ᠭᠢᠳᠠᠨᠴᠤᠳ ᠤᠨ ᠬᠠᠨᠢ ᠨᠦᠬᠦᠷ — ᠠᠪᠠ ᠶᠢᠨ ᠨᠣᠬᠠᠢ | | ᠭᠢᠳᠠᠨ ᠦᠨᠳᠦᠰᠦᠲᠡᠨ ᠪᠣᠯ ᠮᠠᠨ ᠤ ᠤᠯᠤᠰ ᠤᠨ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠨᠢᠭᠡ | ᠪᠣᠯᠤᠨ᠎ᠠ᠃ ᠭᠢᠳᠠᠨᠴᠤᠳ ᠡᠯᠡᠰᠦ ᠮᠠᠩᠬ᠎ᠠ ᠣᠢ ᠰᠢᠭᠤᠢ ᠲᠠᠯ᠎ᠠ ᠨᠤᠲᠤᠭ ᠢᠶᠠᠷ ᠤᠷᠳᠤ ᠬᠤᠭᠤᠴᠠᠭ᠎ᠠ ᠣᠷᠤᠰᠢᠨ | ᠠᠮᠢᠳᠤᠷᠠᠵᠤ᠂ ᠳ᠋ᠦᠩᠬᠤ᠂ ᠰᠢᠶᠠᠨᠪᠢᠴᠤᠳ ᠤᠨ ᠡᠭᠦᠳᠦᠨ ᠪᠠᠶᠢᠭᠤᠯᠤᠭᠰᠠᠨ ᠲᠠᠯ᠎ᠠ ᠨᠤᠲᠤᠭ ᠤᠨ ᠰᠤᠶᠤᠯ ᠢ | ᠤᠯᠠᠮᠵᠢᠯᠠᠵᠤ ᠵᠠᠯᠭᠠᠮᠵᠢᠯᠠᠨ᠂ ᠡᠷᠲᠡ ᠳᠡᠭᠡᠳᠦ ᠠᠴᠠ ᠪᠠᠨ ᠠᠪᠤᠭᠠᠳ ᠨᠡᠭᠦᠳᠡᠯ ᠮᠠᠯᠵᠢᠯ ᠪᠠ ᠠᠪᠠ ᠠᠩᠨᠠᠯ ᠳᠤ | ᠲᠦᠰᠢᠭᠯᠡᠵᠦ ᠠᠮᠢᠳᠤᠷᠠᠭᠰᠠᠭᠠᠷ ᠢᠷᠡᠵᠡᠢ᠃ ︽ᠯᠢᠶᠤᠤ ᠤᠯᠤᠰ ᠤᠨ ᠰᠤᠳᠤᠷ︾ ︵︽辽史︾︶ 32 ᠳ᠋ᠤᠭᠠᠷ | ᠪᠣᠳᠢ ︽ᠰᠠᠭᠤᠷᠢᠨ ᠬᠠᠮᠠᠭᠠᠯᠠᠯᠲᠠ ᠶᠢᠨ ᠲᠡᠮᠳᠡᠭᠯᠡᠯ ᠳᠤᠮᠳᠠᠳᠤ︾ ︵︽营卫志中︾︶ ᠳᠤ | ᠭᠢᠳᠠᠨᠴᠤᠳ ᠤᠨ ᠣᠷᠤᠰᠢᠨ ᠠᠮᠢᠳᠤᠷᠠᠵᠤ ᠪᠠᠶᠢᠭᠰᠠᠨ ᠪᠠᠶᠢᠭᠠᠯᠢ ᠶᠢᠨ ᠣᠷᠴᠢᠨ ᠲᠣᠭᠤᠷᠢᠨ ᠬᠢᠭᠡᠳ ᠭᠤᠣᠯ ᠪᠣᠯᠬᠤ | ᠠᠵᠤ ᠠᠬᠤᠢ ᠠᠮᠢᠳᠤᠷᠠᠯ ᠢ ︽᠁ ᠡᠯᠡᠰᠦ ᠮᠠᠩᠬᠠᠨ ᠤ ᠳᠤᠮᠳᠠ᠂ ᠬᠠᠬᠢᠷ ᠬᠦᠢᠲᠡᠨ ᠰᠠᠯᠬᠢ ᠪᠣᠷᠤᠭᠠᠨ ᠢ | ᠰᠥᠷᠦᠨ᠂ ᠮᠠᠯ ᠮᠠᠯᠵᠢᠬᠤ ᠪᠠ ᠠᠩ ᠠᠩᠨᠠᠨ᠂ ᠦᠰᠦᠲᠠᠢ ᠳᠡᠪᠡᠯ ᠢᠶᠠᠷ ᠬᠤᠪᠴᠠᠰᠤ ᠬᠢᠵᠦ᠂ ᠲᠡᠷᠭᠡ ᠤᠨᠤᠭ᠎ᠠ ᠪᠠᠷ | ᠭᠡᠷ ᠣᠷᠣᠨ ᠢᠶᠠᠨ ᠪᠣᠯᠭᠠᠵᠠᠢ︾ ᠭᠡᠵᠦ ᠲᠡᠮᠳᠡᠭᠯᠡᠵᠦ ᠪᠣᠢ᠃ ᠪᠠᠰᠠ ᠲᠤᠰ ᠰᠤᠳᠤᠷ ᠤᠨ ︽ᠬᠦᠨᠡᠰᠦ ᠪᠠᠷᠠᠭ᠎ᠠ ᠶᠢᠨ | ᠲᠡᠮᠳᠡᠭᠯᠡᠯ︾ ︵ ︽食货志︾︶ ᠳᠤ᠄ ︽ᠡᠷᠲᠡᠨ ᠤ ᠭᠢᠳᠠᠨᠴᠤᠳ ᠠᠪᠠ ᠠᠩᠨᠠᠯ ᠢᠶᠠᠷ ᠡᠳᠦᠷ ᠲᠣᠳᠣᠮ ᠤᠨ | ᠠᠮᠢᠳᠤᠷᠠᠯ ᠳᠤ ᠬᠡᠷᠡᠭᠰᠡᠬᠦ ᠵᠦᠢᠯ ᠢᠶᠠᠨ ᠬᠠᠩᠭᠠᠵᠤ ᠪᠠᠶᠢᠵᠠᠢ︾ ᠭᠡᠵᠦ ᠲᠡᠮᠳᠡᠭᠯᠡᠵᠡᠢ᠃ ᠡᠭᠦᠨ ᠠᠴᠠ ᠦᠵᠡᠬᠦ ᠳᠤ᠂ | ᠠᠩᠨᠠᠬᠤ ᠦᠢᠯᠡᠳᠪᠦᠷᠢᠯᠡᠯ ᠪᠣᠯ ᠲᠡᠳᠡᠨ ᠤ ᠪᠦᠬᠦᠶᠢᠯᠡ ᠠᠵᠤ ᠠᠬᠤᠢ ᠶᠢᠨ ᠠᠵᠢᠯᠯᠠᠭᠠᠨ ᠤ ᠭᠤᠣᠯ ᠴᠦᠮ᠎ᠡ ᠶᠢᠨ | ᠨᠢᠭᠡ ᠪᠠᠶᠢᠵᠠᠢ ᠭᠡᠳᠡᠭ ᠢ ᠮᠡᠳᠡᠵᠦ ᠪᠣᠯᠤᠨ᠎ᠠ᠃ | ᠯᠢᠶᠤᠤ ᠤᠯᠤᠰ ᠤᠨ ᠦᠶ᠎ᠡ ᠳᠤ᠂ ᠭᠢᠳᠠᠨᠴᠤᠳ ᠠᠪᠠ ᠠᠩᠨᠠᠯ ᠬᠢᠬᠦ ᠳᠡᠭᠡᠨ ᠨᠤᠮᠤ ᠰᠤᠮᠤ᠂ ᠬᠢᠲᠤᠭ᠎ᠠ ᠰᠡᠯᠡᠮ᠎ᠡ᠂ | ᠵᠢᠳᠠᠨ ᠫᠤᠤ᠂ ᠰᠢᠳᠠᠮ ᠪᠤᠷᠤᠤᠬᠠᠢ᠂ ᠭᠢᠨᠵᠢ ᠪᠢᠯᠠᠭᠤ ᠵᠡᠷᠭᠡ ᠪᠠᠭᠠᠵᠢ ᠬᠡᠷᠡᠭᠰᠡᠯ ᠬᠡᠷᠡᠭᠯᠡᠬᠦ ᠠᠴᠠ ᠭᠠᠳᠠᠨ᠎ᠠ᠂ ᠮᠣᠷᠢ᠂ | ᠬᠠᠷᠴᠠᠭᠠᠢ᠂ ᠠᠪᠠ ᠶᠢᠨ ᠨᠣᠬᠠᠢ ᠵᠠᠷᠤᠵᠤ᠂ ᠡᠭᠦᠨ ᠳᠤ ᠣᠨᠴᠠᠭᠠᠶᠢᠯᠠᠨ ᠠᠪᠠ ᠶᠢᠨ ᠨᠣᠬᠠᠢ ᠶᠢ ᠢᠯᠡᠭᠦᠦ | ᠲᠦᠰᠢᠭᠯᠡᠵᠦ ᠪᠠᠶᠢᠵᠠᠢ᠃ ᠠᠪᠠ ᠶᠢᠨ ᠨᠣᠬᠠᠢ ᠶᠢᠨ ᠠᠪᠠ ᠠᠩᠨᠠᠯ ᠬᠢᠬᠦ ᠳᠤ ᠦᠵᠡᠭᠦᠯᠦᠭᠰᠡᠨ ᠴᠢᠬᠤᠯᠠ | ᠦᠢᠯᠡᠳᠦᠯ ᠤᠨ ᠲᠤᠬᠠᠢ ︽ᠯᠢᠶᠤᠤ ᠤᠯᠤᠰ ᠤᠨ ᠰᠤᠳᠤᠷ︾ ᠲᠤ ᠨᠡᠯᠢᠶᠡᠳ ᠣᠯᠠᠨ ᠲᠡᠮᠳᠡᠭᠯᠡᠭᠡᠰᠥᠲᠡᠢ᠃ | ᠵᠢᠱᠢᠶᠡᠯᠡᠪᠡᠯ᠂ ᠰᠢᠩᠽᠦ᠋ᠩ ᠬᠠᠭᠠᠨ ᠶᠧᠯᠢᠦᠢ ᠽᠥᠩ ᠵᠧᠨ ᠤ ᠴᠥᠩ ᠰᠢ ᠶᠢᠨ ᠬᠤᠷᠢᠨ ᠭᠤᠷᠪᠠᠳᠤᠭᠠᠷ ᠣᠨ ︵ | 1053 ᠣᠨ︶ ᠤ ᠶᠢᠰᠦᠨ ᠰᠠᠷ᠎ᠠ ᠳᠤ᠂ ︽ᠠᠪᠠ ᠠᠩᠨᠠᠯ ᠤᠨ ᠳᠤᠮᠳᠠ ᠭᠤᠷᠪᠠᠨ ᠪᠠᠷᠰ ᠳᠤᠷ ᠤᠴᠠᠷᠠᠨ᠂ | ᠠᠪᠠ ᠶᠢᠨ ᠨᠣᠬᠠᠢ ᠶᠢᠨ ᠬᠦᠴᠦᠨ ᠳᠤᠷ ᠪᠠᠷᠢᠪᠠ᠃︾ ᠭᠡᠵᠦ ᠲᠡᠮᠳᠡᠭᠯᠡᠵᠦ ᠪᠠᠶᠢᠬᠤ ᠪᠠᠷ ᠦᠵᠡᠬᠦ ᠳᠤ ᠡᠨᠡ ᠪᠣᠯ ᠨᠢᠭᠡ | ᠤᠳᠠᠭᠠᠨ ᠤ ᠬᠠᠭᠠᠨ ᠪᠡᠶ᠎ᠡ ᠪᠠᠷ ᠢᠶᠠᠨ ᠣᠷᠤᠯᠴᠠᠭᠰᠠᠨ ᠶᠡᠭᠡ ᠬᠦᠷᠢᠶ᠎ᠡ ᠠᠪᠠ ᠪᠣᠯᠤᠨ᠎ᠠ᠃ ︽ᠭᠤᠷᠪᠠᠨ ᠪᠠᠷᠰ ᠢ | ᠪᠠᠷᠢᠵᠤ︾ ᠳᠡᠶᠢᠯᠵᠦ ᠪᠠᠶᠢᠬᠤ ᠨᠢ ᠭᠤᠷᠪᠠ ᠲᠠᠪᠤᠨ ᠠᠪᠠ ᠶᠢᠨ ᠨᠣᠬᠠᠢ ᠪᠠᠶᠢᠭᠠᠳ ᠪᠦᠲᠦᠬᠦ ᠶᠠᠪᠤᠳᠠᠯ ᠯᠠᠪᠲᠠᠢ ᠪᠢᠰᠢ᠂ | ᠪᠣᠳᠤᠬᠤᠶ᠎ᠠ ᠲᠡᠷᠡ ᠭᠤᠷᠪᠠᠨ ᠪᠠᠷᠰ ᠨᠢ ᠨᠢᠭᠡ ᠰᠦᠷᠦᠭ ᠠᠪᠠ ᠶᠢᠨ ᠨᠣᠬᠠᠢ ᠳᠤ ᠳᠠᠪᠬᠤᠷ ᠳᠠᠪᠬᠤᠷ ᠪᠦᠰᠡᠯᠡᠭᠳᠡᠵᠦ᠂ | ᠡᠭᠡᠯᠵᠢᠯᠡᠨ ᠳᠠᠭᠠᠷᠢᠯᠲᠠ ᠬᠢᠬᠦ ᠪᠠᠷ ᠳᠠᠮᠵᠢᠭᠤᠯᠤᠨ᠂ ᠤᠷᠠᠵᠤ ᠰᠡᠭᠯᠡᠨ᠂ ᠭᠤᠷᠪᠠᠨ ᠪᠠᠷᠰ ᠢ ᠰᠢᠷᠬᠠᠳᠤᠭᠤᠯᠵᠤ ᠬᠦᠴᠦ | ᠲᠠᠮᠢᠷ ᠢ ᠨᠢ ᠪᠠᠷᠠᠭᠠᠭᠠᠳ ᠰᠠᠶ᠋ᠢ ᠪᠠᠷᠢᠵᠤ ᠳᠡᠶᠢᠯᠦᠭᠰᠡᠨ ᠪᠠᠶᠢᠳᠠᠯ ᠲᠠᠢ᠂ ᠡᠭᠦᠨ ᠠᠴᠠ ᠲᠤᠬᠠᠢ ᠶᠢᠨ ᠦᠶ᠎ᠡ ᠳᠤ | ᠠᠪᠠ ᠶᠢᠨ ᠨᠣᠬᠠᠢ ᠠᠪᠠ ᠠᠩᠨᠠᠯ ᠳᠤ ᠲᠤᠩ ᠶᠡᠭᠡ ᠦᠢᠯᠡᠳᠦᠯ ᠭᠠᠷᠭᠠᠵᠤ ᠪᠠᠶᠢᠵᠠᠢ ᠭᠡᠳᠡᠭ ᠢ ᠮᠡᠳᠡᠵᠦ ᠪᠣᠯᠤᠨ᠎ᠠ᠃ | ᠭᠢᠳᠠᠨᠴᠤᠳ ᠠᠪᠠ ᠶᠢᠨ ᠨᠣᠬᠠᠢ ᠰᠤᠩᠭᠤᠬᠤ ᠶᠢ ᠮᠠᠰᠢ ᠬᠦᠨᠳᠦᠳᠬᠡᠳᠡᠭ᠃ ᠵᠢᠷᠢᠮ ᠠᠶᠢᠮᠠᠭ ᠤᠨ ᠬᠦᠷᠢᠶ᠎ᠡ | ᠬᠤᠰᠢᠭᠤᠨ ᠤ ᠯᠢᠶᠤᠤ ᠶᠢᠨ ᠵᠢᠷᠭᠤᠳᠤᠭᠠᠷ ᠣᠩᠭᠤᠨ ᠤ ᠬᠠᠨᠠᠨ ᠵᠢᠷᠤᠭ ︽ᠶᠠᠪᠤᠵᠤ ᠰᠠᠭᠤᠬᠤ ᠵᠢᠷᠤᠭ︾ ︵出行 | 图︶ ᠳᠡᠭᠡᠷ᠎ᠡ ᠨᠢᠭᠡ ᠬᠦᠷᠡᠩ ᠨᠣᠬᠠᠢ ᠶᠢᠨ ᠬᠦᠷᠦᠭ ᠪᠠᠶᠢᠳᠠᠭ᠃ ᠡᠨᠡ ᠨᠣᠬᠠᠢ ᠨᠢ ᠬᠤᠩᠰᠢᠶᠠᠷ ᠤᠷᠲᠤ᠂ ᠬᠥᠯ | ᠤᠷᠲᠤ᠂ ᠨᠠᠷᠢᠬᠠᠨ ᠪᠡᠶ᠎ᠡ ᠲᠠᠢ᠂ ᠦᠵᠡᠭᠰᠡᠨ ᠪᠣᠯᠭᠠᠨ ᠳᠤ ᠨᠢᠭᠡ ᠵᠦᠢᠯ ᠤᠨ ᠬᠤᠷᠴᠠ ᠰᠡᠷᠭᠡᠭ ᠪᠦᠭᠡᠳ ᠲᠣᠭᠰᠢᠨ | ᠰᠢᠷᠦᠭᠦᠨ ᠭᠡᠰᠡᠨ ᠲᠦᠷᠦᠭᠳᠡᠯ ᠦᠭᠴᠦ᠂ ᠬᠦᠵᠦᠭᠦᠨ ᠳᠡᠭᠡᠨ ᠰᠢᠷ᠎ᠠ ᠥᠩᠭᠡ ᠶᠢᠨ ᠬᠦᠵᠦᠭᠦᠪᠴᠢ ᠵᠡᠭᠦᠨ᠂ ᠪᠡᠶ᠎ᠡ ᠨᠢ | ᠣᠩᠭᠤᠨ ᠤ ᠥᠷᠥᠭᠡ ᠤᠷᠤᠭᠤ ᠬᠠᠨᠳᠤᠵᠤ᠂ ᠬᠤᠶᠢᠰᠢ ᠡᠷᠭᠢᠨ ᠬᠠᠷᠠᠵᠤ ᠪᠠᠶᠢᠭ᠎ᠠ ᠳᠦᠷᠰᠦ ᠶᠢ ᠵᠢᠷᠤᠭᠯᠠᠵᠠᠢ᠃ | ᠱᠣᠣ ᠴᠢᠩ ᠯᠦᠩ ᠤᠨ ᠰᠣᠳᠤᠯᠤᠭᠰᠠᠨ ᠢᠶᠠᠷ᠂ ᠡᠨᠡ ᠨᠣᠬᠠᠢ ᠪᠣᠯ ᠭᠢᠳᠠᠨ ᠨᠣᠬᠠᠢ — ᠨᠠᠷᠢᠨ ᠦᠨᠳᠦᠷ ᠨᠣᠬᠠᠢ᠃ | ︽ᠭᠢᠳᠠᠨᠴᠤᠳ ᠤᠨ ᠤᠯᠤᠰ ᠤᠨ ᠣᠶᠢᠯᠠᠯᠭ᠎ᠠ︾ ᠳᠤ ᠲᠡᠮᠳᠡᠭᠯᠡᠵᠦ ᠪᠠᠶᠢᠬᠤ ᠪᠠᠷ ᠨᠠᠷᠢᠬᠠᠨ ᠦᠨᠳᠦᠷ ᠨᠣᠬᠠᠢ ᠪᠣᠯ | ᠭᠢᠳᠠᠨ ᠤ ᠪᠠᠶᠠᠳ ᠢᠵᠠᠭᠤᠷᠲᠠᠳ ᠲᠤᠬᠠᠢ ᠶᠢᠨ ᠦᠶ᠎ᠡ ᠳᠤ ᠡᠷᠭᠦᠨ᠎ᠡ ᠭᠤᠣᠯ ᠤᠨ ᠤᠷᠤᠰᠬᠠᠯ ᠳᠠᠭᠠᠤ ᠣᠷᠣᠨ ᠳᠤ | ᠠᠮᠢᠳᠤᠷᠠᠵᠤ ᠪᠠᠶᠢᠭᠰᠠᠨ ᠮᠣᠩᠭᠤᠯᠴᠤᠳ ᠠᠴᠠ ᠠᠪᠤᠭᠰᠠᠨ ᠰᠠᠶᠢᠨ ᠡᠭᠦᠯᠳᠡᠷ ᠤᠨ ᠨᠣᠬᠠᠢ ᠪᠣᠯᠤᠨ᠎ᠠ᠃ ᠪᠠᠰᠠ ᠱᠣᠣ | ᠭᠦᠸᠧ ᠲᠢᠶᠠᠨ ᠤ ︽ᠠᠤᠬᠠᠨ ᠬᠤᠰᠢᠭᠤᠨ ᠤ ᠯᠠᠮᠠ ᠶᠢᠨ ᠭᠤᠤ ᠳᠠᠬᠢ ᠯᠢᠶᠤᠤ ᠶᠢᠨ ᠣᠩᠭᠤᠨ ᠤ ᠬᠠᠨᠠᠨ ᠵᠢᠷᠤᠭ︾ | ᠭᠡᠬᠦ ᠵᠣᠬᠢᠶᠠᠯ ᠳᠤ ᠲᠠᠨᠢᠯᠴᠠᠭᠤᠯᠤᠭᠰᠠᠨ ᠢᠶᠠᠷ᠄ ᠲᠤᠰ ᠣᠩᠭᠤᠨ ᠤ ᠵᠡᠭᠦᠨ ᠬᠠᠨ᠎ᠠ ᠶᠢᠨ ︽ᠶᠠᠪᠤᠵᠤ ᠰᠠᠭᠤᠬᠤ ᠵᠢᠷᠤᠭ | ︾ ᠳᠡᠭᠡᠷ᠎ᠡ ᠨᠢᠭᠡᠨ ᠭᠦᠶᠦᠵᠦ ᠪᠠᠶᠢᠭ᠎ᠠ ᠴᠠᠭᠠᠨ ᠨᠣᠬᠠᠢ ᠵᠢᠷᠤᠵᠤ᠂ ᠭᠡᠳᠡᠰᠦ ᠨᠠᠷᠢᠨ᠂ ᠬᠥᠯ ᠤᠷᠲᠤ ᠪᠦᠭᠡᠳ ᠲᠣᠮᠣ | ᠪᠡᠶ᠎ᠡ ᠲᠠᠢ᠂ ᠠᠪᠠ ᠶᠢᠨ ᠨᠣᠬᠠᠢ ᠶᠢᠨ ᠲᠥᠷᠥᠯ ᠳᠤ ᠬᠠᠷᠢᠶᠠᠯᠠᠭᠳᠠᠨ᠎ᠠ᠃ ᠡᠨᠡ ᠨᠣᠬᠠᠢ ᠨᠢ ᠬᠦᠷᠢᠶ᠎ᠡ ᠬᠤᠰᠢᠭᠤᠨ ᠤ | ᠵᠢᠷᠭᠤᠳᠤᠭᠠᠷ ᠨᠣᠮᠧᠷᠲᠤ ᠯᠢᠶᠤᠤ ᠶᠢᠨ ᠣᠩᠭᠤᠨ ᠤ ᠬᠠᠨᠠᠨ ᠵᠢᠷᠤᠭ ᠳᠡᠭᠡᠷᠡᠬᠢ ᠬᠦᠷᠡᠩ ᠨᠣᠬᠠᠢ ᠲᠠᠢ ᠨᠡᠯᠢᠶᠡᠳ | ᠠᠳᠠᠯᠢ ᠪᠠᠶᠢᠵᠤ᠂ ᠮᠦᠨ ᠴᠦ ︽ᠨᠠᠷᠢᠨ ᠦᠨᠳᠦᠷ ᠨᠣᠬᠠᠢ︾ ᠳᠤ ᠬᠠᠷᠢᠶᠠᠯᠠᠭᠳᠠᠨ᠎ᠠ ᠭᠡᠵᠡᠢ᠃ | ᠲᠡᠥᠬᠡᠨ ᠰᠤᠳᠤᠷ ᠪᠢᠴᠢᠭ ᠲᠤ ᠭᠢᠳᠠᠨ ᠨᠤᠬᠠᠢ ᠶᠢᠨ ᠲᠤᠬᠠᠢ ᠲᠡᠮᠳᠡᠭᠯᠡᠯ ᠮᠤᠩ ᠦᠭᠡᠢ ᠣᠯᠠᠨ ᠪᠠᠶᠢᠭ᠎ᠠ | ᠪᠣᠯᠪᠠᠴᠤ ᠨᠠᠷᠢᠨ ᠲᠠᠶᠢᠯᠪᠦᠷᠢᠯᠠᠯ ᠲᠤᠶᠢᠯ ᠤᠨ ᠴᠥᠬᠡᠨ ᠶᠤᠮ᠃ ᠯᠢᠶᠤᠤ ᠶᠢᠨ ᠣᠩᠭᠤᠨ ᠤ ᠬᠠᠨᠠᠨ ᠵᠢᠷᠤᠭ ᠳᠡᠭᠡᠷ᠎ᠡ | ᠭᠢᠳᠠᠨ ᠨᠣᠬᠠᠢ ᠶᠢᠨ ᠳᠦᠷᠢ ᠲᠥᠯᠥᠪ ᠤᠨ ᠵᠢᠷᠤᠭᠯᠠᠯ ᠣᠯᠠᠨ ᠪᠠᠶᠢᠳᠠᠭ᠂ ᠭᠡᠪᠡᠴᠦ ᠴᠦᠮ ᠬᠠᠰᠢ ᠶᠠᠰᠢ ᠳᠦᠭᠦᠮ | ᠠᠪᠰᠠᠷ ᠪᠠᠶᠢᠳᠠᠭ᠃ ᠵᠣᠯ ᠢᠶᠠᠷ 2003 ᠣᠨ ᠤ 10 —11 ᠰᠠᠷ᠎ᠠ ᠶᠢᠨ ᠦᠶ᠎ᠡ ᠪᠠᠷ᠂ ᠰᠤᠳᠤᠯᠭᠠᠲᠠᠳ ᠠᠴᠠ | ᠭᠢᠳᠠᠨᠴᠤᠳ ᠤᠨ ᠳᠡᠭᠡᠳᠦᠰ ᠤᠨ ᠣᠩᠭᠤᠨ ᠤ ᠭᠠᠵᠠᠷ ᠳᠣᠣᠷ᠎ᠠ ᠬᠠᠭᠠᠰ ᠪᠣᠯᠠᠭᠳᠠᠵᠤ ᠪᠠᠶᠢᠭᠰᠠᠨ ᠴᠢᠯᠠᠭᠤᠨ ᠬᠦᠮᠦᠨ ᠢ | ᠴᠡᠪᠡᠷᠯᠡᠵᠦ ᠠᠷᠢᠯᠭᠠᠬᠤ ᠦᠶᠡᠰ᠂ ᠴᠢᠯᠠᠭᠤᠨ ᠬᠦᠮᠦᠨ ᠤ ᠪᠠᠷᠠᠭᠤᠨ ᠲᠠᠯ᠎ᠠ ᠶᠢᠨ 1.2 ᠮᠧᠲᠷ ᠵᠠᠢ ᠲᠠᠢ ᠭᠠᠵᠠᠷ | ᠳᠣᠣᠷ᠎ᠠ ᠠᠴᠠ ᠨᠢᠭᠡᠨ ᠴᠢᠯᠠᠭᠤᠨ ᠱᠤᠭᠤᠮᠠᠯ ᠬᠡᠪᠲᠡᠭᠡ ᠨᠣᠬᠠᠢ ᠢᠯᠡᠷᠡᠭᠦᠯᠪᠡ᠃ ᠡᠨᠡᠬᠦ ᠨᠣᠬᠠᠢ ᠨᠢ ᠲᠥᠭᠳᠦᠶᠢᠭ᠌ᠰᠡᠨ | ᠮᠠᠩᠨᠠᠢ ᠡᠷᠡᠶᠢᠭᠰᠡᠨ ᠨᠢᠳᠦ ᠲᠠᠢ᠂ ᠤᠷᠲᠤ ᠬᠤᠩᠰᠢᠶᠠᠷ ᠱᠤᠪᠤᠭᠤᠷ ᠴᠢᠬᠢ ᠲᠠᠢ᠂ ᠤᠷᠢᠳᠤ ᠬᠤᠶᠠᠷ ᠬᠥᠯ ᠢᠶᠠᠨ | ᠰᠣᠯᠪᠢᠴᠠᠨ ᠤᠷᠤᠭᠰᠢ ᠵᠢᠭᠢᠵᠦ᠂ ᠲᠣᠯᠤᠭᠠᠢ ᠪᠠᠨ ᠬᠤᠶᠠᠷ ᠬᠥᠯ ᠳᠡᠭᠡᠷ᠎ᠡ ᠪᠠᠨ ᠳᠡᠷᠡᠯᠡᠨ᠂ ᠵᠡᠭᠦᠨ ᠲᠠᠯ᠎ᠠ ᠪᠠᠷ ᠢᠶᠠᠨ | ᠬᠠᠵᠠᠭᠤᠯᠠᠨ ᠬᠡᠪᠲᠡᠵᠡᠢ᠃ ᠬᠦᠵᠦᠭᠦᠦ ᠴᠡᠭᠡᠵᠢᠨ ᠤ ᠬᠡᠰᠡᠭ ᠨᠢ ᠦᠷᠭᠡᠨ᠂ ᠭᠡᠳᠡᠰᠦ ᠪᠠᠷ ᠢᠶᠠᠨ ᠨᠠᠷᠢᠨ᠂ ᠬᠥᠯ | ᠤᠷᠲᠤ ᠬᠢᠮᠤᠰᠤ ᠨᠢ ᠬᠤᠷᠴᠠᠯᠢᠭ᠂ ᠤᠷᠲᠤ ᠰᠡᠭᠦᠯ ᠨᠢ ᠭᠤᠶ᠎ᠠ ᠶᠢ ᠨᠢ ᠳᠠᠭᠠᠭᠠᠳ ᠳᠣᠷᠤᠭᠰᠢ ᠤᠨᠵᠢᠵᠤ᠂ | ᠰᠡᠭᠦᠯ ᠤᠨ ᠦᠵᠦᠭᠦᠷ ᠤᠨ ᠬᠡᠰᠡᠭ ᠨᠢ ᠮᠣᠷᠤᠢ ︵ᠬᠡᠷᠪᠡ ᠰᠡᠭᠦᠯ ᠤᠨ ᠦᠵᠦᠭᠦᠷ ᠢ ᠨᠢ ᠠᠰᠬᠠᠨ ᠪᠣᠯᠭᠠᠪᠠᠯ ᠪᠠᠷᠤᠭ | 1.7 ᠮᠧᠲᠷ ᠤᠷᠲᠤ︶ ᠬᠠᠷᠠᠭᠳᠠᠨ᠎ᠠ᠃ ᠢᠳᠡ ᠬᠦᠴᠦ ᠲᠠᠢ ᠪᠡᠶ᠎ᠡ ᠪᠢᠷ᠎ᠠ ᠬᠢᠭᠡᠳ ᠤᠷᠲᠤ ᠬᠤᠩᠰᠢᠶᠠᠷ ᠬᠤᠷᠴᠠᠯᠢᠭ | ᠬᠢᠮᠦᠰᠤ ᠵᠡᠷᠭᠡ ᠣᠨᠴᠠᠯᠢᠭ ᠠᠴᠠ ᠨᠢ ᠭᠢᠳᠠᠨᠴᠤᠳ ᠤᠨ ᠠᠪᠠ ᠶᠢᠨ ᠨᠣᠬᠠᠢ ᠶᠢᠨ ᠬᠤᠷᠴᠠ ᠰᠡᠷᠭᠡᠭ ᠪᠦᠭᠡᠳ ᠲᠣᠭᠰᠢᠨ | ᠰᠢᠷᠦᠭᠦᠨ ᠰᠢᠨᠵᠢ ᠲᠡᠮᠳᠡᠭ ᠢ ᠣᠯᠵᠤ ᠬᠠᠷᠠᠬᠤ ᠪᠣᠯᠪᠠᠴᠤ ᠲᠡᠷᠡᠬᠦ ᠴᠠᠭᠠᠷᠢᠭᠯᠠᠵᠤ ᠬᠡᠪᠲᠡᠭᠰᠡᠨ ᠳᠦᠷᠢ ᠪᠠᠶᠢᠳᠠᠯ ᠨᠢ | ᠬᠦᠮᠦᠰ ᠲᠤ ᠪᠠᠰᠠ ᠨᠣᠮᠣᠬᠠᠨ ᠵᠥᠭᠡᠯᠡᠨ ᠡᠭᠡᠯᠢᠲᠠᠢ ᠬᠠᠷᠠᠭᠳᠠᠨ᠎ᠠ᠃ ᠡᠨᠡᠬᠦ ᠠᠪᠠ ᠶᠢᠨ ᠨᠣᠬᠠᠢ ᠶᠢᠨ ᠱᠤᠭᠤᠮᠠᠯ ᠨᠢ | ᠪᠠᠷᠤᠭ ᠶᠧᠯᠢᠦᠢ ᠠᠪᠤᠤᠵᠢ ᠶᠢᠨ ᠠᠮᠢᠳᠤ ᠰᠡᠷᠡᠭᠦᠨ ᠦᠶ᠎ᠡ ᠶᠢᠨ ᠬᠠᠶᠢᠷᠠᠲᠤ ᠨᠣᠬᠠᠢ ᠨᠢ ᠪᠠᠶᠢᠬ᠎ᠠ᠃ ᠲᠡᠷᠡ ᠨᠣᠬᠠᠢ | ᠲᠠᠶᠢᠽᠦ ᠬᠠᠭᠠᠨ ᠢ ᠳᠠᠭᠠᠵᠤ ᠭᠠᠳᠠᠭᠰᠢ ᠠᠶᠠᠯᠠᠨ᠂ ᠡᠵᠡᠨ ᠤ ᠪᠠᠨ ᠠᠮᠤᠷ ᠲᠥᠪᠰᠢᠨ ᠢ ᠪᠠᠲᠤᠯᠠᠬᠤ ᠶᠢᠨ ᠲᠥᠯᠥᠭᠡ᠂ | ᠬᠠᠮᠢᠭ᠎ᠠ ᠴᠦ ᠲᠥᠭᠡ ᠰᠠᠯᠤᠯ ᠦᠭᠡᠢ ᠳᠠᠭᠠᠳᠠᠭ︔ ᠬᠦᠷᠢᠶ᠎ᠡ ᠠᠪᠠ ᠬᠢᠬᠦ ᠦᠶ᠎ᠡ ᠳᠤ᠂ ᠶᠠᠮᠠᠷᠴᠤ ᠳᠣᠭᠰᠢᠨ | ᠰᠢᠷᠦᠭᠦᠨ ᠠᠷᠢᠶᠠᠲᠠᠨ ᠲᠠᠢ ᠤᠴᠠᠷᠠᠭᠰᠠᠨ ᠴᠦ ︽ᠡᠷᠡᠯᠬᠡᠭᠯᠡᠨ ᠪᠠᠶᠢᠯᠳᠤᠵᠤ︾᠂ ᠲᠡᠷᠢᠭᠦᠨ ᠭᠠᠪᠢᠶ᠎ᠠ ᠪᠠᠶᠢᠭᠤᠯᠳᠠᠭ | ᠪᠠᠶᠢᠨ᠎ᠠ᠃ ᠲᠢᠶᠠᠨ ᠰᠢᠶᠠᠨ ᠤ ᠲᠡᠷᠢᠭᠦᠨ ᠣᠨ ︵926 ᠣᠨ︶ ᠳᠤ ᠯᠢᠶᠤᠤ ᠲᠠᠶᠢᠽᠦ ᠬᠠᠭᠠᠨ ᠲᠡᠭᠷᠢ ᠳᠤ ᠬᠠᠯᠢᠵᠤ | ᠂ ᠲᠡᠭᠦᠨ ᠤ ᠬᠠᠶᠢᠷᠠᠲᠤ ᠨᠤᠬᠠᠢ ᠨᠢ ᠠᠪᠠ ᠠᠩᠨᠠᠯ ᠳᠤ ᠣᠷᠤᠯᠴᠠᠬᠤ ᠪᠠᠨ ᠪᠠᠶᠢᠵᠤ᠂ ᠡᠵᠡᠨ ᠤ ᠪᠠᠨ ᠣᠩᠭᠤᠨ ᠤ | ᠡᠮᠦᠨ᠎ᠡ ᠡᠳᠦᠷ ᠰᠦᠨᠢ ᠦᠭᠡᠢ ᠰᠠᠬᠢᠨ ᠬᠠᠮᠠᠭᠠᠯᠠᠵᠠᠢ᠃ ᠮᠢᠩᠭ᠎ᠠ ᠭᠠᠷᠤᠢ ᠵᠢᠯ ᠤᠨ ᠡᠮᠦᠨ᠎ᠡ ᠪᠦᠲᠦᠭᠡᠭᠳᠡᠭᠰᠡᠨ ᠡᠨᠡᠬᠦ | ᠴᠢᠯᠠᠭᠤᠨ ᠱᠤᠭᠤᠮᠠᠯ ᠬᠡᠪᠲᠡᠭᠡ ᠨᠣᠬᠠᠢ ᠶᠢᠨ ᠠᠮᠢᠳᠤ ᠳᠦᠷᠰᠦᠯᠢᠭ ᠳᠦᠷᠢ ᠳᠥᠷᠬᠦ ᠨᠢ ᠶᠧᠯᠢᠥᠢ ᠠᠪᠤᠤᠵᠢ ᠪᠠᠷ | ᠲᠦᠯᠦᠭᠡᠯᠡᠭᠦᠯᠦᠭᠰᠡᠨ ᠭᠢᠳᠠᠨᠴᠤᠳ ᠪᠣᠯᠤᠨ ᠠᠪᠠ ᠶᠢᠨ ᠨᠣᠬᠠᠢ ᠶᠢᠨ ᠬᠤᠭᠤᠷᠣᠨᠳᠤᠬᠢ ᠰᠠᠯᠵᠤ ᠪᠣᠯᠤᠰᠢ ᠦᠭᠡᠢ | ᠰᠡᠳᠬᠢᠯᠭᠡ ᠶᠢ ᠠᠮᠢᠯᠠᠭᠤᠯᠤᠨ ᠢᠯᠡᠷᠡᠭᠦᠯᠵᠡᠢ᠃ ᠭᠢᠳᠠᠨᠴᠤᠳ ᠠᠪᠠ ᠶᠢᠨ ᠨᠣᠬᠠᠢ ᠳᠤ ᠶᠡᠷᠦ ᠠᠴᠠ ᠪᠠᠨ ᠭᠦᠨ | ᠵᠤᠵᠠᠭᠠᠨ ᠬᠠᠶᠢᠷ᠎ᠠ ᠰᠡᠳᠬᠢᠯᠭᠡ ᠲᠠᠢ ᠪᠠᠶᠢᠵᠤ᠂ ᠲᠡᠳᠡᠨ ᠢ ᠥᠪᠡᠷ ᠤᠨ ᠢᠶᠠᠨ ᠦᠨᠡᠨᠴᠢ ᠬᠠᠨᠢ ᠨᠦᠬᠦᠷ ᠢᠶᠠᠷ ᠦᠵᠡᠳᠡᠭ | ᠪᠠᠶᠢᠨ᠎ᠠ᠃ | ᠶᠧᠯᠢᠦᠢ ᠠᠪᠤᠤᠵᠢ ᠨᠠᠰᠤ ᠨᠦᠭᠴᠢᠭᠰᠡᠨ ᠤ ᠳᠠᠷᠠᠭ᠎ᠠ᠂ ᠭᠢᠳᠠᠨᠴᠤᠳ ᠳᠤᠮᠳᠠᠳᠤ ᠣᠷᠣᠨ ᠤ ᠬᠢ ᠳᠠᠭᠤᠷᠢᠶᠠᠨ | ᠲᠡᠭᠦᠨ ᠳᠤ ᠭᠠᠵᠠᠷ ᠳᠣᠣᠷᠠᠬᠢ ᠣᠷᠳᠣ ᠬᠠᠷᠰᠢ ᠪᠠᠶᠢᠭᠤᠯᠵᠤ ᠥᠭᠪᠡ᠃ ᠭᠡᠪᠡᠴᠦ ᠭᠠᠵᠠᠷ ᠳᠡᠭᠡᠷ᠎ᠡ ᠣᠳᠣ ᠪᠣᠯᠲᠠᠯ᠎ᠠ | ᠳᠤᠮᠳᠠᠳᠤ ᠣᠷᠣᠨ ᠤ ᠬᠠᠭᠠᠨ ᠤ ᠣᠩᠭᠤᠨ ᠤ ᠬᠤᠶᠠᠷ ᠲᠠᠯ᠎ᠠ ᠪᠠᠷ ᠪᠠᠶᠢᠭᠤᠯᠤᠭᠰᠠᠨ ᠪᠢᠯᠢᠭᠲᠦ ᠭᠦᠷᠦᠭᠡᠰᠦ᠂ | ᠰᠠᠭᠤᠭ᠎ᠠ ᠠᠷᠰᠯᠠᠨ ᠮᠡᠲᠦ ᠶᠢᠨ ᠴᠢᠯᠠᠭᠤᠨ ᠬᠦᠷᠦᠭ ᠣᠯᠵᠤ ᠬᠠᠷᠠᠭᠳᠠᠭᠰᠠᠨ ᠦᠭᠡᠢ᠂ ᠬᠠᠷᠢᠨ ᠭᠢᠳᠠᠨᠴᠤᠳ | ᠴᠢᠯᠠᠭᠤ ᠪᠠᠷ ᠠᠪᠠ ᠶᠢᠨ ᠨᠣᠬᠠᠢ ᠶᠢᠨ ᠬᠦᠷᠦᠭ ᠱᠤᠭᠤᠵᠤ᠂ ᠯᠢᠶᠤᠤ ᠲᠠᠶᠢᠽᠦ ᠶᠢᠨ ᠣᠩᠭᠤᠨ ᠢ ᠰᠠᠬᠢᠭᠤᠯᠤᠭᠰᠠᠨ | ᠪᠠᠶᠢᠨ᠎ᠠ᠃ ᠡᠨᠡ ᠪᠣᠯ ᠳᠠᠷᠤᠢ ᠥᠪᠡᠷᠮᠢᠴᠡ ᠬᠡᠪ ᠨᠠᠮᠪᠠ ᠲᠠᠢ ᠯᠢᠶᠤᠤ ᠶᠢᠨ ᠲᠥᠷᠥ ᠶᠢᠨ ᠦᠶ᠎ᠡ ᠳᠠᠬᠢ | ᠭᠢᠳᠠᠨᠴᠤᠳ ᠤᠨ ᠨᠡᠭᠦᠳᠡᠯ ᠮᠠᠯᠵᠢᠯ ᠪᠠ ᠠᠩ ᠠᠩᠨᠠᠯ ᠤᠨ ᠰᠤᠶᠤᠯ ᠤᠨ ᠨᠢᠭᠡᠨ ᠭᠡᠷᠡᠯᠲᠦ ᠣᠳᠣᠨ ᠪᠣᠯᠤᠨ᠎ᠠ᠃ | | |