ᠬᠢᠳᠠᠨᠴᠤᠳ ᠤᠨ ᠤᠯᠠᠮᠵᠢᠯᠠᠯᠳᠤ ᠢᠳᠡᠬᠡᠨ ᠤᠮᠳᠠᠭᠠᠨ ᠤ ᠰᠤᠶᠤᠯ | | | | ᠦᠩᠭᠡᠷᠡᠭᠰᠡᠨ ᠳᠤ ᠡᠷᠳᠡᠮᠳᠡᠳ ᠬᠢᠳᠠᠨᠴᠤᠳ ᠤᠨ ᠢᠳᠡᠬᠡᠨ ᠤᠮᠳᠠᠭᠠᠨ ᠤ ᠰᠤᠶᠤᠯ ᠢ ᠲᠤᠷᠠᠳᠤᠬᠰᠠᠭᠠᠷ | ᠮᠢᠬ᠎ᠠ᠂ ᠰᠦ ᠴᠠᠭ᠎ᠠ ᠮᠡᠳᠤ ᠶᠢᠨ ᠤᠯᠠᠭᠠᠨ᠂ ᠴᠠᠭᠠᠨ ᠢᠳᠡᠬᠡᠨ ᠢ ᠯᠠ ᠲᠤᠷᠠᠳᠣᠳᠠᠭ᠃ ᠬᠡᠷᠡᠭ ᠲᠡᠭᠡᠷ᠎ᠠ ᠪᠠᠨ ᠲᠡᠶᠢᠮᠤ | ᠪᠢᠰᠢ ᠬᠢᠳᠠᠨᠴᠤᠳ ᠮᠢᠬ᠎ᠠ᠂ ᠰᠦ ᠴᠠᠭ᠎ᠠ ᠪᠠᠷ ᠭᠤᠤᠯ ᠬᠤᠭᠤᠯᠡ ᠬᠦᠨᠡᠰᠦ ᠪᠠᠨ ᠪᠤᠯᠭᠠᠳᠠᠭ ᠢᠶᠠᠷ ᠪᠠᠷᠠᠬᠤ ᠦᠬᠡᠢ | ᠮᠤᠩᠭᠤᠯ ᠠᠮᠤ᠂ ᠰᠢᠯᠤᠬᠡᠢ᠂ ᠰᠠᠭᠠᠭ ᠲᠠᠷᠢᠵᠤ ᠬᠤᠭᠤᠯᠡ ᠬᠦᠨᠡᠰᠦ ᠪᠤᠯᠭᠠᠵᠤ ᠪᠠᠶᠢᠬᠰᠡᠨ ᠪᠦᠬᠡᠳ ᠭᠡᠭᠡᠷ᠎ᠠ ᠶᠢᠨ | ᠵᠢᠮᠢᠰ ᠨᠤᠭᠤᠭ᠎ᠠ ᠶᠢ ᠲᠡᠬᠦᠵᠤ ᠢᠳᠡᠵᠤ ᠪᠠᠶᠢᠵᠡᠢ᠃ ᠲᠤᠬᠠᠢ ᠶᠢᠨ ᠦᠶ᠎ᠡ ᠳᠤ ᠬᠢᠳᠠᠨᠴᠤᠳ ᠤᠨ ᠨᠣᠳᠤᠭ ᠤᠨ | ᠤᠨᠠᠭᠠᠨ ᠪᠠᠶᠢᠭᠠᠯᠢ ᠡᠪᠳᠡᠭᠳᠡᠭᠡ ᠦᠬᠡᠢ᠂ ᠤᠢ ᠮᠤᠳᠤ ᠡᠪᠡᠰᠦ ᠪᠡᠯᠴᠢᠬᠡᠷ ᠰᠠᠬᠤᠯᠢᠭ ᠵᠤᠵᠠᠭᠠᠨ ᠪᠠᠶᠢᠬᠰᠡᠨ ᠠᠴᠠ | ᠭᠡᠭᠡᠷ᠎ᠠ ᠶᠢᠨ ᠵᠢᠮᠢᠰ ᠨᠤᠭᠤᠭ᠎ᠠ ᠶᠢᠨ ᠢᠷᠡᠯᠳᠠ ᠲᠠᠷᠢᠮᠠᠯ ᠨᠤᠭᠤᠭ᠎ᠠ ᠰᠢᠭ᠋ ᠡᠯᠪᠡᠭ ᠲᠡᠯᠪᠡᠭ ᠪᠠᠶᠢᠬᠰᠡᠨ ᠶᠤᠮ᠃ | ᠡᠬᠦᠨ ᠠᠴᠠ ᠪᠢᠳᠠ ᠬᠢᠳᠠᠨᠴᠤᠳ ᠤᠨᠤᠯᠠᠮᠵᠢᠯᠠᠯᠳᠣ ᠢᠳᠡᠬᠡᠨ᠂ ᠠᠮᠤ ᠪᠤᠳᠠᠭ᠎ᠠ᠂ ᠵᠢᠮᠢᠰ ᠨᠤᠭᠤᠭ᠎ᠠ ᠪᠦᠷ ᠪᠠᠶᠢᠵᠡᠢ | ᠭᠡᠰᠡᠨ ᠢ ᠮᠡᠳᠡᠵᠤ ᠪᠤᠯᠤᠨ᠎ᠠ᠃ ᠡᠳᠡᠬᠡᠷ ᠢᠳᠡᠬᠡᠨ ᠤᠮᠳᠠᠭᠠᠨ ᠤ ᠪᠦᠳᠤᠴᠨ ᠢ ᠰᠠᠶᠢᠬᠠᠨ ᠠᠵᠢᠭᠯᠠᠵᠤ ᠦᠵᠡᠪᠠᠯ | ᠴᠢᠯᠤᠬᠡᠯᠡᠭᠳᠡᠬᠦ ᠠᠴᠠ ᠡᠮᠤᠨᠡᠬᠢ ᠵᠡᠬᠦᠨ ᠮᠤᠩᠭᠤᠯᠴᠤᠳ ᠤᠨ ᠢᠳᠡᠬᠡᠨ ᠤᠮᠳᠠᠭᠠᠨ ᠤ ᠪᠦᠳᠤᠴᠨ ᠲᠠᠢ ᠶᠡᠭᠡ | ᠠᠳᠠᠯᠢᠪᠳᠤᠷ ᠪᠠᠶᠢᠳᠠᠭ᠃ | ᠬᠢᠳᠠᠨᠴᠤᠳ ᠤᠨ ᠤᠯᠠᠮᠵᠢᠯᠠᠯᠳᠤ ᠢᠳᠡᠬᠡᠨ ᠤᠮᠳᠠᠭᠠᠨ ᠤ ᠰᠤᠶᠤᠯ ᠳᠤ ᠤᠯᠠᠭᠠᠨ ᠢᠳᠡᠬᠡᠨ ᠭᠤᠤᠯᠯᠳᠠᠭ᠃ ᠡᠨᠡ | ᠲᠤᠬᠠᠢ ︽ᠯᠢᠶᠣᠤ ᠤᠯᠤᠰ ᠤᠨ ᠰᠤᠳᠤᠷ︾ ᠲᠤ ︽ᠶᠡᠭᠡ ᠭᠤᠪᠢ ᠶᠢᠨ ᠵᠠᠪᠰᠠᠷ ᠬᠠᠬᠢᠷ ᠬᠦᠢᠳᠡᠨ ᠰᠠᠯᠬᠢ | ᠰᠢᠭᠤᠷᠭ᠎ᠠ ᠶᠡᠭᠡ᠂ ᠮᠠᠯ ᠲᠡᠵᠢᠭᠡᠪᠤᠷᠢ ᠠᠩ ᠬᠦᠷᠤᠬᠡ ᠵᠢᠭᠠᠰᠤᠨ ᠢᠶᠠᠷ ᠬᠤᠭᠤᠯᠡ ᠬᠦᠨᠡᠰᠦ ᠪᠤᠯᠭᠠᠮᠤᠢ᠂ | ᠡᠬᠦᠨ ᠠᠴᠠ ᠦᠵᠡᠪᠠᠯ ᠬᠢᠳᠠᠨᠴᠤᠳ ᠲᠠᠪᠤᠨ ᠬᠤᠰᠢᠭᠤ ᠮᠠᠯ ᠤᠨ ᠢᠶᠠᠨ ᠮᠢᠬ᠎ᠠ ᠠᠴᠠ ᠭᠠᠳᠠᠨ᠎ᠠ ᠠᠭᠤᠯᠠᠨ ᠭᠡᠭᠡᠷ᠎ᠠ ᠶᠢᠨ | ᠠᠩ ᠬᠦᠷᠤᠬᠡ᠂ ᠤᠰᠤ ᠮᠦᠷᠡᠨ ᠤ ᠵᠢᠭᠠᠰᠤ ᠵᠢᠷᠠᠭᠠᠬᠠᠢ ᠶᠢ ᠴᠦ ᠢᠳᠡᠵᠤ ᠪᠠᠶᠢᠵᠡᠢ᠃ ᠬᠢᠳᠠᠨᠴᠤᠳ ᠢ ᠦᠨᠳᠤᠰᠤᠨ | ᠳᠡᠭᠡᠨ ᠤᠢ ᠰᠢᠭᠤᠢ ᠶᠢᠨ ᠦᠨᠳᠤᠰᠤᠳᠠᠨ ᠭᠡᠵᠤ ᠬᠡᠯᠡᠵᠤ ᠪᠤᠯᠬᠤ ᠶᠤᠮ᠃ ᠲᠡᠳᠡᠨᠤᠰ ᠤᠨ ᠤᠨᠠᠭᠠᠨ ᠨᠣᠳᠤᠭ ᠤᠨ | ᠦᠪᠤᠷ ᠭᠡᠰᠡᠭ ᠢ ︽ᠠᠳᠠᠨᠢ ᠶᠢᠨ ᠬᠠᠷ᠎ᠠ ᠮᠤᠳᠤ︾ ᠭᠡᠭᠴᠢ ᠮᠢᠩᠭᠠᠨ ᠭᠠᠵᠠᠷ ᠤᠨ ᠨᠠᠷᠠᠰᠤᠨ ᠤᠢ ᠨᠡᠶᠢᠳᠡᠮ ᠪᠦᠷᠬᠦᠵᠤ | ᠪᠠᠶᠢᠳᠠᠭ᠃ ᠬᠤᠶᠢᠳᠤ ᠲᠠᠯ᠎ᠠ ᠪᠠᠷ ᠨᠢ ᠬᠢᠩᠭᠠᠨᠲ᠋ᠠᠪᠠᠭᠠ ᠶᠢᠨ ᠪᠠᠷᠠᠭᠤᠨ ᠡᠮᠤᠨᠡᠳᠤ ᠬᠡᠰᠡᠭ ᠤᠨ ᠤᠯᠠᠭᠠᠨ | ᠳᠠᠪᠠᠭ᠎ᠠ ᠶᠢᠨ ᠪᠠᠯᠠᠷ ᠤᠢ᠂ ᠰᠠᠶᠢᠬᠠᠨ ᠬᠠᠨ ᠠᠭᠤᠯᠠ ᠶᠢᠨ ᠪᠠᠯᠠᠷ ᠣᠢ᠂ ᠬᠤᠩᠭᠤ ᠶᠢᠨ ᠳᠠᠪᠠᠭ᠎ᠠ ᠶᠢᠨ ᠪᠠᠯᠠᠷ ᠣᠢ | ᠨᠦᠮᠤᠷᠢ ᠬᠠᠯᠬᠠᠭ᠎ᠠ ᠪᠤᠯᠵᠤ ᠪᠠᠶᠢᠳᠠᠭ᠃ ᠡᠨᠡ ᠠᠷᠤ ᠦᠪᠤᠷ ᠤᠨ ᠪᠠᠯᠠᠷ ᠤᠢ ᠳᠤᠨᠢ ᠨᠠᠮᠤᠷ ᠪᠤᠯᠤᠬᠰᠠᠭᠠᠷ ᠴᠠᠷᠠᠰᠤ | ᠪᠤᠯᠤᠨ ᠪᠤᠳᠠᠯᠢᠭ ᠮᠤᠳᠤᠨ ᠤ ᠰᠢᠳ ᠭᠠᠷᠰᠤ ᠡᠪᠤᠳᠦᠭ ᠴᠢᠨᠡᠭᠡ ᠤᠨᠠᠳᠠᠭ᠃ ᠡᠨᠡ ᠨᠢ ᠵᠡᠷᠯᠢᠭ ᠭᠠᠭ᠋ᠠᠢ ᠳᠤ | ᠬᠤᠭᠤᠯᠡ ᠬᠦᠨᠡᠰᠦ ᠬᠦᠢᠴᠡᠳ ᠬᠠᠩᠭᠠᠳᠠᠭ ᠠᠴᠠ ᠠᠳᠡ ᠵᠡᠷᠯᠢᠭ ᠭᠠᠭ᠋ᠠᠢ ᠰᠦᠷᠤᠭ᠍ᠯᠡᠨ ᠶᠠᠪᠤᠳᠠᠭ᠃ ᠵᠢᠴᠢ ᠤᠢ | ᠪᠢᠳᠡᠬᠦᠷᠡᠵᠤ ᠤᠷᠭᠤᠬᠰᠡᠨ ᠠᠴᠠ ᠪᠤᠭᠤ ᠰᠤᠭᠤ᠂ ᠵᠦᠷ ᠭᠤᠷ ᠤᠨ ᠦᠷᠡᠵᠢᠵᠤ ᠲᠦᠯᠵᠢᠬᠦ ᠳᠤ ᠲᠤᠬᠢᠷᠠᠮᠵᠢᠳᠠᠢ | ᠨᠦᠬᠦᠴᠡᠯ ᠬᠠᠩᠭᠠᠨ ᠦᠭᠴᠢ᠃ ᠡᠨᠡ ᠭᠠᠭ᠋ᠠᠢ ᠪᠤᠭᠤ ᠨᠢ ᠪᠠᠯᠠᠷ ᠡᠷᠳᠡᠨ ᠤ ᠬᠦᠮᠤᠨ ᠲᠦᠷᠤᠯᠬᠢᠳᠡᠨ ᠤ ᠰᠦᠷᠦᠭᠯᠡᠵᠤ | ᠠᠮᠢᠳᠤᠷᠠᠵᠤ ᠪᠠᠶᠢᠬᠰᠡᠨ ᠦᠶ᠎ᠡ ᠠᠴᠠ ᠭᠤᠤᠯ ᠠᠩᠨᠠᠳᠠᠭ ᠠᠩ ᠬᠦᠷᠤᠭᠡᠰᠤ ᠪᠠᠶᠢᠬᠰᠡᠨ ᠪᠦᠬᠡᠳ ᠬᠢᠳᠠᠨᠴᠤᠳ ᠤᠨ | ᠦᠶ᠎ᠡ ᠳᠤ ᠴᠢᠬᠤᠯᠡ ᠤᠯᠠᠭᠠᠨ ᠢᠳᠡᠬᠡᠨ ᠤ ᠢᠷᠡᠯᠳᠠ ᠪᠤᠯᠵᠤ ᠪᠠᠶᠢᠬᠰᠡᠨ ᠶᠤᠮ᠃ ᠬᠢᠳᠠᠨᠴᠤᠳ ᠳᠡᠭᠡᠳᠣᠰ ᠤᠨ | ᠲᠠᠬᠢᠯᠭ᠎ᠠ ᠳᠡᠭᠡᠷ᠎ᠠ ᠪᠠᠨ ᠲᠤᠶ᠋ᠢᠩ ᠲᠦᠯᠡᠰᠢ ᠡᠷᠬᠦᠭᠡᠳ ︽ᠡᠪᠤᠯ ᠤᠨ ᠴᠠᠭ ᠨᠡᠷᠡᠯᠡᠨ ᠵᠤᠭᠤᠬᠯᠠᠵᠤ᠂ ᠵᠤᠨ ᠤ ᠴᠠᠭ | ᠰᠡᠬᠦᠳᠡᠷᠯᠡᠨ ᠵᠤᠭᠤᠬᠯᠠᠵᠤ᠂ ᠨᠠᠮᠠᠶᠢ ᠠᠩ ᠬᠦᠷᠤᠬᠡ ᠬᠢᠬᠦ ᠳᠤ ᠭᠠᠭ᠋ᠠᠢ ᠪᠤᠭᠤ ᠦᠯᠠᠮᠵᠢ ᠰᠤᠶᠤᠷᠬᠠᠰᠤᠭᠠᠢ︾ ᠬᠡᠵᠤ | ᠰᠢᠪᠰᠢᠳᠡᠭ ᠨᠢ ᠶᠠᠭ ᠡᠨᠡ ᠪᠠᠶᠢᠳᠠᠯ ᠢ ᠲᠤᠰᠬᠠᠵᠤ ᠪᠠᠶᠢᠬᠤ ᠶᠤᠮ᠃ ᠲᠡᠤᠬᠡ ᠶᠢᠨ ᠬᠦᠭᠵᠢᠯ ᠤᠨ ᠬᠤᠪᠢ ᠠᠴᠠ | ᠠᠪᠴᠤ ᠦᠵᠡᠪᠠᠯ ᠠᠩ ᠬᠦᠷᠤᠭᠡᠰᠤᠨ ᠤ ᠮᠢᠬ᠎ᠠ ᠪᠤᠯ ᠬᠢᠳᠠᠨᠴᠤᠳ ᠤᠨ ᠤᠯᠠᠭᠠᠨ ᠢᠳᠡᠬᠡᠨ ᠤ ᠴᠢᠬᠤᠯᠡ ᠨᠢᠭᠡᠨ | ᠢᠷᠡᠯᠳᠠ ᠪᠤᠯᠤᠨ᠎ᠠ᠃ ᠲᠠᠷᠠᠭᠠᠯᠠᠪᠠᠯ ᠵᠢᠬᠦᠷᠳᠡᠨ ᠪᠠ ᠵᠢᠭᠠᠰᠤᠨ ᠤ ᠮᠢᠬ᠎ᠠ ᠤᠷᠤᠨ᠎ᠠ᠃ ᠬᠢᠳᠠᠨᠴᠤᠳ ᠤᠨ ᠤᠨᠠᠭᠠᠨ | ᠨᠣᠳᠤᠭ ᠰᠢᠷᠠᠮᠦᠷᠡᠨ᠂ ᠯᠤᠤᠬ᠎ᠠ ᠶᠢᠨ ᠭᠤᠤᠯ ᠤᠨ ᠴᠢᠳᠬᠤᠯ ᠪᠤᠯᠤᠬᠰᠡᠨ ᠦᠢ ᠤᠯᠠᠨ ᠭᠤᠤᠯ ᠭᠤᠷᠤᠬ᠎ᠠ | ᠰᠦᠯᠵᠢᠯᠳᠤᠨ ᠲᠤᠤᠷᠯᠠᠵᠤ᠂ ᠨᠠᠭᠤᠷ ᠪᠦᠷᠢᠳᠤ ᠨᠢᠳᠤᠯᠡᠨ ᠲᠦᠬᠡᠬᠡᠵᠤ ᠪᠠᠶᠢᠳᠠᠭ᠃ ᠡᠨᠡ ᠭᠤᠤᠯ ᠮᠦᠷᠡᠨ ᠨᠠᠭᠤᠷ | ᠪᠦᠷᠢᠳᠤ ᠳᠤᠨᠢ᠂ ᠮᠦᠷᠬᠦ᠂ ᠴᠠᠭᠠᠯᠵᠢ᠂ ᠨᠤᠬᠠᠢ ᠵᠢᠭᠠᠰᠤ᠂ ᠱᠠᠪᠠᠢ ᠦᠯᠠᠮᠵᠢ ᠤᠯᠠᠨ ᠢᠶᠠᠷ ᠢᠷᠠᠭᠠᠯᠠᠵᠤ | ᠬᠢᠳᠠᠨᠴᠤᠳ ᠤᠨ ᠤᠯᠠᠭᠠᠨ ᠢᠳᠡᠬᠡᠨ ᠤ ᠪᠠᠰᠠ ᠨᠢᠭᠡᠨ ᠢᠷᠡᠯᠡᠳᠠ ᠪᠤᠯᠵᠤ ᠪᠠᠶᠢᠵᠡᠢ᠃ ᠬᠢᠳᠠᠳ ᠰᠤᠷᠪᠤᠯᠵᠢᠰ ᠲᠤ | ᠬᠢᠳᠠᠨᠴᠤᠳ ᠤᠨ ᠮᠦᠰᠤ ᠴᠤᠭᠤᠯᠵᠤ ᠵᠢᠭᠠᠰᠤ ᠪᠠᠷᠢᠳᠠᠭ ᠲᠤᠬᠠᠢ ᠲᠡᠮᠳᠡᠭᠯᠡᠯ ᠪᠤᠢ᠃ ᠡᠪᠤᠯ ᠭᠤᠤᠯ ᠪᠤᠶᠤ ᠨᠠᠭᠤᠷ | ᠪᠦᠷᠢᠳᠤ ᠵᠤᠵᠠᠭᠠᠨ ᠬᠦᠯᠳᠡᠭᠰᠡᠨ ᠤ ᠲᠠᠷᠠᠭ᠎ᠠ ᠮᠦᠰᠤᠨ ᠲᠡᠬᠡᠷ᠎ᠠ ᠨᠢ ᠬᠡᠳᠤᠨ ᠨᠦᠭᠡ ᠡᠷᠤᠵᠤ᠂ ᠡᠬᠦᠨ ᠤ | ᠲᠤᠳᠤᠷᠠᠬᠢ ᠨᠢᠭᠡ ᠶᠢ ᠨᠢ ᠨᠡᠪᠳᠠ ᠡᠷᠤᠵᠤ᠂ ᠬᠠᠵᠠᠭᠤ ᠪᠠᠷ ᠬᠢ ᠭᠡᠳᠤ ᠶᠢᠨ ᠮᠦᠰᠤ ᠶᠢ ᠨᠡᠪᠳᠡᠯᠡᠬᠦ ᠦᠬᠡᠢ ᠪᠠᠷ | ᠨᠢᠮᠭᠡᠭᠡᠨ ᠦᠯᠡᠳᠡᠬᠡᠵᠤ ᠵᠢᠭᠠᠰᠤ ᠠᠵᠢᠬᠠᠯᠠᠬᠤ ᠪᠠᠷ ᠪᠡᠯᠡᠳᠤᠳᠡᠭ᠃ ᠵᠢᠴᠢ ᠡᠨᠡ ᠨᠦᠭᠡᠨ ᠤ ᠪᠠᠨ ᠲᠡᠭᠡᠷ᠎ᠠ ᠢᠰᠡᠭᠡᠢ | ᠭᠡᠷ ᠢᠶᠠᠨ ᠪᠤᠰᠬᠠᠵᠤ ᠰᠦᠨᠢ ᠬᠠᠷᠠᠩᠭᠤᠢ ᠪᠤᠯᠬᠤ ᠦᠶ᠎ᠡ ᠪᠠᠷ ᠡᠬᠦᠳᠠ ᠶᠢ ᠨᠢ ᠶᠠᠪ ᠲᠠᠷᠤᠵᠤ᠂ ᠭᠡᠷ᠎ᠠ ᠭᠠᠯ ᠡᠷᠬᠦᠨ | ᠡᠷᠤᠭ᠍ᠰᠡᠨ ᠨᠦᠭᠡᠨ ᠤ ᠭᠡᠰᠡᠭ ᠲᠤ ᠭᠡᠷᠡᠯᠳᠤᠬᠦᠯᠬᠦ ᠳᠤ ᠭᠤᠤᠯ ᠤᠨ ᠵᠢᠭᠠᠰᠤ ᠢᠷᠠᠭᠠᠯᠠᠨ ᠢᠷᠡᠳᠡᠭ᠃ ᠡᠨᠡ ᠦᠶ᠎ᠡ ᠳᠤ | ᠨᠢᠮᠭᠡᠯᠡᠭᠰᠡᠨ ᠨᠦᠭᠡ ᠪᠠᠷ ᠢᠶᠠᠨ ᠵᠢᠭᠠᠰᠤᠨ ᠤ ᠪᠠᠶᠢᠳᠠᠯ ᠢ ᠠᠵᠢᠵᠤ ᠴᠤᠭᠤᠯᠤᠬᠰᠡᠨ ᠨᠦᠬᠡ ᠪᠠᠷ ᠢᠶᠠᠨ ︽ᠰᠢᠵᠢᠮ ᠲᠠᠢ | ᠬᠦᠭᠢ ᠬᠠᠶᠠᠪᠠᠯ ᠬᠦᠬᠢ ᠳᠤ ᠤᠷᠤᠬᠤ ᠦᠬᠡᠢ ᠭᠡᠰᠡᠨ ᠶᠠᠪᠤᠳᠠᠯ ᠪᠠᠶᠢᠬᠤ ᠦᠬᠡᠢ᠃ ᠵᠢᠭᠠᠰᠤ ᠬᠦᠬᠢ ᠳᠤ ᠤᠷᠤᠪᠠᠯ | ᠲᠠᠷᠤᠢ ᠰᠢᠵᠢᠮ ᠢᠶᠠᠨ ᠪᠠᠭ᠎ᠠ ᠪᠠᠭ᠎ᠠ ᠪᠠᠷ ᠲᠠᠯᠪᠢᠵᠤ ᠵᠢᠭᠠᠰᠤ ᠶᠢ ᠠᠶ᠎ᠠ ᠪᠠᠷ ᠨᠢ ᠶᠠᠪᠤᠭᠤᠯᠵᠤ᠂ ᠵᠢᠭᠠᠰᠤ | ᠶᠠᠳᠠᠷᠠᠬᠰᠡᠨ ᠤ ᠲᠠᠷᠠᠭ᠎ᠠ ᠲᠠᠳᠠᠵᠤ ᠭᠠᠷᠭᠠᠳᠠᠭ︾᠃ ᠬᠡᠷᠪᠠ ᠬᠠᠭᠠᠨ ᠵᠢᠭᠠᠰᠤ ᠬᠦᠬᠢᠳᠡᠪᠠᠯ ᠲᠦᠷᠤᠬᠦᠤ ᠬᠦᠬᠢᠳᠡᠭᠰᠡᠨ | ᠵᠢᠭᠠᠰᠤ ᠪᠠᠨ ᠪᠡᠯᠬᠡᠰᠢᠶᠡᠵᠤ ᠲᠦᠷᠤᠬᠦᠤ ᠵᠢᠭᠠᠰᠤᠨ ᠤ ᠬᠤᠷᠢᠮ ᠲᠠᠯᠪᠢᠳᠠᠭ᠃ | ᠬᠢᠳᠠᠨᠴᠤᠳ ᠤᠨ ᠬᠠᠭᠠᠳ ᠠᠴᠠ ᠬᠠᠷᠠᠴᠤᠰ ᠬᠦᠷᠳᠡᠯ᠎ᠠ ᠬᠠᠪᠤᠷ ᠭᠠᠯᠠᠭᠤ ᠢᠷᠡᠬᠦ ᠦᠶ᠎ᠡ ᠪᠤᠶᠤ ᠨᠠᠮᠤᠷ | ᠭᠠᠯᠭᠠᠤ ᠨᠡᠬᠦᠳᠡᠯᠯᠡᠬᠦ ᠦᠶ᠎ᠡ ᠪᠠᠷ ᠭᠠᠯᠠᠭᠤ ᠠᠩᠨᠠᠳᠠᠭ᠃ ᠬᠠᠪᠤᠷ ᠭᠠᠯᠠᠭᠤ ᠢᠷᠡᠬᠦ ᠳᠤ ᠭᠠᠯᠠᠭᠤ ᠠᠩᠨᠠᠬᠤ ᠨᠢ | ᠬᠢᠳᠠᠨᠴᠤᠳ ᠤᠨ ᠬᠠᠪᠤᠷᠵᠢᠶᠠᠨ ᠤ ᠠᠮᠢᠳᠤᠷᠠᠯ ᠤᠨ ᠨᠢᠭᠡᠨ ᠴᠢᠬᠤᠯᠠ ᠠᠭᠤᠯᠭ᠎ᠠ ᠪᠤᠯᠤᠨ᠎ᠠ᠃ ᠭᠠᠯᠠᠭᠤ ᠶᠢ ᠨᠢᠭᠡ ᠳᠤ | ᠱᠤᠩᠬᠤᠷ ᠰᠢᠪᠠᠭᠤ ᠠᠪᠴᠤ ᠶᠠᠪᠤᠳᠠᠭ᠃ ᠬᠠᠭᠠᠳ ᠢᠵᠠᠭᠤᠷᠳᠠᠳ ᠬᠠᠪᠤᠷ ᠤᠨ ᠨᠡᠬᠦᠨ ᠪᠠᠭᠤᠬᠤ ᠳᠤ | ᠭᠠᠷᠬᠤ ᠳᠠᠭᠠᠨ ᠵᠠᠪᠠᠯ ᠲᠤᠰᠬᠠᠢ ᠰᠢᠪᠠᠭᠤᠴᠢᠨ ᠢᠶᠠᠷ ᠲᠡᠵᠢᠭᠡᠯᠭᠡᠭᠰᠡᠨ ᠱᠤᠩᠬᠤᠷ ᠰᠢᠪᠠᠭᠤ ᠠᠪᠴᠤ ᠶᠠᠪᠤᠳᠠᠭ᠃ | ᠨᠠᠭᠤᠷ ᠪᠦᠰᠡᠯᠡᠭᠰᠡᠨ ᠬᠦᠮᠤᠰ ᠰᠤᠶᠢᠷᠡᠵᠤ ᠶᠠᠪᠤᠳᠠᠭ ᠬᠠᠪᠳᠠᠭᠠᠢ ᠭᠡᠩᠭᠡᠷᠭᠡ ᠪᠠᠨ ᠲᠡᠯᠡᠳᠴᠤ ᠭᠠᠯᠠᠭᠤ ᠦᠷᠬᠦᠭᠡᠨ | ᠵᠡᠬᠦᠨ ᠪᠠᠷᠠᠭᠤᠨ ᠭᠠᠷ ᠤᠨ ᠬᠦᠮᠤᠰ ᠬᠠᠭᠠᠨ ᠤ ᠶᠠᠪᠤᠳᠠᠭ ᠠᠪᠠ ᠶᠢᠨ ᠭᠤᠤᠯ ᠵᠦᠭ ᠭᠠᠯᠠᠭᠤ ᠶᠢ ᠬᠠᠰᠢᠵᠤ ᠦᠭᠬᠦᠨ᠂ | ᠭᠠᠯᠠᠭᠤ ᠶᠢ ᠰᠡᠷᠡᠭᠡᠳᠡᠨ ᠠᠪᠳᠠᠭ᠃ ᠬᠠᠭᠠᠨ ᠪᠠᠰᠠ ᠲᠦᠷᠤᠬᠦᠤ ᠭᠠᠯᠠᠭᠤᠨ ᠤ ᠨᠠᠶᠢᠷ ᠬᠡᠵᠤ ᠭᠠᠯᠠᠭᠤ ᠶᠢᠨ ᠬᠤᠷᠢᠮ | ᠲᠠᠯᠪᠢᠳᠠᠭ ᠭᠡᠨ᠎ᠠ᠃ ᠵᠢᠴᠢ ᠪᠠᠰᠠ ᠭᠠᠯᠠᠭᠤ ᠶᠢ ᠬᠠᠷᠪᠤᠵᠤ ᠴᠦ ᠠᠩᠨᠠᠳᠠᠭ ᠪᠠᠶᠢᠨ᠎ᠠ᠃ ᠰᠤᠷᠪᠤᠯᠵᠢᠰ ᠲᠤ | ᠲᠡᠮᠳᠡᠭᠯᠡᠭᠰᠡᠨ ᠢᠶᠠᠷ ᠬᠢᠳᠠᠨ ᠬᠠᠭᠠᠳ ᠤᠨ ᠬᠠᠪᠤᠷᠵᠢᠶᠠᠨ ᠤ ᠭᠠᠯᠠᠭᠤ ᠠᠩᠨᠠᠳᠠᠭ ᠭᠠᠵᠠᠷ ᠨᠢ ᠣᠳᠣ ᠶᠢᠨ ᠴᠠᠩᠴᠦ᠋ᠨ | ᠬᠤᠳᠠ ᠶᠢᠨ ᠤᠶᠢᠷᠠᠯᠴᠠᠬᠢ ᠭᠤᠷᠯᠤᠰ ᠡᠮᠤᠨ᠎ᠠ ᠬᠤᠰᠢᠭᠤᠨ ᠤ ᠲᠠᠭᠤ ᠶᠢᠨ ᠬᠤᠳᠠ ᠤᠷᠴᠢᠮ᠂ ᠨᠠᠢᠮᠠᠨ ᠤᠩᠨᠢᠭᠤᠳ | ᠬᠤᠶᠠᠷ ᠬᠤᠰᠢᠭᠤᠨ ᠤ ᠵᠠᠭᠠᠭ ᠰᠢᠷᠠᠮᠦ᠋ᠷᠡᠨ ᠯᠤᠤᠬ᠎ᠠ ᠶᠢᠨ ᠭᠤᠤᠯ ᠤᠨ ᠪᠠᠯᠴᠢᠷ᠂ ᠤᠩᠨᠢᠭᠤᠳ ᠬᠤᠰᠢᠭᠤᠨ ᠤ ᠰᠢᠨ᠎ᠠ | ᠰᠦᠮ᠎ᠠ ᠰᠤᠮᠤ ᠤᠷᠴᠢᠮ ᠢᠶᠠᠷ ᠪᠠᠶᠢᠬᠰᠡᠨ ᠶᠤᠮ ᠬᠡᠨ᠎ᠠ᠃ | ᠬᠢᠳᠠᠨᠴᠤᠳ ᠤᠨ ᠳᠡᠭᠡᠳᠤᠰ ᠲᠠᠪᠤᠨ ᠬᠤᠰᠢᠭᠤ ᠮᠠᠯ ᠢ ᠭᠡᠷᠰᠢᠬᠦᠯᠤᠨ ᠲᠠᠰᠠᠠᠬᠬᠰᠡᠨ ᠤ ᠲᠠᠷᠠᠭ᠎ᠠ ᠠᠩ ᠤᠨ ᠮᠢᠬ᠎ᠠ | ᠢᠳᠡᠬᠦ ᠶᠢᠨ ᠵᠠᠷᠬᠡ ᠪᠠᠷ ᠲᠠᠪᠤᠨ ᠬᠤᠰᠢᠭᠤ ᠮᠠᠯ ᠤᠨ ᠮᠢᠬ᠎ᠠ ᠶᠢ ᠴᠦ ᠢᠳᠡᠬᠦ ᠪᠤᠯᠤᠬᠰᠡᠨ ᠪᠠᠶᠢᠨ᠎ᠠ᠃ ᠡᠬᠦᠨ ᠠᠴᠠ | ᠤᠯᠠᠭᠠᠨ ᠢᠳᠡᠬᠡᠨ ᠤ ᠢᠷᠡᠯᠳᠠ ᠶᠢᠨ ᠬᠡᠪᠴᠢᠶ᠎ᠡ ᠦᠷᠬᠡᠳᠴᠡᠢ᠃ ᠮᠢᠬ᠎ᠠ ᠶᠢ ᠭᠤᠤᠯᠳᠠᠭᠤ ᠨᠢᠭᠡ ᠳᠤ ᠰᠢᠷᠠᠵᠤ | ᠢᠳᠡᠳᠡᠭ᠃ | ᠵᠢᠴᠢ ᠮᠢᠬ᠎ᠠ ᠶᠢ ᠪᠠᠰᠠ ᠴᠢᠨᠠᠵᠤ ᠢᠳᠡᠳᠡᠭ᠃ ᠬᠢᠳᠠᠨᠴᠤᠳ ᠤᠨ ᠮᠢᠬ᠎ᠠ ᠴᠢᠨᠠᠵᠤ ᠪᠠᠶᠢᠭ᠎ᠠ ᠵᠢᠷᠤᠭ ᠪᠠᠭᠠᠷᠢᠨ | ᠵᠡᠬᠦᠨ ᠬᠤᠰᠢᠭᠤᠨ ᠤ ᠪᠠᠶᠠᠬᠠᠤᠪᠤᠭᠠ ᠶᠢᠨ ᠯᠢᠶᠣᠤ ᠤᠯᠤᠰ ᠤᠨ ᠦᠶ᠎ᠡ ᠶᠢᠨ ᠤᠩᠭᠤᠨ ᠤ ᠬᠠᠨ᠎ᠠ ᠵᠢᠷᠤᠭ ᠲᠤ | ᠢᠯᠡᠷᠡᠵᠡᠢ᠃ ᠲᠤᠰ ᠵᠢᠷᠤᠭ ᠲᠤ ᠨᠢᠭᠡ ᠡᠷᠡᠭᠳᠡᠢ ᠰᠦᠬᠦᠳᠴᠤ ᠰᠠᠭᠤᠭᠠᠳ ᠭᠠᠷ ᠲᠠᠭᠠᠨ ᠲᠠᠮᠤᠷ ᠰᠡᠷᠡᠭᠡ ᠪᠠᠷᠢᠵᠤ | ᠦᠨᠳᠤᠷ ᠲᠦᠷᠪᠡᠨ ᠬᠦᠯ ᠲᠠᠢ ᠲᠤᠮᠤ ᠲᠤᠭᠤᠭᠠᠨ ᠳᠤ ᠪᠤᠴᠠᠯᠵᠤ ᠪᠠᠶᠢᠭ᠎ᠠ ᠮᠢᠬ᠎ᠠ ᠶᠢ ᠡᠷᠬᠢᠬᠦᠯᠵᠤ ᠪᠠᠶᠢᠬᠤ ᠪᠠᠷ | ᠵᠢᠷᠤᠬᠰᠡᠨ ᠪᠠᠶᠢᠪᠠ᠃ ᠨᠦᠬᠦᠭᠡ ᠨᠢ ᠠᠤᠬᠠᠨ ᠬᠤᠰᠢᠭᠤᠨ ᠤ ᠶᠠᠩ ᠱᠠᠨ ᠤ ᠯᠢᠶᠤᠤ ᠤᠯᠤᠰ ᠤᠨ ᠤᠩᠭᠤᠨ ᠤ ︽ | ᠮᠢᠬ᠎ᠠ ᠴᠢᠨᠠᠵᠤ ᠪᠠᠶᠢᠭ᠎ᠠ ᠵᠢᠷᠤᠭ︾ ᠪᠤᠯᠤᠨ᠎ᠠ᠃ ᠲᠤᠰ ᠵᠢᠷᠤᠭ ᠲᠤ ᠨᠢᠭᠡ ᠲᠠᠪᠤᠨ ᠲᠤᠯᠭᠠᠭᠤᠷᠢ ᠲᠠᠢ ᠪᠦᠰ | ᠮᠠᠶᠢᠬᠠᠨ ᠤ ᠲᠤᠤᠷ᠎ᠠ ᠲᠦᠷᠪᠡᠨ ᠬᠦᠯ ᠲᠠᠢ ᠨᠢᠭᠡ ᠲᠤᠮᠤ ᠲᠤᠭᠤᠭ᠎ᠠ ᠭᠤᠷᠪᠠᠨ ᠪᠠᠭ᠎ᠠ ᠲᠣᠭᠤᠭ᠎ᠠ ᠲᠤᠯᠵᠤ᠂ ᠲᠣᠮᠣ | ᠲᠣᠭᠤᠭᠠᠨ ᠳᠤᠨᠢ ᠭᠤᠷᠪᠡᠨ ᠬᠤᠨᠢᠨ ᠮᠦᠴᠢ ᠴᠢᠨᠠᠵᠤ ᠪᠠᠶᠢᠭ᠎ᠠ ᠪᠦᠬᠡᠳ ᠨᠢᠭᠡ ᠬᠢᠳᠠᠨ ᠡᠷ᠎ᠡ ᠠᠮᠠᠨ ᠳᠠᠭᠠᠨ ᠬᠢᠳᠤᠭ᠎ᠠ | ᠵᠢᠭᠤᠨ ᠬᠠᠨᠴᠤᠢ ᠪᠠᠨ ᠰᠢᠮᠠᠯᠠᠨ ᠮᠢᠬ᠎ᠠ ᠲᠠᠢ ᠤᠷᠤᠯᠳᠤᠬᠤ ᠪᠠᠷ ᠪᠠᠵᠠᠭᠠᠵᠤ᠂ ᠨᠦᠬᠦᠭᠡ ᠨᠢᠭᠡ ᠬᠢᠳᠠᠨ ᠵᠠᠯᠠᠭᠤ | ᠲᠤᠭᠤᠭᠠᠨ ᠤ ᠡᠮᠤᠨ᠎ᠠ ᠤᠴᠤᠶᠢᠨ ᠰᠠᠭᠤᠵᠤ ᠬᠠᠭᠤᠷᠠᠢ ᠮᠤᠳᠤᠨ ᠲᠦᠯᠡᠭᠡ ᠡᠪᠤᠳᠤᠭ᠍ᠯᠡᠨ ᠬᠤᠭᠤᠯᠵᠤ ᠪᠠᠶᠢᠬᠤ ᠪᠠᠷ | ᠵᠢᠷᠤᠵᠡᠢ᠃ ᠬᠢᠳᠠᠨᠴᠤᠳ ᠮᠢᠬ᠎ᠠ ᠶᠢ ᠪᠠᠰᠠ ᠪᠤᠷᠴᠠᠯᠠᠨ ᠬᠠᠳᠠᠭᠠᠵᠤ ᠨᠦᠭᠡᠴᠢᠯᠡᠨ ᠬᠠᠳᠠᠭᠠᠯᠠᠵᠤ ᠢᠳᠡᠳᠡᠭ᠃ | ᠵᠢᠱᠢᠶᠡᠯᠡᠪᠠᠯ᠄ ᠤᠮᠠᠷᠠᠳᠤ ᠰᠦᠩ ᠤᠯᠤᠰ ᠲᠤ ᠬᠦᠷᠭᠡᠵᠤ ᠪᠠᠶᠢᠬᠰᠡᠨ ᠪᠡᠯᠡᠭ ᠤᠨ ᠲᠤᠳᠤᠷ᠎ᠠ ︽ᠦᠬᠡᠷ᠂ ᠬᠤᠨᠢ᠂ | ᠵᠡᠷᠯᠢᠭ ᠭᠠᠭ᠋ᠠᠢ᠂ ᠵᠢᠭᠠᠰᠤ᠂ ᠪᠤᠭᠤ ᠶᠢᠨ ᠬᠠᠳᠠᠭᠠᠰᠡᠨ ᠮᠢᠬ᠎ᠠ︾ ᠪᠠᠶᠢᠭ᠎ᠠ ᠨᠢ ᠡᠬᠦᠨ ᠢ ᠭᠡᠷᠴᠢᠯᠡᠵᠤ ᠪᠤᠢ᠃ ᠡᠬᠦᠨ ᠢ | ᠤᠤᠯ ᠰᠤᠷᠪᠤᠯᠵᠢᠰ ᠲᠤ ︽牛、羊、野猪、鱼、鹿、腊二十(箱)︾ ᠭᠡᠵᠤ | ᠪᠢᠴᠢᠵᠤ ᠪᠤᠢ᠃ ︽腊︾ ᠭᠡᠳᠡᠭ ᠦᠭᠡ ᠶᠢ ᠬᠤᠯᠪᠤᠬᠳᠠᠯ ᠪᠦᠬᠦᠢ ᠬᠢᠳᠠᠳ ᠮᠠᠲ᠋ᠧᠷᠢᠶᠠᠯ ᠠᠴᠠ ᠯᠠᠪᠯᠠᠬᠤ ᠳᠤ ︽ | ᠬᠦᠭᠡᠭᠡ ᠰᠠᠷ᠎ᠠ ᠪᠤᠶᠤ ᠡᠪᠤᠯ ᠲᠠᠷᠤᠵᠤ ᠡᠳ᠋ᠰᠢᠬᠦᠯᠤᠭ᠍ᠰᠡᠨ ᠮᠢᠬᠠᠨ ᠤ ᠵᠤᠶᠢᠯ︾ ᠭᠡᠵᠤ ᠲᠠᠶᠢᠯᠪᠤᠷᠢᠯᠠᠵᠤ ᠪᠤᠢ᠃ | ᠡᠬᠦᠨ ᠠᠴᠠ ᠦᠵᠡᠪᠠᠯ ᠬᠢᠳᠠᠨᠴᠤᠳ ᠤᠨ ᠤᠯᠠᠭᠠᠨ ᠢᠳᠡᠬᠡᠨ ᠡᠳ᠋ᠰᠢᠬᠦᠯᠬᠦ ᠮᠡᠷᠭᠡᠵᠢᠯ ᠣᠳᠣ ᠶᠢᠨ ᠮᠤᠩᠭᠤᠯᠴᠤᠳ ᠤᠨ | ᠪᠤᠯᠪᠠᠰᠤᠨ ᠤ ᠬᠡᠮᠵᠢᠶ᠎ᠡ ᠳᠤ ᠬᠦᠷᠤᠭ᠍ᠰᠡᠨ ᠢ ᠬᠠᠷᠠᠭᠤᠯᠵᠤ ᠪᠤᠢ᠃ ᠲᠡᠳᠡ᠂ ᠮᠢᠬ᠎ᠠ ᠶᠢ ᠰᠢᠷᠠᠵᠤ ᠢᠳᠡᠬᠦ᠂ ᠴᠢᠨᠠᠵᠤ | ᠢᠳᠡᠬᠦ᠂ ᠬᠠᠳᠠᠭᠠᠬᠤ ᠪᠤᠶᠤ ᠲᠠᠷᠤᠵᠤ ᠡᠳ᠋ᠰᠢᠬᠦᠯᠵᠤ ᠪᠦᠷ ᠴᠢᠳᠠᠬᠤ ᠪᠤᠯᠵᠠᠢ᠃ ᠡᠪᠤᠯ ᠮᠢᠬ᠎ᠠ ᠪᠤᠷᠴᠠᠯᠠᠵᠤ | ᠬᠠᠳᠠᠭᠠᠬᠤ ᠪᠤᠯ ᠮᠤᠩᠭᠤᠯᠴᠤᠳ ᠤᠨ ᠲᠤᠮᠳᠠ ᠨᠡᠶᠢᠳᠡᠮ ᠲᠡᠯᠭᠡᠷᠡᠭᠰᠡᠨ ᠮᠡᠷᠬᠡᠵᠢᠯ ᠪᠤᠯᠤᠨ᠎ᠠ᠃ ᠡᠪᠤᠯ ᠤᠨ ᠣᠷᠢ | ᠦᠵᠡᠬᠦᠯᠵᠤ ᠠᠭᠠᠵᠢᠮ ᠢᠶᠠᠷ ᠬᠠᠳᠠᠬᠰᠡᠨ ᠮᠢᠬ᠎ᠠ ᠱᠦᠯᠤ ᠪᠠᠨ ᠬᠠᠳᠠᠭᠠᠯᠠᠵᠤ᠂ ᠬᠠᠪᠤᠷ᠂ ᠵᠤᠨ ᠴᠢᠨᠠᠵᠤ ᠢᠳᠡᠬᠦ ᠳᠤ | ᠱᠦᠯᠤ ᠨᠢ ᠶᠠᠭ ᠰᠢᠨ᠎ᠠ ᠮᠢᠬᠠᠨ ᠤ ᠱᠦᠯᠤ ᠰᠢᠭ ᠪᠠᠶᠢᠳᠠᠭ᠃ ᠡᠬᠦᠨ ᠤ ᠳᠡᠭᠡᠷ᠎ᠠ ᠰᠠᠪᠠ ᠬᠦᠪ ᠲᠤ ᠲᠠᠷᠤᠵᠤ | ᠡᠳ᠋ᠰᠢᠬᠦᠯᠬᠦ ᠮᠡᠷᠭᠡᠵᠢᠯ ᠢ ᠤᠯᠠᠭᠠᠨ ᠢᠳᠡᠬᠡᠨ ᠢ ᠡᠳ᠋ᠰᠢᠬᠦᠯᠬᠦ ᠪᠤᠯᠪᠠᠰᠤᠨ ᠤ ᠬᠡᠮᠵᠢᠶ᠎ᠡ ᠨᠡᠯᠢᠶᠡᠳ ᠳᠡᠭᠡᠷ᠎ᠠ ᠬᠡᠮᠵᠢᠶᠡᠨ ᠳᠤ | ᠬᠦᠷᠤᠭ᠍ᠰᠡᠨ ᠢ ᠬᠠᠷᠠᠭᠤᠯᠵᠤ ᠪᠤᠢ᠃ ᠵᠢᠴᠢ ᠪᠠᠰᠠ ︽ᠯᠢᠶᠣᠤ ᠤᠯᠤᠰ ᠤᠨ ᠰᠤᠳᠤᠷ︾ ᠲᠤ ᠬᠢᠳᠠᠨᠴᠤᠳ ᠢ ︽ | ᠪᠤᠭᠤ ᠶᠢᠨ ᠬᠡᠯᠡ ᠶᠢᠨ ᠵᠢᠶᠠᠩ︾ ᠬᠢᠵᠤ ᠢᠳᠡᠳᠡᠭ ᠭᠡᠵᠤ ᠲᠡᠮᠳᠡᠭᠯᠡᠵᠦ ᠪᠤᠢ ᠡᠨᠡ ᠨᠢ ᠮᠦᠨ ᠤᠯᠠᠭᠠᠨ ᠢᠳᠡᠬᠡᠨ ᠢ | ᠡᠳ᠋ᠰᠢᠬᠦᠯᠬᠦ ᠲᠠᠯ᠎ᠠ ᠶᠢᠨ ᠪᠠᠰᠠ ᠨᠢᠭᠡ ᠵᠤᠶᠢᠯ ᠤᠨ ᠮᠡᠷᠭᠡᠵᠢᠯ ᠪᠤᠯᠤᠨ᠎ᠠ᠃ | ᠵᠠᠷᠢᠮ ᠡᠷᠳᠡᠮᠳᠡᠳ ᠬᠢᠳᠠᠨᠴᠤᠳ ᠲᠦᠬᠦᠬᠡᠢ ᠲᠠᠤᠯᠠᠢ ᠶᠢᠨ ᠡᠯᠢᠭᠡ ᠶᠢᠨ ᠵᠢᠶᠠᠩ ᠲᠠᠢ ᠬᠤᠯᠢᠵᠤ ᠢᠳᠡᠬᠦ ᠶᠢ | ᠤᠯᠠᠭᠠᠨ ᠢᠳᠡᠬᠡᠨ ᠢ ᠲᠦᠬᠦᠬᠡᠢ ᠪᠠᠷ ᠢᠳᠡᠳᠡᠭ ᠵᠠᠩᠰᠢᠯ ᠤᠨ ᠤᠯᠠ ᠮᠦᠷ ᠭᠡᠵᠤ ᠦᠵᠡᠵᠤ ᠪᠤᠢ᠃ ᠡᠬᠦᠨ ᠢ ᠠᠪᠤᠨ | ᠦᠵᠡᠪᠠᠯ ᠵᠦᠢ ᠳᠤ ᠨᠡᠶᠢᠴᠡᠬᠦ ᠰᠢᠭ᠂ ᠭᠡᠳᠡᠯ᠎ᠡ ᠨᠠᠷᠢᠪᠴᠢᠯᠠᠨ ᠰᠢᠨᠵᠡᠪᠠᠯ ᠬᠢᠳᠠᠨᠴᠤᠳ ᠤᠨ ᠤᠯᠠᠭᠠᠨ ᠢᠳᠡᠬᠡᠨ ᠤ | ᠰᠤᠶᠤᠯ ᠤᠨ ᠲᠤᠤᠷ᠎ᠠ ᠲᠦᠪᠰᠢᠨ ᠢ ᠬᠠᠷᠠᠭᠤᠯᠵᠤ ᠪᠠᠶᠢᠭ᠎ᠠ ᠪᠤᠰᠤ ᠬᠠᠷᠢᠨ ᠲᠡᠭᠡᠷ᠎ᠠ ᠲᠦᠪᠰᠢᠨ ᠢ ᠬᠠᠷᠠᠭᠤᠯᠵᠤ ᠪᠤᠢ᠃ | ᠬᠦᠮᠤᠨ ᠲᠦᠷᠤᠯᠬᠢᠳᠡᠨ ᠤ ᠮᠢᠬ᠎ᠠ ᠶᠢ ᠪᠤᠯᠭᠤᠵᠤ ᠢᠳᠡᠬᠦ ᠲᠡᠤᠬᠡ ᠬᠠᠭᠤᠴᠢᠨ ᠴᠢᠯᠠᠭᠤᠨ ᠵᠠᠪᠰᠡᠭ ᠤᠨᠦᠶ᠎ᠡ ᠳᠤ | ᠪᠡᠶᠡᠯᠡᠭᠳᠡᠭᠰᠡᠨ ᠪᠠᠶᠢᠳᠠᠭ᠃ ᠬᠠᠭᠤᠴᠢ ᠪᠠᠷ ᠬᠡᠯᠡᠪᠠᠯ ᠬᠡᠳᠤᠨ ᠠᠷᠪᠡᠨ ᠲᠦᠮᠡᠨ ᠵᠢᠯ ᠤᠨ ᠡᠮᠤᠨ᠎ᠠ ᠠᠴᠠ ᠭᠠᠯ | ᠬᠡᠷᠡᠭᠯᠡᠵᠤ ᠡᠬᠢᠯᠡᠵᠡᠢ᠃ ᠦᠭᠡᠷ᠎ᠡ ᠪᠠᠷ ᠬᠡᠯᠡᠪᠠᠯ ᠬᠡᠳᠤᠨ ᠠᠷᠪᠡᠨ ᠲᠦᠮᠡᠨ ᠵᠢᠯ ᠤᠨ ᠡᠮᠤᠨ᠎ᠠ ᠠᠴᠠ ᠮᠢᠬ᠎ᠠ ᠶᠢ ᠰᠢᠷᠠᠵᠤ | ᠪᠤᠯᠭᠤᠵᠤ ᠢᠳᠡᠬᠦ ᠪᠤᠯᠤᠬᠰᠡᠨ ᠪᠠᠶᠢᠨ᠎ᠠ᠃ ᠡᠨᠡ ᠨᠢ ᠬᠢᠳᠠᠨᠴᠤᠳ ᠤᠨ ᠦᠶ᠎ᠡ ᠪᠤᠯᠬᠤ ᠳᠤ ᠨᠠᠶᠢᠳᠠᠮᠴᠢᠯᠠᠨ | ᠲᠡᠯᠭᠡᠷᠡᠭᠰᠡᠨ ᠮᠡᠷᠭᠡᠵᠢᠯ ᠪᠤᠯᠬᠤ ᠳ᠋ᠠᠭᠠᠨᠲᠭᠠᠷᠠᠨᠠ᠃ ᠳᠡᠭᠡᠷ᠎ᠠ ᠨᠤᠳᠠᠯᠠᠬᠰᠡᠨ ᠵᠤᠶᠢᠯᠡᠰ ᠴᠦ ᠡᠬᠦᠨ ᠢ ᠲᠠᠪᠬᠤᠷ | ᠬᠡᠷᠡᠴᠢᠯᠠᠵᠤ ᠪᠤᠢ᠃ ᠲᠠᠤᠯᠠᠢ ᠶᠢᠨ ᠡᠯᠢᠭᠡ ᠶᠢ ᠲᠦᠬᠦᠬᠡᠢ ᠪᠠᠷ ᠢᠳᠡᠬᠦ ᠨᠢ ᠶᠠᠮᠠᠷ ᠪᠠᠯᠠᠷᠯᠢᠭ ᠠᠴᠠ ᠪᠤᠯᠤᠬᠰᠡᠨ | ᠪᠤᠰᠤ ᠬᠠᠷᠢᠨ ᠰᠢᠮ᠎ᠡ ᠳᠡᠵᠢᠭᠡᠯ ᠤᠨ ᠲᠤᠬᠢᠷᠢᠭᠤᠯᠤᠯᠳᠠ ᠬᠢᠭᠰᠡᠨ ᠰᠢᠨᠵᠢᠯᠡᠬᠦ ᠤᠬᠠᠭᠠᠨᠴᠢ ᠵᠤᠶᠢᠯ ᠮᠦᠨ᠃ ᠲᠦᠬᠦᠬᠡᠢ | ᠡᠯᠢᠭᠡᠨ ᠳᠤ ᠨᠢᠳᠤᠨ ᠤ ᠬᠠᠷᠠᠭ᠎ᠠ ᠶᠢ ᠲᠡᠵᠢᠭᠡᠬᠦ ᠸᠢᠲ᠋ᠠᠮᠢᠨ ᠤ ᠵᠤᠶᠢᠯ ᠦᠯᠡᠮᠵᠢ ᠠᠭᠤᠯᠤᠬᠳᠠᠵᠤ ᠪᠠᠶᠢᠳᠠᠭ᠃ ᠣᠳᠣ | ᠪᠤᠯᠳᠠᠯ᠎ᠠ ᠮᠤᠩᠭᠤᠯ᠂ ᠲᠠᠭᠤᠷ᠂ ᠡᠸ᠋ᠩᠬᠢ᠂ ᠤᠷᠴᠤᠨ ᠵᠡᠷᠬᠡ ᠦᠨᠳᠤᠰᠤᠳᠠᠨ ᠤ ᠮᠠᠯᠴᠢᠨ ᠠᠩᠴᠢᠳ ᠰᠠᠶ᠋ᠢ | ᠤᠨᠠᠭᠠᠬᠰᠡᠨ ᠠᠩ ᠪᠤᠶᠤ ᠰᠠᠶ᠋ᠢ ᠭᠠᠷᠭᠠᠬᠰᠡᠨ ᠮᠠᠯ ᠤᠨ ᠡᠯᠢᠭᠡ ᠶᠢ ᠲᠦᠬᠦᠭᠡᠢ ᠪᠠᠷ ᠨᠢ ᠬᠠᠯᠠᠭᠤᠨ ᠳᠡᠭᠡᠷ᠎ᠡ ᠨᠢ ᠢᠳᠡᠬᠦ | ᠵᠠᠩᠰᠢᠯ ᠪᠤᠢ᠃ ᠲᠡᠷᠡ ᠨᠢ ᠪᠦᠷ ᠨᠢᠳᠤᠨ ᠤ ᠬᠠᠷᠠᠭ᠎ᠠ ᠲᠡᠵᠢᠭᠡᠬᠦ ᠵᠤᠷᠢᠯᠭ᠎ᠠ ᠲᠠᠢ ᠪᠠᠶᠢᠳᠠᠭ᠃ ᠠᠩᠴᠢᠨ ᠮᠠᠯᠴᠢᠨ | ᠬᠦᠮᠣᠰ ᠲᠤ ᠨᠢᠳᠤᠨ ᠤ ᠰᠠᠶᠢᠨ ᠬᠠᠷᠠᠭ᠎ᠠ ᠨᠢ ᠤᠶᠢᠯᠡᠳᠪᠤᠷᠢᠯᠡᠯ ᠤᠨ ᠬᠢᠨᠢ ᠦᠷ᠎ᠡ ᠠᠰᠢᠭ ᠢ ᠨᠡᠮᠡᠭᠳᠡᠬᠦᠯᠬᠦ ᠳᠤ | ᠰᠢᠭᠤᠳ ᠬᠤᠯᠪᠤᠬᠳᠠᠳᠠᠭ᠃ ᠡᠶᠢᠮᠤ ᠠᠴᠠ ᠬᠠᠯᠠᠭᠤᠨ ᠲᠦᠬᠦᠬᠡᠢ ᠡᠯᠢᠭᠡ ᠢᠳᠡᠬᠦ ᠵᠠᠩᠰᠢᠯ ᠨᠡᠬᠦᠳᠡᠯᠴᠢᠳ ᠤᠨ | ᠲᠤᠮᠳᠠ ᠦᠷᠬᠡᠨ ᠲᠡᠯᠭᠡᠷᠡᠵᠤ ᠤᠳᠠᠭᠠᠨ ᠤᠯᠠᠮᠵᠢᠯᠠᠬᠳᠠᠰᠡᠨ ᠪᠠᠶᠢᠨ᠎ᠠ᠃ ᠬᠡᠳᠡᠯ᠎ᠠ ᠬᠢᠳᠠᠨᠴᠤᠳ ᠤᠨ ᠲᠠᠤᠯᠠᠢ ᠶᠢᠨ | ᠲᠦᠬᠦᠬᠡᠢ ᠡᠯᠢᠭᠡ ᠶᠢ ᠪᠤᠭᠤ ᠶᠢᠨ ᠬᠡᠯᠡ ᠶᠢᠨ ᠵᠢᠶᠠᠩ ᠢᠶᠠᠷ ᠠᠮᠳᠠ ᠤᠷᠤᠭᠤᠯᠵᠤ ᠢᠳᠡᠳᠡᠭ ᠨᠢ ᠰᠢᠮ᠎ᠡ ᠳᠡᠵᠢᠭᠡᠯ | ᠤᠨ ᠱᠠᠭᠠᠷᠳᠠᠯᠭ᠎ᠠ ᠶᠢᠨ ᠬᠤᠪᠢ ᠳᠤ ᠡᠨᠡ ᠠᠭᠤᠯᠭ᠎ᠠ ᠪᠠᠭᠳᠠᠵᠤ ᠪᠤᠢ᠃ ᠵᠢᠴᠢ ᠪᠠᠰᠠ ᠬᠤᠭᠤᠯᠠ ᠤᠮᠳᠠ | ᠪᠠᠵᠠᠭᠠᠬᠤ ᠰᠤᠶᠤᠯ ᠪᠤᠯᠪᠠᠰᠤᠨ ᠤ ᠬᠤᠪᠢ ᠠᠴᠠ ᠠᠵᠢᠪᠠᠯ ᠤᠯᠠᠭᠠᠨ ᠢᠳᠡᠬᠡᠨ ᠢ ᠠᠮᠳᠠ ᠤᠷᠤᠭᠤᠯᠬᠤ ᠨᠢᠭᠡ | ᠵᠤᠶᠢᠯ ᠤᠨ ᠮᠡᠷᠭᠡᠵᠢᠯ ᠪᠤᠯᠬᠤ ᠶᠤᠮ᠃ ᠶᠠᠫᠤᠨᠴᠤᠳ ᠤᠨ ᠵᠢᠭᠠᠰᠤᠨ ᠢ ᠲᠦᠬᠦᠬᠡᠢ ᠮᠢᠬ᠎ᠠ ᠶᠢ ᠵᠢᠶᠠᠩ ᠢᠶᠠᠷ ᠠᠮᠳᠠ | ᠤᠷᠤᠭᠤᠯᠵᠤ ᠢᠳᠡᠬᠦ᠂ ᠮᠠᠨ ᠤ ᠤᠯᠤᠰ ᠤᠨ ᠬᠢᠳᠠᠳ ᠦᠨᠳᠤᠰᠤᠳᠠᠨ ᠤ ᠵᠢᠭᠠᠰᠤᠨ ᠤ ᠲᠦᠬᠦᠬᠡᠢ ᠮᠢᠬ᠎ᠠ ᠶᠢ | ᠵᠢᠶᠠᠩ ᠢᠶᠠᠷ ᠠᠮᠳᠠ ᠤᠷᠤᠭᠤᠯᠵᠤ ᠢᠳᠡᠳᠡᠭ ᠨᠢ ᠴᠦᠮ ᠡᠬᠦᠨ ᠯᠦᠭᠡ ᠠᠳᠠᠯᠢ ᠪᠠᠶᠢᠳᠠᠭ᠃ | ᠬᠢᠳᠠᠨᠴᠤᠳ ᠮᠠᠯ ᠠᠵᠤ ᠠᠬᠤᠢ ᠡᠵᠡᠩᠨᠡᠭᠡᠳ ᠣᠨ ᠣᠳᠠᠵᠡᠢ᠃ ᠲᠠᠪᠤᠳᠤᠭᠠᠷ ᠵᠠᠭᠤᠨ ᠤ ᠦᠶ᠎ᠡ ᠳᠤ ᠠᠩᠬ᠎ᠠ | ᠪᠡᠶ᠎ᠡ ᠪᠠᠨ ᠳᠠᠭᠠᠭᠠᠵᠤ ᠲᠡᠤᠬᠡᠨ ᠳᠤ ᠲᠡᠮᠳᠡᠭᠯᠡᠭᠳᠡᠬᠦ ᠦᠶ᠎ᠡ ᠳᠤ ᠨᠢᠭᠡᠨᠳᠠ ᠪᠤᠯᠪᠠᠰᠤᠷᠠᠬᠰᠡᠨ ᠨᠡᠬᠦᠳᠡᠯ ᠮᠠᠯ ᠠᠵᠤ | ᠠᠬᠤᠢ ᠲᠠᠢ ᠪᠤᠯᠴᠢᠬᠠᠬᠰᠡᠨ ᠪᠠᠶᠢᠨ᠎ᠠ᠃ ᠲᠡᠬᠦᠨᠴᠢᠯᠡᠨ ᠮᠠᠯ ᠠᠵᠤ ᠠᠬᠤᠢ ᠨᠢ ᠪᠤᠯᠵᠤ ᠪᠠᠶᠢᠬᠰᠡᠨ ᠪᠦᠬᠡᠳ ᠬᠡᠳᠤᠨ | ᠮᠢᠩᠭ᠎ᠠ ᠪᠠᠷ ᠲᠡᠷᠬᠡ ᠪᠠᠨ ᠴᠦᠷᠬᠡᠯᠡᠵᠤ ᠨᠡᠬᠦᠳᠡᠯᠯᠡᠨ ᠮᠠᠯᠵᠢᠵᠤ ᠪᠠᠶᠢᠪᠠ᠃ ᠵᠢᠴᠢ ᠪᠠᠰᠠ ᠳᠠᠪᠠᠭᠠᠴᠨ ᠸᠧᠢ ᠶᠢᠨ | ᠲᠦᠷᠤ ᠳᠤ ᠰᠠᠶᠢᠨ ᠠᠬᠳᠠ ᠶᠢᠨ ᠠᠯᠪᠠ ᠪᠠᠷᠢᠵᠤ ᠪᠠᠶᠢᠪᠠ᠃ ᠲᠡᠳᠡᠨᠤᠰ ᠤᠨ ᠢᠳᠡᠬᠡᠨ ᠤᠮᠳᠠᠭᠠᠨ ᠤ ᠰᠤᠶᠤᠯ ᠳᠤ | ᠤᠯᠠᠭᠠᠨ ᠢᠳᠡᠬᠡᠨ ᠠᠴᠠ ᠭᠠᠳᠠᠨ᠎ᠠ ᠴᠠᠭᠠᠨ ᠢᠳᠡᠭᠡᠨ ᠴᠢᠬᠤᠯᠡ ᠪᠠᠶᠢᠷᠢ ᠶᠢ ᠡᠵᠡᠯᠡᠳᠡᠭ᠃ ᠭᠡᠳᠡᠯ᠎ᠠ ᠰᠤᠷᠪᠤᠯᠵᠢᠰ ᠲᠤ | ᠡᠨᠡ ᠲᠤᠬᠠᠢ ᠨᠠᠷᠢᠨ ᠲᠡᠮᠳᠡᠭᠯᠡᠯ ᠪᠠᠶᠢᠬᠤ ᠦᠬᠡᠢ᠃ ᠵᠦᠪᠭᠡᠨ ︽ᠬᠦᠮᠤᠰ ᠢᠨᠤ ᠬᠤᠷᠤᠳ ᠠᠶᠢᠷᠠᠭ ᠢᠶᠠᠷ ᠳᠡᠵᠢᠭᠡᠯ | ᠪᠤᠯᠭᠠᠮᠤᠢ︾ ᠭᠡᠰᠡᠨ ᠲᠤᠪᠴᠢᠬᠠᠨ ᠲᠡᠮᠳᠡᠭᠯᠡᠯ ᠬᠠᠷᠠᠬᠳᠠᠨ᠎ᠠ᠃ ᠵᠢᠴᠢ ᠬᠠᠭᠤᠴᠢ ᠰᠤᠳᠤᠯᠤᠯ ᠤᠨ ᠮᠠᠯᠳᠠᠯᠭ᠎ᠠ᠂ | ᠤᠩᠭᠤᠨ ᠤ ᠬᠠᠨ᠎ᠠ ᠶᠢᠨ ᠵᠢᠷᠤᠭ ᠳᠤ ᠴᠡᠭᠡ ᠶᠢᠨ ᠪᠤᠳᠤᠩ ᠠᠴᠠ ᠪᠤᠰᠤ ᠬᠠᠷᠠᠬᠳᠠᠬᠰᠡᠨ ᠶᠠᠭᠤᠮ᠎ᠠ ᠪᠠᠶᠢᠬᠤ ᠦᠬᠡᠢ᠃ | ︽ᠠᠶᠢᠷᠠᠭ︾ ᠢ ᠬᠢᠳᠠᠳ ᠢᠶᠠᠷ ︽湩酪︾ ᠭᠡᠵᠤ ᠳᠡᠮᠳᠡᠭᠯᠡᠵᠤ ᠪᠤᠢ᠃ ᠲᠡᠬᠦᠨ ᠢ ᠤᠤᠬᠠᠴᠢᠯᠠᠨ | ᠮᠤᠩᠭᠤᠯᠴᠢᠯᠠᠪᠠᠯ ︽ᠰᠦ ᠶᠢᠨ ᠡᠭᠡᠳᠡᠭ︾ ᠭᠡᠰᠡᠨ ᠦᠬᠡ ᠪᠤᠯᠤᠨ᠎ᠠ᠃ ᠰᠦ ᠶᠢᠨ ᠡᠭᠡᠳᠡᠭ ᠲᠤ ᠤᠯᠠᠨ ᠵᠤᠶᠢᠯ ᠪᠤᠢ᠃ | ᠲᠤᠬᠠᠶᠢᠯᠠᠪᠠᠯ᠄ ᠡᠭᠡᠳᠡᠭᠰᠡᠨ ᠰᠦ ᠂ ᠲᠠᠷᠠᠭ᠂ ᠠᠶᠢᠷᠠᠭ᠂ ᠬᠤᠭᠤᠷᠮᠠᠭ᠂ ᠴᠠᠭ᠎ᠠ᠂ ᠴᠡᠭᠡ ᠭᠡᠬᠦ ᠮᠡᠳᠤ᠃ | ᠲᠠᠷᠢᠶᠠᠯᠠᠬᠤ ᠦᠨᠳᠤᠰᠤᠳᠠᠨ ᠢᠩᠬᠢᠵᠤ ᠨᠠᠷᠢᠨ ᠢᠯᠭᠠᠳᠠᠭ ᠦᠬᠡᠢ ᠨᠡᠶᠢᠳᠠ ᠳᠤᠨᠢ ᠰᠦ ᠶᠢᠨ ᠡᠭᠡᠳᠡᠭ ᠬᠡᠵᠤ | ᠲᠤᠶᠢᠮᠤᠴᠢᠯᠡᠨ ᠭᠡᠯᠡᠳᠡᠭ᠃ ᠪᠤᠳᠤᠬᠤ ᠳᠤ ᠬᠢᠳᠠᠨᠴᠤᠳ ᠡᠳᠡᠭᠡᠷ ᠤᠨ ᠲᠤᠳᠤᠷᠠᠬᠢ ᠨᠡᠯᠢᠶᠡᠳ ᠬᠡᠳᠤᠨ ᠵᠤᠶᠢᠯ ᠢ | ᠡᠳ᠋ᠰᠢᠬᠦᠯᠵᠤ ᠡᠳ᠋ᠯᠡᠬᠦ ᠪᠤᠯᠤᠬᠰᠡᠨ ᠪᠠᠶᠢᠬᠤ ᠡ︕ ᠤᠴᠢᠷ ᠨᠢ ᠬᠤᠭᠤᠯᠠ ᠬᠦᠨᠡᠰᠤᠨ ᠤ ᠢᠷᠡᠯᠳᠠ ᠳᠤᠨᠢ ᠤᠯᠠᠭᠠᠨ | ᠢᠳᠡᠬᠡᠨ ᠢ ᠭᠠᠷᠭᠠᠪᠠᠯ ᠴᠠᠭᠠᠨ ᠢᠳᠡᠬᠡᠨ ᠪᠤᠯᠬᠤ ᠳᠤ ᠤᠷᠤᠰᠢᠨ᠎ᠠ᠃ ᠨᠡᠩ ᠴᠦ ᠬᠤᠷᠤᠳ ᠢᠳᠡᠵᠤ ᠪᠠᠶᠢᠬᠰᠡᠨ ᠢᠶᠠᠷ | ᠦᠵᠡᠬᠦ ᠳᠤ ᠡᠳᠡᠬᠡᠷ ᠵᠤᠶᠢᠯᠡᠰ ᠪᠠᠶᠢᠵᠤ ᠪᠠᠶᠢᠬᠰᠡᠨ ᠢ ᠨᠤᠳᠠᠯᠠᠵᠤ ᠪᠤᠢ᠃ ︽酪︾ ᠭᠡᠳᠡᠭ ᠦᠰᠦᠭ ᠢ ᠬᠢᠳᠠᠳ | ᠬᠡᠯᠡᠨ ᠤ ᠲᠤᠯᠢ ᠨᠤᠭᠤᠳ ᠲᠤ ᠦᠬᠡᠷ᠂ ᠬᠤᠨᠢ᠂ ᠠᠳᠤᠭᠤᠨ ᠤ ᠰᠦᠨ ᠢᠶᠠᠷ ᠬᠢᠭᠰᠡᠨ ᠬᠦᠰᠢᠭᠡᠵᠤ | ᠨᠢᠬᠳᠠᠷᠠᠭᠤᠯᠤᠬᠰᠡᠨ ᠢᠳᠡᠬᠡᠨ︾ ᠭᠡᠵᠤ ᠬᠡᠯᠡᠵᠦ ᠪᠤᠢ᠃ ᠡᠶᠢᠮᠤ ᠬᠦᠰᠢᠭᠡᠵᠤ ᠨᠢᠬᠳᠠᠷᠠᠭᠤᠯᠤᠬᠰᠡᠨ ᠵᠤᠶᠢᠯᠡᠰ ᠴᠠᠭᠠᠨ | ᠢᠳᠡᠬᠡᠨ ᠤ ᠲᠤᠳᠤᠷ᠎ᠠ ᠤᠯᠠᠨ ᠵᠤᠶᠢᠯ ᠪᠤᠢ᠃ ᠲᠤᠬᠠᠶᠢᠯᠠᠪᠠᠯ᠄ ᠬᠤᠷᠤᠳ᠂ ᠪᠢᠰᠢᠯᠠᠭ᠂ ᠡᠭᠡᠯᠵᠢᠭ᠂ ᠠᠭᠠᠷᠤᠯ᠂ | ᠰᠢᠬᠦᠷᠮᠡᠭ ᠁ ᠬᠡᠬᠦ ᠮᠡᠳᠤ᠃ ᠬᠢᠳᠠᠳ ᠰᠤᠷᠪᠤᠯᠵᠢᠰ ᠤᠨ ᠡᠨᠡ ᠬᠦ ᠬᠠᠪᠳᠠᠭᠠᠶᠢᠷᠠᠭᠤᠯᠤᠨ ᠲᠡᠮᠳᠡᠭᠯᠡᠭᠰᠡᠨ | ᠵᠤᠶᠢᠯ ᠠᠴᠠ ᠡᠳᠡᠭᠡᠷ ᠨᠠᠷᠢᠨ ᠵᠤᠶᠢᠯᠡᠰ ᠢ ᠤᠯᠵᠤ ᠬᠠᠷᠠᠬᠤ ᠦᠬᠡᠢ᠂ ᠬᠠᠭᠤᠴᠢ ᠰᠤᠳᠤᠯᠤᠯ ᠤᠨ ᠲᠠᠯ᠎ᠠ ᠪᠠᠷ ᠴᠤ | ᠡᠶᠢᠮᠤ ᠮᠡᠳᠡᠭᠡ ᠰᠦᠪᠡᠭᠴᠢ ᠬᠠᠷᠠᠬᠳᠠᠬᠰᠡᠨ ᠦᠬᠡᠢ᠃ ᠪᠤᠳᠤᠬᠤ ᠳᠤ ᠡᠳᠡᠭᠡᠷ ᠤᠨ ᠲᠤᠳᠤᠷᠠᠬᠢ ᠨᠡᠯᠢᠶᠡᠳ ᠵᠤᠶᠢᠯᠡᠰ ᠢ | ᠡᠳᠡᠯᠠᠵᠤ ᠪᠠᠶᠢᠬᠰᠡᠨ ᠪᠠᠶᠢᠬᠤ ᠡ᠃ | ᠡᠬᠦᠨ ᠤ ᠵᠡᠷᠬᠡ ᠪᠠᠷ ᠬᠢᠳᠠᠨᠴᠤᠳ ᠴᠦ ᠠᠮᠤ ᠲᠠᠷᠢᠶ᠎ᠠ ᠲᠠᠷᠢᠵᠤ ᠬᠤᠭᠤᠯᠠ ᠬᠦᠨᠡᠰᠤ ᠪᠤᠯᠭᠠᠵᠤ ᠪᠠᠶᠢᠵᠡᠢ᠃ | ᠬᠠᠭᠤᠴᠢ ᠰᠤᠳᠤᠯᠤᠯ ᠤᠨ ᠤᠯᠳᠠᠪᠤᠷᠢ ᠪᠠ ᠰᠤᠷᠪᠤᠯᠵᠢᠰ ᠤᠨ ᠲᠡᠮᠳᠡᠭᠯᠡᠯ ᠠᠴᠠ ᠦᠵᠡᠪᠠᠯ ᠠᠳᠡᠬᠢ ᠬᠦᠮᠤᠰ ᠰᠢᠨ᠎ᠠ | ᠴᠢᠯᠠᠭᠤᠨ ᠵᠡᠪᠰᠡᠭ ᠤᠨ ᠡᠬᠢᠨ ᠤ ᠦᠶ᠎ᠡ ᠠᠴᠠ ᠲᠠᠷᠢᠶᠠᠯᠠᠵᠤ ᠪᠠᠶᠢᠬᠰᠡᠨ ᠪᠦᠭᠡᠳ ᠦᠬᠤᠸᠠᠨ ᠰᠢᠶᠠᠨᠪᠢ ᠶᠢᠨ ᠦᠶ᠎ᠡ | ᠳᠤ ᠮᠤᠩᠭᠤᠯ ᠠᠮᠤ᠂ ᠰᠢᠯᠤᠬᠡᠢ᠂ ᠰᠠᠭᠠᠭ ᠢ ᠨᠠᠮᠤᠬᠯᠠᠨ ᠲᠠᠷᠢᠳᠠᠭ ᠪᠠᠶᠢᠨ᠎ᠠ᠃ ᠰᠦᠩ ᠤᠯᠤᠰ ᠤᠨ ᠡᠯᠴᠢᠳ ᠤᠨ | ᠲᠡᠮᠳᠡᠭᠯᠡᠯ ᠳᠤ ᠬᠢᠳᠠᠨᠴᠤᠳ ︽ᠦᠷ᠎ᠡ ᠪᠠᠨ ᠴᠦᠮ ᠳᠡᠯᠠᠩ ᠳᠡᠭᠡᠷ᠎ᠡ ᠠᠨᠤ ᠰᠠᠴᠤᠵᠤ᠂ ᠰᠠᠯᠬᠢᠨ ᠢᠶᠠᠷ ᠡᠯᠡᠰᠤ ᠶᠢ | ᠦᠯᠢᠶᠡᠯᠭᠡᠨ ᠲᠠᠷᠤᠮᠤᠢ︾ ᠭᠡᠵᠤ ᠬᠢᠳᠠᠨᠴᠤᠳ ᠤᠨ ᠮᠤᠩᠭᠤᠯ ᠰᠢᠯᠤᠬᠡᠢ ᠨᠠᠮᠠᠬᠠᠯᠠᠨ ᠲᠠᠷᠢᠳᠠᠭ ᠢ ᠳᠡᠮᠳᠡᠭᠯᠡᠵᠡᠢ᠃ | ᠳᠡᠬᠦᠨ ᠢ ᠪᠤᠯᠪᠠᠰᠤᠷᠠᠭᠤᠯᠵᠤ ᠪᠠᠶᠢᠬᠰᠡᠨ ᠲᠤᠬᠠᠢ ᠰᠢᠭᠤᠳ ᠲᠤᠳᠤᠷᠬᠠᠢ ᠮᠡᠳᠡᠭᠡ ᠪᠠᠶᠢᠬᠤ ᠦᠬᠡᠢ᠂ ᠭᠡᠪᠠᠴᠤ | ᠬᠢᠳᠠᠨᠴᠤᠳ ᠯᠤᠭ᠎ᠠ ᠠᠵᠤ ᠠᠬᠤᠢ ᠶᠢᠨ ᠬᠡᠯᠪᠡᠷᠢ ᠨᠢ ᠠᠳᠠᠯᠢ ᠲᠦᠪᠡᠳᠴᠤᠳ ᠤᠨ ᠮᠤᠩᠭᠤᠯ ᠠᠮᠤ ᠴᠠᠶᠢᠯᠭᠠᠵᠤ | ᠪᠠᠶᠢᠬᠰᠡᠨ ᠲᠤᠬᠠᠢ ︽ᠮᠤᠳᠤᠨ ᠢᠶᠠᠷ ᠮᠠᠨᠴᠤ ᠬᠢᠵᠤ᠂ ᠳ᠋ᠦᠨᠵᠡ ᠶᠢ ᠣᠬᠳᠤᠯᠤᠨ ᠤᠭᠤᠷ ᠬᠢᠮᠤᠢ︾ ᠭᠡᠵᠤ ᠵᠠᠷᠢᠮ | ᠰᠤᠷᠪᠤᠯᠵᠢᠰ ᠲᠤ ᠲᠡᠮᠳᠡᠭᠯᠡᠵᠦ ᠪᠤᠢ᠂ ᠡᠬᠦᠨ ᠠᠴᠠ ᠦᠵᠡᠪᠠᠯ ᠬᠢᠳᠠᠨᠴᠤᠳ ᠪᠠᠰᠠ ᠤᠭᠤᠷ ᠮᠠᠨᠴᠤ ᠪᠠᠷ ᠬᠠᠷ᠎ᠠ | ᠪᠤᠳᠠᠭ᠎ᠠ ᠪᠠᠨ ᠴᠠᠶᠢᠯᠭᠠᠵᠤ ᠪᠠᠶᠢᠬᠰᠡᠨ ᠢ ᠵᠦᠢᠴᠢᠯᠡᠨ ᠮᠡᠳᠡᠵᠤ ᠪᠤᠯᠤᠨ᠎ᠠ᠃ ︽ᠯᠢᠶᠣᠤ ᠤᠯᠤᠰ ᠤᠨ ᠰᠤᠳᠤᠷ︾ ᠲᠤ | ᠄ ︽ᠬᠤᠭᠤᠯᠠ ᠬᠦᠨᠡᠰᠦ ᠡᠪᠡᠰᠤ ᠪᠤᠷᠳᠤᠭᠠᠨ ᠤ ᠢᠷᠡᠯᠳᠠ ᠠᠨᠤ ᠡᠬᠦᠨ ᠳᠤᠷ ᠠᠬᠤ ᠪᠤᠯᠡᠢ︾ ᠭᠡᠰᠡᠨ | ᠲᠡᠮᠳᠡᠭᠯᠡᠯ ᠢ ᠬᠢᠳᠠᠳ ᠢᠶᠠᠷ 糗粮刍茭 道在是矣︾ᠭᠡᠵᠤ ᠲᠡᠮᠳᠡᠭᠯᠡᠵᠦ ᠪᠤᠢ᠃ ᠡᠬᠦᠨ ᠳᠤ 糗 | ᠭᠡᠵᠤ ᠬᠠᠭᠤᠷᠠᠢ ᠬᠦᠨᠡᠰᠤ ᠶᠢ ᠭᠡᠯᠡᠵᠤ ᠪᠠᠶᠢᠳᠠᠭ ᠃ ᠬᠢᠳᠠᠳ ᠬᠡᠯᠡᠨ ᠤ ︽ᠦᠬᠡᠰ ᠤᠨ ᠳᠠᠯᠡᠢ︾ ︵辞海︶ | ᠲᠤᠯᠢ ᠳᠤ ᠡᠨᠡ糗 ᠬᠡᠳᠡᠭ ᠦᠬᠡ ᠶᠢ ᠬᠠᠭᠤᠷᠠᠵᠤ ᠪᠤᠯᠭᠤᠬᠰᠡᠨ ᠠᠮᠤ ᠪᠤᠭᠤᠳᠠᠢ ᠵᠡᠷᠬᠡ ᠦᠷ᠎ᠡ ᠲᠠᠷᠢᠶᠠᠨ ᠢ | ᠬᠡᠯᠡᠮᠤᠢ᠂ ᠵᠠᠷᠢᠮ ᠢ ᠨᠢ ᠤᠭᠤᠷᠳᠠᠵᠤ ᠪᠦᠬᠦᠯᠢ ᠪᠠᠷ ᠨᠢ ᠴᠠᠶᠢᠯᠭᠠᠨ᠂ ᠵᠠᠷᠢᠮ ᠢ ᠨᠢ ᠤᠭᠤᠷᠳᠠᠨ ᠲᠠᠯᠬ᠎ᠠ ᠪᠤᠯᠭᠠᠳᠠᠭ | ᠬᠡᠵᠤ ᠲᠠᠶᠢᠯᠪᠤᠷᠢᠯᠠᠵᠡᠢ᠃ ᠡᠨᠡ ᠨᠢ ᠶᠠᠭ ᠮᠤᠩᠭᠤᠯᠴᠤᠳ ᠤᠨ ᠬᠠᠭᠤᠷᠠᠬᠰᠡᠨ ᠠᠮᠤ᠂ ᠬᠠᠭᠤᠷᠠᠬᠰᠡᠨ ᠠᠮᠤ ᠶᠢᠨ | ᠳᠠᠯᠬ᠎ᠠ ᠵᠠᠷᠮ᠎ᠠ ᠲᠠᠢ ᠠᠳᠠᠯᠢ ᠪᠠᠶᠢᠨ᠎ᠠ᠃ ᠡᠳᠡᠭᠡᠷ ᠲᠡᠮᠳᠡᠭᠯᠡᠯ ᠠᠴᠠ ᠦᠵᠡᠪᠠᠯ ᠬᠢᠳᠠᠨᠴᠤᠳ ᠬᠠᠭᠤᠷᠠᠬᠰᠡᠨ ᠠᠮᠤ | ᠭᠠᠷᠭᠠᠵᠤ ᠢᠳᠡᠬᠦ ᠪᠤᠶᠤ ᠬᠠᠭᠤᠷᠠᠬᠰᠡᠨ ᠠᠮᠤ ᠶᠢᠨ ᠲᠠᠯᠬ᠎ᠠ ᠵᠠᠷᠮ᠎ᠠ ᠪᠠᠨ ᠰᠦ ᠠᠶᠢᠷᠠᠭ ᠲᠠᠭᠠᠨ ᠬᠤᠳᠬᠤᠵᠤ | ᠢᠳᠠᠵᠤ ᠪᠠᠶᠢᠬᠰᠡᠨ ᠪᠤᠯᠤᠳᠠᠢ᠃ ᠬᠡᠪᠠᠴᠤ ᠬᠠᠭᠤᠴᠢ ᠰᠤᠳᠤᠯᠤᠯ ᠤᠨ ᠮᠠᠯᠳᠠᠯᠭ᠎ᠠ ᠪᠠᠷ ᠬᠠᠷ᠎ᠠ ᠮᠤᠩᠭᠤᠯ ᠠᠮᠤ ᠶᠢᠨ | ᠬᠤᠯᠳᠠᠰᠤ ᠤᠯᠳᠠᠬᠰᠡᠨ ᠠᠴᠠ ᠦᠬᠡᠷ᠎ᠠ ᠴᠠᠶᠢᠯᠭᠠᠬᠰᠡᠨ ᠮᠤᠩᠭᠤᠯ ᠠᠮᠤ ᠪᠠᠷ ᠰᠢᠩᠭᠡᠨ ᠪᠤᠳᠠᠭ᠎ᠠ ᠴᠢᠨᠠᠵᠤ ᠢᠳᠡᠳᠡᠭ | ᠬᠡᠰᠡᠨ ᠰᠤᠷᠪᠤᠯᠵᠢᠰ ᠤᠨ ᠲᠡᠮᠳᠡᠭᠯᠡᠯ ᠪᠤᠢ᠃ ᠡᠬᠦᠨ ᠠᠴᠠ ᠭᠠᠳᠠᠨ᠎ᠠ ᠪᠠᠰᠠ ᠨᠠᠷᠢᠮᠤ᠂ ᠰᠢᠯᠤᠬᠡᠢ ᠶᠢ ᠴᠤ ᠴᠢᠨᠠᠵᠤ | ᠢᠳᠠᠵᠤ ᠪᠠᠶᠢᠵᠡᠢ᠃ ᠤᠮᠠᠷᠠᠳᠤ ᠰᠦᠩ ᠤᠯᠤᠰ ᠤᠨ ᠠᠯᠠᠳᠠᠷᠳᠤ ᠰᠢᠨᠵᠢᠯᠡᠬᠦ ᠤᠬᠠᠭᠠᠳᠠᠨ ᠴᠧᠨ ᠺᠦᠸᠧ ᠯᠢᠶᠤᠤ | ᠤᠯᠤᠰ ᠲᠤ ᠡᠯᠴᠢᠯᠡᠭᠡᠳ ᠪᠢᠴᠢᠭᠰᠡᠨ ︽ᠬᠢᠳᠠᠨ ᠳᠤ ᠡᠯᠴᠢᠯᠡᠭᠰᠡᠨ ᠵᠢᠷᠤᠭ ᠤᠨ ᠬᠠᠭᠤᠯᠪᠤᠷᠢ︾ ︵沈括著: | ︽使虏图抄︾︶ ᠭᠡᠳᠡᠭ ᠨᠤᠮ ᠳᠠᠭᠠᠨ ᠬᠢᠳᠠᠨᠴᠤᠳ ︽ᠵᠠᠮᠨᠠᠪᠠᠰᠤ ᠮᠤᠷᠢ ᠤᠨᠤᠮᠤᠢ᠂ ᠢᠳᠡᠬᠦ ᠢᠨᠤ | ᠦᠬᠡᠷ ᠬᠤᠨᠢᠨ ᠤ ᠮᠢᠬ᠎ᠠ ᠬᠢᠭᠡᠳ ᠰᠦ ᠬᠤᠷᠤᠳ᠂ ᠲᠡᠬᠦᠨ ᠤ ᠠᠷᠠᠰᠤ ᠶᠢ ᠡᠮᠤᠰᠤᠨ ᠵᠠᠪᠰᠡᠷ ᠠᠨᠤ ᠬᠠᠭᠤᠷᠠᠬᠰᠡᠨ | ᠠᠮᠤ ᠶᠢᠨ ᠰᠢᠩᠬᠡᠨ ᠪᠤᠳᠠᠭ᠎ᠠ ᠢᠳᠡᠮᠤᠢ︾ ᠬᠡᠵᠤ ᠬᠢᠳᠠᠨᠴᠤᠳ ᠤᠨ ᠮᠤᠩᠭᠤᠯ ᠠᠮᠤ ᠪᠠᠷ ᠰᠢᠩᠭᠡᠨ ᠪᠤᠳᠠᠭ᠎ᠠ ᠴᠢᠨᠠᠵᠤ | ᠢᠳᠡᠳᠡᠭ ᠲᠤᠬᠠᠢ ᠲᠡᠮᠳᠡᠭᠯᠡᠭᠰᠡᠨ ᠪᠠᠶᠢᠨ᠎ᠠ᠃ ᠲᠠᠳᠡ ᠴᠠᠭ ᠤᠨ ᠬᠤᠭᠤᠯᠠ ᠳᠠᠭᠠᠨ ᠰᠢᠩᠬᠡᠨ ᠪᠤᠳᠠᠭ᠎ᠠ ᠢᠳᠡᠳᠡᠭ ᠢᠶᠠᠷ | ᠪᠠᠷᠠᠬᠤ ᠦᠬᠡᠢ ᠲᠠᠶᠢᠬᠡᠤ ᠶᠢᠨ ᠮᠡᠨᠳᠤᠯᠡᠭᠰᠡᠨ ᠡᠳᠤᠷ ᠤᠨ ᠨᠠᠶᠢᠷ ᠳᠡᠭᠡᠷ᠎ᠠ ᠴᠦ ᠬᠦᠮᠤᠰ ᠢ ᠶᠡᠬᠡᠪᠡᠷ ᠲᠠᠶᠢᠯᠠᠬᠤᠢ ᠳᠤᠷ | ︽ ᠰᠢᠩᠬᠡᠨ ᠪᠤᠳᠠᠭᠠᠨ︾ ᠤ ᠠᠶᠠᠭ᠎ᠠ ᠵᠦᠷᠢᠯᠳᠤᠮᠤᠢ ᠬᠡᠵᠤ ᠲᠠᠮᠳᠡᠭᠡᠯᠵᠤ ᠪᠤᠢ᠃ ᠲᠡᠭᠡᠪᠠᠯ ᠬᠢᠳᠠᠨᠴᠤᠳ ᠤᠨ | ᠢᠳᠡᠳᠡᠭ ᠰᠢᠩᠬᠡᠨ ᠪᠤᠳᠠᠭ᠎ᠠ ᠨᠢ ᠬᠢᠳᠠᠳ ᠤᠨ ᠢᠳᠡᠳᠡᠭ ᠰᠢᠩᠭᠡᠨ ᠪᠤᠳᠠᠭ᠎ᠠ ᠤᠤ︖ ᠬᠡᠪᠠᠯ ᠲᠠᠶᠢᠮᠤ ᠪᠢᠰᠢ ᠬᠠᠷᠢᠨ | ᠮᠢᠬ᠎ᠠ ᠬᠦᠰᠬᠦᠯᠡᠭᠰᠡᠨ ᠴᠠᠭ᠎ᠠ ᠲᠠᠪᠤᠰᠤ ᠲᠠᠢ ᠰᠢᠩᠬᠡᠨ ᠪᠤᠳᠠᠭ᠎ᠠ ᠪᠤᠯᠤᠨ᠎ᠠ᠃ ᠣᠮᠠᠷᠠᠳᠤ ᠰᠦᠩ ᠤᠯᠤᠰ ᠤᠨ | ᠬᠦᠮᠤᠨ ᠮᠸᠢ ᠱᠧᠩ ᠢᠤᠢ ᠶᠢᠨ ︽ᠵᠢᠩ ᠴᠦᠨ ᠢ ᠬᠦᠷᠭᠡᠵᠤ ᠤᠮᠠᠷᠠᠰᠢ ᠡᠯᠴᠢᠯᠡᠬᠦᠯᠤᠭ᠍ᠰᠡᠨ ᠢᠨᠤ︾ ᠭᠡᠳᠡᠭ | ᠰᠢᠯᠦᠭ ᠲᠡᠭᠡᠨ ︽ᠲᠦᠷᠤ ᠶᠢᠨ ᠢᠳᠡᠬᠦᠯᠤᠭ᠍ᠰᠡᠨ ᠴᠠᠭ᠎ᠠ ᠲᠠᠢ ᠪᠤᠳᠠᠭ᠎ᠠ ︵ᠰᠢᠩᠭᠡᠨ ᠪᠤᠳᠠᠭ᠎ᠠ︶ ᠶᠢᠨ ᠠᠶᠠᠭᠠᠨ | ᠲᠡᠭᠡᠷ᠎ᠠ ᠨᠢ ᠮᠦᠰᠤ ᠬᠦᠯᠳᠠᠵᠤ᠂ ᠰᠦᠨᠢ ᠶᠢᠨ ᠬᠦᠨ᠎ᠡ ᠢᠰᠡᠬᠡᠢ ᠭᠡᠷ ᠲᠤ ᠭᠡᠪᠳᠡᠷᠤᠨ ᠰᠠᠷᠠᠨ ᠡᠯᠡᠰᠤ ᠶᠢ | ᠭᠡᠶᠢᠬᠦᠯᠤᠮᠤᠢ︾ ᠬᠡᠵᠤ ᠰᠢᠯᠤᠭ᠍ᠯᠡᠨ ᠮᠦᠨ ᠬᠢᠳᠠᠨᠴᠤᠳ ᠤᠨ ᠴᠠᠭ᠎ᠠ ᠲᠠᠢ ᠰᠢᠩᠭᠡᠨ ᠪᠤᠳᠠᠭ᠎ᠠ ᠶᠢ ᠲᠤᠷᠠᠳᠤᠬᠰᠡᠨ | ᠪᠠᠶᠢᠨ᠎ᠠ᠃ ᠰᠦᠩ ᠤ᠊ ᠯᠤᠰ ᠤᠨ ᠬᠦᠮᠤᠨ ᠵᠤ᠋ ᠢᠤᠢ ᠶᠢᠨ ᠪᠢᠴᠢᠭᠰᠡᠨ ︽ᠫᠢᠩ ᠵᠸᠤ ᠶᠢᠨ ᠲᠤᠬᠠᠢ ᠦᠬᠦᠯᠡᠬᠦᠢ | ᠢᠨᠤ︾ ᠭᠡᠳᠡᠭ ᠨᠤᠮ ᠳᠤ᠄ ︽ᠤᠷᠢᠳᠤ ᠶᠢᠨ ᠬᠦᠩ ᠯᠢᠶᠣᠤ ᠤᠯᠤᠰ ᠲᠤᠷ ᠬᠦᠷᠬᠦᠢ ᠡᠳᠤᠷᠡ᠂ ᠨᠢᠭᠡ ᠠᠶᠠᠭ᠎ᠠ ᠰᠦ | ᠲᠠᠢ ᠰᠢᠩᠭᠡᠨ ᠪᠤᠳᠠᠭ᠎ᠠ ᠤᠷᠤᠭᠤᠯᠵᠤᠬᠤᠢ᠂ ᠦᠨᠡᠭᠡᠷ ᠡᠷᠬᠢᠮ᠂ ᠭᠡᠪᠠᠴᠤ ᠦᠭᠡᠬᠦ ᠲᠤᠰᠤ ᠬᠦᠮᠡᠯᠳᠤᠬᠡᠳ ᠠᠮᠠᠨ ᠠᠴᠠ | ᠤᠨᠠᠮᠠ︾ ᠭᠡᠵᠤ ᠲᠡᠮᠳᠡᠭᠯᠡᠭᠰᠡᠨ ᠪᠠᠶᠢᠨ᠎ᠠ᠃ ᠡᠳᠡᠭᠡᠷ ᠲᠡᠮᠳᠡᠭᠯᠡᠯ ᠨᠢ ᠲᠠᠷᠤᠢ ᠬᠢᠳᠠᠨᠴᠤᠳ ᠤᠳᠣ ᠶᠢᠨ | ᠮᠤᠩᠭᠤᠯᠴᠤᠳ ᠲᠠᠢ ᠠᠳᠠᠯᠢ ᠮᠢᠬ᠎ᠠ ᠬᠦᠰᠬᠦᠯᠡᠭᠰᠡᠨ ᠴᠠᠭ᠎ᠠ ᠲᠠᠪᠤᠰᠤ ᠲᠠᠢ ᠰᠢᠩᠭᠡᠨ ᠪᠤᠳᠠᠭ᠎ᠠ ᠢᠳᠡᠳᠡᠭ ᠢ | ᠬᠡᠷᠡᠴᠢᠯᠡᠵᠤ ᠪᠤᠢ᠃ | ︽ᠯᠢᠶᠣᠤ ᠤᠯᠤᠰ ᠤᠨ ᠰᠤᠳᠤᠷ︾ ᠲᠤ ᠬᠢᠳᠠᠨᠴᠤᠳ ︽ᠴᠠᠭᠠᠨ ᠰᠠᠷ᠎ᠠ ᠶᠢᠨ ᠰᠢᠨ᠎ᠠ ᠶᠢᠨ ᠲᠤᠯᠤᠭᠠᠨ ᠤ | ᠬᠦᠮᠤᠨ ᠤ ᠡᠳᠤᠷ ᠬᠠᠭᠠᠷᠢᠬᠰᠡᠨ ᠪᠤᠳᠪᠤ ᠢᠳᠡᠵᠤ᠂ ᠲᠡᠬᠦᠨ ᠢᠶᠠᠨ ᠲᠡᠭᠷᠢ ᠶᠢ ᠤᠳᠤᠬᠤ ᠬᠡᠵᠤ ᠬᠡᠯᠡᠮᠤᠢ︾ ᠬᠡᠰᠡᠨ | ᠳᠡᠮᠳᠡᠭᠯᠡᠯ ᠪᠤᠢ᠂ ᠡᠬᠦᠨ ᠠᠴᠠ ᠬᠢᠳᠠᠨᠴᠤᠳ ᠪᠢᠳᠡᠬᠦᠨ ᠤ ᠦᠳᠡᠰᠢ ᠴᠠᠭᠠᠨ ᠬᠤᠨᠢᠨ ᠤ ᠨᠤᠭᠤᠰᠤᠨ ᠳᠤ ᠰᠢᠯᠤᠬᠡᠢ | ᠪᠤᠳᠠᠭ᠎ᠠ ᠶᠢ ᠨᠤᠬᠤᠵᠤ ᠪᠤᠭᠤᠷᠰᠤᠭ ᠪᠦᠭᠡᠮᠯᠡᠭᠡᠳ ᠲᠤᠭᠤᠨᠤ ᠪᠠᠷ ᠢᠶᠠᠨ ᠭᠠᠳᠠᠬᠰᠢ ᠰᠢᠳᠡᠳᠡᠭ ᠬᠡᠵᠤ ᠲᠡᠮᠳᠡᠭᠯᠡᠵᠤ | ᠪᠤᠢ᠃ ᠪᠠᠰᠠ ᠲᠠᠪᠤᠨ ᠰᠠᠷ᠎ᠠ ᠶᠢᠨ ᠰᠢᠨ᠎ᠠ ᠶᠢᠨ ᠲᠠᠪᠤᠨ ᠳᠤ ᠠᠬᠢ ᠶᠢᠨ ᠪᠤᠭᠤᠷᠰᠤᠭ ᠢᠳᠠᠨ᠎ᠡ ᠬᠡᠵᠤ ᠲᠡᠮᠳᠡᠭᠯᠡᠵᠢ᠃ | ᠠᠳᠡ ᠲᠡᠮᠳᠡᠭᠯᠡᠨ ᠪᠦᠬᠦᠢ ᠬᠠᠭᠠᠷᠢᠬᠰᠡᠨ ᠪᠤᠤᠪᠤ ᠨᠢ ᠵᠠᠷᠢᠮ᠂ ᠵᠤᠤ ᠤᠳᠠ ᠶᠢᠨ ᠮᠤᠩᠭᠤᠯᠴᠤᠳ ᠤᠨ ᠢᠳᠡᠳᠡᠭ | ᠰᠢᠯᠤᠬᠡᠢ ᠶᠢᠨ ᠭᠤᠯᠢᠷ ᠤᠨ ᠬᠠᠭᠠᠷᠢᠬᠰᠡᠨ ᠪᠤᠤᠪᠤ ᠪᠠᠶᠢᠬᠤ ᠳᠠᠭᠠᠨ ᠲᠠᠭᠠᠷᠠᠨ᠎ᠠ᠃ ᠰᠢᠯᠤᠬᠡᠢ ᠪᠤᠳᠠᠭ᠎ᠠ ᠶᠢ ᠴᠠᠭᠠᠨ | ᠬᠤᠨᠢᠨ ᠤ ᠨᠤᠭᠤᠰᠤ ᠪᠠᠷ ᠬᠡᠪᠯᠡᠳᠡᠭ ᠮᠤᠩᠭᠤᠯ ᠠᠮᠤ ᠶᠢᠨ ᠵᠠᠷᠢᠮ ᠤᠨ ᠪᠤᠭᠤᠷᠰᠤᠭ ᠪᠤᠯᠤᠨ᠎ᠠ᠃ ᠡᠷᠳᠡ ᠳᠡᠭᠡᠨ | ᠳᠡᠬᠦᠨ ᠢ ᠪᠦᠮᠪᠤᠬᠡᠯᠡᠵᠤ ᠬᠢᠵᠤ ᠪᠠᠶᠢᠬᠰᠡᠨ ᠪᠠᠶᠢᠵᠡᠢ᠃ ᠬᠢᠳᠠᠨᠴᠤᠳ ᠤᠨ ᠴᠠᠷᠴᠠᠭᠠᠬᠰᠡᠨ ᠪᠤᠳᠠᠭ᠎ᠠ ᠨᠢ ᠶᠠᠭ ᠡᠶᠢᠮᠤ | ᠪᠠᠶᠢᠬᠰᠡᠨ ᠳᠠᠭᠠᠨ ᠲᠠᠭᠠᠷᠠᠨ᠎ᠠ᠃ ᠬᠢᠳᠠᠨᠴᠤᠳ ᠤᠨ ᠰᠠᠭᠠᠭ ᠤᠨ ᠭᠤᠯᠢᠷ ᠢᠳᠠᠵᠤ ᠪᠠᠶᠢᠬᠰᠡᠨ ᠡᠰᠡᠬᠦ ᠲᠤᠬᠠᠢ ᠬᠢᠳᠠᠳ | ᠬᠡᠯᠡᠨ ᠤ ᠲᠦᠪ ᠰᠤᠳᠤᠷ ᠤᠳ ᠲᠤ ᠲᠡᠮᠳᠡᠭᠯᠡᠯ ᠠᠯᠠᠭ᠎ᠠ᠃ ᠬᠡᠪᠠᠴᠤ ᠬᠠᠭᠤᠴᠢ ᠰᠤᠳᠤᠯᠤᠬᠴᠢᠳ ᠯᠢᠶᠣᠤ | ᠤᠯᠤᠰ ᠤᠨ ᠲᠡᠭᠡᠳᠤ ᠨᠡᠶᠢᠰᠯᠡᠯ ᠤᠨ ᠬᠢᠳᠠᠳ ᠬᠤᠳᠠ ᠠᠴᠠ ᠪᠤᠭᠤᠳᠠᠢ᠂ ᠰᠠᠭᠠᠭ᠂ ᠬᠤᠨᠤᠭ ᠠᠮᠤ ᠤᠯᠤᠬᠰᠡᠨ | ᠪᠠᠶᠢᠳᠠᠭ᠃ ᠡᠨᠡ ᠨᠢ ᠲᠠᠷᠤᠢ ᠰᠠᠭᠠᠭ ᠤᠨ ᠭᠤᠯᠢᠷ ᠢᠳᠡᠵᠦ ᠪᠠᠶᠢᠬᠰᠡᠨ ᠤ ᠭᠡᠷᠡᠴᠢ ᠮᠦᠨ᠃ ᠪᠤᠳᠤᠬᠤ ᠳᠤ ᠲᠡᠬᠦᠪᠡᠷ | ᠪᠤᠭᠤᠷᠰᠤᠭ ᠬᠠᠭᠠᠷᠢᠵᠤ ᠢᠳᠡᠬᠦ ᠪᠤᠶᠤ ᠮᠢᠬᠠᠨ ᠱᠦᠯᠤᠨ ᠳᠡᠭᠡᠨ ᠲᠠᠰᠤᠯᠵᠤ ᠱᠦᠯᠤ ᠲᠠᠢ ᠭᠤᠯᠢᠷ ᠬᠤᠭᠤᠯᠠ ᠪᠤᠯᠭᠠᠨ | ᠢᠳᠠᠵᠤ ᠪᠠᠶᠢᠬᠰᠡᠨ ᠪᠠᠶᠢᠬᠤ ᠡ᠃ ᠤᠴᠢᠷ ᠨᠢ ᠬᠢᠳᠠᠨᠴᠤᠳ ᠤᠨ ᠢᠳᠡᠬᠡᠨ ᠤᠮᠳᠠᠭᠠᠨ ᠤ ᠵᠠᠩ ᠦᠢᠯᠡ ᠣᠳᠣ ᠶᠢᠨ | ᠵᠡᠬᠦᠨ ᠮᠤᠩᠭᠤᠯᠴᠤᠳ ᠤᠨ ᠵᠠᠩ ᠤᠶᠢᠯᠡ ᠲᠠᠢ ᠶᠡᠭᠡ ᠲᠤᠬᠢᠷᠠᠯᠴᠠᠳᠠᠭ ᠤᠨᠴᠠᠯᠢᠭ ᠲᠠᠢ᠂ ᠵᠡᠬᠦᠨ ᠮᠤᠩᠭᠤᠯᠴᠤᠳ | ᠰᠠᠭᠠᠭ ᠤᠨ ᠭᠤᠯᠢᠷ ᠢ ᠢᠩᠬᠢᠵᠤ ᠢᠳᠡᠳᠡᠭ᠃ ᠡᠨᠡ ᠨᠢ ᠬᠢᠳᠠᠨᠴᠤᠳ ᠤᠨ ᠰᠠᠭᠠᠭ ᠤᠨ ᠭᠤᠯᠢᠷ ᠢ ᠢᠩᠬᠢᠵᠤ | ᠪᠠᠵᠠᠭᠠᠵᠤ ᠢᠳᠠᠵᠤ ᠪᠠᠶᠢᠬᠰᠡᠨ ᠢ ᠲᠠᠮᠤ ᠪᠠᠷ ᠬᠡᠷᠡᠴᠢᠯᠠᠵᠤ ᠪᠤᠢ᠃ | ᠬᠢᠳᠠᠨᠴᠤᠳ ᠤᠨ ᠲᠠᠪᠤᠨ ᠰᠠᠷ᠎ᠠ ᠶᠢᠨ ᠰᠢᠨ᠎ᠠ ᠶᠢᠨ ᠲᠠᠪᠤᠨ ᠳᠤ ᠢᠳᠡᠳᠡᠭ ᠪᠤᠬᠠᠰ ︵渤海︶ ᠤᠨ ᠠᠬᠢ ᠶᠢᠨ | ᠪᠤᠭᠤᠷᠰᠤᠭ ᠭᠡᠳᠡᠭ ᠨᠢ ᠢᠰᠡᠭᠡᠭᠰᠡᠨ ᠰᠢᠯᠤᠬᠡᠢ ᠶᠢᠨ ᠭᠤᠯᠢᠷ ᠲᠤ ᠴᠢᠨᠠᠬᠰᠡᠨ ᠪᠤᠷᠴᠠᠭ ᠢ ᠪᠠᠭᠯᠠᠵᠤ ᠵᠢᠩᠨᠡᠭᠰᠡᠨ | ᠪᠦᠮᠪᠤᠭᠡᠯᠢᠭ ᠪᠤᠭᠤᠷᠰᠤᠭ ᠪᠤᠯᠤᠳᠠᠢ᠃ ᠡᠶᠢᠮᠤ ᠪᠤᠭᠤᠷᠰᠤᠭ ᠢ ᠵᠡᠬᠦᠨ ᠮᠤᠩᠭᠤᠯᠴᠤᠳ ᠣᠳᠤ ᠪᠤᠯᠳᠠᠯ᠎ᠠ ᠡᠷᠬᠢᠮ | ᠢᠳᠡᠬᠡᠨ ᠪᠤᠯᠭᠠᠨ ᠰᠢᠷ᠎ᠠ ᠲᠤᠰᠤᠨ ᠳᠤ ᠲᠦᠷᠤᠵᠤ ᠢᠳᠡᠳᠡᠭ᠃ ᠪᠤᠳᠤᠬᠤ ᠳᠤ ᠡᠨᠡ ᠬᠦ ᠤᠯᠠᠮᠵᠢᠯᠠᠯᠳᠤ | ᠪᠠᠵᠠᠭᠠᠯᠭᠠ ᠨᠢ ᠵᠡᠬᠦᠨ ᠮᠤᠩᠭᠤᠯᠴᠤᠳ ᠤᠨ ᠲᠤᠮᠳᠠ ᠬᠠᠳᠠᠭᠠᠯᠠᠬᠳᠠᠨ ᠦᠯᠡᠳᠡᠭᠰᠡᠨ ᠶᠤᠮ ᠪᠠᠶᠢᠨ᠎ᠠ᠃ | ᠨᠡᠬᠦᠳᠡᠯᠴᠢᠳ ᠨᠤᠭᠤᠭ᠎ᠠ ᠵᠢᠮᠢᠰ ᠢᠳᠡᠬᠦ ᠦᠬᠡᠢ ᠪᠢᠰᠢ᠂ ᠮᠦᠨ ᠢᠳᠡᠳᠡᠭ᠃ ᠮᠤᠩᠭᠤᠯᠴᠤᠳ ᠢᠶᠠᠷ ᠵᠢᠱᠢᠶᠡᠯᠡᠬᠦ | ᠳᠤ ᠬᠠᠯᠠᠭᠠᠢ᠂ ᠯᠤᠤᠯᠢ᠂ ᠬᠡᠷᠡᠰ᠂ ᠤᠰᠤᠨ ᠬᠠᠯᠠᠭᠠᠢ ᠮᠡᠳᠤᠰ ᠢᠶᠠᠷ ᠨᠤᠭᠤᠭ᠎ᠠ ᠭᠠᠷᠭᠠᠵᠤ ᠢᠳᠡᠳᠡᠭ ᠪᠦᠬᠡᠳ ᠦᠷᠢᠯ | ᠂ ᠮᠤᠶᠢᠯ᠂ ᠤᠯᠠᠭᠠᠨ᠎ᠠ ᠲᠤᠯᠤᠭᠠᠨ᠎ᠠ ᠁ ᠬᠡᠬᠦ ᠮᠡᠳᠤ ᠢᠳᠠᠵᠤ ᠪᠤᠯᠳᠠᠭ ᠬᠡᠬᠡᠷ᠎ᠠ ᠶᠢᠨ ᠵᠢᠮᠢᠰ ᠢ ᠴᠦᠮ ᠢᠳᠡᠳᠡᠭ | ᠃ ᠬᠢᠳᠠᠨᠴᠤᠳ ᠴᠦ ᠪᠠᠰᠠ ᠡᠶᠢᠮᠤ ᠤᠯᠠᠮᠵᠢᠯᠠᠯ ᠪᠠᠶᠢᠵᠤ ᠪᠠᠶᠢᠵᠡᠢ᠃ ᠶᠧ ᠯᠦᠩ ᠯᠢ ᠶᠢᠨ ︽ᠬᠢᠳᠠᠨ ᠤᠯᠤᠰ ᠤᠨ | ᠲᠤᠪᠴᠢᠶᠠᠨ︾ ᠭᠡᠬᠦ ᠨᠤᠮ ᠳᠤ ᠯᠢᠶᠣᠤ ᠤᠯᠤᠰ ᠠᠴᠠ ᠰᠦᠩ ᠤᠯᠤᠰ ᠲᠤ ᠪᠡᠯᠩ ᠪᠤᠯᠭᠠᠨ ᠬᠦᠷᠭᠡᠵᠤ ᠪᠠᠶᠢᠬᠰᠡᠨ | ᠵᠤᠶᠢᠯᠡᠰ ᠲᠤ᠄ ︽ᠪᠠᠯ ᠳᠤ ᠲᠠᠷᠤᠵᠤ ᠬᠠᠳᠠᠭᠠᠬᠰᠡᠨ ᠠᠭᠤᠯᠠ ᠶᠢᠨ ᠵᠢᠮᠢᠰ ᠠᠷᠪᠡᠨ ᠠᠯᠢᠮ᠎ᠠ ᠶᠢᠨ ᠡᠭᠡᠳᠡᠭ ᠰᠠᠪᠠ᠂ | ᠪᠠᠯ ᠳᠤ ᠲᠠᠷᠤᠬᠰᠡᠨ ᠠᠭᠤᠯᠠ ᠶᠢᠨ ᠵᠢᠮᠢᠰ ᠠᠷᠪᠠᠨ ᠰᠠᠪᠡᠭ᠂ ᠠᠭᠤᠯᠠ ᠶᠢᠨ ᠠᠯᠢᠮ᠎ᠠ ᠱᠠᠪᠳᠠᠯ᠎ᠠ ᠲᠦᠷᠪᠡᠨ ᠰᠠᠪᠡᠭ᠂ | ᠰᠢᠳ ᠲᠠᠤᠯᠡᠢ ᠶᠢᠨ ᠪᠦᠬᠡᠷ᠎ᠠ᠂ ᠰᠠᠮᠤᠷ ᠤᠯᠠᠭᠠᠨ᠎ᠠ᠂ ᠬᠦᠷᠡᠩ ᠤᠯᠠᠭᠠᠨ᠎ᠠ᠂ ᠯᠧᠩ ᠯᠢ ᠠᠯᠢᠮ᠎ᠠ᠂ ᠠᠯᠢᠮ᠎ᠠ ᠬᠠᠳ | ᠬᠤᠷᠢᠨ ᠠᠪᠳᠠᠷ᠎ᠠ᠂ ᠲᠤᠳᠤᠷᠭ᠎ᠠ ᠶᠢᠨ ᠭᠤᠯᠢᠷ ᠲᠠᠢ ᠬᠤᠯᠢᠵᠤ ᠨᠤᠬᠤᠬᠰᠡᠨ ᠪᠠᠴᠢᠯᠠᠬᠰᠡᠨ ᠮᠢ ᠯᠢ ᠠᠯᠢᠮ᠎ᠠ ︵面 | 粳糜梨糖︶ ᠶᠢᠨ ᠪᠠᠵᠠᠮᠠᠭ ᠠᠷᠪᠡᠨ ᠠᠶᠠᠭ᠎ᠠ ᠬᠡᠵᠤ ᠲᠠᠮᠳᠡᠭᠡᠯᠵᠤ ᠪᠤᠢ᠃ ᠡᠳᠡᠭᠡᠷ ᠭᠡᠭᠡᠷ᠎ᠠ ᠶᠢᠨ ᠵᠢᠮᠢᠰ | ᠴᠦᠮ ᠬᠢᠳᠠᠨ ᠤ ᠨᠤᠳᠤᠭ ᠲᠤ ᠤᠷᠭᠤᠳᠠᠭ᠂ ᠲᠡᠬᠦᠨ ᠢ ᠡᠨᠡ ᠮᠡᠳᠤ ᠲᠡᠬᠡᠳᠤ ᠬᠡᠮᠵᠢᠶ᠎ᠡ ᠪᠠᠷ ᠡᠳ᠋ᠰᠢᠬᠦᠯᠵᠤ | ᠪᠠᠶᠢᠬᠤ ᠠᠴᠠ ᠦᠵᠡᠪᠠᠯ ᠲᠡᠬᠦᠨ ᠢ ᠢᠳᠡᠬᠡᠨ ᠪᠤᠯᠭᠠᠨ ᠢᠳᠡᠭᠰᠡᠨ ᠲᠡᠤᠬᠡ ᠶᠡᠭᠡ ᠤᠷᠳᠤ ᠪᠠᠶᠢᠬᠰᠡᠨ ᠳᠠᠭᠠᠨ | ᠲᠠᠭᠠᠷᠠᠨ᠎ᠠ᠃ ᠡᠶᠢᠮᠤ ᠠᠴᠠ ᠬᠢᠳᠠᠨᠴᠤᠳ ᠤᠨ ᠤᠯᠠᠮᠵᠢᠯᠠᠯᠳᠣ ᠢᠳᠡᠬᠡᠨ ᠤᠮᠳᠠᠭᠠᠨ ᠳᠤ ᠭᠡᠭᠡᠷ᠎ᠠ ᠶᠢᠨ ᠵᠢᠮᠢᠰ | ᠪᠠᠶᠢᠵᠤ ᠪᠠᠶᠢᠯ᠎ᠠ ᠭᠡᠵᠤ ᠬᠡᠯᠡᠬᠦ ᠳᠤ ᠪᠤᠷᠤᠭᠤᠳᠠᠮᠠᠷ ᠵᠤᠶᠢᠯ ᠦᠬᠡᠢ᠃ ᠬᠢᠳᠠᠨᠴᠤᠳ ᠭᠡᠭᠡᠷ᠎ᠠ ᠶᠢᠨ ᠵᠢᠮᠢᠰ ᠢ ᠢᠳᠠᠵᠤ | ᠪᠠᠶᠢᠬᠰᠡᠨ ᠶᠤᠮ ᠪᠤᠯ ᠬᠡᠬᠡᠷ᠎ᠠ ᠶᠢᠨ ᠨᠤᠭᠤᠭ᠎ᠠ ᠶᠢ ᠢᠳᠠᠵᠤ ᠪᠠᠶᠢᠬᠰᠡᠨ ᠨᠢ ᠴᠤ ᠮᠡᠳᠠᠭᠡᠵᠢ ᠶᠢᠨ ᠬᠡᠷᠡᠭ᠃ ᠭᠡᠳᠠᠯ᠎ᠠ | ᠴᠤᠬᠤᠮ ᠶᠠᠮᠠᠷ ᠶᠠᠮᠠᠷ ᠬᠡᠬᠡᠷ᠎ᠠ ᠶᠢᠨ ᠨᠤᠭᠤᠭ᠎ᠠ ᠶᠢ ᠢᠳᠠᠵᠤ ᠪᠠᠶᠢᠬᠰᠡᠨ ᠲᠤᠬᠠᠢ ᠰᠤᠷᠪᠤᠯᠵᠢᠰ ᠲᠤ ᠲᠤᠳᠤᠷᠬᠠᠢ | ᠲᠠᠮᠳᠡᠭᠯᠡᠯ ᠪᠠᠶᠢᠬᠤ ᠦᠬᠡᠢ ᠂ ᠡᠶᠢᠮᠤ ᠠᠴᠠ ᠠᠳᠡ ᠶᠠᠭᠤ ᠶᠠᠭᠤ ᠬᠡᠵᠤ ᠲᠤᠳᠤᠷᠬᠠᠢ ᠬᠡᠯᠡᠬᠦ ᠶᠢᠨ ᠠᠷᠭ᠎ᠠ ᠦᠭᠡᠢ | ᠪᠠᠶᠢᠨ᠎ᠠ᠃ ᠭᠡᠪᠠᠴᠤ ᠮᠤᠩᠭᠤᠯᠴᠤᠳ ᠤᠨ ᠡᠷᠳᠠ ᠬᠠᠭᠤᠴᠢᠳ ᠲᠤ ᠢᠳᠠᠵᠤ ᠪᠠᠶᠢᠬᠰᠡᠨ ᠭᠡᠭᠡᠷ᠎ᠠ ᠶᠢᠨ ᠨᠤᠭᠤᠭ᠎ᠠ ᠲᠠᠢ | ᠵᠤᠶᠢᠴᠢᠯᠠᠵᠤ ᠦᠵᠡᠪᠠᠯ ᠭᠤᠭᠤᠳ᠂ ᠮᠡᠩᠬᠢᠷ᠂ ᠬᠦᠮᠡᠯᠢ᠂ ᠲᠤᠬᠳᠠᠳᠰᠤ ᠶᠢ ᠢᠳᠠᠵᠤ ᠪᠠᠶᠢᠯ᠎ᠠ ᠬᠡᠬᠦ ᠳᠤ ᠲᠡᠮᠢ | ᠪᠤᠷᠤᠭᠤᠳᠠᠮᠠᠷ ᠵᠤᠶᠢᠯ ᠦᠬᠡᠢ᠃ ᠤᠴᠢᠷ ᠨᠢ ᠡᠳᠡᠭᠡᠷ ᠭᠡᠭᠡᠷ᠎ᠠ ᠶᠢᠨ ᠨᠤᠭᠤᠭ᠎ᠠ ᠬᠢᠳᠠᠨᠴᠤᠳ ᠤᠨ ᠤᠨᠠᠭᠠᠨ ᠨᠤᠳᠤᠭ | ᠲᠤ ᠤᠳᠣ ᠪᠤᠯᠳᠠᠯ᠎ᠠ ᠤᠷᠭᠤᠬᠰᠠᠭᠠᠷ ᠪᠠᠶᠢᠬᠤ ᠳᠤ ᠤᠷᠤᠰᠢᠨ᠎ᠠ᠃ | ᠬᠢᠳᠠᠨᠴᠤᠳ ᠤᠨ ᠤᠯᠠᠮᠵᠢᠯᠠᠯᠳᠤ ᠢᠳᠡᠬᠡᠨ ᠤᠮᠳᠠᠭᠠᠨ ᠢ ᠨᠠᠷᠢᠪᠴᠢᠯᠠᠨ ᠰᠢᠨᠵᠢᠯᠡᠵᠦ ᠦᠵᠡᠪᠠᠯ | ᠴᠢᠯᠤᠬᠡᠯᠡᠭᠳᠡᠬᠦ ᠠᠴᠠ ᠡᠮᠤᠨ᠎ᠠ ᠵᠡᠬᠦᠨ ᠮᠤᠩᠭᠤᠯ ᠤᠨ ᠢᠳᠡᠬᠡᠨ ᠤᠮᠳᠠᠭᠠᠨ ᠤ ᠵᠠᠩᠰᠢᠯ ᠲᠠᠢ ᠡᠭᠡᠭᠡ ᠠᠳᠠᠯᠢ ᠪᠠᠶᠢᠨ᠎ᠠ᠃ | ᠤᠯᠠᠭᠠᠨ ᠢᠳᠡᠬᠡᠨ ᠢ ᠪᠠᠵᠠᠭᠠᠬᠤ ᠨᠢ ᠪᠦᠬᠦ ᠮᠤᠩᠭᠤᠯᠴᠤᠳ ᠲᠠᠢ ᠶᠠᠭ ᠠᠳᠠᠯᠢ᠃ ᠮᠤᠩᠭᠤᠯ᠂ ᠰᠢᠯᠤᠬᠡᠢ᠂ ᠰᠠᠭᠠᠭ ᠢ | ᠨᠠᠮᠤᠬᠯᠠᠵᠤ ᠲᠠᠷᠢᠬᠤ᠂ ᠮᠤᠩᠭᠤᠯ ᠠᠮᠤ ᠶᠢ ᠬᠠᠭᠤᠷᠴᠤ ᠢᠳᠡᠬᠦ᠂ ᠮᠤᠩᠭᠤᠯ ᠠᠮᠤ ᠪᠠᠷ ᠬᠦᠰᠬᠦᠯᠡᠭᠰᠡᠨ ᠴᠠᠭ᠎ᠠ | ᠲᠠᠪᠤᠰᠤ ᠲᠠᠢ ᠰᠢᠩᠬᠡᠨ ᠪᠤᠳᠠᠭ᠎ᠠ ᠴᠢᠨᠠᠵᠤ ᠢᠳᠡᠬᠦ᠂ ᠰᠢᠯᠤᠬᠡᠢ ᠶᠢᠨ ᠭᠤᠯᠢᠷ ᠢᠶᠠᠷ ᠪᠤᠭᠤᠷᠰᠤᠭ ᠬᠠᠭᠠᠷᠢᠵᠤ᠂ | ᠪᠤᠭᠤᠷᠰᠤᠭ ᠵᠢᠩᠨᠡᠵᠤ ᠢᠳᠡᠬᠦ ᠨᠢ ᠴᠦᠮ ᠵᠡᠬᠦᠨ ᠮᠤᠩᠭᠤᠯᠴᠤᠳ ᠤᠨ ᠬᠢ ᠲᠠᠢ ᠠᠪ ᠠᠳᠠᠯᠢ ᠪᠠᠶᠢᠨ᠎ᠠ᠃ | ᠭᠡᠭᠡᠷ᠎ᠠ ᠶᠢᠨ ᠨᠤᠭᠤᠭ᠎ᠠ ᠳᠡᠭᠦᠵᠤ ᠢᠳᠡᠬᠦ᠂ ᠭᠡᠭᠡᠷ᠎ᠠ ᠶᠢᠨ ᠵᠢᠮᠢᠰ ᠢ ᠳᠡᠬᠦᠵᠤ ᠢᠳᠡᠬᠦ ᠪᠠ ᠭᠡᠭᠡᠷ᠎ᠠ ᠶᠢᠨ ᠵᠢᠮᠢᠰ ᠢ | ᠡᠳ᠋ᠰᠢᠬᠦᠯᠬᠦ ᠨᠢ ᠮᠦᠨ ᠵᠡᠬᠦᠨ ᠮᠤᠩᠭᠤᠯᠴᠤᠳ ᠤᠨ ᠬᠢ ᠲᠠᠢ ᠠᠳᠠᠯᠢ ᠪᠠᠶᠢᠨ᠎ᠠ᠃ | ᠡᠬᠦᠨ ᠠᠴᠠ ᠪᠢᠳᠠ᠂ ᠬᠢᠳᠠᠨᠴᠤᠳ ᠬᠢᠭᠡᠳ ᠮᠤᠩᠭᠤᠯᠴᠤᠳ ᠤᠨ ᠢᠳᠡᠬᠡᠨ ᠤᠮᠳᠠᠭᠠᠨ ᠤ ᠰᠤᠶᠤᠯ ᠡᠬᠦᠰᠤᠯ | ᠭᠠᠷᠤᠯ ᠤᠨ ᠲᠠᠯ᠎ᠠ ᠪᠠᠷ ᠦᠨᠳᠤᠰᠤ ᠨᠢᠭᠡᠳᠠᠢ ᠪᠦᠭᠡᠳ ᠤᠯᠠᠮᠵᠢᠯᠠᠯ ᠵᠠᠯᠭᠠᠮᠵᠢᠯᠠᠯ ᠤᠨ ᠬᠠᠷᠢᠴᠠᠭ᠎ᠠ ᠲᠠᠢ ᠭᠡᠳᠡᠭ ᠢ | ᠮᠠᠳᠡᠵᠤ ᠪᠤᠯᠤᠨ᠎ᠠ᠃ | | |