤ ᠪᠢ ᠲᠤᠳᠤᠷ᠎ᠠ ᠪᠠᠨ ᠶᠡᠬᠡᠯ᠎ᠡ ᠭᠠᠶᠢᠬᠠᠵᠤ ᠪᠠᠶᠢᠭᠰᠠᠨ ᠶᠤᠮ᠃ ᠬᠤᠵᠢᠮ ᠨᠢ ᠰᠠᠶ᠋ᠢ ᠴᠢᠨ᠋ᠸ᠎ᠠ ᠤᠷᠤᠰᠢᠨ | ᠠᠮᠢᠳᠤᠷᠠᠬᠤ ᠤᠷᠤᠨ ᠵᠠᠢ ᠦᠬᠡᠢ ᠪᠤᠯᠵᠤ ᠤᠨᠳᠤᠤ ᠨᠤᠳᠤᠭ ᠲᠤ ᠰᠢᠯᠵᠢᠭᠰᠡᠨ ᠪᠤᠶᠤ ᠦᠨᠳᠦᠰᠤ ᠲᠠᠰᠤᠷᠠᠯ᠎ᠠ ᠬᠡᠰᠡᠨ | ᠤᠴᠢᠷ ᠶᠤᠰᠤ ᠶᠢ ᠪᠠᠷᠤᠭᠯᠠᠵᠠᠢ᠃ ᠪᠢ ᠤᠳᠠᠯ ᠦᠬᠡᠢ ᠠᠩᠬ᠎ᠠ ᠲᠤᠮᠳᠠᠳᠤ ᠶᠢᠨ ᠰᠤᠷᠤᠯᠭ᠎ᠠ ᠪᠠᠨ ᠲᠡᠬᠦᠰᠬᠡᠵᠤ᠂ | ᠨᠢᠬᠡᠨ ᠡᠲᠦᠷ ᠤᠨ ᠦᠳᠡ ᠶᠢᠨ ᠬᠤᠭᠤᠯᠠᠨ ᠤ ᠵᠠᠭᠤᠷ᠎ᠠ ᠠᠪᠤ ︽ᠬᠤᠨᠢᠨ ᠰᠦᠷᠦᠭ ᠠᠴᠠ ᠨᠢᠬᠡ ᠰᠢᠳᠦᠯᠡᠬᠦ ᠶᠢ | ᠴᠢᠨ᠋ᠸ᠎ᠠ ᠡᠬᠦᠷᠦᠯᠡ︾ ᠬᠡᠵᠤ ᠵᠤᠭᠤᠭ ᠪᠤᠯᠭᠠᠨ ᠶᠠᠷᠢᠬᠤ ᠠᠴᠠ ᠴᠢᠨ᠋ᠸ᠎ᠠ ᠶᠢᠨ ᠪᠠᠶᠢᠳᠠᠯ ᠢ ᠠᠪᠤ ᠠᠴᠠ ᠰᠠᠶᠢᠬᠠᠨ | ᠠᠰᠠᠭᠤᠶ᠎ᠠ ᠬᠡᠰᠡᠨ ᠪᠤᠳᠤᠯ ᠨᠠᠳᠠᠳᠤ ᠲᠦᠷᠦᠭᠳᠡᠵᠤ᠂ ᠠᠪᠤ ᠶᠢᠨ ᠦᠬᠡᠨ ᠤ ᠰᠢᠵᠢᠮ ᠢ ᠡᠯᠬᠦᠵᠤ᠂ ᠴᠢᠨ᠋ᠸ᠎ᠠ ᠨᠢ ᠲᠠᠯ᠎ᠠ | ᠶᠢᠨ ᠮᠠᠯᠴᠢᠳ ᠤᠨ ᠠᠮᠢᠳᠤᠷᠠᠯ ᠳᠤ ᠶᠠᠮᠠᠷᠬᠠᠨ ᠨᠦᠯᠦᠬᠡ ᠲᠠᠢ ᠪᠠᠶᠢᠵᠤ ᠦᠡᠭᠬᠡᠷᠡᠭᠰᠡᠨ ᠤᠴᠢᠷ ᠶᠠᠪᠤᠳᠠᠯ ᠤᠨ ᠲᠤᠬᠠᠢ | ᠨᠡᠯᠢᠶᠡᠳ ᠨᠠᠷᠢᠯᠢᠭ ᠯᠠᠪᠯᠠᠵᠠᠢ᠃ | ᠨᠡᠬᠦᠳᠡᠯ ᠮᠠᠯᠵᠢᠯ ᠤᠨ ᠠᠮᠢᠳᠤᠷᠠᠯ ᠲᠤᠮᠳᠠ᠂ ᠮᠠᠯᠴᠢᠳ ᠪᠡᠯᠴᠢᠬᠡᠷ ᠢᠶᠠᠨ ᠵᠤᠰᠠᠯᠠᠩ᠂ ᠨᠠᠮᠤᠷᠵᠢᠶ᠎ᠠ᠂ | ᠡᠪᠦᠯᠵᠢᠶ᠎ᠡ᠂ ᠬᠠᠪᠤᠷᠵᠢᠶ᠎ᠠ ᠬᠡᠵᠤ ᠬᠤᠪᠢᠶᠠᠨ ᠤᠯᠠᠷᠢᠯ ᠲᠠᠭᠠᠵᠤ ᠨᠡᠬᠦᠳᠡᠯᠯᠡᠨ ᠮᠠᠯᠵᠢᠵᠤ ᠮᠠᠯ ᠰᠦᠷᠦᠭ ᠢᠶᠠᠨ | ᠦᠰᠬᠡᠳᠡᠭ᠃ ᠡᠨᠡ ᠨᠢ ᠭᠤᠤᠯᠳᠠᠭᠤ ᠪᠡᠯᠴᠢᠭᠡᠷ ᠰᠤᠯᠢᠬᠤ ᠶᠠᠪᠤᠴᠠ ᠳᠤ ᠬᠠᠯᠠᠭᠳᠠᠭᠰᠠᠨ ᠪᠡᠯᠴᠢᠬᠡᠷ ᠲᠤ ᠲᠠᠬᠢᠨ | ᠤᠷᠭᠤᠵᠤ ᠰᠡᠷᠬᠦᠬᠦ ᠵᠠᠪᠰᠢᠶᠠᠨ ᠤᠯᠭᠤᠵᠤ᠂ ᠨᠤᠳᠤᠭ ᠤᠰᠤᠨ ᠤ ᠪᠠᠨ ᠦᠡᠭ ᠰᠢᠮᠡᠯᠢᠭ ᠪᠠᠶᠢᠳᠠᠯ ᠢ ᠦᠷᠬᠦᠯᠵᠢᠳᠡ | ᠪᠠᠳᠤᠯᠠᠬᠤ ᠶᠢ ᠬᠦᠰᠡᠨ ᠵᠤᠷᠢᠭᠰᠠᠨ ᠵᠤᠷᠢᠯᠳᠠ ᠪᠠᠶᠢᠭ᠎ᠠ ᠶᠤᠮ᠃ ᠨᠤᠳᠤᠭ ᠤᠰᠤ ᠲᠠᠷᠭᠤᠨ ᠲᠠᠩᠰᠤᠭ᠂ ᠠᠷᠢᠶᠠᠳᠠᠨ | ᠵᠢᠬᠦᠷᠳᠡᠨ ᠲᠤᠭᠯᠠᠨ ᠵᠢᠷᠬᠢᠭᠰᠡᠨ ᠠᠩᠬᠠᠨ ᠤ ᠦᠶ᠎ᠡ ᠳᠤ᠂ ᠴᠢᠨ᠋ᠸ᠎ᠠ ᠨᠢ ᠬᠠᠶᠠ ᠨᠢᠬᠡ ᠠᠳᠤᠭᠤ ᠮᠠᠯ ᠢ ᠲᠤᠭᠤᠷᠢᠵᠤ | ᠮᠠᠯᠴᠢᠳ ᠲᠤ ᠬᠤᠬᠢᠷᠠᠯ ᠰᠦᠢᠳᠦᠯ ᠤᠴᠠᠷᠠᠭᠤᠯᠳᠠᠭ ᠪᠤᠯᠪᠠᠴᠤ ᠴᠢᠨ᠋ᠸ᠎ᠠ ᠢᠳᠡᠬᠡᠨ ᠤ ᠭᠤᠤᠯ ᠢᠷᠡᠯᠳᠡ ᠪᠠᠨ ᠵᠡᠬᠡᠷ᠎ᠡ᠂ | ᠲᠠᠤᠯᠠᠢ᠂ ᠬᠤᠯᠤᠭᠠᠨ᠎ᠠ᠂ ᠲᠠᠷᠪᠠᠭ᠎ᠠ ᠵᠡᠷᠬᠡ ᠡᠪᠡᠰᠤᠨ ᠲᠡᠵᠢᠬᠡᠯᠳᠤ ᠠᠮᠢᠳᠠᠨ ᠪᠠ ᠬᠦᠮᠦᠨ ᠠᠮᠢᠳᠠᠨ ᠤ ᠦᠬᠦᠳᠡᠯ | ᠵᠡᠷᠬᠡ ᠳᠤ ᠲᠦᠰᠢᠳᠡᠭ ᠪᠤᠯᠬᠤᠷ ᠪᠠᠰᠠ ᠴᠤ ᠡᠪᠡᠰᠤ ᠪᠡᠯᠴᠢᠬᠡᠷ ᠢ ᠬᠠᠮᠠᠭᠠᠯᠠᠬᠤ᠂ ᠤᠷᠴᠢᠨ ᠠᠬᠤᠢ ᠶᠢᠨ ᠪᠤᠬᠢᠷᠳᠤᠯ ᠢ | ᠴᠡᠪᠡᠷᠰᠢᠬᠦᠯᠬᠦ ᠵᠡᠷᠬᠡ ᠴᠢᠬᠤᠯᠠ ᠦᠢᠯᠡᠳᠦᠯ ᠲᠠᠢ ᠪᠠᠶᠢᠳᠠᠭ᠃ ᠡᠷᠳᠡᠨ ᠤ ᠠᠩᠴᠢᠳ ᠴᠢᠨ᠋ᠸ᠎ᠠ ᠠᠩᠨᠠᠬᠤ ᠳᠠᠭᠠᠨ | ᠲᠤᠭ᠎ᠠ ᠨᠤᠷᠮ᠎ᠠ ᠶᠢᠨ ᠬᠡᠳᠤ ᠦᠰᠦᠯᠳᠡ ᠶᠢ ᠨᠢ ᠬᠢᠵᠠᠭᠠᠷᠯᠠᠬᠤ ᠶᠢ ᠠᠩᠬᠠᠷᠴᠤ᠂ ᠡᠬᠡ ᠪᠠᠶᠢᠭᠠᠯᠢ ᠶᠢᠨ ᠲᠡᠩᠴᠡᠬᠦᠷᠢ | ᠶᠢ ᠪᠠᠳᠤᠯᠠᠬᠤ ᠶᠢᠨ ᠲᠦᠯᠦᠬᠡ᠂ ᠴᠢᠨ᠋ᠸ᠎ᠠ ᠶᠢ ᠦᠨᠳᠦᠰᠤ ᠪᠠᠷ ᠨᠢ ᠤᠭᠳᠤᠯᠵᠤ ᠲᠠᠰᠤ ᠤᠰᠠᠳᠬᠠᠬᠤ ᠶᠢ ᠤᠨᠴᠠ | ᠴᠡᠬᠡᠷᠯᠡᠳᠡᠭ᠃ ᠤᠳᠠᠭᠠᠨ ᠵᠢᠯ ᠤᠨ ᠦᠢᠯᠡᠳᠪᠦᠷᠢᠯᠡᠯ ᠠᠮᠢᠳᠤᠷᠠᠯ ᠤᠨ ᠲᠤᠮᠳᠠ ᠨᠡᠬᠦᠳᠡᠯᠴᠢᠨ ᠮᠠᠯᠴᠢᠳ ᠴᠢᠨ᠋ᠸ᠎ᠠ | ᠯᠦᠭᠡ ᠶᠢᠨ ᠲᠡᠮᠡᠴᠡᠯ ᠪᠠ ᠨᠦᠬᠦᠷᠯᠡᠯ ᠤᠨ ᠲᠤᠮᠳᠠ ᠮᠠᠰᠢ ᠤᠯᠠᠨ ᠦᠢᠯᠡᠳᠪᠦᠷᠢᠯᠡᠯ ᠠᠮᠢᠳᠤᠷᠠᠯ ᠤᠨ ᠮᠡᠳᠡᠯᠬᠡ ᠶᠢ | ᠴᠢᠨ᠋ᠸ᠎ᠠ ᠠᠴᠠ ᠰᠤᠷᠤᠯᠴᠠᠭᠰᠠᠨ ᠲᠡᠮᠳᠡᠭᠯᠡᠯ ᠲᠠᠢ᠃ ᠴᠢᠨ᠋ᠸ᠎ᠠ ᠦᠭᠶᠦᠬᠡᠨ ᠳᠤ ᠪᠠᠭᠤᠬᠤ ᠳᠠᠭᠠᠨ ᠬᠡᠵᠢᠶᠡᠳᠡ | ᠬᠦᠯᠢᠴᠡᠩᠬᠦᠢ ᠲᠤᠭᠳᠠᠭᠤᠨ ᠶᠠᠭᠠᠷᠠᠵᠤ ᠰᠠᠨᠳᠤᠷᠬᠤ ᠦᠬᠡᠢ ᠪᠠᠶᠢᠵᠤ ᠲᠤᠬᠢᠶᠠᠯ ᠢ ᠠᠮᠵᠢᠨ ᠬᠡᠨᠡᠳᠳᠡ ᠪᠠᠷ ᠲᠠᠭᠠᠷᠢᠳᠠᠭ | ᠃ ᠰᠦᠷᠦᠭᠯᠡᠨ ᠢᠳᠡᠰᠢᠯᠡᠵᠤ ᠪᠠᠶᠢᠭ᠎ᠠ ᠵᠡᠬᠡᠷ᠎ᠡ ᠶᠢ ᠲᠠᠭᠠᠷᠢᠬᠤ ᠳᠠᠭᠠᠨ ᠴᠢᠨ᠋ᠸ᠎ᠠ ᠪᠦᠬᠦᠯᠢ ᠡᠲᠦᠷ ᠤᠨ ᠴᠠᠭ ᠢ | ᠵᠠᠷᠤᠴᠠᠭᠤᠯᠵᠤ ᠬᠦᠳᠡᠯᠦᠯ ᠦᠬᠡᠢ ᠠᠵᠢᠭᠯᠠᠨ ᠮᠠᠨᠠᠵᠤ᠂ ᠵᠡᠬᠡᠷ᠎ᠡ ᠬᠡᠵᠢᠶ᠎ᠡ ᠬᠤᠶᠢᠨ᠎ᠠ ᠬᠦᠵᠡᠭᠡ ᠪᠠᠨ ᠲᠦᠬᠦᠷᠡᠳᠡᠯ᠎ᠡ | ᠢᠳᠡᠵᠤ ᠦᠳᠡᠰᠢ ᠶᠢᠨ ᠬᠡᠪᠳᠡᠷᠢ ᠳᠡᠭᠡᠨ ᠤᠷᠤᠭᠠᠳ᠂ ᠦᠷ ᠴᠠᠶᠢᠬᠤ ᠶᠢᠨ ᠦᠶᠡᠰ ᠲᠤ ᠲᠠᠪᠤᠰᠠᠩ ᠨᠢ ᠴᠢᠨᠦᠷᠡᠵᠤ | ᠰᠢᠬᠡᠬᠦ ᠠᠴᠠ ᠡᠮᠤᠨᠡᠬᠢ ᠬᠡᠳᠦᠬᠡᠨ ᠰᠧᠺᠦ᠋ᠨ᠋ᠳ᠋ ᠤᠨ ᠬᠤᠭᠤᠴᠠᠭᠠᠨ ᠳᠤ ᠮᠠᠨᠠᠭᠰᠠᠨ ᠦᠭᠶᠦᠬᠡ ᠪᠠᠨ ᠲᠠᠭᠠᠷᠢᠳᠠᠭ᠃ | ᠡᠨᠡ ᠦᠶᠡᠰ ᠵᠡᠬᠡᠷ᠎ᠡ ᠨᠢ ᠴᠠᠳᠬᠤᠯᠠᠩ ᠮᠦᠷᠳᠡᠬᠡᠨ ᠰᠢᠬᠡᠰᠤ ᠪᠠᠨ ᠬᠤᠷᠢᠵᠤ ᠴᠢᠳᠠᠬᠤ ᠦᠬᠡᠢ ᠪᠠᠶᠢᠳᠠᠭ ᠠᠴᠠ | ᠬᠦᠳᠡᠯᠬᠡᠬᠡᠨ ᠨᠢ ᠤᠳᠠᠭᠠᠨ ᠪᠤᠯᠵᠤ ᠮᠠᠰᠢ ᠠᠮᠠᠷᠬᠠᠨ ᠢᠶᠠᠷ ᠴᠢᠨ᠋ᠸ᠎ᠠ ᠳᠤ ᠲᠠᠭᠠᠷᠢᠭᠳᠠᠳᠠᠭ᠃ ᠴᠢᠨ᠋ᠸ᠎ᠠ ᠪᠠᠰᠠ ᠴᠠᠭ | ᠠᠭᠤᠷ ᠪᠠ ᠭᠠᠵᠠᠷ ᠤᠨ ᠪᠠᠶᠢᠴᠠ ᠶᠢ ᠠᠰᠢᠭᠯᠠᠵᠤ ᠦᠭᠶᠦᠬᠡ ᠡᠷᠢᠬᠦ ᠳᠡᠭᠡᠨ ᠲᠤᠩ ᠴᠢᠳᠠᠮᠠᠭᠠᠢ ᠪᠠᠶᠢᠳᠠᠭ᠃ ᠮᠠᠯᠴᠢᠳ | ᠤᠨ ᠬᠦᠷᠢᠶ᠎ᠠ ᠠᠡᠭ ᠬᠢᠬᠦ ᠮᠡᠷᠬᠡᠵᠢᠯ ᠢ ᠴᠢᠨ᠋ᠸ᠎ᠠ ᠠᠴᠠ ᠰᠤᠷᠤᠯᠴᠠᠯ᠎ᠠ ᠬᠡᠵᠤ ᠬᠡᠯᠡᠵᠤ ᠪᠤᠯᠤᠨ᠎ᠠ᠃ ᠨᠢᠬᠡ ᠵᠢᠯ ᠤᠨ | ᠬᠠᠪᠤᠷ᠂ ᠨᠤᠳᠤᠭ ᠤᠨ ᠭᠤᠤᠯ ᠲᠤᠭᠤᠷᠢᠮ ᠤᠨ ᠮᠦᠰᠦ ᠴᠠᠰᠤ ᠤᠶᠠᠰᠤᠨ ᠬᠠᠶᠢᠯᠵᠤ᠂ ᠠᠳᠤᠭᠤ ᠮᠠᠯ ᠤᠨ ᠤᠰᠤ | ᠤᠤᠭᠤᠳᠠᠭ ᠭᠤᠤᠯ ᠤᠨ ᠤᠯᠤᠮ ᠨᠢ ᠰᠢᠪᠠᠷ ᠱᠠᠯᠴᠠᠭ ᠢᠶᠠᠷ ᠲᠦᠬᠦᠷᠴᠤ ᠪᠠᠶᠢᠭᠰᠠᠨ ᠦᠶ᠎ᠡ ᠳᠤ᠂ ᠴᠢᠨ᠋ᠸ᠎ᠠ ᠬᠠᠪᠤᠷ | ᠤᠨ ᠦᠳᠡᠰᠢ ᠶᠢᠨ ᠬᠡᠨᠡᠳᠳᠡ ᠲᠡᠭᠳᠡᠭᠰᠡᠨ ᠬᠠᠷ᠎ᠠ ᠰᠢᠭᠤᠷᠭ᠎ᠠ ᠶᠢ ᠠᠰᠢᠭᠯᠠᠵᠤ ᠰᠠᠯᠬᠢᠨ ᠤ ᠲᠡᠭᠡᠷ᠎ᠡ ᠬᠠᠪᠢ ᠳᠤ | ᠪᠠᠶᠢᠭᠰᠠᠨ ᠬᠡᠳᠤᠨ ᠠᠵᠢᠷᠭ᠎ᠠ ᠠᠳᠤᠭᠤ ᠶᠢ ᠲᠦᠷᠦᠭᠦᠦ ᠴᠢᠨ᠋ᠸ᠎ᠠ ᠶᠢᠨ ᠵᠢᠯᠤᠭᠤᠳᠤᠯᠭ᠎ᠠ ᠲᠤᠤᠷ᠎ᠠ ᠭᠤᠷᠪᠠᠨ ᠲᠠᠯ᠎ᠠ | ᠠᠴᠠ ᠨᠢ ᠰᠢᠬᠠᠵᠤ ᠭᠤᠤᠯ ᠤᠨ ᠤᠯᠤᠮ ᠤᠨ ᠰᠢᠪᠠᠷ ᠲᠤ ᠤᠷᠤᠭᠤᠯᠵᠤ᠂ ᠰᠦᠷᠦᠭ ᠴᠢᠨ᠋ᠸ᠎ᠠ ᠨᠢ ᠶᠡᠬᠡᠪᠡᠷ ᠦᠯ | ᠲᠠᠶᠢᠯᠤᠯ᠎ᠠ ᠬᠡᠳᠡᠭ᠃ ᠡᠨᠡ ᠬᠦ ᠪᠦᠰᠡᠯᠡᠨ ᠲᠠᠭᠠᠷᠢᠬᠤ ᠠᠷᠭ᠎ᠠ ᠶᠢ ᠪᠤᠭᠳᠠ ᠴᠢᠩᠬᠢᠰ ᠲᠠᠶᠢᠨ ᠤ ᠪᠤᠳᠤᠯᠭ᠎ᠠ ᠳᠠᠭᠠᠨ | ᠪᠠᠭᠳᠠᠭᠠᠭᠠᠳ ᠲᠠᠯ᠎ᠠ ᠨᠤᠳᠤᠭ ᠤᠨ ᠲᠤᠯᠤᠯᠳᠤᠭᠠᠨ ᠳᠤ ᠤᠯᠠᠨᠳᠠ ᠢᠯᠠᠯᠳᠠ ᠤᠯᠤᠯ᠎ᠠ ᠬᠡᠵᠤ ᠬᠦᠮᠦᠰ ᠬᠡᠯᠡᠯᠴᠡᠳᠡᠭ | ᠪᠠᠶᠢᠭᠰᠠᠨ᠃ ᠨᠤᠳᠤᠭ ᠤᠨ ᠠᠬᠠᠮᠠᠳ ᠬᠦᠮᠦᠰ ᠪᠠᠰᠠ ︽ᠪᠠᠭ᠎ᠠ ᠴᠠᠰᠤ︾ ᠪᠤᠯᠤᠭᠰᠠᠭᠠᠷ ᠬᠤᠨᠢ ᠮᠠᠯ ᠢᠶᠠᠨ | ᠨᠢᠳᠦᠯᠡᠵᠤ ᠡᠪᠦᠯ ᠤᠨ ᠢᠳᠡᠰᠢ ᠢᠳᠡᠳᠡᠭ ᠵᠠᠩᠰᠢᠯ ᠢ ᠴᠢᠨ᠋ᠸ᠎ᠠ ᠠᠴᠠ ᠰᠤᠷᠤᠯᠴᠠᠯ᠎ᠠ ᠬᠡᠵᠤ ᠬᠡᠯᠡᠯᠴᠡᠳᠡᠭ᠃ ᠤᠮᠠᠷᠠᠳᠤ | ᠤᠷᠤᠨ ᠴᠠᠰᠤ ᠡᠨᠡ ᠬᠦ ᠤᠯᠠᠷᠢᠯ ᠪᠤᠯᠤᠭᠰᠠᠭᠠᠷ ᠤᠯᠠᠩᠬᠢ ᠳᠠᠭᠠᠨ ᠨᠡᠯᠢᠶᠡᠳ ᠵᠤᠵᠠᠭᠠᠨ ᠤᠷᠤᠴᠢᠬᠠᠳᠠᠭ ᠪᠦᠬᠡᠳ | ᠠᠳᠤᠭᠤ ᠮᠠᠯ ᠤᠨ ᠲᠤᠰᠤᠨ ᠲᠠᠷᠭᠤ ᠬᠠᠷᠠᠬᠠᠨ ᠪᠠᠭᠤᠷᠠᠭᠠᠳᠤᠢ ᠪᠠᠶᠢᠳᠠᠭ ᠢ ᠴᠢᠨ᠋ᠸ᠎ᠠ ᠲᠤᠩ ᠰᠠᠶᠢᠬᠠᠨ ᠤᠶᠢᠯᠠᠭᠠᠳᠠᠭ | ᠤᠴᠢᠷ ᠠᠴᠠ ᠭᠤᠤᠯ ᠤᠨ ᠲᠤᠬᠤᠢ ᠲᠠᠭᠠᠭᠰᠠᠨ ᠵᠤᠵᠠᠭᠠᠨ ᠴᠠᠰᠤᠨ ᠳᠤ ᠵᠡᠬᠡᠷ᠎ᠡ ᠶᠢᠨ ᠰᠦᠷᠦᠭ ᠢ ᠬᠤᠮᠢᠨ | ᠰᠢᠭᠠᠯᠭᠠᠵᠤ ᠠᠮᠠᠨ ᠬᠦᠵᠦᠬᠦᠣ ᠶᠢ ᠨᠢ ᠬᠠᠵᠠᠵᠤ ᠠᠯᠠᠭᠰᠠᠨ ᠤ ᠬᠤᠶᠢᠨ᠎ᠠ ᠤᠯᠠᠨ ᠵᠡᠬᠡᠷ᠎ᠡ ᠶᠢ ᠤᠭ ᠭᠠᠵᠠᠷ ᠠᠴᠠ | ᠨᠢ ᠬᠦᠳᠡᠯᠬᠡᠬᠦ ᠦᠬᠡᠢ ᠪᠠᠶᠢᠵᠤ᠂ ᠲᠠᠷᠠᠭ᠎ᠠ ᠬᠠᠪᠤᠷ ᠤᠨ ᠬᠠᠶᠢᠯ ᠡᠬᠢᠯᠡᠭᠰᠡᠨ ᠤ ᠬᠤᠶᠢᠨ᠎ᠠ ᠴᠢᠨ᠋ᠸ᠎ᠠ ᠨᠤᠭᠤᠳ | ᠴᠤᠭᠯᠠᠷᠠᠨ ᠬᠠᠪᠤᠷ ᠤᠨ ᠭᠠᠴᠢᠭ ᠴᠠᠭ ᠲᠤ ᠨᠠᠮᠤᠷ ᠤᠨ ᠲᠠᠷᠭᠤ ᠶᠢ ᠠᠮᠰᠠᠳᠠᠭ᠃ ᠨᠠᠬᠦᠳᠡᠯᠴᠢᠨ ᠮᠠᠯᠴᠢᠳ ᠤᠳᠠᠭᠠᠨ | ᠵᠢᠯ ᠤᠨ ᠲᠤᠷᠰᠢ ᠴᠢᠨ᠋ᠸ᠎ᠠ ᠯᠦᠭᠡ ᠲᠡᠮᠡᠴᠡᠯ ᠬᠢᠵᠤ ᠴᠢᠨ᠋ᠸ᠎ᠠ ᠶᠢᠨ ᠲᠠᠪᠠᠭᠤᠯᠢᠭ ᠢ ᠠᠰᠢᠭᠯᠠᠨ ᠤᠯᠠᠷᠢᠨ ᠲᠤᠭᠳᠠᠨᠢᠬᠤ | ᠶᠠᠪᠤᠴᠠ ᠲᠤᠮᠳᠠ ᠪᠦᠷᠢᠯᠳᠦᠭᠰᠡᠨ ᠴᠢᠨ᠋ᠸ᠎ᠠ ᠶᠢᠨ ᠠᠷᠠᠰᠤ ᠪᠠᠷ ᠲᠡᠪᠢᠰᠬᠡᠷ ᠬᠢᠬᠦ ᠦᠬᠡᠢ᠂ ᠠᠩᠨᠠᠭᠰᠠᠨ ᠴᠢᠨ᠋ᠸ᠎ᠠ ᠶᠢᠨ | ᠠᠷᠠᠰᠤ ᠶᠢ ᠪᠢᠳᠡᠬᠦᠤ ᠪᠠᠷ ᠦᠪᠴᠢᠵᠤ ᠠᠷᠠᠰᠤᠨ ᠳᠤ ᠨᠢ ᠬᠠᠭᠤᠷᠠᠢ ᠡᠪᠡᠰᠤ ᠴᠢᠬᠢᠬᠡᠳ ᠤᠷᠠᠭᠠᠨ ᠦᠵᠦᠬᠦᠷ ᠲᠤ | ᠡᠯᠬᠦᠨ ᠮᠤᠩᠭᠤᠯ ᠬᠡᠷ ᠤᠨ ᠲᠡᠭᠡᠬᠦᠷ ᠨᠢᠰᠬᠡᠵᠤ ᠰᠦᠭ ᠰᠦᠨᠡᠰᠤ ᠶᠢ ᠨᠢ ᠲᠡᠭᠷᠢ ᠲᠡᠭᠳᠡᠭᠡᠭᠡᠳ ᠰᠠᠶ᠋ᠢ ᠪᠠᠭᠤᠯᠭᠠᠵᠤ᠂ | ᠬᠦᠮᠦᠨ ᠦᠬᠦᠵᠤ ᠬᠠᠯᠢᠪᠠᠯ ᠲᠠᠯ᠎ᠠ ᠳᠤ ᠬᠠᠶᠠᠵᠤ ᠴᠢᠨ᠋ᠸ᠎ᠠ ᠳᠤ ᠢᠳᠡᠬᠦᠯᠦᠨ ᠪᠠᠶᠢᠭᠠᠯᠢᠯᠢᠭ ᠤᠷᠤᠰᠢᠭᠤᠯᠤᠯᠭ᠎ᠠ ᠬᠢᠬᠦ | ᠵᠡᠷᠬᠡ ᠵᠠᠩ ᠵᠠᠩᠰᠢᠯ ᠨᠢ ᠴᠦᠮ ᠴᠢᠨ᠋ᠸ᠎ᠠ ᠶᠢ ᠬᠦᠨᠳᠦᠳᠬᠡᠵᠤ᠂ ᠴᠢᠨ᠋ᠸ᠎ᠠ ᠶᠢ ᠠᠵᠤ ᠠᠮᠢᠳᠤᠷᠠᠯ ᠤᠨ ᠲᠦᠰᠢᠭ᠂ | ᠠᠯᠠᠯᠯᠳᠤᠭᠠᠨ ᠲᠠᠶᠢᠯᠠᠯᠳᠤᠭᠠᠨ ᠤ ᠪᠠᠭᠰᠢ᠂ ᠲᠠᠯ᠎ᠠ ᠨᠤᠳᠤᠭ ᠤᠨ ᠬᠠᠷᠢᠭᠤᠯᠴᠢᠨ ᠬᠡᠵᠤ ᠢᠳᠡᠬᠡᠵᠤ ᠦᠨᠡᠯᠡᠭᠰᠡᠨ ᠤ | ᠦᠷ᠎ᠡ ᠳ᠋ᠦᠡᠭ ᠪᠠᠶᠢᠬᠤ ᠳ᠋ᠠ᠃ | ᠨᠤᠳᠤᠭ ᠤᠨ ᠴᠢᠨ᠋ᠸ᠎ᠠ ᠴᠢᠮᠡᠭᠡ ᠠᠨᠢᠷ ᠦᠬᠡᠢ ᠪᠤᠯᠤᠭᠠᠳ ᠤᠳᠠᠯ᠎ᠠ᠃ ᠲᠡᠷᠡ ᠮᠠᠨᠢ ᠰᠢᠯᠢ ᠶᠢᠨ ᠭᠤᠤᠯ ᠤᠨ | ᠴᠢᠨ᠋ᠸ᠎ᠠ ᠰᠢᠭ᠋ ᠲᠠᠬᠢᠨ ᠪᠤᠴᠠᠭᠠᠳ ᠢᠷᠡᠴᠢᠬᠡᠬᠦ ᠬᠡᠵᠤ ᠤᠤ︖ | ᠪᠠᠶᠢᠯᠳᠤᠵᠤ ᠲᠠᠶᠢᠳᠤᠭᠰᠠᠨ ᠲᠡᠣᠬᠡ | ᠪᠠᠭᠠᠷᠢᠨ ᠵᠡᠬᠦᠨ ᠬᠤᠰᠢᠭᠤ ᠪᠤᠯ ᠡᠷᠳᠡᠨ ᠤ ᠯᠢᠶᠤᠤ ᠤᠯᠤᠰ ᠤᠨ ᠲᠡᠭᠡᠳᠤ ᠨᠡᠶᠢᠰᠯᠡᠯ ᠯᠢᠨ ᠬᠤᠸᠠᠩ ᠹᠦ᠋ ︵ | ᠦᠯᠵᠡᠶᠢᠮᠦ᠋ᠷᠡᠨ ᠤ ᠪᠠᠷᠠᠭᠤᠨ ᠬᠦᠪᠡᠭᠡ ᠳᠤ ᠪᠤᠢ︶ ᠤᠷᠳᠤᠨ ᠤ ᠪᠠᠶᠢᠭᠤᠯᠤᠭᠳᠠᠵᠤ ᠰᠠᠭᠤᠷᠢᠰᠢᠭᠰᠠᠨ ᠭᠠᠵᠠᠷ | ᠪᠤᠯᠤᠨ᠎ᠠ᠃ ᠯᠢᠶᠤᠤ ᠤᠯᠤᠰ ᠨᠢ ᠲᠤᠮᠳᠠᠳᠤ ᠤᠯᠤᠰ ᠤᠨ ᠲᠡᠤᠬᠡᠨ ᠲᠡᠭᠡᠷᠡᠬᠢ ᠲᠠᠯ᠎ᠠ ᠨᠤᠳᠤᠭ ᠤᠨ ᠮᠤᠷᠢᠳᠠᠨ | ᠦᠨᠳᠦᠰᠦᠳᠡᠨ ᠤ ᠬᠠᠮᠤᠭ ᠡᠷᠳᠡ ᠪᠠᠶᠢᠭᠤᠯᠤᠭᠰᠠᠨ ᠬᠠᠭᠠᠨᠳᠤ ᠤᠯᠤᠰ ᠪᠤᠯᠬᠤ ᠶᠤᠮ᠃ ᠡᠷᠳᠡ ᠴᠠᠭ ᠲᠤ᠂ ᠰᠡᠷᠡᠯ | ᠮᠤᠷᠢ ᠤᠨᠤᠭᠰᠠᠨ ᠲᠡᠭᠷᠢ ᠶᠢᠨ ᠰᠠᠬᠢᠭᠤᠯᠰᠤᠨ ᠬᠢᠬᠡᠳ ᠬᠦᠬᠡ ᠦᠬᠡᠷᠳᠤ ᠲᠡᠷᠬᠡᠨ ᠳᠤ ᠰᠠᠭᠤᠭᠰᠠᠨ ᠲᠡᠭᠷᠢ ᠶᠢᠨ | ᠤᠷᠳᠤᠨ ᠤ ᠬᠡᠤᠬᠡᠨ ᠨᠢ ᠲᠡᠭᠡᠳᠤ ᠲᠡᠭᠷᠢ ᠠᠴᠠ ᠪᠠᠭᠤᠵᠤ ᠯᠤᠤᠬ᠎ᠠ ᠶᠢᠨ ᠭᠤᠤᠯ ᠪᠠ ᠰᠢᠷᠠᠮᠦ᠋ᠷᠡᠨ ᠤ ᠠᠭᠤᠯᠵᠠᠷ | ᠭᠠᠵᠠᠷ ᠲᠤ ᠠᠭᠤᠯᠵᠠᠨ ᠬᠡᠷ ᠡᠷᠦᠬᠡ ᠪᠤᠰᠬᠠᠭᠠᠳ ᠨᠠᠢᠮᠠᠨ ᠬᠦᠪᠡᠭᠦᠨ ᠲᠠᠢ ᠪᠣᠯᠵᠤ᠂ ᠡᠨᠡ ᠨᠠᠢᠮᠠᠨ ᠬᠦᠦ ᠨᠢ ᠨᠠᠢᠮᠠᠨ | ᠠᠶᠢᠮᠠᠭ ᠤᠨ ᠠᠬᠠᠯᠠᠭᠴᠢ ᠲᠦᠷᠦᠬᠦᠤ ᠪᠤᠯᠵᠠᠢ ᠬᠡᠳᠡᠭ᠃ ᠲᠡᠩ ᠤᠯᠤᠰ ᠨᠢ ᠦᠷᠨᠢᠬᠦᠨ ᠬᠦᠭᠵᠢᠯᠳᠡ ᠲᠠᠢ ᠪᠠᠶᠢᠬᠤ | ᠦᠶᠡᠰ᠂ ᠬᠢᠳᠠᠨ ᠤ ᠨᠢᠬᠡ ᠠᠶᠢᠮᠠᠭ ᠨᠢ ᠬᠡᠤᠬᠡᠨ ᠢᠶᠠᠨ ᠬᠠᠭᠠᠨ ᠤ ᠤᠭᠰᠠᠭ᠎ᠠ ᠳᠤ ᠪᠤᠭᠳᠤᠯᠤᠨ ᠦᠭᠬᠦᠭᠰᠡᠨ ᠠᠴᠠ | ᠲᠤᠬᠠᠢ ᠶᠢᠨ ᠦᠶ᠎ᠡ ᠳᠤ ᠬᠢᠳᠠᠨ ᠤ ᠤᠪᠤᠭ ᠢ ᠬᠠᠭᠠᠨ ᠤ ᠤᠪᠤᠭ ᠢ ᠲᠠᠭᠠᠭᠤᠯᠤᠨ ᠯᠢ ᠬᠡᠵᠤ ᠨᠡᠷᠡᠯᠡᠬᠦ ᠪᠤᠯᠵᠠᠢ | ᠬᠡᠳᠡᠭ᠃ ᠡᠤ ᠽᠧ ᠲᠢᠶᠠᠨ ᠤ ᠦᠶ᠎ᠡ ᠪᠤᠯᠬᠤ ᠳᠤ᠂ ᠡᠨᠡ ᠬᠦ ᠶᠡᠷᠦᠮᠳᠡᠭ ᠪᠤᠰᠤ ᠬᠡᠯᠪᠡᠷᠢ ᠪᠠᠷ ᠬᠠᠭᠠᠨ ᠰᠠᠭᠤᠷᠢᠨ ᠳᠤ | ᠲᠠᠪᠰᠢᠭᠰᠠᠨ ᠡᠮᠡᠭᠳᠡᠢ ᠬᠠᠭᠠᠨ ᠨᠢ ᠤᠯᠤᠰ ᠤᠨ ᠴᠤᠯᠠ ᠪᠠᠨ ᠦᠬᠡᠷᠡᠴᠢᠯᠡᠵᠤ ᠬᠠᠭᠠᠨ ᠤ ᠤᠪᠤᠭ ᠢ ᠡᠤ ᠬᠡᠵᠤ | ᠬᠠᠯᠠᠬᠤ ᠪᠠᠷ ᠤᠷᠤᠯᠳᠤᠭᠰᠠᠨ ᠪᠤᠯᠬᠤᠷ ᠬᠢᠳᠠᠨᠴᠤᠳ ᠨᠢ ᠮᠠᠨ ᠤ ᠰᠢᠳᠤᠳᠡᠭ ᠨᠢ ᠯᠢ ᠤᠪᠤᠭᠳᠤ ᠬᠠᠭᠠᠨ᠂ ᠡᠤ | ᠤᠪᠤᠭᠳᠠᠢ ᠬᠠᠭᠠᠨ ᠢ ᠴᠢᠨᠢ ᠪᠢᠳᠠ ᠲᠠᠭᠠᠬᠤ ᠦᠬᠡᠢ ᠬᠡᠰᠡᠨ ᠳᠤ ᠲᠦᠷᠦ ᠶᠢᠨ ᠴᠡᠷᠢᠭ ᠤᠨ ᠶᠡᠭᠡ ᠬᠢᠨᠠᠯᠳᠠ ᠳᠤ | ᠤᠴᠠᠷᠠᠵᠤ᠂ ᠬᠢᠳᠠᠨ ᠠᠶᠢᠮᠠᠭ ᠪᠠ ᠲᠦᠷᠦ ᠵᠠᠰᠠᠭ ᠤᠨ ᠬᠤᠭᠤᠷᠤᠨᠳᠤᠬᠢ ᠬᠠᠷᠢᠴᠠᠭ᠎ᠠ ᠨᠢ ᠶᠡᠭᠡ ᠪᠠᠷ ᠡᠪᠳᠡᠷᠡᠭᠰᠡᠨ | ᠪᠠᠶᠢᠨ᠎ᠠ᠃ ᠲᠠᠩ ᠤᠯᠤᠰ ᠨᠢ ᠠᠨ ᠱᠢ ᠶᠢᠨ ᠤᠷᠪᠠᠯᠭᠠᠨ ᠤ ᠦᠶ᠎ᠡ ᠪᠤᠯᠬᠤ ᠳᠤ ᠪᠠᠭᠤᠷᠠᠯᠳᠠ ᠶᠢᠨ ᠬᠤᠭᠤᠴᠠᠭᠠᠨ | ᠳᠤ ᠤᠷᠤᠭᠰᠠᠨ ᠪᠣᠯᠬᠤᠷ ᠬᠢᠳᠠᠨ ᠠᠶᠢᠮᠠᠭ ᠨᠢ ᠤᠪᠤᠭ ᠢᠶᠠᠨ ᠲᠠᠬᠢᠨ ᠰᠡᠷᠭᠦᠭᠡᠨ ᠤᠷᠪᠠᠯᠭᠠᠨ ᠡᠬᠦᠰᠬᠡᠵᠤ ᠲᠤᠰᠠᠭᠠᠷ | ᠤᠯᠤᠰ ᠪᠠᠶᠢᠭᠤᠯᠬᠤ ᠠᠩᠬᠠᠨ ᠤ ᠠᠯᠬᠤᠮ ᠢᠶᠠᠨ ᠡᠬᠢᠯᠡᠬᠦᠯᠵᠡᠢ᠃ ᠨᠡᠶᠢᠳᠡ ᠶᠢᠨ ᠤᠨ ᠲᠤᠭᠠᠯᠠᠯ ᠤᠨ 916 ᠤᠨ | ᠳᠤ ᠶᠧᠯᠢᠦᠢ ᠠᠪᠤᠤᠵᠢ ᠤᠮᠠᠷᠠᠳᠤ ᠶᠢᠨ ᠭᠠᠵᠠᠷ ᠨᠤᠳᠤᠭ ᠢ ᠨᠢᠬᠡᠳᠬᠡᠵᠤ ︽ᠶᠡᠭᠡ ᠬᠢᠳᠠᠨ ᠤᠯᠤᠰ︾ ︵ᠰᠡᠬᠦᠯᠡᠷ ᠨᠢ | ᠯᠢᠶᠤᠤ ᠬᠡᠵᠤ ᠬᠠᠯᠠᠭᠠᠳ ᠬᠤᠶᠠᠷ ᠨᠡᠷ᠎ᠡ ᠶᠢ ᠬᠡᠳᠤᠨᠳᠡ ᠰᠤᠯᠢᠵᠤ ᠬᠡᠷᠡᠭᠯᠡᠵᠡᠢ᠂ ᠬᠤᠵᠢᠮ ᠨᠢ ᠨᠢᠬᠡᠳᠬᠡᠬᠡᠳ ᠯᠢᠶᠤᠤ | ᠬᠡᠵᠤ ᠲᠠᠭᠤᠳᠠᠬᠤ ᠪᠤᠯᠵᠠᠢ︶ ᠢ ᠴᠤᠭᠴᠠᠯᠠᠨ ᠪᠠᠶᠢᠭᠤᠯᠵᠤ᠂ ᠤᠮᠠᠷᠠᠳᠤ ᠶᠢᠨ ᠭᠠᠵᠠᠷ ᠨᠤᠳᠤᠭ ᠲᠤ 9 ᠬᠠᠭᠠᠨ | ᠤᠯᠠᠷᠢᠨ ᠰᠠᠭᠤᠵᠤ᠂ 210 ᠵᠢᠯ ᠨᠤᠶᠠᠷᠬᠠᠯ ᠢᠶᠠᠨ ᠦᠷᠬᠦᠯᠵᠢᠯᠡᠬᠦᠯᠵᠡᠢ᠃ ᠡᠬᠦᠨ ᠠᠴᠠ ᠨᠡᠬᠦᠳᠡᠯ ᠮᠠᠯᠵᠢᠯ ᠤᠨ | ᠪᠤᠯᠪᠠᠰᠤᠨ ᠨᠢ ᠰᠢᠨ᠎ᠡ ᠦᠷᠨᠢᠯᠳᠡ ᠶᠢᠨ ᠬᠤᠭᠤᠴᠠᠭᠠᠨ ᠳᠠᠭᠠᠨ ᠤᠷᠤᠵᠤ᠂ ᠲᠠᠷᠢᠶᠠᠯᠠᠩ ᠤᠨ ᠪᠤᠯᠪᠠᠰᠤᠨ ᠲᠠᠢ | ᠬᠠᠷᠢᠯᠴᠠᠨ ᠠᠭᠤᠰᠤᠯᠴᠠᠨ ᠨᠡᠪᠴᠢᠵᠤ᠂ ᠬᠠᠷᠢᠯᠴᠠᠨ ᠠᠬᠢᠭᠤᠯᠵᠤ᠂ ᠲᠤᠮᠳᠠᠳᠤ ᠤᠯᠤᠰ ᠤᠨ ᠲᠡᠤᠬᠡᠨ ᠬᠠᠭᠤᠳᠠᠰᠤᠨ | ᠳᠤ ᠮᠠᠰᠢ ᠤᠯᠠᠨ ᠰᠢᠨ᠎ᠡ ᠭᠠᠶᠢᠬᠠᠮᠰᠢᠭ ᠢ ᠡᠬᠦᠳᠦᠭᠰᠡᠨ ᠪᠠᠶᠢᠨ᠎ᠠ᠃ ᠯᠢᠶᠤᠤ ᠤᠯᠤᠰ ᠤᠨ ᠲᠤᠤᠷᠠᠬᠢ ᠮᠡᠳᠤ ᠬᠡᠳᠤᠨ | ᠲᠠᠯ᠎ᠠ ᠶᠢᠨ ᠡᠬᠦᠳᠦᠯᠳᠡ ᠨᠢ ᠬᠤᠵᠢᠮ ᠤᠨ ᠬᠦᠮᠦᠰ ᠤᠨ ᠰᠤᠶᠤᠯ᠂ ᠤᠯᠤᠰ ᠲᠦᠷᠦ᠂ ᠴᠡᠷᠢᠭ ᠲᠠᠶᠢᠨ᠂ ᠠᠵᠤ | ᠠᠬᠤᠢ ᠳᠤ ᠲᠤᠩ ᠶᠡᠭᠡ ᠨᠦᠯᠦᠬᠡ ᠲᠤᠰᠬᠠᠯ ᠢ ᠦᠵᠡᠬᠦᠯᠦᠭᠰᠡᠨ ᠪᠠᠶᠢᠳᠠᠭ᠃ ᠨᠢᠬᠡ᠂ ᠰᠤᠩᠭᠤᠭᠤᠯᠢ ᠶᠢᠨ ᠲᠦᠷᠢᠮ | ᠪᠠ ᠨᠢᠬᠡ ᠤᠯᠤᠰ ᠬᠤᠶᠠᠷ ᠪᠠᠶᠢᠭᠤᠯᠤᠯ ᠤᠨ ᠬᠠᠮᠢᠶᠠᠷᠤᠯᠳᠠ ᠶᠢᠨ ᠲᠦᠷᠢᠮ ᠢ ᠴᠤᠭᠴᠠᠯᠠᠨ ᠪᠠᠶᠢᠭᠤᠯᠵᠠᠢ᠃ ᠡᠬᠢᠨ | ᠳᠡᠭᠡᠨ ᠬᠢᠳᠠᠨ ᠤ ᠡᠯ᠎ᠡ ᠠᠶᠢᠮᠠᠭ ᠨᠢ ᠭᠤᠷᠪᠠᠨ ᠵᠢᠯ ᠳᠤ ᠨᠢᠬᠡ ᠤᠳᠠᠭ᠎ᠠ ᠪᠦᠬᠦ ᠠᠷᠠᠳ ᠤᠨ ᠰᠤᠩᠭᠤᠭᠤᠯᠢ | ᠶᠠᠪᠤᠭᠤᠯᠵᠤ᠂ ᠠᠬᠠᠯᠠᠭᠴᠢ ᠪᠠᠨ ᠲᠤᠭᠳᠠᠭᠠᠨ᠎ᠠ᠃ ᠠᠶᠢᠮᠠᠭ ᠤᠨ ᠠᠬᠠᠯᠠᠭᠴᠢ ᠨᠢ ᠦᠷᠬᠦᠯᠵᠢᠯᠡᠨ ᠰᠤᠩᠭᠤᠭᠳᠠᠵᠤ | ᠪᠤᠯᠤᠨ᠎ᠠ᠂ ᠬᠡᠪᠡᠴᠤ ᠵᠦᠪᠬᠡᠨ ᠠᠬᠠᠯᠠᠭᠴᠢ ᠶᠢᠨ ᠤᠬᠰᠠᠭᠠᠨ ᠤ ᠲᠤᠳᠤᠷ᠎ᠠ ᠠᠴᠠ ᠰᠤᠩᠭᠤᠭᠳᠠᠬᠤ ᠬᠦᠮᠦᠨ ᠢᠶᠠᠨ | ᠲᠤᠭᠳᠠᠭᠠᠬᠤ ᠠᠴᠠ ᠪᠢᠰᠢ ᠪᠤᠰᠤᠳ ᠤᠭᠰᠠᠭᠠᠨ ᠠᠴᠠ ᠠᠬᠠᠯᠠᠭᠴᠢ ᠶᠢ ᠰᠤᠩᠭᠤᠵᠤ ᠪᠤᠯᠬᠤ ᠦᠬᠡᠢ᠃ ᠠᠶᠢᠮᠠᠭ ᠤᠨ | ᠠᠬᠠᠯᠠᠭᠴᠢ ᠨᠢ ᠰᠤᠩᠭᠤᠭᠳᠠᠭᠰᠠᠨ ᠤ ᠲᠠᠷᠠᠭ᠎ᠠ ᠦᠷᠬᠡᠨ ᠲᠠᠯ᠎ᠠ ᠶᠢᠨ ᠲᠤᠮᠳᠠ ᠴᠠᠶᠢᠵᠠ ᠲᠡᠪᠴᠡᠩ ᠪᠤᠰᠬᠠᠨ | ᠲᠦᠯᠡᠭᠡ ᠮᠤᠳᠤ ᠨᠤᠴᠤᠭᠠᠨ ᠦᠬᠡᠷ ᠮᠤᠷᠢ ᠠᠯᠠᠵᠤ ᠡᠪᠦᠭᠡ ᠲᠡᠭᠡᠳᠤᠰ ᠢᠶᠠᠨ ᠲᠠᠬᠢᠵᠤ ᠤᠯᠠᠨ ᠢᠶᠠᠨ ᠪᠠᠶᠠᠰᠬᠠᠬᠤ | ᠶᠡᠭᠡ ᠶᠤᠰᠤᠯᠠᠯ ᠢ ᠶᠠᠪᠤᠭᠤᠯᠳᠠᠭ᠃ ᠡᠨᠡ ᠬᠦ ᠲᠦᠷᠢᠮ ᠨᠢ ᠶᠧᠯᠢᠦᠢ ᠠᠪᠤᠤᠵᠢ ᠬᠠᠭᠠᠨ ᠰᠠᠭᠤᠷᠢᠨ ᠳᠤ ᠰᠠᠭᠤᠳᠠᠯ᠎ᠠ | ᠶᠠᠪᠤᠭᠳᠠᠵᠤ᠂ ᠬᠠᠭᠠᠨ ᠤ ᠰᠠᠭᠤᠷᠢ ᠵᠠᠯᠭᠠᠮᠵᠢᠯᠠᠬᠤ ᠶᠤᠰᠤ ᠨᠢ ᠲᠤᠮᠳᠠᠳᠤ ᠤᠷᠤᠨ ᠠᠴᠠ ᠤᠯᠠᠮᠵᠢᠯᠠᠭᠰᠠᠨ ᠪᠤᠯᠬᠤᠷ | ᠰᠤᠩᠭᠤᠭᠤᠯᠢ ᠶᠢᠨ ᠲᠦᠷᠢᠮ ᠢ ᠦᠷᠬᠦᠯᠵᠢᠯᠡᠨ ᠬᠡᠷᠡᠭᠵᠢᠬᠦᠯᠬᠦ ᠪᠠᠨ ᠵᠤᠭᠰᠤᠵᠠᠢ᠃ ᠯᠢᠶᠤᠤ ᠤᠯᠤᠰ | ᠪᠠᠶᠢᠭᠤᠯᠤᠭᠳᠠᠭᠰᠠᠨ ᠤ ᠲᠠᠷᠠᠭ᠎ᠠ᠂ ᠤᠯᠤᠰ ᠤᠨ ᠲᠤᠳᠤᠷ᠎ᠠ ᠤᠯᠠᠨ ᠤᠳᠠᠭᠠᠨ ᠤ ᠲᠠᠶᠢᠨ ᠪᠠᠶᠢᠯᠳᠤᠭᠠᠨ ᠳᠤ | ᠤᠯᠵᠠᠯᠠᠭᠳᠠᠭᠰᠠᠨ ᠲᠤᠮᠳᠠᠳᠤ ᠤᠷᠤᠨ ᠤ ᠬᠢᠳᠠᠳ ᠦᠨᠳᠦᠰᠦᠳᠡᠨ ᠤ ᠬᠦᠮᠦᠨ ᠠᠮᠠ ᠨᠢ ᠪᠠᠰᠠ ᠨᠡᠯᠢᠶᠡᠳ ᠤᠯᠠᠨ | ᠪᠠᠶᠢᠵᠤ᠂ ᠲᠡᠳᠡᠨ ᠤ ᠠᠮᠤ ᠪᠤᠷᠴᠠᠭ ᠲᠠᠷᠢᠬᠤ᠂ ᠰᠢᠷᠬᠡᠭ ᠨᠡᠬᠡᠬᠦ ᠵᠡᠷᠬᠡ ᠲᠠᠷᠢᠶᠠᠯᠠᠩ ᠤᠨ ᠪᠤᠯᠪᠠᠰᠤᠨ ᠨᠢ ᠲᠦᠷᠦ | ᠬᠦᠷᠦᠨ ᠤ ᠪᠠᠶᠢᠭᠤᠯᠤᠯᠳᠠ ᠳᠤ ᠲᠤᠩ ᠶᠡᠭᠡ ᠢᠳᠡᠪᠬᠢ ᠦᠢᠯᠡᠳᠦᠯ ᠦᠵᠡᠬᠦᠯᠵᠤ ᠪᠠᠶᠢᠵᠠᠢ᠃ ᠬᠡᠪᠡᠴᠤ ᠬᠢᠳᠠᠳ | ᠦᠨᠳᠦᠰᠦᠳᠡᠨ ᠨᠢ ᠬᠢᠳᠠᠨᠴᠤᠳ ᠤᠨ ᠠᠡᠭ ᠬᠦᠷᠦᠬᠡ ᠬᠢᠵᠤ ᠮᠠᠯ ᠠᠵᠤ ᠠᠬᠤᠢ ᠶᠢ ᠡᠷᠬᠢᠮᠯᠡᠬᠦ ᠠᠮᠢᠳᠤᠷᠠᠯ ᠤᠨ | ᠲᠠᠳᠬᠠᠯ ᠳᠤ ᠵᠤᠬᠢᠴᠠᠬᠤ ᠦᠬᠡᠢ ᠪᠠᠶᠢᠵᠤ᠂ ᠬᠦᠮᠦᠨ ᠠᠮᠠ ᠨᠢ ᠶᠡᠭᠡ ᠬᠡᠮᠵᠢᠶ᠎ᠡ ᠪᠠᠷ ᠨᠤᠳᠤᠭ ᠵᠦᠭ ᠢᠶᠠᠨ ᠲᠤᠳᠠᠭᠠᠨ | ᠶᠠᠪᠤᠭᠰᠠᠨ ᠪᠠᠶᠢᠳᠠᠯ ᠡᠬᠦᠰᠴᠡᠢ᠃ ᠡᠨᠡ ᠪᠠᠶᠢᠳᠠᠯ ᠳᠤ ᠴᠢᠭᠯᠡᠬᠦᠯᠦᠭᠰᠡᠨ ᠶᠧᠯᠢᠦᠢ ᠠᠪᠤᠤᠵᠢ ᠶᠢᠨ ᠤᠯᠤᠰ ᠢᠶᠠᠨ | ᠵᠠᠰᠠᠬᠤ ᠠᠷᠭ᠎ᠠ ᠪᠤᠳᠤᠯᠭ᠎ᠠ ᠨᠢ ᠤᠤᠯ ᠤᠨ ᠹᠸᠤᠳᠠᠯ ᠤᠨ ᠬᠠᠭᠠᠨᠳᠤ ᠤᠯᠤᠰ ᠤᠨ ᠬᠠᠮᠢᠶᠠᠷᠤᠯᠳᠠ ᠶᠢᠨ ᠲᠦᠷᠢᠮ ᠢ | ᠤᠤᠯ ᠬᠡᠪ ᠢᠶᠠᠷ ᠨᠢ ᠬᠡᠷᠡᠭᠯᠡᠭᠰᠡᠨ ᠦᠬᠡᠢ ᠮᠦᠷᠳᠡᠬᠡᠨ ᠬᠢᠳᠠᠨ ᠤ ᠬᠠᠨ ᠵᠠᠰᠠᠭ ᠤᠨ ᠬᠠᠮᠢᠶᠠᠷᠤᠯᠳᠠ ᠶᠢᠨ ᠲᠦᠷᠢᠮ ᠢ | ᠬᠤᠪᠢᠯᠭᠠᠯ ᠦᠬᠡᠢ ᠬᠡᠷᠡᠭᠯᠡᠭᠰᠡᠨ ᠪᠢᠰᠢ᠂ ᠬᠠᠷᠢᠨ ᠣᠯᠣᠰ ᠲᠦᠷᠦ ᠶᠢᠨ ᠡᠷᠬᠡ ᠶᠢᠨ ᠪᠠᠶᠢᠭᠤᠯᠤᠮᠵᠢ ᠶᠢᠨ ᠲᠠᠯ᠎ᠠ ᠪᠠᠷ | ᠬᠤᠶᠠᠷ ᠢᠵᠢ ᠬᠠᠮᠢᠶᠠᠷᠤᠯᠳᠠ ᠶᠢᠨ ᠪᠤᠳᠤᠯᠭ᠎ᠠ ᠶᠢ ᠲᠤᠭᠳᠠᠭᠠᠵᠤ᠂ ᠨᠢᠬᠡ ᠨᠢ ᠡᠮᠤᠨ᠎ᠡ ᠬᠤᠶᠢᠨ᠎ᠠ ᠵᠤᠷᠭᠠᠨ ᠤ | ᠤᠷᠳᠤᠨ ᠵᠡᠷᠬᠡ ᠬᠠᠮᠢᠶᠠᠷᠤᠯᠳᠠ ᠶᠢᠨ ᠪᠠᠶᠢᠭᠤᠯᠤᠮᠵᠢ ᠶᠢ ᠦᠯᠡᠳᠡᠭᠡᠵᠤ᠂ ᠬᠢᠳᠠᠨ ᠦᠨᠳᠦᠰᠦᠳᠡᠨ ᠤ ᠶᠠᠪᠤᠳᠠᠯ ᠢ | ᠬᠠᠮᠢᠶᠠᠷᠤᠭᠤᠯᠵᠠᠢ᠃ ᠨᠦᠬᠦᠬᠡ ᠨᠢ ᠬᠢᠳᠠᠳ ᠤᠨ ᠵᠤᠷᠭᠠᠨ ᠢ ᠡᠬᠦᠳᠦᠨ ᠪᠠᠶᠢᠭᠤᠯᠵᠤ᠂ ᠲᠠᠷᠢᠶᠠᠯᠠᠩ ᠤᠨ ᠠᠵᠢᠯ | ᠶᠠᠪᠤᠳᠠᠯ ᠢ ᠬᠠᠮᠢᠶᠠᠷᠤᠭᠤᠯᠤᠭᠠᠳ ᠲᠤᠮᠳᠠᠳᠤ ᠶᠢᠨ ᠲᠡᠤᠬᠡᠨ ᠳᠤ ᠤᠳᠤ ᠪᠤᠯᠳᠠᠯ᠎ᠠ ᠤᠯᠠᠮᠵᠢᠯᠠᠭᠳᠠᠵᠤ ᠪᠠᠶᠢᠭ᠎ᠠ ᠨᠢᠬᠡ | ᠤᠯᠤᠰ ᠬᠤᠶᠠᠷ ᠪᠠᠶᠢᠭᠤᠯᠤᠯ ᠤᠨ ᠲᠦᠷᠢᠮ ᠢ ᠲᠤᠭᠳᠠᠭᠠᠭᠰᠠᠨ ᠪᠠᠶᠢᠨ᠎ᠠ᠃ ᠬᠤᠶᠠᠷ᠂ ᠦᠨᠳᠦᠰᠦᠳᠡᠨ ᠤ ᠦᠬᠡ ᠬᠡᠯᠡ | ᠦᠰᠦᠭ ᠪᠢᠴᠢᠭ ᠢᠶᠠᠨ ᠵᠤᠬᠢᠶᠠᠨ ᠬᠡᠷᠡᠭᠯᠡᠵᠡᠢ᠃ ᠯᠢᠶᠤᠤ ᠤᠯᠤᠰ ᠪᠠᠶᠢᠭᠤᠯᠤᠭᠳᠠᠬᠤ ᠦᠶᠡᠰ᠂ ᠬᠢᠳᠠᠨᠴᠤᠳ ᠢᠶᠠᠷ | ᠭᠤᠤᠯᠯᠠᠭᠰᠠᠨ ᠨᠡᠬᠦᠳᠡᠯ ᠮᠠᠯᠵᠢᠯ ᠤᠨ ᠦᠨᠳᠦᠰᠦᠳᠡᠨ ᠤ ᠶᠡᠭᠡ ᠬᠡᠯᠡ ᠨᠢ ᠠᠯᠳᠠᠢ ᠦᠬᠡᠰ ᠤᠨ ᠢᠵᠠᠭᠤᠷ ︵ᠠᠯᠳᠠᠢ | ᠢᠵᠠᠭᠤᠷ ᠬᠡᠯᠡᠨ ᠳᠤ︶ ᠲᠤ ᠬᠠᠷᠢᠶᠠᠯᠠᠭᠳᠠᠵᠤ᠂ ᠲᠤᠰᠠᠭᠠᠷ ᠦᠰᠦᠭ ᠪᠢᠴᠢᠭ ᠦᠬᠡᠢ ᠪᠤᠶᠤ ᠬᠡᠰᠡᠭ ᠬᠦᠮᠦᠰ ᠨᠢ | ᠲᠶᠦ᠋ᠷᠺ ᠦᠰᠦᠭ ᠪᠤᠶᠤ ᠬᠢᠳᠠᠳ ᠦᠰᠦᠭ ᠢ ᠬᠡᠷᠡᠭᠯᠡᠵᠤ ᠪᠠᠶᠢᠵᠠᠢ᠃ ᠠᠪᠤᠤᠵᠢ ᠬᠠᠭᠠᠨ ᠡᠳᠡᠬᠡᠷ ᠦᠰᠦᠭ ᠪᠢᠴᠢᠭ | ᠤᠨ ᠰᠠᠭᠤᠷᠢᠨ ᠳᠤ ᠦᠪᠡᠷ ᠤᠨ ᠦᠨᠳᠦᠰᠦᠳᠡᠨ ᠤ ᠦᠰᠦᠭ ᠪᠢᠴᠢᠭ ᠢᠶᠠᠨ ᠡᠬᠦᠳᠦᠨ ᠵᠤᠬᠢᠶᠠᠭᠰᠠᠨ ᠪᠠᠶᠢᠨ᠎ᠠ᠃ | ᠨᠢᠬᠡ ᠨᠢ ᠬᠢᠳᠠᠳ ᠦᠰᠦᠭ ᠢ ᠲᠠᠭᠤᠷᠢᠶᠠᠨ ᠵᠤᠬᠢᠶᠠᠭᠰᠠᠨ ᠶᠡᠭᠡ ᠦᠰᠦᠭ ᠪᠤᠯᠤᠨ᠎ᠠ᠃ ᠡᠨᠡ ᠦᠰᠦᠭ ᠨᠢ ᠪᠢᠴᠢᠵᠤ | ᠰᠤᠷᠬᠤ ᠳᠤ ᠮᠠᠰᠢ ᠶᠡᠭᠡ ᠬᠦᠴᠢᠷᠳᠡᠢ ᠪᠠᠶᠢᠭᠰᠠᠨ ᠪᠤᠯᠬᠤᠷ ᠦᠷᠬᠡᠨ ᠬᠡᠪᠴᠢᠶ᠎ᠠ ᠪᠠᠷ ᠲᠦᠭᠡᠮᠡᠯᠵᠢᠵᠦ ᠴᠢᠳᠠᠭᠰᠠᠨ | ᠦᠬᠡᠢ᠃ ᠨᠦᠬᠦᠬᠡ ᠨᠢ ᠤᠶᠢᠭᠤᠷ ᠬᠤᠢ ᠡᠾᠧ ᠦᠰᠦᠭ ᠢ ᠲᠠᠭᠤᠷᠢᠶᠠᠨ ᠵᠤᠬᠢᠶᠠᠭᠰᠠᠨ ᠪᠠᠭ᠎ᠠ ᠦᠰᠦᠭ ᠪᠤᠯᠤᠨ᠎ᠠ᠃ | ᠡᠨᠡ ᠨᠢ ᠨᠡᠶᠢᠳᠡ 300 ᠭᠠᠷᠤᠢ ᠠᠪᠢᠶᠠᠨ ᠤ ᠲᠡᠮᠳᠡᠭ ᠲᠠᠢ ᠪᠠᠶᠢᠵᠤ᠂ ᠬᠢᠳᠠᠨ ᠬᠡᠯᠡᠯᠬᠡ ᠲᠠᠢ ᠨᠡᠯᠢᠶᠡᠳ ᠨᠡᠶᠢᠴᠡᠬᠦ | ᠪᠤᠯᠬᠤᠷ ᠲᠠᠭᠤᠳᠠᠯᠭ᠎ᠠ ᠪᠢᠴᠢᠯᠬᠡ ᠨᠢ ᠪᠦᠷ ᠨᠡᠯᠢᠶᠡᠳ ᠲᠦᠬᠦᠮ ᠪᠠᠶᠢᠵᠤ ᠤᠳᠠᠯ ᠦᠬᠡᠢ ᠲᠦᠬᠡᠮᠡᠯᠵᠢᠨ ᠬᠡᠷᠡᠭᠯᠡᠭᠳᠡᠵᠡᠢ | ᠃ ᠬᠡᠪᠡᠴᠤ ᠲᠤᠬᠠᠢ ᠶᠢᠨ ᠦᠶ᠎ᠡ ᠶᠢᠨ ᠨᠢᠭᠤᠴᠠ ᠶᠢ ᠬᠠᠮᠠᠭᠠᠯᠠᠬᠤ ᠱᠠᠭᠠᠷᠳᠠᠯᠭ᠎ᠠ ᠠᠴᠠ ᠪᠤᠯᠵᠤ᠂ ᠬᠤᠶᠠᠷ ᠵᠦᠢᠯ ᠤᠨ | ᠦᠰᠦᠭ ᠪᠢᠴᠢᠭ ᠢ ᠴᠦᠮ ᠬᠢᠳᠠᠨᠴᠤᠳ ᠤᠨ ᠲᠤᠳᠤᠷ᠎ᠠ ᠪᠠᠨ ᠬᠡᠪᠴᠢᠶᠡᠵᠢᠬᠦᠯᠦᠨ ᠬᠡᠷᠡᠭᠯᠡᠬᠡᠳ ᠭᠠᠳᠠᠭᠰᠢ | ᠲᠦᠬᠡᠮᠡᠯᠵᠢᠬᠦᠯᠬᠦ ᠶᠢ ᠠᠩᠬᠠᠷᠤᠭᠰᠠᠨ ᠦᠬᠡᠢ ᠠᠴᠠ ᠲᠤᠬᠠᠢ ᠶᠢᠨ ᠦᠶ᠎ᠡ ᠳᠤ ᠵᠡᠷᠬᠡᠴᠡᠨ ᠲᠤᠭᠳᠠᠨᠢᠵᠤ ᠪᠠᠶᠢᠭᠰᠠᠨ | ᠰᠦᠡᠭ ᠤᠯᠤᠰ ᠨᠢ ᠴᠤ ᠬᠢᠳᠠᠨ ᠦᠰᠦᠭ ᠪᠢᠴᠢᠭ ᠢ ᠮᠡᠳᠡᠬᠦ ᠦᠬᠡᠢ ᠬᠡᠳᠡᠭ᠃ ᠡᠶᠢᠮᠤ ᠠᠴᠠ ᠯᠢᠶᠤᠤ ᠤᠯᠤᠰ ᠨᠢ | ᠮᠦᠬᠦᠭᠰᠡᠨ ᠤ ᠲᠠᠷᠠᠭ᠎ᠠ ᠬᠢᠳᠠᠨ ᠤ ᠦᠰᠦᠭ ᠪᠢᠴᠢᠭ ᠨᠢ ᠤᠯᠠᠮᠵᠢᠯᠠᠯ ᠲᠠᠰᠤᠷᠠᠵᠤ᠂ ᠤᠳᠠᠯ ᠦᠬᠡᠢ ᠮᠡᠳᠡᠬᠦ ᠬᠦᠮᠦᠨ | ᠦᠬᠡᠢ ᠪᠤᠯᠵᠠᠢ᠃ ᠭᠤᠷᠪᠠ᠂ ᠡᠬᠡ ᠰᠤᠶᠤᠯ ᠤᠨ ᠪᠤᠯᠪᠠᠰᠤᠨ ᠢᠶᠠᠨ ᠦᠬᠦᠬᠦᠳᠡ ᠬᠠᠮᠠᠭᠠᠯᠠᠵᠠᠢ᠃ ᠲᠠᠶᠢᠽᠤ ᠬᠠᠭᠠᠨ | ᠶᠧᠯᠢᠦᠢ ᠠᠪᠤᠤᠵᠢ ᠪᠠ ᠱᠢᠷᠤ ᠬᠠᠳᠤᠨ ᠠᠴᠠ ᠭᠤᠷᠪᠠᠨ ᠬᠦᠤ ᠲᠦᠷᠦᠵᠡᠢ᠃ ᠬᠠᠭᠠᠨ ᠨᠢ ᠬᠢᠳᠠᠳ ᠰᠤᠶᠤᠯ ᠤᠨ | ᠰᠤᠷᠭᠠᠯ ᠢᠶᠠᠷ ᠦᠨᠳᠦᠷ ᠦᠬᠡᠯᠡᠢ ᠬᠦᠤ ᠪᠠᠨ ᠪᠠᠭ᠋ᠠᠷᠬᠠᠬᠤ ᠳᠤ ᠬᠠᠳᠤᠨ ᠨᠢ ᠬᠢᠳᠠᠨ ᠰᠤᠶᠤᠯ ᠤᠨ ᠤᠨᠴᠠᠯᠢᠭ | ᠲᠤᠪᠤᠶᠢᠭᠰᠠᠨ ᠬᠤᠶᠠᠳᠤᠭᠠᠷ ᠬᠦᠤ ᠪᠠᠨ ᠶᠡᠭᠡ ᠬᠠᠯᠠᠮᠵᠢᠯᠠᠳᠠᠭ᠃ ᠬᠠᠭᠠᠨ ᠦᠬᠡᠯᠡᠢ ᠬᠦᠪᠡᠬᠦᠨ ᠢᠶᠠᠨ ᠰᠠᠭᠤᠷᠢᠨ | ᠵᠠᠯᠭᠠᠮᠵᠢᠯᠠᠭᠴᠢ ᠲᠠᠶᠢᠽᠢ ᠪᠠᠷ ᠨᠡᠷᠡᠶᠢᠳᠦᠭᠰᠡᠨ ᠪᠤᠯᠪᠠᠴᠤ ᠬᠠᠳᠤᠨ ᠨᠢ ᠬᠢᠳᠠᠨ ᠰᠤᠶᠤᠯ ᠤᠨ ᠰᠢᠨᠵᠢ ᠬᠠᠳᠠᠭᠠᠯᠠᠭᠰᠠᠨ | ᠵᠠᠯᠭᠠᠮᠵᠢᠯᠠᠭᠴᠢ ᠣᠯᠬᠤ ᠬᠦᠰᠡᠯ ᠢᠶᠠᠨ ᠶᠡᠷᠦ ᠲᠡᠪᠴᠢᠭᠰᠡᠨ ᠦᠭᠡᠢ᠃ ᠠᠪᠤᠤᠵᠢ ᠬᠠᠭᠠᠨ ᠪᠦᠸᠧ ᠬᠠᠢ ᠤᠯᠤᠰ ᠢ | ᠲᠤᠪᠳᠤᠯᠤᠨ ᠲᠠᠭᠠᠭᠤᠯᠤᠭᠠᠳ ᠪᠤᠴᠠᠬᠤ ᠵᠠᠮ ᠵᠠᠭᠤᠷ᠎ᠠ ᠪᠠᠨ ᠲᠡᠭᠷᠢ ᠳᠤ ᠬᠠᠯᠢᠭᠰᠠᠨ ᠬᠤᠶᠢᠨ᠎ᠠ᠂ ᠱᠢᠷᠤ ᠬᠠᠳᠤᠨ | ᠲᠦᠷᠦ ᠶᠢᠨ ᠤᠳᠤᠷᠢᠳᠬᠤ ᠲᠡᠪᠴᠡᠩ ᠳᠤ ᠲᠡᠪᠰᠢᠵᠠᠢ᠃ ᠬᠠᠳᠤᠨ ᠡᠨᠡ ᠬᠦ ᠲᠤᠬᠢᠶᠠᠯ ᠢᠶᠠᠨ ᠠᠰᠢᠭᠯᠠᠨ | ᠬᠤᠶᠠᠳᠤᠭᠠᠷ ᠬᠦᠪᠡᠬᠦᠨ ᠢᠶᠠᠨ ᠬᠠᠭᠠᠨ ᠰᠠᠭᠤᠷᠢᠨ ᠳᠤ ᠰᠠᠭᠤᠯᠭᠠᠬᠤ ᠵᠤᠷᠢᠯᠳᠠ ᠪᠠᠨ ᠰᠢᠭᠤᠷᠮᠠᠭᠠᠢ ᠶᠠᠪᠤᠭᠳᠠᠭᠤᠯᠵᠠᠢ᠃ | ᠬᠠᠳᠤᠨ ᠶᠡᠭᠡ ᠬᠦᠪᠡᠬᠦᠨ ᠢ ᠨᠢ ᠲᠡᠳᠬᠦᠳᠡᠭ ᠬᠠᠭᠠᠨ ᠤ ᠠᠬ᠎ᠠ ᠲᠡᠬᠦᠤ ᠨᠠᠷ ᠢ ᠬᠠᠭᠠᠨ ᠤ ᠱᠠᠷᠢᠯ ᠲᠡᠭᠡᠳᠤ | ᠨᠡᠶᠢᠰᠯᠡᠯ ᠳᠤ ᠬᠦᠷᠴᠤ ᠢᠷᠡᠬᠦ ᠠᠴᠠ ᠡᠮᠤᠨ᠎ᠡ ᠬᠦᠮᠦᠨ ᠲᠤᠮᠢᠯᠠᠵᠤ ᠠᠯᠠᠭᠤᠯᠤᠭᠰᠠᠨ ᠪᠦᠬᠡᠳ ᠲᠡᠬᠦᠨ ᠤ ᠦᠢᠯᠡᠰ | ᠲᠤ ᠰᠠᠭᠠᠳ ᠪᠤᠯᠤᠨ᠎ᠠ ᠬᠡᠵᠤ ᠦᠵᠡᠭᠰᠡᠨ ᠵᠠᠭᠤ ᠢᠯᠡᠬᠦᠤ ᠶᠡᠭᠡ ᠰᠠᠶᠢᠳ ᠢ ᠬᠠᠭᠠᠨ ᠤ ᠤᠷᠤᠰᠢᠭᠤᠯᠭ᠎ᠠ ᠶᠢᠨ | ᠶᠤᠰᠤᠯᠠᠯ ᠤᠨ ᠦᠶ᠎ᠡ ᠳᠤ ᠬᠤᠤᠷᠯᠠᠵᠠᠢ᠃ ᠡᠶᠢᠮᠤ ᠮᠦᠷᠳᠡᠬᠡᠨ ᠡᠳᠡᠬᠡᠷ ᠰᠠᠶᠢᠳ ᠤᠨ ᠬᠡᠷ ᠤᠨ ᠬᠦᠮᠦᠰ ᠢ ᠨᠢ | ᠰᠡᠬᠦᠯᠡᠷ ᠨᠢ ᠪᠠᠰᠠ ᠬᠤᠤᠷᠯᠠᠭᠰᠠᠨ ᠪᠠᠶᠢᠨ᠎ᠠ᠃ ᠲᠡᠷᠡ ᠰᠠᠶᠢᠳ ᠲᠦᠰᠢᠮᠡᠳ ᠢ ᠬᠤᠤᠷᠯᠠᠬᠤ ᠳᠠᠭᠠᠨ ᠶᠡᠷᠦ ᠨᠢ ᠡᠮᠤᠨ᠎ᠡ | ᠬᠠᠭᠠᠨ ᠢ ᠲᠤᠷᠠᠰᠤᠨ ᠰᠠᠨᠠᠵᠤ ᠪᠠᠶᠢᠨ᠎ᠠ ᠤᠤ︖ ᠲᠤᠷᠠᠰᠴᠤ ᠪᠠᠶᠢᠪᠠᠯ ᠲᠡᠬᠦᠨ ᠢ ᠬᠠᠯᠠᠮᠵᠢᠯᠠᠬᠤ ᠪᠠᠷ ᠤᠴᠢ︕ | ᠬᠡᠳ ᠴᠠᠪᠴᠢᠳᠠᠭ᠃ ᠡᠨᠡ ᠬᠦ ᠠᠰᠠᠭᠤᠯᠳᠠ ᠪᠤᠯ ᠬᠠᠷᠢᠭᠤᠯᠬᠤ ᠳᠤ ᠲᠤᠩ ᠬᠦᠴᠢᠷᠳᠡᠢ ᠠᠰᠠᠭᠤᠯᠳᠠ ᠮᠦᠨ᠂ | ᠲᠤᠷᠠᠰᠤᠨ ᠰᠠᠨᠠᠬᠤ ᠦᠬᠡᠢ ᠪᠤᠯ ᠬᠠᠭᠠᠨ ᠳᠠᠭᠠᠨ ᠦᠨᠡᠨᠴᠢ ᠦᠬᠡᠢ ᠪᠤᠯᠵᠤ ᠮᠦᠨ ᠠᠯᠠᠬᠤ ᠶᠠᠯ᠎ᠠ ᠠᠴᠠ ᠬᠡᠯᠳᠦᠷᠢᠵᠤ | ᠴᠢᠳᠠᠬᠤ ᠦᠬᠡᠢ ᠪᠠᠶᠢᠳᠠᠭ᠃ ᠰᠡᠬᠦᠯᠡᠷ ᠨᠢ ᠲᠠᠷᠡ ᠵᠤᠤ ᠽᠢ ᠸᠧᠨ ᠬᠢᠳᠡᠭ ᠬᠢᠳᠠᠳ ᠰᠠᠶᠢᠳ ᠢ ᠠᠯᠠᠬᠤ ᠰᠠᠨᠠᠭ᠎ᠠ | ᠤᠷᠤᠵᠤ᠂ ᠪᠦᠸᠧ ᠬᠠᠢ ᠤᠯᠤᠰ ᠤᠨ ᠪᠠᠶᠢᠯᠳᠤᠭᠠᠨ ᠳᠤ ᠬᠠᠭᠠᠨ ᠲᠡᠬᠦᠨ ᠤ ᠰᠢᠷᠬ᠎ᠠ ᠶᠢ ᠡᠮᠨᠡᠵᠤ ᠪᠠᠶᠢᠭᠰᠠᠨ ᠨᠢᠬᠳᠠ | ᠬᠠᠷᠢᠴᠠᠭ᠎ᠠ ᠪᠠᠷ ᠨᠢ ᠬᠤᠯᠪᠤᠵᠤ᠄ ︽ᠴᠢ ᠡᠮᠤᠨ᠎ᠡ ᠬᠠᠭᠠᠨ ᠲᠠᠢ ᠲᠤᠩ ᠢᠵᠢᠯ ᠲᠤᠳᠤᠨᠤᠰᠤᠭ ᠪᠢᠰᠢᠤ᠂ ᠤᠳᠤ ᠴᠢ | ᠡᠮᠤᠨ᠎ᠡ ᠬᠠᠭᠠᠨ ᠢ ᠬᠠᠯᠠᠮᠵᠢᠯᠠᠬᠤ ᠪᠠᠷ ᠤᠴᠢ︕︾ ᠬᠡᠵᠡᠢ᠃ ᠡᠬᠦᠨ ᠳᠤ ᠵᠤᠤ ᠽᠢ ᠸᠧᠨ᠄ ︽ᠡᠮᠤᠨ᠎ᠡ ᠬᠠᠭᠠᠨ | ᠳᠤ ᠢᠵᠢᠯ ᠲᠤᠳᠤᠨᠤᠰᠤᠭ ᠢ ᠬᠡᠯᠡᠪᠡᠯ ᠪᠢ ᠬᠠᠳᠤᠨ ᠲᠠᠨ ᠳᠤ ᠬᠦᠢᠴᠡᠬᠦ ᠦᠬᠡᠢ᠂ ᠲᠠ ᠬᠡᠷᠪᠡ ᠤᠴᠢᠪᠠᠯ ᠪᠢ | ᠲᠤᠷᠠᠳᠠᠶᠢᠶ᠎ᠠ ᠲᠠᠭᠠᠯᠴᠠᠨ ᠤᠴᠢᠨ᠎ᠠ︾ ᠬᠡᠵᠡᠢ᠃ ᠡᠬᠦᠨ ᠳᠤ ᠬᠠᠳᠤᠨ᠄ ︽ᠤᠴᠢᠬᠤ ᠲᠤᠷ᠎ᠠ ᠦᠬᠡᠢ ᠪᠢᠰᠢ᠂ | ᠵᠦᠪᠬᠡᠨ ᠬᠡᠳᠤᠨ ᠬᠡᠤᠬᠡᠳ ᠪᠠᠭ᠎ᠠ ᠪᠠᠶᠢᠵᠤ᠂ ᠲᠦᠷᠦ ᠬᠦᠷᠦᠨ ᠤ ᠶᠡᠭᠡ ᠶᠠᠪᠤᠳᠠᠯ ᠳᠤ ᠪᠢ ᠲᠤᠳᠠᠭᠳᠠᠵᠤ ᠪᠤᠯᠬᠤ | ᠦᠬᠡᠢ᠂ ᠤᠷᠢᠳᠠᠪᠠᠷ ᠪᠢ ᠡᠨᠡ ᠭᠠᠷ ᠢᠶᠠᠨ ᠶᠠᠪᠤᠭᠤᠯᠵᠤ ᠬᠠᠭᠠᠨ ᠢ ᠬᠠᠯᠠᠮᠵᠢᠯᠠᠶ᠎ᠠ︕︾ ᠬᠡᠳ ᠬᠠᠳᠤᠨ ᠰᠦᠪᠡᠬᠡᠨ | ᠳᠡᠭᠡᠨ ᠵᠡᠬᠦᠭᠰᠡᠨ ᠬᠢᠳᠤᠭ᠎ᠠ ᠪᠠᠨ ᠰᠤᠭᠤᠯᠵᠤ ᠪᠠᠷᠠᠭᠤᠨ ᠭᠠᠷ ᠢᠶᠠᠨ ᠴᠠᠪᠴᠢᠭᠰᠠᠨ ᠪᠠᠶᠢᠨ᠎ᠠ᠃ ᠬᠠᠳᠤᠨ ᠡᠨᠡ ᠮᠡᠳᠤ | ᠦᠬᠡᠯᠡᠢ ᠬᠦᠤ ᠶᠢ ᠨᠢ ᠳᠡᠮᠵᠢᠭᠰᠡᠳ ᠲᠤ ᠬᠠᠷ᠎ᠠ ᠬᠢᠳᠤᠯᠭ᠎ᠠ ᠶᠠᠪᠤᠭᠤᠯᠤᠭᠰᠠᠨ ᠠᠴᠠ ᠤᠳᠠᠯ ᠦᠬᠡᠢ ᠲᠡᠬᠦᠨ ᠤ | ᠰᠠᠨᠠᠭ᠎ᠠ ᠠᠴᠠ ᠵᠦᠷᠢᠴᠡᠬᠦ ᠬᠦᠮᠦᠨ ᠦᠬᠡᠢ ᠪᠤᠯᠵᠤ᠂ ᠬᠤᠶᠠᠳᠤᠭᠠᠷ ᠬᠦᠪᠡᠬᠦᠨ ᠢᠶᠠᠨ ᠰᠢᠭᠤᠳ ᠰᠢᠯᠤᠭᠤᠬᠠᠨ ᠢᠶᠠᠷ | ᠬᠠᠭᠠᠨ ᠰᠠᠭᠤᠷᠢᠨ ᠳᠤ ᠲᠡᠪᠰᠢᠬᠦᠯᠵᠤ᠂ ᠴᠤᠯᠠ ᠶᠢ ᠨᠢ ᠲᠠᠶᠢᠽᠦ᠋ᠡᠭ ᠬᠠᠭᠠᠨ ᠬᠡᠵᠤ ᠨᠠᠷᠡᠶᠢᠳᠦᠭᠰᠡᠨ ᠪᠠᠶᠢᠨ᠎ᠠ᠃ | ᠲᠦᠷᠪᠡ᠂ ᠮᠤᠷᠢᠳᠠᠨ ᠦᠨᠳᠦᠰᠦᠳᠡᠨ ᠤ ᠪᠠᠶᠢᠯᠳᠤᠭᠠᠨ ᠤ ᠤᠷ᠎ᠠ ᠠᠪᠢᠶᠠᠰ ᠢ ᠭᠠᠶᠢᠬᠠᠭᠤᠯᠵᠤ᠂ ᠴᠦᠬᠡᠨ ᠢᠶᠠᠷ ᠤᠯᠠᠨ | ᠢ ᠢᠯᠠᠬᠤ ᠪᠠᠶᠢᠯᠳᠤᠭᠠᠨ ᠢ ᠤᠯᠠᠨᠳᠠ ᠡᠭᠦᠰᠬᠡᠨ᠂ ᠤᠯᠤᠰ ᠤᠷᠤᠨ ᠤ ᠭᠠᠵᠠᠷ ᠨᠤᠳᠤᠭ ᠢᠶᠠᠨ ᠦᠷᠬᠡᠳᠬᠡᠵᠡᠢ᠃ | ᠯᠢᠶᠤᠤ ᠤᠯᠤᠰ ᠨᠢ ᠲᠠᠶᠢᠽᠤ ᠬᠠᠭᠠᠨ ᠠᠴᠠ ᠱᠧᠩᠽᠦ᠋ᠩ ᠬᠠᠭᠠᠨ ᠤ ᠦᠶ᠎ᠡ ᠬᠦᠷᠳᠡᠯ᠎ᠡ ᠪᠦᠸᠧᠬᠠᠢ ᠤᠯᠤᠰ᠂ | ᠤᠮᠠᠷᠠᠳᠤ ᠶᠢᠨ ᠤᠯᠤᠰ ᠵᠡᠷᠬᠡ ᠤᠯᠠᠨ ᠤᠯᠤᠰ ᠢ ᠮᠦᠬᠦᠬᠡᠵᠤ᠂ ᠶᠡᠭᠡ ᠰᠦᠡᠭ ᠤᠯᠤᠰ ᠤᠨ ᠬᠤᠶᠠᠷ ᠤᠳᠠᠭᠠᠨ ᠤ | ᠶᠡᠭᠡ ᠲᠤᠪᠳᠤᠯᠤᠯᠳᠠ ᠶᠢ ᠢᠯᠠᠭᠠᠳ ᠨᠤᠳᠤᠭ ᠲᠡᠪᠢᠰᠬᠡᠷ ᠨᠢ ᠦᠷᠬᠡᠵᠢᠵᠤ᠂ ᠤᠯᠤᠰ ᠤᠨ ᠬᠦᠴᠦᠨ ᠨᠢ ᠪᠤᠵᠠᠭᠠᠶᠢᠷᠠᠨ | ᠂ ᠰᠦᠡᠭ ᠤᠯᠤᠰ ᠲᠠᠢ ᠵᠡᠷᠬᠡᠴᠡᠨ ᠲᠤᠭᠳᠠᠨᠢᠭᠰᠠᠨ ᠶᠡᠭᠡ ᠤᠯᠤᠰ ᠪᠤᠯᠤᠨ ᠬᠦᠭᠵᠢᠵᠡᠢ᠃ ᠬᠠᠮᠤᠭ ᠤᠨ | ᠲᠡᠮᠳᠡᠭᠯᠡᠰᠢᠬᠦᠳᠡᠢ ᠨᠢᠬᠡᠨ ᠤᠴᠢᠷ ᠬᠡᠪᠡᠯ ᠰᠢᠶᠤᠤ ᠲᠠᠶᠢᠬᠡᠤ ᠱᠧᠩᠽᠦ᠋ᠩ ᠬᠠᠭᠠᠨ ᠤ ᠡᠬᠡ᠂ ᠦᠪᠡᠷ ᠤᠨ ᠪᠡᠶ᠎ᠡ ᠪᠠᠷ | ᠢᠶᠠᠨ ᠴᠡᠷᠢᠭ ᠲᠠᠭᠠᠭᠤᠯᠤᠨ ᠰᠦᠡᠭ ᠤᠯᠤᠰ ᠢ ᠲᠤᠪᠳᠤᠯᠤᠷᠠ ᠤᠴᠢᠭᠠᠳ ᠴᠠᠨ ᠶᠤᠸᠠᠨ ᠬᠤᠳᠠᠨ ᠤ ᠳᠣᠣᠷ᠎ᠠ | ᠬᠦᠷᠴᠤ᠂ ᠯᠢᠶᠤᠤ ᠤᠯᠤᠰ ᠤᠨ ᠶᠡᠭᠡ ᠵᠠᠩᠵᠤᠨ ᠰᠢᠶᠤᠤ ᠲᠠ ᠯᠢᠩ ᠪᠠᠶᠢᠯᠳᠤᠭᠠᠨ ᠳᠤ ᠠᠳᠡᠬᠡᠳ ᠬᠤᠯᠠ ᠶᠢᠨ | ᠭᠠᠵᠠᠷ ᠬᠠᠷᠢ ᠶᠢᠨ ᠨᠤᠳᠤᠭ ᠲᠤ ᠴᠡᠷᠢᠭ ᠤᠨ ᠰᠡᠳᠬᠢᠯ ᠰᠠᠮᠠᠭᠤᠷᠠᠵᠤ ᠪᠠᠶᠢᠭᠰᠠᠨ ᠠᠰᠢᠭ ᠨᠦᠬᠦᠴᠡᠯ ᠤᠨ ᠲᠤᠤᠷ᠎ᠠ | ᠰᠦᠡᠭ ᠤᠯᠤᠰ ᠤᠨ ᠴᠡᠷᠢᠭ ᠢ ᠰᠢᠬᠠᠵᠤ ᠪᠠᠶᠢᠭᠠᠳ ᠵᠢᠯ ᠪᠦᠷᠢ ᠯᠢᠶᠤᠤ ᠤᠯᠤᠰ ᠲᠤ ᠠᠷᠪᠠᠨ ᠲᠦᠮᠡᠨ ᠯᠠᠩ ᠮᠦᠡᠭᠬᠦ | ᠪᠠ ᠬᠤᠷᠢᠨ ᠲᠦᠮᠡᠨ ᠪᠠᠭᠯᠠᠭ᠎ᠠ ᠲᠤᠷᠭ᠎ᠠ ᠲᠤᠷᠳᠤᠩ ᠦᠭᠬᠦ ᠪᠦᠬᠡᠳ ᠬᠤᠶᠠᠷ ᠤᠯᠤᠰ ᠨᠢ ᠬᠠᠷᠢᠯᠴᠠᠨ ᠠᠬ᠎ᠠ ᠲᠡᠬᠦᠤ | ᠬᠡᠵᠤ ᠲᠠᠭᠤᠳᠠᠯᠴᠠᠨ᠂ ᠬᠢᠯᠢ ᠬᠢᠵᠠᠭᠠᠷ ᠤᠷᠤᠨ ᠳᠤ ᠪᠦᠳᠦᠬᠡᠨ ᠪᠠᠶᠢᠭᠤᠯᠤᠯᠳᠠ ᠬᠢᠵᠤ ᠪᠤᠯᠬᠤ ᠦᠬᠡᠢ᠂ ᠭᠤᠤᠯ | ᠮᠦᠷᠡᠨ ᠤ ᠬᠡᠪᠡᠯᠢ ᠶᠢ ᠦᠬᠡᠷᠡᠳᠡᠬᠦᠯᠵᠤ ᠪᠤᠯᠬᠤ ᠦᠬᠡᠢ ᠬᠡᠰᠡᠨ ᠠᠭᠤᠯᠭ᠎ᠠ ᠲᠠᠢ ᠴᠠᠨ ᠶᠤᠸᠠᠨ ᠤ ᠬᠡᠯᠡᠯᠴᠡᠬᠡᠷ ᠢ | ᠲᠤᠭᠳᠠᠭᠠᠵᠤ᠂ ᠬᠤᠶᠠᠷ ᠤᠯᠤᠰ ᠤᠨ ᠬᠠᠷᠢᠯᠴᠠᠨ ᠲᠠᠶᠢᠯᠠᠯᠳᠤᠬᠤ ᠪᠠᠶᠢᠳᠠᠯ ᠢ ᠡᠴᠤᠰᠯᠡᠬᠦᠯᠵᠡᠢ᠃ ᠱᠧᠩᠽᠦ᠋ᠩ | ᠬᠠᠭᠠᠨ ᠤ ᠦᠶ᠎ᠡ ᠳᠤ᠂ ᠴᠢᠨ ᠱᠢ ᠬᠤᠸᠠᠩ ᠤᠨ ᠦᠶᠡᠰ ᠰᠡᠶᠢᠯᠦᠭᠰᠡᠨ ᠲᠦᠷᠦ ᠤᠯᠠᠮᠵᠢᠯᠠᠬᠤ ᠬᠠᠰ ᠤᠨ ᠲᠠᠮᠠᠭ᠎ᠠ | ᠶᠢ ᠨᠢ ᠤᠯᠵᠠᠯᠠᠵᠤ᠂ ᠯᠢᠶᠤᠤ ᠤᠯᠤᠰ ᠨᠢ ᠲᠤᠮᠳᠠᠳᠤ ᠶᠢᠨ ᠲᠡᠤᠬᠡᠨ ᠳᠤ ᠮᠤᠷᠢᠳᠠᠨ ᠦᠨᠳᠦᠰᠦᠳᠡᠨ ᠤ | ᠪᠠᠶᠢᠭᠤᠯᠤᠭᠰᠠᠨ ᠵᠠᠰᠠᠭ ᠲᠦᠷᠦ ᠪᠤᠯᠬᠤ ᠨᠡᠷ᠎ᠡ ᠴᠤᠯᠠ ᠪᠠᠨ ᠤᠯᠠᠨ᠎ᠠ ᠮᠡᠳᠡᠷᠡᠭᠳᠡᠵᠡᠢ᠃ ᠯᠢᠶᠤᠤ ᠤᠯᠤᠰ ᠤᠨ | ᠰᠡᠬᠦᠯᠴᠢ ᠶᠢᠨ ᠦᠶ᠎ᠡ ᠪᠤᠯᠵᠤ᠂ ᠠᠯᠳᠠᠨ ᠤᠯᠤᠰ ᠤᠨ ᠲᠤᠪᠳᠤᠯᠤᠯᠳᠠ ᠳᠤ ᠤᠯᠤᠰ ᠢᠶᠠᠨ ᠠᠯᠳᠠᠭᠰᠠᠨ ᠤ ᠲᠠᠷᠠᠭ᠎ᠠ | ᠶᠧᠯᠢᠦᠢ ᠳ᠋ᠠ ᠱᠢ ᠪᠠᠷ ᠲᠤᠯᠤᠭᠠᠶᠢᠯᠠᠭᠤᠯᠤᠭᠰᠠᠨ ᠦᠯᠡᠳᠡᠭᠳᠡᠯ ᠬᠦᠴᠦᠨ ᠨᠢ ᠪᠠᠷᠠᠭᠤᠨᠰᠢ ᠰᠢᠯᠵᠢᠵᠤ ᠤᠳᠤᠬᠠᠨ ᠤ | ᠰᠢᠨᠵᠢᠶᠠᠩ ᠪᠠ ᠤᠷᠤᠰ ᠤᠨ ᠬᠡᠰᠡᠭ ᠭᠠᠵᠠᠷ ᠢ ᠡᠵᠡᠯᠡᠬᠡᠳ ᠪᠠᠷᠠᠭᠤᠨ ᠯᠢᠶᠤᠤ ᠤᠯᠤᠰ ᠢ ᠪᠠᠶᠢᠭᠤᠯᠵᠤ᠂ ᠮᠦᠨ 5 | ᠦᠶ᠎ᠡ ᠤᠯᠠᠷᠢᠵᠤ 94 ᠵᠢᠯ ᠨᠤᠶᠠᠷᠬᠠᠯ ᠢᠶᠠᠨ ᠦᠷᠬᠦᠯᠵᠢᠯᠡᠬᠦᠯᠵᠡᠢ᠃ ᠰᠡᠬᠦᠯᠡᠷ ᠨᠢ ᠴᠢᠩᠬᠢᠰ ᠬᠠᠭᠠᠨ ᠤ | ᠤᠳᠤᠷᠢᠳᠤᠭᠰᠠᠨ ᠮᠤᠩᠭᠤᠯ ᠤᠨ ᠴᠡᠷᠢᠭ ᠪᠠᠷᠠᠭᠤᠨ ᠯᠢᠶᠤᠤ ᠤᠯᠤᠰ ᠢ ᠮᠦᠬᠦᠬᠡᠭᠰᠡᠨ ᠪᠠᠶᠢᠨ᠎ᠠ᠃ ᠡᠬᠦᠨ ᠠᠴᠠ ᠪᠦᠬᠦ | ᠯᠢᠶᠤᠤ ᠤᠯᠤᠰ ᠨᠢ ᠭᠤᠷᠪᠠᠨ ᠵᠠᠭᠤ ᠭᠠᠷᠤᠢ ᠵᠢᠯ ᠤᠨ ᠨᠤᠶᠠᠷᠬᠠᠯ ᠤᠨ ᠲᠡᠤᠬᠡ ᠶᠢ ᠡᠬᠦᠳᠴᠤ᠂ ᠠᠽᠢᠶ᠎ᠠ ᠡᠸᠦ᠋ᠷᠦᠫᠡ | ᠶᠢ ᠰᠤᠨᠳᠠᠯᠠᠭᠰᠠᠨ ᠦᠷᠬᠡᠨ ᠠᠭᠤᠳᠠᠮ ᠨᠤᠳᠤᠭ ᠲᠡᠪᠢᠰᠬᠡᠷ ᠢ ᠡᠵᠡᠯᠡᠬᠡᠳ ᠬᠤᠵᠢᠮ ᠨᠢ ᠮᠠᠨᠳᠤᠭᠰᠠᠨ ᠵᠦᠷᠴᠢᠨ | ᠦᠨᠳᠦᠰᠦᠳᠡᠨ᠂ ᠮᠤᠩᠭᠤᠯ ᠦᠨᠳᠦᠰᠦᠳᠡᠨ᠂ ᠮᠠᠨᠵᠤ ᠵᠦᠷᠴᠢᠨ ᠦᠨᠳᠦᠰᠦᠳᠡᠨ ᠵᠡᠷᠬᠡ ᠮᠠᠰᠢ ᠤᠯᠠᠨ ᠮᠤᠷᠢᠳᠠᠨ | ᠦᠨᠳᠦᠰᠦᠳᠡᠨ ᠳᠤ ᠡᠯᠪᠡᠭ ᠪᠠᠶᠠᠯᠢᠭ ᠦᠨ᠎ᠡ ᠴᠠᠨ᠎ᠠ ᠲᠠᠢ ᠲᠡᠤᠬᠡᠳᠤ ᠰᠤᠷᠭᠠᠮᠵᠢ ᠶᠢ ᠦᠯᠡᠳᠡᠭᠡᠭᠰᠡᠨ ᠶᠤᠮ᠃ | | |