ᠱᠢᠷᠦ ᠬᠠᠳᠣᠨ | | | — ᠨᠤᠳᠤᠭ ᠤᠨ ᠪᠤᠷᠬᠠᠳ ᠢ ᠳᠣᠷᠠᠳᠬᠤ ᠳᠤ ᠪᠤᠳᠤᠯ ᠤᠨ ᠰᠠᠬᠢᠭᠤᠰᠣ ᠮᠦᠰᠢᠶᠡᠨ᠎ᠡ | | ᠦᠵᠡᠰᠬᠦᠯᠡᠩᠳᠣ ᠪᠠᠭᠠᠷᠢᠨ ᠨᠤᠳᠤᠭ ᠦᠯᠢᠬᠡᠷ ᠳᠣᠮᠤᠭ ᠤᠨ ᠳᠠᠯᠠᠢ ᠶᠤᠮ᠃ ᠠᠯᠢ ᠡᠷᠳᠡ 907 ᠣᠨ ᠳᠤ | ᠬᠢᠳᠡᠨ ᠦᠨᠳᠣᠰᠣᠳᠡᠨ ᠤ ᠶᠧᠯᠢᠤᠢ ᠠᠪᠤᠤᠵᠢ ᠬᠢᠳᠡᠨ ᠠᠶᠢᠮᠠᠭ ᠤᠨ ᠳᠦᠷᠦᠬᠦᠣ ᠪᠤᠯᠵᠤ ᠪᠡᠶ᠎ᠡ ᠪᠠᠨ ᠬᠠᠭᠠᠨ | ᠡᠷᠭᠦᠮᠵᠢᠯᠡᠭᠰᠡᠨ ᠠᠴᠠ ᠱᠢᠷᠤ ᠬᠠᠳᠣᠨ ᠤᠯᠤᠰ ᠤᠨ ᠨᠢᠬᠡᠳᠣᠬᠡᠷ ᠡᠬᠡ ᠪᠤᠯᠵᠠᠢ᠃ ᠬᠢᠳᠡᠨ ᠤ ᠳᠦᠷᠦ | ᠪᠠᠶᠢᠭᠤᠯᠤᠭᠳᠠᠮᠠᠭᠴᠠ ᠬᠠᠭᠠᠨ ᠤ ᠤᠳᠤᠮ ᠤᠭᠰᠠᠭ᠎ᠠ ᠢᠵᠠᠭᠤᠷᠳᠠᠳ ᠬᠢᠳᠡᠨ ᠤᠯᠤᠰ ᠢᠶᠠᠨ ᠪᠠᠬᠢᠵᠢᠬᠦᠯᠤᠨ | ᠪᠠᠶᠢᠭᠤᠯᠬᠤ ᠪᠤᠳᠤᠯᠭ᠎ᠠ ᠦᠬᠡᠢ᠃ ᠳᠣᠳᠣᠷ᠎ᠠ ᠵᠠᠭᠤᠷ᠎ᠠ ᠪᠠᠨ ᠬᠢᠮᠦᠷᠡᠯᠳᠣᠨ ᠳᠡᠮᠡᠴᠡᠯᠳᠦᠭᠰᠡᠨ ᠳᠤ ᠱᠢᠷᠤ ᠬᠠᠲᠤᠨ | ᠰᠠᠮᠪᠠᠭ᠎ᠠ ᠪᠤᠳᠤᠯ ᠤᠷᠠᠨ ᠠᠷᠭ᠎ᠠ ᠪᠠᠷ ᠢᠶᠠᠨ ᠳᠡᠳᠬᠦᠨ ᠵᠠᠰᠠᠭᠰᠠᠨ ᠬᠡᠳᠡᠭ ᠦᠯᠢᠬᠡᠷ ᠳᠣᠮᠤᠭ ᠪᠠᠶᠢᠳᠠᠭ᠃ ᠬᠢᠳᠡᠨ | ᠦᠨᠳᠣᠰᠣᠳᠡᠨ ᠠᠶᠢᠮᠠᠭ ᠤᠨ ᠳᠦᠷᠦᠬᠦᠤ ᠪᠠᠨ ᠭᠤᠷᠪᠠᠨ ᠵᠢᠯ ᠪᠤᠯᠪᠠᠯ ᠨᠢᠬᠡ ᠤᠳᠠᠭ᠎ᠠ ᠰᠣᠯᠢᠨ ᠠᠶᠢᠮᠠᠭ ᠤᠨ ᠡᠵᠡᠨ | ᠤ ᠡᠷᠳᠡᠨᠢ ᠶᠢᠨ ᠰᠠᠭᠤᠳᠠᠯ ᠳᠤ ᠡᠬᠡᠯᠵᠢᠯᠡᠨ ᠰᠠᠭᠤᠳᠠᠭ ᠪᠠᠶᠢᠵᠠᠢ᠃ ᠶᠧᠯᠢᠣᠢ ᠠᠪᠤᠤᠵᠠᠢ ᠵᠢᠷᠭᠤᠭᠠᠨ ᠵᠢᠯ ᠰᠠᠭᠤᠭᠠᠳ | ᠪᠠᠰᠠ ᠠᠶᠢᠮᠠᠭ ᠤᠨ ᠳᠦᠷᠦᠬᠦᠣ ᠶᠢᠨ ᠤᠷᠤ ᠪᠠᠨ ᠶᠡᠬᠦᠯᠡᠬᠦ ᠦᠬᠡᠢ ᠪᠠᠶᠢᠳᠠᠯ ᠳᠤ ᠬᠠᠭᠠᠨ ᠤ ᠣᠳᠣᠮ ᠣᠭᠰᠠᠭ᠎ᠠ᠂ | ᠪᠤᠰᠣᠳ ᠪᠦᠯᠦᠭ ᠤᠨ ᠬᠠᠨ ᠨᠠᠷ ᠳᠣᠩ ᠳᠣᠷ᠎ᠠ ᠦᠬᠡᠶᠢᠴᠡᠪᠡ᠃ 913 ᠤᠨ ᠳᠤ ᠠᠪᠤᠤᠵᠠᠢ ᠤᠮᠠᠷᠠᠰᠢ ᠳᠠᠶᠢᠯᠡᠷᠡ | ᠮᠤᠷᠳᠠᠭᠰᠠᠨ ᠢ ᠳᠠᠯᠢᠮᠳᠠᠭᠤᠯᠤᠨ ᠠᠶᠢᠮᠠᠭ ᠤᠨ ᠡᠵᠡᠨ ᠤ ᠠᠯᠳᠠᠨ ᠳᠢᠳᠢᠮ ᠳᠤ ᠭᠤᠷᠢᠯᠡᠵᠤ ᠪᠠᠶᠢᠭᠰᠠᠨ ᠠᠪᠤᠤᠵᠢ ᠶᠢᠨ | ᠳᠡᠬᠦᠣ ᠰᠡᠭᠡ ︵ ᠪᠠᠰᠠ ᠠᠯᠠᠭ ᠬᠡᠰᠡᠨ ᠨᠠᠷᠠ ᠲᠠᠢ︶ ᠵᠡᠷᠬᠡ ᠳᠡᠬᠦᠣ ᠨᠡᠷ ᠨᠢ ᠪᠤᠰᠣᠳ ᠤᠨ ᠦᠳᠣᠬᠡᠯᠬᠡ ᠳᠣᠣᠷ᠎ᠠ | ᠳᠡᠬᠡᠳᠣ ᠨᠠᠶᠢᠰᠯᠡᠯ ᠤᠨ ᠬᠠᠭᠠᠨ ᠤ ᠬᠤᠳᠠ ︵ᠯᠢᠨᠳᠦ᠋ᠩ ᠤᠨ ᠡᠮᠣᠨᠡᠬᠢ ᠬᠠᠭᠤᠴᠢᠨ ᠬᠤᠳᠠ ᠶᠢᠨ ᠪᠠᠭᠤᠷᠢ︶ ᠶᠢᠨ | ᠡᠮᠤᠨ᠎ᠡ᠂ ᠬᠠᠭᠠᠨ ᠤ ᠳᠠᠪᠤᠨ ᠬᠤᠰᠢᠭᠤᠳᠣ ᠳᠤᠭ ᠢ ᠪᠤᠯᠢᠶᠠᠨ᠂ ᠬᠠᠭᠠᠨ ᠤ ᠤᠷᠳᠣᠨ ᠤ ᠡᠮᠤᠨ᠎ᠡ ᠬᠠᠷᠰᠢ ᠶᠢ | ᠭᠠᠯᠳᠠᠵᠤ ᠣᠷᠪᠠᠯᠭ᠎ᠠ ᠭᠠᠷᠭᠠᠭᠰᠠᠨ ᠳᠤ ᠯᠦᠩ ᠮᠸᠢ ᠭᠦᠩ ︵ᠬᠠᠭᠠᠨ ᠤ ᠬᠤᠳᠠᠨ ᠤ ᠣᠮᠠᠷᠠᠳᠣ ᠬᠡᠰᠡᠭ ᠲᠤ | ᠪᠠᠶᠢᠵᠠᠢ︶ ᠳᠤ ᠰᠠᠭᠠᠳᠠᠵᠤ ᠠᠭᠰᠠᠨ ᠱᠢᠷᠤ ᠬᠠᠳᠣᠨ ᠦᠪᠡᠷ ᠤᠨ ᠰᠢᠳᠡᠷ ᠵᠠᠩᠵᠤᠨ ᠶᠧᠯᠢᠤᠢ ᠭᠧᠯᠤ ᠪᠠᠷ ᠴᠡᠷᠢᠭ | ᠢᠶᠠᠨ ᠵᠠᠬᠢᠷᠤᠭᠤᠯᠵᠤ ᠦᠪᠡᠷ ᠤᠨ ᠪᠡᠶ᠎ᠡ ᠪᠠᠷ ᠢᠶᠠᠨ ᠪᠠᠭᠠᠳᠣᠷᠯᠢᠭ ᠪᠠᠶᠢᠯᠳᠣᠵᠤ ᠪᠤᠰᠣᠯᠭᠠ ᠶᠢᠨ ᠴᠡᠷᠢᠭ ᠢ ᠬᠠᠭᠠᠨ ᠤ | ᠬᠤᠳᠠᠨ ᠠᠴᠠ ᠦᠯᠳᠡᠨ ᠭᠠᠷᠭᠠᠵᠤ ᠬᠠᠭᠠᠨ ᠵᠠᠰᠠᠭ ᠤᠨ ᠰᠠᠭᠤᠷᠢᠨ ᠭᠠᠵᠠᠷ ᠢ ᠨᠢᠬᠡ ᠣᠳᠠᠭᠠᠨ ᠤ ᠬᠦᠨᠳᠣ ᠬᠡᠴᠡᠬᠦᠤ | ᠠᠶᠤᠯ ᠠᠴᠠ ᠬᠡᠯᠳᠣᠷᠢᠬᠦᠯᠦᠨ ᠬᠤᠳᠠᠯᠠ ᠣᠯᠠᠨ ᠤ ᠪᠠᠨ ᠬᠦᠨᠳᠣᠳᠬᠡᠯ ᠪᠢᠰᠢᠷᠡᠯ ᠢ ᠨᠡᠩ ᠬᠦᠨ ᠤᠯᠤᠭᠰᠠᠨ ᠬᠡᠨ᠎ᠡ᠃ | ᠠᠪᠤᠤᠵᠢ ᠬᠠᠭᠠᠨ ᠪᠤᠴᠠᠵᠤ ᠢᠷᠡᠬᠡᠳ ᠪᠤᠰᠣᠯᠭᠠ ᠭᠠᠷᠭᠠᠭᠰᠠᠨ ᠰᠡᠭᠡ ᠵᠡᠷᠬᠡ ᠸᠠᠩ ᠨᠡᠷ ᠢ ᠴᠢᠨ᠋ᠸ᠎ᠠ ᠶᠢᠨ ᠭᠤᠤᠯ ︵ | ᠦᠯᠵᠡᠶᠢᠮᠦ᠋ᠷᠡᠨ︶ ᠤᠨ ᠬᠦᠪᠡᠬᠡᠨ ᠳᠤ ᠪᠡᠷᠢᠪᠴᠢᠯᠡᠨ ᠠᠯᠠᠵᠠᠢ ᠬᠡᠳᠡᠭ᠃ | ᠱᠧᠨ ᠽᠧ ᠶᠢᠨ ᠠᠩᠬᠠᠳᠠᠭᠴᠢ ᠣᠨ ︵916 ᠣᠨ ᠳᠤ︶ ᠬᠢᠳᠡᠨ ᠤ ᠨᠦᠬᠦᠬᠡ ᠳᠣᠯᠣᠭᠠᠨ ᠪᠦᠯᠦᠭ ᠤᠨ | ᠡᠵᠡᠳ ᠬᠤᠭᠤᠷᠤᠨᠳᠣ ᠪᠠᠨ ᠰᠦᠯᠪᠡᠬᠡᠯᠳᠣᠵᠤ᠂ ᠠᠪᠤᠤᠵᠠᠢ ᠶᠢ ᠬᠤᠤᠷᠯᠡᠬᠤ ᠪᠠᠷ ᠤᠪ ᠶᠠᠪᠤᠭᠤᠯᠭ᠎ᠠ ᠬᠢᠯ᠎ᠠ ᠬᠡᠨ᠎ᠡ᠃ | ᠡᠬᠦᠨ ᠳᠤ ᠨᠡᠪᠳᠡ ᠮᠡᠳᠡᠭᠰᠡᠨ ᠱᠢᠷᠤ ᠬᠠᠳᠣᠨ ᠠᠪᠤᠤᠵᠢ ᠳᠤ ︽ᠳᠣᠯᠣᠭᠠᠨ ᠬᠠᠨ ᠢ ᠣᠷᠳᠣᠨ ᠳᠤ ᠪᠠᠨ ᠵᠡᠯᠡᠵᠤ | ᠬᠡᠷᠡᠭ ᠵᠦᠪᠳᠡᠯᠴᠡᠬᠦ ᠵᠠᠭᠤᠷ᠎ᠠ ᠰᠢᠢᠳᠪᠤᠷᠢᠯᠡᠬᠦ︾ ᠠᠷᠭ᠎ᠠ ᠶᠢ ᠡᠷᠬᠦᠭᠰᠡᠨ ᠳᠤ ᠬᠠᠭᠠᠨ ᠡᠵᠡᠨ ᠠᠴᠠ ᠠᠶᠢᠮᠠᠭ ᠤᠨ | ᠡᠵᠡᠨ ᠤ ᠤᠷᠤᠨ ᠤ ᠳᠣᠬᠠᠢ ᠵᠠᠷᠯᠢᠭ ᠤᠨ ᠪᠢᠴᠡᠬᠡᠰᠣ ᠬᠦᠷᠦᠭᠰᠡᠨ ᠳᠤ ᠳᠣᠯᠣᠭᠠᠨ ᠬᠠᠨ ᠦᠵᠡᠨ ᠪᠠᠶᠠᠰᠴᠣ | ᠪᠤᠯᠵᠤᠭᠰᠠᠨ ᠴᠠᠭ ᠲᠤ ᠬᠠᠭᠠᠨ ᠲᠠᠢ ᠪᠠᠷᠠᠭᠠᠳᠠᠬᠤ ᠪᠠᠷ ᠢᠷᠡᠵᠡᠬᠡᠪᠡ᠃ ᠬᠠᠭᠠᠨ ᠡᠵᠡᠨ᠂ ᠬᠠᠳ ᠤᠨ ᠶᠠᠳᠡᠷᠠᠭᠠ ᠶᠢ | ᠳᠠᠶᠢᠯᠬᠤ ᠬᠦᠭᠵᠢᠯᠳᠣ ᠶᠡᠭᠡ ᠬᠤᠷᠢᠮ ᠬᠢᠵᠤ ᠨᠠᠶᠢᠷᠯᠡᠨ ᠰᠣᠭᠳᠤᠭᠰᠠᠨ ᠴᠢᠯᠦᠬᠡᠨ ᠳᠤ ᠴᠦᠮ ᠢ ᠠᠯᠠᠵᠤ ᠪᠦᠬᠦ | ᠬᠢᠳᠡᠨ ᠦᠨᠳᠣᠰᠣᠳᠡᠨ ᠤ ᠨᠢᠬᠡᠳᠣᠯ ᠢ ᠪᠡᠶᠡᠯᠡᠬᠦᠯᠦᠬᠡᠳ ᠤᠨ ᠤ ᠴᠣᠯᠠ ᠪᠠᠶᠢᠭᠤᠯᠵᠤ ᠯᠢᠶᠤᠤ ᠤᠯᠤᠰ ᠬᠡᠪᠡ᠃ | ᠱᠢᠷᠤ ᠬᠠᠳᠣᠨ ᠤᠯᠤᠰ ᠤᠨ ᠡᠬᠡ᠂ ᠳᠣᠭᠤᠯᠠᠭᠠ ᠶᠢᠨ ᠣᠳᠤᠭ᠎ᠠ ᠬᠠᠷᠠᠯᠠᠮᠠ ᠳᠡᠶᠢᠨ ᠢ ᠵᠢᠯᠤᠭᠤᠳᠬᠤ | ᠪᠠᠭᠠᠳᠣᠷ ᠪᠤᠳᠣᠯᠭ᠎ᠠ ᠲᠠᠢ᠂ ᠤᠶᠤᠨ ᠬᠠᠶᠢᠷ᠎ᠠ ᠪᠠᠷ ᠰᠡᠳᠬᠢᠯ ᠤᠨ ᠬᠦᠪᠴᠢ ᠶᠢ ᠮᠢᠯᠢᠶᠠᠬᠤ ᠤᠷᠠᠨ ᠤᠬᠠᠭᠠᠨ ᠲᠠᠢ᠂ | ᠨᠡᠶᠢᠳᠡ ᠤᠯᠤᠨ ᠳᠤ ᠪᠠᠨ ᠪᠢᠰᠢᠷᠡᠯ ᠬᠦᠨᠳᠣᠳᠡᠢ᠂ ᠳᠡᠭᠷᠢ ᠠᠴᠠ ᠡᠰᠢ ᠲᠠᠢ ᠳ᠋ᠠᠷᠡ ᠡᠬᠡ ᠶᠢᠨ ᠬᠤᠪᠢᠯᠭᠠᠨ ᠰᠢᠭ᠋ | ᠪᠠᠶᠢᠭᠰᠠᠨ ᠶᠤᠮ᠃ ᠣᠨ ᠤ ᠬᠦᠷᠳᠣ ᠪᠠᠨ ᠳᠢᠶᠠᠨ ᠽᠠᠨ ᠠᠴᠠ ᠳᠢᠶᠠᠨ ᠰᠢᠶᠠᠨ ᠬᠡᠵᠤ ᠦᠬᠡᠷᠡᠴᠢᠯᠡᠭᠰᠡᠨ ᠳᠡᠷᠡ ᠵᠢᠯ | ︵926 ᠤᠨ ᠳᠤ︶᠂ ᠯᠢᠶᠣᠣ ᠤᠯᠤᠰ ᠤᠨ ᠳᠠᠶᠢᠽᠣ ᠬᠠᠭᠠᠨ ᠶᠧᠯᠢᠤᠢ ᠠᠪᠤᠤᠵᠢ ᠪᠦᠸᠧᠬᠠᠢ ᠶᠢ ᠲᠦᠪᠰᠢᠳᠬᠡᠬᠦ | ᠪᠠᠷ ︵ᠣᠳᠣ ᠶᠢᠨ ᠯᠢᠶᠤᠤᠳᠦ᠋ᠩ ᠬᠤᠶᠢᠭ︶ ᠶᠠᠪᠤᠬᠤ ᠵᠠᠮ ᠵᠠᠭᠤᠷ᠎ᠠ ᠡᠪᠡᠳᠴᠢᠨ ᠢᠶᠠᠷ ᠨᠠᠰᠣ ᠪᠡᠷᠡᠵᠠᠢ᠃ ᠱᠢᠷᠤ | ᠬᠠᠳᠣᠨ ᠬᠦᠨᠳᠣ ᠪᠠᠷ ᠪᠡᠯᠪᠡᠰᠣᠷᠠᠨ ᠴᠡᠷᠢᠭ ᠤᠨ ᠡᠷᠬᠡ ᠶᠢ ᠠᠳᠬᠤᠨ ᠤᠯᠤᠰ ᠢ ᠵᠠᠰᠠᠨ ᠠᠷᠠᠳ ᠢ ᠠᠮᠤᠷᠵᠢᠭᠤᠯᠵᠠᠢ᠃ | ᠠᠪᠤᠤᠵᠢ ᠱᠢᠷᠤ ᠬᠠᠳᠣᠨ ᠠᠴᠠ ᠶᠧᠯᠢᠤᠢ ᠫᠸᠢ᠂ ᠶᠧᠯᠢᠤᠢ ᠳ᠋ᠧ ᠭᠤᠸᠠᠩ᠂ ᠶᠧᠯᠢᠣᠢ ᠯᠢ ᠬᠤ᠋ ᠭᠤᠷᠪᠠᠨ ᠬᠦᠣ ᠲᠠᠢ | ᠃ ᠱᠢᠷᠤ ᠬᠠᠲᠤᠨ ᠦᠵᠡᠯ ᠮᠡᠳᠡᠯ ᠣᠯᠠᠨ ᠠᠴᠠ ᠬᠡᠳᠣᠶᠢᠳᠴᠣ᠂ ᠵᠠᠰᠠᠭ ᠳᠦᠷᠦ ᠶᠢᠨ ᠦᠢᠯᠡ ᠳᠤᠷ ᠴᠠᠭᠠᠷᠠᠭᠰᠠᠨ | ᠪᠦᠬᠡᠳ ᠦᠷ᠎ᠡ ᠬᠦᠪᠡᠬᠦᠨ ᠢᠶᠠᠨ ᠮᠠᠰᠢᠳᠡ ᠴᠢᠩᠭᠠᠯᠠᠨ ᠰᠣᠷᠭᠠᠳᠠᠭ ᠬᠡᠨ᠎ᠡ᠃ ᠱᠢᠷᠤ ᠬᠠᠳᠣᠨ ᠶᠡᠭᠡ ᠬᠦᠪᠡᠬᠦᠨ | ᠳᠠᠶᠢᠽᠢ ᠫᠧᠢ ᠶᠢᠨ ᠨᠤᠮ ᠪᠢᠴᠢᠭ ᠰᠢᠯᠦᠭ ᠳᠠᠭᠤᠯᠠᠯ ᠳᠤᠷ ᠨᠢᠬᠡᠮᠤᠰᠣᠨ ᠰᠢᠨᠤᠵᠤ ᠠᠷᠭ᠎ᠠ ᠪᠤᠳᠣᠯᠭ᠎ᠠ ᠮᠦᠴᠢᠳ | ᠲᠤᠷ ᠳᠣᠷ᠎ᠠ ᠦᠬᠡᠶᠢᠴᠠᠨ ᠬᠦᠨᠳᠣ ᠦᠢᠯᠡ ᠳᠤᠷ ᠬᠡᠷᠡᠭᠯᠡᠳᠡᠭ ᠦᠬᠡᠢ ᠠᠵᠤᠭᠤ᠃ ᠪᠠᠭ᠎ᠠ ᠬᠦᠪᠡᠬᠦᠨ ᠯᠢ ᠬᠤ᠋ ᠵᠠᠩ | ᠳᠣᠭᠰᠢᠨ᠂ ᠠᠷᠢᠬᠢᠨ ᠳᠤ ᠬᠤᠪᠳᠤᠭ ᠶᠡᠭᠡ ᠦᠢᠯᠡ ᠶᠢ ᠪᠦᠳᠣᠬᠡᠵᠤ ᠴᠢᠳᠠᠬᠤ ᠦᠬᠡᠢ ᠬᠡᠵᠤ ᠦᠯᠦ ᠳᠣᠭᠤᠮᠰᠠᠷᠯᠠᠨ | ᠦᠷᠬᠦᠯᠵᠢᠳᠡ ᠪᠢᠴᠢᠭ ᠲᠤᠷ ᠬᠢᠴᠢᠶᠡᠯᠬᠡᠳᠡᠭ ᠬᠡᠨ᠎ᠡ᠃ ᠱᠢᠷᠤ ᠬᠠᠳᠣᠨ ᠬᠤᠶᠠᠳᠣᠭᠠᠷ ᠬᠦᠪᠡᠬᠦᠨ ᠳ᠋ᠧ ᠭᠤᠸᠠᠩ ︵ | ᠮᠤᠩᠭᠤᠯ ᠢᠶᠠᠷ ᠪᠠᠰᠠ ᠳ᠋ᠠᠭᠤᠨ ᠬᠡᠳᠡᠭ︶ ᠤᠨ ᠠᠯᠬᠤᠵᠤ ᠬᠢᠰᠬᠢᠬᠦ ᠯᠡᠪᠳᠠᠭᠤᠨ᠂ ᠦᠢᠯᠡ ᠶᠠᠪᠤᠳᠠᠯ ᠳᠤᠷ ᠬᠢᠴᠢᠶᠡᠮᠵᠢ | ᠭᠤᠤᠯᠴᠢ᠂ ᠪᠢᠴᠢᠭ ᠴᠡᠷᠢᠭ ᠤᠨ ᠡᠷᠳᠡᠮ ᠳᠤᠷ ᠨᠠᠪᠳᠡᠷᠬᠡᠢ ᠪᠤᠯᠵᠤ ᠦᠰᠦᠭᠰᠡᠨ ᠢ ᠦᠵᠡᠬᠡᠳ ᠠᠰᠢᠳᠠ ᠡᠩᠬᠦᠷᠡᠶᠢᠯᠡᠨ | ᠰᠠᠨᠠᠵᠤ᠂ ᠦᠷᠬᠦᠯᠵᠢ ᠵᠠᠰᠠᠭ ᠳᠦᠷᠦ ᠶᠢᠨ ᠬᠦᠷᠦᠨ ᠤ ᠶᠠᠪᠤᠳᠠᠯ ᠳᠤ ᠰᠠᠨᠠᠭᠠᠴᠢᠯᠭ᠎ᠠ ᠲᠠᠢ ᠣᠶᠢᠷᠠᠲᠤᠭᠤᠯᠳᠠᠭ | ᠠᠵᠤᠭᠤ᠃ 927 ᠤᠨ ᠤ 8 ᠰᠠᠷ᠎ᠠ ᠳᠤ ᠶᠡᠭᠡ ᠳᠡᠶᠢᠽᠣ ᠬᠠᠭᠠᠨ ᠳᠤ ᠬᠦᠨᠳᠣ ᠪᠡᠯᠪᠡᠰᠣᠷᠠᠯ ᠳᠡᠬᠦᠰᠴᠣ ᠶᠡᠭᠡ | ᠳᠡᠶᠢᠯᠭᠠ ᠪᠠᠷ ᠣᠷᠤᠰᠢᠭᠤᠯᠭ᠎ᠠ ᠬᠢᠬᠦ ᠪᠤᠯᠤᠯ᠎ᠠ᠃ ᠱᠢᠷᠤ ᠬᠠᠲᠤᠨ ᠬᠠᠭᠠᠨ ᠤ ᠱᠠᠷᠢᠯ ᠤᠨ ᠡᠮᠤᠨ᠎ᠡ ᠳᠦᠰᠢᠮᠡᠳ ᠪᠡ | ᠬᠤᠳᠠ ᠶᠢᠨ ᠢᠷᠬᠡᠴᠤᠳ ᠠᠴᠠ ︽ᠳᠡᠨᠡᠷ ᠳᠡᠶᠢᠽᠣ ᠬᠠᠭᠠᠨ ᠢᠶᠠᠨ ᠳᠣᠷᠠᠰᠣᠨ ᠰᠠᠨᠠᠵᠤ ᠡᠮᠬᠡᠨᠢᠨ ᠵᠤᠪᠠᠵᠤ ᠪᠠᠶᠢᠨ᠎ᠠ | ᠤᠤ︖︾ ᠬᠡᠵᠤ ᠡᠶᠡᠯᠳᠡᠭᠬᠡᠨ ᠳᠠᠭᠤ ᠪᠠᠷ ᠠᠰᠠᠭᠤᠭᠰᠠᠨ ᠳᠤ ︽ᠪᠢᠳᠡ ᠳᠡᠶᠢᠽᠤ ᠬᠠᠭᠠᠨ ᠤ ᠠᠪᠤᠷᠠᠯ ᠡᠨᠡᠷᠢᠯ ᠢᠶᠠᠷ | ᠡᠪᠡᠰᠣ ᠮᠣᠳᠣ ᠮᠡᠳᠣ ᠴᠡᠴᠡᠭᠯᠡᠨ ᠮᠠᠯ ᠤᠨᠤᠭ᠎ᠠ ᠳᠠᠷᠭᠤ ᠳᠡᠪᠡᠬᠡᠷᠡᠭ ᠪᠠᠶᠢᠬᠤ ᠶᠤᠮ ᠴᠢᠨᠢ᠂ ᠡᠬᠡᠯᠴᠣᠳ ᠪᠢᠳᠡ ᠡᠵᠡᠨ | ᠤ ᠪᠠᠨ ᠠᠭᠤᠤ ᠠᠪᠤᠷᠠᠯ ᠢ ᠪᠤᠳᠤᠬᠤ ᠦᠬᠡᠢ ᠬᠡᠵᠤ ᠪᠡᠶᠢᠨ᠎ᠡ ᠤᠤ ᠳ᠋ᠠ︾ ᠬᠡᠵᠤ ᠨᠡᠷᠡᠳᠣ ᠳᠦᠰᠢᠮᠡᠯ ︵ᠬᠡᠵᠢᠶᠡᠳᠡ | ᠳᠡᠶᠢᠴᠣ ᠫᠸᠢ ᠶᠢ ᠥᠮᠥᠭᠯᠡᠳᠡᠭ︶ ᠢ ᠳᠣᠭᠠᠯᠠᠭᠠᠳ ᠵᠠᠭᠤ᠂ ᠠᠯᠪᠠᠳᠣ ᠪᠤᠭᠤᠯ ᠢᠷᠬᠡᠴᠣᠳ ᠢ ᠬᠡᠳᠣᠨ ᠵᠠᠭᠤ ᠠᠯᠠᠵᠤ | ᠬᠠᠭᠠᠨ ᠤ ᠤᠩᠭᠤᠨ ᠳᠤ ᠰᠠᠳᠠᠭᠠᠯᠠᠨ ᠣᠷᠤᠰᠢᠭᠤᠯᠬᠤ ︵ᠬᠠᠭᠠᠨ ᠪᠠ ᠸᠠᠩ ᠵᠡᠷᠬᠡ ᠬᠡᠷᠬᠡᠮᠳᠡᠨ ᠨᠡᠷ ᠦᠬᠦᠪᠡᠯ | ᠳᠡᠬᠦᠨ ᠤ ᠳᠣᠣᠷᠠᠬᠢ ᠠᠯᠪᠠᠳᠣ ᠪᠤᠭᠤᠯ ᠢ ᠨᠢ ᠪᠦᠷ ᠠᠯᠠᠵᠤ ᠬᠠᠮᠳᠣ ᠳᠤ ᠨᠢ ᠣᠷᠤᠰᠢᠭᠤᠯᠳᠠᠭ ᠢ ᠬᠡᠯᠡᠨ᠎ᠡ︶ ᠶᠢᠨ | ᠳᠠᠭᠠᠣ ᠬᠢᠳᠡᠳ ᠳᠦᠰᠢᠮᠡᠯ ᠵᠤᠤ ᠰᠧ ᠸᠧᠠ ᠢ ᠤᠤᠯ ᠠᠷᠭ᠎ᠠ ᠪᠠᠷ ᠠᠷᠢᠯᠭᠠᠬᠤ ᠬᠡᠵᠤ ︽ᠬᠠᠭᠠᠨ ᠤ ᠢᠳᠡᠬᠡᠯᠳᠡᠢ | ᠳᠦᠰᠢᠮᠡᠯ ᠴᠢ᠂ ᠳᠠᠶᠢᠽᠣ ᠬᠠᠭᠠᠨ ᠢᠶᠠᠨ ᠵᠢᠷᠦᠬᠡᠨ ᠤ ᠪᠠᠨ ᠤᠭ ᠠᠴᠠ ᠪᠠᠨ ᠬᠦᠨᠳᠣᠳᠬᠡᠨ ᠣᠯᠣᠰ ᠤᠨ ᠬᠡᠷᠡᠭ ᠢ | ᠰᠢᠢᠳᠪᠤᠷᠢᠯᠡᠳᠡᠭ ᠪᠢᠰᠢᠣ︖︾ ᠬᠡᠬᠦ ᠳᠤ᠂ ᠵᠤᠤ ᠰᠧ ᠸᠧᠠ ︿︿ᠪᠢ ᠳᠡᠶᠢᠽᠣ ᠬᠠᠭᠠᠨ ᠢᠶᠠᠨ ᠳᠤᠩ ᠪᠢᠰᠢᠷᠡᠨ | ᠬᠦᠨᠳᠣᠳᠬᠡᠳᠡᠭ᠂ ᠳᠡᠶᠢᠽᠣ ᠬᠠᠭᠠᠨ ᠤ ᠦᠷᠦᠰᠢᠶᠡᠯ ᠳᠠᠭᠠᠯᠠᠯ ᠢᠶᠠᠷ ᠳᠣᠣᠷᠠᠳᠣ ᠳᠦᠰᠢᠮᠡᠯ ᠪᠢ ᠬᠦᠮᠦᠨ ᠤ | ᠬᠦᠵᠦᠬᠦᠤ ᠳᠣᠯᠦᠭᠠᠢ ᠲᠠᠢ᠂ ᠣᠯᠣᠰ ᠤᠨ ᠬᠡᠷᠡᠭ ᠳᠤ ᠵᠢᠳᠬᠦᠨ ᠪᠠᠶᠢᠭ᠎ᠠ᠃ ᠬᠡᠪᠡᠴᠣ ᠣᠳᠣᠬᠠᠨ ᠳᠡᠶᠢᠽᠣ ᠬᠠᠭᠠᠨ | ᠢᠶᠠᠨ ᠳᠠᠭᠠᠵᠤ ᠣᠴᠢᠬᠤ ᠠᠷᠢᠭᠤᠨ ᠴᠠᠭ ᠪᠤᠯᠣᠭᠠᠳᠣᠢ᠂ ᠬᠤᠸᠠᠩᠬᠡᠤ︕﹀﹀ ᠬᠡᠪᠡ᠃ ᠱᠢᠷᠤ ᠬᠤᠸᠠᠩᠬᠡᠣ᠄ ︽ | ᠶᠠᠭᠤᠨ ᠳᠤ︖︾ ᠬᠡᠰᠡᠨ ᠳᠤ᠂ ᠵᠤᠤ ᠰᠧ ᠸᠧᠠ ᠳᠦᠰᠢᠮᠡᠯ ᠨᠠᠮ ᠳᠠᠭᠤᠨ ᠢᠶᠠᠷ ︽ᠬᠠᠭᠠᠨ ᠤ ᠬᠠᠮᠤᠭ ᠳᠣᠳᠣᠨᠣ | ᠬᠦᠮᠦᠨ ᠪᠤᠯ ᠬᠠᠳᠣᠨ ᠡᠬᠡ ᠲᠠ ᠶᠤᠮ᠃ ᠣᠯᠣᠰ ᠤᠨ ᠡᠬᠡ᠂ ᠬᠠᠭᠠᠨ ᠡᠵᠡᠨ ᠢ ᠳᠣᠩ ᠪᠤᠳᠣᠵᠤ ᠰᠠᠨᠠᠵᠤ ᠪᠠᠶᠢᠳᠠᠭ | ᠃ ᠬᠤᠸᠠᠩᠬᠡᠣ ᠲᠠ ᠶᠠᠪᠤᠪᠠᠯ ᠳᠣᠣᠷᠠᠳᠣ ᠪᠤᠭᠤᠯ ᠪᠢ ᠪᠠᠰᠠ ᠳᠠᠭᠠᠭᠠᠳ ᠬᠦᠳᠣᠴᠢ ︵ᠮᠤᠷᠢ ᠬᠦᠳᠦᠯᠳᠡᠭ ᠵᠡᠷᠤᠴᠢ︶ | ᠪᠤᠯᠵᠤ ᠬᠤᠷᠮᠤᠢ ᠶᠢ ᠴᠢᠨᠢ ᠡᠷᠬᠦᠵᠤ ᠶᠠᠪᠤᠶ᠎ᠠ︾ ᠬᠡᠰᠡᠨ ᠳᠤ ᠬᠤᠸᠠᠩᠬᠡᠤ᠄ ᠤᠳᠤᠬᠠᠨ ᠳᠤ ᠬᠠᠭᠠᠨ ᠤ ᠬᠦᠪᠡᠬᠦᠨ | ᠨᠠᠰᠣ ᠪᠠᠭ᠎ᠠ᠂ ᠬᠦᠴᠦᠨ ᠴᠢᠳᠡᠯ ᠳᠣᠷᠤᠢ᠂ ᠵᠠᠩ ᠠᠭᠠᠰᠢ ᠠᠳᠠᠯᠢ ᠦᠬᠡᠢ᠂ ᠬᠠᠷᠢᠯᠴᠠᠨ ᠡᠶ᠎ᠡ ᠨᠠᠶᠢᠷ ᠪᠠᠷᠤᠭᠳᠠᠢ᠂ | ᠳᠣᠣᠷᠠᠳᠣ ᠪᠢ ᠳᠡᠶᠢᠽᠣ ᠬᠠᠭᠠᠨ ᠢ ᠳᠠᠭᠠᠭᠠᠳ ᠶᠠᠪᠤᠴᠢᠬᠠᠪᠠᠯ ᠤᠯᠤᠰ ᠬᠡᠷ ᠲᠤ ᠪᠠᠨ ᠡᠵᠡᠨ ᠦᠬᠡᠢ ᠪᠤᠯᠴᠢᠬᠠᠨ᠎ᠠ᠃ | ᠤᠯᠤᠰ ᠢᠷᠬᠡᠨ ᠤ ᠳᠦᠯᠦᠬᠡ ᠳᠠᠶᠢᠽᠣ ᠬᠠᠭᠠᠨ ᠲᠤᠷ ᠳᠦᠷ ᠤᠰᠣᠯᠳᠡᠵᠤ᠂ ᠬᠤᠵᠢᠮᠳᠠᠵᠤ ᠵᠣᠯᠭᠠᠷ᠎ᠠ ᠤᠴᠢᠨᠠᠮ︕ | ᠬᠡᠮᠡᠨ ᠰᠡᠯᠡᠮ᠎ᠡ ᠠᠪᠴᠣ᠂ ᠪᠠᠷᠠᠭᠤᠨ ᠭᠠᠷ ᠢᠶᠠᠨ ᠳᠣᠬᠤᠢ ᠪᠠᠷ ᠢᠶᠠᠨ ᠴᠠᠪᠴᠢᠨ ᠠᠪᠴᠣ ᠬᠠᠭᠠᠨ ᠲᠠᠢ ᠬᠠᠮᠳᠣ | ᠤᠷᠤᠰᠢᠭᠤᠯᠤᠯᠠ ᠬᠡᠳᠡᠭ᠃ ᠵᠤᠤ ᠰᠧ ᠸᠧᠠ ᠢ ᠠᠯᠠᠬᠤ ᠶᠠᠯ᠎ᠠ ᠠᠴᠠ ᠬᠡᠯᠳᠣᠷᠢᠬᠦᠯᠵᠤ ᠤᠷᠳᠣᠨ ᠳᠤ ᠵᠠᠷᠤᠪᠠ᠃ | ᠬᠦᠨᠳᠣ ᠤᠷᠤᠰᠢᠭᠤᠯᠭ᠎ᠠ ᠳᠡᠬᠦᠰᠦᠭᠰᠡᠨ ᠤ ᠳᠡᠷᠠᠭ᠎ᠠ᠂ ᠱᠢᠷᠤ ᠬᠠᠳᠣᠨ ᠪᠦᠬᠦ ᠳᠦᠰᠢᠮᠡᠯ ᠢᠶᠠᠨ ᠴᠣᠭᠯᠠᠭᠤᠯᠤᠨ | ᠳᠡᠶᠢᠽᠢ ᠶᠧᠯᠢᠣᠢ ᠫᠧ᠂ ᠬᠦᠪᠡᠬᠦᠨ ᠳ᠋ᠧ ᠭᠤᠸᠠᠩ ᠬᠤᠶᠠᠷ ᠢ ᠬᠠᠵᠠᠭᠤᠳᠠ ᠪᠠᠨ ᠵᠤᠭᠰᠣᠭᠠᠵᠤ ︽ᠪᠢ ᠬᠤᠶᠠᠷ | ᠬᠦᠪᠡᠬᠦᠨ ᠢᠶᠠᠨ ᠠᠳᠠᠯᠢᠬᠠᠨ ᠰᠠᠨᠠᠳᠠᠭ᠃ ᠬᠡᠪᠠᠴᠣ ᠠᠯᠢ ᠶᠢ ᠨᠢ ᠬᠠᠭᠠᠨ ᠰᠠᠭᠤᠷᠢᠨ ᠳᠤ ᠰᠠᠭᠤᠯᠭᠠᠬᠤ ᠶᠢ ᠮᠡᠳᠡᠬᠦ | ᠦᠬᠡᠢ ᠪᠠᠶᠢᠬᠤ ᠳᠤᠯᠠ ᠳᠦᠰᠢᠮᠡᠳ ᠲᠠ ᠨᠠᠷ ᠦᠪᠡᠷ ᠤᠨ ᠬᠦᠨᠳᠣᠳᠬᠡᠨ ᠪᠢᠰᠢᠷᠡᠵᠤ ᠬᠠᠭᠠᠨ ᠰᠠᠭᠤᠵᠤ ᠪᠤᠯᠤᠨ᠎ᠠ | ᠬᠡᠰᠡᠨ ᠡᠵᠡᠨ ᠤ ᠪᠠᠨ ᠮᠤᠷᠢᠨ ᠤ ᠡᠮᠤᠨ᠎ᠡ ᠵᠢᠭᠰᠠᠭᠳᠣᠨ︾ ᠬᠡᠵᠤ ᠬᠠᠭᠠᠨ ᠰᠣᠩᠭᠤᠯᠠ ᠬᠡᠳᠡᠭ᠃ ᠶᠡᠭᠡ ᠶᠡᠪᠤᠳᠡᠯ | ᠤᠷᠤᠨ ᠰᠠᠭᠤᠴᠠ ᠴᠠᠭ ᠳᠦᠷᠦ ᠶᠢᠨ ᠬᠤᠪᠢᠷᠠᠯ ᠶᠡᠮᠡᠷ ᠪᠤᠯᠵᠤ ᠪᠠᠶᠢᠭ᠎ᠠ ᠶᠢ ᠳᠦᠮᠡᠳ ᠭᠠᠳᠠᠷᠯᠡᠵᠠᠭᠠᠵᠤ ᠴᠦᠮ ᠳ᠋ᠧ | ᠭᠤᠸᠠᠩ ᠤᠨ ᠬᠠᠵᠠᠭᠤ ᠳᠤ ᠵᠤᠭᠰᠣᠭᠰᠠᠨ ᠳᠤ ᠳᠡᠶᠢᠽᠢ ᠫᠧ ᠴᠦ ᠳ᠋ᠧ ᠭᠤᠸᠠᠩ ᠤᠨ ᠬᠠᠵᠠᠭᠤ ᠳᠤ ᠢᠷᠡᠵᠤ | ᠬᠠᠳᠣᠨ ᠡᠬᠡ ᠳᠤ ᠪᠠᠨ ᠮᠦᠷᠬᠦᠵᠤ ︿︿ᠴᠢᠳᠡᠪᠦᠷᠢᠳᠣ ᠳᠡᠬᠦᠣ ᠶᠢ ᠮᠢᠨᠢ ᠠᠯᠳᠠᠨ ᠰᠠᠭᠤᠳᠠᠯ ᠳᠤ ᠨᠢ ᠳᠡᠪᠰᠢᠬᠦᠯᠦᠨ | ᠵᠠᠯᠠᠮᠤ︕﹀﹀ ᠬᠡᠵᠤ ᠭᠤᠶᠤᠭᠰᠡᠨ ᠳᠤ᠂ ᠣᠯᠣᠰ ᠤᠨ ᠡᠬᠡ ᠱᠢᠷᠤ ᠬᠠᠳᠣᠨ ᠮᠦᠰᠢᠶᠡᠮᠰᠦᠭᠯᠡᠨ ︿︿ᠤᠯᠠᠨ ᠤ ᠨᠢᠳᠣ | ᠤᠳᠣ ᠬᠡᠳᠡᠭ ᠢᠶᠠᠷ᠂ ᠳᠡᠨᠣᠰ ᠬᠠᠮᠳᠣ ᠪᠠᠷ ᠢᠶᠠᠨ ᠳ᠋ᠧ ᠭᠤᠸᠠᠩ ᠢ ᠢᠳᠡᠬᠡᠨ ᠪᠢᠰᠢᠷᠡᠵᠤ ᠣᠯᠣᠰ ᠤᠨ ᠡᠵᠡᠨ | ᠪᠤᠯᠭᠠᠬᠤ ᠬᠡᠵᠤ ᠪᠠᠶᠢᠬᠤ ᠶᠤᠮ ᠴᠢᠨᠢ ᠪᠢ ᠶᠠᠭᠤ ᠬᠡᠯᠡᠨ᠎ᠡ ᠳ᠋ᠧ︕ ᠳᠡᠨᠡᠷ ᠤᠨ ᠬᠦᠰᠡᠯ ᠢᠶᠠᠷ ᠳ᠋ᠧ ᠭᠤᠸᠠᠩ ᠰᠠᠶᠢᠨ | ᠬᠠᠭᠠᠨ ᠤ ᠣᠳᠣᠮ ᠣᠭᠰᠠᠭᠠᠳᠣ ᠬᠤᠪᠢ ᠵᠠᠶᠠᠭ᠎ᠠ ᠲᠠᠢ᠂ ᠣᠯᠣᠰ ᠢ ᠵᠠᠰᠠᠬᠤ ᠰᠣᠳᠣ ᠪᠤᠳᠣᠯᠭ᠎ᠠ ᠪᠠᠷ ᠢᠶᠠᠨ ᠢᠷᠬᠡᠳ | ᠢᠶᠠᠨ ᠦᠨᠢᠷ ᠠᠮᠢᠳᠣᠷᠠᠭᠤᠯᠬᠤ ᠨᠢ ᠭᠠᠷᠴᠠᠭ᠎ᠠ ᠦᠬᠡᠢ᠃ ᠮᠢᠨᠣ ᠬᠠᠶᠢᠷᠠᠳᠣ ᠬᠦᠪᠡᠬᠦᠨ ᠨᠡᠷᠡᠳᠣ ᠳᠦᠮᠡᠨ ᠨᠠᠰᠣᠳᠣ | ᠪᠤᠯᠳᠣᠭᠠᠢ︕﹀﹀ ᠬᠡᠵᠤ ᠢᠷᠦᠬᠡᠬᠡᠳ 927 ᠤᠨ ᠤ ᠡᠪᠤᠯ ᠳ᠋ᠧ ᠭᠤᠸᠠᠩ ᠢ ᠬᠠᠭᠠᠨ ᠰᠠᠭᠤᠷᠢᠨ ᠳᠤ ᠰᠠᠭᠤᠯᠭᠠᠵᠤ | ᠂ ᠤᠨ ᠤ ᠴᠣᠯᠠ ᠶᠢ 928 ᠤᠨ ᠠᠴᠠ ᠡᠾᠦ᠋ᠢ ᠳᠦᠩ ᠬᠡᠵᠤ ᠬᠠᠯᠠᠪᠠ᠃ ᠤᠯᠤᠰ ᠤᠨ ᠡᠬᠡ ᠱᠢᠷᠤ ᠬᠠᠲᠤᠨ ᠶᠡᠭᠡ | ᠯᠢᠶᠣᠣ ᠣᠯᠣᠰ ᠤᠨ ᠳᠣᠯᠭᠤᠷ ᠳᠦᠷᠦ ᠶᠢᠨ ᠦᠨᠡᠨᠴᠢ ᠰᠢᠳᠣᠷᠭᠤ ᠳᠦᠰᠢᠮᠡᠯ ᠪᠦᠬᠡᠳ ᠡᠮᠡᠭᠳᠡᠢ ᠪᠠᠭᠠᠳᠣᠷ ᠵᠠᠩᠵᠤᠨ | ᠶᠤᠮ ᠬᠡᠵᠤ ᠤᠯᠠᠮᠵᠢᠯᠠᠨ ᠶᠠᠷᠢᠭᠳᠠᠭᠰᠠᠭᠠᠷ ᠪᠢᠯᠡ᠃ | ᠳᠠᠶᠢᠯᠪᠤᠷᠢ᠄ ⑴ ᠱᠢᠷᠦ ᠬᠠᠳᠣᠨ — ᠬᠢᠳᠡᠨ ᠦᠨᠳᠣᠰᠣᠳᠡᠨ᠂ ᠳᠡᠣᠬᠡ ᠶᠢᠨ ᠦᠨᠡᠨ ᠬᠦᠮᠦᠨ᠃ ᠤᠭ | ᠨᠤᠳᠤᠭ ᠡᠾᠦ᠋ᠢ ᠡᠾᠧ᠂ ᠳᠠᠩ ᠣᠯᠣᠰ ᠤᠨ ᠦᠶ᠎ᠡ ᠳᠤ ᠮᠡᠨᠳᠣᠯᠡᠵᠠᠢ᠃ ᠯᠢᠶᠣᠣ ᠣᠯᠣᠰ ᠤᠨ ᠦᠶ᠎ᠡ ᠳᠤ ᠳᠣᠰ | ᠭᠠᠵᠠᠷ ᠢ ᠢ ᠺᠦᠨ ᠵᠸᠤ ᠬᠡᠵᠣ ᠠᠪᠤᠤᠵᠢ ᠬᠠᠭᠠᠨ ᠠᠴᠠ ᠱᠢᠷᠦ ᠬᠠᠳᠣᠨ ᠳᠤ ᠳᠣᠰᠬᠠᠶᠢᠯᠠᠨ ᠪᠠᠶᠢᠭᠤᠯᠵᠤ | ᠦᠭᠬᠦᠭᠰᠡᠨ ᠣᠷᠳᠣᠨ ᠪᠤᠯᠤᠨ᠎ᠠ᠃ ᠤᠨ ᠳᠣᠭᠠᠯᠠᠯ ᠤᠨ 887 ᠤᠨ ᠳᠤ ᠶᠧᠯᠢᠦᠢ ᠠᠪᠤᠤᠵᠢ ᠲᠠᠢ ᠬᠡᠷᠯᠡᠪᠡ᠃ | 953 ᠤᠨ ᠳᠤ 75 ᠨᠠᠰᠣᠳᠠᠢ ᠽᠦᠵᠸᠤ ︵ᠣᠳᠣ ᠶᠢᠨ ᠴᠠᠭᠠᠨᠬᠠᠳᠠ ᠰᠣᠮᠣᠨ ᠤ ᠴᠢᠯᠠᠭᠤᠨ ᠬᠡᠷ ᠭᠠᠴᠠᠭ᠎ᠠ︶ ᠳᠤ | ᠨᠠᠰᠣ ᠪᠠᠷᠠᠵᠠᠢ᠃ | ⑵ ᠠᠪᠤᠤᠵᠢ — ᠬᠢᠳᠡᠨ ᠦᠨᠳᠣᠰᠣᠳᠠᠨ᠂ ᠳᠡᠩ ᠤᠯᠤᠰ ᠤᠨ ᠦᠶ᠎ᠡ᠂ ᠤᠨ ᠳᠣᠭᠠᠯᠠᠯ ᠤᠨ 872 ᠣᠨ | ᠳᠤ ᠣᠳᠣ ᠶᠢᠨ ᠴᠠᠭᠠᠨᠬᠠᠳᠠ ᠰᠣᠮᠣᠨ ᠤ ᠴᠢᠯᠠᠭᠤᠨ ᠬᠡᠷ ᠭᠠᠴᠠᠭ᠎ᠠ ᠳᠤ ᠶᠧᠯᠢᠤᠢ ᠣᠪᠣᠭᠳᠠᠨ ᠤ ᠳᠤ ᠮᠡᠨᠳᠣᠯᠡᠵᠠᠢ᠃ | ᠪᠡᠶ᠎ᠡ ᠪᠢᠷ᠎ᠠ ᠦᠨᠳᠣᠷ ᠳᠣᠮᠣ᠂ ᠡᠷᠡᠯᠬᠡᠭ ᠪᠠᠭᠠᠳᠣᠷᠯᠢᠭ ᠳᠦᠮᠡᠨ ᠠᠴᠠ ᠬᠡᠳᠣᠶᠢᠳᠴᠣ᠂ ᠠᠷᠭ᠎ᠠ ᠪᠤᠳᠣᠯᠭ᠎ᠠ ᠰᠦᠰᠦ | ᠵᠣᠷᠢᠭ ᠬᠠᠳᠠᠨ ᠴᠢᠩᠭ᠎ᠠ ᠪᠠᠶᠢᠳᠠᠭ ᠢᠶᠠᠷ ᠣᠯᠠᠨ ᠤ ᠪᠠᠨ ᠳᠣᠮᠳᠠ ᠣᠳᠣᠨ ᠪᠤᠯᠵᠤ ᠬᠢᠯᠡᠯᠵᠡᠵᠤ ᠶᠠᠪᠤᠭᠰᠠᠨ ᠨᠢᠬᠡ | ᠦᠶ᠎ᠡ ᠶᠢᠨ ᠳᠡᠭᠷᠢ ᠶᠢᠨ ᠬᠦᠪᠡᠬᠦᠨ᠃ 926 ᠤᠨ ᠳᠤ ᠪᠦᠸᠧᠬᠠᠢ ᠤᠯᠤᠰ ᠢ ᠳᠦᠪᠰᠢᠳᠬᠡᠬᠡᠳ ᠪᠤᠴᠠᠬᠤ ᠵᠠᠮ ᠳᠤ | ᠪᠠᠨ ᠹᠦ᠋ ᠢᠦᠢ ᠵᠸᠣ ᠬᠤᠳᠠᠨ ᠳᠤ ᠡᠪᠡᠳᠴᠢᠨ ᠢᠶᠠᠷ ᠨᠠᠰᠣ ᠪᠠᠷᠠᠪᠠ᠃ ᠳᠣᠬᠠᠢ ᠶᠢᠨ ᠵᠢᠯ ᠳᠠᠪᠢᠨ ᠳᠦᠷᠪᠡᠳᠡᠢ᠃ | ⑶ ᠱᠢᠷᠦ ᠬᠠᠳᠣᠨ ᠤ ᠪᠠᠷᠠᠭᠤᠨ ᠭᠠᠷ ᠢᠶᠠᠨ ᠳᠣᠬᠤᠢ ᠪᠠᠷ ᠨᠢ ᠴᠠᠪᠴᠢᠭᠰᠠᠨ ᠳᠣᠬᠠᠢ ᠬᠤᠵᠢᠮ ᠨᠢ ᠳᠡᠬᠡᠳᠣ | ᠨᠠᠶᠢᠰᠯᠠᠯ ᠤᠨ ᠢ ᠵᠢᠶᠧ ᠰᠦᠮ᠎ᠡ ᠳᠤ ᠨᠢᠬᠡ ᠳᠣᠭᠠᠩ ᠪᠠᠶᠢᠭᠤᠯᠵᠤ᠂ ᠱᠢᠷᠦ ᠬᠠᠲᠤᠨ ᠤ ᠡᠨᠡᠬᠦ ᠦᠢᠯᠡ ᠬᠡᠷᠡᠭ ᠢ | ᠳᠡᠮᠳᠡᠭᠯᠡᠨ ᠪᠢᠴᠢᠭᠰᠡᠨ ᠬᠡᠳᠡᠭ᠃ | |