ᠭᠢᠲᠠᠨ ᠶᠡᠭᠡ ᠦᠰᠦᠭ ᠪᠠᠭ᠎ᠠ ᠦᠰᠦᠭ
ᠨᠡᠶᠢᠲᠡᠯᠡᠭᠰᠡᠨ ᠴᠠᠭ᠄
2015/8/11
             ᠭᠢᠲᠠᠨ ᠶᠡᠭᠡ ᠦᠰᠦᠭ ᠪᠠᠭ᠎ᠠ ᠦᠰᠦᠭ                                          ᠪᠤ᠂ ᠫᠧᠷᠯᠠᠢ         ᠭᠢᠳᠠᠨ ᠥᠰᠥᠭ ᠲᠤ ᠬᠤᠶᠠᠷ ᠵᠤᠶᠢᠯ ᠪᠤᠢ᠂ ᠨᠢᠭᠡ ᠨᠢ ᠭᠢᠳᠠᠨ ᠶᠡᠭᠡ ᠥᠰᠥᠭ ᠭᠡᠳᠡᠭ᠂ ᠨᠦᠭᠦᠭᠡ ᠨᠢ ᠭᠢᠳᠠᠨ ᠪᠠᠭ᠎ᠠ ᠥᠰᠥᠭ ᠭᠡᠳᠡᠭ  ᠃ ᠭᠢᠳᠠᠨ ᠶᠡᠭᠡ ᠥᠰᠥᠭ ᠨᠢ ᠭᠢᠳᠠᠨ ᠥᠰᠥᠭ ᠤᠨ ᠨᠥᠯᠥᠭᠡ ᠪᠠᠷ ᠪᠤᠢ ᠪᠤᠯᠵᠠᠢ᠂ ᠭᠢᠳᠠᠨ ᠪᠠᠭ᠎ᠠ ᠥᠰᠥᠭ ᠨᠢ ᠭᠢᠳᠠᠨ ᠥᠰᠥᠭ ᠪᠤᠯᠤᠨ ᠰᠤᠭᠳᠠᠵᠢᠨ ᠥᠰᠥᠭ ᠤᠨ ᠨᠢᠭᠡ ᠲᠦᠷᠦᠯ ᠪᠤᠯᠬᠤ ᠤᠶᠢᠭᠤᠷ ᠥᠰᠥᠭ ᠤᠨ ᠨᠥᠯᠥᠭᠡ ᠪᠠᠷ ᠪᠤᠢ ᠪᠤᠯᠵᠠᠢ᠃ ᠭᠢᠳᠠᠨ ᠥᠰᠥᠭ ᠢ ᠵᠤᠬᠢᠶᠠᠭᠰᠠᠨ ᠲᠤᠬᠠᠢ ︽ᠯᠢᠶᠤᠤ ᠤᠯᠤᠰ ᠤᠨ ᠰᠤᠳᠤᠷ︾ ︵︽辽史︾︶ ᠲᠤ᠄ ︽ᠱᠧᠨ ᠽᠧ ᠶᠢᠨ ᠲᠠᠪᠤᠳᠤᠭᠠᠷ ᠤᠨ ᠤ ᠴᠠᠭᠠᠨ ᠰᠠᠷ᠎ᠠ ᠶᠢᠨ ᠴᠠᠭᠠᠭᠴᠢᠨ ᠦᠬᠡᠷ ᠡᠳᠦᠷ ᠭᠢᠳᠠᠨ ᠶᠡᠭᠡ ᠦᠰᠦᠭ ᠢ ᠡᠬᠢᠯᠡᠨ ᠵᠤᠬᠢᠶᠠᠪᠠᠢ᠃ ᠁ ᠶᠢᠰᠤᠨ ᠰᠠᠷ᠎ᠠ ᠶᠢᠨ ᠁ ᠬᠠᠷ᠎ᠠ ᠪᠠᠷᠰ ᠡᠳᠦᠷ ᠶᠡᠭᠡ  ᠦᠰᠦᠭ ᠢ ᠪᠦᠷᠢᠨ ᠵᠤᠬᠢᠶᠠᠵᠦ ᠳᠠᠭᠤᠰᠤᠭᠠᠳ᠂ ᠵᠠᠷᠯᠢᠭ ᠪᠠᠷ ᠨᠡᠶᠢᠲᠡᠯᠡᠨ ᠬᠡᠷᠡᠭᠯᠡᠭᠦᠯᠪᠡᠢ︾᠂ ︽ᠲᠦᠯᠢᠦ᠋ᠢᠪᠦᠦ(突吕不)᠂ ᠡᠷᠭᠦᠭᠰᠡᠨ ᠨᠡᠷ᠎ᠡ ᠨᠢ ᠳ᠋ᠦᠸᠧ ᠭᠦᠨ(铎衮)᠂ ᠪᠠᠭ᠎ᠠ ᠠᠴᠠ ᠰᠡᠴᠡᠨ ᠰᠡᠷᠭᠦᠯᠡᠩ᠂ ᠰᠤᠷᠬᠤᠢ ᠳᠤᠷ ᠳᠤᠷᠠᠲᠠᠢ᠃ ᠲᠠᠶᠢᠽᠤ ᠬᠠᠭᠠᠨ᠎ᠠ ᠦᠢᠯᠡᠴᠢᠯᠡᠭᠡᠳ ᠬᠦᠨᠳᠦ ᠪᠠᠷ ᠬᠡᠷᠡᠭᠯᠡᠭᠳᠡᠪᠡᠢ᠃ ᠭᠢᠳᠠᠨ ᠶᠡᠭᠡ ᠦᠰᠦᠭ ᠢ ᠵᠤᠬᠢᠶᠠᠭᠠᠳ‌‍ᠲ᠋ᠦ᠋ᠯᠢᠦ᠋ᠢᠪᠦᠦ  ᠤᠯᠠᠨᠲᠠ ᠮᠠᠭᠲᠠᠭᠳᠠᠪᠠᠢ᠃ ᠳᠡᠮᠡᠢ ᠤᠳᠠᠯ ᠦᠭᠡᠢ ᠪᠢᠴᠢᠭ ᠤᠨ ᠵᠢᠰᠢᠶᠠᠨ ᠤ ᠯᠢᠨᠶᠠ(林牙) ᠶᠢᠨ ᠲᠤᠰᠢᠶᠠᠯ ᠳᠤᠷ ᠳᠡᠪᠰᠢᠭᠦᠯᠡᠭᠳᠡᠵᠦ᠂ ᠤᠯᠤᠰ ᠤᠨ  ᠬᠥᠪᠡᠭᠦᠳ ᠢ ᠳᠠᠭᠠᠭᠤᠯᠤᠭᠴᠢ ᠪᠦᠸᠧ ᠱᠢ(博士) ᠶᠢᠨ ᠵᠡᠷᠭᠡ ᠳᠤᠷ ᠭᠦᠷᠴᠦ᠂ ᠬᠠᠭᠠᠨ ᠤ ᠵᠠᠷᠯᠢᠭ ᠢ ᠲᠤᠭᠤᠷᠪᠢᠬᠤ ᠪᠤᠯᠪᠠᠢ︾᠃         ︽ᠢᠯᠡ᠂ ᠯᠦᠪᠦᠭᠦ (耶律鲁不古)᠂ ᠡᠷᠭᠦᠭᠰᠡᠨ ᠨᠡᠷ᠎ᠡ ᠢᠨᠤ ᠰᠢᠨ ᠨᠢᠩ (信宁)᠂ ᠲᠠᠶᠢᠽᠤ ᠬᠠᠭᠠᠨ ᠤ ᠦᠶᠡᠯᠢᠳ ᠠᠴᠢ ᠪᠤᠯᠠᠢ᠃ ᠡᠬᠢᠨ᠎ᠡ ᠲᠠᠶᠢᠽᠤ ᠬᠠᠭᠠᠨ ᠭᠢᠳᠠᠨ ᠤ ᠤᠯᠤᠰ ᠤᠨ ᠦᠰᠦᠭ  ᠵᠤᠬᠢᠶᠠᠬᠤᠢ ᠵᠠᠷᠯᠢᠭ ᠪᠠᠭᠤᠯᠭᠠᠭᠰᠠᠨ ᠳᠤᠷ ᠯᠦᠪᠤᠭᠦ ᠳᠠᠷᠤᠢ ᠳᠤᠷ ᠵᠤᠬᠢᠶᠠᠨ ᠭᠠᠷᠭᠠᠭᠰᠠᠨ᠎ᠠ ᠯᠢᠨᠶᠠ ᠶᠢᠨ ᠵᠡᠷᠭᠡ ᠰᠤᠶᠤᠷᠬᠠᠵᠦ᠂ ᠤᠯᠤᠰ ᠤᠨ ᠲᠡᠤᠬᠡ ᠪᠢᠴᠢᠭ ᠢ ᠬᠢᠨᠠᠭᠤᠯᠪᠠᠢ︾ ᠭᠡᠵᠦ ᠲᠡᠮᠳᠡᠭᠯᠡᠵᠡᠢ᠃        ︽ᠲᠠᠪᠤᠨ ᠲᠦᠷᠦ ᠶᠢᠨ ᠰᠢᠨ᠎ᠡ ᠰᠤᠳᠤᠷ︾(新五代史) ᠲᠤ᠄ ᠲᠠᠶᠢᠽᠤ ᠬᠠᠭᠠᠨ ︽ᠭᠢᠳᠠᠨ ᠬᠦᠮᠦᠨ ᠢ ᠤᠯᠠᠨ ᠬᠡᠷᠡᠭᠯᠡᠳᠡᠭ ᠠᠵᠤᠭᠤ᠂ ᠭᠢᠳᠠᠨ ᠬᠦᠮᠦᠨ‌‍ᠬᠢᠴᠢᠶᠡᠩᠭᠦᠢ ᠲᠢᠭ ᠤᠨ ᠬᠠᠭᠠᠰ ᠢ ᠨᠡᠮᠡᠬᠦ ᠪᠠ ᠬᠠᠰᠤᠬᠤ ᠶᠢ ᠰᠤᠷᠭᠠᠵᠤ᠂ ᠬᠡᠳᠤᠨ ᠮᠢᠩᠭᠠᠨ ᠦᠰᠦᠭ ᠵᠤᠬᠢᠶᠠᠯᠭᠠᠨ᠂ ᠮᠤᠳᠤᠨ ᠵᠤᠷᠭᠤᠵᠤ ᠪᠤᠯᠵᠤᠭᠠᠨ ᠲᠠᠯᠪᠢᠬᠤᠢ ᠶᠢ ᠤᠷᠤᠯᠠᠭᠤᠯᠪᠠᠢ︾ ᠭᠡᠵᠦ ᠲᠡᠮᠳᠡᠭᠯᠡᠵᠡᠢ᠃ ᠡᠳᠡᠭᠡᠷ ᠪᠤᠯ ᠴᠦᠮ ᠭᠢᠳᠠᠨ ᠶᠡᠭᠡ ᠦᠰᠦᠭ ᠢ ᠵᠤᠬᠢᠶᠠᠭᠰᠠᠨ ᠲᠤᠬᠠᠢ ᠮᠡᠳᠡᠭᠡ ᠨᠦᠭᠦᠳ ᠪᠤᠯᠤᠨ᠎ᠠ᠃        ᠭᠢᠳᠠᠨ ᠪᠠᠭ᠎ᠠ  ᠦᠰᠦᠭ ᠢ ᠵᠤᠬᠢᠶᠠᠭᠰᠠᠨ ᠲᠤᠬᠠᠢ ︽ᠳ᠋ᠢᠯᠠ᠂ ᠡᠷᠭᠦᠭᠰᠡᠨ ᠨᠡᠷ᠎ᠡ ᠢᠨᠤ ᠳ᠋ᠦᠭᠦᠨ (独昆)︾᠂ ︽ᠤᠶᠢᠭᠤᠷ ᠡᠯᠴᠢᠨ ᠢᠷᠡᠭᠰᠡᠨᠡ ᠲᠡᠭᠦᠨ ᠤ ᠦᠭᠡ ᠶᠢ ᠨᠡᠪᠲᠡᠷᠡᠬᠦ ᠬᠦᠮᠦᠨ ᠦᠭᠡᠢ᠂ ᠲᠠᠶᠢᠬᠡᠤ ᠬᠠᠲᠤᠨ ︵ᠡᠬᠡ ᠬᠠᠲᠤᠨ︶ ᠲᠠᠶᠢᠽᠤ ᠬᠠᠭᠠᠨ᠎ᠠ ᠦᠭᠦᠯᠡᠷᠤᠨ᠄ ᠳ᠋ᠢᠯᠠ ᠰᠡᠴᠡᠨ ᠰᠡᠷᠭᠦᠯᠡᠩ ᠲᠤᠯᠠ ᠬᠡᠷᠡᠭᠯᠡᠵᠦ ᠪᠤᠯᠤᠮᠤᠢ  ᠭᠡᠮᠡᠪᠡᠢ᠃ ᠲᠡᠭᠦᠨ ᠢ ᠶᠠᠪᠤᠭᠤᠯᠵᠤ ᠬᠤᠶᠠᠷ ᠵᠢᠯ ᠳᠠᠭᠠᠭᠤᠯᠤᠭᠰᠠᠨ᠎ᠠ ᠲᠡᠳᠡᠨ ᠤ ᠦᠭᠡ ᠦᠰᠦᠭ ᠢ ᠰᠤᠷᠵᠤᠬᠤᠢ᠂ ᠡᠭᠦᠨ᠎ᠡ ᠭᠢᠳᠠᠨ ᠪᠠᠭ᠎ᠠ ᠦᠰᠦᠭ ᠢ ᠵᠤᠬᠢᠶᠠᠯᠤᠭ᠎ᠠ᠂ ᠲᠤᠭ᠎ᠠ ᠢᠨᠤ ᠴᠦᠬᠡᠨ ᠪᠤᠭᠡᠳ ᠬᠤᠯᠪᠤᠨ ᠪᠢᠴᠢᠵᠤ ᠪᠤᠯᠤᠮᠤᠢ︾ ᠭᠡᠵᠦ ᠲᠡᠮᠳᠡᠭᠯᠡᠵᠡᠢ᠃         ᠢᠯᠡ᠂ ᠳ᠋ᠢᠯᠠ ᠪᠤᠯ ᠯᠢᠶᠤᠤ ᠤᠯᠤᠰ ᠤᠨ ᠲᠠᠶᠢᠽᠤ ᠬᠠᠭᠠᠨ ᠢᠯᠡ᠂ ᠠᠪᠠᠬᠢ ᠶᠢᠨ ᠳᠡᠭᠦᠤ ᠪᠤᠯᠤᠨ᠎ᠠ᠃ ᠡᠳᠡᠭᠡᠷ ᠲᠡᠮᠳᠡᠭᠯᠡᠯ ᠠᠴᠠ ᠦᠵᠡᠪᠡᠯ ᠭᠢᠳᠠᠨ ᠶᠡᠭᠡ ᠪᠠᠭ᠎ᠠ ᠦᠰᠦᠭ ᠢ ᠴᠦᠮ ᠢᠯᠡ᠂ ᠠᠪᠠᠬᠢ ᠶᠢᠨ ᠦᠶ᠎ᠡ᠂ ᠲᠤᠬᠠᠶᠢᠯᠠᠪᠠᠯ᠂ ᠠᠷᠪᠠᠳᠤᠭᠠᠷ ᠵᠠᠭᠤᠨ ᠤ ᠡᠬᠢ ᠪᠠᠷ ᠵᠤᠬᠢᠶᠠᠭᠳᠠᠭᠰᠠᠨ ᠶᠤᠮ ᠪᠠᠶᠢᠵᠠᠢ᠃ ᠲᠤᠳᠤᠷᠬᠠᠢ ᠰᠢᠭ᠋ ᠳᠤᠷᠠᠳᠤᠪᠠᠯ ᠭᠢᠳᠠᠨ ᠦᠰᠦᠭ ᠢ ᠱᠧᠨ ᠽᠧ ᠵᠢᠨ‌‍ᠲ᠋ᠠᠪᠤᠳᠤᠭᠠᠷ ︵920 ᠤᠨ︶   ᠳᠤ ᠵᠤᠬᠢᠶᠠᠵᠠᠢ᠃ ᠭᠢᠳᠠᠨ ᠪᠠᠭ᠎ᠠ ᠦᠰᠦᠭ ᠤᠨ ᠵᠤᠬᠢᠶᠠᠭᠰᠠᠨ ᠤᠨ ᠵᠢᠯ ᠢ  ︽ᠯᠢᠶᠤᠤ ᠤᠯᠤᠰ ᠤᠨ ᠰᠤᠳᠤᠷ︾ ᠲᠤ ᠲᠤᠳᠤᠷᠬᠠᠢs ᠲᠤᠰᠢᠶᠠᠭᠰᠠᠨ ᠦᠭᠡᠢ᠃        ᠭᠢᠳᠠᠨ ᠦᠰᠦᠭ ᠢ ᠬᠡᠷᠡᠭᠯᠡᠵᠦ ᠪᠠᠶᠢᠭᠰᠠᠨ ᠲᠤᠬᠠᠢ ︽ᠯᠢᠶᠤᠤ ᠤᠯᠤᠰ ᠤᠨ ᠰᠤᠳᠤᠷ︾ ᠲᠤ᠄ ᠭᠤᠤᠯᠳᠠᠭᠤ ᠭᠠᠪᠢᠶᠠᠨ ᠤ ᠬᠦᠰᠢᠶᠡᠨ ᠪᠢᠴᠢᠭ ᠪᠢᠴᠢᠬᠦ ᠪᠠ ᠡᠯ᠎ᠡ ᠠᠶᠢᠮᠠᠭ ᠬᠢᠭᠡᠳ ᠨᠤᠲᠤᠭ ᠤᠨ ᠨᠡᠷ᠎ᠡ ᠶᠢ ᠲᠡᠮᠳᠡᠭᠯᠡᠬᠦ᠂ ᠨᠤᠮ ᠲᠡᠪᠲᠡᠷ ᠤᠷᠴᠢᠭᠤᠯᠬᠤ ᠳᠡᠭᠡᠷ᠎ᠡ ᠬᠡᠷᠡᠭᠯᠡᠵᠦ ᠪᠠᠶᠢᠵᠠᠢ᠃ ᠶᠧ ᠯᠦᠩ ᠯᠢ ᠶᠢᠨ ︽ᠭᠢᠳᠠᠨ ᠪᠢᠴᠢᠭ ᠤᠨ ᠲᠤᠪᠴᠢᠶᠠᠨ︾᠂ ︽ᠯᠢᠶᠤᠤ ᠤᠯᠤᠰ ᠤᠨ ᠰᠤᠳᠤᠷ︾ ᠲᠤ ᠪᠠᠰᠠ ᠮᠠ ᠶᠧ ᠱᠠᠨ ᠠᠭᠤᠯᠠ ᠶᠢ ᠳᠠᠬᠢᠬᠤ ᠳᠤ ᠭᠢᠳᠠᠨ ᠦᠰᠦᠭ ᠪᠠᠷ ᠪᠢᠴᠢᠭᠰᠡᠨ ᠲᠠᠷᠨᠢ ᠰᠠᠶ᠋ᠢᠭ ᠢ ᠰᠢᠲᠠᠭᠠᠵᠦ ᠡᠷᠭᠦᠳᠡᠭ ᠭᠡᠰᠡᠨ ᠲᠡᠮᠳᠡᠭᠯᠡᠯ ᠪᠤᠢ᠃ ᠬᠠᠷᠠᠮᠰᠠᠯᠲᠠᠢ ᠨᠢ ᠡᠳᠡᠭᠡᠷ ᠭᠢᠳᠠᠨ ᠬᠡᠯᠡ ᠪᠠᠷ ᠤᠷᠴᠢᠭᠤᠯᠤᠭᠳᠠᠭᠰᠠᠨ ᠨᠤᠮ ᠪᠢᠴᠢᠭ ᠤᠳ ᠮᠠᠨ ᠤ ᠦᠶ᠎ᠡ ᠳᠤ ᠤᠯᠠᠮᠵᠢᠯᠠᠭᠳᠠᠨ ᠢᠷᠡᠵᠦ ᠴᠢᠳᠠᠭᠰᠠᠨ ᠦᠭᠡᠢ᠃        ᠯᠢᠶᠤᠤ ᠤᠯᠤᠰ ᠮᠦᠬᠦᠵᠦ᠂ ᠠᠯᠲᠠᠨ ᠤᠯᠤᠰ ᠲᠤᠭᠲᠠᠨᠢᠭᠰᠠᠨ ᠤ ᠳᠠᠷᠠᠭ᠎ᠠ ᠪᠠᠰᠠ ᠭᠢᠳᠠᠨ ᠪᠢᠴᠢᠭ ᠢ ᠬᠡᠷᠡᠭᠯᠡᠭᠰᠡᠭᠡᠷ ᠪᠠᠶᠢᠪᠠ᠃ ︽ᠠᠯᠲᠠᠨ ᠤᠯᠤᠰ ᠤᠨ ᠰᠤᠳᠤᠷ︾ (金史) ᠲᠤ ᠡᠨᠡ ᠲᠤᠬᠠᠢ᠄ ︽ᠠᠯᠲᠠᠨ ᠤᠯᠤᠰ ᠤᠨ ᠬᠦᠮᠦᠨ ᠡᠬᠢᠨ ᠳᠤᠷ ᠦᠰᠦᠭ ᠪᠢᠴᠢᠭ ᠭᠡᠮᠡᠨ ᠦᠭᠡᠢ᠂ ᠤᠯᠤᠰ ᠤᠨ ᠬᠦᠴᠦᠨ ᠡᠳᠤᠷ ᠢᠷᠡᠬᠦᠶ᠎ᠡ ᠴᠢᠬᠢᠷᠠᠭᠵᠢᠨ ᠡᠷᠭᠢᠨ ᠲᠤᠭᠤᠷᠢᠨ ᠤ ᠤᠯᠤᠰ ᠯᠤᠭ᠎ᠠ ᠶᠠᠪᠤᠯᠴᠠᠬᠤᠢ ᠳᠤᠷ ᠮᠦᠨ ᠬᠦ ᠭᠢᠲᠠᠨ ᠦᠰᠦᠭ ᠢ ᠬᠡᠷᠡᠭᠯᠡᠵᠦ ᠪᠠᠶᠢᠯᠤᠭ᠎ᠠ᠃ ᠲᠠᠶᠢᠽᠤ ᠬᠠᠭᠠᠨ ᠰᠢ ᠶᠢᠨ ᠢ ᠵᠠᠷᠯᠢᠭᠳᠠᠵᠤ ᠲᠤᠰ ᠤᠯᠤᠰ ᠤᠨ ᠦᠰᠦᠭ ᠢ ᠵᠤᠬᠢᠶᠠᠯᠭᠠᠵᠤ ᠳᠦᠷᠢᠮ ᠲᠤᠭᠲᠠᠭᠠᠯ ᠲᠤᠭᠲᠠᠭᠠᠬᠤᠢ ᠳᠤᠷ ᠪᠡᠯᠡᠳᠭᠡᠪᠠᠢ᠃ ᠰᠢ ᠶᠢᠨ ᠭᠢᠳᠠᠨ ᠦᠰᠦᠭ ᠤᠨ ᠬᠢᠴᠢᠶᠡᠩᠭᠦᠢ ᠲᠢᠭ ᠢ ᠳᠦᠷᠢᠮᠯᠡᠵᠦ ᠂ ᠭᠢᠳᠠᠨ ᠦᠰᠦᠭ ᠤᠨ ᠳᠦᠷᠢᠮ ᠢ ᠮᠦᠷᠳᠡᠨ᠂ ᠲᠤᠰ ᠤᠯᠤᠰ ᠤᠨ ᠦᠭᠡ ᠳᠤᠷ ᠳᠤᠬᠢᠷᠠᠭᠤᠯᠵᠦ ᠵᠦᠷᠴᠢᠨ ᠦᠰᠦᠭ ᠵᠤᠬᠢᠶᠠᠪᠠᠢ᠃ ᠲᠢᠶᠠᠨ ᠹᠦ᠋ ᠶᠢᠨ ᠭᠤᠷᠪᠠᠳᠤᠭᠠᠷ ᠤᠨ ᠤ ᠨᠠᠢᠮᠠᠨ ᠰᠠᠷ᠎ᠠ ᠳᠤ ᠦᠰᠦᠭ ᠢ ᠵᠦᠬᠢᠶᠠᠨ ᠭᠠᠷᠭᠠᠭᠰᠠᠨ᠎ᠠ ᠲᠠᠶᠢᠽᠤ ᠬᠠᠭᠠᠨ ᠶᠡᠬᠡᠲᠡ ᠪᠠᠶᠠᠷᠯᠠᠵᠤ ᠵᠠᠷᠯᠢᠭ ᠪᠠᠭᠤᠯᠭᠠᠨ ᠬᠡᠷᠡᠭᠯᠡᠭᠦᠯᠪᠡᠢ︾᠃ ᠲᠡᠭᠦᠨ ᠤ ᠳᠠᠷᠠᠭ᠎ᠠ ᠠᠯᠲᠠᠨ ᠤᠯᠤᠰ ᠤᠨ ︽ᠰᠢ  ᠰᠦᠩ(熙宗) ᠬᠠᠭᠠᠨ ᠪᠠᠰᠠ ᠨᠢᠭᠡ ᠵᠦᠢᠯ ᠤᠨ ᠵᠦᠷᠴᠢᠨ ᠦᠰᠦᠭ  ᠵᠤᠬᠢᠶᠠᠵᠤ ᠰᠢ ᠶᠢᠨ ᠤ ᠵᠤᠬᠢᠶᠠᠭᠰᠠᠨ ᠦᠰᠦᠭ   ᠯᠦᠭᠡ ᠵᠡᠷᠭᠡᠪᠡᠷ ᠬᠡᠷᠡᠭᠯᠡᠭᠦᠯᠪᠡᠢ᠃ ᠰᠢ ᠶᠢᠨ ᠤ ᠵᠤᠬᠢᠶᠠᠭᠰᠠᠨ ᠢ ᠠᠨᠤ  ᠵᠦᠷᠴᠢᠨ ᠶᠡᠭᠡ ᠦᠰᠦᠭ᠂ ᠰᠢ ᠰᠦᠩ ᠬᠠᠭᠠᠨ ᠤ ᠵᠤᠬᠢᠶᠠᠭᠰᠠᠨ ᠢ ᠠᠨᠤ  ᠵᠦᠷᠴᠢᠨ ᠪᠠᠭ᠎ᠠ ᠦᠰᠦᠭ ᠭᠡᠮᠡᠮᠤᠢ︾ ᠭᠡᠵᠦ ᠲᠡᠮᠳᠡᠭᠯᠡᠵᠡᠢ᠃ ᠠᠯᠲᠠᠨ ᠤᠯᠤᠰ ᠤᠨ ᠦᠶ᠎ᠡ ᠳᠤ ᠵᠦᠷᠴᠢᠨ ᠭᠢᠳᠠᠨ ᠦᠰᠦᠭ ᠢ ᠵᠡᠷᠭᠡᠪᠡᠷ ᠬᠡᠷᠡᠭᠯᠡᠵᠦ ᠪᠠᠶᠢᠭᠰᠠᠨ ᠲᠤᠬᠠᠢ ︽ᠠᠯᠲᠠᠨ ᠤᠯᠤᠰ ᠤᠨ ᠰᠤᠳᠤᠷ︾ ᠲᠤ ᠰᠢ ᠰᠦᠩ ᠬᠠᠭᠠᠨ᠄ ︽ᠲᠢᠶᠠᠨ ᠵᠢᠤᠸᠠᠨ ᠤ ᠲᠡᠷᠢᠭᠦᠨ ᠤᠨ ᠤ ᠴᠠᠭᠠᠨ ᠰᠠᠷ᠎ᠠ ᠶᠢᠨ ᠰᠢᠷ᠎ᠠ ᠬᠤᠯᠤᠭᠠᠨ᠎ᠠ ᠡᠳᠦᠷ ᠰᠢᠨᠢᠳ ᠲᠤᠷ ᠥᠷᠯᠦᠭᠡ ᠮᠢᠩ ᠳ᠋ᠧ ᠭᠦᠩ ᠤᠷᠳᠤᠨ᠎ᠠ ᠲᠦᠷᠦ ᠳᠤᠷ ᠭᠠᠷᠪᠠᠢ᠃ ᠁ ︵ᠡᠨᠡ ᠤᠳᠤᠭ᠎ᠠ ᠶᠢᠨ ᠪᠠᠷᠯᠠᠭᠭ᠎ᠠ ᠳᠤ︶ ᠵᠦᠷᠴᠢᠨ ᠪᠠᠭ᠎ᠠ ᠦᠰᠦᠭ ᠢ ᠵᠠᠷᠯᠠᠨ ᠬᠡᠷᠡᠭᠯᠡᠭᠦᠯᠪᠡᠢ᠃ ᠁ ᠶᠢᠰᠤᠨ ᠰᠠᠷ᠎ᠠ ᠶᠢᠨ ᠬᠦᠬᠡᠭᠴᠢᠨ ᠬᠤᠨᠢᠨ ᠡᠳᠦᠷ ᠤᠯᠠᠨ ᠨᠤᠶᠠᠳ ᠲᠦᠰᠢᠮᠡᠳ ᠲᠤ ᠵᠠᠷᠯᠢᠭ ᠪᠠᠭᠤᠯᠭᠠᠵᠤ ᠵᠦᠷᠴᠢᠨ᠂ ᠭᠢᠳᠠᠨ᠂ ᠬᠢᠲᠠᠳ ᠬᠦᠮᠦᠨ ᠲᠤᠰ ᠲᠤᠰ ᠤᠨ ᠦᠰᠦᠭ ᠢᠶᠠᠨ ᠬᠡᠷᠡᠭᠯᠡᠲᠦᠭᠡᠢ᠂ ᠪᠤᠬᠠᠰ (渤海) ᠬᠦᠮᠦᠨ ᠬᠢᠲᠠᠳ ᠯᠦᠭᠡ ᠠᠳᠠᠯᠢ ᠪᠤᠯᠲᠤᠭᠠᠢ ᠭᠡᠵᠦ ᠵᠠᠷᠯᠠᠪᠠᠢ᠃ ᠁ ᠠᠷᠪᠠᠨ ᠰᠠᠷ᠎ᠠ ᠶᠢᠨ ᠬᠥᠬᠡ ᠪᠠᠷᠰ ᠡᠳᠦᠷ ᠤᠨ ᠰᠢᠨᠢᠳ ᠲᠤᠷ ᠬᠠᠭᠠᠨ ᠤ ᠡᠮᠤᠨ᠎ᠡ ᠭᠢᠳᠠᠨ ᠦᠰᠦᠭ ᠬᠠᠮᠢᠶᠠᠷᠤᠭᠴᠢ ᠯᠢ ᠳ᠋ᠧ ᠭᠦ᠋ (李德固) ᠶᠢ ᠲᠦᠷᠦ ᠶᠢᠨ ᠬᠡᠷᠡᠭ ᠢ ᠵᠦᠪᠳᠡᠭᠴᠢ ᠲᠦᠰᠢᠮᠡᠯ (参知政事) ᠪᠤᠯᠭᠠᠪᠠᠢ︾ ᠭᠡᠵᠦ ᠲᠡᠮᠳᠡᠭᠯᠡᠵᠡᠢ ᠃ ᠡᠭᠦᠨ ᠠᠴᠠ ᠠᠯᠲᠠᠨ ᠤᠯᠤᠰ ᠤᠨ ᠦᠶ᠎ᠡ ᠳᠤ ᠪᠠᠰᠠ ᠨᠢᠭᠡ ᠬᠤᠭᠤᠴᠠᠭᠠᠨ᠎ᠠ ᠭᠢᠳᠠᠨ ᠦᠰᠦᠭ  ᠢᠳᠡᠪᠬᠢᠲᠠᠢ ᠬᠡᠷᠡᠭᠯᠡᠭᠳᠡᠵᠦ ᠪᠠᠶᠢᠭᠰᠠᠨ ᠢ ᠮᠡᠳᠡᠵᠦ ᠪᠤᠯᠤᠨ᠎ᠠ᠃ ᠵᠦᠷᠴᠢᠨ ᠦᠰᠦᠭ ᠢ ᠵᠤᠬᠢᠶᠠᠬᠤ ᠦᠶ᠎ᠡ ᠳᠤ ᠭᠢᠳᠠᠨ ᠦᠰᠦᠭ ᠨᠢ ᠨᠡᠯᠢᠶᠡᠳ ᠪᠤᠯᠪᠠᠰᠤᠷᠠᠩᠭᠤᠢ ᠦᠰᠦᠭ ᠪᠤᠯᠠᠴᠢᠬᠠᠭᠰᠠᠨ ᠪᠠᠶᠢᠳᠠᠭ᠂ ᠡᠶᠢᠮᠦ ᠠᠴᠠ ᠠᠯᠲᠠᠨ ᠤᠯᠤᠰ ᠤᠨ ᠵᠠᠰᠠᠭ ᠤᠨ ᠤᠷᠳᠤᠨ ᠤ ᠲᠡᠤᠬᠡ ᠪᠢᠴᠢᠭ ᠤᠨ ᠬᠦᠷᠢᠶᠡᠯᠡᠭ ᠳᠤ ᠰᠤᠳᠤᠷ ᠨᠤᠮ ᠪᠢᠴᠢᠬᠦ᠂ ᠬᠢᠲᠠᠳ ᠲᠡᠤᠬᠡ ᠰᠤᠳᠤᠷ ᠢ ᠤᠷᠴᠢᠭᠤᠯᠬᠤ ᠳᠠᠭᠠᠨ ᠤᠷᠢᠳᠠᠪᠡᠷ ᠭᠢᠳᠠᠨ ᠬᠡᠯᠡ ᠳᠡᠭᠡᠷ᠎ᠡ ᠤᠷᠴᠢᠭᠤᠯᠴᠢᠬᠠᠭᠠᠳ ᠳᠠᠷᠠᠭ᠎ᠠ ᠨᠢ ᠰᠠᠶ᠋ᠢ ᠵᠦᠷᠴᠢᠨ ᠬᠡᠯᠡᠨ ᠳᠡᠭᠡᠷ᠎ᠡ ᠤᠷᠴᠢᠭᠤᠯᠵᠦ ᠪᠠᠶᠢᠪᠠ᠃ ᠡᠨᠡ ᠲᠤᠬᠠᠢ ︽ᠠᠯᠲᠠᠨ ᠤᠯᠤᠰ ᠤᠨ  ᠰᠤᠳᠤᠷ︾ ᠲᠤ᠄ ︽ᠲᠦᠷᠦ ᠶᠢᠨ ᠲᠡᠤᠬᠡ ᠶᠢᠨ  ᠬᠦᠷᠢᠶᠡᠯᠡᠩ ᠲᠡᠤᠬᠡ  ᠪᠢᠴᠢᠬᠦᠢ ᠳᠤᠷ ᠵᠧᠩ ᠯᠦᠩ (正隆) ᠤᠨ ᠲᠡᠷᠢᠭᠦᠨ ᠤᠨ ᠳᠤ ᠵᠦᠷᠴᠢᠨ ᠬᠡᠯᠡ ᠪᠠᠷ ᠪᠢᠴᠢᠬᠦᠢ ᠳᠤᠷ ᠤᠷᠢᠳᠠᠪᠡᠷ ᠭᠢᠳᠠᠨ ᠦᠰᠦᠭ ᠢᠶᠠᠷ ᠰᠤᠷᠢᠵᠦ ᠤᠷᠴᠢᠭᠤᠯᠤᠭᠰᠠᠨ ᠤ ᠳᠠᠷᠠᠭ᠎ᠠ  ᠵᠦᠷᠴᠢᠨ ᠦᠰᠦᠭ ᠲᠤᠷ ᠪᠠᠭᠤᠯᠭᠠᠲᠤᠭᠠᠢ᠂ ᠬᠢᠵᠠᠭᠠᠷ ᠠᠨᠤ ᠭᠤᠷᠪᠠᠨ ᠵᠠᠭᠤᠨ ᠦᠰᠦᠭ ᠠᠴᠠ ᠳᠡᠭᠡᠭᠰᠢ ᠪᠤᠯᠭᠠᠲᠤᠭᠠᠢ ᠭᠡᠵᠦ ᠲᠤᠭᠲᠠᠭᠠᠵᠠᠢ᠃ ᠭᠢᠳᠠᠨ ᠪᠢᠴᠢᠭᠡᠴᠢ᠂ ᠭᠢᠳᠠᠨ ᠶᠡᠭᠡ ᠪᠠᠭ᠎ᠠ ᠦᠰᠦᠭ  ᠲᠤᠷ ᠪᠤᠯᠪᠠᠰᠤᠷᠠᠩᠭᠤᠢ᠂ ᠬᠢᠲᠠᠳ ᠢᠶᠠᠷ ᠪᠢᠴᠢᠭᠰᠡᠨ ᠨᠤᠮ ᠰᠤᠳᠤᠷᠤᠰ ᠢ ᠭᠤᠷᠪᠠᠨ ᠵᠠᠭᠤᠨ ᠦᠰᠦᠭ ᠠᠴᠠ ᠳᠡᠭᠡᠭᠰᠢ ᠂ ᠲᠠᠪᠤᠨ ᠦᠭᠡ ᠶᠢᠨ ᠪᠤᠶᠤ ᠳᠤᠯᠤᠭᠠᠨ ᠦᠭᠡ ᠶᠢᠨ᠂ ᠳᠦᠷᠪᠡᠨ ᠦᠭᠡ ᠶᠢᠨ ᠰᠢᠯᠦᠭ ᠢ ᠨᠢᠭᠡ ᠰᠢᠯᠦᠭ ᠤᠷᠴᠢᠭᠤᠯᠵᠤ ᠭᠢᠳᠠᠨ ᠦᠰᠦᠭ ᠢᠶᠠᠷ ᠰᠡᠳᠤᠪ ᠭᠠᠷᠭᠠᠮᠤᠢ  ᠃  ᠭᠢᠳᠠᠨ ᠰᠢᠯᠭᠠᠭᠴᠢ ᠨᠢᠭᠡᠨᠲᠡ ᠰᠢᠭᠦᠮᠵᠢᠯᠡᠨ ᠦᠭᠦᠯᠡᠵᠦ᠂ ᠲᠠᠢ ᠴᠠᠩ ᠵᠢᠶᠠᠨ ᠲᠤᠤ (太常检讨) ᠶᠢᠨ ᠳᠡᠰ ᠤᠨ ᠰᠠᠶᠢᠳ ᠢ ᠰᠢᠯᠭᠠᠷᠠᠭᠤᠯᠤᠨ ᠭᠠᠷᠭᠠᠮᠤᠢ︾ ᠭᠡᠵᠦ ᠦᠭᠦᠯᠡᠵᠡᠢ ᠠᠯᠲᠠᠨ ᠤᠯᠤᠰ ᠡᠨᠡ ᠮᠡᠲᠦ1191 ᠤᠨ ᠪᠤᠯᠲᠠᠯ᠎ᠠ ᠭᠢᠳᠠᠨ‌ᠦᠰᠦᠭ ᠢ ᠬᠦᠨᠳᠦᠳᠭᠡᠨ ᠬᠡᠷᠡᠭᠯᠡᠵᠦ ᠪᠠᠶᠢᠵᠠᠢ᠃ ᠲᠤᠬᠠᠶᠢᠯᠠᠪᠠᠯ᠂ ᠠᠯᠲᠠᠨ ᠤᠯᠤᠰ ᠤᠨ ᠵᠠᠩᠰᠦ᠋ᠩ ᠬᠠᠭᠠᠨ ᠤ ᠮᠢᠩ ᠴᠠᠩ ᠤᠨ ᠬᠤᠶᠠᠳᠤᠭᠠᠷ ᠤᠨ ︵ᠤᠨ ᠲᠤᠭᠠᠯᠠᠯ ᠤᠨ1191 ᠤᠨ︶ ᠤ ᠳᠦᠷᠪᠡᠨ ᠰᠠᠷ᠎ᠠ ᠶᠢᠨ ᠬᠠᠷᠠᠭᠴᠢᠨ ᠮᠤᠭᠠᠢ ᠡᠳᠦᠷ ︽ᠶᠢᠤ ᠰᠧ(有司) ᠶᠠᠮᠤᠨ ᠳᠤ ᠬᠢᠲᠠᠳ ᠪᠢᠴᠢᠭ ᠠᠴᠠ ᠵᠦᠷᠴᠢᠨ ᠠᠴᠠ ᠰᠢᠭᠤᠳ ᠤᠷᠴᠢᠭᠤᠯᠲᠤᠭᠠᠢ ᠭᠡᠵᠦ  ᠮᠡᠳᠡᠭᠳᠡᠵᠦ᠂ ᠲᠦᠷᠦ ᠶᠢᠨ ᠲᠡᠤᠬᠡ ᠶᠢᠨ ᠬᠤᠷᠢᠶᠠᠨ ᠤ ᠲᠤᠰᠬᠠᠶᠢᠯᠠᠨ ᠭᠢᠲᠠᠨ ᠦᠰᠦᠭ ᠢᠶᠠᠷ ᠪᠢᠴᠢᠬᠦᠢ ᠶᠢ ᠵᠤᠭᠰᠤᠭᠠᠭᠰᠠᠨ ᠪᠠᠶᠢᠨ᠎ᠠ︾᠂ ᠲᠤᠰ ᠵᠢᠯ ᠤᠨ ᠠᠷᠪᠠᠨ ᠬᠤᠶᠠᠷ ᠰᠠᠷ᠎ᠠ ᠶᠢᠨ ᠬᠦᠬᠡᠭᠴᠢᠨ ᠲᠠᠬᠢᠶ᠎ᠠ ᠡᠳᠦᠷ ︽ᠵᠠᠷᠯᠢᠭ ᠪᠠᠭᠤᠯᠭᠠᠨ ᠭᠢᠲᠠᠨ ᠦᠰᠦᠭ ᠬᠡᠷᠡᠭᠯᠡᠬᠦ ᠶᠢ ᠵᠤᠭᠰᠤᠭᠠᠪᠠᠢ︾᠃        ᠡᠨᠡ ᠮᠡᠲᠦ ᠭᠢᠲᠠᠨ ᠦᠰᠦᠭ ᠢ ᠵᠦᠬᠢᠶᠠᠭᠰᠠᠨ ᠠᠴᠠ ᠠᠯᠲᠠᠨ ᠤᠯᠤᠰ ᠤᠨ ᠵᠠᠩᠰᠦ᠋ᠩ ᠬᠠᠭᠠᠨ ᠵᠠᠷᠯᠢᠭ ᠪᠠᠭᠤᠯᠭᠠᠨ ᠭᠢᠲᠠᠨ ᠦᠰᠦᠭ ᠬᠡᠷᠡᠭᠯᠡᠬᠦ ᠶᠢ ᠵᠤᠭᠰᠤᠭᠠᠬᠤ ᠬᠦᠷᠲᠡᠯ᠎ᠡ ᠲᠡᠭᠦᠨ ᠢ ᠲᠦᠷᠦ ᠶᠢᠨ ᠪᠢᠴᠢᠭ ᠪᠤᠯᠭᠠᠨ ᠭᠤᠷᠪᠠᠨ ᠵᠠᠭᠤ ᠰᠢᠬᠠᠮ ᠵᠢᠯ ᠬᠡᠷᠡᠭᠯᠡᠭᠰᠡᠨ ᠪᠠᠶᠢᠨ᠎ᠠ᠃ ᠪᠤᠲᠤᠬᠤ ᠶᠢᠨ ᠠᠴᠠ ᠬᠤᠶᠢᠰᠢ ᠲᠦᠷᠦ ᠳᠤ ᠬᠡᠷᠡᠭᠯᠡᠬᠦ ᠪᠠᠨ ᠪᠤᠯᠢᠭᠰᠠᠨ ᠪᠤᠯᠪᠠᠴᠦ ᠠᠷᠠᠳ ᠤᠨ ᠲᠤᠮᠲᠠ ᠮᠦᠨ ᠯᠠ ᠬᠡᠷᠡᠭᠯᠡᠭᠳᠡᠭᠰᠡᠭᠡᠷ ᠪᠠᠶᠢᠵᠦ᠂ ᠭᠢᠲᠠᠨᠴᠤᠳ ᠤᠨ ᠲᠡᠤᠬᠡ ᠶᠢᠨ ᠪᠠᠶᠢᠷᠢ ᠰᠠᠭᠤᠷᠢ ᠳᠤᠷᠤᠭᠰᠢᠯᠠᠬᠤ ᠶᠢ  ᠳᠠᠭᠠᠯᠳᠤᠨ ᠠᠭᠠᠵᠢᠮ ᠢᠶᠠᠷ ᠪᠠᠯᠠᠷᠠᠨ ᠰᠦᠨᠦᠭᠰᠡᠨ ᠪᠠᠶᠢᠬᠤ ᠡ︕        ᠭᠢᠲᠠᠨ ᠦᠰᠦᠭ ᠪᠤᠯ ᠯᠢᠶᠤᠤ ᠤᠯᠤᠰ ᠤᠨ ᠦᠶ᠎ᠡ ᠳᠤ ᠭᠢᠲᠠᠨ ᠦᠰᠦᠭ ᠢ ᠲᠡᠮᠳᠡᠭᠯᠡᠬᠦ ᠪᠠᠷ ᠵᠤᠬᠢᠶᠠᠭᠰᠠᠨ ᠦᠰᠦᠭ ᠪᠤᠯᠤᠨ᠎ᠠ᠃ ᠮᠤᠩᠭᠤᠯ ᠤᠨ ᠦᠨᠳᠦᠷᠯᠢᠭ ᠤᠨ ᠡᠮᠦᠨ᠎ᠡ ᠬᠡᠰᠡᠭ ᠲᠤ ᠪᠤᠢ ᠪᠤᠯᠤᠭᠰᠠᠨ ᠡᠷᠲᠡᠨ ᠤ ᠪᠢᠴᠢᠭ ᠤᠨ ᠰᠤᠶᠤᠯ ᠤᠨ ᠨᠢᠭᠡ ᠬᠦᠰᠢᠶ᠎ᠡ ᠳᠤᠷᠠᠰᠬᠠᠯ  ᠪᠢᠯᠡ᠃ ᠤᠳᠤ ᠭᠠᠷ ᠲᠤ ᠪᠠᠷᠢᠭᠳᠠᠵᠤ ᠨᠢᠳᠤᠨ ᠳᠤ ᠦᠵᠡᠭᠳᠡᠬᠦ ᠪᠠᠷᠢᠮᠲᠠ  ᠲᠠᠢ ᠮᠤᠩᠭᠤᠯ ᠤᠨ ᠦᠨᠳᠦᠷᠯᠢᠭ ᠤᠨ ᠡᠮᠦᠨ᠎ᠡ ᠬᠡᠰᠡᠭ ᠤᠨ ᠦᠰᠦᠭ ᠪᠢᠴᠢᠭ ᠤᠨ ᠳᠤᠲᠤᠷᠠᠬᠢ ᠬᠠᠮᠤᠭ ᠡᠷᠲᠡᠨ ᠤ ᠦᠰᠦᠭ ᠪᠢᠴᠢᠭ ᠪᠤᠯᠤᠨ᠎ᠠ᠃ ᠲᠡᠭᠦᠨ ᠠᠴᠠ ᠡᠮᠦᠨ᠎ᠡ ᠰᠢᠶᠠᠨᠪᠢᠴᠤᠳ ᠲᠤ ᠦᠰᠦᠭ ᠪᠢᠴᠢᠭ ᠤᠨ ᠰᠤᠶᠤᠯ ᠲᠠᠢ ᠭᠡᠰᠡᠨ ᠲᠡᠤᠬᠡ ᠶᠢᠨ ᠮᠡᠳᠡᠭᠡ ᠪᠠᠶᠢᠬᠤ ᠪᠤᠯᠪᠠᠴᠤ ᠪᠤᠳᠠᠲᠤ ᠵᠤᠶᠢᠯᠡᠰ ᠨᠢ ᠤᠳᠤ ᠪᠤᠯᠲᠠᠯ᠎ᠠ ᠤᠯᠲᠠᠭ᠎ᠠ ᠦᠭᠡᠢ ᠪᠤᠯᠬᠤᠷ ᠲᠡᠭᠦᠨ ᠢ ᠪᠠᠶᠢᠵᠤ ᠪᠠᠶᠢᠵᠠᠢ ᠭᠡᠵᠦ ᠪᠠᠲᠤᠲᠠᠢ ᠬᠡᠯᠡᠬᠦ ᠶᠢᠨ ᠠᠷᠭ᠎ᠠ ᠦᠭᠡᠢ᠃ ᠡᠷᠳᠡᠮᠲᠡᠨ᠂ ᠹᠷᠤᠹᠧᠰᠰᠤᠷ ᠴᠡᠩᠬᠡᠯᠲᠠᠢ᠂ ᠹᠷᠤᠹᠧᠰᠰᠤᠷ ᠴᠧᠨ ᠨᠠᠢ ᠰᠢᠶᠦ᠋ᠩ᠂ ᠯᠢᠤ ᠹᠧᠩ ᠵᠤ᠋ ᠨᠠᠷ ᠤᠨ ᠦᠨᠡᠯᠡᠭᠰᠡᠨ ᠰᠢᠭ᠋ ᠢᠶᠠᠷ᠄ ᠭᠢᠲᠠᠨ ᠦᠰᠦᠭ ᠨᠢ ︽ᠮᠠᠨ ᠤ ᠤᠯᠤᠰ ᠤᠨ ᠴᠤᠬᠡᠨ ᠲᠤᠭᠠᠲᠦ ᠦᠨᠳᠦᠰᠦᠲᠡᠨ ᠤ ᠦᠰᠦᠭ ᠪᠢᠴᠢᠭ ᠲᠤ᠂ ᠲᠤᠬᠠᠶᠢᠯᠠᠪᠠᠯ  ᠂ ᠵᠦᠷᠴᠢᠨ᠂ ᠰᠢ ᠰᠢᠶᠠᠨ ︵ᠲᠠᠩᠭᠤᠳ︶᠂ ᠮᠤᠩᠭᠤᠯ ᠮᠡᠲᠦ ᠶᠢᠨ ᠦᠨᠳᠦᠰᠦᠲᠡᠨ ᠤ ᠦᠰᠦᠭ ᠪᠢᠴᠢᠭ ᠬᠢᠭᠡᠳ ᠲᠡᠭᠦᠨ ᠠᠴᠠ ᠪᠤᠰᠤᠳ ᠵᠠᠷᠢᠮ ᠦᠰᠦᠭ ᠪᠢᠴᠢᠭ ᠢ ᠵᠦᠬᠢᠶᠠᠬᠤ ᠳᠤ ᠰᠢᠭᠤᠳ ᠶᠤᠮ ᠤᠤ᠂ ᠳᠠᠮ ᠢᠶᠠᠷ ᠢᠳᠡᠪᠬᠢ ᠦᠢᠯᠡᠳᠦᠯ ᠦᠵᠡᠭᠦᠯᠦᠭᠰᠡᠨ ᠢ ᠪᠠᠯᠠᠯᠵᠤ ᠪᠤᠯᠤᠰᠢ ᠦᠭᠡᠢ ᠶᠤᠮ︾᠃ ︽ᠭᠢᠲᠠᠨ ᠦᠨᠳᠦᠰᠦᠲᠡᠨ ᠪᠤᠯᠤᠨ ᠮᠤᠩᠭᠤᠯ ᠦᠨᠳᠦᠰᠦᠲᠡᠨ ᠤᠭᠰᠠᠭ᠎ᠠ ᠢᠵᠠᠭᠤᠷ ᠤᠨ ᠲᠠᠯ᠎ᠠ ᠪᠠᠷ ᠨᠢᠭᠡ ᠰᠤᠷᠪᠤᠯᠵᠢ ᠲᠠᠢ᠃ ᠭᠢᠳᠠᠨ ᠪᠢᠴᠢᠭ ᠨᠢ ᠦᠯᠡᠮᠵᠢ ᠤᠯᠠᠨ ᠭᠢᠲᠠᠨ ᠦᠭᠡᠰ ᠪᠠ ᠬᠡᠯᠡ ᠠᠪᠢᠶ᠎ᠠ᠂ ᠬᠡᠯᠡᠨ ᠵᠦᠢ ᠶᠢᠨ ᠮᠠᠲ᠋ᠧᠷᠢᠶᠠᠯ ᠢ ᠲᠡᠮᠳᠡᠭᠯᠡᠨ ᠦᠯᠡᠳᠡᠭᠡᠵᠡᠢ᠂ ᠡᠶᠢᠮᠦ ᠠᠴᠠ ᠲᠡᠷᠡ ᠨᠢ ᠮᠠᠨ ᠤ ᠤᠯᠤᠰ ᠤᠨ ᠤᠮᠡᠷᠡᠲᠦ ᠶᠢᠨ ᠦᠨᠳᠦᠰᠦᠲᠡᠨ ᠨᠦᠭᠦᠳ ᠤᠨ ᠦᠭᠡ ᠬᠡᠯᠡ᠂ ᠠᠯᠲᠠᠢ ᠢᠵᠠᠭᠤᠷ ᠬᠡᠯᠡᠨ ᠶᠢ ᠰᠤᠳᠤᠯᠠᠬᠤ ᠳᠤ᠂ ᠢᠯᠠᠩᠭᠤᠶ᠎ᠠ ᠠᠯᠳᠠᠢ ᠢᠵᠠᠭᠤᠷ ᠬᠡᠯᠡᠨ ᠤ ᠳᠤᠲᠤᠷᠠᠬᠢ ᠮᠤᠩᠭᠤᠯ ᠲᠦᠷᠦᠯ ᠬᠡᠯᠡᠨ ᠤ ᠬᠦᠭᠵᠢᠯ ᠤᠨ ᠲᠡᠤᠬᠡ ᠶᠢ ᠰᠤᠳᠤᠯᠠᠬᠤ ᠳᠤ ᠤᠯᠳᠠᠰᠢ ᠦᠭᠡᠢ ᠨᠠᠨᠳᠢᠨ ᠮᠠᠲ᠋ᠧᠷᠢᠶᠠᠯ ᠪᠤᠯᠤᠨ᠎ᠠ︾᠃        ᠪᠠᠯᠠᠷᠠᠵᠤ ᠮᠠᠷᠲᠠᠭᠳᠠᠭᠠᠳ ᠤᠯᠠᠨ ᠵᠠᠭᠤᠨ ᠪᠤᠯᠤᠭᠰᠠᠨ ᠭᠢᠲᠠᠨ ᠦᠰᠦᠭ ᠳᠡᠭᠡᠷ᠎ᠡ ᠤ ᠬᠤᠷᠢᠭᠠᠳ ᠤᠨ ᠤ ᠦᠶ᠎ᠡ ᠳᠤ ᠪᠠᠭᠠᠷᠢᠨ ᠪᠠᠷᠠᠭᠤᠨ ᠬᠤᠰᠢᠭᠤᠨ ᠤ ᠯᠢᠶᠤᠤ ᠤᠯᠤᠰ ᠤᠨ ᠴᠢᠩ ᠯᠢᠩ ᠤᠩᠭᠤᠨ ᠬᠠᠭᠤᠳ ᠬᠠᠲᠤᠳ ᠤᠨ ᠬᠦᠰᠢᠭᠡᠨ ᠪᠢᠴᠢᠭ ᠲᠤ ᠢᠯᠡᠷᠡᠭᠰᠡᠨ ᠠᠴᠠ ᠢᠨᠠᠭᠰᠢ ᠶᠢᠷᠲᠢᠨᠴᠦ ᠶᠢᠨ ᠤᠯᠠᠨ ᠡᠷᠳᠡᠮᠲᠡᠳ ᠤᠨ ᠠᠩᠬᠠᠷᠤᠯ ᠢ ᠲᠠᠲᠠᠵᠤ ᠤᠳᠤ ᠪᠤᠯᠲᠠᠯ᠎ᠠ ᠰᠤᠳᠤᠯᠤᠭᠳᠠᠭᠰᠠᠭᠠᠷ ᠢᠷᠡᠭᠰᠡᠨ ᠪᠠᠶᠢᠨ᠎ᠠ᠃ ᠭᠡᠲᠡᠯ᠎ᠡ᠂ ᠳᠡᠭᠡᠷ᠎ᠡ ᠵᠠᠭᠤᠨ ᠤ ᠳᠠᠯᠠᠭᠠᠳ ᠤᠨ ᠪᠤᠯᠲᠠᠯ᠎ᠠ ᠳᠡᠮᠡᠢ ᠠᠮᠵᠢᠯᠲᠠ ᠤᠯᠤᠭᠰᠠᠨ ᠦᠭᠡᠢ ᠪᠠᠶᠢᠳᠠᠭ᠃ ᠳᠡᠭᠡᠷ᠎ᠡ ᠵᠠᠭᠤᠨ ᠤ ᠬᠤᠷᠢᠭᠠᠳ ᠤᠨ ᠠᠴᠠ  ᠨᠠᠰᠢ ᠬᠠᠭᠤᠴᠢ ᠰᠤᠲᠤᠯᠤᠯ ᠤᠨ ᠮᠠᠯᠲᠠᠯᠭ᠎ᠠ ᠪᠠᠷ ᠭᠢᠲᠠᠨ ᠬᠡᠯᠡᠨ ᠤ ᠮᠠᠲ᠋ᠧᠷᠢᠶᠠᠯ ᠤᠯᠳᠠᠭᠰᠠᠭᠠᠷ ᠤᠳᠤ ᠨᠢᠭᠡᠨᠲᠡ ᠲᠦᠮᠡ ᠭᠠᠷᠤᠢ ᠦᠰᠦᠭ ᠤᠨ ᠮᠠᠲ᠋ᠧᠷᠢᠶᠠᠯ ᠬᠤᠷᠠᠮᠳᠤᠭᠠᠳ ᠪᠤᠢ᠃ ᠮᠠᠲ᠋ᠧᠷᠢᠶᠠᠯ ᠤᠨ ᠪᠠᠶᠠᠯᠢᠭᠵᠢᠬᠤ ᠶᠢ ᠳᠠᠭᠠᠯᠳᠤᠨ ᠭᠢᠳᠠᠨ ᠦᠰᠦᠭ ᠤᠨ ᠰᠤᠳᠤᠯᠭᠠᠨ ᠴᠤ ᠭᠦᠨᠵᠡᠭᠡᠶᠢᠷᠡᠭᠰᠡᠭᠡᠷ ᠢᠷᠡᠪᠡ᠃        ᠳᠡᠭᠡᠷ᠎ᠡ ᠵᠠᠭᠤᠨ ᠤ ᠳᠠᠯᠠᠭᠠᠳ ᠤᠨ ᠳᠤ ᠴᠢᠩᠬᠡᠯᠲᠠᠢ᠂ ᠯᠢᠤ ᠹᠧᠩ ᠵᠤ᠋᠂ ᠴᠧᠨ ᠨᠠᠢ ᠰᠢᠶᠦ᠋ᠩ᠂ ᠢᠤᠢ ᠪᠤᠤ ᠯᠢᠨ ᠨᠠᠷ ᠤᠨ ︽ᠭᠢᠲᠠᠨ ᠪᠠᠭ᠎ᠠ ᠦᠰᠦᠭ ᠤᠨ ᠲᠤᠬᠠᠢ ᠰᠤᠳᠤᠯᠤᠯᠭ᠎ᠠ︾ ᠨᠡᠶᠢᠲᠡᠯᠡᠭᠰᠡᠨ ᠨᠢ ᠭᠢᠲᠠᠨ ᠪᠠᠭ᠎ᠠ ᠦᠰᠦᠭ ᠤᠨ ᠲᠤᠬᠠᠢ ᠰᠤᠳᠤᠯᠤᠯᠭ᠎ᠠ ᠳᠤ ᠡᠷᠭᠢᠯᠲᠡ ᠭᠠᠷᠭᠠᠵᠠᠢ᠃ ᠲᠡᠭᠦᠨ ᠠᠴᠠ ᠭᠢᠳᠠᠨ ᠦᠰᠦᠭ ᠤᠨ ᠰᠤᠳᠤᠯᠤᠯ ᠤᠨ ᠦᠷᠨᠢᠯᠲᠡ ᠭᠠᠷᠤᠭᠰᠠᠨ ᠪᠠᠶᠢᠨ᠎ᠠ᠃ ︽ᠭᠢᠳᠠᠨ ᠪᠠᠭ᠎ᠠ ᠦᠰᠦᠭ ᠶᠢᠨ ᠲᠤᠬᠠᠢ ᠰᠤᠳᠤᠯᠤᠯᠭ᠎ᠠ︾ ᠳᠤ ᠨᠡᠶᠢᠲᠡ130 ᠭᠢᠳᠠᠨ ᠦᠰᠦᠭ ᠤᠨ ᠠᠪᠢᠶ᠎ᠠ ᠶᠢ ᠲᠤᠳᠤᠯᠵᠤ᠂400 ᠭᠠᠷᠤᠢ ᠦᠭᠡ ᠶᠢ ᠲᠠᠶᠢᠯᠪᠤᠷᠢᠯᠠᠨ ᠥᠩᠰᠢᠵᠦ ᠴᠢᠳᠠᠭᠰᠠᠨ ᠪᠠᠶᠢᠨ᠎ᠠ︾᠃ ᠡᠭᠦᠨ ᠤ ᠰᠠᠭᠤᠷᠢᠨ ᠳᠡᠭᠡᠷ᠎ᠡ ᠤᠳᠤ ᠨᠢᠭᠡᠨᠲᠡ300 ᠭᠠᠷᠤᠢ ᠦᠰᠦᠭ ᠢ ᠲᠠᠨᠢᠵᠤ ᠤᠩᠰᠢᠬᠤ ᠪᠤᠯᠵᠠᠢ᠃         ᠹᠷᠤᠹᠧᠰᠰᠤᠷ ᠴᠡᠩᠬᠡᠯᠲᠠᠢ ᠵᠡᠷᠭᠡ ᠡᠷᠳᠡᠮᠲᠡᠳ ᠤᠨ ᠵᠠᠳᠠᠯᠤᠯᠲᠠ ᠬᠢᠵᠦ᠂ ᠨᠤᠲᠠᠯᠠᠭᠰᠠᠨ ᠢᠶᠠᠷ ᠭᠢᠳᠠᠨ ᠪᠠᠭ᠎ᠠ ᠦᠰᠦᠭ ᠨᠡᠶᠢᠲᠡ ᠭᠤᠷᠪᠠᠨ ᠵᠠᠭᠤ ᠳᠠᠯᠠᠨ ᠬᠡᠳᠦ ᠪᠠᠶᠢᠬᠤ ᠶᠤᠮ ᠭᠡᠨ᠎ᠡ᠃ ᠲᠡᠭᠡᠭᠡᠳ ᠲᠡᠭᠦᠨ ᠢ ︽ᠤᠭ ᠦᠰᠦᠭ︾ (原字)ᠭᠡᠵᠦ ᠨᠡᠷᠡᠯᠡᠭᠰᠡᠨ ᠪᠠᠶᠢᠳᠠᠭ᠃ ᠵᠠᠷᠢᠮ ᠤᠭ ᠦᠰᠦᠭ ᠨᠢ ᠳᠠᠩ ᠢᠶᠠᠷ ᠨᠢᠭᠡ ᠦᠭᠡ  ᠪᠤᠯᠵᠦ ᠴᠢᠳᠠᠨ᠎ᠠ᠂ ᠡᠶᠢᠮᠦ ᠦᠰᠦᠭ ᠢ ᠲᠡᠳᠡ ︽ᠳᠠᠩ ᠴᠤᠭᠴᠠᠲᠤ ᠦᠰᠦᠭ︾ (单原字) ᠭᠡᠵᠦ ᠨᠡᠷᠡᠯᠡᠵᠡᠢ᠃ ᠵᠠᠷᠢᠮ ᠦᠰᠦᠭ ᠨᠢ ᠬᠤᠶᠠᠷ ᠪᠤᠶᠤ ᠬᠤᠶᠠᠷ ᠠᠴᠠ ᠳᠡᠭᠡᠭᠰᠢ ᠦᠰᠦᠭ ᠢ ᠬᠤᠯᠪᠤᠵᠤ ᠪᠢᠴᠢᠭᠡᠳ ᠨᠢᠭᠡ ᠦᠭᠡ ᠪᠦᠲᠦᠭᠡᠳᠡᠭ᠂ ᠡᠶᠢᠮᠦ ᠦᠰᠦᠭ ᠢ ᠲᠡᠳᠡ ︽ᠨᠡᠶᠢᠯᠡᠮᠡᠯ ᠦᠰᠦᠭ︾ (合原字) ᠭᠡᠵᠦ ᠨᠡᠷᠡᠯᠡᠵᠡᠢ᠃ ᠡᠭᠦᠨ ᠳᠤ ᠵᠠᠷᠢᠮ ᠦᠰᠦᠭ ᠨᠢ ᠳᠠᠩ ᠦᠰᠦᠭ ᠲᠤ ᠯᠠ ᠢᠯᠡᠷᠡᠵᠦ᠂ ᠵᠠᠷᠢᠮ ᠦᠰᠦᠭ ᠨᠢ ᠨᠡᠶᠢᠯᠡᠮᠡᠯ ᠦᠰᠦᠭ ᠲᠤ ᠯᠠ ᠢᠯᠡᠷᠡᠵᠦ ᠵᠠᠷᠢᠮ ᠦᠰᠦᠭ ᠨᠢ ᠳᠠᠩ ᠦᠰᠦᠭ ᠨᠡᠶᠢᠯᠡᠮᠡᠯ ᠦᠰᠦᠭ ᠤᠨ ᠳᠤᠲᠤᠷ᠎ᠠ ᠴᠦᠮ ᠢᠯᠡᠷᠡᠳᠡᠭ ᠭᠡᠨ᠎ᠡ᠃       ᠨᠡᠶᠢᠯᠡᠮᠡᠯ ᠦᠰᠦᠭ ᠨᠢ 2 —7 ᠦᠰᠦᠭ ᠢ ᠬᠤᠯᠪᠤᠵᠦ ᠪᠦᠷᠢᠯᠳᠦᠳᠡᠭ ᠭᠡᠨ᠎ᠡ᠃ ᠲᠡᠭᠦᠨ ᠤ ᠪᠢᠴᠢᠯᠭᠡ ᠶᠢᠨ ᠳᠠᠷᠠᠭᠠᠯᠠᠯ ᠨᠢ ᠬᠡᠷᠪᠡ ᠬᠤᠶᠠᠷ ᠳᠠᠩ ᠴᠤᠭᠴᠠᠲᠤ ᠦᠰᠦᠭ ᠢᠶᠠᠷ ᠪᠦᠷᠢᠯᠳᠤᠭ᠍ᠰᠡᠨ ᠶᠤᠮ ᠪᠤᠯ ᠤᠷᠢᠳᠠᠪᠡᠷ ᠵᠡᠭᠦᠨ ᠲᠠᠯ᠎ᠠ ᠶᠢ ᠨᠢ ᠪᠢᠴᠢᠵᠦ᠂ ᠬᠡᠷᠪᠡ ᠭᠤᠷᠪᠠ᠂ ᠲᠠᠪᠤ᠂ ᠳᠤᠯᠤᠭᠠᠨ ᠦᠰᠦᠭ ᠢᠶᠠᠷ ᠪᠦᠷᠢᠯᠳᠦᠳᠡᠭ ᠶᠤᠮ ᠪᠤᠯ ᠬᠠᠮᠤᠭ ᠰᠡᠭᠦᠯ ᠤᠨ ᠦᠰᠦᠭ ᠢ ᠨᠢ ᠬᠠᠮᠤᠭ ᠳᠤᠤᠷ᠎ᠠ ᠲᠠᠯ᠎ᠠ ᠶᠢᠨ ᠬᠤᠶᠠᠷ ᠦᠰᠦᠭ ᠤᠨ ᠳᠤᠤᠷ᠎ᠠ ᠡᠲᠡᠭᠡᠳ ᠲᠤ ᠳᠤᠮᠳᠠ ᠨᠢ ᠪᠢᠴᠢᠳᠡᠭ ᠶᠤᠮ ᠭᠡᠨ᠎ᠡ᠃ ᠲᠡᠭᠦᠨ ᠤ ᠬᠡᠯᠪᠡᠷᠢ ᠨᠢ᠄ ① ③ ② ④ ① ③ ② ④ ① ③ ⑤ ② ④ ⑥ ① ③ ⑤ ⑦ ᠪᠤᠯᠤᠨ᠎ᠠ ② ④ ⑥         ᠤᠨᠴᠠᠭᠠᠢ ᠪᠠᠶᠢᠳᠠᠯ ᠳᠤᠤᠷ᠎ᠠ ᠳᠡᠭᠡᠷ᠎ᠡ ᠲᠠᠯ᠎ᠠ ᠶᠢᠨ ᠬᠤᠶᠠᠷ ᠦᠰᠦᠭ ᠤᠨ ᠳᠡᠭᠡᠷ᠎ᠡ ᠳᠤᠮᠳᠠ ᠳᠤ ᠡᠬᠢᠨ ᠤ ᠦᠰᠦᠭ ᠢ  ᠪᠢᠴᠢᠴᠢᠬᠡᠭᠡᠳ ᠲᠡᠭᠦᠨ ᠠᠴᠠ ᠳᠤᠷᠤᠭᠰᠢ ᠵᠡᠭᠦᠨ ᠠᠴᠠ ᠪᠠᠷᠠᠭᠤᠨᠰᠢ ᠳᠠᠷᠠᠭᠠᠯᠠᠳᠠᠭ ᠵᠢᠷᠤᠮ ᠢᠶᠠᠷ ᠪᠢᠴᠢᠳᠡᠭ ᠶᠤᠮ ᠭᠡᠨ᠎ᠡ᠃ ᠵᠢᠱᠢᠶᠡᠯᠡᠪᠡᠯ᠄  ②①                           ② ④①                           ③ ⑤ ② ④ ⑥①                          ᠬᠡᠯᠪᠡᠷᠢᠲᠠᠢ ᠪᠠᠶᠢᠳᠠᠭ᠃   ③ ⑤ ⑦         ᠦᠰᠦᠭ ᠶᠢᠨ ᠦᠭᠦᠯᠡᠪᠦᠷᠢ ᠪᠤᠯᠭᠠᠨ ᠪᠢᠴᠢᠬᠦ ᠳᠤ ᠳᠡᠭᠡᠷ᠎ᠡ ᠠᠴᠠ ᠳᠤᠷᠤᠭᠰᠢ ᠭᠤᠤᠯᠳᠤ ᠪᠠᠷ ᠪᠢᠴᠢᠵᠤ᠂ ᠦᠰᠦᠭ ᠤᠨ ᠮᠦᠷ ᠢᠶᠠᠨ ᠪᠠᠷᠠᠭᠤᠨ ᠠᠴᠠ ᠵᠡᠭᠦᠨᠰᠢ ᠳᠠᠷᠠᠭᠠᠯᠠᠳᠠᠭ ᠶᠤᠮ ᠭᠡᠨ᠎ᠡ᠃         ᠭᠢᠲᠠᠨ ᠦᠰᠦᠭ ᠲᠤ ᠡᠪᠬᠡᠮᠡᠯ ᠲᠢᠭ᠂ ᠬᠢᠴᠢᠶᠡᠩᠭᠦᠢ ᠲᠢᠭ᠂ ᠲᠠᠳᠠᠯᠭᠠᠨ ᠲᠢᠭ ᠪᠦᠷ ᠪᠠᠶᠢᠳᠠᠭ᠃         ᠭᠢᠳᠠᠨ ᠪᠠᠭ᠎ᠠ ᠦᠰᠦᠭ ᠤᠨ ᠤᠨᠴᠠᠯᠢᠭ ᠤᠨ ᠲᠤᠬᠠᠢ ᠹᠷᠤᠹᠧᠰᠰᠤᠷ ᠴᠢᠩᠬᠡᠯᠲᠠᠢ ᠨᠠᠷ ᠳᠤᠷᠠᠳᠤᠬᠤ ᠳᠠᠭᠠᠨ ︽ᠨᠢᠭᠡ ᠵᠦᠢᠯ ᠤᠨ ᠤᠨᠴᠠᠭᠠᠢ ᠠᠪᠢᠶᠠᠨ ᠤ ᠦᠰᠦᠭ᠂ ᠵᠠᠷᠢᠮ ᠤᠭ ᠦᠰᠦᠭ ᠨᠢ ᠠᠪᠢᠶ᠎ᠠ ᠶᠢ ᠢᠯᠡᠳᠭᠡᠵᠦ ᠪᠠᠶᠢᠬᠤ  ᠳᠤ ᠵᠠᠷᠢᠮ ᠤᠭ ᠦᠰᠦᠭ ᠨᠢ ᠦᠶ᠎ᠡ ᠶᠢ ᠢᠯᠡᠳᠭᠡᠵᠤ ᠪᠠᠶᠢᠳᠠᠭ  ᠃ᠨᠢᠭᠡ ᠯᠡ ᠤᠭ ᠦᠰᠦᠭ ᠪᠠᠶᠢᠲᠠᠯ᠎ᠠ ᠪᠠᠨ ᠦᠭᠡ ᠪᠦᠲᠦᠭᠡᠬᠦ ᠳᠤ ᠤᠷᠤᠯᠴᠠᠭᠰᠠᠨ ᠪᠠᠶᠢᠷᠢ ᠨᠢ ᠠᠳᠠᠯᠢ ᠦᠭᠡᠢ ᠠᠴᠠ ᠪᠤᠯᠵᠤ ᠵᠠᠷᠢᠮ ᠦᠶ᠎ᠡ ᠳᠤ ᠠᠪᠢᠶ᠎ᠠ ᠶᠢ ᠢᠯᠡᠳᠭᠡᠵᠦ ᠂ ᠵᠠᠷᠢᠮ ᠦᠶ᠎ᠡ ᠳᠤ ᠦᠶ᠎ᠡ ᠶᠢ ᠢᠯᠡᠳᠭᠡᠳᠡᠭ ᠶᠤᠮ ᠭᠡᠨ᠎ᠡ᠃ ᠡᠶᠢᠮᠦ ᠠᠴᠠ ᠨᠢᠭᠡ ᠨᠡᠶᠢᠯᠡᠮᠡᠯ ᠦᠰᠦᠭ ᠢ ᠪᠦᠲᠦᠭᠡᠭᠰᠡᠨ ᠤᠭ ᠦᠰᠦᠭ ᠤᠨ ᠲᠤᠭ᠎ᠠ ᠨᠢ ᠡᠨᠡ ᠦᠰᠦᠭ ᠤᠨ ᠤᠩᠰᠢᠯᠭ᠎ᠠ ᠶᠢᠨ ᠠᠪᠢᠶ᠎ᠠ ᠲᠠᠢ ᠳᠤᠬᠢᠷᠠᠯᠴᠠᠬᠤ ᠦᠭᠡᠢ ᠪᠠᠶᠢᠵᠤ ᠮᠡᠳᠡᠨ᠎ᠡ᠂ ᠮᠦᠨ ᠲᠡᠭᠦᠨ ᠤ ᠦᠶ᠎ᠡ ᠶᠢᠨ ᠲᠤᠭ᠎ᠠ ᠲᠠᠢ ᠲᠤᠬᠢᠷᠠᠯᠴᠠᠬᠤ ᠦᠭᠡᠢ ᠪᠠᠶᠢᠵᠦ ᠮᠡᠳᠡᠨ᠎ᠡ᠃ᠡᠭᠦᠨ ᠠᠴᠠ ᠪᠤᠯᠵᠤ ᠪᠢᠴᠢᠯᠭᠡ ᠬᠢᠭᠡᠳ ᠳᠠᠭᠤᠳᠠᠯᠭ᠎ᠠ ᠨᠢ ᠵᠦᠷᠢᠶ᠎ᠡ ᠭᠠᠷᠳᠠᠭ ᠶᠤᠮ ᠭᠡᠨ᠎ᠡ᠃         ᠹᠷᠤᠹᠧᠰᠰᠤᠷ ᠴᠢᠩᠬᠡᠯᠲᠠᠢ ᠵᠡᠷᠭᠡ ᠡᠷᠳᠡᠮᠲᠡᠳ ᠤᠨ ᠰᠢᠨᠵᠢᠯᠡᠭᠰᠡᠨ ᠢᠶᠠᠷ ᠭᠢᠲᠠᠨ ᠪᠠᠭ᠎ᠠ ᠦᠰᠦᠭ ᠪᠤᠯ ᠠᠪᠢᠶᠠᠨ ᠤ ᠦᠰᠦᠭ ᠤᠨ ᠠᠩᠬᠠᠨ ᠤ ᠱᠠᠲᠤᠨ ᠤ ᠦᠰᠦᠭ ᠪᠤᠯᠤᠨ᠎ᠠ᠃ ᠡᠭᠡᠰᠢᠭ ᠭᠡᠶᠢᠭᠦᠯᠡᠭᠴᠢ ᠶᠢ ᠲᠡᠮᠳᠡᠭᠯᠡᠬᠦ ᠳᠤ ᠨᠢᠭᠡ ᠠᠪᠢᠶ᠎ᠠ ᠶᠢ ᠤᠯᠠᠨ ᠳᠦᠷᠰᠦ ᠲᠡᠮᠳᠡᠭ ᠢᠶᠠᠷ ᠲᠡᠮᠳᠡᠭᠯᠡᠬᠦ ᠤᠨᠴᠠᠯᠢᠭ ᠲᠠᠢ᠂ ᠡᠨᠡ ᠨᠢ ᠲᠡᠭᠦᠨ ᠤ ᠵᠦᠪ ᠪᠢᠴᠢᠯᠭᠡ ᠶᠢᠨ ᠳᠦᠷᠢᠮ ᠳᠤ ᠰᠠᠭᠠᠳ ᠤᠴᠠᠷᠠᠭᠤᠯᠵᠤ ᠪᠢᠴᠢᠵᠦ ᠲᠡᠮᠳᠡᠭᠯᠡᠬᠦ ᠳᠤ ᠰᠠᠮᠭᠠᠷᠳᠠᠯ ᠭᠠᠷᠬᠤ ᠦᠵᠡᠭᠳᠡᠯ ᠭᠠᠷᠭᠠᠳᠠᠭ ᠶᠤᠮ ᠭᠡᠨ᠎ᠡ᠃            ᠭᠢᠲᠠᠨ‌ᠦᠰᠦᠭ ᠢ ᠬᠡᠷᠡᠭᠯᠡᠵᠦ ᠪᠠᠶᠢᠭᠰᠠ ᠲᠤᠬᠠᠢ ︽ᠯᠢᠶᠤᠤ ᠤᠯᠤᠰ ᠤᠨ ᠰᠤᠲᠤᠷ︾ ᠲᠤ ︽ᠯᠢᠶᠤᠤ ᠤᠯᠤᠰ ᠤᠨ ᠦᠰᠦᠭ᠃ ᠭᠢᠲᠠᠳ ᠦᠰᠦᠭ ᠲᠠᠨᠢᠭᠴᠢ︾᠂ ︽ᠯᠢᠶᠤᠤ ᠤᠯᠤᠰ ᠤᠨ ᠦᠰᠦᠭ᠂ ᠬᠢᠲᠠᠳ ᠦᠰᠦᠭ  ᠳᠤ ᠰᠠᠶᠢᠨ︾᠂ ︽ᠯᠢᠶᠤᠤ ᠤᠯᠤᠰ ᠤᠨ ᠦᠰᠦᠭ᠂ ᠬᠢᠲᠠᠳ ᠦᠰᠦᠭ ᠲᠤ ᠨᠡᠪᠲᠡᠷᠡᠭᠰᠡᠨ︾ ᠭᠡᠬᠦ ᠦᠨᠡᠯᠡᠯᠲᠡ ᠶᠢ ᠤᠯᠤᠭᠰᠠᠨ ᠰᠠᠶᠢᠳ ᠲᠦᠰᠢᠮᠡᠳ ᠤᠨ ᠴᠠᠳᠢᠭ ᠤᠯᠠᠨ ᠳᠤᠬᠢᠶᠠᠯᠳᠤᠳᠠᠭ ᠨᠢ ᠭᠢᠲᠠᠨ ᠦᠰᠦᠭ ᠤᠨ ᠢᠳᠡᠪᠬᠢᠲᠠᠢ ᠬᠡᠷᠡᠭᠯᠡᠭᠳᠡᠵᠦ ᠪᠠᠶᠢᠭᠰᠠᠨ ᠢ ᠨᠢᠭᠡ ᠲᠠᠯ᠎ᠠ ᠠᠴᠠ   ᠨᠢ ᠬᠠᠷᠠᠭᠤᠯᠵᠤ ᠪᠠᠶᠢᠨ᠎ᠠ᠃ ᠡᠭᠦᠨ ᠠᠴᠠ ᠭᠠᠳᠠᠨ᠎ᠠ ᠠᠯᠳᠠᠷᠲᠦ ᠤᠷᠴᠢᠭᠤᠯᠤᠭᠴᠢ ᠤᠯᠠᠨ ᠭᠠᠷᠴᠠᠢ᠃ ᠵᠢᠱᠢᠶᠡᠯᠡᠪᠡᠯ᠄ ︽ᠤᠷᠴᠢᠭᠤᠯᠭ᠎ᠠ ᠳᠠᠭᠠᠨ ᠴᠢᠳᠠᠮᠠᠭᠠᠢ︾ ᠪᠦᠭᠡᠳ ︽ᠡᠷᠡᠯᠬᠡᠭ ᠪᠠᠭᠠᠳᠤᠷᠯᠢᠭ᠂ ᠬᠠᠷᠪᠤᠵᠤ ᠨᠠᠮᠨᠠᠬᠤ ᠳᠠᠭᠠᠨ ᠰᠠᠶᠢᠨ︾ ᠴᠧᠨ ᠵᠤᠤ ᠭᠦᠨ(陈昭衮)᠂ ︽ᠪᠢᠯᠢᠭ ᠰᠠᠶᠢᠨ ᠰᠤᠷᠬᠤᠢ ᠲᠤᠷ ᠳᠤᠷᠠᠲᠠᠢ᠂ ᠤᠷᠴᠢᠭᠤᠯᠤᠭᠴᠢ᠂ ᠰᠢᠯᠦᠭᠡᠯᠡᠬᠦᠢ ᠳᠡᠭᠡᠨ ᠴᠠᠭᠠᠷᠠᠭᠰᠠᠨ︾ ᠢᠯᠡ᠂ ᠰᠢᠤᠸᠡᠢ ᠭᠦ᠋ (耶律学古)᠂ ᠬᠢᠲᠠᠳ ᠭᠢᠲᠠᠨ ᠬᠤᠶᠠᠷ ᠦᠰᠦᠭ ᠢᠶᠠᠷ ᠵᠦᠬᠢᠶᠠᠯ ᠪᠢᠴᠢᠲᠡᠭ ᠢᠯᠡ᠂ ᠵᠧᠴᠧᠩ (耶律庶成)᠂ ᠯᠢᠶᠤᠤ ᠤᠯᠤᠰ ᠤᠨ ᠰᠢᠩᠰᠦᠩ ᠬᠠᠭᠠᠨ ᠢᠯᠡ᠂ ᠰᠦᠩᠵᠧᠨ᠄ ︽ᠵᠠᠷᠯᠢᠭ ᠪᠠᠭᠤᠯᠭᠠᠨ ︵ᠢᠯᠡ︶ ᠵᠧᠴᠧᠩ   ᠢᠶᠠᠷ ᠵᠤᠷ᠂ ᠰᠤᠷᠲᠠᠯ ᠤᠨ ᠨᠤᠮ ᠢ ᠤᠷᠴᠢᠭᠤᠯᠠᠭᠤᠯᠤᠨ  ᠳᠡᠯᠭᠡᠷᠡᠭᠦᠯᠦᠭᠰᠡᠨ᠎ᠡ ᠲᠡᠭᠦᠨ ᠠᠴᠠ ᠬᠦᠮᠦᠰ ᠨᠡᠪᠲᠡᠷᠡᠨ ᠮᠡᠷᠭᠡᠰᠢᠵᠦ᠂ ᠡᠯ᠎ᠡ ᠠᠶᠢᠮᠠᠭ ᠪᠠᠰᠠ ᠡᠮᠨᠡᠯᠭᠡ ᠶᠢᠨ ᠶᠤᠰᠤᠨ ᠢ ᠤᠬᠠᠪᠠᠢ︾ ᠭᠡᠲᠡᠭ ᠮᠡᠳᠡᠭᠡ ᠨᠦᠭᠦᠳ ᠪᠠ ᠰᠢᠶᠤᠤ ᠬᠠᠨ ᠵᠢᠶᠠ ᠨᠤ᠋(萧韩家奴) ᠰᠢᠩᠰᠦᠩ ᠬᠠᠭᠠᠨ ᠢᠯᠡ᠂ ᠰᠦᠩᠵᠧᠨ ᠤ ᠵᠠᠷᠯᠢᠭ ᠢᠶᠠᠷ ᠤᠯᠠᠨ ᠨᠤᠮ ᠤᠷᠴᠢᠭᠤᠯᠤᠭᠰᠠᠨ ᠮᠡᠳᠡᠭᠡ ᠰᠡᠯᠳᠡ ᠪᠤᠢ᠃ ᠢᠯᠡ᠂ ᠵᠧᠴᠧᠩ ᠤᠨ ᠤᠷᠴᠢᠭᠤᠯᠤᠭᠰᠠᠨ ︽ᠲᠦᠩ ᠯᠢ ᠪᠢᠴᠢᠭ︾(通历)᠂ ︽ᠵᠧᠨ ᠭᠤᠸᠠᠨ ᠤ ᠤᠨ ᠤ ᠲᠦᠷᠦ ᠶᠢᠨ ᠲᠤᠪᠴᠢ︾ (贞观政要)᠂ ︽ᠲᠠᠪᠤᠨ ᠲᠦᠷᠦ ᠶᠢᠨ ᠰᠤᠳᠤᠷ︾ ᠮᠠᠳᠤᠰ ᠪᠤᠯᠤᠨ᠎ᠠ᠃          ᠵᠢᠴᠢ ᠭᠤᠪᠢᠶᠠᠨ ᠤ ᠬᠦᠰᠢᠭᠡᠨ ᠪᠢᠴᠢᠭ᠂ ᠤᠩᠭᠤᠨ ᠤ ᠬᠦᠰᠢᠭᠡᠨ ᠪᠢᠴᠢᠭ᠂ ᠵᠤᠭᠤᠰ ᠤᠨ ᠳᠡᠭᠡᠷᠡᠬᠢ ᠪᠢᠴᠢᠭ᠂ ᠠᠯᠲᠠ ᠮᠦᠩᠭᠦᠨ ᠰᠠᠪᠠ ᠰᠠᠭᠠᠯᠢ ᠳᠡᠭᠡᠷᠡᠬᠢ ᠪᠢᠴᠢᠭ ᠵᠡᠷᠭᠡ ᠬᠠᠭᠤᠴᠢ ᠰᠤᠳᠤᠯᠤᠯ ᠤᠨ ᠦᠯᠳᠡᠪᠦᠷᠢ ᠠᠴᠠ ᠯᠢᠶᠤᠤ ᠤᠯᠤᠰ ᠤᠨ ᠦᠶ᠎ᠡ ᠳ᠋ᠥ‌‍ᠭᠢᠲᠠᠨ ᠦᠰᠦᠭ ᠬᠡᠷᠡᠭᠯᠡᠭᠳᠡᠵᠦ ᠪᠠᠶᠢᠭᠰᠠᠨ ᠬᠦᠷᠢᠶ᠎ᠡ ᠬᠡᠪᠴᠢᠶ᠎ᠡ᠂, ᠨᠡᠶᠢᠭᠡᠮ ᠤᠨ ᠦᠢᠯᠡᠳᠦᠯ ᠢ ᠤᠶᠢᠯᠭᠠᠵᠤ ᠪᠤᠯᠤᠨ᠎ᠠ᠃ ᠨᠡᠩ ᠴᠤ ᠭᠢᠲᠠᠨ ᠬᠡᠯᠡᠨ ᠤ ︽ᠳ᠋ᠠ ᠽᠡᠩ ᠵᠢᠩ︾ —  ︵藏经ᠭᠠᠨᠵᠤᠤᠷ ᠳ᠋ᠠᠨᠵᠤᠤᠷ︶ ᠨᠤᠮ ᠬᠡᠪᠯᠡᠭᠳᠡᠭᠰᠡᠨ ᠶᠠᠪᠤᠳᠠᠯ ᠬᠢᠭᠡᠳ ᠦᠰᠦᠭ ᠪᠢᠴᠢᠭ ᠤᠨ ᠪᠤᠯᠪᠠᠰᠤᠷᠠᠩᠭᠤᠢ ᠪᠤᠯᠤᠭᠰᠠᠨ ᠬᠡᠮᠵᠢᠶ᠎ᠡ ᠬᠢᠷᠢ ᠵᠡᠷᠭᠡ ᠭᠡᠳᠡᠭ ᠢ ᠲᠤᠰᠬᠠᠵᠤ ᠪᠤᠢ᠃
 
ᠢᠷᠡᠯᠲᠡ᠄ ᠪᠦ᠂ ᠫᠧᠷᠯᠡᠢ ᠶᠢᠨ ︽ᠬᠢᠳᠠᠨᠴᠤᠳ ᠤᠨ ᠤᠶᠤᠨ ᠤ ᠰᠤᠶᠤᠯ︾ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号