ᠬᠢᠳᠠᠨᠴᠤᠳ ᠬᠢᠬᠡᠳ ᠯᠢᠶᠤᠤ ᠤᠯᠤᠰ ᠤᠨ ᠬᠠᠭᠠᠳ ᠤᠨ ᠲᠤᠶᠢᠮᠤ | | ᠪᠤᠷᠵᠣᠤ | | | ᠦᠨᠳᠦᠷ ᠰᠦᠷᠯᠢᠭ ᠬᠠᠨ ᠠᠭᠤᠯᠠ ᠪᠠᠷ ᠠᠷᠤ ᠲᠦᠰᠢᠭ ᠪᠤᠯᠭᠠᠨ᠂ ᠦᠷᠬᠡᠨ ᠤᠷᠤᠰᠬᠠᠯᠳᠤ ᠦᠯᠵᠡᠶᠢᠮᠦ᠋ᠷᠡᠨ | ᠭᠤᠤᠯ ᠢᠶᠠᠷ ᠤᠮᠳᠠ ᠬᠢᠭᠰᠡᠨ ᠦᠨᠢᠷ ᠪᠠᠶᠠᠯᠢᠭ ᠵᠡᠬᠦᠨ ᠪᠠᠭᠠᠷᠢᠨ ᠮᠢᠨᠢ ᠮᠤᠩᠭᠤᠯᠴᠤᠳ ᠤᠨ ᠠᠯᠳᠠᠨ ᠦᠯᠦᠬᠡᠢ ᠪᠠᠷ | ᠪᠠᠷᠠᠬᠤ ᠦᠬᠡᠢ ᠬᠢᠳᠠᠨᠴᠤᠳ ᠤᠨ ᠡᠬᠦᠰᠦᠨ ᠮᠡᠨᠳᠤᠭᠰᠠᠨ ᠤᠷᠤᠨ ᠶᠤᠮ᠃ ᠵᠠᠭᠤ ᠮᠢᠩᠭᠠᠨ ᠵᠢᠯ ᠤᠨ ᠲᠤᠷᠰᠢ ᠡᠨᠡ | ᠭᠠᠵᠠᠷ ᠲᠤ ᠨᠡᠬᠦᠳᠡᠯᠯᠡᠨ ᠠᠮᠢᠳᠤᠷᠠᠵᠤ ᠨᠤᠶᠠᠷᠬᠠᠨ ᠡᠵᠡᠮᠰᠢᠵᠤ ᠪᠠᠶᠢᠭᠰᠠᠨ ᠪᠠᠭᠠᠳᠤᠷ ᠦᠨᠳᠦᠰᠦᠳᠡᠨ ᠬᠢᠳᠠᠨᠴᠤᠳ ᠪᠠ | ᠶᠡᠭᠡ ᠯᠢᠶᠤᠤ ᠤᠯᠤᠰ ᠤᠨ ᠬᠠᠭᠠᠳ ᠤᠨ ᠲᠤᠬᠠᠢ ᠲᠤᠶᠢᠮᠤ ᠲᠤᠷᠠᠳᠰᠤᠭᠠᠢ᠃ | ᠨᠢᠬᠡ᠂ ᠬᠢᠳᠠᠨᠴᠤᠳ ᠤᠨ ᠲᠤᠶᠢᠮᠤ ᠪᠠᠶᠢᠳᠠᠯ | ᠬᠢᠳᠠᠨ ᠦᠨᠳᠦᠰᠦᠳᠡᠨ ᠤ ᠢᠷᠡᠯᠳᠡ ᠶᠢᠨ ᠲᠤᠬᠠᠢ ᠦᠶ᠎ᠡ ᠤᠯᠠᠷᠢᠨ ᠤᠯᠠᠮᠵᠢᠯᠠᠭᠳᠠᠵᠤ ᠢᠷᠡᠭᠰᠡᠨ ᠨᠢᠬᠡᠨ ᠭᠤᠶᠤ | ᠰᠠᠶᠢᠬᠠᠨ ᠦᠯᠢᠬᠡᠷ ᠪᠤᠢ᠂ ᠲᠠᠷᠤᠢ ᠨᠢᠬᠡᠨ ᠰᠠᠬᠢᠭᠤᠯᠰᠤᠨ ᠬᠦᠤ ᠰᠠᠭᠠᠷᠠᠯ ᠮᠤᠷᠢᠨ ᠳᠤ ᠪᠠᠨ ᠮᠤᠷᠳᠠᠵᠤ ᠮᠠ ᠢᠦᠢ | ᠱᠠᠨ ᠠᠭᠤᠯᠠ ᠶᠢᠨ ᠲᠦ᠋ ᠡᠾᠧ ᠭᠤᠤᠯ ᠤᠨ ᠬᠦᠪᠡᠭᠡ ᠠᠴᠠ ᠤᠮᠠᠷᠠᠰᠢᠯᠠᠬᠤ ᠳᠤ ᠬᠦᠬᠡ ᠦᠬᠡᠷ ᠲᠡᠷᠭᠡᠳᠤ ᠲᠡᠭᠷᠢ | ᠶᠢᠨ ᠬᠡᠤᠬᠡᠨ ᠦᠷᠬᠡᠨ ᠲᠠᠯ᠎ᠠ ᠶᠢᠨ ᠨᠠᠷᠠᠰᠤᠨ ᠤᠢ ᠠᠴᠠ ᠰᠢᠷ᠎ᠠ ᠭᠤᠤᠯ ᠢ ᠲᠠᠭᠠᠨ ᠡᠮᠤᠨᠡᠰᠢ ᠪᠠᠭᠤᠵᠤ ᠬᠤᠶᠠᠷ | ᠭᠤᠤᠯ ᠤᠨ ᠠᠭᠤᠯᠵᠠᠷ ᠲᠤ ᠤᠴᠠᠷᠠᠨ ᠬᠤᠶᠠᠭᠤᠯᠠ ᠪᠠᠨ ᠤᠷᠤᠭ ᠬᠤᠯᠪᠤᠨ ᠨᠡᠢᠮᠠᠨ ᠬᠡᠤᠬᠡᠳ ᠲᠠᠢ ᠪᠤᠯᠤᠭᠰᠠᠨ ᠠᠴᠠ | ᠬᠢᠳᠠᠨ ᠤ ᠨᠠᠢᠮᠠᠨ ᠪᠦᠯᠦᠭ ᠡᠬᠦᠰᠪᠡ ᠬᠡᠨ᠎ᠡ᠃ ᠰᠠᠬᠢᠭᠤᠯᠰᠤᠨ ᠬᠦᠤ᠂ ᠲᠡᠭᠷᠢ ᠵᠢᠨᠬᠡᠥᠬᠡᠨ ᠤᠷᠤᠰᠢᠬᠤ ᠦᠬᠡᠢ ᠴᠤ | ᠡᠯ᠎ᠡ ᠦᠨᠳᠦᠰᠦᠳᠡᠨ ᠤᠭᠰᠠᠭ᠎ᠠ ᠶᠢᠨ ᠰᠢᠳᠦᠬᠡᠨ ᠢ ᠡᠷᠬᠢᠮᠯᠡᠳᠡᠭ ᠲᠠᠢ ᠠᠳᠠᠯᠢ ᠪᠠᠷ ᠲᠦ᠋ ᠡᠾᠧ ᠶᠢᠨ ᠡᠬᠢ — ᠮᠠ | ᠢᠦᠢ ᠱᠠᠨ ᠤᠷᠤᠨ᠂ ᠰᠠᠭᠠᠷᠠᠯ ᠮᠤᠷᠢ ᠪᠠᠷ ᠰᠢᠳᠦᠬᠡᠨ ᠪᠤᠯᠭᠠᠭᠰᠠᠨ ᠠᠶᠢᠮᠠᠭ ᠪᠦᠯᠦᠭ ᠪᠤᠯᠤᠨ ᠦᠷᠬᠡᠨ ᠲᠠᠯ᠎ᠠ᠂ | ᠨᠠᠷᠠᠰᠤᠨ ᠤᠢ ᠶᠢᠨ ᠬᠦᠬᠡ ᠦᠬᠡᠷ ᠢᠶᠠᠷ ᠰᠢᠳᠦᠬᠡᠨ ᠪᠤᠯᠭᠠᠭᠰᠠᠨ ᠠᠶᠢᠮᠠᠭ ᠪᠦᠯᠦᠭ ᠬᠠᠷᠢᠯᠴᠠᠨ ᠤᠷᠤᠭᠯᠠᠨ ᠦᠷᠡᠵᠢᠨ | ᠦᠰᠦᠭᠰᠡᠨ ᠨᠢ ᠲᠠᠷᠤᠢ ᠬᠢᠳᠠᠨᠴᠤᠳ ᠪᠢᠯᠡ᠃ ᠡᠨᠡ ᠬᠤᠶᠠᠷ ᠠᠶᠢᠮᠠᠭ ᠪᠦᠯᠦᠭ ᠨᠢ ᠮᠠᠨ ᠤ ᠤᠯᠤᠰ ᠤᠨ ᠲᠡᠣᠬᠡᠨ | ᠳᠠᠬᠢ ᠲᠦᠷᠪᠡᠨ ᠮᠢᠩᠭ᠎ᠠ ᠢᠯᠡᠬᠦᠤ ᠵᠢᠯ ᠤᠨ ᠡᠮᠤᠨᠡᠬᠢ ᠭᠤᠷᠪᠠᠨ ᠬᠠᠭᠠᠨ᠂ ᠲᠠᠪᠤᠨ ᠡᠵᠡᠨ ᠤ ᠦᠶ᠎ᠡ ᠠᠴᠠ | ᠡᠬᠢᠯᠡᠭᠰᠡᠨ ᠬᠠᠳᠤᠨ ᠭᠤᠤᠯ ᠤᠨ ᠤᠷᠤᠰᠬᠠᠯ ᠲᠠᠭᠠᠤ ᠶᠢᠨ ᠠᠮᠢᠳᠤᠷᠠᠨ ᠰᠠᠭᠤᠷᠢᠰᠢᠵᠤ ᠪᠠᠶᠢᠭᠰᠠᠨ ᠦᠨᠳᠦᠰᠦᠳᠡᠨ | ᠪᠤᠯ ᠤᠮᠠᠷᠠᠳᠤ ᠶᠢᠨ ᠴᠦᠬᠡᠨ ᠲᠤᠭᠠᠳᠤ ᠦᠨᠳᠦᠰᠦᠳᠡᠨ ᠤ ᠡᠬᠢ ᠰᠤᠷᠪᠤᠯᠵᠢ ᠨᠢ ᠮᠦᠨ᠃ | ᠲᠡᠬᠦᠨ ᠤ ᠡᠷᠬᠢᠨ ᠲᠤᠭᠤᠷᠢᠨ ᠳᠤ ᠪᠠᠶᠢᠭᠰᠠᠨ ᠴᠦᠬᠡᠨ ᠲᠤᠭᠠᠳᠤ ᠦᠨᠳᠦᠰᠦᠳᠡᠨ ᠨᠦᠭᠦᠳ ᠤᠮᠠᠷᠠᠳᠤ ᠶᠢᠨ | ᠳ᠋ᠢ ︵狄︶ ᠡᠮᠤᠨᠡᠳᠤ ᠶᠢᠨ ᠯᠤᠸᠠᠨ ︵峦) ᠪᠠᠷᠠᠭᠤᠨ ᠷᠦᠡᠭ ︵戎) ᠵᠡᠬᠦᠨ ᠢ ︵夷) ᠶᠢ ᠬᠠᠮᠳᠤ | ᠳᠤᠨᠢ ᠲᠦᠷᠪᠡᠨ ᠬᠠᠷᠢ ᠪᠤᠶᠤ ᠲᠦᠷᠪᠡᠨ ᠬᠤᠶᠢᠴᠢ ᠦᠶ᠎ᠡ ᠬᠡᠳᠡᠭ᠃ ᠤᠮᠠᠷᠠᠳᠤ ᠶᠢᠨ ᠳ᠋ᠢ ᠬᠡᠳᠡᠭ ᠨᠢ ᠬᠤᠸᠠ ᠰᠢᠶᠠ | ᠦᠨᠳᠦᠰᠦᠳᠡᠨ ᠤ ᠤᠮᠠᠷᠠᠳᠤ ᠶᠢᠨ ᠨᠡᠬᠦᠳᠡᠯᠯᠡᠨ ᠮᠠᠯᠵᠢᠵᠤ ᠪᠠᠶᠢᠭᠰᠠᠨ ᠮᠠᠯᠵᠢᠬᠤ ᠦᠨᠳᠦᠰᠦᠳᠡᠨ ᠤ ᠶᠡᠷᠦᠩᠬᠡᠢ | ᠨᠡᠷᠡᠶᠢᠳᠦᠯ ᠮᠦᠨ᠃ ᠴᠢᠨ ᠱᠢ ᠬᠤᠸᠠᠩ ᠵᠢᠷᠭᠤᠭᠠᠨ ᠤᠯᠤᠰ ᠢ ᠨᠢᠬᠡᠳᠬᠡᠨ ᠴᠢᠨ ᠤ ᠬᠠᠭᠠᠨᠳᠤ ᠤᠯᠤᠰ ᠢ | ᠪᠠᠶᠢᠭᠤᠯᠬᠤ ᠦᠶ᠎ᠡ ︵ᠤᠨ ᠲᠤᠭᠠᠯᠠᠯ ᠠᠴᠠ ᠡᠮᠤᠨᠡᠬᠢ 221 ᠤᠨ ᠤ ᠦᠶ᠎ᠡ︶ ᠤᠮᠠᠷᠠᠳᠤ ᠶᠢᠨ ᠳ᠋ᠢ ᠤᠯᠠᠷᠢᠨ | ᠬᠤᠪᠢᠷᠠᠭᠠᠳ ᠬᠤ᠋ ︵ᠳ᠋ᠦᠡᠭᠬᠤ︶ ᠪᠤᠯᠪᠠ᠃ ᠲᠡᠷᠡ ᠦᠶ᠎ᠡ ᠳᠤ ︽ᠴᠢᠨ ᠢ ᠮᠦᠬᠦᠬᠡᠬᠦ ᠠᠨᠤ ᠬᠤ᠋ ᠪᠢᠯᠡ︾ ᠬᠡᠰᠡᠨ | ᠶᠠᠷᠢᠶ᠎ᠠ ᠬᠡᠯᠡᠯᠴᠡᠭᠡ ᠪᠠᠶᠢᠵᠠᠢ᠃ ᠲᠤᠬᠠᠢ ᠶᠢᠨ ᠦᠶ᠎ᠡ ᠶᠢᠨ ᠬᠤ᠋ ᠭᠡᠳᠡᠭ ᠨᠢ ᠭᠤᠤᠯᠳᠠᠭᠤ ᠡᠾᠦ᠋ᠡᠭᠨᠤ ᠪᠤᠯᠤᠨ ᠳ᠋ᠦᠡᠭᠬᠤ | ᠶᠢ ᠵᠢᠭᠠᠵᠤ ᠪᠠᠶᠢᠵᠠᠢ᠃ ᠡᠾᠦ᠋ᠡᠭᠨᠤ ᠪᠤᠯᠤᠨ ᠳ᠋ᠦᠡᠭᠬᠤ ᠪᠤᠯ ᠮᠠᠨ ᠤ ᠤᠯᠤᠰ ᠤᠨ ᠤᠮᠠᠷᠠᠳᠤ ᠶᠢᠨ ᠴᠦᠬᠡᠨ ᠲᠤᠭᠠᠳᠤ | ᠦᠨᠳᠦᠰᠦᠳᠡᠨ ᠤ ᠲᠡᠭᠡᠳᠦᠰ ᠨᠢ ᠮᠦᠨ᠃ ᠡᠾᠦ᠋ᠡᠭᠨᠤ ᠶᠠᠨ ᠱᠠᠨ ᠠᠭᠤᠯᠠ ᠨᠢᠷᠤᠭᠤ ᠪᠠᠷ ᠲᠤᠮᠳᠠᠳᠤ ᠤᠷᠤᠨ ᠲᠠᠢ | ᠵᠠᠯᠭᠠᠯᠳᠤᠨ᠂ ᠳ᠋ᠦᠡᠭᠬᠤ ᠨᠢ ᠲᠡᠬᠦᠨ ᠠᠴᠠ ᠵᠡᠬᠦᠨᠰᠢ ᠪᠠᠨ ᠨᠡᠬᠦᠳᠡᠯᠯᠡᠨ ᠮᠠᠯᠵᠢᠵᠤ ᠠᠮᠢᠳᠤᠷᠠᠵᠤ ᠪᠠᠶᠢᠪᠠ᠃ ᠤᠨ | ᠲᠤᠭᠠᠯᠠᠯ ᠠᠴᠠ ᠡᠮᠤᠨ᠎ᠡ 209 ᠤᠨ ᠳᠤ ᠴᠢᠨ ᠱᠢ ᠬᠤᠸᠠᠩ ᠤᠨ ᠬᠤᠶᠠᠳᠤᠭᠠᠷ ᠬᠦᠤ ᠬᠠᠭᠠᠨ ᠰᠠᠭᠤᠷᠢᠨ ᠢ | ᠵᠠᠯᠭᠠᠮᠵᠢᠯᠠᠬᠤ ᠦᠶ᠎ᠡ ᠡᠾᠦ᠋ᠡᠭᠨᠤ ᠶᠢᠨ ᠲᠠᠶᠢᠽᠢ ᠮᠤᠳᠤᠨ ᠬᠡᠳᠡᠭ ᠬᠦᠮᠦᠨ ᠡᠴᠢᠬᠡ ᠪᠠᠨ ᠠᠯᠠᠵᠤ᠂ ᠳ᠋ᠦᠡᠭᠬᠤ ᠶᠢ | ᠪᠠᠶᠢᠯᠳᠤᠨ ᠲᠠᠶᠢᠯᠵᠤ ᠶᠡᠭᠡ ᠡᠯᠡᠰᠤ ᠪᠠ ᠲᠠᠯ᠎ᠠ ᠨᠤᠳᠤᠭ ᠢ ᠨᠢᠬᠡᠳᠬᠡᠨ ᠮᠠᠨ ᠤ ᠤᠯᠤᠰ ᠤᠨ ᠲᠡᠣᠬᠡᠨ ᠲᠡᠭᠡᠷᠡᠬᠢ | ᠬᠠᠮᠤᠭ ᠠᠩᠬᠠᠨ ᠤ ᠲᠠᠯ᠎ᠠ ᠨᠤᠳᠤᠭ ᠤᠨ ᠬᠠᠭᠠᠨᠳᠤ ᠤᠯᠤᠰ—— ᠡᠾᠦ᠋ᠡᠭᠨᠤ ᠶᠢᠨ ᠬᠠᠭᠠᠨᠳᠤ ᠲᠦᠷᠦ ᠶᠢ | ᠪᠠᠶᠢᠭᠤᠯᠪᠠ᠃ | ᠡᠨᠡ ᠦᠶ᠎ᠡ ᠳᠤ ᠳ᠋ᠦᠡᠭᠬᠤ ᠶᠢᠨ ᠠᠶᠢᠮᠠᠭ ᠤᠨ ᠬᠤᠯᠪᠤᠭᠠᠯᠠᠯ ᠨᠢ ᠡᠾᠦ᠋ᠡᠭᠨᠤ ᠬᠦᠮᠦᠨ ᠳᠤ ᠴᠤᠬᠢᠭᠳᠠᠨ ᠬᠤᠶᠠᠷ | ᠪᠦᠯᠦᠭ ᠪᠤᠯᠤᠨ ᠬᠤᠪᠢᠶᠠᠭᠳᠠᠵᠤ ᠨᠢᠬᠡ ᠪᠦᠯᠦᠭ ᠨᠢ ᠶᠡᠭᠡ ᠬᠢᠨᠭ᠍ᠭᠠᠨ ᠲᠠᠪᠠᠭ᠎ᠠ ᠶᠢᠨ ᠡᠮᠤᠨ᠎ᠡ ᠲᠤᠭᠳᠠᠨᠢᠵᠤ ᠡᠤ | ᠡᠾᠸᠡᠭ ︵ᠦᠬᠤᠸᠠᠨ ᠨᠠᠶᠢᠷᠠᠭᠤᠯᠤᠭᠴᠢ ᠠᠴᠠ︶ ᠪᠤᠯᠪᠠ᠃ ᠨᠦᠬᠦᠬᠡ ᠨᠢᠬᠡ ᠪᠦᠯᠦᠭ ᠨᠢ ᠶᠡᠭᠡ ᠬᠢᠨᠭ᠍ᠭᠠᠨ | ᠲᠠᠪᠠᠭ᠎ᠠ ᠶᠢᠨ ᠲᠤᠮᠳᠠ ᠬᠡᠰᠡᠭ ᠤᠨ ᠰᠢᠶᠠᠨ ᠪᠸᠢ ︵ᠰᠢᠶᠠᠨᠪᠢ ᠨᠠᠶᠢᠷᠠᠭᠤᠯᠤᠭᠴᠢ ᠠᠴᠠ︶ ᠠᠭᠤᠯᠠᠨ ᠳᠤ | ᠲᠤᠭᠳᠠᠨᠢᠵᠤ ᠰᠢᠶᠠᠨ ᠪᠸᠢ ︵ᠰᠢᠶᠠᠨᠪᠢ ᠨᠠᠶᠢᠷᠠᠭᠤᠯᠤᠭᠴᠢ ᠠᠴᠠ︶ ᠦᠨᠳᠦᠰᠦᠳᠡᠨ ᠪᠤᠯᠪᠠ᠃ | ᠡᠾᠦ᠋ᠡᠭᠨᠤ ᠶᠢᠨ ᠲᠠᠯ᠎ᠠ ᠨᠤᠳᠤᠭ ᠤᠨ ᠬᠠᠭᠠᠨᠳᠤ ᠲᠦᠷᠦ ᠮᠠᠨ ᠤ ᠤᠯᠤᠰ ᠤᠨ ᠤᠮᠠᠷᠠᠳᠤ ᠶᠢᠨ ᠦᠷᠬᠡᠨ | ᠠᠭᠤᠳᠠᠮ ᠲᠠᠯ᠎ᠠ ᠨᠤᠳᠤᠭ ᠢ ᠲᠦᠷᠪᠡᠨ ᠵᠠᠭᠤ ᠢᠯᠡᠬᠦᠤ ᠵᠢᠯ ᠨᠤᠶᠠᠷᠬᠠᠪᠠ᠃ ᠵᠡᠬᠦᠨ ᠬᠠᠨ ᠤᠯᠤᠰ ᠤᠨ ᠰᠡᠬᠦᠯᠴᠢ | ᠶᠢᠨ ᠦᠶ᠎ᠡ ᠳᠤ ᠬᠦᠷᠦᠬᠡᠳ ᠳᠣᠷᠤᠶᠢᠲᠠᠵᠤ ᠡᠬᠢᠯᠡᠪᠡ᠃ | ᠡᠨᠡ ᠦᠶ᠎ᠡ ᠠᠴᠠ ᠡᠬᠢᠯᠡᠨ ︵ᠪᠠᠷᠤᠭ ᠬᠤᠶᠠᠳᠤᠭᠠᠷ ᠵᠠᠭᠤᠨ ᠤ ᠦᠶ᠎ᠡ ᠤᠨ ᠲᠤᠭᠠᠯᠠᠯ ᠤᠨ 181 ᠤᠨ ᠤ | ᠤᠷᠴᠢᠮ︶ ᠰᠢᠶᠠᠨᠪᠢᠴᠤᠳ ᠶᠡᠭᠡ ᠬᠢᠨᠭ᠍ᠭᠠᠨ ᠲᠠᠪᠠᠭ᠎ᠠ ᠠᠴᠠ ᠨᠡᠶᠢᠳᠡᠮ ᠤᠷᠤᠭᠰᠢ ᠨᠡᠬᠦᠳᠡᠯᠯᠡᠨ ᠪᠠᠭᠤᠵᠤ᠂ ᠲᠦ᠋ ᠡᠾᠧ | ᠭᠤᠤᠯ ︵ᠤᠳᠤ ᠶᠢᠨ ᠯᠤᠤᠬ᠎ᠠ ᠶᠢᠨ ᠭᠤᠤᠯ︶ ᠰᠢᠷ᠎ᠠ ᠤᠰᠤᠨ ᠭᠤᠤᠯ ︵ᠤᠳᠤ ᠶᠢᠨ ᠰᠢᠷᠠᠮᠦ᠋ᠷᠠᠨ ᠭᠤᠤᠯ︶ ᠤᠨ | ᠤᠷᠤᠰᠬᠠᠯ ᠲᠠᠭᠠᠤ ᠵᠡᠬᠦᠨ ᠪᠦᠯᠦᠭ ᠤᠨ ᠰᠢᠶᠠᠨᠪᠢᠴᠤᠳ ᠤᠷᠤᠰᠢᠨ ᠰᠠᠭᠤᠷᠢᠰᠢᠵᠤ ᠪᠠᠶᠢᠪᠠ᠃ ᠨᠢᠬᠡ ᠪᠦᠯᠦᠭ ᠨᠢ | ᠮᠤᠩᠭᠤᠯ ᠤᠨ ᠦᠨᠳᠦᠷᠯᠢᠭ ᠲᠤ ᠨᠡᠬᠦᠳᠡᠯᠯᠡᠨ ᠤᠴᠢᠵᠤ ᠠᠷᠤ ᠭᠠᠵᠠᠷ ᠤᠨ ᠰᠢᠶᠠᠨᠪᠢᠴᠤᠳ ᠪᠤᠯᠪᠠ᠃ ᠡᠬᠦᠨ ᠠᠴᠠ | ᠬᠤᠶᠢᠰᠢ ᠪᠠᠰᠠ ᠢᠦᠢ ᠸᠧᠨ᠂ ᠮᠤ᠋ ᠷᠦᠡᠭ᠂ ᠳ᠋ᠤᠸᠠᠨ ᠰᠠᠨ ᠪᠦᠯᠦᠭ ᠵᠡᠷᠬᠡ ᠪᠤᠢ ᠪᠤᠯᠵᠠᠢ᠃ ᠤᠨ ᠲᠤᠭᠠᠯᠠᠯ ᠤᠨ | 333 ᠤᠨ ︵ᠪᠤᠶᠤ 334 ᠤᠨ︶ ᠡᠨᠡ ᠬᠡᠳᠤᠨ ᠪᠦᠯᠦᠭ ᠦᠷᠬᠦᠯᠵᠢᠯᠡᠨ ᠬᠠᠷᠢᠯᠴᠠᠨ ᠲᠡᠮᠡᠴᠡᠯ ᠪᠤᠯᠵᠤ ᠢᠦᠢ | ᠸᠧᠨ ᠪᠦᠯᠦᠭ ᠨᠢ ᠲᠡᠶᠢᠯᠦᠭᠳᠡᠪᠡ᠃ ᠴᠦᠬᠡᠨ ᠲᠤᠭᠠᠨ ᠤ ᠬᠦᠮᠦᠨ ᠭᠤᠤ ᠯᠢ ᠳᠤ ᠲᠤᠳᠠᠭᠠᠨ ᠶᠠᠪᠤᠵᠤ ᠤᠯᠠᠩᠬᠢ ᠨᠢ | ᠶᠡᠭᠡ ᠡᠯᠡᠰᠤ ᠪᠠ ᠤᠢ ᠶᠢᠨ ᠲᠤᠮᠳᠠ ᠲᠤᠳᠠᠭᠠᠨ ᠤᠷᠤᠪᠠ᠃ ︵ᠤᠳᠤ ᠦᠪᠦᠷ ᠮᠤᠩᠭᠤᠯ ᠤᠨ ᠤᠯᠠᠭᠠᠨᠬᠠᠳᠠ ᠬᠤᠳᠠ | ᠶᠢᠨ ᠪᠦᠬᠦᠶᠢᠯᠡ ᠤᠷᠤᠨ ᠢ ᠪᠠᠭᠳᠠᠭᠠᠨ᠎ᠠ︶ ᠤᠮᠠᠷᠠᠳᠤ ᠸᠧᠢ ᠤᠯᠤᠰ ᠪᠤᠢ ᠪᠤᠯᠤᠭᠰᠠᠨ ᠤ ᠲᠠᠷᠠᠭᠠᠬᠢ ᠭᠤᠷᠪᠠᠨ ᠵᠢᠯ | ᠳᠤ ︵ᠤᠨ ᠲᠤᠭᠠᠯᠠᠯ ᠤᠨ 388 ᠤᠨ︶ ᠤᠢ ᠶᠢᠨ ᠢᠦᠢ ᠸᠧᠨ ᠪᠦᠯᠦᠭ ᠤᠮᠠᠷᠠᠳᠤ ᠸᠧᠢ ᠤᠯᠤᠰ ᠤᠨ ᠶᠡᠭᠡ | ᠴᠡᠷᠢᠭ ᠲᠠᠢ ᠰᠢᠷ᠎ᠠ ᠭᠤᠤᠯ ᠤᠨ ᠬᠦᠪᠡᠬᠡᠨ ᠳᠤ ᠪᠠᠶᠢᠯᠳᠤᠭᠠᠨ ᠬᠢᠵᠤ ᠲᠡᠶᠢᠯᠦᠭᠳᠡᠬᠡᠳ ᠭᠤᠷᠪᠠᠨ ᠪᠦᠯᠦᠭ ᠪᠤᠯᠤᠨ | ᠵᠠᠳᠠᠷᠠᠨ᠂ ᠨᠢᠬᠡ ᠪᠦᠯᠦᠭ ᠨᠢ ᠢᠦᠢ ᠸᠧᠨ ᠪᠦᠯᠦᠭ᠂ ᠨᠢᠬᠡ ᠪᠦᠯᠦᠭ ᠨᠢ ᠬᠢᠳᠠᠨ ᠪᠦᠯᠦᠭ ᠪᠤᠯᠵᠤ᠂ ᠪᠠᠰᠠ ᠨᠢᠬᠡ | ᠪᠦᠯᠦᠭ ᠨᠢ ᠬᠤᠮᠤᠭ ᠤᠨ ᠰᠢ ᠪᠦᠯᠦᠭ ᠪᠤᠯᠪᠠ᠃ ᠬᠢᠳᠠᠨ ᠤ ᠡᠬᠦᠰᠤᠯ ᠢᠷᠡᠯᠳᠡ ᠲᠠᠷᠤᠢ ᠡᠶᠢᠮᠤ ᠪᠠᠶᠢᠨ᠎ᠠ᠃ | ᠨᠡᠩ ᠤᠨᠤᠪᠴᠢᠳᠠᠢ ᠬᠡᠯᠡᠪᠡᠯ ᠬᠢᠳᠠᠨ ᠪᠤᠯ ᠳ᠋ᠦᠡᠭᠬᠤ ᠦᠨᠳᠦᠰᠦᠳᠡᠨ ᠤ ᠰᠢᠰᠲ᠋ᠧᠮ ᠤᠨ ᠵᠡᠬᠦᠨ ᠰᠢᠶᠠᠨ ᠪᠸᠢ | ︵ᠰᠢᠶᠠᠨᠪᠢ ᠨᠠᠶᠢᠷᠠᠭᠤᠯᠤᠭᠴᠢ ᠠᠴᠠ︶ ᠪᠤᠯᠤᠨ ᠢᠦᠢ ᠸᠧᠨ ᠤ ᠬᠤᠶᠢᠴᠢᠰ ᠮᠦᠨ᠃ ᠡᠷᠳᠡᠮᠳᠡᠨ ᠨᠠᠷ ᠤᠨ | ᠦᠵᠡᠬᠦ ᠪᠠᠷ ᠬᠢᠳᠠᠨ ᠬᠦᠮᠦᠨ ᠤ ᠪᠡᠶ᠎ᠡ ᠳᠤ ᠾᠦᠩᠨᠤᠴᠦᠳ ᠪᠠ ᠰᠢᠶᠠᠨᠪᠢᠴᠤᠳ ᠤᠨ ᠴᠢᠰᠤ ᠤᠷᠤᠰᠴᠤ ᠪᠠᠶᠢᠨ᠎ᠠ | ᠬᠡᠨ᠎ᠡ᠃ | ᠡᠾᠦ᠋ᠡᠭᠨᠤ᠂ ᠳ᠋ᠦᠡᠭᠬᠤ ᠠᠴᠠ ᠰᠢᠶᠠᠨᠪᠢ ᠬᠦᠮᠦᠨ ᠢᠦᠢ ᠸᠧᠨ ᠪᠦᠯᠦᠭ᠂ ᠮᠤ᠋ ᠷᠦᠡᠭ ᠪᠦᠯᠦᠭ᠂ ᠳ᠋ᠤᠸᠠᠨ ᠰᠠᠨ | ᠪᠦᠯᠦᠭ ᠵᠡᠷᠬᠡ ᠨᠡᠩ ᠤᠯᠠᠨ ᠵᠢᠵᠢᠭ ᠪᠦᠯᠦᠭ ᠬᠤᠪᠢᠷᠠᠨ ᠲᠡᠮᠡᠴᠡᠯᠳᠤᠨ ᠤᠷᠤᠰᠢᠵᠤ ᠪᠠᠶᠢᠭᠰᠠᠨ ᠶᠠᠪᠤᠴᠠ ᠳᠤ ᠬᠢᠳᠠᠨ | ᠪᠦᠯᠦᠭ ᠡᠬᠦᠨ ᠤ ᠲᠤᠮᠳᠠ ᠠᠴᠠ ᠡᠬᠦᠰᠤᠨ ᠮᠡᠨᠳᠤᠪᠠ᠃ ᠲᠡᠭᠡᠭᠡᠳ ᠶᠠᠭᠤᠨ ᠤ ᠡᠮᠤᠨ᠎ᠡ ᠬᠢᠳᠠᠨ ᠤ ᠡᠷᠳᠡᠨ ᠤ | ᠨᠠᠢᠮᠠᠨ ᠪᠦᠯᠦᠭ ᠤᠨ ᠬᠤᠯᠪᠤᠭᠠᠯᠠᠯ ᠪᠤᠢ ᠪᠤᠯᠪᠠ᠃ ᠲᠡᠷᠡ ᠦᠶ᠎ᠡ ᠳᠤ ᠬᠢᠳᠠᠨ ᠦᠨᠳᠦᠰᠦᠳᠡᠨ ᠢ ︽ᠬᠢᠳᠠᠨ︾᠂ ︽ | ᠵᠢᠢ ᠳ᠋ᠠᠨ︾᠂ ︽ᠴᠢ ᠳ᠋ᠠᠨ︾᠂ ︽ᠰᠢ ᠳ᠋ᠠᠨ︾ ᠬᠡᠵᠤ ᠲᠠᠭᠤᠳᠠᠳᠠᠭ᠃ ᠡᠳᠡᠬᠡᠷ ᠨᠢ ᠪᠦᠷ ᠰᠢᠳᠠᠮ ᠬᠡᠰᠡᠨ ᠦᠰᠦᠭ | ᠬᠡᠳᠡᠭ᠃ ᠬᠢᠳᠠᠳ ᠪᠢᠴᠢᠯᠬᠡ ᠨᠢ ︽镔铁︾ ᠬᠡᠵᠤ ᠪᠢᠴᠢᠳᠡᠭ ︵ᠯᠢᠶᠤᠤ ᠶᠢᠨ ᠲᠡᠤᠬᠡ ᠳᠤ ᠲᠡᠮᠳᠡᠭᠯᠡᠵᠤ | ᠪᠠᠶᠢᠨ᠎ᠠ︶ ᠬᠢᠳᠠᠨ ᠬᠦᠮᠦᠨ ᠰᠢᠳᠠᠮ ᠢᠶᠠᠷ ᠨᠠᠷᠡᠶᠢᠳᠤᠯ ᠪᠤᠯᠭᠠᠭᠰᠠᠨ ᠨᠢ ᠲᠤᠰ ᠦᠨᠳᠦᠰᠦᠳᠡᠨ ᠤ ᠪᠠᠨ ᠲᠡᠮᠤᠷ ᠰᠢᠳᠠᠮ | ᠮᠡᠳᠤ ᠬᠠᠳᠠᠭᠤ ᠰᠦᠰᠦ ᠵᠤᠷᠢᠭ ᠲᠠᠢ ᠡᠷᠡᠯᠭᠡᠭ ᠪᠠᠭᠠᠳᠤᠷ ᠠᠮᠢᠵᠢᠷᠠᠯ ᠤᠨ ᠬᠦᠴᠦᠨ ᠲᠠᠢ ᠦᠨᠳᠦᠰᠦᠳᠡᠨ ᠬᠡᠳᠡᠭ ᠢ | ᠬᠠᠷᠠᠭᠤᠯᠪᠠ᠃ ᠬᠢᠳᠠᠨ ᠦᠨᠳᠦᠰᠦᠳᠡᠨ ᠲᠤᠰᠠᠭᠠᠷ ᠲᠤᠭᠳᠠᠨᠢᠭᠰᠠᠨ ᠠᠴᠠ ᠲᠡᠤᠬᠡ ᠶᠢᠨ ᠲᠠᠶᠢᠰᠠᠨ ᠳᠤ ᠠᠯᠬᠤᠨ | ᠭᠠᠷᠤᠭᠰᠠᠨ ᠲᠡᠷᠡ ᠴᠠᠭ ᠠᠴᠠ ︵ᠤᠨ ᠲᠤᠭᠠᠯᠠᠯ ᠤᠨ 388 ᠤᠨ ᠳᠤ ᠬᠢᠳᠠᠨ ᠤᠯᠤᠰ ᠪᠠᠶᠢᠭᠤᠯᠤᠭᠳᠠᠭᠰᠠᠨ ᠠᠴᠠ | ᠤᠨ ᠲᠤᠭᠠᠯᠠᠯ ᠤᠨ 916 ᠣᠨ ᠬᠦᠷᠳᠡᠯ᠎ᠡ︶ ᠲᠠᠪᠤᠨ ᠵᠠᠭᠤ ᠢᠯᠡᠬᠦᠤ ᠵᠢᠯ ᠤᠨ ᠬᠦᠭᠵᠢᠯᠳᠡ ᠡᠬᠦᠨ ᠢ ᠬᠡᠷᠡᠴᠢᠯᠡᠨ᠎ᠡ | ᠃ | ᠰᠦᠢ ᠤᠯᠤᠰ ᠤᠨ ᠰᠡᠬᠦᠯᠴᠢ ᠲᠠᠩ ᠤᠨ ᠡᠬᠢᠨ ᠤ ᠦᠶ᠎ᠡ ᠳᠤ ᠭᠢᠳᠠᠨᠴᠤᠳ ᠬᠤᠶᠠᠳᠤᠭᠠᠷ ᠠᠶᠢᠮᠠᠭ ᠤᠨ | ᠬᠤᠯᠪᠤᠭᠠᠯᠠᠯ ᠢ ᠵᠤᠬᠢᠶᠠᠨ ᠪᠠᠶᠢᠭᠤᠯᠵᠠᠢ᠃ | — ᠳ᠋ᠠ ᠡᠾᠧ ᠤᠭᠰᠠᠭ᠎ᠠ ᠶᠢᠨ ᠠᠶᠢᠮᠠᠭ ᠤᠨ ᠬᠤᠯᠪᠤᠭ᠎ᠠ ᠨᠢ ᠲᠠᠩ ᠤᠨ ᠲᠦᠷᠦ ᠶᠢᠨ ᠰᠢᠶᠠᠨ ᠴᠸᠡᠭ | ᠬᠠᠭᠠᠨ ᠤ ᠦᠶ᠎ᠡ ︵ᠤᠨ ᠲᠤᠭᠠᠯᠠᠯ ᠤᠨ 660 ᠤᠨ︶ ᠡᠤ ᠼᠧ ᠲᠢᠶᠠᠨ ᠬᠠᠭᠠᠨ ᠤ ᠲᠦᠮᠡᠨ ᠨᠠᠰᠤᠳᠤ ᠲᠦᠡᠭ | ᠲᠢᠶᠠᠨ ᠤ ᠠᠩᠬᠠᠨ ᠤ ᠤᠨ ︵696 ᠤᠨ︶ ᠮᠠᠰᠢ ᠤᠯᠠᠨ ᠤᠳᠠᠭ᠎ᠠ ᠴᠡᠷᠢᠭ ᠪᠠᠶᠢᠭᠤᠯᠤᠨ ᠲᠠᠩ ᠢ ᠡᠰᠡᠷᠬᠦᠴᠡᠵᠤ | ᠪᠠᠶᠢᠪᠠ᠃ ᠡᠬᠦᠨ ᠤ ᠬᠠᠮᠳᠤ ᠪᠠᠷ ᠳ᠋ᠠ ᠡᠾᠧ ᠤᠭᠰᠠᠭ᠎ᠠ ᠶᠢᠨ ᠬᠢᠨ ᠬᠠᠭᠠᠨ ᠰᠠᠭᠤᠷᠢᠨ ᠤ ᠲᠦᠯᠦᠬᠡ ᠶᠢᠨ | ᠲᠡᠮᠡᠴᠡᠬᠡᠨ ᠬᠤᠷᠴᠠ ᠰᠢᠷᠦᠬᠦᠨ ᠪᠠᠶᠢᠵᠤ᠂ ᠭᠢᠳᠠᠨᠴᠤᠳ ᠨᠢᠶᠧ ᠯᠢ ︵ᠤᠨ ᠲᠤᠭᠠᠯᠠᠯ ᠤᠨ 735 ᠤᠨ︶ ᠬᠢᠳᠠᠳ | ᠬᠦᠮᠦᠨ ᠯᠢ ᠬᠦᠸᠧ ᠵᠧ ᠶᠢ ᠠᠯᠠᠵᠤ ᠦᠪᠡᠷ ᠤᠨ ᠪᠡᠶ᠎ᠡ ᠠᠴᠠ ᠴᠢᠬᠢᠷᠠᠭ ᠬᠦᠴᠦᠨ ᠲᠠᠢ ᠶᠤᠤ ᠨᠢᠶᠠᠨ ᠤᠭᠰᠠᠭ᠎ᠠ | ᠶᠢᠨ ᠠᠶᠢᠮᠠᠭ ᠤᠨ ᠬᠤᠯᠪᠤᠭ᠎ᠠ ᠶᠢᠨ ᠲᠦᠷᠦᠬᠦᠤ ᠳ᠋ᠢ ᠶᠤᠤ ᠽᠤ᠋ ᠯᠢ ᠶᠢ ︵ᠤᠨ ᠲᠤᠭᠠᠯᠠᠯ ᠤᠨ 737 ᠤᠨ ᠳᠤ︶ | ᠬᠠᠨ ᠪᠤᠯᠭᠠᠵᠤ ᠬᠢᠳᠠᠨ ᠤ ᠶᠤᠤ ᠨᠢᠶᠠᠨ ᠤᠭᠰᠠᠭ᠎ᠠ ᠶᠢᠨ ᠬᠤᠯᠪᠤᠭᠠᠯᠠᠯ ᠢ ᠵᠤᠬᠢᠶᠠᠨ ᠪᠠᠶᠢᠭᠤᠯᠪᠠ᠃ ᠲᠠᠷᠠᠭ᠎ᠠ ᠪᠠᠷ ᠨᠢ | ᠨᠢᠶᠧ ᠯᠢ ᠶᠢᠨ ᠲᠡᠮᠵᠢᠯᠬᠡ ᠲᠤᠤᠷ᠎ᠠ ᠶᠤᠤ ᠨᠢᠶᠠᠨ ᠤᠭᠰᠠᠭ᠎ᠠ ᠶᠢᠨ ᠨᠠᠢᠮᠠᠨ ᠪᠦᠯᠦᠭ᠂ ᠲᠠᠷᠤᠢ ᠳ᠋ᠢᠶᠧ ᠯᠠ ᠪᠦᠯᠦᠭ | ᠢᠶᠠᠷ ᠭᠤᠤᠯ ᠪᠤᠯᠭᠠᠭᠰᠠᠨ ᠤᠯᠠᠨ ᠪᠦᠯᠦᠭ ᠢ ᠵᠤᠬᠢᠶᠠᠨ ᠪᠠᠶᠢᠭᠤᠯᠵᠠᠢ᠃ ᠲᠡᠭᠡᠭᠡᠳ ᠡᠯ᠎ᠡ ᠪᠦᠯᠦᠭ ᠨᠢ ᠦᠪᠡᠷ ᠦᠪᠡᠷ | ᠤᠨ ᠠᠶᠢᠮᠠᠭ ᠪᠦᠯᠦᠭ ᠢᠶᠠᠨ ᠬᠦᠭᠵᠢᠬᠦᠯᠦᠨ ᠦᠷᠬᠡᠳᠬᠡᠵᠤ ᠬᠡᠨ ᠳ᠋ᠧ ᠶᠢᠨ ᠬᠠᠭᠠᠨ ᠵᠠᠰᠠᠭ ᠶᠠᠪᠤᠭᠤᠯᠵᠤ ᠪᠠᠶᠢᠭᠰᠠᠨ | ᠦᠶ᠎ᠡ ᠳᠤ ᠶᠤᠤ ᠨᠢᠶᠠᠨ ᠤᠭᠰᠠᠭ᠎ᠠ ᠨᠢᠬᠡᠨᠳᠡ ᠲᠡᠤᠬᠡᠳᠤ ᠡᠬᠦᠷᠬᠡ ᠪᠠᠨ ᠪᠡᠶᠡᠯᠡᠬᠦᠯᠬᠦ ᠶᠢ ᠲᠠᠭᠠᠯᠳᠤᠨ ᠶᠧ ᠯᠢᠦᠢ | ᠤᠭᠰᠠᠭᠠᠳᠠᠨ ᠢᠶᠠᠷ ᠤᠷᠤᠯᠠᠭᠳᠠᠨ ᠲᠦᠯᠦᠬᠡᠯᠡᠭᠳᠡᠪᠡ᠃ ᠶᠠᠭ ᠰᠠᠶᠢᠬᠠᠨ ᠡᠾᠦ᠋ᠢ ᠡᠾᠧ ᠬᠠᠭᠠᠨᠳᠤ ᠤᠯᠤᠰ ᠨᠢ | ᠡᠪᠳᠡᠭᠳᠡᠨ ᠤᠰᠠᠳᠬᠠᠬᠳᠠᠬᠤ ᠦᠶᠡᠰ ᠡᠨᠡ ᠵᠠᠪᠰᠢᠶᠠᠨ ᠢᠶᠠᠷ ᠶᠤᠤ ᠨᠢᠶᠠᠨ ᠤᠭᠰᠠᠭᠠᠳᠠᠨ ᠬᠢᠳᠠᠨ ᠤ ᠴᠡᠷᠢᠭ ᠮᠤᠷᠢᠨ ᠢ | ᠤᠳᠤᠷᠢᠳᠤᠨ ᠲᠠᠭᠠᠭᠤᠯᠤᠨ ᠵᠡᠬᠦᠨᠰᠢ ᠪᠠᠶᠢᠯᠳᠤᠨ ᠪᠠᠷᠠᠭᠤᠨᠰᠢ ᠲᠠᠶᠢᠯᠵᠤ ᠠᠮᠢᠳᠤᠷᠠᠨ ᠤᠷᠤᠰᠢᠬᠤ ᠵᠠᠢ ᠵᠠᠪᠰᠠᠷ ᠢᠶᠠᠨ | ᠦᠷᠬᠡᠳᠬᠡᠵᠤ ᠪᠠᠶᠢᠬᠤ ᠲᠡᠷᠡ ᠦᠶ᠎ᠡ ᠳᠤ ᠬᠢᠳᠠᠨ ᠤ ᠨᠠᠢᠮᠠᠨ ᠪᠦᠯᠦᠭ ᠠᠴᠠ ᠪᠠᠰᠠ ᠨᠢᠬᠡᠨ ᠴᠢᠬᠢᠷᠠᠭ ᠦᠨᠳᠦᠰᠦᠳᠡᠨ | ᠦᠨᠳᠡᠶᠢᠨ ᠪᠤᠰᠤᠯ᠎ᠠ᠃ | — ᠳ᠋ᠢᠶᠧ ᠯᠠ ᠪᠦᠯᠦᠭ ᠤᠨ ᠱᠢ ᠯᠢ ᠤᠭᠰᠠᠭ᠎ᠠ ᠶᠢᠨ ᠬᠡᠷ ᠲᠦᠷᠦᠯ᠃ | ᠡᠷᠳᠡ ᠦᠶ᠎ᠡ ᠶᠢᠨ ᠬᠢᠳᠠᠨ ᠦᠨᠳᠦᠰᠦᠳᠡᠨ ᠦᠰᠦᠭ ᠪᠢᠴᠢᠭ ᠦᠬᠡᠢ ᠭᠤᠤᠯᠳᠠᠭᠤ ᠠᠮᠢᠳᠤᠷᠠᠵᠤ ᠪᠠᠶᠢᠭ᠎ᠠ | ᠭᠠᠵᠠᠷ ᠤᠷᠤᠨ ᠤ ᠨᠡᠷ᠎ᠡ ᠪᠠᠷ ᠨᠢ ᠤᠪᠤᠭ ᠤᠭᠰᠠᠭ᠎ᠠ ᠶᠢ ᠨᠡᠷᠡᠶᠢᠳᠤᠨ᠎ᠡ᠃ ᠳ᠋ᠢᠶᠧ ᠯᠢ ᠪᠦᠯᠦᠭ ᠤᠨ ᠱᠢ ᠯᠢ ᠬᠡᠷ | ᠲᠦᠷᠦᠯ ᠤᠨ ᠦᠨᠳᠦᠰᠦᠳᠡᠨ ᠰᠢᠷ᠎ᠠ ᠭᠤᠤᠯ ᠤᠨ ᠤᠷᠤᠰᠬᠠᠯ ᠲᠠᠭᠠᠤ ᠱᠢ ᠯᠢ ︵ᠤᠳᠤ ᠶᠢᠨ ᠤᠯᠠᠭᠠᠨᠬᠠᠳᠠ ᠬᠤᠳᠠ | ᠶᠢᠨ ᠪᠠᠭᠠᠷᠢᠨ ᠵᠡᠬᠦᠨ ᠬᠤᠰᠢᠭᠤ᠂ ᠠᠷᠤ ᠬᠤᠷᠴᠢᠨ ᠬᠤᠰᠢᠭᠤ᠂ ᠪᠠᠭᠠᠷᠢᠨ ᠪᠠᠷᠠᠭᠤᠨ ᠬᠤᠰᠢᠭᠤ ᠪᠠ ᠲᠦᠡᠭᠯᠢᠶᠤᠤ | ᠵᠡᠷᠬᠡ ᠭᠠᠵᠠᠷ ᠤᠷᠤᠨ︶ ᠭᠠᠵᠠᠷ ᠲᠤ ᠠᠮᠢᠳᠤᠷᠠᠵᠤ ᠪᠠᠶᠢᠵᠠᠢ᠃ ︽ᠱᠢ ᠯᠢ ᠤᠭᠰᠠᠭ᠎ᠠ︾ ᠦᠨᠡᠨ ᠳᠤ ᠪᠠᠨ ︽ | ᠰᠢᠷ᠎ᠠ ᠭᠤᠤᠯ ᠤᠨ ᠤᠭᠰᠠᠭ᠎ᠠ ᠦᠨᠳᠦᠰᠦᠳᠡᠨ︾ ᠮᠦᠨ᠃ ︽ᠱᠢ ᠯᠢ︾ ᠶᠢ ᠪᠠᠰᠠ ᠤᠷᠴᠢᠭᠤᠯᠤᠨ ︽ᠶᠧ ᠯᠢᠦᠢ︾ | ᠬᠡᠨ᠎ᠡ᠃ ᠡᠶᠢᠮᠤ ᠠᠴᠠ ᠱᠢ ᠯᠢ ᠤᠭᠰᠠᠭᠠᠳᠠᠨ ᠪᠤᠯ ᠲᠠᠷᠤᠢ ᠰᠡᠬᠦᠯᠡᠷᠬᠢ ᠶᠡᠭᠡ ᠯᠢᠶᠤᠤ ᠤᠯᠤᠰ ᠢ ᠪᠠᠶᠢᠭᠤᠯᠤᠭᠰᠠᠨ | ᠬᠠᠭᠠᠨ ᠤ ᠦᠨᠳᠦᠰᠦᠳᠡᠨ ᠶᠧ ᠯᠢᠦᠢ ᠤᠭᠰᠠᠭ᠎ᠠ ᠮᠦᠨ᠃ ᠡᠮᠤᠨ᠎ᠡ ᠭᠠᠷᠤᠭᠰᠠᠨ ᠨᠢᠶᠧ ᠯᠢ ᠨᠢ ᠲᠠᠷᠤᠢ ᠶᠧ ᠯᠢᠦᠢ | ᠤᠭᠰᠠᠭᠠᠳᠠᠨ ᠮᠦᠨ ᠪᠦᠬᠡᠳ ᠶᠧ ᠯᠢᠦᠢ ᠤᠭᠰᠠᠭ᠎ᠠ ᠶᠢᠨ ᠲᠡᠭᠡᠳᠤᠰ ᠬᠡᠵᠤ ᠲᠡᠮᠳᠡᠭᠯᠡᠭᠳᠡᠵᠤ ᠪᠤᠢ᠃ | ᠬᠤᠶᠠᠷ᠂ ᠬᠢᠳᠠᠨ ᠤ ᠬᠠᠭᠠᠳ ᠤᠨ ᠲᠤᠶᠢᠮᠤ ᠪᠠᠶᠢᠳᠠᠯ | ᠯᠢᠶᠤᠤ ᠲᠠᠶᠢᠽᠤ ᠶᠧ ᠯᠢᠦᠢ ᠠᠪᠤᠵᠢ᠃ ᠶᠧ ᠯᠢᠦᠢ ᠤᠪᠤᠭᠰᠠᠨ ᠨᠡᠷ᠎ᠡ ᠢ ᠬᠡᠳᠡᠭ᠂ ᠪᠢᠴᠢᠭ ᠤᠨ ᠨᠡᠷ᠎ᠡ | ᠠᠪᠤᠵᠢ᠂ ᠪᠠᠭ᠎ᠠ ᠶᠢᠨ ᠨᠠᠷᠠ ᠴᠤᠸᠠᠢ ᠢ ᡁᠢ᠃ ᠤᠨ ᠲᠤᠭᠠᠯᠠᠯ ᠤᠨ782 ᠣᠨ ᠳᠤ ᠬᠢᠳᠠᠨ ᠤ ᠳ᠋ᠢᠶᠧ ᠯᠠ | ᠪᠦᠯᠦᠭ ᠤᠨ ᠰᠢᠶᠠ ᠯᠢ ᠰᠢ ᠯᠢ ︵ᠰᠢᠶᠠᠨ︶ ᠶᠧ ᠯᠢᠦᠢ ᠨᠢ ᠯᠢ ︵ᠰᠢᠶᠠᠩ︶ ᠡᠳᠦᠬᠡ ᠶᠢᠨ ᠤᠯᠠᠭᠠᠨᠬᠠᠳᠠ ᠬᠤᠳᠠ | ᠶᠢᠨ ᠪᠠᠭᠠᠷᠢᠨ ᠵᠡᠬᠦᠨ ᠬᠤᠰᠢᠭᠤᠨ ᠳᠤ ᠮᠡᠨᠳᠤᠯᠡᠵᠡᠢ᠃ | ᠤᠨ ᠲᠤᠭᠠᠯᠠᠯ ᠤᠨ907 ᠤᠨ ᠳᠤ ᠬᠠᠭᠠᠨ ᠰᠠᠭᠤᠷᠢᠨ ᠳᠤ ᠲᠠᠪᠰᠢᠵᠤ᠂ 926 ᠤᠨ ᠳᠤ ᠡᠪᠡᠳᠴᠢᠨ | ᠢᠶᠠᠷ ᠨᠠᠰᠤ ᠪᠠᠷᠠᠪᠠ᠃ ᠬᠠᠭᠠᠨ ᠰᠠᠭᠤᠷᠢᠨ ᠳᠤ ᠠᠷᠪᠠ ᠶᠢᠰᠦᠨ ᠵᠢᠯ ᠰᠠᠭᠤᠵᠠᠢ᠃ | ᠲᠠᠶᠢᠽᠤ ᠬᠠᠭᠠᠨ ᠶᠧ ᠯᠢᠦᠢ ᠠᠪᠤᠵᠢ ᠬᠠᠭᠠᠨ ᠰᠠᠭᠤᠷᠢᠨ ᠳᠤ ᠪᠠᠶᠢᠬᠤ ᠳᠤ ᠪᠠᠨ ᠲᠤᠤᠷᠠᠬᠢ ᠬᠡᠳᠤᠨ ᠲᠠᠯ᠎ᠠ | ᠶᠢᠨ ᠪᠠᠯᠠᠷᠠᠰᠢ ᠦᠬᠡᠢ ᠭᠠᠪᠢᠶ᠎ᠠ ᠵᠢᠳᠬᠦᠯ ᠲᠠᠢ᠃ ᠲᠡᠷᠡ ᠬᠠᠭᠠᠨ ᠰᠢᠷᠡᠬᠡᠨ ᠳᠤ ᠰᠠᠭᠤᠬᠤ ᠠᠴᠠ ᠡᠮᠤᠨ᠎ᠡ ᠤᠷᠳᠤ | ᠬᠤᠭᠤᠴᠠᠭᠠᠨ ᠤ ᠲᠠᠶᠢᠨ ᠪᠠᠶᠢᠯᠳᠤᠭᠠᠨ᠂ ᠡᠶᠡᠳᠡᠨ ᠲᠠᠭᠠᠭᠤᠯᠬᠤ ᠵᠡᠷᠬᠡ ᠠᠷᠭ᠎ᠠ ᠠᠪᠴᠠᠯ ᠢᠶᠠᠷ ᠬᠢᠳᠠᠨ ᠤ ᠤᠯᠠᠨ | ᠪᠦᠯᠦᠭ ᠢ ᠨᠢᠬᠡᠳᠬᠡᠨ ᠤᠨ ᠲᠤᠭᠠᠯᠠᠯ ᠤᠨ916 ᠤᠨ ᠤ ᠬᠠᠪᠤᠷ ᠤᠨ ᠰᠠᠷ᠎ᠠ ᠳᠤ ᠬᠠᠮᠤᠭ ᠠᠩᠬᠠᠨ ᠤ ᠬᠢᠳᠠᠨ | ᠤᠯᠤᠰ ᠢ ᠪᠠᠶᠢᠭᠤᠯᠤᠨ ᠬᠢᠳᠠᠨ ᠤ ᠬᠠᠨ ᠪᠠᠶᠢᠭᠰᠠᠨ ᠠᠴᠠ ᠪᠠᠨ ᠵᠢᠪ ᠵᠢᠩᠬᠢᠨᠢ ᠬᠢᠳᠠᠨ ᠤᠯᠤᠰ ᠤᠨ ᠬᠠᠭᠠᠨ ᠰᠠᠭᠤᠪᠠ | ᠃ | ᠲᠡᠷᠡ ᠤᠬᠤᠷᠬᠠᠨ ᠠᠷᠪᠠ ᠶᠢᠰᠤᠨ ᠵᠢᠯ ᠤᠨ ᠬᠠᠭᠠᠨ ᠰᠠᠭᠤᠭᠰᠠᠨ ᠬᠤᠭᠤᠴᠠᠭᠠᠨ ᠳᠤ ᠪᠠᠨ᠄ | ︵1︶ ᠤᠯᠤᠰ ᠬᠡᠷ ᠤᠨ ᠬᠠᠤᠯᠢ ᠲᠦᠷᠢᠮ ᠴᠡᠭᠴᠡᠯᠡᠨ ᠬᠢᠳᠠᠨ ᠬᠦᠮᠦᠨ ᠳᠤ ᠵᠠᠩᠰᠢᠯ ᠢᠶᠠᠷ ᠨᠢ ᠵᠠᠰᠠᠬᠤ | ᠪᠤᠳᠠᠳᠠᠢ ᠬᠠᠤᠯᠢ ᠶᠢ ᠲᠤᠭᠳᠠᠭᠠᠨ ᠭᠠᠷᠭᠠᠪᠠ᠃ ᠠᠪᠤᠵᠢ ᠶᠢᠨ ᠲᠤᠭᠳᠠᠭᠠᠭᠰᠠᠨ ᠵᠠᠩᠰᠢᠯ ᠢᠶᠠᠷ ᠵᠠᠰᠠᠬᠤ ᠪᠤᠳᠠᠳᠠᠢ | ᠬᠠᠤᠯᠢ ᠲᠦᠷᠢᠮ ᠪᠤᠯ ᠮᠠᠨ ᠤ ᠤᠯᠤᠰ ᠤᠨ ᠲᠡᠤᠬᠡᠨ ᠲᠡᠭᠡᠷ᠎ᠡ ᠴᠦᠬᠡᠨ ᠲᠤᠭᠠᠳᠤ ᠦᠨᠳᠦᠰᠦᠳᠡᠨ ᠤ ᠲᠤᠮᠳᠠ ᠬᠠᠤᠯᠢ | ᠶᠢ ᠡᠷᠬᠡ ᠲᠡᠭᠰᠢ ᠬᠡᠷᠡᠭᠯᠡᠬᠦ ᠴᠢᠬᠤᠯᠠ ᠨᠢᠬᠡᠨ ᠬᠠᠤᠯᠢ ᠴᠠᠭᠠᠵᠠ ᠶᠢᠨ ᠲᠦᠷᠢᠮ ᠪᠤᠯᠤᠭᠰᠠᠨ ᠪᠦᠬᠡᠳ ᠨᠢᠬᠡᠨ ᠰᠢᠨ᠎ᠡ | ᠡᠬᠦᠳᠦᠯᠳᠡ ᠮᠦᠨ᠃ | ︵2︶ ᠤᠯᠤᠰ ᠬᠡᠷ ᠢᠶᠠᠨ ᠬᠦᠭᠵᠢᠬᠦᠯᠦᠨ ᠮᠠᠨᠳᠤᠭᠤᠯᠬᠤ ᠳᠤ ᠤᠳᠬ᠎ᠠ ᠰᠤᠶᠤᠯ ᠦᠬᠡᠢ ᠪᠤᠯ ᠪᠤᠯᠬᠤ | ᠦᠬᠡᠢ ᠬᠡᠰᠡᠨ ᠶᠤᠰᠤ ᠶᠢ ᠤᠶᠢᠯᠠᠭᠠᠨ ᠮᠡᠳᠡᠵᠡᠢ᠃ ᠬᠠᠷᠢ ᠦᠨᠳᠦᠰᠦᠳᠡᠨ ᠤ ᠰᠡᠬᠡᠬᠡᠳᠡᠨ ᠢ ᠵᠤᠷᠢᠭᠳᠠᠢ ᠪᠠᠷ ᠬᠡᠷᠡᠭᠯᠡᠨ᠂ | ᠬᠢᠳᠠᠨ ᠤᠯᠤᠰ ᠤᠨ ᠤᠳᠬ᠎ᠠ ᠰᠤᠶᠤᠯ ᠢ ᠬᠦᠭᠵᠢᠬᠦᠯᠬᠦ ᠪᠠᠷ ᠴᠢᠷᠮᠠᠶᠢᠪᠠ᠃ ᠡᠬᠦᠨ ᠳᠤ ᠬᠢᠳᠠᠳ ᠰᠡᠬᠡᠬᠡᠳᠡᠨ ᠬᠠᠨ | ᡁᠢ ᠡᠾᠦ᠋ᠢ᠂ ᠬᠠᠨ ᡁᠢ ᠬᠦ᠋᠂ ᠺᠠᠨᠭ᠌ ᠮᠦᠸᠧ ᠵᠢᠢ ᠵᠡᠷᠬᠡ ᠬᠦᠮᠦᠰ ᠢ ᠠᠰᠢᠭᠯᠠᠨ ᠬᠢᠳᠠᠨ ᠤ ᠲᠤᠮᠤ ᠦᠰᠦᠭ ᠢ | ᠡᠬᠦᠳᠦᠨ ᠭᠠᠷᠭᠠᠵᠤ ᠲᠠᠷᠠᠭᠠᠪᠠᠷ ᠨᠢ ᠪᠠᠰᠠ ᠵᠠᠯᠠᠷᠠᠭᠤᠯᠤᠨ ᠵᠠᠰᠠᠵᠤ ᠬᠢᠳᠠᠨ ᠤ ᠪᠠᠭ᠎ᠠ ᠦᠰᠦᠭ ᠪᠤᠯᠭᠠᠵᠤ᠂ ᠡᠨᠡ ᠬᠦ | ᠵᠠᠭᠤ ᠮᠢᠩᠭᠠᠨ ᠵᠢᠯ ᠤᠨ ᠲᠤᠷᠰᠢ ᠪᠠᠯᠠᠷᠯᠢᠭ ᠠᠮᠢᠳᠤᠷᠠᠯ ᠳᠤ ᠪᠠᠶᠢᠭᠰᠠᠨ ᠬᠢᠳᠠᠨ ᠬᠦᠮᠦᠨ ᠢ ᠦᠪᠡᠷ ᠤᠨ | ᠦᠨᠳᠦᠰᠦᠳᠡᠨ ᠤ ᠦᠰᠦᠭ ᠪᠢᠴᠢᠭ ᠪᠤᠯᠭᠠᠵᠤ᠂ ᠡᠬᠦᠨ ᠤ ᠬᠠᠮᠳᠤ ᠶᠧ ᠯᠢᠦᠢ ᠠᠪᠤᠵᠢ ᠯᠢᠶᠤᠤ ᠶᠢᠨ ᠲᠡᠭᠡᠳᠤ | ᠨᠡᠶᠢᠰᠯᠡᠯ ᠯᠢᠨ ᠬᠤᠸᠠᠩ ᠤᠷᠳᠤᠨ ᠢ ᠪᠦᠳᠦᠬᠡᠨ ᠪᠠᠶᠢᠭᠤᠯᠪᠠ᠃ | ︵3︶ ᠡᠬᠡ ᠤᠯᠤᠰ ᠤᠨ ᠢᠶᠠᠨ ᠨᠢᠬᠡᠳᠤᠯ ᠢ ᠪᠠᠳᠤᠯᠠᠨ ᠬᠠᠮᠠᠭᠠᠯᠠᠵᠤ ᠴᠢᠳᠠᠭᠰᠠᠨ ᠤ ᠰᠠᠭᠤᠷᠢᠨ ᠲᠡᠭᠡᠷ᠎ᠡ | ᠬᠢᠳᠠᠨ ᠤ ᠨᠤᠳᠤᠭ ᠲᠡᠪᠢᠰᠬᠡᠢ ᠢᠶᠠᠨ ᠦᠷᠬᠡᠳᠬᠡᠨ ᠪᠠᠷᠠᠭᠤᠨᠰᠢ ᠠᠯᠳᠠᠢ ᠨᠢᠷᠤᠭᠤ ᠬᠦᠷᠳᠡᠯ᠎ᠡ ᠲᠠᠶᠢᠯᠠᠨ ᠡᠷᠬᠡᠰᠢᠶᠡᠵᠤ | ᠵᠡᠬᠦᠨᠰᠢ ᠤᠯᠤᠰ ᠪᠠᠶᠢᠭᠤᠯᠤᠨ ᠬᠡᠳᠤᠨ ᠵᠠᠭᠤᠨ ᠵᠢᠯ ᠪᠤᠯᠤᠭᠰᠠᠨ ᠪᠦᠸᠧ ᠭᠠᠢ ᠤᠯᠤᠰ ᠢ ᠮᠦᠬᠦᠬᠡᠨ᠂ ᠵᠡᠬᠦᠨ | ᠬᠤᠶᠢᠳᠤ ᠪᠠ ᠵᠡᠬᠦᠨ ᠡᠳᠡᠬᠡᠳ ᠤᠨ ᠪᠦᠸᠧ ᠬᠠᠢ ᠶᠢᠨ ᠨᠤᠳᠤᠭ ᠲᠡᠪᠢᠰᠬᠡᠷ ᠢ ᠡᠵᠡᠯᠡᠨ ᠠᠪᠴᠤ᠂ ᠲᠤᠬᠠᠢ ᠶᠢᠨ | ᠦᠶ᠎ᠡ ᠶᠢᠨ ᠪᠦᠸᠧ ᠬᠠᠢ ᠶᠢᠨ ᠠᠷᠠᠳ ᠲᠦᠮᠡᠨ ᠳᠤ ᠨᠢᠬᠡ ᠤᠯᠤᠰ ᠲᠤ ᠬᠤᠶᠠᠷ ᠲᠦᠷᠢᠮ ᠢᠶᠠᠷ ᠵᠠᠰᠠᠬᠤ ᠠᠷᠭ᠎ᠠ ᠶᠢ | ᠠᠪᠤᠪᠠ᠃ ᠶᠧ ᠯᠢᠦᠢ ᠠᠪᠤᠵᠢ ᠶᠢᠨ ᠬᠠᠭᠠᠨ ᠰᠠᠭᠤᠵᠤ ᠪᠠᠶᠢᠭᠰᠠᠨ ᠬᠤᠭᠤᠴᠠᠭᠠᠨ ᠳᠤ ᠬᠢᠳᠠᠨ ᠤᠯᠤᠰ ᠢ ᠯᠢᠶᠤᠤ | ᠬᠡᠵᠤ ᠤᠯᠤᠰ ᠤᠨ ᠨᠡᠷ᠎ᠡ ᠦᠬᠡᠷᠡᠴᠢᠯᠡᠭᠳᠡᠬᠦ ᠠᠴᠠ ᠡᠮᠤᠨ᠎ᠡ ᠠᠪᠤᠵᠢ ᠨᠠᠰᠤ ᠪᠠᠷᠠᠪᠠ᠃ ᠬᠤᠵᠢᠮ ᠨᠢ ᠯᠢᠶᠤᠤ ᠤᠯᠤᠰ | ᠬᠡᠵᠤ ᠨᠡᠷ᠎ᠡ ᠶᠢ ᠨᠢ ᠦᠬᠡᠷᠡᠴᠢᠯᠡᠬᠦ ᠶᠢᠨ ᠬᠠᠮᠳᠤ ᠠᠪᠤᠵᠢ ᠶᠢ ᠪᠠᠰᠠ ᠯᠢᠶᠤᠤ ᠲᠠᠶᠢᠽᠤ ᠬᠠᠭᠠᠨ ᠡᠷᠬᠦᠮᠵᠢᠯᠡᠪᠡ᠃ | ᠯᠢᠶᠤᠤ ᠶᠢᠨ ᠲᠠᠶᠢᠽᠤᠩ ᠬᠠᠭᠠᠨ ᠶᠧ ᠯᠢᠦᠢ ᠭᠤᠸᠠᠩ ᠤᠨ ᠪᠢᠴᠢᠭ ᠤᠨ ᠨᠠᠷᠠ ᠳ᠋ᠧ ᠶᠢᠨ᠂ ᠪᠠᠭ᠎ᠠ ᠶᠢᠨ | ᠨᠠᠷ᠎ᠡ ᠶᠤᠤ ᠬᠦ᠋᠂ ᠤᠨ ᠲᠤᠭᠠᠯᠠᠯ ᠤᠨ902 ᠤᠨ ᠳᠤ ᠬᠢᠳᠠᠨ ᠤ ᠵᠢᠶᠠᠩ ᠱᠸᠡᠭ ᠵᠸᠣ ᠳᠤ ᠤᠳᠤ ᠶᠢᠨ ᠤᠤᠬᠠᠨ | ᠬᠤᠰᠢᠭᠤ ᠳᠤ ᠮᠡᠨᠳᠤᠯᠡᠵᠡᠢ᠃ ᠤᠨ ᠲᠤᠭᠠᠯᠠᠯ ᠤᠨ927 ᠤᠨ ᠠᠴᠠ947 ᠤᠨ ᠬᠦᠷᠳᠡᠯ᠎ᠡ ᠬᠠᠭᠠᠨ ᠰᠠᠭᠤᠷᠢᠨ | ᠳᠤ ᠰᠠᠭᠤᠪᠠ᠃926 ᠤᠨ ᠠᠴᠠ927 ᠤᠨ ᠳᠤ ᠬᠠᠭᠠᠨ ᠤ ᠡᠬᠡ ᠱᠤ᠋ ᠯᠢᠦᠢ ᠳ᠋ᠧ ᠭᠤᠸᠠᠩ ᠬᠤᠶᠠᠷ ᠵᠢᠯ ᠵᠠᠰᠠᠭ | ᠶᠠᠪᠤᠭᠤᠯᠪᠠ᠃ ᠲᠠᠶᠢᠽᠤᠩ ᠬᠠᠭᠠᠨ ᠶᠧ ᠯᠢᠦᠢ ᠭᠤᠸᠠᠩ ᠪᠤᠯ ᠲᠠᠶᠢᠽᠤ ᠬᠠᠭᠠᠨ ᠶᠧ ᠯᠢᠦᠢ ᠠᠪᠤᠵᠢ ᠶᠢᠨ | ᠬᠤᠶᠠᠳᠤᠭᠠᠷ ᠬᠦᠣ᠂ ᠲᠠᠶᠢᠽᠢ ᠡᠷᠬᠦᠵᠢᠯᠡᠭᠳᠡᠨ ᠶᠤᠸᠠᠨᠱᠤᠸᠠᠢ ᠰᠠᠭᠤᠵᠤ ᠦᠡᠭᠭᠡᠷᠡᠪᠡ᠃ | ᠲᠠᠶᠢᠽᠦ᠋ᠡᠭ ᠬᠠᠭᠠᠨ ᠰᠠᠭᠤᠷᠢᠨ ᠳᠤ ᠪᠠᠶᠢᠬᠤ ᠬᠤᠭᠤᠴᠠᠭᠠᠨ ᠳᠤ ᠪᠠᠨ ᠤᠯᠤᠰ ᠤᠨ ᠢᠶᠠᠨ ᠨᠤᠳᠤᠭ | ᠲᠡᠪᠢᠰᠬᠡᠷ ᠢ ᠦᠷᠬᠡᠳᠬᠡᠨ ᠡᠵᠡᠮᠰᠢᠬᠦ ᠬᠡᠳ ᠴᠡᠷᠢᠭ ᠲᠠᠶᠢᠴᠢᠯᠠᠨ ᠡᠮᠤᠨᠡᠰᠢ ᠪᠠᠭᠤᠵᠤ ᠲᠤᠮᠳᠠᠳᠤ ᠤᠷᠤᠨ ᠤ ᠶᠢᠨ | ᠤᠯᠤᠰ ᠤᠨ ᠬᠠᠭᠠᠨ ᠢ ᠠᠶᠤᠯᠭᠠᠵᠤ ᠪᠠᠶᠢᠭᠠᠳ ᠶᠠᠨ ᠶᠦᠨ ᠤᠷᠤᠨ ᠤ ᠠᠷᠪᠠᠨ ᠵᠢᠷᠭᠤᠭᠠᠨ ᠵᠸᠣ ᠶᠢ ᠯᠢᠶᠤᠤ | ᠤᠯᠤᠰ ᠤᠨ ᠬᠠᠷᠢᠶᠠᠳᠤ ᠪᠤᠯᠭᠠᠵᠤ᠂ ᠠᠵᠤ ᠠᠬᠤᠢ ᠨᠢ ᠨᠡᠯᠢᠶᠡᠳ ᠬᠦᠭᠵᠢᠬᠡᠳ ᠤᠤᠯ ᠤᠨ ᠬᠢᠳᠠᠨ ᠤᠯᠤᠰ ᠤᠨ | ᠨᠡᠷ᠎ᠡ ᠶᠢ ᠦᠬᠡᠷᠡᠴᠢᠯᠡᠨ ᠶᠡᠭᠡ ᠯᠢᠶᠤᠤ ᠤᠯᠤᠰ ᠬᠡᠪᠡ᠃ ᠲᠠᠶᠢᠽᠦ᠋ᠡᠭ ᠬᠠᠭᠠᠨ ᠤ ᠦᠶ᠎ᠡ ᠳᠤ ᠤᠯᠤᠰ ᠤᠨ | ᠲᠤᠳᠤᠭᠠᠳᠤ ᠳᠤ ᠪᠠᠨ ᠭᠤᠷᠪᠠᠨ ᠨᠡᠶᠢᠰᠯᠡᠯ ᠪᠠᠶᠢᠭᠤᠯᠤᠨ ᠲᠦᠷᠦ ᠶᠢᠨ ᠤᠷᠳᠤᠨ ᠢᠶᠠᠨ ᠡᠮᠤᠨ᠎ᠡ ᠤᠮᠠᠷ᠎ᠠ ᠬᠡᠵᠤ | ᠬᠤᠶᠠᠷ ᠬᠤᠪᠢᠶᠠᠨ ᠵᠠᠰᠠᠭ ᠤᠨ ᠡᠷᠬᠡ ᠪᠠᠨ ᠶᠠᠪᠤᠭᠳᠠᠭᠤᠯᠪᠠ᠃ | ᠯᠢᠶᠤᠤ ᠶᠢᠨ ᠰᠢᠽᠦ᠋ᠡᠭ ᠬᠠᠭᠠᠨ ᠶᠧ ᠯᠢᠦᠢ ᠷᠤᠸᠠᠨ᠂ ᠪᠠᠭ᠎ᠠ ᠶᠢᠨ ᠨᠠᠷ᠎ᠡ ᠨᠢ ᠡᠤ ᠢᠦᠢ ᠬᠡᠳᠡᠭ᠂ ᠤᠨ | ᠲᠤᠭᠠᠯᠠᠯ ᠤᠨ 918 ᠤᠨ ᠤ 12 ᠰᠠᠷ᠎ᠠ ᠳᠤ ᠯᠢᠶᠤᠤ ᠶᠢᠨ ᠲᠡᠭᠡᠳᠤ ᠨᠡᠶᠢᠰᠯᠡᠯ ᠳᠤ ᠮᠡᠨᠳᠤᠯᠡᠵᠡᠢ᠃ ᠤᠨ ᠲᠤᠭᠠᠯᠠᠯ | ᠤᠨ 947 ᠤᠨ ᠠᠴᠠ 951 ᠬᠦᠷᠳᠡᠯ᠎ᠡ ᠰᠠᠭᠤᠷᠢᠨ ᠳᠤ ᠰᠠᠭᠤᠪᠠ᠃ ᠯᠢᠶᠤᠤ ᠰᠢᠽᠦ᠋ᠡᠭ ᠬᠠᠭᠠᠨ ᠤ ᠲᠤᠬᠠᠢ | ᠦᠬᠡᠷ᠎ᠡ ᠲᠡᠮᠡᠢ ᠨᠠᠮᠳᠠᠷ ᠦᠬᠡᠢ᠃ | ᠯᠢᠶᠤᠤ ᠶᠢᠨ ᠮᠤ᠋ ᠽᠦᠡᠭ ᠬᠠᠭᠠᠨ ᠶᠧ ᠯᠢᠦᠢ ᠵᠢᠩ᠂ ᠪᠢᠴᠢᠭ ᠤᠨ ᠨᠡᠷ᠎ᠡ ᠰᠤ᠋ ᠯᠢᠦᠢ ᠬᠡᠳᠡᠭ᠃ ᠤᠨ | ᠲᠤᠭᠠᠯᠠᠯ ᠤᠨ 931 ᠤᠨ ᠤ 8 ᠰᠠᠷ᠎ᠠ ᠳᠤ ᠮᠡᠨᠳᠤᠯᠡᠵᠡᠢ᠃ ᠲᠠᠶᠢᠽᠦ᠋ᠡᠭ ᠬᠠᠭᠠᠨ ᠶᠧ ᠯᠢᠦᠢ ᠳ᠋ᠧ ᠭᠤᠸᠠᠩ | ᠠᠬᠠᠮᠠᠳ ᠬᠦᠤ᠃ ᠤᠨ ᠲᠤᠭᠠᠯᠠᠯ ᠤᠨ951 ᠤᠨ ᠠᠴᠠ969 ᠬᠦᠷᠳᠡᠯ᠎ᠡ ᠬᠠᠭᠠᠨ ᠰᠠᠭᠤᠷᠢᠨ ᠳᠤ ᠰᠠᠭᠤᠪᠠ᠃ | ᠤᠨᠴᠠᠭᠠᠢ ᠨᠠᠮᠳᠠᠷ ᠦᠬᠡᠢ᠃ | ᠯᠢᠶᠤᠤ ᠵᠢᠩ ᠽᠦᠡᠭ ᠬᠠᠭᠠᠨ ᠶᠧ ᠯᠢᠦᠢ ᠰᠢᠶᠠᠨ᠂ ᠪᠢᠴᠢᠭ ᠤᠨ ᠨᠡᠷ᠎ᠡ ᠰᠢᠶᠠ ᠨᠢᠩ᠃ ᠤᠨ ᠲᠤᠭᠠᠯᠠᠯ ᠤᠨ | 948 ᠤᠨ ᠤ 7 ᠰᠠᠷ᠎ᠠ ᠳᠤ ᠲᠡᠭᠡᠳᠤ ᠨᠡᠶᠢᠰᠯᠡᠯ ᠳᠤ ᠮᠡᠨᠳᠦᠯᠡᠪᠡ᠃ ᠤᠨ ᠲᠤᠭᠠᠯᠠᠯ ᠤᠨ 969 ᠤᠨ ᠠᠴᠠ | 982 ᠤᠨ ᠬᠦᠷᠳᠡᠯ᠎ᠡ ᠬᠠᠭᠠᠨ ᠰᠠᠭᠤᠷᠢᠨ ᠳᠤ ᠰᠠᠭᠤᠵᠤ᠂ ᠴᠢᠳᠠᠪᠦᠷᠢᠳᠠᠨ ᠢ ᠲᠠᠨᠢᠨ ᠬᠦᠨᠳᠤ ᠪᠠᠷ ᠬᠡᠷᠡᠭᠯᠡᠵᠤ | ᠲᠡᠭᠡᠷ᠎ᠡ ᠦ᠊ ᠶᠢᠨ ᠬᠠᠭᠠᠳ ᠤᠨ ᠦᠯᠡᠳᠡᠬᠡᠵᠤ ᠢᠷᠡᠭᠰᠡᠨ ᠲᠦᠷᠦ ᠵᠠᠰᠠᠭ ᠤᠨ ᠶᠡᠭᠡ ᠶᠠᠪᠤᠳᠠᠯ ᠤᠳ ᠢ ᠴᠡᠭᠴᠡᠯᠡᠨ | ᠲᠡᠭᠰᠢᠯᠡᠵᠤ ᠬᠠᠤᠯᠢ ᠲᠦᠷᠢᠮ ᠤᠨ ᠵᠠᠷᠢᠮ ᠵᠦᠢᠯ ᠢ ᠰᠢᠨᠡᠳᠬᠡᠨ ᠪᠠᠶᠢᠭᠤᠯᠵᠠᠢ᠃ | ᠵᠢᠩ ᠽᠦᠡᠭ ᠬᠠᠭᠠᠨ ᠶᠧ ᠯᠢᠦᠢ ᠰᠢᠶᠠᠨ ᠦᠪᠡᠷ ᠤᠨ ᠪᠡᠶ᠎ᠡ ᠨᠢ ᠡᠪᠡᠳᠴᠢᠨ ᠡᠮᠵᠡᠭ ᠲᠠᠢ ᠴᠤ ᠬᠠᠳᠤᠨ | ᠰᠢᠶᠤᠤ ᠶᠠᠨ ᠶᠠᠨ ᠤ ᠲᠡᠮᠵᠢᠯᠬᠡ ᠪᠠᠷ ᠤᠯᠤᠰ ᠤᠨ ᠲᠤᠳᠤᠭᠠᠳᠤ ᠶᠢᠨ ᠪᠠᠶᠢᠳᠠᠯ ᠢᠶᠠᠨ ᠵᠠᠰᠠᠨ ᠲᠡᠭᠰᠢᠯᠡᠵᠤ ᠶᠡᠭᠡ | ᠯᠢᠶᠤᠤ ᠤᠯᠤᠰ ᠤᠨ ᠦᠷᠬᠦᠯᠵᠢᠯᠡᠨ ᠬᠦᠭᠵᠢᠨ ᠮᠡᠨᠳᠤᠬᠤ ᠳᠤ ᠪᠠᠳᠤ ᠴᠢᠩᠭ᠎ᠠ ᠰᠠᠭᠤᠷᠢ ᠶᠢ ᠲᠠᠯᠪᠢᠭᠰᠠᠨ ᠵᠢᠳᠬᠦᠯ | ᠲᠠᠢ ᠬᠠᠭᠠᠨ ᠮᠦᠨ᠃ | ᠯᠢᠶᠤᠤ ᠶᠢᠨ ᠱᠸᠡᠭ ᠽᠦᠡᠭ ᠬᠠᠭᠠᠨ ᠶᠧ ᠯᠢᠦᠢ ᠯᠦᠡᠭ ᠰᠢᠦᠢ᠂ ᠪᠢᠴᠢᠭ ᠤᠨ ᠨᠡᠷ᠎ᠡ ᠱᠸᠤ ᠨᠦ᠋᠂ ᠤᠨ | ᠲᠤᠭᠠᠯᠠᠯ ᠤᠨ972 ᠤᠨ ᠳᠤ ᠯᠢᠶᠤᠤ ᠶᠢᠨ ᠲᠡᠭᠡᠳᠤ ᠨᠡᠶᠢᠰᠯᠡᠯ ᠳᠤ ᠮᠡᠨᠳᠦᠯᠡᠵᠡᠢ᠃ ᠯᠢᠶᠤᠤ ᠱᠸᠡᠭ ᠽᠦᠡᠭ ᠬᠠᠭᠠᠨ | ᠬᠦᠭᠵᠢᠯᠳᠤ ᠦᠶ᠎ᠡ ᠶᠢᠨ ᠡᠵᠡᠨ ᠬᠡᠬᠦ ᠢᠷᠠᠭᠤ ᠰᠠᠶᠢᠬᠠᠨ ᠴᠤᠯᠠ ᠶᠢ ᠤᠯᠵᠤ ᠦᠡᠭᠬᠡᠷᠡᠪᠡ᠃ ᠤᠨ ᠲᠤᠭᠠᠯᠠᠯ | ᠤᠨ982 ᠤᠨ ᠠᠴᠠ1031 ᠤᠨ ᠬᠦᠷᠳᠡᠬᠡᠯ ᠬᠠᠭᠠᠨ ᠰᠠᠭᠤᠷᠢᠨ ᠳᠤ ᠰᠠᠭᠤᠵᠤ᠂ ᠯᠢᠶᠤᠤ ᠶᠢᠨ ᠬᠠᠭᠠᠳ ᠤᠨ | ᠲᠤᠳᠤᠷ᠎ᠠ ᠬᠠᠮᠤᠭ ᠠᠴᠠ ᠤᠷᠳᠤ ᠬᠠᠭᠠᠨ ᠰᠠᠭᠤᠷᠢᠨ ᠳᠤ ᠰᠠᠭᠤᠭᠰᠠᠨ ᠨᠢ ᠡᠨᠡ ᠬᠠᠭᠠᠨ ᠮᠦᠨ᠃ ᠪᠦᠷᠢᠨ ᠪᠤᠰᠤ | ᠪᠦᠷᠢᠳᠬᠡᠯ ᠢᠶᠠᠷ ᠲᠤᠮᠳᠠᠳᠤ ᠤᠯᠤᠰ ᠤᠨ ᠲᠡᠣᠬᠡᠨ ᠳᠤ ᠲᠦᠷᠪᠡᠨ ᠵᠠᠭᠤ ᠢᠯᠡᠬᠦᠤ ᠬᠦᠮᠦᠨ ᠬᠠᠭᠠᠨ ᠰᠠᠭᠤᠵᠤ | ᠦᠡᠭᠬᠡᠷᠡᠪᠡ᠂ ᠬᠡᠳᠡᠯ᠎ᠡ ᠬᠦᠭᠵᠢᠯᠳᠤ ᠦᠶ᠎ᠡ ᠶᠢᠨ ᠡᠵᠡᠨ ᠬᠡᠳᠡᠭ ᠴᠤᠯᠠ ᠶᠢ ᠤᠯᠤᠭᠰᠠᠨ ᠨᠢ ᠲᠤᠩ ᠴᠦᠬᠡᠨ᠂ ᠡᠷᠳᠡ | ᠲᠡᠭᠡᠳᠤ ᠦᠶ᠎ᠡ ᠶᠢᠨ ᠴᠢᠨ ᠤᠯᠤᠰ ᠤᠨ ᠬᠠᠭᠠᠨ ᠴᠢᠨ ᠱᠢ ᠬᠤᠸᠠᠩ᠂ ᠲᠠᠷᠠᠭᠠᠯᠠᠪᠠᠯ ᠲᠠᠩ ᠲᠠᠶᠢᠽᠦᠩ ᠬᠠᠭᠠᠨ ᠯᠢ | ᠱᠢ ᠮᠢᠨ᠂ ᠴᠢᠩ ᠤᠯᠤᠰ ᠤᠨ ᠱᠸᠡᠭ ᠽᠤ᠋ ᠬᠠᠭᠠᠨ ᠡᠩᠬᠡ ᠠᠮᠤᠭᠤᠯᠠᠩ᠂ ᠶᠡᠭᠡ ᠯᠢᠶᠤᠤ ᠤᠯᠤᠰ ᠶᠢᠨ ᠱᠸᠡᠭ | ᠽᠦᠡᠭ ᠬᠠᠭᠠᠨ ᠶᠧ ᠯᠢᠦᠢ ᠵᠡᠷᠬᠡ ᠬᠠᠭᠠᠳ ᠪᠤᠯ ᠲᠡᠣᠬᠡᠨ ᠳᠤ ᠲᠡᠮᠳᠡᠭᠯᠡᠯ ᠲᠠᠢ ᠬᠦᠭᠵᠢᠯᠳᠤ ᠦᠶ᠎ᠡ ᠶᠢᠨ ᠬᠠᠭᠠᠨ | ᠮᠦᠨ᠃ | ᠶᠡᠭᠡ ᠯᠢᠶᠤᠤ ᠶᠢᠨ ᠱᠸᠡᠭ ᠽᠦᠡᠭ ᠬᠠᠭᠠᠨ ᠶᠧ ᠯᠢᠦᠢ ᠯᠦᠡᠭ ᠰᠢᠦᠢ᠂ ᠲᠦᠷᠪᠡᠨ ᠡᠳᠡᠬᠡᠳ ᠤᠨ ᠬᠦᠷᠰᠢ | ᠵᠡᠷᠬᠡᠯᠡᠳᠡᠭᠡ ᠣᠯᠣᠰ ᠲᠠᠢ ᠪᠠᠨ ᠨᠠᠶᠢᠷᠠᠮᠳᠠᠯ ᠢᠶᠠᠷ ᠵᠡᠷᠬᠡᠴᠡᠨ ᠤᠷᠤᠰᠢᠬᠤ ᠶᠢ ᠵᠤᠷᠢᠵᠤ᠂ ᠤᠯᠤᠰ ᠤᠨ ᠲᠤᠳᠤᠭᠠᠳᠤ | ᠳᠤ ᠪᠠᠨ ᠠᠮᠤᠷᠵᠢᠨ ᠲᠡᠩᠬᠡᠷᠡᠬᠦ ᠲᠦᠷᠦ ᠶᠢᠨ ᠪᠤᠳᠤᠯᠭ᠎ᠠ ᠶᠢ ᠠᠪᠤᠭᠰᠠᠨ ᠠᠴᠠ ᠲᠤᠬᠠᠢ ᠶᠢᠨ ᠦᠶ᠎ᠡ ᠠᠴᠠ ᠶᠡᠭᠡ | ᠯᠢᠶᠤᠤ ᠶᠢᠨ ᠠᠷᠠᠳ ᠢᠷᠬᠡᠨ ᠵᠠᠭᠤᠨ ᠤᠪᠤᠭᠳᠤ ᠰᠠᠨᠠᠭ᠎ᠠ ᠰᠡᠳᠬᠢᠯ ᠪᠠᠶᠠᠰᠤᠩᠭᠤᠢ ᠪᠠᠷ ᠠᠵᠤ ᠠᠮᠢᠳᠤᠷᠠᠯ ᠢᠶᠠᠨ | ᠡᠷᠬᠢᠯᠡᠨ᠂ ᠶᠡᠭᠡ ᠯᠢᠶᠤᠤ ᠤᠯᠤᠰ ᠤᠨ ᠤᠯᠤᠰ ᠤᠨ ᠬᠦᠴᠦᠨ ᠦᠪᠡᠳᠡᠭᠰᠢ ᠬᠦᠭᠵᠢᠨ᠂ ᠤᠯᠤᠰ ᠬᠡᠷ ᠤᠨ ᠬᠦᠭᠵᠢᠯ | ᠪᠠᠳᠠᠷᠠᠯ ᠤᠷᠬᠢᠯ ᠳᠤ ᠪᠠᠨ ᠲᠤᠯᠤᠭᠰᠠᠨ ᠴᠠᠭ ᠦᠶ᠎ᠡ ᠪᠤᠯᠪᠠ᠃ | ᠲᠤᠮᠳᠠᠳᠤ ᠤᠷᠤᠨ ᠤ ᠬᠦᠴᠦᠷᠬᠡᠭ ᠶᠡᠭᠡ ᠰᠦᠡᠭ ᠤᠨ ᠲᠦᠷᠦ ᠲᠠᠢ ᠲᠦᠴᠢ ᠢᠯᠡᠬᠦᠤ ᠵᠢᠯ ᠲᠠᠶᠢᠨ ᠬᠢᠵᠤ᠂ | ᠡᠴᠤᠰ ᠲᠤ ᠪᠠᠨ ᠱᠸᠡᠭ ᠽᠦᠡᠭ ᠬᠠᠭᠠᠨ ᠶᠧ ᠯᠢᠦᠢ ᠯᠦᠡᠭ ᠰᠢᠦᠢ᠂ ᠡᠬᠡ ᠰᠢᠶᠤᠤ ᠶᠠᠨ ᠶᠠᠨ ᠲᠠᠢ ᠬᠤᠶᠠᠭᠤᠯᠠ | ᠪᠠᠨ ᠤᠯᠠᠨ ᠠᠷᠪᠢᠨ ᠠᠵᠢᠯᠯᠠᠭᠠᠨ ᠪᠠ ᠲᠠᠶᠢᠨ ᠢᠶᠠᠷ ᠲᠠᠮᠵᠢᠨ ᠮᠠᠨ ᠤ ᠤᠯᠤᠰ ᠤᠨ ᠲᠡᠣᠬᠡᠨ ᠳᠤ ᠨᠡᠷᠡᠳᠡᠢ ᠴᠠᠨ | ᠶᠤᠸᠠᠨ ᠤ ᠬᠤᠯᠪᠤᠭ᠎ᠠ ᠶᠢ ᠪᠠᠶᠢᠭᠤᠯᠤᠨ ᠰᠦᠡᠭ ᠯᠢᠶᠤᠤ ᠬᠤᠶᠠᠷ ᠤᠯᠤᠰ ᠤᠨ ᠵᠠᠭᠤᠨ ᠵᠢᠯ ᠤᠨ ᠨᠠᠶᠢᠷᠠᠮᠳᠠᠯ ᠢ | ᠪᠠᠳᠤᠯᠠᠪᠠ᠃ | ᠤᠯᠤᠰ ᠤᠨ ᠲᠤᠳᠤᠭᠠᠳᠤ ᠳᠤ ᠪᠠᠨ ᠤᠳᠬ᠎ᠠ ᠰᠤᠶᠤᠯ᠂ ᠠᠵᠤ ᠠᠬᠤᠢ ᠶᠢ ᠲᠦᠷᠬᠡᠨ ᠢᠶᠠᠷ ᠬᠦᠭᠵᠢᠬᠦᠯᠬᠦ | ᠶᠢᠨ ᠲᠦᠯᠦᠬᠡ ᠱᠸᠡᠭ ᠽᠦᠡᠭ ᠬᠠᠭᠠᠨ ᠡᠬᠡ ᠲᠠᠢ ᠪᠠᠨ ᠬᠤᠶᠠᠭᠤᠯᠠ ᠯᠢᠶᠤᠤ ᠶᠢᠨ ᠲᠤᠮᠳᠠ ᠨᠡᠶᠢᠰᠯᠡᠯ ︵ᠤᠳᠤ | ᠶᠢᠨ ᠤᠯᠠᠭᠠᠨᠬᠠᠳᠠ ᠬᠤᠳᠠ ᠶᠢᠨ ᠨᠢᠩᠴᠸᠡᠭ ᠰᠢᠶᠠᠨ ᠤ ᠳ᠋ᠠ ᠮᠢᠩ ᠪᠠᠯᠭᠠᠰᠤ ᠳᠤ ᠪᠤᠢ︶ ᠢ ᠴᠤᠭᠴᠠᠯᠠᠨ ᠪᠠᠶᠢᠭᠤᠯᠪᠠ | ᠃ | ᠯᠢᠶᠤᠤ ᠤᠯᠤᠰ ᠤᠨ ᠰᠢᠩ ᠽᠦᠡᠭ ᠬᠠᠭᠠᠨ ᠶᠧ ᠯᠢᠦᠢ ᠽᠦᠡᠭ ᠵᠧᠨ᠂ ᠪᠢᠴᠢᠭ ᠤᠨ ᠨᠡᠷ᠎ᠡ ᠶᠢ ᠪᠤ ᠶᠢᠨ᠃ | ᠤᠨ ᠲᠤᠭᠠᠯᠠᠯ ᠤᠨ1016 ᠤᠨ ᠳᠤ ᠯᠢᠶᠤᠤ ᠶᠢᠨ ᠲᠡᠭᠡᠳᠤ ᠨᠡᠶᠢᠰᠯᠡᠯ ᠳᠤ ᠮᠡᠨᠳᠦᠯᠡᠵᠡᠢ᠃1031 ᠤᠨ | ᠠᠴᠠ1055 ᠤᠨ ᠬᠦᠷᠳᠡᠯ᠎ᠡ ᠬᠠᠭᠠᠨ ᠰᠠᠭᠤᠷᠢᠨ ᠳᠤ ᠰᠠᠭᠤᠪᠠ᠃ ᠴᠢᠬᠤᠯᠠ ᠨᠠᠮᠳᠠᠷ ᠦᠬᠡᠢ᠃ | ᠯᠢᠶᠤᠤ ᠤᠯᠤᠰ ᠤᠨ ᠳ᠋ᠤᠤ ᠽᠦᠡᠭ ᠬᠠᠭᠠᠨ ᠶᠧ ᠯᠢᠦᠢ ᠬᠤᠨᠭ᠌ ᠵᠢᠢ᠂ ᠪᠢᠴᠢᠭ ᠤᠨ ᠨᠠᠷ᠎ᠡ ᠨᠢᠶᠧ ᠯᠢᠨ᠂ | ᠪᠠᠭ᠎ᠠ ᠶᠢᠨ ᠨᠡᠷ᠎ᠡ ᠴᠠ ᠯᠠ᠃ ᠤᠨ ᠲᠤᠭᠠᠯᠠ ᠤᠨ1032 ᠤᠨ ᠳᠤ ᠯᠢᠶᠤᠤ ᠶᠢᠨ ᠲᠡᠭᠡᠳᠤ ᠨᠡᠶᠢᠰᠯᠡᠯ ᠳᠤ | ᠮᠡᠨᠳᠦᠯᠡᠪᠡ᠃ ᠤᠨ ᠲᠤᠭᠠᠯᠠᠯ ᠤᠨ1055 ᠤᠨ ᠠᠴᠠ1101 ᠤᠨ ᠬᠦᠷᠳᠡᠯ᠎ᠡ ᠬᠠᠭᠠᠨ ᠰᠠᠭᠤᠷᠢᠨ ᠳᠤ ᠰᠠᠭᠤᠪᠠ᠃ | ᠯᠢᠶᠤᠤ ᠤᠯᠤᠰ ᠤᠨ ᠳ᠋ᠤᠤ ᠽᠦᠡᠭ ᠬᠠᠭᠠᠨ ᠶᠧ ᠯᠢᠦᠢ ᠬᠤᠨᠭ᠌ ᠵᠢᠢ ᠪᠤᠷᠬᠠᠨ ᠰᠢᠳᠤᠨ ᠪᠤᠮᠪᠤ ᠶᠢ ᠢᠳᠡᠬᠡᠵᠤ᠂ ᠵᠠᠰᠠᠭ | ᠲᠦᠷᠦ ᠳᠤ ᠪᠠᠨ ᠬᠦᠢᠳᠡᠮᠰᠦᠭ ᠶᠡᠭᠡ ᠯᠢᠶᠤᠤ ᠤᠯᠤᠰ ᠤᠨ ᠲᠦᠷᠦ ᠲᠤᠷᠤᠶᠢᠳᠠᠯ ᠤᠨ ᠵᠠᠮ ᠳᠤ ᠪᠠᠨ ᠤᠷᠤᠪᠡ᠃ | ᠶᠡᠭᠡ ᠯᠢᠶᠤᠤ ᠤᠯᠤᠰ ᠤᠨ ᠲᠢᠶᠠᠨ ᠰᠦᠸᠧ ᠳ᠋ᠢ ᠬᠠᠭᠠᠨ ᠶᠧ ᠯᠢᠦᠢ ᠶᠠᠨ ᠰᠢ᠃ ᠤᠨ ᠲᠤᠭᠠᠯᠠᠯ ᠤᠨ1075 ᠣᠨ | ᠳᠤ ᠯᠢᠶᠤᠤ ᠶᠢᠨ ᠲᠡᠭᠡᠳᠤ ᠨᠡᠶᠢᠰᠯᠡᠯ ᠳᠤ ᠮᠡᠨᠳᠤᠯᠡᠪᠡ᠃ ᠪᠢᠴᠢᠭ ᠤᠨ ᠨᠡᠷ᠎ᠡ ᠨᠢ ᠶᠠᠨ ᠨᠢᠩ ᠬᠡᠳᠡᠭ᠃ ᠤᠨ | ᠲᠤᠭᠠᠯᠠᠯ ᠤᠨ1101 ᠤᠨ ᠠᠴᠠ1125 ᠤᠨ ᠬᠦᠷᠳᠡᠯ᠎ᠡ ᠶᠡᠭᠡ ᠤᠯᠤᠰ ᠤᠨ ᠬᠠᠭᠠᠨ ᠰᠠᠭᠤᠷᠢᠨ ᠳᠤ ᠰᠠᠭᠤᠪᠠ᠃ | ᠯᠤᠤ ᠶᠢᠨ ᠰᠢᠷᠡᠬᠡᠨ ᠳᠤ ᠰᠠᠭᠤᠭᠰᠠᠨ ᠬᠤᠷᠢᠨ ᠲᠦᠷᠪᠡᠨ ᠵᠢᠯ ᠳᠡᠭᠡᠨ ᠲᠢᠶᠠᠨ ᠰᠦᠸᠧ ᠬᠠᠭᠠᠨ ᠠᠪᠠ ᠠᠩᠨᠠᠬᠤ ᠪᠠᠷ | ᠭᠤᠤᠯ ᠠᠵᠢᠯ ᠦᠢᠯᠡᠰ ᠢᠶᠠᠨ ᠪᠤᠯᠭᠠᠵᠤ ᠵᠠᠰᠠᠭ ᠢᠶᠠᠨ ᠬᠠᠮᠢᠶᠠᠷᠬᠤ ᠦᠬᠡᠢ᠂ ᠬᠠᠷᠢ ᠶᠢᠨ ᠲᠠᠶᠢᠰᠤᠨ ᠨᠢᠦᠢ ᠵᠧᠨ | ᠬᠦᠮᠦᠨ ᠢ ᠰᠤᠯᠠ ᠲᠠᠯᠪᠢᠨ᠂ ᠡᠴᠤᠰ ᠲᠤ ᠪᠠᠨ ᠤᠨ ᠲᠤᠭᠠᠯᠠᠯ ᠤᠨ1125 ᠤᠨ ᠳᠤ ᠶᠡᠭᠡ ᠯᠢᠶᠤᠤ ᠤᠯᠤᠰ | ᠮᠦᠬᠦᠵᠤ᠂ ᠲᠢᠶᠠᠨ ᠰᠦᠸᠧ ᠬᠠᠭᠠᠨ ᠶᠧ ᠯᠢᠦᠢ ᠶᠠᠨ ᠰᠢ ᠠᠯᠳᠠᠨ ᠤᠯᠤᠰ ᠤᠨ ᠴᠡᠷᠢᠭ ᠲᠤ ᠤᠯᠵᠠᠯᠠᠭᠳᠠᠳ | ᠪᠤᠯᠵᠤ ᠲᠡᠬᠦᠰᠪᠡ᠃ | ᠬᠢᠳᠠᠨ ᠦᠨᠳᠦᠰᠦᠳᠡᠨ ᠤᠷᠳᠤ ᠬᠤᠭᠤᠴᠠᠭᠠᠨ ᠤ ᠲᠡᠮᠡᠴᠡᠯ ᠢᠶᠠᠷ ᠲᠠᠮᠵᠢᠨ ᠠᠶᠢᠮᠠᠭ ᠤᠨ ᠬᠤᠯᠪᠤᠭᠠᠯᠠᠯ ᠠᠴᠠ | ᠪᠠᠨ ᠬᠢᠳᠠᠨ ᠤᠯᠤᠰ ᠢ ᠪᠠᠶᠢᠭᠤᠯᠤᠨ᠂ ᠲᠠᠷᠠᠭ᠎ᠠ ᠪᠠᠷ ᠨᠢ ᠤᠯᠤᠰ ᠤᠨ ᠨᠠᠷᠠ ᠪᠠᠨ ᠶᠡᠭᠡ ᠯᠢᠶᠤᠤ ᠬᠡᠵᠤ ᠦᠬᠡᠷᠡᠴᠢᠯᠡᠨ | ᠂ ᠬᠤᠶᠠᠷ ᠵᠠᠭᠤ ᠠᠷᠪᠠᠨ ᠶᠢᠰᠦᠨ ᠵᠢᠯ ᠬᠠᠭᠠᠨᠳᠤ ᠲᠦᠷᠦ ᠪᠠᠨ ᠪᠠᠳᠤᠯᠠᠨ ᠶᠢᠰᠦᠨ ᠬᠠᠭᠠᠨ ᠡᠬᠡᠯᠵᠢᠯᠡᠨ ᠶᠡᠭᠡ ᠯᠢᠶᠤᠤ | ᠶᠢᠨ ᠯᠤᠤ ᠶᠢᠨ ᠰᠢᠷᠡᠬᠡᠨ ᠳᠤ ᠰᠠᠭᠤᠨ ᠵᠠᠰᠠᠭ ᠶᠠᠪᠤᠭᠤᠯᠪᠠ᠃ | ᠬᠢᠳᠠᠨᠴᠤᠳ ᠡᠨᠡ ᠬᠤᠶᠠᠷ ᠵᠠᠭᠤ ᠠᠷᠪᠠᠨ ᠶᠢᠰᠦᠨ ᠵᠢᠯ ᠤᠨ ᠬᠤᠭᠤᠴᠠᠭᠠᠨ ᠳᠤ ᠠᠷᠠᠳ ᠢᠷᠬᠡᠳ ᠲᠡᠭᠡᠨ | ᠬᠠᠤᠯᠢ ᠲᠦᠷᠢᠮ ᠲᠤᠭᠳᠠᠭᠠᠨ᠂ ᠵᠠᠰᠠᠭ ᠤᠨ ᠠᠵᠢᠯ ᠶᠢᠨ ᠲᠠᠯ᠎ᠠ ᠳᠤ ᠯᠢᠶᠤᠤ ᠶᠢᠨ ᠤᠷᠳᠤᠨ ᠠᠴᠠ ᠤᠷᠤᠨ ᠨᠤᠳᠤᠭ | ᠬᠦᠷᠳᠡᠯ᠎ᠡ ᠮᠠᠰᠢ ᠲᠤᠳᠤᠷᠬᠠᠢ ᠵᠡᠷᠬᠡ ᠲᠡᠰ ᠤᠨ ᠵᠠᠬᠢᠷᠭ᠎ᠠ ᠶᠢ ᠪᠦᠳᠦᠬᠡᠨ ᠪᠠᠶᠢᠭᠤᠯᠵᠤ ᠬᠠᠭᠠᠨ ᠤ ᠵᠠᠷᠯᠢᠭ ᠢᠶᠠᠷ | ᠤᠯᠤᠰ ᠢᠶᠠᠨ ᠬᠦᠭᠵᠢᠬᠦᠯᠵᠡᠢ᠃ ᠪᠦᠳᠦᠬᠡᠨ ᠪᠠᠶᠢᠭᠤᠯᠤᠯᠳᠠ ᠶᠢᠨ ᠲᠠᠯ᠎ᠠ ᠪᠠᠷ ᠲᠡᠣᠬᠡ ᠶᠢᠨ ᠲᠤᠷᠠᠰᠬᠠᠯᠳᠤ ᠪᠠᠷᠢᠯᠭ᠎ᠠ | ᠨᠤᠭᠤᠳ ᠢ ᠪᠠᠷᠢᠵᠠᠢ᠃ ᠵᠢᠱᠢᠶᠡᠯᠡᠪᠡᠯ᠂ ᠯᠢᠶᠤᠤ ᠶᠢᠨ ᠦᠶ᠎ᠡ ᠳᠤ ᠪᠠᠶᠢᠭᠤᠯᠤᠭᠳᠠᠭᠰᠠᠨ ᠰᠦᠮ᠎ᠡ ᠰᠤᠪᠤᠷᠭ᠎ᠠ ᠵᠠᠷᠢᠮ | ᠨᠢ ᠤᠳᠤ ᠪᠤᠯᠳᠠᠯ᠎ᠠ ᠪᠠᠶᠢᠨ᠎ᠠ᠃ ᠡᠬᠦᠨ ᠠᠴᠠ ᠭᠠᠳᠠᠨ᠎ᠠ ᠪᠠᠰᠠ ᠲᠠᠪᠤᠨ ᠨᠡᠶᠢᠰᠯᠡᠯ ᠬᠤᠳᠠ ᠶᠢ ᠪᠠᠶᠢᠭᠤᠯᠵᠠᠢ᠃ | ᠲᠡᠭᠡᠳᠤ ᠨᠡᠶᠢᠰᠯᠡᠯ ᠨᠢ ᠯᠢᠨ ᠬᠤᠸᠠᠩ ᠤᠷᠳᠤᠨ ︵ᠯᠢᠨᠳᠦ᠋ᠡᠭ ᠪᠠᠯᠭᠠᠰᠤᠨ ᠳᠤ ᠪᠤᠢ︶ ᠡᠮᠤᠨᠡᠳᠤ ᠨᠡᠶᠢᠰᠯᠡᠯ ᠨᠢ ᠠᠵᠤ | ᠠᠬᠤᠢ᠂ ᠴᠡᠷᠢᠭ ᠲᠠᠶᠢᠨ ᠤ ᠭᠤᠤᠯ ᠭᠠᠵᠠᠷ ︵ᠤᠳᠤ ᠶᠢᠨ ᠪᠡᠬᠡᠵᠢᠩ ᠬᠤᠳᠠ︶᠂ ᠵᠡᠬᠦᠨ ᠨᠡᠶᠢᠰᠯᠡᠯ ︵ᠤᠳᠤ ᠶᠢᠨ | ᠯᠢᠶᠤᠤᠨᠢᠩ ᠮᠤᠵᠢ ᠶᠢᠨ ᠯᠢᠶᠤᠤ ᠶᠠᠩ ᠬᠤᠳᠠ︶ ᠨᠢ ᠭᠤᠤᠯᠳᠠᠭᠤ ᠪᠦᠸᠧ ᠬᠠᠢ ᠬᠦᠮᠦᠨ ᠪᠠ ᠵᠡᠬᠦᠨ ᠬᠢᠯᠢ ᠶᠢ | ᠬᠠᠮᠠᠭᠠᠯᠠᠬᠤ ᠶᠢᠨ ᠲᠦᠯᠦᠬᠡ᠂ ᠪᠠᠷᠠᠭᠤᠨ ᠨᠡᠶᠢᠰᠯᠡᠯ ︵ᠤᠳᠤ ᠶᠢᠨ ᠱᠠᠨ ᠰᠢ ᠮᠤᠵᠢ ᠶᠢᠨ ᠳ᠋ᠠ ᠲᠦᠡᠭ ᠬᠤᠳᠠ︶ ᠨᠢ | ᠭᠤᠤᠯᠳᠠᠭᠤ ᠪᠠᠷᠠᠭᠤᠨ ᠭᠤᠷᠪᠠᠨ ᠵᠦᠭ ᠤᠨ ᠬᠢᠯᠢ ᠶᠢᠨ ᠲᠠᠶᠢᠰᠤᠨ ᠢ ᠰᠡᠷᠬᠡᠶᠢᠯᠡᠬᠦ᠂ ᠲᠤᠮᠳᠠ ᠨᠡᠶᠢᠰᠯᠡᠯ ︵ᠤᠳᠤ | ᠶᠢᠨ ᠤᠯᠠᠭᠠᠨᠬᠠᠳᠠ ᠬᠤᠳᠠ ᠶᠢᠨ ᠨᠢᠩᠴᠸᠡᠭ ᠰᠢᠶᠠᠨ ᠤ ᠳ᠋ᠠ ᠮᠢᠩ ᠪᠠᠯᠭᠠᠰᠤ︶ ᠨᠢ ᠬᠢᠳᠠᠨ ᠤ ᠲᠤᠳᠤᠷ᠎ᠠ ᠭᠠᠵᠠᠷ | ᠤᠨ ᠤᠳᠬ᠎ᠠ ᠰᠤᠶᠤᠯ ᠠᠷᠠᠯᠵᠢᠶ᠎ᠠ ᠬᠤᠳᠠᠯᠳᠤᠭ᠎ᠠ ᠶᠢ ᠬᠦᠭᠵᠢᠬᠦᠯᠬᠦ ᠶᠢᠨ ᠲᠦᠯᠦᠬᠡ ᠴᠤᠭᠴᠠᠯᠠᠨ ᠪᠠᠶᠢᠭᠤᠯᠵᠠᠢ᠃ | ᠬᠢᠳᠠᠨ ᠦᠨᠳᠦᠰᠦᠳᠡᠨ ᠬᠢᠬᠡᠳ ᠶᠡᠭᠡ ᠯᠢᠶᠤᠤ ᠤᠯᠤᠰ ᠤᠨ ᠪᠢᠴᠢᠭ ᠰᠤᠶᠤᠯ ᠨᠢ ᠶᠡᠭᠡ ᠬᠡᠮᠵᠢᠶ᠎ᠡ ᠪᠠᠷ | ᠬᠦᠭᠵᠢᠭᠰᠡᠨ ᠦᠬᠡᠢ ᠤᠴᠢᠷ ᠠᠴᠠ ᠦᠨᠡᠨ ᠪᠤᠳᠠᠳᠠᠢ ᠦᠰᠦᠭ ᠪᠢᠴᠢᠭ ᠢᠶᠠᠷ ᠲᠡᠮᠳᠡᠭᠯᠡᠨ ᠲᠠᠯᠪᠢᠭᠰᠠᠨ ᠲᠡᠤᠬᠡ ᠶᠢᠨ | ᠪᠢᠴᠢᠭ ᠪᠠᠷᠢᠮᠳᠠ ᠲᠤᠩ ᠴᠦᠬᠡᠨ ᠴᠤ ᠬᠢᠳᠠᠨ ᠬᠦᠮᠦᠨ ᠤ ᠪᠠᠶᠢᠭᠤᠯᠤᠭᠰᠠᠨ ᠰᠦᠮ᠎ᠡ ᠰᠤᠪᠤᠷᠭ᠎ᠠ ᠬᠤᠳᠠ ᠪᠠᠯᠭᠠᠰᠤ | ᠶᠢᠨ ᠪᠠᠭᠤᠷᠢ᠂ ᠦᠯᠡᠳᠡᠭᠳᠡᠵᠤ ᠢᠷᠡᠭᠰᠡᠨ ᠡᠳ᠋ᠯᠡᠯ ᠬᠡᠷᠡᠭᠰᠡᠯ᠂ ᠪᠠᠭᠠᠵᠢ ᠵᠡᠪᠰᠡᠭ ᠵᠡᠷᠬᠡ ᠨᠢ ᠡᠳᠦᠬᠡ ᠪᠤᠯᠳᠠᠯ᠎ᠠ ᠪᠠᠶᠢᠬᠤ | ᠲᠤᠯᠠ ᠬᠢᠳᠠᠨᠴᠤᠳ ᠬᠢᠬᠡᠳ ᠶᠡᠭᠡ ᠯᠢᠶᠤᠤ ᠶᠢᠨ ᠬᠤᠶᠠᠷ ᠵᠠᠭᠤ ᠠᠷᠪᠠ ᠶᠢᠰᠦᠨ ᠵᠢᠯ ᠤᠨ ᠬᠠᠭᠠᠨᠳᠤ ᠲᠦᠷᠦ ᠶᠢᠨ | ᠬᠡᠷᠡᠯ ᠬᠢᠯᠪᠠᠭᠠᠳᠤ ᠴᠠᠭ ᠦᠶ᠎ᠡ ᠨᠢ ᠲᠡᠤᠬᠡ ᠪᠤᠯᠤᠨ ᠬᠤᠴᠤᠷᠤᠭᠰᠠᠨ ᠪᠢᠯᠡ᠃ | |