ᠪᠠᠭᠠᠷᠢᠨ ᠬᠡᠣᠬᠡᠳ ᠤᠨ ᠪᠦᠮᠪᠦᠭᠡ ᠨᠢᠰᠠᠯᠬᠤ ᠨᠠᠭᠠᠳᠤᠮ | | ᠨᠠᠶᠢᠷᠠᠮᠳᠠᠯ | | ᠡᠷᠳᠡᠨ ᠤ ᠮᠤᠩᠭᠤᠯᠴᠤᠳ ᠨᠡᠬᠦᠳᠡᠯ ᠪᠠᠭᠤᠳᠠᠯ ᠠᠮᠢᠳᠤᠷᠠᠯ ᠤᠨ ᠲᠤᠮᠳᠠ ᠪᠠᠨ ᠮᠠᠰᠢ ᠤᠯᠠᠨ ᠨᠠᠭᠠᠳᠤᠮ | ᠲᠤᠬᠯᠠᠭᠠᠮ ᠤᠨ ᠲᠦᠷᠤᠯ ᠵᠦᠢᠯ ᠢ ᠵᠤᠬᠢᠶᠠᠨ ᠪᠦᠳᠤᠬᠡᠵᠡᠢ᠃ ᠡᠷᠳᠡᠨ ᠤ ᠭᠠᠵᠠᠷ ᠭᠠᠵᠠᠷ ᠤᠨ ᠤᠨᠴᠠᠯᠢᠬᠳᠤ | ᠵᠦᠢᠯ ᠤᠳ ᠴᠦ ᠪᠠᠶᠢᠳᠠᠭ᠃ ᠲᠡᠬᠦᠨ ᠤ ᠵᠤᠩᠬᠢᠯᠠᠬᠤ ᠤᠯᠠᠩᠬᠢ ᠨᠢ ᠬᠡᠤᠬᠡᠳ ᠪᠠᠭᠠᠴᠤᠳ ᠤᠨ ᠨᠠᠭᠠᠳᠤᠮ | ᠲᠤᠬᠯᠠᠭᠠᠮ ᠤᠳ ᠪᠠᠶᠢᠳᠠᠭ᠃ | ᠦᠩᠬᠡᠷᠭᠰᠡᠨ ᠳᠤ ᠪᠠᠨ ᠵᠡᠬᠦᠨ ᠪᠠᠭᠠᠷᠢᠨ ᠤ ᠮᠤᠩᠭᠤᠯᠴᠤᠳ ᠤᠨ ᠲᠤᠮᠳᠠ ᠵᠠᠷᠢᠮ ᠭᠠᠴᠠᠭ᠎ᠠ ᠲᠤᠰᠬᠤᠨ ᠳᠤ | ᠬᠡᠤᠬᠡᠳ ᠪᠠᠭᠠᠴᠤᠳ ᠤᠨ ᠨᠢᠭᠡᠨ ᠵᠦᠢᠯ ᠤᠨ ᠪᠦᠮᠪᠦᠭᠡ ᠨᠢᠰᠠᠯᠬᠤ ᠨᠠᠭᠠᠳᠤᠮ ᠪᠠᠶᠢᠳᠠᠭ᠃ ᠲᠡᠷᠠ ᠨᠢ ᠲᠤᠬᠠᠢ ᠦᠶ᠎ᠠ | ᠳᠤ ᠪᠠᠨ ᠬᠡᠤᠭᠡᠳ ᠪᠠᠭᠠᠴᠤᠳ ᠲᠤ ᠨᠠᠭᠠᠳᠤᠮ ᠲᠤᠬᠯᠠᠭᠠᠮ ᠴᠦᠬᠡᠨ ᠪᠠᠶᠢᠬᠰᠡᠨ ᠠᠴᠠ ᠪᠤᠢ ᠪᠤᠯᠤᠬᠰᠡᠨ | ᠨᠠᠭᠠᠳᠤᠮ ᠤᠨ ᠵᠤᠶᠢᠯ ᠪᠤᠯᠤᠨ᠎ᠠ᠃ ᠲᠤᠰ ᠨᠠᠭᠠᠳᠤᠮ ᠢ ᠲᠡᠷᠠ ᠨᠢ ᠮᠦᠨ ᠨᠢᠭᠡᠨ ᠵᠦᠢᠯ ᠤᠨ ᠰᠤᠶᠤᠯ ᠤᠯᠠᠮᠵᠢᠯᠠᠯ | ᠪᠤᠯᠬᠤ ᠲᠤᠯᠠ ᠠᠳᠠ ᠪᠢᠴᠢᠵᠤ ᠦᠯᠡᠳᠡᠬᠡᠬᠦ ᠶᠢ ᠰᠠᠨᠠᠭᠠᠴᠢᠯᠠᠪᠠ᠃ | ᠪᠦᠮᠪᠦᠭᠡ ᠨᠢᠰᠠᠯᠬᠤ ᠨᠠᠭᠠᠳᠤᠮ ᠢ ᠭᠤᠤᠯᠳᠠᠬᠤ ᠠᠷᠪᠠ ᠠᠴᠠ ᠠᠷᠪᠠᠨ ᠲᠠᠪᠤ ᠵᠢᠷᠭᠤᠭᠠᠨ ᠨᠠᠰᠤᠨ ᠤ ᠤᠷᠴᠢᠮ ᠤᠨ | ᠬᠡᠤᠭᠡᠳ ᠪᠠᠭᠠᠴᠤᠳ ᠨᠠᠭᠠᠳᠳᠠᠭ ᠭᠠᠭᠴᠠ ᠭᠠᠭᠴᠠ ᠪᠠᠷ ᠨᠠᠭᠠᠳᠬᠤ ᠪᠤᠶᠤ ᠪᠦᠯᠦᠭ ᠬᠤᠪᠢᠶᠠᠨ ᠨᠠᠭᠠᠳᠬᠤ ᠬᠡᠵᠤ | ᠬᠤᠶᠠᠷ ᠵᠦᠢᠯ ᠪᠠᠶᠢᠳᠠᠭ᠃ ᠪᠦᠯᠦᠭ ᠲᠤᠭᠤᠶᠢᠯᠠᠩ ᠬᠤᠪᠢᠶᠠᠨ ᠨᠠᠭᠠᠳᠬᠤ ᠳᠤ ᠪᠠᠨ ᠨᠠᠭᠠᠳᠤᠮ ᠤᠨ ᠲᠦᠷᠤᠬᠦᠤ ᠶᠢ | ᠬᠠᠮᠤᠭ ᠰᠠᠶᠢᠨ ᠨᠠᠭᠠᠳᠬᠤ ᠬᠡᠤᠭᠡᠳ ᠢ ᠰᠤᠩᠭᠤᠨ ᠲᠤᠬᠳᠠᠭᠠᠵᠤ᠂ ᠲᠡᠳᠡᠬᠡᠷ ᠭᠡᠤᠭᠡᠳ ᠢ ᠰᠤᠩᠭᠤᠨ ᠲᠤᠬᠳᠠᠭᠠᠵᠤ᠂ | ᠲᠡᠳᠡᠭᠡᠷ ᠭᠡᠤᠭᠡᠳ ᠬᠦᠮᠤᠨ ᠢᠶᠠᠨ ᠨᠢᠭᠡ ᠨᠢᠭᠡ ᠪᠠᠷ ᠠᠪᠳᠠᠭ᠃ | ᠪᠦᠮᠪᠦᠭᠡ ᠨᠢᠰᠠᠯᠤᠨ ᠨᠠᠭᠠᠳᠬᠤ ᠳᠤ ᠬᠦᠷᠢᠶᠠᠨ ᠲᠤᠳᠤᠨ᠎ᠠ ᠪᠤᠶᠤ ᠬᠦᠷᠢᠶᠡᠨ ᠭᠠᠳᠠᠨ᠎ᠠ ᠲᠡᠭᠰᠢ ᠰᠠᠶᠢᠬᠠᠨ ᠭᠠᠵᠠᠷ ᠢ | ᠰᠤᠩᠭᠤᠵᠤ᠂ ︽ᠴᠡᠭ︾ ᠪᠠ ︽ᠭᠠᠯ︾ ᠭᠡᠵᠤ ᠲᠠᠪᠤᠨ ᠨᠦᠬᠡ ᠭᠠᠷᠭᠠᠳᠠᠭ᠃ ᠲᠡᠳᠡᠭᠡᠷ ᠲᠤ ᠭᠠᠯ ᠨᠢᠭᠡ᠂ ᠴᠡᠭ | ᠲᠦᠷᠪᠠ ᠪᠠᠶᠢᠳᠠᠭ᠃ ᠭᠠᠯ ᠢ ᠨᠢ ᠲᠦᠪ ᠭᠤᠤᠯ ᠳᠤ ᠲᠤᠬᠢᠷᠠᠭᠤᠯᠤᠨ ᠲᠦᠷᠪᠡᠨ ᠦᠨᠴᠦᠭ ᠲᠤ ᠨᠢ ᠲᠦᠷᠪᠡᠨ | ᠴᠡᠭ ᠢ ᠭᠠᠷᠭᠠᠨ᠎ᠠ᠃ | ᠭᠠᠯ ᠪᠤᠯ ᠮᠤᠩᠭᠤᠯᠴᠤᠳ ᠤᠨ ᠴᠢᠬᠤᠯᠠ ᠨᠢᠭᠡᠨ ᠰᠢᠳᠤᠬᠡᠨ ᠪᠤᠯᠤᠨ᠎ᠠ᠃ ᠡᠷᠳᠡᠨ ᠳᠤ ᠪᠠᠨ ᠪᠦᠬᠡ | ᠮᠦᠷᠬᠦᠯ ᠤᠨ ᠱᠠᠰᠢᠨ ᠳᠤ ᠪᠤᠷᠬᠠᠨ ᠬᠡᠵᠤ ᠪᠠᠶᠢᠳᠠᠭ ᠦᠬᠡᠢ᠃ ᠲᠡᠭᠷᠢ ᠭᠠᠵᠠᠷ ᠤᠨ ᠬᠠᠮᠤᠭ ᠶᠡᠭᠡ ᠡᠵᠡᠯᠡᠭᠴᠢ ᠨᠢ | 33 ᠲᠡᠭᠷᠢ ᠨᠠᠷ ᠪᠤᠯᠤᠨ᠎ᠠ᠃ ᠡᠷᠳᠡᠨ ᠳᠤ ᠪᠠᠨ ᠲᠡᠭᠷᠢ ᠨᠠᠷ ᠢ ᠪᠠᠰᠠ ︽ᠬᠠᠨ — ᠬᠠᠭᠠᠨ︾ ᠬᠡᠵᠤ ᠪᠠᠶᠢᠵᠠᠢ᠃ | ᠲᠤᠰ ᠬᠤᠶᠠᠷ ᠦᠬᠡ ᠨᠢ ᠦᠨᠠᠨ ᠳᠤ ᠪᠠᠨ ᠠᠳᠠᠯᠢ ᠤᠳᠬ᠎ᠠ ᠲᠠᠢ ᠶᠤᠮ᠃ ᠭᠠᠯ ᠢ ᠡᠵᠡᠯᠡᠭᠴᠢ ᠲᠡᠭᠷᠢ ᠪᠤᠯ | ᠬᠤᠷᠮᠤᠰᠳᠠ ᠲᠡᠭᠷᠢ ᠶᠢᠨ ᠭᠡᠤᠭᠡᠳ ᠪᠦᠬᠡᠳ ︽ᠭᠠᠯ ᠡᠬᠡ︾᠂ ︽ᠭᠠᠯ ᠤᠨ ᠬᠠᠭᠠᠨ — ᠭᠠᠯᠠᠶᠢᠬᠠᠨ︾ ᠭᠡᠳᠡᠭ | ᠪᠠᠶᠢᠬᠰᠡᠨ ᠪᠠ ᠡᠷᠳᠡᠨ ᠦᠶ᠎ᠠ ᠶᠢᠨ ᠢᠵᠠᠭᠤᠷ ᠮᠤᠩᠭᠤᠯ ᠬᠡᠯ᠎ᠠ ᠳᠤ ᠭᠠᠯ ᠢ ︽ ᠤᠤᠨ︾ ᠭᠡᠳᠡᠭ ᠪᠠᠶᠢᠬᠰᠡᠨ ᠠᠴᠠ | ᠪᠠᠰᠠ ︽ᠤᠤᠨ ᠬᠠᠭᠠᠨ — ᠤᠳᠬᠠᠨ︾ ᠭᠡᠳᠡᠭ ᠪᠠᠶᠢᠵᠠᠢ᠃ ᠤᠳᠣ ᠶᠢᠨ ︽ᠤᠳᠬᠠᠨ︾ ᠬᠡᠵᠤ ᠪᠠᠶᠢᠭ᠎ᠠ ᠪᠤᠯ | ᠲᠡᠬᠦᠨ ᠤ ᠬᠤᠪᠢᠯᠪᠤᠷᠢ ᠦᠬᠡ ᠮᠦᠨ᠃ ᠲᠤᠰ ᠨᠠᠭᠠᠳᠤᠮ ᠳᠤ ᠭᠠᠯ ᠢᠶᠠᠷ ᠲᠦᠪ ᠪᠤᠯᠭᠠᠬᠰᠡᠨ ᠨᠢ ᠭᠠᠯ ᠲᠤᠯᠭ᠎ᠠ ᠨᠢ | ᠮᠤᠩᠭᠤᠯ ᠭᠡᠷ ᠲᠦᠪ ᠭᠤᠤᠯ ᠳᠤ ᠪᠠᠶᠢᠷᠢᠰᠢᠳᠠᠭ ᠪᠠᠶᠢᠬᠰᠡᠨ ᠤ ᠲᠦᠯᠤᠭᠡᠯᠡᠯ ᠪᠦᠭᠡᠳ ᠢᠯᠠᠬᠳᠠᠰᠢ ᠦᠬᠡᠢ ᠶᠡᠭᠡ | ᠬᠦᠴᠤᠨ ᠴᠢᠳᠠᠯ ᠤᠷᠤᠨ ᠪᠠᠶᠢᠷᠢ ᠲᠠᠢ ᠶᠢ ᠬᠠᠷᠠᠭᠤᠯᠵᠠᠢ᠃ ᠲᠦᠷᠪᠡᠨ ᠴᠡᠭ ᠪᠤᠯ ᠰᠢᠷᠡᠭᠡᠨ ᠲᠦᠷᠪᠡᠨ ᠦᠨᠴᠦᠭ | ᠪᠤᠶᠤ ᠰᠢᠷᠡᠭᠡᠨ ᠲᠦᠷᠪᠡᠨ ᠬᠦᠯ ᠤᠨ ᠲᠦᠯᠤᠭᠡᠯᠡᠯ ᠪᠤᠯᠤᠨ᠎ᠠ᠃ ᠲᠠᠶᠢᠮᠤ ᠠᠴᠠ ᠲᠡᠭᠰᠢ ᠲᠦᠷᠪᠡᠯᠵᠢᠨ ᠪᠠᠶᠢᠷᠢᠰᠢᠯ ᠲᠠᠢ | ᠭᠠᠷᠭᠠᠳᠠᠭ᠃ ᠲᠤᠰ ᠨᠠᠭᠠᠳᠤᠮ ᠨᠢ ᠡᠷᠳᠡᠨ ᠤ ᠮᠤᠩᠭᠤᠯᠴᠤᠳ ᠤᠨ ᠭᠠᠯ ᠢ ᠰᠢᠳᠤᠬᠡᠯᠴᠢᠯᠡᠳᠡᠭ ᠦᠵᠡᠯᠳᠠ ᠲᠠᠢ | ᠨᠢᠬᠳᠠ ᠴᠢᠩᠭ᠎ᠠ ᠬᠠᠷᠢᠴᠠᠭ᠎ᠠ ᠲᠠᠢ ᠪᠦᠬᠡᠳ ᠡᠨᠡᠬᠦ ᠨᠠᠭᠠᠳᠤᠮ ᠢ ᠶᠡᠭᠡ ᠲᠦᠯᠤᠪ ᠶᠡᠭᠡᠴᠤᠤᠯ ᠠᠴᠠ ᠡᠬᠦᠳᠤᠨ | ᠪᠦᠳᠤᠬᠡᠵᠤ᠂ ᠭᠡᠤᠭᠡᠳ ᠪᠠᠭᠠᠴᠤᠳ ᠤᠨ ᠢᠶᠠᠨ ᠨᠠᠭᠠᠳᠤᠮ ᠲᠤᠬᠯᠠᠭᠠᠮ ᠪᠤᠯᠭᠠᠬᠰᠡᠨ ᠪᠠᠶᠢᠨ᠎ᠠ᠃ | ᠲᠦᠷᠪᠡᠨ ᠦᠨᠴᠦᠭ ᠤᠨ ᠴᠡᠭ ᠤᠨ ᠵᠠᠢ ᠶᠢ 2 —3 ᠮᠧᠲᠷ ᠤᠨ ᠬᠤᠭᠤᠷᠤᠨᠳᠤ ᠠᠳᠠᠯᠢᠬᠠᠨ ᠤᠷᠳᠤ ᠪᠠᠷ ᠬᠡᠮᠵᠢᠨ | ᠴᠡᠭ ᠤᠨ ᠨᠦᠬᠡ ᠶᠢ ᠭᠠᠷᠭᠠᠳᠠᠭ᠃ ᠨᠦᠬᠡ ᠪᠦᠷᠢ ᠶᠢᠨ ᠠᠮᠠᠰᠠᠷ ᠢ ᠪᠠᠭ᠎ᠠ ᠠᠶᠠᠭᠠᠨ ᠬᠢᠷᠢ ᠭᠠᠷᠭᠠᠵᠤ᠂ | ᠭᠠᠳᠠᠬᠰᠢ ᠪᠠᠨ ᠨᠠᠯᠤ ᠪᠠᠶᠢᠬᠤ ᠶᠢ ᠱᠠᠭᠠᠷᠳᠠᠨ᠎ᠠ᠃ ᠭᠠᠯ ᠪᠠ ᠴᠡᠭ ᠤᠨ ᠨᠦᠬᠡ ᠨᠢ ᠠᠳᠠᠯᠢ ᠶᠡᠭᠡ ᠪᠠᠶᠢᠬᠤ | ᠬᠡᠷᠡᠭᠳᠠᠢ᠃ | ᠨᠠᠭᠠᠳᠤᠮ ᠡᠬᠢᠯᠡᠬᠦ ᠳᠤ ᠪᠠᠨ ᠨᠠᠭᠠᠳᠤᠮ ᠤᠨ ᠲᠡᠰ ᠲᠠᠷᠠᠭ᠎ᠠ ᠶᠢ ᠲᠤᠬᠳᠠᠭᠠᠨ᠎ᠠ᠃ ᠨᠠᠭᠠᠳᠤᠮ ᠨᠠᠭᠠᠳᠬᠤ | ᠳᠤ ᠪᠠᠨ ᠬᠤᠪᠢ ᠬᠤᠪᠢ ᠶᠢᠨ ᠨᠢᠭᠡ ᠪᠦᠮᠪᠦᠭᠡ ᠪᠠᠶᠢᠬᠤ ᠬᠡᠷᠡᠭᠳᠠᠢ᠃ ᠨᠢᠰᠠᠯᠬᠤ ᠪᠦᠮᠪᠦᠭᠡ ᠨᠢ ᠵᠢᠵᠢᠭᠬᠢᠨ ᠴᠢᠯᠠᠭᠤᠨ | ᠪᠦᠮᠪᠦᠭᠡ ᠂ ᠲᠤᠭᠤᠰᠬᠠᠨ ᠪᠦᠮᠪᠦᠭᠡ᠂ ᠰᠢᠯ ᠪᠦᠮᠪᠦᠭᠡ︙ ᠮᠡᠳᠤ ᠵᠦᠢᠯ ᠵᠦᠢᠯ ᠤᠨ ᠪᠠᠶᠢᠵᠤ ᠪᠤᠯᠳᠠᠭ᠃ ᠡᠷᠳᠠ | ᠳᠤ ᠪᠠᠨ ᠰᠢᠯ ᠪᠦᠮᠪᠦᠭᠡ ᠮᠠᠰᠢ ᠴᠦᠬᠡᠨ ᠪᠠᠶᠢᠬᠰᠡᠨ ᠪᠦᠬᠡᠳ ᠡᠪᠤᠭᠡᠳ ᠨᠠᠰᠤᠳᠠᠳ ᠪᠡᠭᠡᠵᠢᠩ ᠤᠳᠠᠢ ᠳᠤ | ᠮᠦᠷᠬᠦᠯ ᠢᠶᠠᠷ ᠶᠠᠪᠤᠬᠤ ᠳᠤ ᠪᠠᠨ ᠭᠡᠤᠭᠡᠳ ᠲᠤ ᠪᠠᠨ ᠰᠢᠯ ᠪᠦᠮᠪᠦᠭᠡ ᠬᠤᠳᠠᠯᠳᠤᠨ ᠠᠪᠴᠢᠷᠠᠭᠠᠳ ︽ᠪᠡᠬᠡᠵᠢᠩ ᠤᠨ | ᠪᠡᠯᠡᠭ︾ ᠪᠤᠯᠭᠠᠵᠤ ᠪᠠᠶᠢᠵᠠᠢ᠃ ᠲᠡᠷᠠ ᠨᠢ ᠬᠡᠤᠭᠡᠳ ᠪᠠᠭᠠᠴᠤᠳ ᠤᠨ ᠬᠤᠪᠤᠷ ᠴᠤᠬᠠᠭ ᠡᠳ᠋ ᠪᠤᠯᠤᠨ᠎ᠠ᠃ ᠲᠠᠷᠡ ᠨᠢ | ᠴᠢᠯᠠᠭᠤ ᠪᠠ ᠲᠤᠭᠤᠰᠬᠠᠨ ᠪᠦᠮᠪᠦᠭᠡ ᠲᠠᠢ ᠬᠠᠷᠭᠤᠪᠠᠯ ᠠᠮᠠᠷᠬᠠᠨ ᠬᠠᠭᠠᠷᠠᠳᠠᠭ᠃ ᠬᠡᠪᠡᠴᠤ ᠪᠦᠮᠪᠦᠭᠡ ᠨᠢᠰᠠᠯᠬᠤ ᠳᠤ | ᠪᠦᠮᠪᠦᠭᠡ ᠨᠢ ᠬᠠᠭᠠᠷᠠᠬᠰᠡᠨ ᠴᠦ ᠬᠡᠷᠡᠭ ᠨᠠᠬᠡᠮᠵᠢᠯᠡᠬᠦ ᠦᠬᠡᠢ ᠪᠠᠶᠢᠳᠠᠭ᠃ ᠬᠡᠪᠡᠴᠤ ᠪᠦᠮᠪᠦᠭᠡ ᠨᠢᠰᠠᠯᠬᠤ ᠳᠤ ᠪᠠᠨ | ᠲᠦᠷᠪᠡᠨ ᠬᠤᠷᠤᠭᠤ ᠪᠠᠨ ᠬᠠᠭᠠᠰ ᠵᠠᠩᠬᠢᠳᠴᠤ ᠡᠷᠡᠬᠡᠢ ᠬᠤᠷᠤᠭᠤᠨ ᠤ ᠪᠠᠨ ᠬᠤᠶᠠᠳᠤᠭᠠᠷ ᠦᠶ᠎ᠠ ᠲᠡᠭᠡᠷ᠎ᠠ | ᠬᠢᠮᠤᠰᠤ ᠪᠠᠨ ᠲᠤᠯᠭᠠᠵᠤ ᠡᠷᠡᠬᠡᠢ ᠬᠤᠷᠤᠭᠤᠨ ᠤ ᠪᠠᠨ ᠬᠢᠮᠤᠰᠤᠨ ᠲᠡᠬᠡᠷ᠎ᠠ ᠪᠦᠮᠪᠦᠭᠡ ᠪᠠᠨ ᠲᠠᠯᠪᠢᠭᠠᠳ ᠨᠢᠰᠠᠯᠠᠨ | ᠶᠠᠪᠤᠭᠤᠯᠬᠤ ᠪᠤᠶᠤ ᠠᠯᠤᠰ ᠵᠠᠢ ᠳᠤ ᠪᠠᠨ ᠲᠦᠯᠬᠢᠨ ᠨᠢᠰᠠᠯᠤᠨ᠎ᠠ᠃ | ᠪᠦᠮᠪᠦᠭᠡ ᠨᠢᠰᠠᠯᠬᠤ ᠲᠡᠰ ᠲᠠᠷᠠᠭᠠᠯᠠᠯ ᠢᠶᠠᠨ ᠲᠤᠭᠳᠠᠭᠠᠬᠤ ᠳᠤ ᠪᠠᠨ ᠲᠤᠷ᠎ᠠ ᠶᠢᠨ ᠨᠢᠭᠡᠨ ︽ᠴᠡᠭ︾ ᠠᠴᠠ | ᠡᠬᠢᠯᠡᠯᠳᠠ ᠶᠢᠨ ᠴᠡᠭ ᠪᠤᠯᠭᠠᠵᠤ᠂ ᠭᠠᠭᠴᠠᠭᠠᠷ ᠪᠤᠶᠤ ᠲᠤᠭᠤᠶᠢᠯᠠᠩ ᠤᠨ ᠲᠦᠷᠤᠬᠦᠤ ᠨᠢ ᠡᠬᠢᠨ ᠤ ᠴᠡᠭ ᠲᠡᠬᠡᠷ᠎ᠠ | ᠭᠠᠷ ᠢᠶᠠᠨ ᠲᠠᠯᠪᠢᠵᠤ ᠲᠤᠬᠳᠠᠬᠰᠡᠨ ᠶᠤᠰᠤᠭᠠᠷ ᠪᠦᠮᠪᠦᠭᠡ ᠪᠠᠨ ᠡᠷᠡᠬᠡᠢ ᠬᠤᠷᠤᠭᠤᠨ ᠤ ᠬᠢᠮᠤᠰᠤᠨ ᠲᠡᠭᠡᠷ᠎ᠠ ᠲᠠᠯᠪᠢᠵᠤ᠂ | ᠪᠦᠮᠪᠦᠭᠡ ᠪᠠᠨ ᠡᠰᠡᠷᠬᠦ ᠲᠠᠯ᠎ᠠ ᠶᠢᠨ ᠴᠡᠭ ᠵᠦᠭ ᠨᠢᠰᠡᠯᠤᠨ ᠨᠦᠬᠡᠡ ᠳᠤ ᠤᠷᠤᠭᠤᠯᠤᠨ᠎ᠠ᠃ ᠨᠠᠭᠠᠳᠤᠮ ᠳᠤ ᠨᠢᠭᠡ | ᠴᠡᠭ ᠠᠴᠠ ᠨᠦᠬᠦᠭᠡ ᠴᠡᠭ ᠵᠦᠭ ᠶᠠᠪᠤᠬᠤ ᠳᠤ ᠪᠠᠨ ᠡᠷᠬᠡᠪᠰᠢ ᠨᠠᠷᠠᠨ ᠵᠦᠭ ᠤᠨ ᠡᠷᠬᠢᠯᠳᠠ ᠪᠠᠷ ᠵᠦᠪ ᠢᠶᠠᠷ ᠡᠷᠬᠢᠬᠦ | ᠬᠡᠷᠡᠭᠳᠠᠢ᠃ ᠲᠤᠰ ᠪᠦᠷᠢ ᠪᠦᠮᠪᠦᠭᠡ ᠪᠠᠨ ᠨᠢᠰᠠᠯᠤᠨ ᠲᠠᠭᠤᠰᠤᠬᠰᠡᠨ ᠤ ᠲᠠᠷᠠᠭ᠎ᠠ᠂ ᠬᠡᠨ ᠤ ᠬᠢᠨ ᠪᠦᠮᠪᠦᠭᠡ ︵ᠨᠦᠬᠡ︶ | ᠳᠤ ᠤᠷᠤᠬᠰᠡᠨ ᠪᠠᠶᠢᠪᠠᠯ᠂ ᠬᠡᠨ ᠤᠷᠢᠳᠠᠪᠠᠷ ︵ᠲᠠᠷᠤᠢ ᠨᠢᠬᠡᠳᠤᠭᠡᠷ︶ ᠲᠠᠷᠠᠭᠠᠯᠠᠨ ᠴᠡᠭ ᠲᠤ ᠬᠤᠶᠠᠷ ᠭᠤᠷᠪᠠᠨ | ᠬᠦᠮᠤᠨ ᠤ ᠪᠦᠮᠪᠦᠭᠡ ᠤᠷᠤᠬᠰᠡᠨ ᠪᠠᠶᠢᠪᠠᠯ ᠦᠷᠬᠦᠯᠵᠢᠯᠡᠨ ᠨᠦᠬᠦᠭᠡ ᠴᠡᠭ ᠵᠦᠭ ᠨᠢᠰᠠᠯᠤᠨ ᠲᠡᠰ ᠢᠶᠠᠨ ᠲᠤᠬᠳᠠᠭᠠᠨ᠎ᠠ | ᠃ | ᠲᠡᠰ ᠢᠶᠠᠨ ᠲᠤᠬᠳᠠᠭᠠᠬᠰᠡᠨ ᠤ ᠲᠠᠷᠠᠭ᠎ᠠ ᠨᠠᠭᠠᠳᠤᠮ ᠡᠬᠢᠯᠡᠨ᠎ᠠ᠂ ᠨᠠᠭᠠᠳᠤᠮᠴᠢᠳ ᠲᠤᠬᠳᠠᠬᠰᠡᠨ ᠲᠡᠰ | ᠲᠠᠷᠠᠭᠠᠯᠠᠯ ᠢᠶᠠᠷ ᠢᠶᠠᠨ ᠡᠬᠢᠨ ᠴᠡᠭ ᠠᠴᠠ ᠦᠭᠬᠦᠬᠡᠳ ᠴᠡᠭ ᠤᠷᠤᠭᠤ ᠪᠦᠮᠪᠦᠭᠡ ᠪᠠᠨ ᠨᠢᠰᠠᠯᠤᠨ᠎ᠠ᠃ ᠪᠦᠮᠪᠦᠭᠡ | ᠨᠢᠰᠠᠯᠬᠤ ᠳᠤ ᠪᠠᠨ ᠨᠦᠬᠡᠨ ᠳᠤ ᠤᠷᠤᠬᠰᠡᠨ ᠪᠠᠶᠢᠪᠠᠯ ᠦᠷᠬᠦᠯᠵᠢᠯᠡᠨ ᠨᠦᠬᠦᠭᠡ ᠴᠡᠭ ᠵᠦᠭ ᠶᠠᠪᠤᠵᠤ ᠪᠤᠯᠤᠨ᠎ᠠ᠃ | ᠬᠡᠪᠡᠴᠤ ᠤᠯᠠᠩᠬᠢ ᠨᠢ ᠤᠨᠳᠤᠤ ᠵᠦᠭ ᠨᠢᠰᠤᠯᠬᠤ ᠪᠤᠶᠤ ᠴᠡᠭ ᠤᠨ ᠬᠦᠪᠡᠭᠡᠨ ᠳᠤ ᠲᠠᠯᠪᠢᠵᠤ ︽ᠨᠤᠭᠤᠭ᠎ᠠ ᠢᠳᠡᠬᠦ︾ | ᠪᠠᠷ ᠬᠦᠯᠢᠶᠡᠵᠤ ᠪᠤᠯᠳᠠᠭ᠃ ᠡᠨᠠ ᠨᠢ ᠬᠡᠨᠡᠨ ᠶᠠᠪᠤᠳᠠᠯ ᠪᠤᠯᠵᠤ ᠪᠤᠰᠤᠳ ᠲᠤ ︽ᠨᠤᠭᠤᠭ᠎ᠠ︾ ᠢᠳᠡᠬᠦᠯᠳᠡᠭ᠃ | ᠨᠢᠭᠡ ᠴᠡᠭ ᠠᠴᠠ ᠨᠦᠬᠦᠭᠡ ᠴᠡᠭ ᠲᠤ ᠬᠢ ᠪᠦᠮᠪᠦᠭᠡ ᠨᠢᠰᠠᠯᠬᠤ ᠳᠤ ᠪᠠᠨ ᠬᠠᠮᠤᠭ ᠠᠩᠬ᠎ᠠ ᠲᠤᠰ ᠴᠡᠭ | ᠲᠤ ᠤᠷᠤᠵᠤ ᠪᠠᠶᠢᠪᠠᠯ ︽ᠬᠠᠯᠠᠭᠤᠨ ᠨᠤᠭᠤᠭ᠎ᠠ︾ ᠢᠳᠡᠳᠡᠭ᠃ ︽ᠬᠠᠯᠠᠭᠤᠨ ᠨᠤᠭᠤᠭ᠎ᠠ︾ ᠢᠳᠡᠬᠦ ᠨᠢ ᠴᠡᠭ ᠤᠨ | ᠨᠦᠬᠡᠨ ᠲᠡᠭᠡᠷ᠎ᠠ ᠲᠠᠯᠪᠢᠵᠤ ᠬᠢᠮᠤᠰᠤ ᠪᠠᠷ ᠢᠶᠠᠨ ᠪᠦᠮᠪᠦᠭᠡ ᠪᠠᠨ ᠨᠢᠰᠠᠯᠤᠨ᠂ ᠨᠦᠬᠦᠬᠡ ᠡᠳᠡᠬᠡᠳ ᠤᠨ ᠢᠶᠠᠨ | ᠪᠦᠮᠪᠦᠭᠡ ᠶᠢ ᠤᠨᠤᠭᠠᠨ᠎ᠠ᠃ ᠪᠦᠮᠪᠦᠭᠡ ᠶᠢ ᠤᠨᠤᠭᠠᠬᠰᠡᠨ ᠪᠠᠶᠢᠪᠠᠯ ᠲᠦᠷᠪᠠ ᠤᠳᠠᠭ᠎ᠠ ᠨᠤᠭᠤᠭ᠎ᠠ ᠢᠳᠡᠵᠦ | ᠪᠤᠯᠳᠠᠭ᠃ ᠦᠬᠡᠷ᠎ᠠ ᠪᠠᠷ ᠬᠡᠯᠡᠪᠠᠯ ︽ᠬᠠᠯᠠᠭᠤᠨ ᠨᠤᠭᠤᠭ᠎ᠠ︾ ᠶᠢ ᠲᠠᠪᠤᠨᠳᠠ ᠢᠳᠡᠳᠡᠭ᠃ ᠬᠡᠷᠪᠠ ᠪᠤᠰᠤᠳ ᠤᠨ | ᠪᠦᠮᠪᠦᠭᠡ ᠶᠢᠨ ᠢᠶᠠᠨ ᠪᠠᠶᠢᠬᠰᠡᠨ ᠤᠷᠤᠨ ᠲᠡᠭᠡᠷ᠎ᠠ ᠲᠤᠶᠢᠯᠠᠵᠤ ᠲᠤᠯᠤᠪᠤᠷ ᠡᠷᠡᠬᠡᠢ ᠬᠤᠷᠤᠭᠤ ᠪᠠᠷ ᠢᠶᠠᠨ ᠪᠦᠮᠪᠦᠭᠡ | ᠬᠠᠪᠴᠢᠨ ᠪᠠᠷᠢᠵᠤ᠂ ᠨᠦᠬᠦᠭᠡ ᠪᠦᠮᠪᠦᠭᠡ ᠪᠠᠷ ᠢᠶᠠᠨ ᠨᠤᠭᠤᠭ᠎ᠠ ᠢᠳᠡᠵᠤ ᠪᠤᠯᠤᠨ᠎ᠠ᠃ ᠲᠠᠪᠤᠨ ᠤᠳᠠᠭ᠎ᠠ ᠨᠤᠭᠤᠭ᠎ᠠ | ᠢᠳᠡᠬᠦ ᠳᠤ ᠪᠠᠨ ᠲᠠᠪᠤᠳᠠᠬᠢ ᠤᠳᠠᠭ᠎ᠠ ᠪᠠᠨ ᠶᠡᠷᠦ ᠨᠦᠬᠦᠭᠡ ᠡᠳᠡᠬᠡᠳ ᠤᠨ ᠢᠶᠠᠨ ᠪᠦᠮᠪᠦᠭᠡ ᠶᠢ ᠬᠦᠴᠤᠳᠠᠢ ᠨᠢᠰᠠᠯᠤᠨ | ᠲᠠᠭᠤᠳᠠᠭ᠃ ᠬᠠᠯᠠᠭᠤᠨ ᠨᠤᠭᠤᠭ᠎ᠠ ᠢᠳᠡᠭᠰᠡᠨ ᠤ ᠲᠠᠷᠠᠭ᠎ᠠ ︽ᠲᠠᠪᠤᠨ ᠠᠯᠬᠤᠮ︾ ᠶᠠᠪᠤᠵᠤ ᠪᠤᠯᠤᠨ᠎ᠠ᠃ ᠡᠨᠡᠬᠦ | ᠲᠠᠪᠤᠨ ᠠᠯᠬᠤᠮ ᠢ ᠤᠯᠠᠩᠬᠢ ᠳᠤ ᠪᠠᠨ ᠨᠢᠭᠡᠨ ᠪᠦᠮᠪᠦᠭᠡ ᠶᠢ ᠲᠠᠭᠤᠨ ᠲᠠᠷᠠᠭᠠᠴᠢ ᠶᠢᠨ ᠴᠡᠭ ᠤᠨ ᠢᠶᠠᠨ ᠲᠡᠷᠬᠡᠳᠠ | ᠲᠠᠯᠪᠢᠵᠪ ᠦᠪᠡᠷ ᠢᠶᠠᠨ ᠲᠡᠷᠬᠡᠳᠠ ᠲᠠᠯᠪᠢᠵᠤ ᠦᠪᠡᠷ ᠢᠶᠠᠨ ᠴᠡᠭ ᠲᠤ ᠭᠠᠯ ᠠᠴᠠ ᠵᠠᠶᠢᠳᠠᠭᠤᠯᠤᠨ ᠬᠦᠬᠡᠬᠡᠨᠠ᠃ | ᠨᠤᠭᠤᠭ᠎ᠠ ᠢᠳᠡᠬᠦ ᠳᠤ ᠦᠬᠡᠷ᠎ᠠ ᠪᠤᠰᠤᠳ ᠤᠨ ᠪᠦᠮᠪᠦᠭᠡ ᠬᠡᠵᠤ ᠢᠯᠭᠠᠬᠤ ᠦᠬᠡᠢ ᠴᠦᠮ ᠢᠳᠡᠵᠤ ᠪᠤᠯᠤᠨ᠎ᠠ᠃ ᠡᠨᠠ | ᠮᠡᠳᠤ ᠪᠠᠨ ᠡᠬᠢᠨ ᠤ ᠴᠡᠭ ᠠᠴᠠ ᠡᠬᠢᠯᠡᠨ ᠰᠡᠬᠦᠯᠴᠢ ᠶᠢᠨ ᠴᠡᠭ ᠬᠦᠷᠳᠡᠯ᠎ᠠ ᠲᠦᠷᠪᠠ ᠤᠳᠠᠭᠠᠨ ᠤ ᠬᠠᠯᠠᠭᠤᠨ | ᠨᠤᠭᠤᠭ᠎ᠠ ᠢᠳᠡᠬᠦ ᠲᠤᠬᠢᠶᠠᠯ ᠪᠠᠶᠢᠨ᠎ᠠ᠃ ᠡᠬᠦᠨ ᠠᠴᠠ ᠭᠠᠳᠠᠨ᠎ᠠ ︽ᠬᠦᠢᠳᠡᠨ ᠨᠤᠭᠤᠭ᠎ᠠ︾ ᠭᠡᠵᠤ ᠪᠠᠶᠢᠳᠠᠭ᠃ | ᠨᠢᠭᠡ ᠴᠡᠭ ᠠᠴᠠ ᠰᠢᠨ᠎ᠠ ᠨᠢᠭᠡᠨ ᠴᠡᠭ ᠬᠦᠷᠬᠦ ᠳᠤ ᠪᠠᠨ ᠨᠢᠭᠡ ᠤᠳᠠᠭ᠎ᠠ ᠬᠠᠯᠠᠭᠤᠨ ᠨᠤᠭᠤᠭ᠎ᠠ ᠢᠳᠡᠭᠰᠡᠨ ᠪᠤᠶᠤ | ᠨᠤᠭᠤᠭ᠎ᠠ ᠢᠳᠡᠬᠦ ᠭᠡᠳ ᠡᠰᠡ ᠴᠢᠳᠠᠭᠠᠳ ᠲᠠᠬᠢᠨ ᠲᠤᠰ ᠴᠡᠭ ᠲᠤ ᠤᠷᠤᠬᠰᠡᠨ ᠤ ᠲᠠᠷᠠᠭ᠎ᠠ ᠬᠦᠢᠳᠡᠨ ᠨᠤᠭᠤᠭ᠎ᠠ | ᠢᠳᠡᠳᠡᠭ᠃ ᠬᠦᠢᠳᠡᠨ ᠨᠤᠭᠤᠭ᠎ᠠ ᠶᠢ ᠭᠤᠷᠪᠠᠨᠳᠠ ᠢᠳᠡᠵᠤ ᠭᠤᠷᠪᠠᠨ ᠠᠯᠬᠤᠮ ᠶᠠᠪᠤᠨ᠎ᠠ᠃ | ᠬᠠᠯᠠᠭᠤᠨ ᠬᠦᠢᠳᠡᠨ ᠨᠤᠭᠤᠭ᠎ᠠ ᠢᠳᠡᠬᠦ ᠳᠤ ᠪᠠᠨ ᠴᠦᠮ ᠪᠦᠮᠪᠦᠭᠡ ᠨᠢᠰᠡᠯᠤᠨ ᠪᠠᠶᠢᠭ᠎ᠠ ᠬᠦᠮᠤᠨ᠄ ︽ | ᠨᠢᠭᠡ ᠠᠮᠠ᠂ ᠬᠤᠶᠠᠷ ᠠᠮᠠ︙︾ ᠭᠡᠵᠤ ᠠᠮᠠ ᠲᠤᠭᠠᠯᠠᠨᠠ᠂ ᠠᠯᠬᠤᠮ ᠶᠠᠪᠤᠬᠤ ᠳᠤ ᠪᠠᠨ ᠮᠦᠨ᠄ ︽ᠨᠢᠭᠡ | ᠠᠯᠬᠤᠮ᠂ ᠬᠤᠶᠠᠷ ᠠᠯᠬᠤᠮ᠂ ᠭᠤᠷᠪᠠᠨ ᠠᠯᠬᠤᠮ︙︾ ᠭᠡᠵᠤ ᠠᠯᠬᠤᠮ ᠲᠤᠭᠠᠯᠠᠨᠠ᠃ ᠡᠬᠦᠨ ᠳᠤ ᠪᠦᠮᠪᠦᠭᠡ | ᠨᠢᠰᠠᠯᠤᠬᠴᠢ ᠬᠡᠷᠪᠡ ᠪᠦᠮᠪᠦᠭᠡ ᠪᠠᠨ ᠬᠡᠴᠢᠶᠡᠮᠵᠢ ᠦᠬᠡᠢ ᠠᠯᠳᠠᠵᠤ ᠶᠠᠪᠤᠭᠤᠯᠪᠠᠯ ᠨᠢᠭᠡ ᠠᠯᠬᠤᠮ ᠶᠠᠪᠤᠬᠰᠡᠨ ᠢᠶᠠᠷ | ᠪᠤᠳᠤᠨ᠎ᠠ᠃ | ᠨᠤᠭᠤᠭ᠎ᠠ ᠢᠳᠡᠬᠦ ᠪᠤᠶᠤ ᠠᠯᠬᠤᠮ ᠶᠠᠪᠤᠬᠤ ᠳᠤ ᠪᠠᠨ ᠦᠪᠡᠷ ᠤᠨ ᠲᠤᠭᠤᠶᠢᠯᠠᠩ ᠪᠤᠶᠤ ᠪᠤᠰᠤ ᠪᠦᠮᠪᠦᠭᠡ ᠶᠢ | ᠤᠷᠤᠬᠤ ᠬᠡᠵᠤ ᠪᠠᠶᠢᠬᠤ ᠴᠡᠭ ᠲᠤ ᠨᠢ ᠬᠦᠭᠡᠭᠡᠨ ᠤᠷᠤᠭᠤᠯᠬᠤ ᠪᠠ ᠠᠯᠳᠠᠵᠤ ᠤᠷᠤᠭᠤᠯᠤᠬᠰᠡᠨ ᠪᠠᠶᠢᠪᠠᠯ ᠴᠡᠭ | ᠲᠤ ᠤᠷᠤᠬᠰᠡᠨ ᠢᠶᠠᠷ ᠲᠤᠭᠠᠴᠢᠨ᠎ᠠ ᠃ ᠴᠡᠭ ᠠᠯᠤᠰᠯᠠᠨ ᠨᠦᠬᠡᠨ ᠳᠤ ᠤᠷᠤᠪᠠᠯ᠂ ᠴᠡᠭ ᠲᠤ ᠤᠷᠤᠬᠰᠡᠨ ᠢᠶᠠᠷ | ᠲᠤᠭᠠᠴᠢᠬᠤ ᠦᠬᠡᠢ᠃ | ᠪᠦᠮᠪᠦᠭᠡ ᠨᠢᠰᠡᠯᠤᠨᠬᠴᠢ ᠪᠠᠰᠠ ᠪᠦᠮᠪᠦᠭᠡ ᠶᠢ ᠬᠦᠭᠡᠭᠡᠨ ᠭᠠᠷᠭᠠᠵᠤ ᠪᠤᠯᠤᠨ᠎ᠠ᠃ ᠪᠦᠮᠪᠦᠭᠡ ᠶᠢ ᠬᠦᠭᠡᠭᠡᠨ | ᠭᠠᠷᠭᠠᠬᠤ ᠳᠤ ᠪᠦᠮᠪᠦᠭᠡ ᠨᠢᠰᠠᠯᠤᠨᠬᠴᠢ ᠡᠷᠬᠡᠪᠰᠢ ᠦᠪᠡᠷ ᠤᠨ ᠪᠦᠮᠪᠦᠭᠡ ᠪᠠᠨ ᠬᠦᠴᠤᠯᠡᠨ ᠨᠢᠰᠡᠯᠵᠤ ᠨᠦᠬᠦᠭᠡ | ᠪᠦᠮᠪᠦᠭᠡ ᠪᠠᠨ ᠨᠢᠰᠡᠯᠤᠬᠰᠡᠨ ᠬᠦᠴᠤ ᠪᠠᠷ ᠨᠦᠬᠡᠨ ᠠᠴᠠ ᠭᠠᠷᠭᠠᠬᠤ ᠭᠡᠷᠡᠭᠳᠠᠢ᠃ ᠪᠤᠰᠤ ᠠᠷᠭ᠎ᠠ ᠪᠠᠷ ᠭᠠᠷᠭᠠᠵᠤ | ᠪᠤᠯᠬᠤ ᠦᠬᠡᠢ᠃ ᠲᠤᠰ ᠨᠦᠬᠡ ᠨᠢ ᠪᠦᠮᠪᠦᠭᠡ ᠨᠢᠰᠠᠯᠤᠨᠬᠴᠢ ᠶᠢᠨ ᠠᠩᠬ᠎ᠠ ᠤᠷᠤᠵᠤ ᠪᠠᠶᠢᠭ᠎ᠠ ᠴᠡᠭ ᠪᠤᠯ ᠲᠠᠪᠤᠨᠳᠠ | ᠨᠢᠰᠠᠯᠤᠨ ᠬᠠᠯᠠᠭᠤᠨ ᠨᠤᠭᠤᠭ᠎ᠠ ᠢᠳᠡᠵᠤ ᠨᠢᠰᠠᠯᠤᠨ ᠬᠦᠭᠡᠭᠡᠨ ᠭᠠᠷᠭᠠᠬᠤ ᠪᠠ ᠬᠦᠢᠳᠡᠨ ᠨᠤᠭᠤᠭ᠎ᠠ ᠪᠠᠶᠢᠪᠠᠯ | ᠭᠤᠷᠪᠠᠨᠳᠠ ᠨᠢᠰᠤᠯᠡᠨ ᠬᠦᠭᠡᠭᠡᠨ ᠭᠠᠷᠭᠠᠵᠤ ᠪᠤᠯᠤᠨ᠎ᠠ᠃ ᠨᠦᠭᠡᠨ ᠳᠤ ᠤᠷᠤᠬᠰᠡᠨ ᠪᠦᠮᠪᠦᠭᠡ ᠶᠢ ᠬᠦᠭᠡᠭᠡᠨ | ᠭᠠᠷᠭᠠᠬᠤ ᠨᠢ ᠴᠦᠮ ᠨᠤᠭᠤᠭ᠎ᠠ ᠢᠳᠡᠭᠰᠡᠨ ᠪᠠᠶᠢᠬᠤ ᠬᠡᠷᠡᠭᠳᠠᠢ᠃ ᠨᠤᠭᠤᠭ᠎ᠠ ᠢᠳᠡᠨ ᠡᠰᠡ ᠬᠦᠭᠡᠭᠡᠨ ᠭᠠᠷᠭᠠᠵᠤ | ᠴᠢᠳᠠᠪᠠᠯ ᠠᠯᠬᠤᠮ ᠢᠶᠠᠨ ᠲᠤᠭᠠᠯᠠᠨᠠ ᠶᠠᠪᠤᠵᠤ᠂ ᠨᠦᠬᠦᠭᠡ ᠴᠡᠭ ᠲᠤ ᠪᠠᠨ ᠤᠷᠤᠬᠤ ᠪᠤᠶᠤ ᠰᠡᠬᠦᠯᠴᠢ ᠶᠢᠨ ᠨᠢᠭᠡᠨ | ᠠᠯᠬᠤᠮ ᠳᠤ ᠪᠠᠨ ᠪᠤᠴᠠᠨ ᠢᠷᠡᠵᠤ᠂ ᠴᠡᠭ ᠲᠤ ᠤᠷᠤᠭᠠᠳ ᠲᠠᠬᠢᠨ ᠪᠦᠮᠪᠦᠭᠡ ᠶᠢ ᠬᠦᠭᠡᠭᠡᠨ ᠭᠠᠷᠭᠠᠵᠤ ᠪᠤᠯᠤᠨ᠎ᠠ᠃ | ᠴᠡᠭ ᠠᠯᠤᠰᠯᠠᠨ ᠨᠦᠬᠡᠨ ᠳᠤ ᠤᠷᠤᠬᠰᠡᠨ ᠪᠠᠶᠢᠪᠠᠯ ᠡᠶᠢᠮᠤ ᠨᠦᠬᠦᠴᠡᠯ ᠤᠳ ᠦᠬᠡᠢ᠃ ᠠᠯᠬᠤᠮ | ᠲᠠᠷᠠᠭᠠᠯᠠᠯ ᠢᠶᠠᠷ ᠢᠶᠠᠨ ᠴᠡᠭ ᠤᠷᠤᠬᠰᠡᠨ ᠪᠠᠶᠢᠪᠠᠯ ᠤᠷᠤᠬᠰᠡᠨ ᠴᠡᠭ ᠤᠨ ᠢᠶᠠᠨ ᠠᠯᠢ ᠨᠢᠭᠡᠨ ᠳᠤ ᠤᠷᠤᠬᠰᠡᠨ ᠴᠦ | ᠴᠦᠮ ᠬᠦᠢᠳᠡᠨ ᠨᠤᠭᠤᠭ᠎ᠠ ᠢᠳᠡᠵᠤ ᠪᠤᠯᠤᠨ᠎ᠠ᠃ | ᠲᠦᠷᠪᠡᠨ ᠨᠦᠭᠡᠨ ᠳᠤ ᠲᠠᠷᠠᠭᠠᠯᠠᠨ ᠤᠷᠤᠬᠤ ᠶᠢ ︽ᠴᠡᠭ ᠲᠤ ᠤᠷᠤᠬᠤ︾ ᠬᠡᠨ᠎ᠠ᠃ ᠪᠦᠮᠪᠦᠭᠡ | ᠨᠢᠰᠠᠯᠤᠨᠬᠴᠢ ᠨᠢᠭᠡ ᠴᠡᠭ ᠠᠴᠠ ᠪᠠᠨ ᠡᠬᠢᠯᠡᠨ ᠶᠠᠪᠤᠵᠤ᠂ ᠲᠡᠰ ᠲᠠᠷᠠᠭᠠᠯᠠᠨ ᠴᠡᠭ ᠲᠤ ᠤᠷᠤᠵᠤ᠂ ᠬᠠᠮᠤᠭ ᠰᠡᠬᠦᠯ | ᠳᠤ ᠡᠬᠢᠯᠡᠯᠡᠳᠠ ᠶᠢᠨ ᠤᠷᠤᠨ ᠳᠤ ᠢᠷᠡᠵᠤ᠂ ᠴᠡᠭ ᠲᠤ ᠤᠷᠤᠭᠠᠳ ᠴᠡᠭ ᠲᠤ ᠤᠷᠤᠬᠤ ᠲᠡᠬᠦᠰᠳᠡᠭ᠃ ᠲᠦᠷᠪᠡᠨ | ᠴᠡᠭ ᠢ ᠤᠷᠤᠬᠤ ᠳᠤ ᠪᠠᠨ ᠵᠠᠶᠢᠯᠠᠬᠤ ᠴᠢᠬᠤᠯᠠᠳᠠᠢ ᠪᠤᠯ ᠪᠦᠮᠪᠦᠭᠡ ᠨᠢᠰᠠᠯᠤᠨᠬᠴᠢ ᠤᠨᠳᠤᠤ ᠵᠦᠭ ᠲᠤ ᠨᠢᠭᠡ ᠠᠯᠬᠤᠮ | ᠵᠠᠶᠢᠯᠠᠵᠤ ᠲᠤᠳᠠᠭᠠᠨ ᠵᠠᠶᠢᠯᠵᠤ ᠪᠤᠯᠤᠨ᠎ᠠ᠃ | ᠲᠦᠷᠪᠡᠨ ᠴᠡᠭ ᠢ ᠡᠬᠡᠯᠵᠢᠯᠡᠨ ᠲᠡᠬᠦᠰᠪᠠᠯ ᠭᠠᠯ ᠳᠤ ︽ᠭᠠᠯ︾ ᠪᠤᠯᠤᠨ᠎ᠠ᠃ ᠲᠠᠷᠤᠢ ᠲᠦᠪ ᠨᠦᠬᠡᠨ ᠳᠤ ᠪᠦᠮᠪᠦᠭᠡ | ᠤᠷᠤᠭᠤᠯᠬᠤ ᠶᠠᠪᠤᠳᠠᠯ ᠪᠤᠯᠤᠨ᠎ᠠ ᠃ ᠵᠠᠷᠢᠮ ᠨᠠᠭᠠᠳᠤᠮᠴᠢᠨ ᠪᠠᠰᠠ ᠨᠦᠬᠦᠭᠡ ᠡᠳᠡᠭᠡᠳ ᠤᠨ ᠢᠶᠠᠨ ᠪᠦᠮᠪᠦᠭᠡ ᠶᠢ | ᠤᠷᠤᠭᠤᠯᠬᠤ ᠶᠠᠪᠤᠳᠠᠯ ᠪᠤᠯᠤᠨ᠎ᠠ᠃ ᠵᠠᠷᠢᠮ ᠨᠠᠭᠠᠳᠤᠮᠴᠢ ᠪᠠᠰᠠ ᠨᠦᠬᠦᠭᠡ ᠡᠳᠡᠭᠡᠳ ᠤᠨ ᠢᠶᠠᠨ ᠪᠦᠮᠪᠦᠭᠡ ᠶᠢ ᠭᠠᠯ ᠳᠤ | ᠬᠦᠭᠡᠭᠡᠨ ᠤᠷᠤᠭᠤᠯᠬᠤ ᠦᠵᠡᠭᠳᠡᠯ ᠪᠤᠢ᠃ ᠲᠡᠬᠦᠨ ᠢ ᠭᠠᠯ ᠳᠤ ᠢᠳᠡᠭᠳᠡᠨᠠ ᠭᠡᠳᠡᠭ᠃ ᠭᠠᠯ ᠳᠤ ᠢᠳᠡᠭᠳᠡᠭᠰᠡᠨ | ᠪᠦᠮᠪᠦᠭᠡ ᠶᠡᠷᠦ ᠳᠤ ᠪᠠᠨ ᠡᠷᠬᠡ ᠪᠠᠨ ᠠᠯᠳᠠᠵᠤ᠂ ᠭᠠᠯ ᠳᠤ ᠤᠷᠤᠬᠰᠡᠨ ᠬᠦᠮᠤᠨ ᠰᠠᠶ᠋ᠢ ᠲᠡᠬᠦᠨ ᠢ ᠭᠠᠯ ᠠᠴᠠ | ᠬᠦᠭᠡᠬᠡᠨ ᠭᠠᠷᠭᠠᠳᠠᠭ᠃ ᠭᠠᠯ ᠳᠤ ᠤᠷᠤᠬᠰᠡᠨ ᠨᠠᠭᠠᠳᠤᠮᠴᠢ ᠭᠠᠯ ᠪᠤᠯᠤᠬᠰᠡᠨ ᠢ ᠪᠠᠨ ᠲᠠᠷᠠᠭ᠎ᠠ᠂ ᠡᠰᠡᠷᠬᠦ | ᠡᠳᠡᠬᠡᠳ ᠢᠶᠠᠨ ᠠᠯᠠᠨ᠎ᠠ᠃ ᠲᠠᠷᠤᠢ ᠭᠠᠯ ᠳᠤ ᠤᠷᠤᠭ᠎ᠠ ᠦᠬᠡᠢ ᠪᠤᠢ ᠪᠦᠬᠦᠢ ᠪᠦᠮᠪᠦᠭᠡ ᠪᠤᠯᠤᠨ ᠭᠠᠯ ᠳᠤ | ᠤᠷᠤᠬᠰᠡᠨ ᠪᠦᠮᠪᠦᠭᠡ ᠬᠡᠵᠤ ᠢᠯᠭᠠᠬᠤ ᠦᠬᠡᠢ ᠪᠤᠢ ᠪᠦᠬᠦᠢ ᠪᠦᠮᠪᠦᠭᠡ ᠪᠤᠯᠤᠨ ᠭᠠᠯ ᠳᠤ ᠤᠷᠤᠬᠰᠡᠨ ᠪᠦᠮᠪᠦᠭᠡ | ᠦᠪᠡᠷ ᠤᠨ ᠲᠡᠰ ᠲᠠᠷᠠᠭᠠᠯᠠᠯ ᠢᠶᠠᠷ ᠢᠶᠠᠨ ᠵᠦᠪᠬᠡᠨ ᠨᠢᠭᠡ ᠠᠯᠬᠤᠮ ᠶᠠᠪᠤᠵᠤ ᠪᠤᠯᠤᠨ᠎ᠠ᠃ ᠨᠤᠭᠤᠭ᠎ᠠ ᠢᠳᠡᠳᠡᠭ | ᠦᠬᠡᠢ᠃ ᠭᠠᠯ ᠪᠢᠰᠢ ᠪᠦᠮᠪᠦᠭᠡ ᠬᠡᠷᠪᠡ ᠭᠠᠯ ᠲᠠᠢ ᠮᠦᠷᠬᠦᠯᠳᠤᠭ᠍ᠰᠡᠨ ᠪᠠᠶᠢᠪᠠᠯ ᠦᠪᠡᠷ ᠬᠠᠪᠢ ᠳᠤ ᠨᠢ ᠪᠠᠶᠢᠪᠠᠯ᠄ ︽ | ᠵᠠᠮ ᠵᠠᠶᠢᠯᠠ︕︾ ᠭᠡᠵᠤ ᠭᠠᠯ ᠢ ᠵᠠᠮ ᠵᠠᠶᠢᠯᠠᠭᠤᠯᠳᠠᠭ᠃ ᠠᠷᠤ ᠳᠤ ᠨᠢ ᠪᠠᠶᠢᠪᠠᠯ ᠵᠠᠮ ᠵᠠᠶᠢᠯᠠᠭᠤᠯᠳᠠᠭ ᠦᠬᠡᠢ᠃ | ᠠᠷᠤ ᠳᠤ ᠨᠢ ᠪᠠᠶᠢᠪᠠᠯ ᠵᠠᠮ ᠵᠠᠶᠢᠯᠠᠭᠤᠯᠳᠠᠭ ᠦᠬᠡᠢ᠃ ᠭᠠᠯ ᠪᠤᠯᠤᠬᠴᠢ ᠡᠰᠡᠷᠬᠦ ᠲᠠᠯ᠎ᠠ ᠶᠢᠨ ᠪᠦᠮᠪᠦᠭᠡ ᠨᠦᠭᠦᠳ ᠢ | ᠠᠯᠠᠵᠤ ᠲᠠᠭᠤᠰᠪᠠᠯ ᠨᠢᠭᠡ ᠡᠬᠡᠯᠵᠢᠶᠡᠨ ᠤ ᠨᠠᠭᠠᠳᠤᠮ ᠲᠠᠬᠦᠰᠤᠨᠠ᠃ ᠬᠡᠷᠪᠠ ᠴᠡᠭᠲ᠋ᠣ ᠤᠷᠤᠭ᠎ᠠ ᠦᠬᠡᠢ ᠪᠦᠮᠪᠦᠭᠡ | ᠭᠠᠯ ᠳᠤ ᠪᠠᠶᠢᠪᠠᠯ ᠲᠡᠬᠦᠨ ᠢ ᠭᠠᠯ ᠠᠴᠠ ᠬᠦᠭᠡᠭᠡᠨ ᠭᠠᠷᠭᠠᠵᠤ ᠠᠯᠠᠬᠤ ᠬᠡᠷᠡᠭᠳᠠᠢ᠃ ᠲᠡᠶᠢᠮᠤ ᠪᠢᠰᠢ ᠪᠤᠯ ᠨᠠᠭᠠᠳᠤᠮ | ᠲᠠᠬᠦᠰᠬᠦ ᠦᠬᠡᠢ᠃ ᠭᠠᠯ ᠳᠤ ᠢᠳᠡᠭᠳᠡᠭᠰᠡᠨ ᠪᠦᠮᠪᠦᠭᠡ ᠶᠢ ᠪᠠᠰᠠ ᠦᠪᠡᠷ ᠤᠨ ᠲᠠᠯ᠎ᠠ ᠬᠢᠨ ᠭᠠᠯ ᠠᠴᠠ ᠬᠦᠭᠡᠭᠡᠨ | ᠭᠠᠷᠭᠠᠵᠤ ᠨᠠᠭᠠᠳᠤᠮ ᠲᠠᠭᠤᠰᠤᠭ᠎ᠠ ᠦᠬᠡᠢ ᠦᠶ᠎ᠠ ᠳᠤ ᠲᠠᠬᠢᠨ ᠴᠡᠭ ᠢᠶᠠᠨ ᠲᠡᠰ ᠲᠠᠷᠠᠭᠠᠯᠠᠨ ᠤᠷᠤᠵᠤ ᠭᠠᠯ ᠪᠤᠯᠵᠤ | ᠪᠤᠯᠤᠨ᠎ᠠ᠃ ᠬᠡᠷᠪᠠ ᠲᠤᠭᠤᠶᠢᠯᠠᠩ ᠬᠤᠪᠢᠶᠠᠵᠤ ᠨᠠᠭᠠᠳᠤᠬᠰᠡᠨ ᠦᠶ᠎ᠠ ᠳᠤ ᠲᠤᠰ ᠲᠤᠭᠤᠶᠢᠯᠠᠩ ᠤᠨ ᠬᠡᠨ ᠨᠢᠭᠡ ᠨᠢ | ᠭᠠᠯ ᠪᠤᠯᠤᠭᠠᠳ ᠪᠤᠰᠤ ᠲᠤᠭᠤᠶᠢᠯᠠᠭ ᠤᠨ ᠪᠦᠮᠪᠦᠭᠡ ᠶᠢ ᠨᠢᠭᠡᠨᠳᠠ ᠢᠳᠡᠵᠤ ᠲᠠᠭᠤᠰᠤᠬᠰᠡᠨ ᠪᠠᠶᠢᠪᠠᠯ ᠮᠦᠨ ᠨᠠᠭᠠᠳᠤᠮ | ᠲᠠᠬᠦᠰᠤᠨᠠ᠃ ᠠᠯᠢ ᠨᠢᠭᠡᠨ ᠲᠤᠭᠤᠶᠢᠯᠠᠩ ᠴᠦ ᠬᠠᠮᠢᠶ᠎ᠠ ᠦᠬᠡᠢ ᠨᠢᠭᠡ ᠬᠦᠮᠤᠨ ᠦᠯᠡᠳᠡᠭᠡᠨ ᠪᠤᠰᠤ ᠪᠦᠮᠪᠦᠭᠡ ᠶᠢ | ᠠᠯᠠᠵᠤ ᠲᠠᠭᠤᠰᠪᠠᠯ ᠢᠯᠠᠬᠴᠢ ᠪᠤᠯᠳᠠᠭ᠃ | ᠭᠠᠯ ᠪᠤᠯᠤᠬᠰᠡᠨ ᠪᠦᠮᠪᠦᠭᠡ ᠨᠢᠭᠡ ᠶᠢ ᠬᠠᠷᠪᠤᠵᠤ ᠠᠯᠠᠬᠰᠡᠨ ᠤ ᠪᠠᠨ ᠲᠠᠷᠠᠭ᠎ᠠ᠂ ᠲᠠᠬᠢᠨ ᠨᠢᠭᠡ ᠠᠯᠬᠤᠮ ᠶᠠᠪᠤᠵᠤ᠂ | ᠤᠨᠳᠤᠤ ᠪᠦᠮᠪᠦᠭᠡ ᠶᠢ ᠪᠠᠰᠠ ᠠᠯᠠᠵᠤ ᠪᠤᠯᠤᠨ᠎ᠠ᠃ ᠴᠢᠬᠤᠯᠠᠳᠠᠢ ᠦᠶ᠎ᠠ ᠳᠤ ᠪᠠᠰᠠ ᠨᠦᠬᠦᠭᠡ ᠲᠠᠯ᠎ᠠ ᠶᠢᠨ | ᠪᠦᠮᠪᠦᠭᠡ ᠪᠠᠨ ᠪᠠᠰᠠ ᠠᠯᠠᠬᠤ ᠶᠢᠨ ᠲᠦᠯᠤᠬᠡ ᠦᠪᠡᠷ ᠤᠨ ᠲᠠᠯ᠎ᠠ ᠶᠢᠨ ᠪᠦᠮᠪᠦᠭᠡ ᠪᠠᠨ ᠠᠯᠠᠵᠤ ︽ᠬᠦᠬᠦᠷᠭᠡ︾ | ᠪᠤᠯᠭᠠᠨ ᠴᠢᠨᠠᠬᠰᠢ ᠶᠠᠪᠤᠵᠤ ᠲᠠᠬᠢᠨ ᠨᠢᠭᠡ ᠠᠯᠬᠤᠮ ᠳᠤ ᠪᠠᠨ ᠪᠦᠮᠪᠦᠭᠡ ᠶᠢ ᠠᠯᠠᠵᠤ ᠪᠤᠯᠤᠨ᠎ᠠ᠃ ᠭᠠᠯ ᠪᠤᠯᠤᠬᠴᠢ | ᠨᠢᠭᠡ ᠪᠦᠮᠪᠦᠭᠡ ᠤᠨᠤᠭᠠᠨ ᠠᠯᠠᠪᠠᠯ ᠪᠠᠰᠠ ᠨᠢᠭᠡ ᠠᠯᠬᠤᠮ ᠶᠠᠪᠤᠵᠤ ᠪᠤᠰᠤ ᠪᠦᠮᠪᠦᠭᠡ ᠶᠢ ᠠᠯᠠᠬᠤ ᠡᠷᠬᠡ ᠲᠠᠢ᠃ | ᠨᠢᠰᠠᠯᠤᠨᠬᠰᠡᠨ ᠪᠦᠮᠪᠦᠭᠡ ᠤᠨᠤᠭᠠᠨ ᠡᠰᠡ ᠴᠢᠳᠠᠬᠰᠡᠨ ᠨᠦᠬᠦᠴᠡᠯ ᠲᠤᠤᠷ᠎ᠠ ᠬᠠᠮᠢᠭ᠎ᠠ ᠪᠠᠶᠢᠪᠠᠯ ᠲᠡᠷᠠ ᠤᠷᠤᠨ ᠠᠴᠠ | ᠨᠢ ᠬᠦᠳᠡᠯᠭᠡᠳᠡᠭ ᠦᠬᠡᠢ᠃ ᠨᠠᠭᠠᠳᠤᠮ ᠳᠤ ᠵᠠᠷᠢᠮ ᠳᠤ ᠪᠠᠨ ᠬᠡᠳᠤᠨ ᠭᠠᠯ ᠪᠤᠯᠤᠭᠠᠳ ᠬᠠᠷᠢᠯᠴᠠᠨ ᠠᠯᠠᠯᠳᠤᠨᠠ᠃ | ᠬᠡᠨ ᠤ ᠪᠦᠮᠪᠦᠭᠡ ᠨᠦᠬᠦᠭᠡ ᠭᠠᠯ ᠢᠶᠠᠨ ᠤᠨᠤᠭᠠᠨ ᠴᠢᠳᠠᠪᠠᠯ ᠤᠨᠤᠬᠳᠠᠬᠰᠡᠨ ᠪᠦᠮᠪᠦᠭᠡ ᠦᠬᠦᠳᠡᠭ᠃ | ᠪᠦᠮᠪᠦᠭᠡ ᠨᠢᠰᠠᠯᠠᠬᠤ ᠳᠤ ᠪᠦᠮᠪᠦᠭᠡ ᠶᠢ ᠬᠡᠵᠢᠶᠡᠳᠠ ᠬᠦᠳᠡᠯᠬᠡᠵᠤ ᠪᠤᠯᠬᠤ ᠦᠬᠡᠢ᠃ ᠵᠠᠷᠢᠮ ᠦᠶ᠎ᠠ ᠳᠤ | ᠬᠤᠶᠠᠷ ᠪᠦᠮᠪᠦᠭᠡ ᠨᠠᠭᠠᠯᠳᠤᠨ ᠲᠤᠬᠳᠠᠳᠠᠭ᠃ ᠡᠶᠢᠮᠤ ᠪᠠᠶᠢᠳᠠᠯ ᠲᠤᠤᠷ᠎ᠠ ᠨᠢᠰᠠᠯᠠᠬᠤ ᠡᠬᠡᠯᠵᠢ ᠪᠤᠯᠤᠬᠰᠡᠨ ᠦᠶ᠎ᠠ ᠳᠤ | ᠪᠦᠮᠪᠦᠭᠡ ᠪᠠᠨ ᠬᠡᠴᠢᠶᠡᠮᠵᠢᠳᠡᠶᠢᠬᠡᠨ ᠠᠪᠤᠨ᠎ᠠ᠃ ᠪᠤᠰᠤᠳ ᠤᠨ ᠪᠦᠮᠪᠦᠭᠡ ᠶᠢ ᠬᠦᠳᠡᠯᠬᠡᠪᠡᠯ ᠶᠠᠪᠤᠬᠤ ᠡᠷᠬᠡ ᠪᠠᠨ ᠨᠢᠭᠡ | ᠤᠳᠠᠭ᠎ᠠ ᠠᠯᠳᠠᠨ᠎ᠠ᠃ | ᠪᠦᠮᠪᠦᠭᠡ ᠨᠢᠰᠠᠯᠠᠬᠤ ᠳᠤ ᠭᠠᠷ ᠤᠨ ᠡᠷᠳᠠᠮ ᠬᠡᠷᠡᠭᠳᠠᠢ ᠪᠠᠷ ᠪᠠᠷᠠᠬᠤ ᠦᠬᠡᠢ᠂ ᠪᠠᠰᠠ ᠤᠯᠠᠨ ᠵᠦᠢᠯ ᠤᠨ | ᠠᠷᠭ᠎ᠠ ᠤᠬᠠᠭᠠᠨ ᠬᠡᠷᠡᠭᠳᠠᠢ᠃ ᠲᠡᠬᠦᠨ ᠳᠤ ᠤᠷᠤᠬᠰᠢᠯᠠᠬᠤ᠂ ᠲᠤᠳᠠᠭᠠᠨ ᠵᠠᠶᠢᠯᠠᠬᠤ᠂ ᠠᠷᠭ᠎ᠠ ᠬᠡᠷᠡᠭᠯᠡᠬᠦ ᠮᠡᠳᠤ ᠠᠷᠭ᠎ᠠ | ᠤᠬᠠᠭᠠᠨ ᠲᠤᠳᠠᠬᠳᠠᠵᠤ ᠪᠤᠯᠬᠤ ᠦᠬᠡᠢ᠃ | |