ᠪᠠᠭ᠋ᠠᠷᠤᠮ᠎ᠠ ᠰᠠᠶᠢᠬᠠᠨ ᠠᠭᠤᠯᠠ ᠤᠰᠤ | | ᠰ᠊᠂ ᠮᠦᠩᠬᠡᠪᠠᠶᠠᠷ | | ᠨᠢᠭᠡ᠂ ︽ᠤᠯᠠᠭᠠᠨ ᠳᠠᠪᠠᠭ᠎ᠠ︾ ᠶᠢᠨ ᠲᠠᠭᠤᠳᠠᠯᠭ᠎ᠠ ᠵᠢᠴᠢ ᠪᠠᠶᠢᠷᠢᠰᠢᠯ | ᠤᠯᠠᠭᠠᠨ ᠳᠠᠪᠠᠭ᠎ᠠ ᠨᠣᠳᠤᠭ ᠪᠤᠯ ᠪᠠᠭᠠᠷᠢᠨ ᠵᠡᠬᠦᠨ ᠬᠤᠰᠢᠭᠤᠨ ᠤ ᠴᠤᠯᠤ ᠮᠠᠯᠵᠢᠬᠤ ᠭᠤᠷᠪᠡᠨ ᠰᠤᠮᠤ ᠶᠢᠨ | ᠨᠢᠭᠡ᠃ ᠡᠮᠤᠨᠡᠬᠦᠷ ᠢᠶᠠᠨ ᠠᠷᠤ ᠬᠤᠷᠴᠢᠨ ᠤ ᠪᠡᠷᠬᠡ ᠶᠢᠨ ᠬᠤᠳᠳᠤᠭ᠂ ᠵᠡᠬᠦᠨ ᠪᠠᠭᠠᠷᠢᠨ ᠤ ᠭᠤᠷᠪᠡᠨ ᠠᠭᠤᠯᠠ | ᠰᠢᠶᠠᠩ ᠲᠠᠢ ᠵᠠᠬ᠎ᠠ ᠨᠡᠶᠢᠯᠡᠵᠤ᠂ ᠵᠡᠬᠦᠨ ᠲᠠᠯ᠎ᠠ ᠪᠠᠷ ᠢᠶᠠᠨ ᠠᠷᠤ ᠬᠤᠷᠴᠢᠨ ᠤ ᠪᠠᠶᠠᠨ ᠦᠨᠳᠤᠷ ᠰᠤᠮᠤ ᠲᠠᠢ | ᠬᠦᠷᠰᠢᠯᠡᠨ᠂ ᠠᠷᠤ ᠪᠠᠷ ᠢᠶᠠᠨ ᠦᠵᠤᠮᠤᠴᠢᠨ ᠤ ᠪᠤᠷᠭᠠᠰᠤᠳᠠᠢ᠂ ᠬᠠᠨ ᠠᠭᠤᠯᠠ ᠰᠤᠮᠤ ᠲᠠᠢ ᠬᠢᠯᠢ ᠵᠠᠬᠠᠯᠠᠵᠤ᠂ | ᠪᠠᠷᠠᠭᠤᠨ ᠲᠠᠯ᠎ᠠ ᠪᠠᠷ ᠢᠶᠠᠨ ᠬᠤᠭᠤᠯᠠᠳᠤ ᠰᠢᠶᠠᠩ ᠲᠠᠢ ᠵᠡᠷᠬᠡᠴᠡᠨ ᠤᠷᠤᠰᠢᠵᠤ ᠮᠠᠯ ᠠᠵᠤ ᠠᠬᠤᠢ ᠲᠠᠷᠢᠶᠠᠯᠠᠩ ᠢᠶᠠᠷ | ᠭᠤᠤᠯ ᠪᠤᠯᠭᠠᠵᠤ ᠵᠢᠴᠢ ᠪᠤᠰᠤᠳ ᠵᠦᠢᠯ ᠤᠨ ᠡᠵᠡᠩᠨᠡᠯᠳᠠ ᠶᠢ ᠬᠠᠪᠰᠤᠷᠭᠠᠬᠰᠡᠨ ᠴᠤᠯᠤ ᠮᠠᠯᠵᠢᠬᠤ ᠰᠤᠮᠤ ᠶᠤᠮ᠃ | ᠤᠯᠠᠭᠠᠨᠳᠠᠪᠠᠭ᠎ᠠ ᠨᠣᠳᠤᠭ ᠨᠢ ᠠᠭᠤᠯᠠ ᠤᠰᠤ ᠦᠵᠡᠮᠵᠢ ᠲᠡᠬᠦᠰ᠂ ᠠᠭᠤᠷᠬᠠᠢ ᠶᠢᠨ ᠭᠠᠷᠤᠯᠳᠠ ᠡᠯᠪᠡᠭ ᠪᠠᠶᠠᠯᠢᠭ᠂ | ᠠᠷᠤ ᠪᠠᠷ ᠢᠶᠠᠨ ᠪᠠᠶᠠᠨ ᠵᠢᠷᠤᠬᠡᠨ ᠬᠠᠨ ᠠᠭᠤᠯᠠ ᠪᠠᠷ ᠲᠦᠰᠢᠯᠭᠡ ᠪᠤᠯᠭᠠᠵᠤ ᠡᠮᠤᠨᠡᠬᠦᠷ ᠢᠶᠠᠨ | ᠦᠯᠵᠡᠶᠢᠮᠤᠷᠡᠨ ᠣᠰᠤ ᠶᠢ ᠢᠰᠬᠦᠯᠡᠵᠤ ᠰᠠᠭᠤᠬᠰᠡᠨ ᠬᠤᠶᠠᠷ ᠬᠠᠪᠢ ᠪᠠᠷ ᠢᠶᠠᠨ ᠡᠷᠡᠮᠡᠬᠡᠢ ᠦᠨᠳᠤᠷ ᠡᠷ᠎ᠠ ᠱᠤᠷᠤᠩ᠂ | ᠡᠷᠬᠢᠮ ᠢᠵᠠᠭᠤᠷᠳᠤ ᠮᠤᠨᠴᠤᠬᠳᠤ ᠤᠷᠤᠢ ᠪᠠᠷ ᠵᠢᠬᠦᠷ ᠪᠤᠯᠭᠠᠬᠰᠡᠨ ᠶᠠᠭ ᠯᠠ ᠨᠢᠭᠡ ᠨᠢᠰᠤᠨ ᠲᠡᠪᠳᠡᠷᠢᠬᠦ ᠪᠠᠷ ᠪᠠᠶᠢᠭ᠎ᠠ | ᠬᠠᠨ ᠱᠤᠩᠬᠤᠷ ᠤᠨ ᠲᠦᠷᠰᠤ ᠲᠠᠢ ᠠᠭᠤᠯᠠᠷᠬᠠᠭ ᠤᠷᠤᠨ ᠪᠠᠶᠢᠭ᠎ᠠ ᠶᠤᠮ᠃ ︽ᠤᠯᠠᠭᠠᠨ ᠳᠠᠪᠠᠭ᠎ᠠ︾ ᠨᠣᠳᠤᠭ ᠨᠢ | 1958 ᠣᠨ ᠤ ᠡᠴᠤᠰ ᠢᠶᠠᠷ ᠰᠢᠷ᠎ᠠ ᠬᠠᠳᠠ ᠶᠢᠨ ᠠᠭᠤᠶᠢᠳᠤ ᠰᠦᠮᠨᠠ ︿ ᠣᠳᠤ ᠶᠢᠨ ᠰᠢᠨ᠎ᠡ ᠣᠰᠣᠨ | ᠴᠦᠬᠦᠷᠤᠮ ᠲᠤᠰᠬᠤᠨ﹀ ᠠᠴᠠ ᠬᠠᠪᠴᠢᠯ ᠠᠶᠢᠯ ᠳᠤ ᠨᠡᠬᠦᠨ ᠢᠷᠡᠵᠤ ᠬᠠᠪᠴᠢᠯ᠂ ᠬᠤᠭᠤᠯᠠᠳᠤ ᠦᠵᠤᠬᠦᠷᠬᠤᠸᠠ᠂ | ᠬᠤᠪᠤᠭᠤ᠂ ᠪᠡᠷᠬᠡ ᠶᠢᠨ ᠬᠤᠳᠳᠤᠭ ᠲᠠᠪᠤᠨ ᠭᠠᠴᠠᠭ᠎ᠠ ᠲᠠᠢ ᠰᠤᠮᠤ ᠪᠤᠯᠵᠤ1500 ᠭᠠᠷᠤᠢ ᠡᠷᠤᠬᠡᠲ᠋ᠠᠢ᠂ 5400 | ᠢᠯᠡᠬᠦᠤ ᠬᠦᠮᠤᠨ ᠠᠮᠠ ᠲᠠᠢ᠂ ᠮᠤᠩᠭᠤᠯ ᠦᠨᠳᠤᠰᠤᠳᠠᠨ ᠵᠠᠭᠤᠨ ᠤ ᠶᠡᠷᠡᠨ ᠨᠠᠢᠮᠠ ᠶᠢ ᠡᠵᠡᠯᠡᠭᠰᠡᠨ ᠰᠤᠮᠤ ᠪᠤᠯᠵᠤ | ᠬᠠᠪᠴᠢᠯ ᠭᠠᠴᠠᠭᠠᠨ ᠤ ᠰᠦᠮ᠎ᠠ ᠶᠢᠨ ᠲᠡᠨᠵᠢ ᠶᠢᠨ ᠵᠡᠬᠦᠨ ᠵᠢᠯᠠᠭ᠎ᠠ ᠡᠯᠢᠶᠡᠨ ᠦᠨᠳᠤᠷ ᠡᠷ᠎ᠠ ᠱᠤᠷᠤᠩ ᠤᠨ ᠪᠠᠷᠠᠭᠤᠨ | ᠡᠮᠤᠨ᠎ᠠ ᠡᠩᠬᠡᠷ ᠪᠠᠶᠢᠷᠢᠰᠢᠵᠤ ᠪᠠᠶᠢᠵᠡᠢ᠃ 2007 ᠣᠨ ᠳᠤ ᠰᠤᠮᠤ ᠰᠢᠶᠠᠩ ᠢ ᠨᠡᠶᠢᠯᠡᠬᠦᠯᠵᠤ ᠲᠦᠪᠯᠡᠷᠡᠬᠦᠯᠤᠭ᠍ᠰᠡᠨ | ᠬᠠᠮᠢᠶᠠᠷᠠᠬᠤ ᠲᠦᠷᠤ ᠶᠢᠨ ᠪᠤᠳᠤᠯᠭ᠎ᠠ ᠳᠤ ᠬᠠᠮᠤᠬᠳᠠᠵᠤ ︽ᠭᠤᠷᠪᠡᠨ ᠠᠭᠤᠯᠠ︾ ᠰᠢᠶᠠᠩ ᠲᠠᠢ ᠨᠡᠶᠢᠯᠡᠵᠦ | ᠲᠠᠷᠢᠶᠠᠯᠠᠬᠤ ᠲᠤᠰᠬᠤᠨ ᠤ ᠭᠠᠵᠠᠷ ᠨᠣᠳᠤᠭ ᠲᠡᠭᠡᠷ᠎ᠠ ︽ᠤᠯᠠᠭᠠᠨ ᠳᠠᠪᠠᠭ᠎ᠠ︾ ᠰᠤᠮᠤ ᠶᠢ ᠰᠢᠯᠵᠢᠬᠦᠯᠤᠭᠡᠳ ︽三山 | ︾ ᠲᠤᠰᠬᠤᠨ ᠰᠣᠮᠣ ᠶᠢᠨ ᠢᠶᠠᠨ ᠲᠦᠪ ᠪᠤᠯᠭᠤᠭᠠᠳ ᠮᠤᠩᠭᠤᠯ ᠬᠢᠳᠠᠳ ᠠᠬ᠎ᠠ ᠲᠡᠬᠦᠤ ᠮᠦᠷᠤ ᠵᠡᠷᠬᠡᠴᠡᠨ | ᠤᠷᠤᠬᠰᠢᠯᠠᠵᠤ ᠪᠤᠢ᠃ | ︽ᠤᠯᠠᠭᠠᠨ ᠳᠠᠪᠠᠭ᠎ᠠ︾ ᠰᠤᠮᠤ ᠬᠡᠳᠡᠭ ᠨᠢ ᠠᠷᠠᠳ ᠤᠨ ᠨᠢᠬᠡᠳᠤᠯ ᠠᠴᠠ ᠪᠠᠨ ᠰᠠᠯᠵᠤ ᠭᠠᠷᠴᠤ ᠢᠷᠡᠬᠦ | ᠦᠶ᠎ᠠ ᠳᠤ ᠠᠪᠤᠬᠰᠡᠨ ᠨᠡᠷᠡᠶᠢᠳᠤᠯ ᠶᠤᠮ᠃ 1959 ᠣᠨ ᠠᠴᠠ ᠡᠮᠤᠨ᠎ᠠ ᠪᠠᠷᠠᠭᠤᠨ ᠬᠤᠭᠤᠯᠠᠳᠤ ᠶᠢᠨ | ᠤᠯᠠᠭᠠᠨᠳᠠᠪᠠᠭ᠎ᠠ ︿ᠣᠳᠤ ᠶᠢᠨ ᠬᠤᠭᠤᠯᠠᠳᠤ ᠰᠢᠶᠠᠩ﹀ ᠭᠤᠷᠪᠡᠨ ᠠᠭᠤᠯᠠ ᠶᠢᠨ ᠠᠶᠢᠯ ︿ᠣᠳᠤ ᠶᠢᠨ ᠰᠠᠨ ᠱᠠᠨ | ᠰᠢᠶᠠᠩ﹀ ᠵᠡᠬᠦᠨ ᠬᠤᠭᠤᠯᠠᠳᠤ ᠶᠢᠨ ᠭᠤᠤᠯ ︿ᠣᠳᠤ ᠶᠢᠨ ᠣᠯᠠᠭᠠᠨᠳᠠᠪᠠᠭ᠎ᠠ ᠰᠤᠮᠤ﹀ ᠨᠢ ᠨᠡᠶᠢᠯᠡᠬᠡᠳ ᠨᠢᠭᠡ | ᠲᠤᠭᠤᠷᠢᠭ ᠲᠤ ᠪᠠᠭᠳᠠᠵᠤ ᠲᠦᠪ ᠨᠢ ᠠᠭᠤᠶᠢᠳᠤ ᠶᠢᠨ ᠰᠦᠮ᠎ᠠ ᠳᠤ ᠪᠠᠶᠢᠵᠤ ︽ᠨᠣᠳᠤᠭ︾ ᠬᠡᠵᠤ ᠵᠠᠰᠠᠭ | ᠵᠠᠬᠢᠷᠭᠠᠨ ᠤ ᠨᠡᠷᠡᠶᠢᠳᠦᠯ ᠠᠪᠴᠤ ᠪᠠᠶᠢᠵᠠᠢ᠃ ︽ᠤᠯᠠᠭᠠᠨ ᠳᠠᠪᠠᠭ᠎ᠠ︾ ᠰᠤᠮᠤ ᠨᠢ ᠶᠡᠭᠡ ᠬᠢᠩᠭᠠᠨ ᠳᠠᠪᠠᠭᠠᠨ ᠤ | ᠦᠪᠤᠷ ᠨᠢᠷᠤᠭᠤᠳ ᠪᠤᠯᠬᠤ ᠦᠵᠤᠮᠤᠴᠢᠨ ᠤ ᠪᠤᠯᠠᠭ ᠬᠠᠨ ᠠᠭᠤᠯᠠ᠂ ᠬᠦᠨᠳᠠᠯᠡᠨ ᠬᠤᠶᠠᠷ ᠳᠠᠪᠠᠭ᠎ᠠ᠂ ᠬᠠᠳᠠᠳᠤ | ᠤᠷᠤᠢ ᠲᠠᠢ ᠬᠦᠨᠳᠡᠯᠢᠳᠤᠨ ᠬᠦᠷᠰᠢᠯᠡᠵᠤ ᠪᠠᠶᠢᠭ᠎ᠠ ᠦᠵᠡᠮᠵᠢ ᠶᠢᠨ ᠲᠡᠬᠦᠰ ᠤᠷᠴᠢᠯᠠᠩ ᠤᠨ ᠨᠢᠭᠤᠴᠠ ᠪᠤᠯᠤᠬᠰᠡᠨ | ︽ᠬᠦᠭᠡ ᠲᠡᠭᠷᠢ ᠶᠢᠨ ᠰᠢᠷᠭᠤᠤᠯ︾᠂ ︽ᠴᠢᠭᠠᠨ ᠬᠠᠳᠠ︾᠂ ᠴᠢᠪᠴᠢᠮᠠᠯ ᠴᠢᠯᠠᠭᠤᠨ ᠴᠢᠨᠸ᠎ᠠ ᠲᠠᠢ ᠬᠦᠭᠡ | ᠠᠰᠬ᠎ᠠ᠂ ᠰᠢᠷ᠎ᠠ ᠲᠠᠪᠰᠡᠭ᠂ ᠦᠨᠳᠤᠷ ︽ᠬᠦᠮᠤᠨ ᠶᠠᠰᠤᠳᠤ ᠬᠠᠳᠠ︾᠂ ︽ᠬᠠᠷᠠᠩᠭᠤᠢ ᠲᠢᠶᠠᠨᠴᠢ ᠶᠢᠨ ᠠᠭᠤᠢ︾ | ᠵᠡᠷᠬᠡ ᠪᠠᠶᠢᠭᠠᠯᠢ ᠶᠢᠨ ᠭᠠᠶᠢᠬᠠᠮᠰᠢᠭ ᠲᠠᠢ ᠪᠤᠶ᠋ᠨᠳᠡᠯᠬᠡᠷ ᠬᠠᠶᠢᠷᠠᠬᠠᠨ ᠤ ᠵᠠᠬᠦᠨ ᠪᠡᠶ᠎ᠠ᠂ ᠣᠬᠳᠤᠷ ᠴᠢᠨ᠋ᠸ᠎ᠠ ᠶᠢᠨ | ᠭᠤᠤᠯ ᠤᠨ ᠡᠬᠢᠨ ᠤ ᠵᠡᠬᠦᠨ ᠰᠤᠭᠤ ᠳ᠋ᠠᠬᠢᠤᠯᠠᠭᠠᠨ ᠳᠠᠪᠠᠭ᠎ᠠ ᠪᠠᠷ ᠨᠡᠷ᠎ᠠ ᠠᠪᠤᠬᠰᠡᠨ ᠪᠠᠶᠢᠵᠡᠢ᠃ ᠲᠤᠬᠠᠢ ᠶᠢᠨ ᠴᠠᠭ | ᠦᠶ᠎ᠠ ᠳᠤ ᠣᠳᠤ ᠶᠢᠨ ᠪᠠᠶᠠᠨᠨᠢᠷᠤᠭᠤ ᠶᠢᠨ ᠨᠠᠷᠢᠨ ᠳᠠᠪᠠᠭ᠎ᠠ᠂ ᠶᠤᠯᠤ ᠶᠢᠨ ᠠᠷᠤ ᠨᠢ ᠤᠯᠠᠭᠠᠨ ᠳᠠᠪᠠᠭ᠎ᠠ ᠨᠣᠳᠤᠭ ᠤᠨ | ᠬᠡᠪᠴᠢᠶᠡᠨ ᠳᠤ ᠬᠠᠷᠢᠶᠠᠯᠠᠬᠳᠠᠵᠤ ᠪᠠᠶᠢᠬᠰᠡᠨ ᠮᠦᠷᠳᠡᠬᠡᠨ ᠨᠠᠷᠢᠨ ᠳᠠᠪᠠᠭ᠎ᠠ᠂ ᠶᠤᠯᠤ ᠶᠢᠨ ᠠᠷᠤ ᠬᠤᠶᠠᠷ ᠠᠶᠢᠯ ᠤᠨ | ᠪᠡᠯᠴᠢᠬᠡᠷ ᠣᠰᠤ᠂ ᠭᠠᠵᠠᠷ ᠰᠢᠷᠤᠢ ᠨᠢ ᠦᠨᠡᠨᠳᠡᠬᠡᠨ ᠵᠡᠬᠦᠨ ᠪᠠᠭᠠᠷᠢᠨ ᠤ ᠲᠤᠰᠠᠯᠠᠬᠴᠢ ᠮᠢᠰᠢᠭᠷᠡᠪᠳᠡᠨ ︿ᠪᠤᠷᠣ | ᠨᠤᠶᠠᠨ﹀ ᠤ ᠲᠠᠯᠠᠨ ᠪᠠᠶᠢᠳᠠᠰᠤ ᠪᠠᠷ ᠬᠢᠳᠠᠳ ᠤᠨ ᠴᠡᠷᠢᠭ ᠤᠨ ᠡᠷᠬᠡᠳᠠᠨ᠂ ᠲᠤᠬᠠᠢ ᠶᠢᠨ ᠵᠠᠰᠠᠭ ᠵᠠᠬᠢᠷᠭ᠎ᠠ ᠠᠴᠠ | ᠰᠤᠯᠢᠵᠤ ᠦᠯᠡᠳᠡᠭᠡᠭᠰᠡᠨ ᠵᠤᠰᠠᠯᠠᠩ ᠤᠨ ᠭᠠᠵᠠᠷ ᠨᠢ ᠪᠠᠶᠢᠵᠡᠢ᠃ 1924 ᠣᠨ ᠠᠴᠠ ᠡᠬᠢᠯᠡᠭᠰᠡᠨ ᠬᠢᠳᠠᠳ ᠤᠨ | ᠴᠡᠷᠢᠭ ᠤᠨ ᠡᠷᠬᠡᠳᠠᠨ᠂ ᠤᠷᠤᠨ ᠨᠣᠳᠤᠭ ᠤᠨ ᠢᠵᠠᠭᠤᠷᠳᠠᠳ ᠤᠨ ᠡᠷᠬᠡᠰᠢᠶᠡᠯ ᠲᠤᠤᠷᠠᠬᠢ ᠭᠠᠵᠠᠷ | ᠬᠠᠭᠠᠯᠪᠤᠷᠢᠯᠠᠯᠳᠠ ᠠᠴᠠ ᠡᠬᠦᠰᠤᠭ᠍ᠰᠡᠨ ᠲᠠᠷᠠᠭᠠᠯᠠᠬᠰᠡᠨ ᠠᠷᠪᠡᠨ ᠨᠢᠭᠡ ᠤᠳᠠᠭᠠᠨ ᠤ ᠶᠡᠭᠡ ᠬᠠᠭᠠᠯᠪᠤᠷᠢᠯᠠᠯᠳᠠ ᠳᠤ | ᠪᠠᠭᠠᠷᠢᠨ ᠨᠣᠳᠤᠭ ᠤᠨ ᠬᠦᠷᠤᠰᠤ ᠰᠢᠷᠤᠢ᠂ ᠦᠩ ᠰᠢᠮᠡᠯᠢᠭ ᠪᠡᠯᠴᠢᠭᠡᠷ ᠨᠣᠳᠤᠭ ᠦᠯᠵᠡᠶᠢᠮᠤᠷᠡᠨ ᠢᠶᠠᠨ ᠲᠠᠭᠠᠬᠰᠡᠨ | ᠲᠠᠯ᠎ᠠ ᠶᠢᠨ ᠮᠠᠯᠴᠢᠳ ᠤᠨ ᠦᠪ ᠬᠦᠷᠤᠩᠬᠡ ᠦᠵᠡᠬᠦ ᠶᠢᠨ ᠠᠷᠭ᠎ᠠ ᠦᠬᠡᠢ ᠡᠪᠳᠡᠭᠳᠡᠨ ᠰᠦᠢᠳᠬᠡᠭᠳᠡᠵᠦ | ᠤᠰᠤ ᠪᠠᠨ ᠲᠠᠭᠠᠬᠰᠡᠨ ᠮᠠᠯᠴᠢᠳ ᠮᠠᠨᠢ ᠠᠮᠢᠳᠤᠷᠠᠬᠤ ᠶᠢᠨ ᠠᠷᠭ᠎ᠠ ᠦᠬᠡᠢ ᠬᠢᠬᠠᠯ ᠮᠦᠯᠵᠢᠯ ᠤᠨ ᠲᠤᠤᠷ᠎ᠠ ᠠᠭᠤᠯᠠ | ᠬᠠᠳᠠᠨ ᠵᠦᠭ ᠢᠶᠠᠨ ᠰᠢᠯᠵᠢᠭᠰᠡᠨ ᠪᠠᠶᠢᠵᠠᠢ᠃ | ᠬᠤᠶᠠᠷ ᠂ ︽ ᠣᠯᠠᠭᠠᠨ ᠳᠠᠪᠠᠭ᠎ᠠ︾ ᠠᠭᠤᠯᠠ ᠣᠰᠤ | ᠣᠯᠠᠭᠠᠨ ᠳᠠᠪᠠᠭ᠎ᠠ ᠨᠣᠳᠤᠭ ᠪᠤᠯ ᠣᠰᠤ ᠪᠡᠯᠴᠢᠭᠡᠷ ᠰᠠᠶᠢᠳᠠᠢ᠂ ᠤᠷᠭᠤᠮᠠᠯ ᠤᠨ ᠲᠦᠷᠤᠯ ᠤᠯᠠᠨ ᠲᠠᠢ᠂ ᠠᠭᠤᠷ | ᠠᠮᠢᠰᠬᠤᠯ ᠲᠠᠭᠠᠳᠠᠢ᠂ ᠠᠭᠤᠯᠠ ᠰᠦᠷᠯᠢᠭ ᠣᠰᠤ ᠲᠤᠩᠭᠠᠯᠠᠭ ᠤᠷᠤᠨ ᠶᠤᠮ᠃ ᠶᠡᠭᠡ ᠬᠢᠩᠭᠠᠨ ᠳᠠᠪᠠᠭᠠᠨ ᠤ | ᠰᠠᠯᠪᠤᠷᠢ ᠨᠢᠷᠤᠭᠤᠳ ᠪᠤᠯᠬᠤ ᠲᠠᠭᠤ ᠲᠠᠭᠤ ᠪᠠᠨ ᠠᠪᠤᠯᠴᠠᠬᠰᠨᠨ ᠪᠤᠯᠠᠭ ᠬᠠᠨ ᠠᠭᠤᠯᠠ᠂ ᠠᠷᠤ ᠬᠤᠷᠴᠢᠨ ᠬᠠᠨ | ᠠᠭᠤᠯᠠ᠂ ᠵᠠᠷᠤᠳ ᠬᠠᠨ ᠠᠭᠤᠯᠠ ᠵᠡᠷᠬᠡ ᠲᠠᠪᠤᠨ ᠬᠠᠨ ᠠᠭᠤᠯᠠ ᠶᠢᠨ ᠨᠢᠭᠡ ᠪᠤᠯᠬᠤ ᠪᠠᠶᠠᠨ ᠵᠢᠷᠤᠭᠡ ᠬᠠᠨ | ᠠᠭᠤᠯᠠ ᠶᠢᠨ ᠲᠤᠭᠤᠷᠢᠨ ᠳᠤ ᠪᠠᠶᠢᠷᠢᠰᠢᠵᠤ ᠪᠠᠶᠢᠭᠠᠯᠢ ᠶᠢᠨ ᠣᠰᠤᠨ ᠴᠡᠩᠬᠡᠷ ᠡᠮᠵᠢᠶᠡᠷᠢ ᠰᠢᠭ ᠮᠤᠷᠤᠯᠵᠡᠨ | ᠲᠤᠯᠬᠢᠶᠠᠯᠠᠬᠰᠡᠨ ᠪᠤᠷᠭᠠᠰᠤ ᠲᠠᠢ ᠡᠬᠢ ᠶᠢᠨ ᠭᠤᠤᠯ᠂ ᠬᠠᠳᠠᠨ ᠠᠷᠤ ᠶᠢᠨ ᠭᠤᠤᠯ᠂ ᠮᠠᠬᠭ᠍ᠳᠤ ᠶᠢᠨ ᠭᠤᠤᠯ᠂ | ᠪᠤᠭᠤᠳᠤ ᠶᠢᠨ ᠭᠤᠤᠯ ᠤᠨ ᠨᠡᠶᠢᠯᠡᠮᠡᠯ ᠤᠷᠤᠰᠬᠠᠯ ᠨᠢ ᠬᠤᠭᠤᠯᠠᠳᠤ ᠶᠢᠨ ᠭᠤᠤᠯ ᠲᠠᠢ ᠨᠢᠭᠡ ᠤᠷᠤᠰᠬᠠᠯ ᠪᠤᠯᠵᠤ | ᠬᠤᠪᠤᠭᠤ ᠬᠦᠨᠳᠠᠢ᠂ ᠪᠤᠭᠤᠳᠤ ᠶᠢᠨ ᠬᠦᠨᠳᠠᠢ᠂ ᠬᠤᠭᠤᠯᠠᠳᠤ ᠶᠢᠨ ᠬᠦᠨᠳᠠᠢ᠂ ᠴᠠᠭᠠᠨ ᠬᠦᠨᠳᠠᠢ ᠂ ᠮᠡᠬᠭᠳᠤ ᠶᠢᠨ | ᠬᠦᠨᠳᠠᠢ ᠵᠡᠷᠬᠡ ᠬᠦᠨᠳᠠᠢ ᠵᠢᠯᠭ᠎ᠠ ᠶᠢᠨ ᠠᠮᠠ ᠲᠠᠭᠠᠷᠢᠨ ᠦᠯᠵᠡᠶᠢᠮᠤᠷᠡᠨ ᠭᠤᠤᠯ ᠲᠠᠢ ᠨᠡᠶᠢᠯᠡᠵᠤ ᠪᠠᠶᠢᠳᠠᠭ᠃ ︽ | ᠤᠯᠠᠭᠠᠨ ᠳᠠᠪᠠᠭ᠎ᠠ︾ ᠨᠢ ᠵᠡᠬᠦᠨ ᠪᠠᠭᠠᠷᠢᠨ ᠤ ᠬᠤᠵᠢᠭᠤᠳ ᠪᠠᠶᠢᠭᠤᠯᠠᠬᠳᠠᠬᠰᠡᠨ ᠰᠤᠮᠤᠨ ᠤ ᠨᠢᠭᠡ ᠪᠤᠯᠬᠤ ᠶᠤᠮ᠃ | 1949 ᠣᠨ ᠤ 4 ᠰᠠᠷ᠎ᠠ ᠳᠤ ᠤᠯᠠᠭᠠᠨᠳᠠᠪᠠᠭ᠎ᠠ ᠨᠢ ᠵᠡᠬᠦᠨ ᠪᠠᠭᠠᠷᠢᠨ ᠤ ᠶᠢᠰᠤᠳᠤᠬᠡᠷ ᠨᠣᠳᠤᠭ ᠬᠡᠵᠤ ᠨᠡᠷᠡᠯᠡᠭᠳᠡᠵᠤ᠂ | ᠪᠠᠷᠠᠭᠤᠨ ᠬᠤᠭᠤᠯᠠᠳᠤ ᠶᠢᠨ ᠭᠤᠤᠯ᠂ ᠵᠠᠬᠦᠨ ᠬᠤᠭᠤᠯᠠᠳᠤ ᠶᠢᠨ ᠭᠤᠤᠯ᠂ ᠵᠡᠬᠦᠨ ᠬᠤᠭᠤᠯᠠᠳᠤ ᠶᠢᠨ ᠭᠤᠤᠯ ᠢ | ᠪᠠᠭᠳᠠᠭᠠᠵᠤ ᠠᠭᠤᠶᠢᠳᠤ ᠶᠢᠨ ᠰᠦᠮ᠎ᠠ ᠳᠤ ᠨᠣᠳᠤᠭ ᠤᠨ ᠲᠦᠪ ᠪᠠᠶᠢᠵᠠᠢ᠃ ᠠᠭᠤᠶᠢᠳᠤ ᠰᠦᠮ᠎ᠠ ᠨᠢ ᠲᠠᠪᠰᠢᠩᠭᠤᠢ | ᠲᠡᠭᠡᠳᠤ ᠲᠠᠪᠬᠤᠷᠭᠠᠳᠠᠨ ᠪᠤᠷᠣ ᠨᠤᠶᠠᠨ ᠮᠢᠰᠢᠭᠷᠡᠪᠳᠠᠨ᠂ ᠲᠠᠪᠰᠢᠩᠭᠤᠢ ᠲᠡᠬᠡᠳᠤ ᠲᠠᠪᠬᠤᠭᠠᠷᠭᠠᠳᠠᠨ ᠬᠤᠪᠢᠯᠭᠠᠨ | ᠯᠠᠮᠠ ᠴᠤᠶᠢᠵᠢᠨᠢᠩᠪᠪᠤᠤ ᠶᠢᠨ ᠤᠤᠭᠠᠯ ᠨᠣᠳᠤᠭ ᠪᠠᠶᠢᠵᠡᠢ᠃ ᠰᠤᠶᠤᠯ ᠤᠨ ᠬᠤᠪᠢᠰᠬᠠᠯ ᠤᠨ ᠭᠠᠯᠵᠠᠭᠤ ᠣᠯᠠᠭᠠᠨ | ᠰᠢᠭᠤᠷᠭᠠᠨ ᠳᠤ ᠡᠨᠡᠬᠦ ᠨᠣᠳᠤᠭ ᠣᠷᠣᠨ ᠤ ᠰᠤᠳᠣᠨ ᠬᠦᠮᠤᠰ ᠦᠳᠡᠯᠤᠬᠡ ᠨᠠᠰᠤᠨ ᠤ ᠴᠠᠭ ᠲᠤ ᠪᠠᠨ ᠦᠵᠤᠬᠦᠷ | ᠪᠤᠶᠠᠨ ᠲᠠᠢ ᠵᠢᠷᠭᠠᠵᠤ ᠴᠢᠳᠡᠬᠰᠡᠨ ᠦᠬᠡᠢ ᠦᠢᠯᠠ ᠲᠠᠮᠤ ᠶᠢ ᠬᠠᠨᠤᠳᠠᠯ᠎ᠠ ᠠᠮᠰᠠᠵᠤ ᠦᠩᠬᠡᠷᠭᠰᠡᠨ ᠪᠠᠶᠢᠵᠠᠢ᠃ | ︿ᠨᠢᠭᠡ﹀ ᠦᠯᠢᠬᠡᠷ ᠲᠤᠮᠤᠭ ᠲᠠᠢ ᠠᠭᠤᠯᠠ ᠣᠰᠤ ᠦᠵᠡᠮᠵᠢ ᠲᠡᠬᠦᠰ ᠪᠠᠶᠠᠨ ᠪᠠᠶᠢᠭᠠᠯᠢ | 1.ᠬᠦᠨᠳᠠᠢ ᠵᠢᠯᠠᠭ᠎ᠠ | ᠮᠡᠩᠳᠤ ᠶᠢᠨ ᠬᠦᠨᠳᠠᠢ᠄ ᠪᠡᠷᠬᠡ ᠶᠢᠨ ᠬᠤᠳᠳᠤᠭ ᠤᠨ ᠵᠡᠬᠦᠨ ᠬᠤᠭᠤᠯᠠᠳᠤ ᠭᠠᠴᠠᠭ᠎ᠠ ᠶᠢᠨ ᠪᠠᠷᠠᠭᠤᠨ ᠳᠠᠬᠢ ᠶᠡᠭᠡ | ᠵᠢᠯᠠᠭ᠎ᠠ ᠶᠢ ᠮᠡᠩᠳᠤ ᠶᠢᠨ ᠬᠦᠨᠳᠠᠢ ᠬᠡᠳᠡᠭ᠃ ᠪᠠᠷᠤᠭ ᠵᠡᠬᠦᠨᠰᠢ ᠪᠠᠷᠠᠭᠤᠨᠰᠢ 40km ᠣᠷᠳᠣ᠂ ᠡᠮᠤᠨᠡᠰᠢ ᠬᠤᠶᠢᠰᠢ | 20km ᠦᠷᠬᠡᠨ ᠣᠢ ᠮᠣᠳᠣ ᠢᠬᠴᠢ ᠡᠪᠠᠰᠤ ᠮᠤᠳᠤ ᠰᠠᠬᠤᠯᠠᠭ ᠠᠮᠢᠳᠠᠨ ᠠᠷᠢᠶᠠᠳᠠᠨ ᠵᠤᠵᠠᠭᠠᠨ ᠭᠠᠵᠠᠷ ᠶᠤᠮ᠃ | ᠰᠤᠮᠤᠨ ᠤ ᠬᠡᠳᠦᠨ ᠭᠠᠴᠠᠭ᠎ᠠ ᠨᠤᠭᠤᠳ ᠤᠨ ᠬᠠᠪᠤᠷᠵᠢᠶ᠎ᠠ ᠨᠠᠮᠤᠷᠵᠢᠶ᠎ᠠ ᠪᠠᠷ ᠰᠠᠭᠤᠳᠠᠭ ᠣᠰᠤ ᠪᠡᠯᠴᠢᠭᠡᠷ ᠰᠠᠶᠢᠳᠠᠢ | ᠮᠠᠯ ᠤᠨᠤᠭᠠᠨ ᠳᠤ ᠰᠢᠮᠡᠳᠢ ᠬᠤᠵᠢᠷ ᠲᠤᠯᠤᠴᠠ ᠡᠯᠪᠡᠭ ᠭᠠᠵᠠᠷ ᠶᠤᠮᠰᠠᠨ᠃ ᠰᠤᠮᠤᠨ ᠤ ᠬᠡᠳᠤᠨ ᠭᠠᠴᠠᠭ᠎ᠠ | ᠨᠤᠭᠤᠳ ᠤᠨ ᠬᠠᠪᠤᠷᠵᠢᠶ᠎ᠠ ᠨᠠᠮᠤᠷᠵᠢᠶ᠎ᠠ ᠪᠠᠷ ᠰᠠᠭᠤᠳᠠᠭ ᠣᠰᠤ ᠪᠡᠯᠴᠢᠭᠡᠷ ᠰᠠᠶᠢᠳᠠᠢ ᠮᠠᠯ ᠤᠨᠤᠭᠠᠨ ᠳᠤ ᠰᠢᠮᠡᠳᠠᠢ | ᠬᠠᠵᠢᠷ ᠲᠤᠯᠤᠴᠠ ᠡᠯᠪᠡᠭ ᠭᠠᠵᠠᠷ ᠶᠤᠮᠰᠠᠨ᠃ ᠵᠡᠬᠦᠨᠰᠢ ᠪᠠᠷᠠᠭᠤᠨᠰᠢ ᠪᠠᠨ ᠲᠠᠭᠠᠬᠰᠡᠨ ᠮᠡᠩᠳᠤ ᠶᠢᠨ ᠬᠡᠳᠦᠨ | ᠵᠢᠯᠠᠭ᠎ᠠ ᠶᠢ ᠭᠡᠷ ᠴᠠᠭᠠᠨ᠂ ᠬᠦᠷᠡᠩᠴᠢ ᠦᠨᠢᠶᠡᠨ ᠭᠤᠤ᠂ ᠪᠤᠯᠠᠭ ᠤᠨ ᠡᠬᠢ᠂ ᠳ᠋ᠠᠢ ᠸᠠᠩ ᠤᠨ ᠬᠠᠳᠠ ᠬᠡᠵᠤ | ᠨᠡᠷᠡᠯᠡᠳᠡᠭ᠃ ︽ ᠭᠡᠷ ᠴᠠᠭᠠᠨ︾ ᠭᠡᠳᠡᠭ ᠨᠢ ᠮᠠᠩᠳᠤ ᠶᠢᠨ ᠬᠦᠨᠳᠠᠢ ᠶᠢᠨ ᠪᠠᠷᠠᠭᠤᠨ ᠡᠮᠤᠨ᠎ᠠ ᠰᠠᠯᠠᠭᠠᠨ ᠤ ᠡᠬᠢᠨ ᠳᠤ | ᠪᠠᠶᠢᠳᠠᠭ ᠨᠤᠷ᠎ᠠ ᠴᠠᠭᠠᠨ ᠬᠠᠳᠠ ᠤᠨ ᠠᠷᠤ ᠳᠠᠬᠢ 25 ᠺᠦᠸᠠᠳ᠋ ᠺᠢᠯᠤᠮᠧᠲᠷ ᠲᠡᠭᠰᠢ ᠲᠦᠷᠪᠡᠯᠵᠢᠨ ᠲᠠᠯᠠᠪᠠᠢ ᠲᠠᠢ | ᠤᠯᠢᠶᠠᠰᠤᠨ ᠰᠢᠭᠤᠢ ᠪᠠᠷ ᠨᠡᠷᠡᠶᠢᠳᠤᠭ᠍ᠰᠡᠨ ᠪᠠᠶᠢᠵᠠᠢ᠃ ᠮᠢᠩᠭ᠎ᠠ ᠶᠢᠰᠤᠨ ᠵᠠᠭᠤᠨ ᠬᠤᠷᠢᠭᠠᠳ ᠣᠨ ᠤ ᠦᠶ᠎ᠠ ᠪᠠᠷ | ᠬᠠᠷ᠎ᠠ ᠴᠡᠷᠢᠭ ᠤᠨ ᠳᠡᠭᠡᠷᠡᠮ ᠲᠤᠨᠤᠭ᠎ᠠ ᠠᠴᠠ ᠵᠠᠶᠢᠯᠠᠵᠤ ᠮᠠᠯᠴᠢᠳ ᠡᠨᠡᠬᠦ ᠢᠬᠴᠢ ᠠᠬᠤᠶᠢᠯᠠᠭ ᠤᠯᠢᠶᠠᠰᠤᠨ ᠰᠢᠭᠤᠢ | ᠳᠤ ᠨᠢᠭᠤᠨ ᠳᠠᠯᠳᠠᠯᠠᠵᠤ ᠪᠠᠶᠢᠵᠠᠢ᠃ ᠢᠩᠬᠢᠭᠡᠳ ᠡᠨᠡᠬᠦ ᠰᠢᠭᠤᠢ ᠨᠢ ᠬᠠᠯᠠᠭᠤᠨ ᠲᠤᠯᠠᠭᠠᠨᠭᠡᠷ ᠨᠢ ᠬᠦᠮᠤᠨ | ᠠᠷᠠᠳ ᠢᠶᠠᠨ ᠡᠯᠢᠭᠡᠨ ᠳᠡᠭᠡᠨ ᠪᠦᠬᠡᠶᠢᠴᠡᠶᠢᠯᠡᠵᠤ ᠠᠶᠤᠯ ᠭᠠᠮᠰᠢᠭ ᠠᠴᠠ ᠵᠠᠶᠢᠯᠠᠭᠤᠯᠵᠤ ᠪᠠᠶᠢᠬᠰᠡᠨ ᠤᠴᠢᠷ ᠠᠴᠠ ᠭᠡᠷ | ᠴᠠᠭᠠᠨ ᠭᠡᠵᠤ ᠨᠡᠷᠡᠯᠡᠭᠰᠡᠨ ᠪᠠᠶᠢᠵᠡᠢ᠃ ᠭᠡᠳᠡᠯ᠎ᠠ ᠣᠳᠤ ᠤᠬᠠᠭᠠᠨ ᠮᠦᠴᠢᠳ ᠤᠨ ᠭᠠᠢ ᠪᠠᠷ ᠭᠡᠷ ᠴᠠᠭᠠᠨ ᠤ ᠲᠡᠪᠡᠷᠢ | ᠪᠦᠳᠤᠬᠦᠨ ᠣᠯᠢᠶᠠᠰᠤ ᠰᠢᠩᠬᠡᠷᠡᠬᠦ ᠶᠢᠨ ᠲᠤᠶᠢᠯ ᠳᠤ ᠲᠤᠯᠤᠬᠰᠡᠨ ᠮᠦᠷᠳᠡᠬᠡᠨ ᠤᠷᠭᠤᠴᠠ ᠶᠢᠨ ᠲᠠᠯᠠᠪᠠᠢ ᠨᠢ ᠴᠦ | ᠭᠠᠶᠢᠬᠠᠳᠠᠯᠠ ᠪᠠᠭᠠᠰᠴᠠᠢ᠃ | ᠳ᠋ᠠᠢ ᠸᠠᠩ ᠤᠨ ᠬᠠᠳᠠ ᠬᠡᠳᠡᠭ ᠨᠢ ᠣᠳᠤ ᠶᠢᠨ ᠬᠤᠭᠤᠯᠠᠳᠤ ᠭᠠᠴᠠᠭ᠎ᠠ ᠶᠢᠨ ᠪᠠᠷᠠᠭᠤᠨ ᠡᠮᠤᠨ᠎ᠠ ᠪᠡᠶ᠎ᠠ ᠳᠤ | ᠪᠠᠶᠢᠭ᠎ᠠ ᠬᠠᠷ᠎ᠠ ᠱᠤᠷᠤᠩ ᠠᠭᠤᠯᠠ ᠶᠢᠨ ᠡᠩᠬᠡᠷ ᠲᠠᠬᠢ ᠴᠢᠯᠠᠭᠤᠨ ᠲᠠᠪᠴᠠᠩ ᠢᠶᠠᠷ ᠨᠡᠷᠡᠯᠡᠭᠰᠡᠨ ᠪᠠᠶᠢᠵᠡᠢ᠃ ᠠᠳᠠ | ᠣᠣᠯ ᠳᠠᠭᠠᠨ ᠪᠡᠯᠴᠢᠭᠡᠷ ᠡᠪᠡᠰᠤ ᠢᠬᠴᠢ ᠰᠠᠬᠤᠯᠠᠭ ᠮᠤᠷᠢᠳᠠᠢ ᠬᠦᠮᠤᠨ ᠤᠷᠤᠭᠠᠳ ᠬᠠᠷᠠᠬᠳᠠᠳᠠᠭ ᠦᠬᠡᠢ ᠪᠢᠳᠡᠬᠦᠤ | ᠦᠯᠦᠭ ᠭᠠᠵᠠᠷ ᠪᠠᠶᠢᠬᠰᠡᠨ ᠮᠦᠷᠳᠡᠬᠡᠨ ᠠᠭᠤᠯᠠ ᠪᠠᠨ ᠲᠠᠭᠠᠭᠠᠳ ᠤᠳᠠ ᠤᠯᠢᠶᠠᠰᠤ᠂ ᠴᠠᠷᠠᠰᠤ ᠳᠠᠯᠠᠳᠣ᠂ | ᠬᠠᠶᠢᠯᠠᠰᠤ ᠮᠠᠶᠢᠯᠠᠰᠤ ᠨᠠᠮᠠᠭ᠎ᠠ ᠬᠤᠯᠪᠤᠨ ᠯᠦᠭᠯᠦᠶᠢᠭᠡᠳ ᠬᠤᠭᠤᠯᠠᠳᠤ ᠶᠢᠨ ᠭᠤᠤᠯ ᠤᠨ ᠬᠦᠪᠡᠭᠡ ᠲᠠᠭᠠᠭᠠᠳ | ᠬᠤᠯᠤᠰᠤ ᠵᠡᠬᠡᠰᠤ ᠪᠤᠷᠭᠠᠰᠤ ᠨᠡᠯᠤᠶᠢᠬᠡᠳ ᠭᠡᠭᠡᠨ ᠴᠠᠭᠠᠨ ᠡᠳᠤᠷ ᠢᠶᠠᠷ ᠭᠠᠭᠴᠠ ᠬᠤᠶᠠᠷ ᠢᠶᠠᠷ ᠶᠠᠪᠤᠬᠤ ᠳᠤ ᠠᠶᠢᠳᠠᠰᠤ | ᠲᠦᠷᠤᠬᠦᠯᠤᠭᠡᠳ ᠪᠠᠶᠢᠳᠠᠭ ᠰᠦᠵᠢᠭ ᠬᠦᠷᠭᠡᠮᠠ ᠤᠷᠤᠨ ᠪᠠᠶᠢᠵᠠᠢ ᠃ ᠲᠤᠬᠠᠢ ᠶᠢᠨ ᠴᠠᠭ ᠦᠶ᠎ᠠ ᠶᠢᠨ ᠬᠠᠷᠢ ᠶᠢᠨ | ᠪᠠ ᠸᠠᠩ ᠬᠦᠩ ᠢᠵᠠᠭᠤᠷᠳᠠᠨ ᠤ ᠲᠠᠷᠤᠯᠠᠯ ᠮᠦᠯᠵᠢᠯ ᠢ ᠡᠰᠡᠷᠬᠦᠴᠡᠨ ᠪᠤᠰᠤᠬᠰᠡᠨ ᠠᠳᠤᠭᠤᠴᠢᠨ ᠠᠬ᠎ᠠ ᠲᠡᠬᠦᠤ | ᠬᠤᠶᠠᠭᠤᠯᠠ ᠰᠢᠯᠢ ᠶᠢᠨ ᠰᠠᠶᠢᠨ ᠡᠷ᠎ᠠ ᠪᠤᠯᠵᠤ ᠠᠭᠤᠯᠠᠨ ᠳᠤ ᠬᠠᠷᠠᠭᠤᠯ ᠴᠠᠶᠢᠵᠠ ᠭᠠᠷᠭᠠᠨ ᠬᠠᠷᠠᠴᠤ ᠠᠷᠠᠳ ᠲᠤ | ᠲᠤᠰᠠᠯᠠᠨ ᠬᠠᠷᠬᠢᠰ ᠨᠤᠶᠠᠳ ᠲᠦᠰᠢᠮᠡᠳ ᠤᠨ ᠠᠳᠤᠭᠤ ᠮᠠᠯ ᠡᠳ᠋ ᠡᠷᠳᠡᠨᠢᠰ ᠢᠶᠠᠷ ᠲᠤᠬᠯᠠᠭᠠᠮ ᠪᠤᠯᠭᠠᠵᠤ᠂ ᠬᠤᠯᠠ | ᠤᠶᠢᠷ᠎ᠠ ᠶᠢᠨ ᠠᠷᠠᠳ ᠢᠷᠬᠡᠳ ᠤᠨ ᠰᠢᠳᠤᠬᠡᠨ ᠪᠤᠯᠵᠤ ᠪᠠᠶᠢᠬᠰᠡᠨ ᠦᠯᠢᠬᠡᠷ ᠠᠴᠠ ᠬᠤᠵᠢᠮ ᠤᠨ ᠬᠦᠮᠤᠰ ᠠᠬ᠎ᠠ | ᠲᠡᠬᠦᠤ ᠬᠤᠶᠠᠷ ᠤᠨ ᠰᠦᠰᠣ ᠵᠤᠷᠢᠭ ᠦᠢᠯᠠ ᠠᠵᠢᠯᠠᠯᠭ᠎ᠠ ᠶᠢ ᠪᠢᠰᠢᠷᠡᠨ ᠬᠦᠨᠳᠤᠳᠬᠡᠵᠤ ᠳ᠋ᠠᠢ ᠸᠠᠩ ᠤᠨ ᠬᠠᠳᠠ | ᠬᠡᠵᠤ ᠨᠡᠷᠡᠯᠠᠯᠠ ᠬᠡᠳᠡᠭ ᠵᠤᠭᠤᠭ ᠪᠠᠶᠢᠳᠠᠭ᠃ ᠬᠦᠷᠡᠩᠴᠢ ᠦᠨᠢᠶᠡᠨ ᠭᠤᠤ ᠬᠡᠳᠡᠭ ᠨᠢ ᠴᠢᠯᠤᠬᠡᠯᠡᠭᠳᠡᠬᠦ ᠶᠢᠨ ᠡᠮᠤᠨ᠎ᠠ | ᠦᠶ᠎ᠠ ᠪᠠᠷ ᠨᠡᠷᠡᠶᠢᠳᠤᠭ᠍ᠰᠡᠨ ᠰᠢᠨ᠎ᠠ ᠨᠡᠷᠡᠶᠢᠳᠤᠯ ᠪᠠᠶᠢᠵᠠᠢ᠃ ᠤᠤᠯ ᠨᠢ ᠲᠡᠷᠠ ᠦᠶ᠎ᠠ ᠳᠤ ᠬᠦᠷᠤᠤ ᠬᠡᠰᠡᠨ ᠨᠡᠷ᠎ᠠ ᠲᠠᠢ | ᠪᠠᠶᠠᠨ ᠤ ᠬᠦᠷᠡᠩ ᠵᠢᠰᠤᠮ ᠤᠨ ᠦᠨᠢᠶ᠎ᠠ ᠨᠢ ᠰᠢᠯᠡᠷᠡᠵᠤ ᠰᠤᠷᠠᠭ ᠲᠠᠰᠤᠷᠠᠭᠠᠳ ᠬᠡᠳᠤᠨ ᠵᠢᠯ ᠤᠨ ᠨᠢᠭᠤᠷ ᠦᠵᠡᠵᠡᠢ᠃ | ᠨᠢᠳᠬᠡ ᠤᠳᠠᠭ᠎ᠠ ᠠᠪᠠ ᠰᠢᠪᠠᠭᠤᠨ ᠳᠤ ᠬᠤᠷᠤᠬᠠᠢ ᠲᠠᠢ ᠤᠶᠢᠷ᠎ᠠ ᠬᠦᠷᠰᠢ ᠶᠢᠨ ᠬᠡᠳᠤᠨ ᠠᠶᠢᠯ ᠤᠨ ᠬᠦᠮᠤᠰ ᠤᠳ | ᠨᠤᠮᠤ ᠰᠠᠭᠠᠳᠠᠭ ᠠᠬᠰᠠᠵᠤ ᠨᠤᠬᠠᠢ ᠬᠡᠴᠢ ᠪᠠᠨ ᠲᠠᠭᠠᠭᠤᠯᠤᠨ ᠮᠠᠩᠳᠤ ᠶᠢᠨ ᠬᠦᠨᠳᠠᠢ ᠳᠤ ᠨᠠᠮᠤᠷ ᠤᠨ ᠰᠡᠬᠦᠯ | ᠡᠪᠤᠯ ᠤᠨ ᠡᠬᠢ ᠪᠠᠷ ᠭᠠᠭ᠋ᠠᠢ ᠶᠢᠨ ᠠᠪᠠ ᠲᠠᠯᠪᠢᠭᠠᠳ ᠪᠠᠶᠠᠨᠵᠢᠷᠤᠬᠡ ᠬᠠᠨ ᠠᠭᠤᠯᠠ ᠶᠢᠨ ᠪᠠᠷᠠᠭᠤᠨ ᠡᠮᠤᠨ᠎ᠠ ᠰᠤᠭᠤ | ᠮᠠᠩᠳᠤ ᠶᠢᠨ ᠬᠦᠨᠳᠠᠢ ᠶᠢᠨ ᠡᠬᠢ ᠣᠳᠤ ᠶᠢᠨ ︽ᠬᠦᠷᠡᠩᠴᠢ ᠦᠨᠢᠶᠡᠨ ᠭᠤᠤ︾ ᠠᠴᠠ ᠲᠠᠩ ᠵᠢᠰᠤᠮ ᠤᠨ ᠶᠢᠰᠤᠨ | ᠬᠦᠷᠡᠩ ᠵᠢᠰᠤᠮ ᠤᠨ ᠮᠠᠯ ᠤᠯᠤᠬᠰᠡᠨ ᠨᠢ ᠬᠦᠷᠤᠤ ᠪᠠᠶᠠᠨ ᠤ ᠰᠤᠷᠠᠭ ᠲᠠᠰᠤᠷᠠᠭᠠᠳ ᠬᠡᠳᠤᠨ ᠵᠢᠯ ᠪᠤᠯᠤᠬᠰᠡᠨ | ᠬᠦᠷᠡᠩ ᠦᠨᠢᠶ᠎ᠠ ᠨᠢ ᠦᠷᠡᠵᠢᠬᠡᠳ ᠰᠦᠷᠦᠭ ᠪᠤᠯᠵᠤ ᠪᠠᠶᠢᠬᠰᠡᠨ ᠠᠴᠠ ᠰᠤᠨᠢᠨ ᠦᠯᠢᠬᠡᠷ ᠲᠠᠢ ᠬᠦᠷᠡᠩᠴᠢ ᠦᠨᠢᠶᠡᠨ | ᠭᠤᠤ ᠶᠠᠷᠢᠬᠳᠠᠬᠤ ᠪᠤᠯᠤᠬᠰᠡᠨ ᠪᠠᠶᠢᠵᠠᠢ᠃ | ᠮᠡᠩᠳᠤ ᠶᠢᠨ ᠬᠦᠨᠳᠠᠢ ᠶᠢ ᠤᠯᠠᠮᠵᠢᠯᠠᠨ ᠶᠠᠷᠢᠶ᠎ᠠ ᠠᠴᠠ ᠦᠩᠬᠡᠷᠡᠭᠰᠡᠨ ᠤ ᠨᠠᠰᠤᠳᠠᠨ ᠪᠤᠭᠤᠷᠤᠯ ᠤᠳ ᠮᠠᠨᠠᠨ | ᠬᠦᠳᠡᠩ ᠳᠠᠲᠠᠭᠠᠳ ᠤᠢ ᠮᠤᠳᠤ ᠢᠬᠴᠤᠷᠠᠵᠤ ᠬᠠᠪᠤᠷ ᠤᠨ ᠡᠬᠢ ᠨᠠᠮᠤᠷ ᠤᠨ ᠰᠡᠬᠦᠯᠴᠢ ᠪᠤᠯᠳᠠᠯ᠎ᠠ ᠬᠤᠷ᠎ᠠ ᠤᠰᠤ | ᠲᠠᠰᠤᠷᠠᠬᠤ ᠦᠬᠡᠢ ᠡᠬᠦᠯᠠ ᠮᠠᠨᠠᠨ ᠳᠠᠲᠠᠭᠠᠳ ᠡᠳᠤᠷᠵᠢᠨ ᠪᠤᠷᠤᠭᠠᠯᠠᠭᠠᠳ ᠪᠠᠶᠢᠳᠠᠭ ᠠᠴᠠ ︽ᠮᠠᠨᠠᠨᠳᠤ ᠬᠦᠨᠳᠠᠢ︾ | ᠬᠡᠵᠤ ᠬᠡᠯᠡᠯᠴᠡᠳᠡᠭ ᠴᠦ ᠲᠡᠬᠦᠨ ᠤ ᠲᠤᠬᠠᠢ ᠡᠶᠢᠮᠤ ᠨᠢᠭᠡᠨ ᠰᠤᠨᠢᠨ ᠲᠤᠮᠤᠭ ᠪᠠᠶᠢᠳᠠᠭ᠃ | ᠡᠷᠳᠠ ᠤᠷᠢᠳᠤ ᠴᠠᠭ ᠲᠤ᠂ ᠣᠳᠤ ᠶᠢᠨ ᠬᠠᠪᠴᠢᠯ ᠭᠠᠴᠠᠭᠠᠨ ᠤ ᠠᠷᠤ ᠲᠦᠰᠢᠯᠬᠡ ᠪᠤᠯᠤᠭ᠎ᠠ ᠡᠷ᠎ᠠ | ᠱᠤᠷᠤᠩ ᠡᠯᠢᠶᠡᠨ ᠦᠨᠳᠤᠷ ᠤᠨ ᠪᠠᠷᠠᠭᠤᠨ ᠵᠠᠬ᠎ᠠ ᠳᠤ ᠰᠦᠨᠳᠡᠷᠯᠡᠭᠡ ᠰᠠᠶᠢᠬᠠᠨ ᠰᠠᠷᠪᠠᠩ ᠤᠨ ᠡᠩᠬᠡᠷ ᠲᠤ ᠡᠯᠳᠡᠪ | ᠠᠮᠢᠳᠠᠳ ᠤᠨ ᠤᠮᠳᠠ ᠪᠤᠯᠤᠬᠰᠡᠨ ᠦᠵᠡᠮᠵᠢ ᠲᠡᠬᠦᠰ ᠪᠦᠷᠢᠯᠳᠤᠭ᠍ᠰᠡᠨ ᠲᠤᠨᠤᠮᠠᠯ ᠰᠢᠷ᠎ᠠ ᠨᠠᠭᠤᠷ ᠪᠠᠶᠢᠯ᠎ᠠ ᠬᠡᠳᠡᠭ᠃ | ᠡᠨᠠ ᠲᠤᠨᠤᠮᠠᠯ ᠨᠠᠭᠤᠷ ᠨᠢ ᠶᠠᠭ ᠰᠠᠶᠢᠬᠠᠨ ᠮᠠᠩᠳᠤ ᠶᠢᠨ ᠵᠢᠯᠠᠭ᠎ᠠ ᠶᠢᠨ ᠠᠮᠠ᠂ ᠬᠤᠶᠠᠷ ᠲᠠᠯ᠎ᠠ ᠪᠠᠷ ᠢᠶᠠᠨ ᠡᠭᠴᠨ | ᠪᠤᠰᠤᠭ᠎ᠠ ᠴᠠᠪᠴᠢᠶᠠᠯ ᠬᠠᠳᠠ ᠪᠠᠷ ᠬᠠᠰᠢᠬᠰᠡᠨ ᠬᠤᠭᠤᠯᠠᠳᠤ ᠶᠢᠨ ᠭᠤᠤᠯ ᠤᠨ ᠭᠤᠤᠯ ᠤᠨ ᠲᠤᠮᠳᠠ ᠤᠷᠤᠰᠬᠠᠯ ᠤᠨ | ᠵᠡᠬᠦᠨ ᠲᠠᠨᠵᠢᠨ ᠳᠤ ᠪᠠᠶᠢᠵᠠᠢ᠃ ᠲᠡᠷᠠ ᠦᠶᠡᠰ ᠲᠤ ᠮᠠᠩᠳᠤ ᠶᠢᠨ ᠬᠦᠨᠳᠠᠢ ᠠᠴᠠ ᠲᠤᠯᠤᠭᠠᠢ ᠰᠡᠬᠦᠯ ᠨᠢ | ᠬᠠᠷᠠᠬᠳᠠᠳᠠᠭ ᠦᠬᠡᠢ ᠭᠠᠩ ᠤᠨ ᠴᠢᠨᠡᠭᠡ ᠨᠢᠭᠡ ᠮᠠᠩ ᠮᠤᠭᠠᠢ ᠲᠤᠯᠤᠭᠠᠨ ᠡᠳᠤᠷ ᠠᠯᠤᠰᠯᠠᠬᠤ ᠪᠦᠷᠢ ᠵᠤᠨ ᠤ | ᠬᠠᠯᠠᠭᠤᠨ ᠳᠤ ᠤᠰᠤᠨ ᠳᠤ ᠪᠠᠭᠤᠵᠤ ᠬᠦᠮᠤᠨ ᠠᠮᠢᠳᠠᠨ ᠢ ᠬᠦᠨᠤᠬᠡᠵᠤ ᠤᠷᠴᠢᠨ ᠲᠤᠭᠤᠷᠢᠨ ᠤ ᠬᠦᠮᠤᠨ | ᠠᠷᠠᠳ ᠤᠨ ᠬᠦᠨᠤᠬᠡᠯᠳᠤ ᠲᠠᠶᠢᠰᠤᠨ ᠪᠤᠯᠵᠠᠢ᠃ ᠲᠡᠭᠡᠭᠡᠳ ᠡᠨᠡᠬᠦ ᠮᠠᠩ ᠮᠤᠭᠠᠢ ᠶᠢᠨ ᠬᠡᠷᠴᠡᠭᠡᠢ ᠲᠤᠬᠰᠢᠨ ᠨᠢ | ᠤᠯᠠᠮ ᠠᠬᠠᠳᠠᠵᠤ ᠬᠦᠮᠤᠨ ᠠᠮᠢᠳᠠᠨ ᠢ ᠬᠤᠷᠤᠭᠠᠵᠤ ᠵᠠᠯᠬᠢᠬᠤ ᠨᠢ ᠨᠡᠩ ᠬᠡᠴᠡᠬᠦᠳᠠᠵᠡᠢ᠃ ᠶᠠᠭᠡᠨᠡᠬᠦ ᠭᠠᠷ | ᠮᠣᠬᠤᠷᠳᠠᠵᠤ ᠭᠠᠴᠢᠬᠳᠠᠵᠤ ᠪᠠᠶᠢᠬᠰᠡᠨ ᠴᠠᠭ ᠲᠤ ᠴᠡᠬᠡᠵᠢ ᠴᠦᠨᠳᠤᠬᠡᠷ᠂ ᠨᠢᠷᠤᠭᠤ ᠠᠬᠠᠷ᠂ ᠲᠠᠰᠢᠶ᠎ᠠ ᠵᠤᠵᠠᠭᠠᠨ᠂ | ᠬᠡᠳᠡᠰᠤ ᠨᠠᠷᠢᠨ ᠡᠴᠡᠩᠬᠡᠷ ᠪᠤᠷᠣ ᠮᠤᠷᠢᠳᠠᠢ ᠨᠢᠳᠤᠨ ᠳᠡᠭᠡᠨ ᠭᠠᠯ ᠲᠠᠢ ᠨᠢᠭᠤᠷ ᠳᠡᠭᠡᠨ ᠴᠤᠭ ᠲᠠᠢ ᠠᠩᠴᠢᠨ | ᠵᠠᠯᠠᠭᠤ ᠪᠠᠭ᠋ᠠᠰᠢᠶᠠᠭ ᠲᠠᠢ ᠪᠠᠨ ᠡᠨᠠ ᠨᠣᠳᠤᠭ ᠢᠶᠠᠷ ᠦᠩᠬᠡᠷᠡᠵᠤ ᠵᠡᠬᠦᠨ ᠭᠠᠵᠠᠷ ᠨᠠᠶᠢᠷ ᠲᠤ ᠬᠦᠷᠴᠤ ᠪᠦᠬᠡ | ᠨᠤᠴᠤᠯᠳᠤᠬᠤ ᠪᠠᠷ ᠶᠠᠪᠤᠵᠤ ᠪᠠᠶᠢᠬᠰᠡᠨ ᠲᠠᠢ ᠲᠠᠭᠠᠷᠠᠯᠳᠤᠵᠠᠢ᠃; ᠢᠩᠬᠢᠭᠡᠳ ᠲᠤᠬᠠᠢ ᠶᠢᠨ ᠭᠠᠵᠠᠷ ᠤᠨ ᠮᠠᠯᠴᠢᠨ | ᠠᠷᠠᠳ ᠡᠨᠡᠬᠦ ᠪᠠᠭᠰᠢ ᠱᠠᠪᠢ ᠶᠢᠨ ᠡᠮᠤᠰᠬᠡᠯ ᠵᠠᠰᠠᠯ ᠡᠳᠡᠬᠡᠳ ᠰᠦᠷ ᠲᠠᠢ᠂ ᠡᠷ᠎ᠠ ᠴᠢᠳᠠᠯ ᠵᠡᠷᠬᠡ ᠠᠴᠠ | ᠬᠡᠳᠤᠷᠬᠡᠢ ᠶᠢ ᠦᠵᠡᠬᠡᠳ ᠮᠠᠩ ᠮᠣᠭᠠᠢ ᠶᠢ ᠲᠠᠷᠤᠵᠤ ᠬᠦᠮᠤᠨ ᠠᠷᠠᠳ ᠤᠨ ᠬᠦᠨᠤᠬᠡᠯᠳᠤ ᠲᠠᠶᠢᠰᠤᠨ ᠢ ᠤᠰᠠᠳᠬᠠᠵᠤ | ᠦᠭᠬᠦ ᠶᠢ ᠭᠤᠶᠤᠴᠢᠯᠠᠵᠤ ᠬᠦᠨᠳᠤᠳᠬᠡᠨ ᠰᠢᠳᠤᠨ ᠵᠤᠴᠢᠯᠠᠬᠤ ᠳᠤ ᠪᠠᠭᠰᠢ ᠱᠠᠪᠢ ᠬᠤᠶᠠᠷ ᠮᠠᠷᠭᠤᠨ ᠲᠦᠯᠬᠢᠭᠰᠡᠨ | ᠦᠬᠡᠢ ᠬᠦᠰᠡᠯ ᠨᠠᠶᠢᠳᠠᠯᠭ᠎ᠠ ᠶᠢ ᠨᠢ ᠬᠦᠯᠢᠶᠡᠵᠤ ᠠᠪᠴᠢ᠃ ᠡᠮᠤᠨ᠎ᠠ ᠠᠷᠪᠡᠨ ᠡᠳᠤᠷ ᠪᠠᠭᠰᠢ ᠱᠠᠪᠢ ᠬᠤᠶᠠᠭᠤᠯᠠ ᠪᠠᠨ | ᠬᠠᠷ᠎ᠠ ᠬᠤᠱᠤᠣ ᠶᠢᠨ ᠣᠷᠣᠢ ︿ᠣᠳᠤ ᠶᠢᠨ ᠣᠪᠣᠭᠠᠨ ᠲᠠᠬᠢᠯᠭ᠎ᠠ ᠶᠢᠨ ᠤᠷᠤᠢ﹀ ᠳᠤ ᠭᠠᠷᠴᠤ ᠮᠠᠩ ᠮᠤᠭᠠᠢ ᠶᠢᠨ | ᠶᠠᠪᠤᠳᠠᠯ ᠢ ᠠᠵᠢᠬᠯᠠᠵᠤ ᠰᠠᠭᠤᠵᠠᠢ᠃ ᠬᠠᠷ᠎ᠠ ᠬᠤᠱᠤᠣ ᠶᠢᠨ ᠤᠷᠤᠢ ᠶᠢ ᠬᠡᠵᠤ ᠣᠳᠤ ᠶᠢᠨ ᠬᠠᠪᠴᠢᠯ ᠭᠠᠴᠠᠭ᠎ᠠ ᠶᠢᠨ | ᠪᠠᠷᠠᠭᠤᠨ ᠡᠮᠤᠨ᠎ᠠ ᠤᠷᠤᠬᠰᠢ ᠪᠠᠨ ᠲᠦᠷᠢᠭᠰᠡᠨ ᠭᠠᠵᠠᠷ ᠤᠨ ᠪᠠᠶᠢᠴᠠ ᠣᠨᠴᠠ ᠲᠡᠭᠡᠷ᠎ᠠ᠂ ᠭᠡᠨᠡᠳᠳᠠ ᠭᠠᠵᠠᠷ ᠠᠴᠠ | ᠤᠷᠭᠤᠨ ᠭᠠᠷᠤᠬᠰᠡᠨ ᠰᠢᠭ᠋ ᠡᠭᠴᠡ ᠪᠤᠰᠤᠭ᠎ᠠ ᠬᠠᠷ᠎ᠠ ᠤᠷᠤᠢ ᠶᠢ ᠬᠡᠯᠡᠵᠤ ᠪᠤᠢ᠃ ᠡᠨᠠ ᠬᠠᠷ᠎ᠠ ᠬᠤᠱᠤᠣ ᠶᠢᠨ ᠤᠷᠤᠢ | ᠳᠤ ᠭᠠᠷᠪᠠᠯ ᠤᠷᠴᠢᠨ ᠲᠤᠭᠤᠷᠢᠨ ᠤ ᠨᠢᠳᠤᠨ ᠪᠠᠷ᠎ᠠ ᠶᠢᠨ ᠭᠠᠵᠠᠷ ᠲᠠᠬᠢ ᠶᠠᠭᠤ ᠪᠠᠶᠢᠬᠤ ᠶᠢ ᠢᠯᠠ ᠲᠤᠳᠤ ᠤᠯᠵᠤ | ᠬᠠᠷᠠᠳᠠᠭ᠃ ᠡᠮᠤᠨ᠎ᠠ ᠠᠷᠪᠠᠨ ᠡᠳᠤᠷ ᠤᠨ ᠠᠵᠢᠬᠯᠠᠯᠳᠠ ᠪᠠᠷ ᠮᠡᠩ ᠮᠣᠭᠠᠢ ᠶᠠᠭ ᠵᠢᠩ ᠦᠳᠡ ᠶᠢᠨ ᠮᠤᠷᠢᠨ ᠴᠠᠭ ᠤᠨ | ᠠᠯᠳᠠ ᠪᠠᠷ ᠮᠠᠩᠳᠤ ᠶᠢᠨ ᠬᠦᠨᠳᠠᠢ ᠶᠢᠨ ᠠᠮᠠᠨ ᠳᠠᠬᠢ ᠮᠤᠨᠴᠤᠭ ᠠᠭᠤᠯᠠ ᠶᠢᠨ ᠤᠨᠢ ᠪᠠᠷ ᠬᠤᠯᠠ ᠠᠴᠠ ᠡᠯᠢᠬᠡ | ᠴᠠᠶᠢᠯᠵᠠᠭᠤᠯᠤᠨ ᠪᠠᠭᠤᠬᠤ ᠳᠤ ᠪᠠᠨ ᠪᠠᠶᠢᠨ ᠪᠠᠶᠢᠨ ᠠᠯᠳᠠ ᠦᠨᠳᠤᠷ ᠭᠤᠷᠤᠶᠢᠨ ᠪᠤᠰᠴᠤ ᠡᠷᠬᠢᠨ ᠲᠤᠭᠤᠷᠢᠨ ᠤ | ᠪᠠᠶᠢᠳᠠᠯ ᠢᠶᠠᠨ ᠠᠵᠢᠬᠯᠠᠨ ᠲᠠᠬᠢᠨ ᠨᠠᠮ ᠬᠢᠨ ᠪᠠᠭᠤᠵᠤ ᠤᠰᠤᠨ ᠵᠦᠭ ᠲᠦᠬᠦᠵᠤ ᠢᠷᠡᠬᠡᠳ ᠭᠤᠷᠪᠠ ᠤᠳᠠᠭ᠎ᠠ | ᠭᠤᠷᠤᠶᠢᠨ ᠪᠤᠰᠴᠤ ᠭᠤᠳᠤᠶᠢᠨ ᠪᠠᠭᠤᠵᠤ ᠤᠰᠤ ᠰᠤᠷᠤᠳᠠᠭ ᠪᠠᠶᠢᠵᠡᠢ᠃ ᠪᠠᠭᠰᠢ ᠨᠢ ᠱᠠᠪᠢ ᠳᠠᠭᠠᠨ ᠬᠦᠴᠤᠳᠤ ᠨᠤᠮᠤ | ᠬᠤᠷᠴᠠ ᠵᠠᠪᠠ ᠪᠠᠨ ᠦᠭᠴᠦ ᠲᠠᠷᠠᠭᠠᠴᠢ ᠶᠢᠨ ᠠᠷᠪᠠ ᠬᠤᠨᠤᠭ ᠲᠤ ᠮᠠᠩ ᠮᠤᠭᠠᠢ ᠶᠢᠨ ᠨᠠᠭᠤᠷ ᠲᠤ ᠪᠠᠭᠤᠨ | ᠭᠤᠷᠪᠠᠳᠠᠬᠢ ᠤᠳᠠᠭ᠎ᠠ ᠪᠤᠰᠬᠤ ᠳᠤ ᠯᠠ ᠠᠮᠠᠨ ᠬᠦᠵᠤᠬᠦᠤ ᠪᠠᠷ ᠨᠢ ᠭᠠᠭᠴᠠᠬᠠᠨ ᠬᠠᠷᠪᠤᠭᠠᠳ ᠬᠤᠶᠢᠰᠢ ᠪᠠᠨ | ᠪᠤᠴᠠᠵᠤ ᠬᠠᠷᠠᠯ ᠦᠬᠡᠢ ᠮᠤᠷᠢᠨ ᠤ ᠪᠠᠨ ᠴᠢᠨᠡᠭᠡ ᠪᠠᠷ ᠳᠤᠳᠠᠭᠤ ᠶᠤᠮ ᠡᠰᠡ ᠲᠡᠶᠢᠮᠤ ᠪᠤᠯ ᠠᠮᠢᠨ ᠳᠤ ᠬᠦᠷᠬᠦ ᠠᠶᠤᠯ | ᠲᠠᠢ ᠬᠡᠵᠤ ᠵᠢᠭᠠᠵᠤ ᠦᠭᠴᠢ᠃ ᠵᠠᠯᠠᠭᠤ ᠠᠩᠴᠢᠨ ᠡᠴᠡᠩᠬᠡᠷ ᠪᠤᠷᠣ ᠮᠤᠷᠢᠨ ᠳᠤ ᠪᠠᠨ ᠮᠤᠷᠳᠠᠵᠤ ᠨᠤᠮᠤ | ᠰᠠᠭᠠᠳᠠᠭ ᠢᠶᠠᠨ ᠠᠬᠰᠠᠵᠤ ᠲᠠᠷᠠᠭᠠᠴᠢ ᠶᠢᠨ ᠠᠷᠪᠡᠨ ᠬᠤᠨᠤᠭ ᠤᠨ ᠮᠤᠷᠢᠨ ᠴᠠᠭ ᠢᠶᠠᠷ ᠮᠠᠩ ᠮᠤᠭᠠᠢ ᠶᠢᠨ ᠤᠰᠤᠨ ᠳᠤ | ᠪᠠᠭᠤᠳᠠᠭ ᠤᠷᠴᠢᠨ ᠳᠤ ᠨᠢᠭᠤᠬᠳᠠᠵᠤ ᠬᠦᠯᠢᠶᠡᠵᠠᠢ᠃ ᠦᠨᠡᠬᠡᠷ ᠪᠤᠳᠤᠬᠰᠡᠨ ᠠᠴᠠ ᠭᠠᠷᠤᠬᠰᠡᠨ ᠦᠬᠡᠢ ᠮᠠᠩ | ᠮᠤᠭᠠᠢ ᠴᠠᠭ ᠲᠠᠭᠠᠨ ᠵᠠᠮ ᠢᠶᠠᠷ ᠢᠶᠠᠨ ᠡᠪᠡᠰᠤ ᠮᠤᠳᠤ ᠶᠢ ᠬᠠᠭ᠎ᠠ ᠢᠷᠡᠨ ᠨᠠᠭᠤᠷ ᠤᠷᠤᠭᠤ ᠪᠠᠭᠤᠵᠤ ᠢᠷᠡᠪᠠ᠃ | ᠨᠠᠭᠤᠷ ᠤᠨ ᠤᠰᠤ ᠶᠢ ᠨᠢᠭᠡ ᠰᠤᠷᠤᠪᠠᠯ ᠨᠢᠭᠡ ᠭᠤᠷᠤᠶᠢᠨ ᠪᠤᠰᠬᠤ ᠳᠤ ᠵᠠᠯᠠᠭᠤ ᠠᠩᠴᠢᠨ ᠪᠠᠭᠰᠢ ᠶᠢᠨ ᠢᠶᠠᠨ | ᠵᠢᠭᠠᠬᠰᠡᠨ ᠶᠤᠰᠤᠭᠠᠷ ᠬᠠᠳᠠᠭᠤ ᠨᠤᠮ ᠢ ᠲᠡᠷᠬᠡᠯ ᠰᠠᠷᠠᠨ ᠰᠢᠭ᠋ ᠲᠦᠬᠦᠷᠢᠭ ᠲᠠᠳᠠᠵᠤ ᠮᠠᠩ ᠮᠤᠭᠠᠢ ᠶᠢᠨ ᠬᠦᠵᠤᠬᠦᠤ ᠶᠢ | ᠵᠢᠭᠠᠵᠤ ᠬᠠᠷᠪᠤᠬᠤ ᠳᠤ ᠱᠤᠤᠬᠢᠬᠰᠡᠨ ᠵᠡᠪᠠ ᠴᠢᠪ ᠬᠡᠮᠡᠨ ᠤᠨᠢᠯᠠᠬᠰᠡᠨ ᠭᠠᠵᠠᠷ ᠲᠤ ᠪᠠᠨ ᠤᠨᠤᠴᠠ ᠲᠠᠢ ᠲᠤᠰᠴᠤ | ᠮᠠᠩ ᠮᠤᠭᠠᠢ ᠲᠤᠭᠠᠷᠤᠨ ᠪᠠᠶᠢᠶ᠎ᠠ ᠭᠤᠶᠠᠳᠠᠨ ᠨᠠᠭᠤᠷ ᠤᠨ ᠤᠰᠤ ᠶᠢ ᠴᠠᠯᠬᠢᠳᠠᠯᠠ ᠰᠠᠪᠠᠯᠠᠬᠤ ᠳᠤ ᠵᠠᠯᠠᠭᠤ ᠠᠩᠴᠢᠨ | ᠡᠬᠦᠯᠡᠨ ᠴᠡᠩᠬᠡᠷ ᠪᠤᠷᠣ ᠳᠠᠭᠠᠨ ᠲᠠᠪ ᠬᠢᠨ ᠮᠤᠷᠳᠠᠵᠤ ᠢᠷᠡᠭᠰᠡᠡ ᠵᠠᠮ ᠢᠶᠠᠷ ᠢᠶᠠᠨ ᠴᠢᠨᠡᠭᠡ ᠮᠡᠳᠡᠨ ᠲᠠᠪᠬᠢᠭᠤᠯᠪᠠ᠃ | ᠬᠠᠷ᠎ᠠ ᠬᠤᠱᠤᠣ ᠤᠶᠢᠷᠠᠳᠤᠵᠤ ᠣᠳᠤ ᠴᠦ ᠰᠤᠭᠤᠷᠠᠬᠰᠡᠨ ᠪᠠᠶᠢᠬ᠎ᠠ ᠬᠡᠵᠤ ᠬᠤᠶᠢᠰᠢ ᠡᠷᠬᠢᠨ ᠬᠠᠷᠠᠬᠤ ᠳᠤ ᠰᠢᠷ᠎ᠠ | ᠨᠤᠭᠤᠭᠠᠨ ᠬᠤᠯᠢᠯᠳᠤᠬᠰᠡᠨ ᠮᠠᠭᠤᠬᠠᠢ ᠦᠨᠤᠷ ᠲᠠᠢ ᠠᠭᠤᠷ ᠰᠡᠬᠦᠯ ᠲᠤᠯᠤᠭᠠᠢ ᠵᠤᠯᠭᠠᠮᠠ ᠪᠦᠷᠬᠦᠨ ᠢᠷᠡᠪᠠ᠃ | ᠵᠤᠯ ᠢᠶᠠᠷ ᠬᠤᠭᠤᠯᠠᠳᠤ ᠶᠢᠨ ᠭᠤᠤᠯ ᠲᠤᠯᠵᠤ ᠡᠬᠦᠯᠡᠨ ᠴᠡᠩᠬᠡᠷ ᠪᠤᠷᠣ ᠮᠤᠷᠢᠨ ᠤ ᠰᠡᠬᠦᠯ ᠮᠤᠭᠠᠢ ᠶᠢᠨ ᠬᠤᠤᠷ ᠲᠤ | ᠭᠤᠤᠯ ᠤᠨ ᠴᠠᠭᠠᠨ᠎ᠠ ᠰᠠᠬᠰᠠᠭ ᠬᠡᠳᠡᠯ᠎ᠠ ᠬᠢᠷᠭᠠᠬᠳᠠᠨ ᠤᠨᠠᠵᠤ ᠠᠩᠴᠢᠨ ᠵᠠᠯᠠᠭᠤ ᠪᠤᠷᠣ ᠮᠤᠷᠢ ᠲᠠᠢ ᠪᠠᠨ ᠠᠮᠤᠷ | ᠮᠠᠨᠳᠤ ᠭᠠᠷᠴᠤ ᠠᠶᠤᠯᠳᠤ ᠮᠠᠩ ᠢ ᠲᠠᠷᠤᠬᠰᠡᠨ ᠪᠠᠶᠢᠵᠠᠢ᠃ ᠢᠩᠬᠢᠭᠡᠳ ᠬᠦᠮᠤᠨ ᠤ ᠭᠠᠵᠠᠷ ᠬᠦᠨᠳᠡᠯᠡᠨ ᠬᠠᠷᠢ ᠳᠤ | ᠰᠡᠬᠦᠯ ᠦᠬᠡᠢ ᠤᠭᠤᠳᠤᠩ ᠮᠤᠷᠢ ᠪᠠᠷ ᠨᠠᠶᠢᠷ ᠲᠤ ᠶᠠᠭᠠᠬᠢᠵᠤ ᠪᠤᠢ︖ ᠬᠡᠵᠤ ᠠᠩᠴᠢᠨ ᠵᠠᠯᠠᠭᠤ ᠪᠠᠭᠰᠢ ᠲᠠᠢ ᠪᠠᠨ | ᠨᠣᠳᠤᠭ ᠣᠷᠣᠭᠤ ᠪᠠᠨ ᠪᠤᠴᠠᠵᠤ ᠬᠡᠨ᠎ᠠ᠃ ᠦᠵᠡᠮᠵᠢ ᠲᠠᠬᠦᠰ ᠨᠠᠭᠤᠷ ᠴᠦ ᠮᠤᠭᠠᠢ ᠶᠢᠨ ᠬᠤᠤᠷ ᠪᠠᠷ ᠰᠢᠷᠬᠢᠵᠤ | ᠣᠳᠤ ᠴᠦ ᠬᠡᠰᠡᠨ ᠵᠠᠷᠢᠮ ᠪᠤᠷᠤᠭᠠᠨ ᠣᠰᠤ ᠡᠯᠪᠡᠭ ᠵᠢᠯ ᠪᠤᠯ ᠬᠡᠳᠤᠨ ᠰᠠᠷ᠎ᠠ ᠪᠠᠷ ᠲᠤᠨᠤᠮᠠᠯ ᠣᠰᠤ ᠲᠠᠢ ᠪᠠᠶᠢᠭᠠᠳ | ᠪᠠᠶᠢᠳᠠᠭ ᠶᠤᠮ᠃ ᠲᠤᠬᠠᠢ ᠶᠢᠨ ᠭᠠᠵᠠᠷ ᠤᠨ ᠠᠷᠠᠳ ᠲᠦᠮᠡᠨ ᠪᠠᠭᠰᠢ ᠱᠠᠪᠢ ᠬᠤᠶᠠᠭᠤᠯᠠ ᠶᠢᠨ ᠠᠴᠢ ᠭᠠᠪᠢᠶ᠎ᠠ ᠶᠢ | ᠲᠤᠷᠠᠰᠴᠤ ᠠᠭᠤᠯᠠ ᠤᠰᠤ᠂ ᠪᠠᠶᠢᠭᠠᠯᠢ ᠶᠢᠨ ᠨᠠᠭᠤᠷ ᠢᠶᠠᠨ ᠰᠠᠨᠠᠭᠠᠯᠵᠡᠨ ᠡᠨᠡᠬᠦ ᠬᠠᠷ᠎ᠠ ᠬᠤᠱᠤᠣ ᠶᠢᠨ ᠤᠷᠤᠢ ᠳᠤ | ᠨᠣᠳᠤᠭ ᠤᠰᠤ ᠪᠠᠨ ᠲᠠᠬᠢᠬᠰᠡᠨ ᠪᠠᠶᠢᠵᠠᠢ᠃ ᠲᠡᠬᠦᠨ ᠠᠴᠠ ᠡᠬᠢᠯᠡᠭᠰᠡᠨ ᠶᠤᠮ ᠤᠤ︖ ᠪᠤᠣ ᠮᠡᠳᠠ ᠣᠳᠤ ᠪᠤᠯᠳᠠᠯ᠎ᠠ | ᠬᠠᠪᠴᠢᠯ ᠭᠠᠴᠠᠭᠠᠨ ᠤ ᠬᠢᠨ ᠡᠨᠡᠬᠦ ᠤᠷᠤᠢ ᠶᠢ ᠲᠠᠬᠢᠵᠤ ᠵᠢᠯ ᠵᠢᠯ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ | ᠠᠷᠪᠡᠨ ᠭᠤᠷᠪᠡᠨ ᠳᠤ ᠣᠪᠤᠭᠠᠨ ᠲᠠᠬᠢᠯᠭ᠎ᠠ ᠶᠢᠨ ᠨᠠᠶᠢᠷ ᠬᠢᠵᠤ ᠣᠪᠤᠭᠠᠳᠤ ᠶᠢᠨ ᠤᠷᠤᠢ ᠬᠡᠵᠤ ᠰᠢᠨ᠎ᠠ ᠨᠡᠷ᠎ᠠ | ᠦᠭᠴᠡᠢ᠃ ᠮᠠᠩᠳᠤ ᠶᠢᠨ ᠬᠦᠨᠳᠠᠢ ᠬᠡᠳᠡᠭ ᠨᠢ ᠲᠡᠷᠠ ᠦᠶ᠎ᠡ ᠶᠢᠨ ᠮᠠᠩ ᠮᠤᠭᠠᠢ ᠪᠠᠶᠢᠬᠰᠡᠨ ᠲᠤᠮᠤᠭ ᠢᠶᠠᠷ ᠮᠠᠩ | ᠳᠤ ᠶᠢᠨ ᠬᠦᠨᠳᠠᠢ ᠬᠡᠵᠤ ᠲᠠᠭᠤᠳᠠᠬᠤ ᠪᠤᠯᠤᠬᠰᠡᠨ ᠬᠡᠵᠤ ᠨᠠᠰᠤᠳᠠᠶᠢᠴᠤᠳ ᠬᠠᠭᠤᠴᠢᠯᠠᠳᠠᠭ᠃ | ᠭᠠᠯᠳᠤ ᠶᠢᠨ ᠬᠦᠨᠳᠠᠢ᠄ ᠭᠠᠯᠳᠤ ᠶᠢᠨ ᠬᠦᠨᠳᠠᠢ ᠪᠤᠯ ᠬᠠᠪᠴᠢᠯ ᠭᠠᠴᠠᠭᠠᠨ ᠤ ᠰᠦᠮ᠎ᠠ ᠶᠢᠨ ᠲᠠᠨᠵᠢ ᠶᠢᠨ | ᠪᠠᠷᠠᠭᠤᠨ᠂ ᠦᠵᠤᠬᠦᠷᠬᠤᠸᠠ ᠭᠠᠴᠠᠭ᠎ᠠ ᠶᠢᠨ ᠬᠤᠶᠢᠨ᠎ᠠ ᠪᠠᠶᠢᠭ᠎ᠠ ᠶᠡᠭᠡ ᠬᠦᠨᠳᠠᠢ ᠶᠢ ᠬᠡᠯᠡᠳᠡᠭ᠃ ᠡᠨᠡᠬᠦ ᠬᠦᠨᠳᠠᠢ ᠶᠢᠨ | ᠡᠪᠡᠰᠤ ᠪᠡᠯᠴᠢᠭᠡᠷ ᠰᠠᠬᠤᠯᠠᠭ ᠵᠤᠵᠠᠭᠠᠨ ᠭᠤᠤᠯ ᠢᠶᠠᠨ ᠲᠠᠭᠠᠬᠰᠡᠨ ᠨᠠᠷᠢᠯᠢᠭ ᠡᠪᠡᠰᠤ ᠶᠢᠨ ᠰᠢᠮ᠎ᠡ ᠪᠦᠷᠢᠨ ᠬᠠᠪᠤᠷ | ᠨᠠᠮᠤᠷ ᠤᠨ ᠴᠠᠭ ᠲᠤ ᠲᠤᠬᠤᠢ ᠲᠠᠭᠠᠬᠰᠡᠨ ᠪᠡᠯᠴᠢᠭᠡᠷ ᠢᠶᠠᠷ ᠮᠡᠩᠬᠢᠷ ᠲᠠᠭᠠᠨ᠎ᠠ ᠶᠢᠨ ᠦᠨᠤᠷ ᠰᠠᠷᠮᠠᠭᠰᠠᠭᠠᠷ ᠴᠤᠷᠬᠢᠨ | ᠬᠦᠮᠤᠨ ᠮᠠᠯ ᠤᠨ ᠲᠠᠭᠠᠯᠠᠮᠵᠢᠳᠤ ᠤᠷᠤᠨ ᠪᠤᠯᠳᠠᠭ᠃ ᠭᠠᠯᠳᠤ ᠶᠢᠨ ᠬᠦᠨᠳᠠᠢ ᠶᠢ ᠵᠡᠬᠦᠨ ᠪᠠᠷᠠᠭᠤᠨ ᠬᠤᠶᠠᠷ ᠰᠠᠯᠠᠭ᠎ᠠ | ᠪᠠᠷ ᠨᠢ ᠵᠡᠬᠦᠨ ᠭᠠᠯᠳᠤ᠂ ᠪᠠᠷᠠᠭᠤᠨ ᠭᠠᠯᠳᠤ ᠬᠡᠵᠤ ᠨᠡᠷᠡᠯᠡᠳᠡᠭ᠃ ᠬᠤᠶᠢᠰᠢ ᠤᠷᠤᠬᠰᠢ ᠪᠠᠨ ᠰᠤᠨᠤᠬᠰᠡᠨ ᠡᠨᠡᠬᠦ ᠶᠡᠭᠡ | ᠬᠦᠨᠳᠠᠢ ᠨᠢ ᠤᠷᠳᠤ ᠪᠠᠷ ᠢᠶᠠᠨ ᠪᠠᠷᠤᠭ ᠲᠦᠴᠢᠨ ᠭᠠᠵᠠᠷ ᠪᠠᠶᠢᠳᠠᠭ᠃ ᠭᠠᠯᠳᠤ ᠶᠢᠨ ᠡᠬᠢᠨ ᠳᠤ ᠠᠳᠠᠪᠠᠰᠢ | ᠰᠦᠷᠯᠢᠭ ᠡᠭᠴᠨ ᠪᠤᠰᠤᠭ᠎ᠠ ᠮᠤᠷᠢᠨ ᠳᠡᠯ ᠰᠢᠭ ᠬᠠᠳᠠ ᠪᠠᠶᠢᠳᠠᠭ᠃ ᠬᠦᠮᠤᠰ ᠡᠨᠡᠬᠦ ᠬᠠᠳᠠ ᠶᠢ ᠳᠡᠯ ᠬᠠᠳᠠ | ᠬᠡᠳᠡᠭ᠃ ᠳᠡᠯ ᠬᠠᠳᠠ ᠨᠢ ᠬᠡᠳᠦᠨ ᠠᠷᠪᠡᠨ ᠵᠠᠩ ᠦᠨᠳᠤᠷ ᠵᠦᠪᠭᠡᠨ ᠮᠧᠲᠷ ᠢᠯᠡᠬᠦᠬᠡᠨ ᠦᠷᠬᠡᠨ ᠪᠠᠶᠢᠳᠠᠭ ᠠᠴᠠ | ᠴᠤᠬᠤᠮ ᠬᠦ᠋ ᠮᠦᠴᠢᠳᠤ ᠲᠦᠷᠪᠡᠨ ᠬᠦᠯᠳᠡᠨ ᠤ ᠮᠦᠷᠤ ᠨᠢ ᠭᠠᠷᠤᠭ᠎ᠠ ᠦᠬᠡᠢ ᠬᠡᠬᠦ ᠪᠠᠷ ᠢᠯᠡᠬᠦᠳᠡᠬᠦ ᠦᠬᠡᠢ ᠳ᠋ᠠ᠃ | ᠠᠳᠠ ᠬᠦᠴᠤᠳᠤ ᠵᠢᠬᠦᠷᠳᠡᠨ ᠤ ᠵᠢᠷᠭᠠᠯ ᠤᠨ ᠤᠷᠤᠨ ᠪᠤᠯᠵᠤ ᠪᠠᠶᠢᠳᠠᠭ ᠪᠦᠬᠡᠳ ᠬᠡᠬᠡᠷ᠎ᠠ ᠶᠢᠨ ᠰᠤᠩᠬᠢᠨ᠎ᠠ᠂ | ᠭᠤᠭᠤᠳ ᠲᠠᠷᠢᠬᠰᠡᠨ ᠰᠢᠭ᠋ ᠯᠠ ᠤᠷᠭᠤᠭᠠᠳ ᠪᠠᠶᠢᠳᠠᠭ᠃ ᠭᠠᠯᠳᠤ ᠶᠢᠨ ᠬᠦᠨᠳᠠᠢ ᠪᠠᠨ ᠴᠢᠨᠠᠬᠰᠢ ᠲᠠᠪᠠᠵᠤ ᠤᠷᠤᠪᠠᠯ | ᠮᠠᠩᠳᠤ ᠶᠢᠨ ᠬᠦᠨᠳᠠᠢ᠂ ᠭᠠᠯᠳᠤ ᠶᠢᠨ ᠬᠦᠨᠳᠠᠢ ᠬᠡᠵᠤ ︽ᠲᠤᠭᠤᠯᠭ᠎ᠠ ᠲᠠᠢ ᠱᠦᠯᠤᠨ ᠳᠤ ᠬᠤᠰᠢᠭᠤ ᠬᠤᠯᠪᠤᠵᠤ᠂ | ᠲᠤᠭᠤᠨᠤ ᠲᠠᠢ ᠭᠡᠷ ᠲᠤ ᠲᠤᠯᠤᠭᠠᠢ ᠬᠤᠯᠪᠤᠬᠰᠡᠨ︾ ᠬᠡᠮᠡᠷ ᠡᠯᠢᠬᠡ ᠪᠠᠷ ᠢᠶᠠᠷ ᠨᠡᠶᠢᠯᠡᠵᠤ ᠪᠠᠶᠢᠷᠢ ᠠᠪᠤᠬᠰᠡᠨ | ᠬᠤᠶᠠᠷ ᠬᠦᠨᠳᠠᠢ ᠵᠢᠯᠠᠭ᠎ᠠ ᠶᠤᠮ᠃ ᠠᠳᠠ ᠡᠷᠳᠠ ᠳᠡᠭᠡᠨ ᠠᠷᠤ ᠬᠤᠷᠴᠢᠨ ᠤ ᠬᠦᠷᠤᠤ ᠬᠡᠰᠡᠨ ᠬᠦᠮᠤᠨ ᠤ ᠡᠪᠦᠭᠡ | ᠲᠡᠬᠡᠳᠤᠰ ᠨᠤᠳᠤᠬᠯᠠᠨ ᠰᠠᠭᠤᠵᠤ ᠪᠠᠶᠢᠬᠰᠡᠨ ᠮᠦᠷᠳᠡᠬᠡᠨ ᠲᠡᠭᠡᠷ᠎ᠠ ᠠᠮᠠᠨ ᠳᠤᠨᠢ ᠬᠠᠭᠤᠴᠢᠨ ᠯᠢᠶᠤᠤ ᠶᠢᠨ ᠪᠠᠭᠤᠷᠢ | ᠪᠠᠶᠢᠳᠠᠭ᠃ ᠠᠳᠠ ᠠᠳᠠᠷ ᠬᠠᠭᠠᠯᠪᠤᠷᠢᠯᠠᠨ ᠲᠠᠷᠢᠶ᠎ᠠ ᠲᠠᠷᠢᠵᠤ ᠤᠨᠠᠭᠤᠯᠢ ᠭᠤᠤ ᠵᠠᠰᠠᠬᠤ ᠳᠤ ᠤᠠᠯᠠᠨ ᠠᠷᠪᠢᠨ | ᠬᠦᠮᠤᠨ ᠤ ᠶᠠᠰᠤ ᠭᠠᠪᠠ ᠲᠦᠩᠬᠡ ᠶᠢᠨ ᠲᠠᠮᠤᠷ ᠤᠨ ᠦᠯᠡᠳᠡᠭᠳᠡᠯ ᠭᠠᠷᠤᠬᠰᠡᠨ ᠠᠴᠠ ᠬᠠᠭᠤᠴᠢ ᠰᠣᠳᠤᠯᠤᠬᠴᠢᠳ | ᠡᠨᠡᠬᠦ ᠪᠠᠭᠤᠷᠢ ᠨᠢ ᠡᠷᠳᠡᠨ ᠤ ᠵᠠᠰᠠᠭ ᠤᠨ ᠶᠠᠯᠠᠳᠠᠨ ᠬᠤᠷᠢᠵᠤ ᠪᠠᠶᠢᠬᠰᠡᠨ ᠭᠠᠵᠠᠷ ᠪᠤᠯᠪᠠᠤ︖ ᠬᠡᠵᠤ ᠲᠠᠭᠠᠮᠠᠬᠯᠠᠵᠤ | ᠪᠠᠶᠢᠪᠠ᠃ 1926 ᠣᠨ ᠤ ᠦᠶ᠎ᠠ ᠪᠠᠷ ᠴᠡᠷᠢᠭ ᠤᠨ ᠡᠷᠬᠡᠳᠠᠳ ᠤᠨ ᠶᠡᠭᠡ ᠭᠠᠵᠠᠷ ᠬᠠᠭᠠᠯᠪᠤᠷᠢᠯᠠᠯᠳᠠ ᠶᠢᠨ ᠲᠤᠮᠳᠠ | ᠪᠠᠭᠠᠷᠢᠨ ᠨᠣᠳᠤᠭ ᠲᠤ ᠲᠦᠷᠢᠵᠤ ᠤᠷᠤᠵᠤ ᠢᠷᠡᠭᠰᠡᠨ ᠰᠠᠷᠢᠭᠠᠴᠢᠳ ᠤᠨ ᠨᠢᠭᠡ ᠮᠠ ᠵᠧᠨ ᠡᠤ ᠶᠢᠨ ᠠᠷᠢᠬᠢᠨ | ᠱᠤᠤᠭᠤᠯ ᠨᠢ ᠠᠳᠠ ᠲᠤᠬᠳᠠᠵᠤ ᠰᠡᠬᠦᠯ ᠳᠡᠭᠡᠨ ᠭᠠᠯᠳᠤ ᠶᠢᠨ ᠬᠦᠨᠳᠠᠢ ᠶᠢᠨ ᠲᠤᠤᠷ᠎ᠠ ᠠᠮᠠ ᠶᠢ ᠪᠠᠷᠢᠵᠤ ᠱᠤᠤ | ᠬᠦᠸᠧ ᠶᠤᠤ ᠬᠡᠬᠦ ᠬᠢᠳᠠᠳ ᠲᠤᠰᠬᠤᠨ ᠬᠦᠯ ᠲᠤᠬᠳᠠᠵᠤ ᠠᠶᠢᠯ ᠡᠷᠤᠬᠡ ᠵᠤᠵᠠᠷᠠᠭᠠᠳ ᠠᠮᠠ ᠪᠦᠯᠢ ᠠᠷᠪᠢᠳᠴᠠᠢ᠃ | ᠭᠠᠯᠳᠤ ᠶᠢᠨ ᠬᠦᠨᠳᠠᠢ ᠶᠢᠨ ᠤᠢ ᠮᠤᠳᠤ ᠵᠤᠵᠠᠭᠠᠨ ᠤᠰᠤᠨ ᠰᠤᠷᠪᠤᠯᠵᠢ ᠰᠠᠶᠢᠨ ᠪᠠᠶᠢᠳᠠᠭ᠃ ᠬᠡᠰᠡᠭ ᠬᠡᠰᠡᠭ ᠢᠶᠠᠷ | ᠵᠠᠶᠢᠯᠠᠵᠤ ᠤᠷᠭᠤᠯᠠᠬᠰᠡᠨ ᠬᠡᠮᠡᠷ ᠬᠤᠰᠤ ᠴᠠᠷᠠᠰᠤ ᠤᠳᠠ ᠪᠤᠷᠭᠠᠰᠤ ᠢᠬᠴᠤᠷᠤᠨ ᠭᠤᠤᠯ ᠭᠤᠷᠤᠬ᠎ᠠ ᠲᠤᠨᠤᠯᠵᠢᠨ | ᠪᠠᠶᠢᠭᠠᠯᠢ ᠶᠢᠨ ᠴᠡᠴᠡᠷᠯᠢᠭ ᠰᠢᠭ ᠭᠤᠶᠢᠳᠠ ᠭᠤᠶᠤᠬᠠᠨ ᠨᠣᠳᠤᠭ ᠪᠠᠶᠢᠪᠠ᠃ ᠨᠠᠶᠠᠭᠠᠳ ᠣᠨ ᠤ ᠰᠡᠬᠦᠯᠴᠢ ᠦᠶ᠎ᠠ | ᠪᠠᠷ ᠦᠵᠤᠬᠦᠷᠬᠤᠸᠠ ᠭᠠᠴᠠᠭ᠎ᠠ ᠨᠢ ᠵᠡᠷᠬᠡᠯᠳᠡᠭᠡ ᠭᠤᠷᠪᠡᠨ ᠠᠭᠤᠯᠠ ᠰᠢᠶᠠᠩ ᠲᠠᠢ ᠨᠣᠳᠤᠭ ᠪᠡᠯᠴᠢᠭᠡᠷ ᠤᠨ ᠵᠤᠯᠢᠶ᠎ᠠ | ᠵᠠᠶᠢᠯᠵᠤ ᠬᠠᠶᠢᠷᠠᠨ ᠰᠠᠶᠢᠬᠠᠨ ᠭᠠᠯᠳᠤ ᠶᠢᠨ ᠬᠦᠨᠳᠠᠢ ᠪᠠᠨ ᠭᠤᠷᠪᠡᠨ ᠠᠭᠤᠯᠠ ᠰᠢᠶᠠᠩ ᠳᠤ ᠦᠭᠴᠡᠢ᠃ ᠡᠨᠡᠬᠦ | ᠤᠴᠢᠷ ᠠᠴᠠ ᠬᠤᠶᠢᠰᠢ ᠰᠤᠮᠤ ᠰᠢᠶᠠᠩ ᠤᠨ ᠠᠷᠠᠳ ᠤᠨ ᠬᠤᠭᠤᠷᠤᠨᠳᠤ ᠮᠠᠯ ᠤᠨᠤᠭ᠎ᠠ ᠨᠣᠳᠤᠭ ᠪᠡᠯᠴᠢᠭᠡᠷ ᠤᠨ | ᠡᠵᠡᠩᠨᠡᠯᠳᠠ ᠶᠢᠨ ᠵᠢᠭᠤᠷᠠᠭᠠᠨ ᠲᠠᠰᠤᠷᠠᠭ᠎ᠠ ᠦᠬᠡᠢ ᠭᠠᠷᠤᠬᠰᠠᠭᠠᠠᠷ ᠪᠠᠶᠢᠨ᠎ᠠ᠃ ᠨᠡᠩ ᠴᠦ ᠣᠳᠤ ᠭᠠᠯᠳᠤ ᠶᠢᠨ | ᠦᠵᠡᠰᠬᠦᠯᠡᠩ ᠰᠠᠶᠢᠬᠠᠨ ᠦᠩᠬᠡ ᠵᠢᠰᠦ ᠦᠵᠡᠬᠦ ᠶᠢᠨ ᠠᠷᠭ᠎ᠠ ᠦᠬᠡᠢ ᠰᠢᠷᠠᠬᠳᠤᠵᠤ ᠤᠬᠳᠤᠯᠵᠤ ᠤᠨᠠᠭᠠᠬᠰᠡᠨ ᠤᠢ | ᠮᠤᠳᠤᠳ ᠤᠨ ᠲᠠᠭᠠᠷᠢᠳᠠᠰᠤ ᠵᠢᠷᠤᠬᠡ ᠶᠢ ᠰᠢᠮᠰᠢᠷᠬᠦᠯᠠᠮᠠ ᠴᠠᠶᠢᠭᠠᠳ᠂ ᠤᠷᠭᠤᠵᠤ ᠨᠡᠯᠤᠶᠢᠭ᠍ᠰᠡᠨ ᠪᠡᠯᠴᠢᠭᠡᠷ | ᠤᠭ ᠢᠶᠠᠷ ᠢᠶᠠᠨ ᠬᠤᠪᠬᠠᠶᠢᠷᠠᠵᠤ ᠬᠠᠯᠴᠠᠭᠠᠶᠢᠷᠠᠭᠠᠳ ᠤᠰᠤᠨ ᠰᠤᠷᠪᠤᠯᠵᠢ ᠶᠢᠨ ᠰᠤᠳᠠᠰᠤ ᠲᠠᠰᠤᠷᠠᠵᠤ ᠪᠤᠯᠠᠭ ᠬᠠᠨᠳᠠ | ᠨᠢ ᠰᠢᠷᠬᠡᠵᠤ ᠰᠤᠭᠤᠷᠠᠵᠠᠢ᠃ ᠡᠨᠠ ᠦᠨᠡᠭᠡᠷ ︽ᠡᠷᠬᠢᠬᠦᠤ ᠨᠤᠶᠠᠨ ᠵᠠᠰᠠᠭ ᠪᠠᠷᠢᠪᠠᠰᠤ ᠠᠷᠠᠳ ᠤᠨ ᠦᠢᠯᠠ ᠲᠠᠪᠬᠤᠷ | ᠢᠷᠡᠮᠤᠢ᠃ ᠦᠭᠡᠨᠴᠨ ᠨᠤᠶᠠᠨ ᠵᠠᠰᠠᠭ ᠪᠠᠷᠢᠪᠠᠰᠤ ᠠᠭᠤᠯᠠ ᠤᠰᠤ ᠦᠵᠡᠮᠤᠷᠢ ᠪᠠᠨ ᠪᠠᠷᠠᠮᠤᠢ᠃ ᠠᠪᠠᠯᠢᠭᠠᠴᠢ ᠨᠤᠶᠠᠨ | ᠵᠠᠰᠠᠭ ᠪᠠᠷᠢᠪᠠᠰᠤ ᠠᠪᠤ ᠶᠢᠨ ᠨᠣᠳᠤᠭ ᠬᠤᠳᠤᠯᠳᠤᠬᠳᠠᠵᠤ ᠲᠠᠭᠤᠰᠤᠮᠤᠢ︾ ᠶᠠᠭᠤᠳᠠᠢ ᠬᠦᠭᠡᠷᠤᠬᠦᠢ︕ | ᠪᠤᠭᠤᠳᠤ ᠶᠢᠨ ᠬᠦᠨᠳᠠᠢ᠄ ᠤᠯᠠᠭᠠᠨ ᠳᠠᠪᠠᠭ᠎ᠠ ᠰᠤᠮᠤᠨ ᠤ ᠲᠦᠪ ᠬᠠᠪᠴᠢᠯ ᠠᠴᠠ ᠤᠮᠠᠷᠠᠰᠢ ᠰᠢᠨ᠎ᠠ ᠬᠤᠳᠠ | ᠭᠠᠴᠠᠭᠠᠨ ᠤ ᠬᠤᠶᠢᠨ᠎ᠠ ᠬᠤᠷᠢᠭᠠᠳ ᠭᠠᠵᠠᠷ ᠤᠨ ᠦᠵᠤᠬᠦᠷ ᠬᠠᠮᠠᠷ ᠬᠠᠪᠴᠢᠬᠰᠡᠨ ᠬᠤᠶᠠᠷ ᠰᠠᠯᠠᠭ᠎ᠠ ᠶᠡᠭᠡ | ᠵᠢᠯᠠᠭ᠎ᠠ ᠶᠢ ᠪᠤᠭᠤᠳᠤ ᠶᠢᠨ ᠬᠦᠨᠳᠠᠢ ᠬᠡᠳᠡᠭ᠃ ᠵᠡᠬᠦᠨ ᠰᠠᠯᠠᠭ᠎ᠠ ᠨᠢ ᠠᠷᠤ ᠬᠤᠷᠴᠢᠨ ᠬᠤᠰᠢᠭᠤᠨ ᠤ ᠪᠠᠶᠠᠨ ᠦᠨᠳᠤᠷ | ᠰᠤᠮᠤ ᠶᠢᠨ ᠮᠠᠨᠢᠳᠤ ᠭᠠᠴᠠᠭᠠᠨ ᠳᠤ ᠬᠠᠷᠢᠶᠠᠯᠠᠬᠳᠠᠵᠤ ᠪᠤᠭᠤᠳᠤ ᠶᠢᠨ ᠠᠶᠢᠯ ᠬᠡᠵᠤ ᠲᠠᠭᠤᠳᠠᠬᠳᠠᠵᠤ ᠪᠤᠢ᠃ ᠪᠠᠷᠠᠭᠤᠨ | ᠰᠠᠯᠠᠭ᠎ᠠ ᠨᠢ ᠵᠡᠬᠦᠨ ᠪᠠᠭᠠᠷᠢᠨ ᠤ ᠤᠯᠠᠭᠠᠨᠳᠠᠪᠠᠭ᠎ᠠ ᠰᠤᠮᠤᠨ ᠳᠤ ᠬᠠᠷᠢᠶᠠᠯᠠᠬᠳᠠᠵᠤ ᠪᠤᠢ᠃ ᠠᠳᠠ ᠤᠯᠤᠰ ᠠᠴᠠ | ᠡᠷᠬᠢᠯᠡᠭᠰᠡᠨ ᠤᠮᠠᠷᠠᠳᠤ ᠤᠷᠤᠨ ᠤ ᠵᠡᠬᠦᠨ ᠬᠤᠶᠢᠳᠤ ᠶᠢᠨ ᠲᠤᠷᠤᠭ ᠪᠤᠭᠤ ᠶᠢᠨ ᠲᠠᠯᠠᠪᠠᠢ ᠪᠠᠶᠢᠭᠤᠯᠵᠤ᠂ ᠣᠳᠤ ᠪᠤᠭᠤ | ᠴᠦ ᠴᠦᠬᠡᠬᠡᠷᠡᠵᠤ ᠴᠦᠮ ᠬᠤᠪᠢ ᠬᠦᠮᠤᠨ ᠤ ᠦᠮᠴᠢᠨ ᠳᠤ ᠤᠷᠤᠵᠤ ᠲᠠᠷᠢᠶᠠᠯᠠᠬᠤ ᠪᠠᠷ ᠭᠤᠤᠯᠳᠠᠬᠰᠡᠨ ᠲᠠᠪᠢ | ᠵᠢᠷᠠᠭᠠᠳ ᠡᠷᠤᠬᠡ ᠲᠠᠢ ︽ᠪᠤᠭᠤ ᠶᠢᠨ ᠲᠠᠯᠠᠪᠠᠢ︾ ᠶᠢᠨ ᠬᠢᠳᠠᠳ ᠠᠶᠢᠯ ᠪᠤᠯᠵᠢ᠃ ᠪᠤᠭᠤ ᠶᠢᠨ ᠲᠠᠯᠠᠪᠠᠢ ᠶᠢᠨ | ᠲᠡᠭᠡᠷ᠎ᠠ ᠡᠬᠢ ᠬᠦᠯᠢᠬᠡᠷ ᠬᠠᠨ ᠤ ᠡᠯᠢᠬᠡᠨ ᠠᠴᠠ ᠢᠷᠡᠭᠰᠡᠨ᠂ ᠴᠠᠭᠠᠨ ᠴᠢᠯᠠᠭᠤᠳᠤ ᠶᠢᠨ ᠬᠠᠳᠠᠨ ᠠᠴᠠ ᠡᠬᠢ ᠲᠠᠢ | ᠵᠢᠯᠠᠭ᠎ᠠ ᠪᠠᠨ ᠲᠠᠭᠠᠬᠰᠡᠨ ᠬᠤᠶᠠᠷ ᠰᠠᠯᠪᠤᠷᠢ ᠤᠷᠤᠰᠬᠠᠯ ᠨᠢ ᠬᠤᠭᠤᠯᠠᠳᠤ ᠶᠢᠨ ᠭᠤᠤᠯ ᠲᠠᠢ ᠨᠡᠶᠢᠯᠠᠵᠤ ᠪᠠᠶᠢᠳᠠᠭ᠃ | ᠴᠠᠭᠠᠨ ᠴᠢᠯᠠᠭᠤᠳᠤ ᠶᠢ ᠪᠠᠰᠠ ᠬᠠᠳᠠᠨ ᠠᠷᠤ ᠬᠡᠵᠤ ᠶᠠᠷᠢᠵᠤ ᠪᠤᠢ᠃ ᠪᠤᠭᠤᠳᠤ ᠶᠢᠨ ᠵᠢᠯᠠᠭ᠎ᠠ ᠶᠢᠨ ᠭᠤᠤᠯ ᠲᠠᠭᠠᠬᠰᠡᠨ | ᠪᠡᠯᠴᠢᠭᠡᠷ ᠡᠪᠠᠰᠤ ᠨᠠᠷᠢᠯᠢᠭ ᠵᠦᠬᠡᠯᠡᠨ᠂ ᠠᠭᠤᠯᠠ ᠬᠠᠳᠠᠨ ᠤ ᠡᠬᠢ ᠨᠢ ᠤᠢ ᠮᠤᠳᠤ ᠢᠬᠴᠢ ᠵᠤᠵᠠᠭᠠᠨ ᠡᠯᠳᠡᠪ | ᠲᠦᠷᠤᠯ ᠤᠨ ᠰᠢᠮᠡᠳᠤ ᠤᠷᠭᠤᠮᠠᠯ ᠲᠠᠢ ᠪᠠᠶᠢᠳᠠᠭ ᠠᠴᠠ ᠤᠷᠢᠳᠤ ᠳᠠᠭᠠᠨ ᠵᠡᠬᠦᠨ ᠬᠤᠶᠢᠳᠤ ᠶᠢᠨ ᠲᠤᠷᠤᠭ ᠪᠤᠭᠤ | ᠨᠤᠳᠤᠬᠰᠢᠨ ᠦᠷᠡᠵᠢᠬᠡᠳ ᠰᠦᠷᠦᠭ ᠰᠦᠷᠦᠭ ᠢᠶᠠᠷ ᠠᠳᠤᠭᠤ ᠮᠠᠯ ᠰᠢᠭ᠋ ᠪᠡᠯᠴᠢᠳᠡᠭ ᠠᠴᠠ ᠬᠦᠮᠤᠰ ᠪᠤᠭᠤᠳᠤ ᠶᠢᠨ | ᠬᠦᠨᠳᠠᠢ ᠬᠡᠰᠡᠨ ᠨᠡᠷ᠎ᠠ ᠰᠢᠩᠬᠡᠬᠡᠵᠡᠢ᠃ | ᠬᠤᠪᠤᠭᠤ ᠬᠦᠨᠳᠠᠢ᠄ ᠬᠦᠯᠢᠬᠡᠷ ᠬᠠᠨ ᠤ ᠡᠩᠬᠡᠷ᠂ ᠪᠠᠶᠠᠨᠵᠢᠷᠦᠬᠡ ᠬᠠᠨ ᠬᠠᠶᠢᠷᠠᠬᠠᠨ ᠤ ᠠᠷᠤ ᠵᠡᠬᠦᠨᠰᠢ | ᠪᠠᠷᠠᠭᠤᠨᠰᠢ ᠪᠠᠨ ᠲᠠᠭᠠᠬᠰᠡᠨ ᠶᠡᠭᠡ ᠬᠦᠨᠳᠠᠢ ᠶᠢ ᠬᠤᠪᠤᠭᠤ ᠬᠦᠨᠳᠠᠢ ᠬᠡᠳᠡᠭ᠃ ᠤᠷᠳᠤ ᠪᠠᠷ ᠢᠶᠠᠨ 25km | ᠦᠷᠬᠡᠨ ᠢᠶᠠᠷ ᠢᠶᠠᠨ12km ᠪᠠᠶᠢᠳᠠᠭ᠃ ᠬᠦᠨᠳᠠᠢ ᠪᠠᠨ ᠲᠠᠭᠠᠬᠰᠡᠨ ᠭᠤᠤᠯ ᠨᠢ ᠪᠠᠶᠠᠨᠵᠢᠷᠦᠬᠡ ᠬᠠᠨ ᠤ ᠠᠷᠤ | ᠯᠤᠤᠬ᠎ᠠ ᠶᠢᠨ ᠵᠢᠯᠠᠭ᠎ᠠ ᠶᠢᠨ ᠡᠬᠢ᠂ ᠢᠩᠳᠤ ᠶᠢᠨ ᠬᠦᠨᠳᠠᠢ ᠶᠢᠨ ᠡᠬᠢ᠂ ᠶᠡᠭᠡ ᠪᠠᠭ᠎ᠠ ᠪᠤᠷᠭᠠᠰᠤᠳᠠᠢ ᠶᠢᠨ ᠤᠷᠤᠢ ᠶᠢᠨ | ᠡᠯᠢᠬᠡᠨ ᠠᠴᠠ ᠢᠷᠡᠭᠰᠡᠨ ᠬᠡᠳᠤᠨ ᠰᠠᠯᠪᠤᠷᠢ ᠤᠷᠤᠰᠬᠠᠯ ᠮᠤᠷᠤᠯᠵᠡᠨ ᠬᠤᠭᠤᠯᠠᠳᠤ ᠶᠢᠨ ᠭᠤᠤᠯ ᠲᠠᠢ ᠨᠡᠶᠢᠯᠡᠵᠤ | ᠠᠳᠤᠭᠤ ᠮᠠᠯ ᠤᠨ ᠠᠮᠳᠠᠳᠤ ᠤᠮᠳᠠ ᠪᠤᠯᠵᠤ ᠪᠠᠶᠢᠳᠠᠭ᠃ ᠬᠤᠪᠤᠭᠤ ᠬᠦᠨᠳᠠᠢ ᠶᠢᠨ ᠠᠮᠠ ᠨᠢ ᠴᠢᠬᠤᠯᠠ᠂ | ᠲᠤᠳᠤᠬᠰᠢᠯᠠᠬᠤ ᠲᠤᠳᠤᠮ ᠠᠭᠤᠵᠢᠮ ᠪᠤᠯᠳᠠᠭ᠃ ᠯᠤᠤᠬ᠎ᠠ ᠶᠢᠨ ᠬᠦᠨᠳᠠᠢ᠂ ᠢᠩᠳᠤ ᠶᠢᠨ ᠬᠦᠨᠳᠠᠢ ᠂ ᠶᠡᠭᠡ ᠪᠠᠭ᠎ᠠ | ᠪᠤᠷᠭᠠᠰᠤᠳᠠᠢ ᠶᠢᠨ ᠬᠦᠨᠳᠠᠢ ᠵᠡᠷᠬᠡ ᠬᠡᠳᠦᠨ ᠪᠠᠭ᠎ᠠ ᠬᠦᠨᠳᠠᠢ ᠶᠢᠨ ᠠᠮᠠ ᠨᠡᠶᠢᠯᠠᠵᠤ ᠭᠠᠳᠠᠨ᠎ᠠ ᠠᠴᠠ ᠲᠤᠳᠤᠬᠰᠢᠯᠠᠬᠤ | ᠳᠤ ᠯᠠ ︽ᠬᠤᠪᠤᠭᠤ︾ ᠠᠳᠠᠯᠢ ᠬᠡᠯᠪᠡᠷᠢ ᠲᠠᠢ ᠪᠠᠶᠢᠳᠠᠭ ᠠᠴᠠ ᠲᠡᠬᠡᠵᠤ ᠨᠡᠷᠡᠯᠡᠭᠰᠡᠨ ᠪᠠᠶᠢᠵᠤ ᠮᠡᠳᠡᠨ᠎ᠠ᠃ | ᠲᠡᠬᠦᠨ ᠠᠴᠠ ᠪᠠᠷᠠᠭᠤᠨᠰᠢ ᠲᠠᠷᠪᠠᠭ᠎ᠠ ᠲᠠᠪᠠᠪᠠᠯ ᠪᠠᠭᠠᠷᠢᠨ ᠵᠡᠬᠦᠮ ᠬᠤᠰᠢᠭᠤᠨ ᠤ ᠲᠤᠮᠤ ᠠᠭᠤᠷᠬᠠᠢ ᠶᠢᠨ | ᠭᠠᠷᠤᠯᠳᠠ ᠶᠢᠨ ᠨᠢᠭᠡ ᠪᠤᠯᠬᠤ ︽ᠬᠤᠪᠤᠭᠤ ᠵᠡᠰ ᠲᠤᠭᠤᠯᠭ᠎ᠠ ᠶᠢᠨ ᠠᠭᠤᠷᠬᠠᠢ︾ ᠲᠡᠨᠳᠠ ᠪᠠᠶᠢᠳᠠᠭ᠃ ᠬᠤᠪᠤᠭᠤ | ᠬᠦᠨᠳᠠᠢ ᠨᠢ ᠪᠦᠬᠦ ᠰᠤᠮᠤᠨ ᠤ ᠮᠠᠯ ᠰᠦᠷᠦᠭ ᠤᠨ ᠵᠤᠰᠠᠯᠠᠩ ᠤᠨ ᠭᠠᠵᠠᠷ ᠪᠤᠯᠬᠤ ᠶᠤᠮ᠃ ᠠᠭᠤᠷ ᠠᠮᠢᠰᠬᠤᠯ | ᠰᠡᠷᠢᠬᠦᠨ ᠴᠢᠬᠢᠭᠯᠢᠭ ᠪᠠᠶᠢᠳᠠᠭ ᠬᠤᠪᠤᠶᠢᠭ ᠬᠦᠨᠳᠠᠢ ᠳᠤ ᠲᠠᠪᠤᠨ ᠬᠤᠰᠢᠭᠤ ᠮᠠᠯ ᠠᠯᠠᠬᠯᠠᠨ ᠪᠡᠯᠴᠢᠬᠡᠳ ᠲᠠᠨ᠎ᠠ | ᠰᠤᠪᠤᠳ ᠰᠢᠭ᠋ ᠢᠷᠡᠯᠵᠠᠵᠤ ᠲᠠᠯ᠎ᠠ ᠶᠢᠨ ᠮᠠᠯᠴᠢᠳ ᠤᠨ ᠣᠳᠤᠷ ᠤᠨ ᠭᠡᠷ ᠠᠴᠠ ᠪᠠᠶᠡᠰᠤᠯ ᠤᠨ ᠲᠠᠭᠤᠨ ᠬᠠᠩᠬᠢᠨᠠᠨ | ᠡᠬᠡᠰᠢᠭᠯᠡᠭᠳᠡᠳᠡᠭ ᠶᠤᠮ᠃ | 2 ᠠᠭᠤᠯᠠ ᠳᠠᠪᠠᠭ᠎ᠠ | ᠪᠠᠶᠠᠨᠵᠢᠷᠦᠬᠡ ᠬᠠᠨ ᠠᠭᠤᠯᠠ᠄ ᠤᠯᠠᠭᠠᠨ ᠳᠠᠪᠠᠭ᠎ᠠ ᠰᠤᠮᠣᠨ ᠤ ᠲᠦᠪ ᠠᠴᠠ ᠪᠠᠷᠠᠭᠤᠨ ᠬᠤᠶᠢᠰᠢ | ᠲᠦᠴᠢᠨ ᠭᠠᠵᠠᠷ ᠤᠨ ᠦᠵᠤᠬᠦᠷ ᠲᠤ ᠪᠠᠶᠢᠭ᠎ᠠ ᠳᠠᠯᠠᠢ ᠶᠢᠨ ᠲᠦᠪᠰᠢᠨ ᠠᠴᠠ 1550 ᠮᠧᠲᠷ ᠡᠷᠬᠦᠭᠳᠡᠭᠰᠡᠨ | ᠬᠦᠨᠳᠡᠯᠡᠨ ᠢᠶᠠᠷ ᠢᠶᠠᠨ ᠠᠷᠪᠠᠭᠠᠳ ᠺᠢᠯᠤᠮᠧᠲᠷ ᠭᠤᠤᠯᠳᠤ ᠪᠠᠷ ᠢᠶᠠᠨ ᠠᠷᠪᠠ ᠰᠢᠬᠠᠭᠤ ᠺᠢᠯᠤᠮᠧᠲᠷ ᠪᠠᠶᠠᠨ ᠲᠠᠷᠭᠤᠨ | ᠠᠭᠤᠯᠠ ᠶᠢ ᠪᠠᠶᠠᠨ ᠵᠢᠷᠤᠬᠡ ᠬᠠᠨ ᠠᠭᠤᠯᠠ ᠬᠡᠳᠡᠭ᠃ | ᠪᠠᠶᠠᠨᠵᠢᠷᠦᠬᠡ ᠬᠠᠨ ᠠᠭᠤᠯᠠ ᠨᠢ ᠡᠷᠳᠠ ᠦᠶ᠎ᠠ ᠳᠡᠭᠡᠨ ᠠᠷᠤ ᠬᠤᠷᠴᠢᠨ ᠸᠠᠩ ᠤᠨ ᠳᠡᠭᠡᠳᠤ ᠵᠢᠨᠦᠶᠠ ᠭᠤᠷᠪᠡᠨ | ᠶᠡᠭᠡ ᠲᠠᠬᠢᠷᠯᠠᠭᠠᠳᠤᠢ ᠬᠠᠶᠢᠷᠠᠬᠠᠨ ᠤ ᠨᠢᠭᠡ ᠨᠢ ᠪᠠᠶᠢᠵᠡᠢ᠃ ᠪᠠᠷᠠᠭᠤᠨᠰᠢ ᠪᠠᠨ ᠪᠠᠭᠠᠷᠢᠨ ᠪᠠᠷᠠᠭᠤᠨ ᠬᠤᠰᠢᠭᠤᠨ ᠤ | ᠰᠤᠪᠤᠷᠭ᠎ᠠ ᠰᠤᠮᠤᠨ ᠤ ᠵᠢᠪᠳᠤ ᠶᠢᠨ ᠠᠶᠢᠯ ᠤᠨ ᠵᠡᠬᠦᠨ ᠪᠡᠶ᠎ᠠ ᠳᠤ ᠪᠠᠶᠢᠳᠠᠭ ᠰᠠᠶᠢᠬᠠᠨ ᠬᠠᠨ ᠠᠭᠤᠯᠠ ᠲᠠᠢ | ᠠᠭᠤᠯᠠ ᠨᠢᠷᠤᠭᠤᠳ ᠢᠶᠠᠷ ᠢᠶᠠᠨ ᠵᠠᠯᠭᠠᠯᠳᠤᠵᠤ ᠂ ᠵᠡᠬᠦᠨᠰᠢ ᠪᠠᠨ ᠠᠷᠤ ᠬᠤᠷᠴᠢᠨ ᠶᠡᠭᠡ ᠬᠠᠶᠢᠷᠠᠬᠠᠨ ᠲᠠᠢ | ᠦᠷᠬᠦᠯᠵᠢᠯᠡᠬᠡᠳ ᠠᠯᠳᠠᠨ ᠬᠢᠩᠭᠠᠨ ᠤ ᠡᠮᠤᠨ᠎ᠠ ᠪᠡᠶ᠎ᠠ ᠶᠢᠨ ᠰᠠᠯᠪᠤᠷᠢ ᠨᠢᠷᠤᠭᠤᠳ ᠪᠠᠶᠢᠭ᠎ᠠ ᠶᠤᠮ᠃ ᠡᠩᠬᠡ | ᠠᠮᠤᠭᠤᠯᠠᠩ ᠤᠨ 25 ᠳ᠋ᠤᠭᠠᠷ ᠣᠨ ︿1686 —1743﹀ ᠠᠴᠠ ᠡᠬᠢᠯᠡᠨ ᠲᠤᠭᠤᠷᠪᠢᠭᠠᠳ ᠲᠡᠭᠷᠢ | ᠲᠡᠳᠬᠦᠭᠴᠢ ᠶᠢᠨ 8 ᠳ᠋ᠤᠭᠠᠷ ᠣᠨ ᠳᠤ ᠲᠡᠬᠦᠰᠤᠭ᠍ᠰᠡᠨ ︽ᠴᠢᠩ ᠤᠯᠤᠰ ᠤᠨ ᠬᠠᠮᠳᠤᠳᠬᠠᠨ ᠲᠡᠮᠳᠡᠭᠯᠡᠭᠰᠡᠨ ᠪᠢᠴᠢᠭ︾ | ᠬᠢᠭᠡᠳ ︽ᠮᠤᠩᠭᠤᠯ ᠬᠤᠰᠢᠭᠤ ᠨᠣᠳᠤᠭ ᠤᠨ ᠲᠠᠮᠳᠡᠭᠯᠡᠯ︾ ᠳᠤ ︽ᠠᠷᠤ ᠬᠤᠷᠴᠢᠨ ᠤ ᠪᠠᠷᠠᠭᠤᠨ ᠬᠤᠶᠢᠨ᠎ᠠ ᠵᠠᠭᠤ | ᠲᠦᠴᠢᠨ ᠭᠠᠵᠠᠷ ᠲᠤ ᠡᠤ ᠯᠢᠶᠣᠤ ᠱᠠᠨ ᠠᠶᠢᠮᠤᠢ᠂ ᠡᠤ ᠯᠢᠶᠤᠤ ᠱᠠᠨ ᠪᠤᠯᠠᠪᠠᠰᠤ ᠡᠤ ᠸᠠᠨ ᠱᠠᠨ ᠪᠤᠯᠠᠢ︾ ᠬᠡᠪᠠ᠃ | ︽ᠮᠤᠩᠭᠤᠯ ᠬᠤᠰᠢᠭᠤ ᠨᠣᠳᠤᠭ ᠤᠨ ᠲᠡᠮᠳᠡᠭᠯᠡᠯ︾ ᠢ ᠮᠤᠩᠭᠤᠯᠴᠢᠯᠠᠬᠤ ᠳᠤ ᠪᠠᠨ ᠲᠤᠰᠬᠠᠢ ᠵᠡᠬᠦᠯᠳᠠ ᠬᠠᠳᠠᠵᠤ ︽ | ᠡᠦ ᠸᠠᠨ ᠱᠠᠨ ︵乌丸山︶ ᠠᠭᠤᠯᠠ — ᠨᠡᠶᠢᠳᠠ ᠣᠨ ᠲᠤᠭᠠᠯᠠᠯ ᠤᠨ ᠡᠮᠤᠨ᠎ᠠ ᠭᠤᠷᠪᠠᠳᠤᠭᠠᠷ ᠵᠠᠭᠤᠨ ᠤ | ᠡᠴᠤᠰ ᠢᠶᠠᠷ ᠳ᠋ᠦᠩ ᠬᠤ᠋ ᠦᠨᠳᠤᠰᠤᠳᠠᠨ ᠡᠾᠦ᠋ᠩᠨᠤ ᠳᠤ ᠮᠦᠬᠦᠭᠳᠡᠬᠡᠳ᠂ ᠲᠡᠬᠦᠨ ᠤ ᠬᠡᠰᠡᠭ ᠪᠦᠯᠦᠭ | ᠦᠯᠡᠳᠡᠭᠳᠡᠯ ᠨᠢ ᠲᠤᠬᠳᠠᠭᠠᠵᠤ ᠡᠦ ᠬᠤᠸᠠᠨ ᠱᠠᠨ ︵乌桓山︶ ᠠᠭᠤᠯᠠᠨ ᠳᠤ ᠣᠳᠴᠤ ᠨᠤᠳᠤᠬᠯᠠᠨ | ᠰᠠᠭᠤᠭᠠᠳ ᠡᠦ ᠬᠤᠸᠠᠨ ᠬᠦᠮᠤᠨ ᠬᠡᠬᠦ ᠪᠤᠯᠪᠠ᠃ ᠡᠦ ᠬᠤᠸᠠᠨ ᠱᠠᠨ ᠢ ᠪᠠᠰᠠ ᠡᠤ ᠸᠠᠨ ᠱᠠᠨ ᠬᠡᠳᠡᠭ᠃ | ᠡᠳᠤᠬᠡ ᠶᠢᠨ ᠠᠷᠤ ᠬᠤᠷᠴᠢᠨ ᠤ ᠬᠤᠶᠢᠭᠤᠷ ᠶᠡᠭᠡ ᠳᠠᠪᠠᠭᠠᠨ ᠤ ᠡᠮᠤᠨ᠎ᠠ ᠦᠵᠤᠬᠦᠷ ᠢᠶᠠᠷ ᠪᠠᠶᠢᠳᠠᠭ ᠬᠡᠬᠦ | ᠲᠤᠯᠠ ᠡᠨᠠ ᠡᠤ ᠸᠠᠨ ᠱᠠᠨ ᠪᠤᠯᠤᠳᠠᠢ︾ ᠬᠡᠵᠤ ᠪᠠᠶᠠᠨᠵᠢᠷᠦ᠋ᠬᠡ ᠬᠠᠨ ᠠᠭᠤᠯᠠ ᠶᠢ ᠬᠡᠯᠠᠵᠤ ᠪᠤᠢ᠃ ᠮᠦᠨ ᠡᠨᠠ | ᠲᠤᠬᠠᠢ ᠠᠷᠤ ᠬᠤᠷᠴᠢᠨ ᠬᠤᠰᠢᠭᠤᠨ ᠤ ᠠᠬᠠᠮᠠᠳ ᠪᠠᠭᠰᠢ | ᠡ᠋᠊᠂ ᠬᠤᠳᠤᠷᠠᠩᠭ᠎ᠠ ᠵᠢᠨᠵᠤᠬᠢᠶᠠᠯ ᠳᠤ ᠪᠠᠨ ᠡᠨᠠ ︵乌︶ ᠦᠰᠦᠭ ᠪᠤᠯ ᠬᠢᠳᠠᠳ ᠤᠨ ᠬᠠᠷ᠎ᠠ ᠦᠩᠬᠡ | ᠶᠢ ᠵᠢᠭᠠᠬᠰᠡᠨ ᠦᠬᠡ ᠂ ︵丸︶ ᠦᠰᠦᠭ ᠨᠢ ᠮᠤᠩᠭᠤᠯᠴᠤᠳ ᠤᠨ ᠵᠢᠷᠤᠬᠡ ᠶᠢ ᠲᠦᠯᠤᠬᠡᠯᠡᠵᠤ ᠪᠤᠢ᠃ ᠬᠡᠬᠦ | ᠳᠡᠭᠡᠨ ᠮᠤᠩᠭᠤᠯᠴᠤᠳ ᠬᠠᠷ᠎ᠠ ᠦᠩᠬᠡ ᠶᠢ ᠡᠷᠬᠢᠮᠯᠡᠳᠡᠭ ᠦᠬᠡᠢ ᠪᠤᠯᠬᠤᠷ ᠡᠤ ᠸᠠᠨ ᠱᠠᠨ ᠢ ᠬᠠᠷ᠎ᠠ ᠵᠢᠷᠤᠬᠡ ᠬᠡᠵᠤ | ᠬᠡᠯᠡᠭᠡ ᠦᠬᠡᠢ ᠵᠦᠭᠰᠢᠷᠡᠬᠦᠯᠵᠤ ᠪᠠᠶᠠᠨ ᠵᠢᠷᠤᠬᠡ ᠬᠡᠰᠡᠨ ᠪᠤᠯᠤᠳᠠᠢ ᠭᠡᠵᠡᠢ᠃ ᠪᠠᠶᠠᠨ ᠵᠢᠷᠤᠬᠡ ᠬᠠᠨ ᠠᠭᠤᠯᠠ ᠶᠢᠨ | ᠤᠷᠤᠢ ᠳᠤ ᠪᠠᠷᠤᠭ ᠵᠡᠬᠦᠨᠰᠢ ᠪᠠᠨ ᠪᠠᠷᠠᠭᠤᠨᠰᠢ ᠪᠠᠨ ᠬᠤᠶᠠᠷ ᠭᠠᠵᠠᠷ ᠲᠠᠯᠠᠪᠠᠢ ᠪᠦᠬᠦᠢ ᠲᠡᠭᠰᠢᠬᠡᠨ ᠭᠠᠵᠠᠷ ᠲᠠᠢ | ᠮᠦᠷᠳᠡᠬᠡᠨ ᠡᠷᠳᠠ ᠳᠡᠭᠡᠨ ᠰᠢᠳᠤᠵᠤ ᠲᠠᠬᠢᠵᠤ ᠪᠠᠶᠢᠬᠰᠡᠨ ᠲᠠᠬᠢᠯᠭ᠎ᠠ ᠶᠢᠨ ᠣᠪᠤᠭ᠎ᠠ ᠶᠢᠨ ᠤᠯᠠ ᠰᠠᠭᠤᠷᠢ ᠨᠢ ᠪᠠᠶᠢᠵᠤ | 1947 ᠣᠨ ᠤ ᠦᠶ᠎ᠠ ᠪᠠᠷ ᠰᠢᠷ᠎ᠠ ᠬᠠᠳᠠ ᠶᠢᠨ ᠠᠶᠢᠯ ︵ᠣᠳᠤ ᠰᠢᠨ᠎ᠠ ᠣᠰᠤᠨ ᠴᠦᠬᠦᠷᠤᠮ ᠤᠨ ᠤᠰᠤᠨ ᠳᠤ | ᠪᠠᠭᠤᠷᠢ ᠰᠠᠭᠤᠷᠢ ᠨᠢ ᠵᠢᠪᠪᠤᠵᠡᠢ︶ ᠠᠴᠠ ᠨᠡᠬᠦᠵᠤ ᠢᠷᠡᠭᠰᠡᠨ ᠰᠢᠨᠡᠬᠤᠳᠠ ᠭᠠᠴᠠᠭ᠎ᠠ ᠨᠢ ᠬᠠᠨ ᠬᠠᠶᠢᠷᠠᠬᠠᠨ ᠤ | ᠵᠡᠬᠦᠨ ᠰᠠᠭᠤᠨ ᠳᠤ ᠰᠠᠭᠤᠷᠢᠰᠢᠵᠤ᠂ ᠵᠢᠯ ᠪᠦᠷᠢ ᠶᠢᠨ ᠲᠠᠪᠤᠨ ᠰᠠᠷ᠎ᠠ ᠶᠢᠨ ᠠᠷᠪᠡᠨ ᠭᠤᠷᠪᠡᠨ ᠳᠤ ᠪᠠᠶᠠᠨᠵᠢᠷᠦ᠋ᠬᠡ | ᠬᠠᠨ ᠠᠭᠤᠯᠠ ᠶᠢ ᠲᠠᠬᠢᠵᠤ ᠲᠠᠬᠢᠯᠭ᠎ᠠ ᠶᠢᠨ ᠨᠠᠶᠢᠷ ᠬᠢᠬᠦ ᠪᠠᠨ ᠪᠠᠷᠢᠮᠳᠠᠯᠠᠬᠰᠠᠭᠠᠷ ᠪᠠᠶᠢᠨ᠎ᠠ᠃ | ᠬᠦᠢᠯᠭᠡᠷ ᠬᠠᠨ᠄ ᠬᠠᠳᠠᠨ ᠠᠷᠤ ᠶᠢᠨ ᠵᠡᠬᠦᠨ ᠬᠤᠶᠢᠨ᠎ᠠ ᠲᠠᠯ᠎ᠠ ᠣᠳᠤ ᠶᠢᠨ ︽ᠲᠤᠷᠤᠭ ᠪᠤᠭᠤ ᠶᠢᠨ | ᠲᠠᠯᠠᠪᠠᠢ︾ ᠶᠢᠨ ᠬᠤᠶᠢᠳᠤ ᠡᠬᠢ ᠰᠠᠪᠠᠷᠠᠭᠠᠨ ᠤ ᠵᠡᠬᠦᠨ ᠡᠮᠤᠨ᠎ᠠ ᠠᠷᠪᠠᠭᠠᠳ ᠭᠠᠵᠠᠷ ᠲᠤ ᠪᠠᠶᠢᠷᠢᠰᠢᠭ᠎ᠠ ᠳᠠᠯᠠᠢ ᠶᠢᠨ | ᠲᠦᠪᠰᠢᠨ ᠠᠴᠠ ᠮᠢᠩᠭ᠎ᠠ ᠢᠯᠡᠬᠦᠤ ᠮᠧᠲᠷ ᠡᠷᠬᠦᠭᠳᠡᠭᠰᠡᠨ ᠬᠤᠯᠠ ᠠᠴᠠ ᠤᠨᠳᠤᠷᠤᠬᠰᠡᠨ ᠤᠰᠤ ᠠᠷᠤ | ᠵᠤᠩᠬᠠᠳᠤ ᠶᠢᠨ ᠬᠦᠨᠳᠠᠢ ᠪᠠᠷ ᠦᠩᠬᠡᠷᠡᠵᠤ ᠬᠠᠬᠢᠷ ᠤᠨ ᠭᠤᠤᠯ ᠲᠠᠢ ᠨᠢᠭᠡ ᠤᠷᠤᠰᠬᠠᠯ ᠪᠤᠯᠵᠤ ᠪᠠᠶᠢᠨ᠎ᠠ᠃ | ᠳᠡᠯ ᠬᠠᠳᠠ᠄ ᠤᠯᠠᠭᠠᠨ ᠳᠠᠪᠠᠭ᠎ᠠ ᠰᠤᠮᠤᠨ ᠲᠦᠪ ᠠᠴᠠ ᠪᠠᠷᠠᠭᠤᠨ ᠬᠤᠶᠢᠨ᠎ᠠ ᠬᠤᠷᠢᠨ ᠭᠠᠵᠠᠷ ᠤᠨ | ᠦᠵᠤᠬᠦᠷ ᠲᠤ ︽ᠠᠷᠪᠡᠨ ᠵᠠᠩᠵᠤᠨ ᠤ ᠭᠤᠤ︾ ᠶᠢᠨ ᠳᠡᠭᠡᠷ᠎ᠠ ᠡᠬᠢᠨ ᠳᠤ ᠳᠠᠯᠠᠢ ᠶᠢᠨ ᠲᠦᠪᠰᠢᠨ ᠠᠴᠠ ᠮᠢᠩᠭᠠᠨ | ᠮᠧᠲᠷ ᠡᠷᠬᠦᠭᠳᠡᠭᠰᠡᠨ ᠪᠠᠷᠳᠠᠭ᠎ᠠ ᠶᠡᠭᠡ ᠲᠠᠢ ᠬᠠᠳᠠ ᠲᠠᠢ ᠵᠢᠯᠠᠭ᠎ᠠ ᠪᠠᠶᠢᠳᠠᠭ᠃ ︽ᠠᠷᠪᠡᠨ ᠵᠠᠩᠵᠤᠨ ᠤ ᠭᠤᠤ︾ ᠨᠢ | ᠯᠢᠶᠤᠤ ᠤᠯᠤᠰ ᠤᠨ ᠭᠠᠪᠢᠶᠠᠳᠤ ᠠᠷᠪᠡᠨ ᠵᠠᠩᠵᠤᠨ ᠤ ᠭᠡᠬᠦᠷ ᠣᠩᠭᠤᠨ ᠢ ᠨᠢ ᠡᠨᠡᠬᠦ ᠪᠠᠷᠳᠠᠭ᠎ᠠ ᠶᠡᠭᠡ ᠲᠠᠢ ᠵᠢᠯᠠᠭ᠎ᠠ | ᠳᠤ ᠲᠠᠯᠪᠢᠬᠰᠡᠨ ᠠᠴᠠ ᠬᠤᠵᠢᠮ ᠤᠨ ᠬᠦᠮᠤᠰ ᠤᠨ ᠶᠠᠷᠢᠶᠠᠨ ᠳᠤ ᠤᠯᠠᠮᠵᠢᠯᠠᠬᠳᠠᠨ ︽ᠠᠷᠪᠠᠨ ᠵᠠᠩᠵᠤᠨ ᠤ ᠭᠤᠤ︾ | ᠬᠡᠵᠤ ᠨᠠᠷᠡᠯᠠᠯᠠ ᠬᠡᠳᠡᠭ᠃ ᠡᠨᠠ ᠳᠤ ᠡᠷᠳᠡᠨ ᠤ ᠬᠡᠬᠦᠷ ᠤᠩᠭᠤᠨ ᠤᠯᠠᠨ ᠪᠠᠶᠢᠳᠠᠭ ᠮᠦᠷᠳᠡᠬᠡᠨ ᠤᠩᠴᠢᠭ᠍ᠳᠡᠨ | ᠰᠡᠭᠴᠢᠭᠳᠡᠵᠤ ᠬᠠᠷᠠᠯᠠᠨ ᠬᠤᠴᠤᠷᠠᠬᠰᠡᠨ ᠲᠤᠭᠤᠰᠬ᠎ᠠ ᠮᠤᠳᠤ ᠲᠠᠢ ᠲᠤᠮᠤ ᠤᠩᠭᠤᠨ ᠨᠤᠭᠤᠳ ᠤᠯᠠᠨ ᠬᠠᠷᠠᠬᠳᠠᠳᠠᠭ | ᠃ ᠨᠡᠩ ᠴᠦ ᠡᠨᠡᠬᠦ ᠦᠯᠢᠬᠡᠷ ᠲᠤᠮᠤᠭ ᠠᠴᠠ ᠰᠤᠷᠠᠭ ᠲᠠᠮᠵᠢᠵᠤ ᠭᠠᠳᠠᠨ᠎ᠠ ᠲᠤᠳᠤᠨ᠎ᠠ ᠠᠴᠠ ︽ᠠᠷᠪᠡᠨ ᠵᠠᠩᠵᠤᠨ ᠤ | ᠭᠤᠤ︾ ᠳᠤ ᠰᠠᠨᠠᠭᠠᠰᠢᠷᠠᠵᠤ ᠢᠷᠡᠭᠰᠡᠨ ᠬᠦᠮᠤᠰ ᠤᠨ ᠭᠠᠷ ᠲᠤ ᠤᠷᠢᠳᠤ ᠳᠠᠭᠠᠨ ᠬᠦᠮᠤᠨ ᠤᠷᠤᠬᠤ ᠳᠤ | ᠬᠦᠴᠢᠷᠳᠠᠢ ᠪᠡᠷᠬᠡ ᠪᠠᠷᠳᠠᠭᠠᠳᠠᠢ᠂ ᠤᠢ ᠮᠤᠳᠤ ᠪᠠᠷ ᠪᠦᠷᠬᠦᠭᠰᠡᠨ ᠠᠷᠢᠶᠠᠳᠠᠨ ᠠᠮᠢᠳᠠᠨ ᠠᠶᠢᠳᠠᠰᠤ ᠲᠦᠷᠤᠬᠦᠯᠤᠮᠠ | ᠵᠢᠯᠭ᠎ᠠ ᠠᠪᠬᠤ ᠶᠢᠨ ᠲᠠᠮᠳᠤᠭ ᠦᠬᠡᠢ ᠰᠡᠭᠴᠢᠭᠳᠡᠬᠡᠳ ᠦᠵᠡᠮᠵᠢ ᠪᠠᠨ ᠠᠯᠳᠠᠬᠰᠡᠨ ᠢ ᠦᠵᠡᠪᠠᠯ ᠡᠬᠡ ᠬᠦᠷᠤᠰᠤᠨ | ᠳᠡᠭᠡᠨ ᠬᠠᠶᠢᠷ᠎ᠠ ᠲᠠᠢ ᠬᠦᠮᠤᠨ ᠤ ᠨᠢᠳᠤᠨ ᠨᠢᠯᠪᠤᠰᠤ ᠶᠢ ᠤᠨᠠᠭᠠᠮᠠᠷ ᠰᠠᠨᠠᠬᠳᠠᠭᠤᠯᠳᠠᠭ᠃ ᠠᠳᠡᠬᠢ | ᠨᠠᠰᠤᠳᠠᠶᠢᠴᠤᠳ ᠤᠨ ᠤᠯᠠᠮᠵᠢᠯᠠᠨ ᠶᠠᠷᠢᠯᠴᠠᠬᠤ ᠠᠴᠠ ᠶᠠᠫᠤᠨ ᠤ ᠡᠵᠡᠷᠬᠡᠭ ᠲᠦᠷᠢᠮᠬᠡᠶᠢᠳᠡᠨ ᠲᠤᠮᠳᠠᠳᠤ ᠶᠢᠨ ᠨᠣᠳᠤᠭ | ᠲᠡᠪᠢᠰᠭᠡᠷ ᠢ ᠴᠦᠯᠪᠡᠨ ᠳᠡᠭᠡᠷᠡᠮᠳᠠᠵᠤ ᠪᠠᠶᠢᠬᠰᠡᠨ ᠲᠡᠷᠠ ᠦᠶᠡᠰ ᠠᠳᠠ ᠠᠴᠠ ᠠᠯᠳᠠᠨ ᠡᠮᠡᠬᠡᠯ᠂ ᠬᠠᠰ ᠤᠨ | ᠪᠦᠰᠡᠯᠡᠬᠦᠷ᠂ ᠣᠬᠤᠵᠣ ᠭᠠᠷᠭᠠᠨ ᠠᠷᠪᠡᠨ ᠵᠠᠩᠵᠤᠨ ᠤ ᠤᠩᠭᠤᠨ ᠠᠴᠠ ᠨᠡᠯᠢᠶᠡᠳ ᠬᠡᠳᠤ ᠶᠢ ᠨᠢ ᠨᠡᠬᠡᠬᠡᠯᠠ ᠬᠡᠵᠤ | ᠬᠡᠯᠡᠯᠴᠡᠳᠡᠭ᠃ ᠳᠡᠯ ᠬᠠᠳᠠ ᠪᠤᠯ ᠶᠠᠭ ᠡᠶᠢᠮᠤᠷᠬᠦᠤ ᠡᠷᠳᠠ ᠳᠡᠭᠡᠳᠤ ᠶᠢᠨ ᠦᠶ᠎ᠠ ᠠᠴᠠ ᠪᠠᠨ ᠬᠡᠰᠢᠭ ᠪᠤᠶᠠᠨ | ᠤᠷᠤᠰᠢᠬᠰᠡᠨ ᠪᠠᠶᠠᠨ ᠵᠢᠯᠠᠭ᠎ᠠ ᠶᠢᠨ ᠡᠬᠢᠨ ᠳᠤ ᠪᠠᠶᠢᠳᠠᠭ᠃ ᠬᠤᠶᠢᠰᠢ ᠤᠷᠤᠬᠰᠢ ᠪᠠᠨ ᠭᠤᠷᠪᠡᠨ ᠭᠠᠵᠠᠷ ᠰᠢᠬᠠᠭᠤ | ᠤᠷᠳᠤ᠂ ᠮᠧᠲᠷ ᠢᠯᠡᠬᠦᠭᠡᠨ ᠦᠷᠬᠡᠨ᠂ ᠵᠠᠭᠤ ᠰᠢᠬᠠᠭᠤ ᠮᠧᠲᠷ ᠡᠭᠴᠨ ᠴᠠᠪᠴᠢᠶᠠᠯ ᠬᠠᠳᠠ ᠶᠤᠮ᠃ ᠬᠡᠯᠪᠡᠷᠢ | ᠲᠦᠷᠰᠤ ᠨᠢ ᠬᠢᠷᠭᠠᠬᠰᠡᠨ ᠮᠤᠷᠢᠨ ᠳᠡᠯ ᠰᠢᠭ ᠪᠠᠶᠢᠳᠠᠭ ᠠᠴᠠ ᠳᠡᠯ ᠬᠠᠳᠠ ᠭᠡᠵᠡᠢ᠃ ᠡᠷᠳᠡᠨ ᠳᠡᠭᠡᠨ ᠳᠡᠯ ᠬᠠᠳᠠ | ᠳᠤ ᠲᠤᠮᠤ ᠠᠪᠤᠷᠭᠤ ᠰᠢᠪᠠᠭᠤ ᠡᠬᠦᠷᠬᠡᠯᠡᠵᠤ ᠨᠢᠰᠤᠬᠡᠳ ᠭᠠᠷᠬᠤ ᠳᠤ ᠮᠤᠷᠢᠨ ᠳᠤ ᠲᠠᠯᠠᠪᠴᠢ ᠤᠷᠭᠤᠬᠰᠡᠨ ᠰᠢᠭ᠋ | ᠯᠠ ᠪᠠᠶᠢᠳᠠᠭ ᠬᠡᠬᠦ ᠨᠠᠰᠤᠳᠠᠶᠢᠴᠣᠳ ᠤᠨ ᠬᠠᠭᠤᠴᠢ ᠵᠤᠭᠤᠭ ᠪᠠᠶᠢᠳᠠᠭ᠃ ᠪᠤᠳᠤᠬᠤ ᠳᠤ ᠪᠠᠷᠤᠭ ᠲᠡᠰ ᠰᠢᠪᠠᠭᠤ | ᠪᠤᠶᠤ ᠶᠤᠯᠤ ᠰᠢᠪᠠᠭᠤ ᠪᠠᠶᠢᠬᠰᠡᠨ ᠪᠠᠶᠢᠵᠤ ᠮᠡᠳᠡᠨ᠎ᠠ᠃ ᠦᠨᠤᠬᠡᠨ ᠪᠤᠯᠳᠠᠯ᠎ᠠ ᠨᠢᠭᠡ ᠨᠠᠰᠤ ᠪᠠᠷ ᠢᠶᠠᠨ ᠡᠮ ᠡᠮᠨᠡᠯᠭᠡ ᠶᠢᠨ | ᠲᠤᠬᠠᠢ ᠮᠠᠬᠠᠷᠠᠨ ᠰᠤᠳᠤᠯᠵᠤ ᠡᠪᠡᠳᠴᠤ ᠶᠠᠳᠠᠬᠰᠡᠨ ᠢ ᠡᠮᠨᠡᠨ ᠢᠯᠡᠷᠡᠬᠦᠯᠰᠢᠬᠦᠯᠵᠤ ᠬᠤᠯᠠ ᠤᠶᠢᠷ᠎ᠠ ᠳᠤ ᠨᠡᠷ᠎ᠠ | ᠭᠠᠷᠤᠬᠰᠡᠨ ᠨᠠᠶᠠᠨ ᠨᠠᠰᠤ ᠶᠢ ᠳᠡᠪᠠᠭᠰᠡᠨ ᠦᠵᠤᠬᠦᠷᠬᠤᠸᠠ ᠭᠠᠴᠠᠭ᠎ᠠ ᠶᠢᠨ ᠫᠧᠩ ᠰᠢᠶᠡᠨᠱᠧᠩ ᠳᠠᠯᠠᠨ ᠨᠠᠰᠤᠨ ᠤ | ᠦᠶ᠎ᠠ ᠬᠦᠷᠳᠡᠯ᠎ᠠ ᠪᠠᠨ ᠳᠡᠯ ᠬᠠᠳᠠᠨ ᠳᠤ ᠭᠠᠷᠴᠤ ᠠᠷᠪᠠ ᠲᠠᠪᠤᠨ ᠡᠳᠤᠷ ᠢᠶᠠᠷ ᠪᠠᠭᠤᠯ ᠦᠬᠡᠢ ᠡᠪᠡᠰᠤᠨ ᠡᠮ ᠲᠡᠬᠦᠨ | ᠠᠪᠤᠷᠭᠤ ᠰᠢᠪᠠᠭᠤᠨ ᠤ ᠪᠠᠭᠠᠰᠤ ᠴᠤᠬᠯᠠᠭᠤᠯᠵᠤ ᠨᠤᠮ ᠪᠢᠰᠢᠯᠭᠠᠵᠤ ᠪᠠᠶᠢᠬᠰᠡᠨ ᠬᠡᠳᠡᠭ ᠢ ᠭᠡᠳᠭᠡᠳ ᠢ ᠬᠢᠨᠢ ᠭᠡᠤᠭᠡᠳ | ᠨᠢ ᠦᠯᠢᠬᠡᠷ ᠪᠤᠯᠭᠠᠵᠤ ᠶᠠᠷᠢᠳᠠᠭ᠃ | ᠤᠬᠤᠮᠠᠯ ᠳᠠᠪᠠᠭ᠎ᠠ᠄ ᠬᠠᠪᠴᠢᠯ ᠭᠠᠴᠠᠭᠠᠨ ᠤ ᠵᠡᠬᠦᠨ ᠬᠤᠶᠢᠨ᠎ᠠ ᠡᠷ᠎ᠠ ᠱᠤᠷᠤᠩ ᠡᠯᠢᠶᠡᠨ ᠦᠨᠳᠤᠷ ᠤᠨ | ᠡᠩᠭᠡᠷ ᠲᠠᠬᠢ ᠠᠷᠤ ᠬᠤᠷᠴᠢᠨ ᠤ ᠪᠠᠶᠠᠨ ᠦᠨᠳᠤᠷ ᠰᠤᠮᠤ ᠶᠢᠨ ᠮᠠᠨᠢᠳᠤ ᠭᠠᠴᠠᠭ᠎ᠠ ᠶᠢᠨ ᠬᠢᠵᠠᠭᠠᠷ ᠲᠠᠢ ᠵᠠᠬᠠᠯᠠᠳᠠᠭ | ᠳᠠᠪᠠᠭ᠎ᠠ ᠶᠢ ᠤᠬᠤᠮᠠᠯ ᠳᠠᠪᠠᠭ᠎ᠠ ᠬᠡᠳᠡᠭ᠃ ᠳᠠᠪᠠᠭ᠎ᠠ ᠶᠢᠨ ᠵᠠᠮ ᠲᠤᠩ ᠬᠠᠪᠴᠢᠯ ᠢᠪᠴᠤᠤ᠂ ᠬᠦᠪᠳᠤ ᠶᠡᠬᠡᠳᠠᠢ | ᠳᠠᠪᠠᠭᠠᠨ ᠤᠷᠤᠢ ᠨᠢ ᠬᠠᠳᠠᠨ ᠬᠠᠪᠴᠢᠯ ᠢ ᠤᠬᠤᠵᠤ ᠭᠠᠷᠭᠠᠬᠰᠡᠨ ᠪᠠᠶᠢᠳᠠᠭ ᠠᠴᠠ ᠵᠦᠪᠬᠡᠨ ᠬᠠᠰᠠᠭ ᠲᠡᠷᠭᠡ ᠯᠠ | ᠴᠤᠪᠤᠷᠠᠨ ᠶᠠᠪᠤᠵᠤ ᠴᠢᠳᠠᠨ᠎ᠠ᠃ ᠶᠡᠭᠡ ᠲᠠᠩ ᠤᠯᠤᠰ ᠤᠨ ᠯᠠᠢ ᠱᠢ ᠮᠢᠨ ᠲᠠᠪᠢᠨ ᠲᠦᠮᠡᠨ ᠴᠡᠷᠢᠭ ᠲᠠᠶᠢᠴᠢᠯᠠᠵᠤ | ᠯᠢᠶᠣᠤ ᠤᠯᠤᠰ ᠢ ᠲᠠᠶᠢᠯᠤᠭᠠᠳ ᠴᠡᠷᠢᠭ ᠲᠠᠷᠤᠬᠳᠠᠵᠤ᠂ ᠶᠧ ᠬᠤ᠋ ᠴᠧᠩ ᠳᠤ ᠪᠦᠰᠡᠯᠡᠭᠳᠡᠭᠡᠳ ᠠᠮᠤ ᠬᠦᠨᠡᠰᠦ | ᠲᠤᠳᠠᠬᠳᠠᠨ ᠠᠳᠠᠪᠠᠰᠢ ᠠᠶᠤᠯ ᠲᠦᠭᠰᠢᠬᠦᠷᠢ ᠲᠠᠢ ᠪᠤᠯᠵᠠᠢ᠃ ᠯᠢᠶᠣᠤ ᠤᠯᠤᠰ ᠤᠨ ᠴᠡᠷᠢᠭ ᠳᠤ ᠲᠠᠷᠤᠬᠳᠠᠬᠰᠡᠨ | ᠲᠠᠩ ᠤᠨ ᠴᠡᠷᠢᠭ ᠡᠨᠠ ᠠᠭᠤᠯᠠ ᠶᠢᠨ ᠬᠦᠳᠤᠯ ᠢ ᠤᠬᠤᠵᠤ ᠰᠡᠳᠡᠯᠤᠨ ᠵᠠᠮ ᠭᠠᠷᠭᠠᠭᠠᠳ ᠪᠦᠰᠡᠯᠡᠯᠳᠠ ᠶᠢ ᠡᠪᠳᠡᠨ | ᠭᠠᠷᠤᠬᠰᠡᠨ ᠠᠴᠠ ᠤᠬᠤᠮᠠᠯ ᠬᠡᠵᠤ ᠨᠡᠷᠡᠯᠠᠯᠠ ᠬᠡᠵᠤ ᠠᠷᠤ ᠬᠤᠷᠴᠢᠨ ᠠᠷᠠᠳ ᠤᠨ ᠶᠠᠷᠢᠶᠠᠨ ᠳᠤ ᠤᠯᠠᠮᠵᠢᠯᠠᠨ | ᠶᠠᠷᠢᠬᠳᠠᠵᠤ ᠪᠤᠢ᠃ ᠪᠠᠰᠠ1945 ᠣᠨ ᠤ8 ᠰᠠᠷ᠎ᠠ ᠳᠤ ᠵᠦᠪᠯᠡᠯᠳᠤ ᠶᠢᠨ ᠤᠯᠠᠭᠠᠨ ᠴᠡᠷᠢᠭ ᠤᠨ ᠲᠠᠪᠢᠨ | ᠭᠤᠷᠪᠠᠳᠤᠭᠠᠷ ᠠᠷᠮᠢ ᠶᠢᠨ ᠴᠡᠷᠢᠭ ᠰᠢᠯᠢ ᠶᠢᠨ ᠭᠤᠤᠯ ᠢᠶᠠᠷ ᠦᠩᠬᠡᠷᠡᠵᠤ ᠤᠯᠠᠭᠠᠨ ᠳᠠᠪᠠᠭ᠎ᠠ ᠪᠠ ᠮᠤᠶᠢᠯᠳᠤ ᠶᠢᠨ | ᠳᠠᠪᠠᠭ᠎ᠠ ᠪᠠᠷ ᠲᠠᠭᠠᠷᠢᠬᠤ ᠳᠤ ᠡᠨᠡᠬᠦ ᠠᠭᠤᠯᠠ ᠶᠢᠨ ᠪᠡᠷᠬᠡ ᠪᠠᠷᠳᠠᠭ᠎ᠠ ᠳᠤ ᠵᠠᠮ ᠬᠰᠢᠬᠳᠠᠭᠠᠳ ᠲᠡᠯᠪᠠᠴᠢᠵᠤ ᠵᠠᠮ | ᠭᠠᠷᠭᠠᠨ ᠴᠡᠷᠢᠭ ᠤᠨ ᠬᠦᠰᠬᠡ ᠡᠮᠤᠨᠡᠰᠢᠯᠠᠵᠤ ᠴᠢᠳᠠᠬᠰᠡᠨ ᠠᠴᠠ ᠤᠬᠤᠮᠠᠯ ᠬᠡᠵᠤ ᠵᠡᠬᠦᠨ ᠪᠠᠭᠠᠷᠢᠨ ᠤ ᠤᠷᠤᠨ | ᠨᠣᠳᠤᠭ ᠤᠨ ᠬᠦᠮᠣᠰ ᠴᠦ ᠶᠠᠷᠢᠳᠠᠭ ᠨᠢ ᠰᠡᠬᠦᠯ ᠤᠨ ᠵᠤᠭᠤᠭ ᠪᠤᠯᠵᠠᠢ᠃ | ᠣᠭᠤᠨᠤ ᠶᠢᠨ ᠳᠠᠪᠠᠭ᠎ᠠ᠄ ᠠᠷᠤ ᠬᠤᠷᠴᠢᠨ ᠬᠤᠰᠢᠭᠤ ᠶᠢᠨ ᠪᠠᠶᠠᠨ ᠦᠨᠳᠤᠷ ᠰᠤᠮᠤ ᠶᠢᠨ ᠮᠠᠨᠢᠳᠤ ᠭᠠᠴᠠᠭ᠎ᠠ | ᠪᠠ ᠤᠯᠠᠭᠠᠨ ᠳᠠᠪᠠᠭ᠎ᠠ ᠰᠤᠮᠤᠨ ᠤ ᠬᠠᠪᠴᠢᠯ ᠭᠠᠴᠠᠭ᠎ᠠ ᠶᠢᠨ ᠵᠠᠭᠠᠭ ᠴᠠᠭᠠᠨ ᠳᠠᠪᠠᠭ᠎ᠠ ᠶᠢᠨ ᠡᠮᠤᠨ᠎ᠠ ᠪᠡᠶ᠎ᠠ ᠳᠤ ᠨᠢᠭᠡ | ᠳᠠᠪᠠᠭ᠎ᠠ ᠪᠠᠶᠢᠳᠠᠭ᠂ ᠡᠨᠠ ᠳᠠᠪᠠᠭ᠎ᠠ ᠶᠢ ︽ᠣᠭᠤᠨᠤ ᠶᠢᠨ ᠳᠠᠪᠠᠭ᠎ᠠ︾ ᠬᠡᠳᠡᠭ᠃ ᠡᠨᠠ ᠳᠠᠪᠠᠭ᠎ᠠ ᠶᠢᠨ ᠲᠤᠬᠠᠢ ᠡᠶᠢᠮᠤ | ᠨᠢᠭᠡ ᠦᠯᠢᠭᠡᠷ ᠪᠠᠶᠢᠳᠠᠭ᠂ ᠴᠢᠩ ᠤᠯᠤᠰ ᠤᠨ ᠡᠩᠬᠡ ᠠᠮᠤᠭᠤᠯᠠᠩ ᠤᠨ ᠦᠶ᠎ᠠ ᠳᠤ ᠣᠶᠢᠷᠠᠳ ᠮᠤᠩᠭᠤᠯ ᠪᠠ ᠴᠢᠩ | ᠤᠯᠤᠰ ᠤᠨ ᠲᠠᠶᠢᠨ ᠤ ᠲᠤᠮᠳᠠ ᠴᠢᠩ ᠬᠦᠷᠤᠨ ᠤ ᠮᠤᠩᠭᠤᠯ ᠴᠡᠷᠢᠭ ᠶᠡᠬᠡᠪᠡᠷ ᠬᠤᠬᠢᠷᠠᠵᠤ᠂ ᠮᠤᠩᠭᠤᠯᠴᠤᠳ ᠤᠨ | ᠰᠡᠳᠬᠢᠯ ᠵᠢᠷᠤᠬᠡ ᠶᠢ ᠰᠢᠮᠰᠢᠷᠡᠬᠦᠯᠵᠤ ᠪᠠᠶᠢᠵᠡᠢ᠃ ᠲᠠᠶᠢᠨ ᠤ ᠲᠠᠷᠠᠭ᠎ᠠ ᠡᠩᠬᠡ ᠠᠮᠤᠭᠤᠯᠠᠩ ᠬᠠᠭᠠᠨ ᠴᠡᠷᠢᠭ | ᠠᠷᠠᠳ ᠤᠨ ᠰᠡᠳᠬᠢᠯ ᠢ ᠲᠤᠬᠢᠷᠠᠭᠤᠯᠬᠤ ᠪᠠᠷ ᠦᠪᠡᠷ ᠤᠨ ᠪᠡᠶ᠎ᠠ ᠪᠠᠷ ᠢᠶᠠᠨ ᠮᠤᠷᠳᠠᠵᠤ ᠲᠤᠰ ᠭᠠᠵᠠᠷ ᠢᠶᠠᠷ ᠦᠩᠬᠡᠷᠡᠬᠦ | ᠳᠤ ᠴᠡᠷᠢᠭ ᠤᠨ ᠬᠦᠯ᠂ ᠬᠦᠮᠤᠨ ᠤ ᠦᠢᠮᠡᠬᠡᠨ᠂ ᠠᠷᠠᠳ ᠤᠨ ᠨᠡᠬᠦᠳᠠᠯ ᠠᠴᠠ ᠦᠷᠬᠦᠨ ᠲᠦᠷᠪᠡᠭᠰᠡᠨ ᠠᠬᠠᠯᠠᠭ | ᠠᠭᠤᠯᠠ ᠶᠢᠨ ᠠᠷᠢᠶᠠᠳᠠᠨ ᠮᠠᠶᠢᠳᠠᠨ ᠵᠦᠭ ᠪᠦᠷᠢ ᠳᠤ ᠲᠤᠳᠠᠭᠠᠨ ᠪᠠᠶᠢᠵᠡᠢ ᠃ ᠶᠠᠭ ᠰᠠᠶᠢᠬᠠᠨ ᠡᠨᠠ ᠠᠭᠤᠯᠠ ᠶᠢᠨ | ᠣᠨᠢ ᠲᠡᠬᠡᠷ᠎ᠠ ᠰᠦᠷᠦᠭ ᠤᠭᠤᠨᠤ ᠲᠠᠢ ᠬᠠᠯᠵᠠ ᠮᠦᠷᠬᠦᠵᠤ ᠡᠵᠡᠨ ᠬᠠᠭᠠᠨ ᠲᠦᠷᠤᠬᠡ ᠦᠨᠳᠡᠶᠢᠵᠤ ᠨᠤᠮ ᠲᠡᠯᠢᠵᠤ | ᠤᠭᠤᠨᠤ ᠠᠩᠨᠠᠬᠰᠡᠨ ᠪᠠᠶᠢᠵᠡᠢ᠃ ᠢᠩᠬᠢᠭᠡᠳ ᠡᠨᠠ ᠳᠠᠪᠠᠭ᠎ᠠ ᠶᠢ ᠤᠭᠤᠨᠤ ᠶᠢᠨ ᠳᠠᠪᠠᠭ᠎ᠠ ᠬᠡᠵᠤ ᠨᠡᠷᠡᠯᠡᠭᠰᠡᠨ ᠬᠡᠳᠡᠭ᠃ | ᠡᠨᠡ ᠳᠠᠪᠠᠭ᠎ᠠ ᠶᠢᠨ ᠵᠡᠬᠦᠨ ᠬᠦᠨᠳᠠᠢ ᠳᠤ ᠠᠷᠤ ᠬᠤᠷᠴᠢᠨ ᠬᠤᠰᠢᠭᠤᠨ ᠤ ᠬᠦᠳᠠᠷ ᠤᠨ ᠠᠭᠤᠷᠬᠠᠢ ᠨᠡᠬᠡᠬᠡᠵᠤ | ᠭᠠᠳᠠᠬᠰᠢ ᠪᠠᠨ ᠬᠤᠳᠤᠯᠳᠤᠭᠠᠳ ᠠᠭᠤᠯᠠ ᠤᠰᠤ ᠡᠪᠳᠡᠭᠳᠡᠨ ᠡᠪᠡᠰᠤ ᠮᠤᠳᠤ ᠬᠤᠷᠠᠬᠳᠠᠵᠤ ᠬᠡᠳᠤᠬᠡᠨ ᠵᠢᠯ ᠤᠨ | ᠲᠤᠳᠤᠷ᠎ᠠ ᠪᠠᠶᠢᠭᠠᠯᠢ ᠠᠬᠤᠢ ᠦᠵᠡᠭᠳᠡᠳᠡᠯᠠ ᠮᠠᠭᠤᠳᠠᠵᠡᠢ᠃ | ᠮᠡᠯᠡᠬᠡᠢ ᠶᠢᠨ ᠳᠠᠪᠠᠭ᠎ᠠ: ᠵᠠᠭᠠᠷᠠᠳᠤ ︵ᠮᠠᠶᠢᠬᠠᠨ ᠠᠭᠤᠯᠠ ᠴᠦ ᠬᠡᠳᠡᠭ︶ ᠤᠨ ᠡᠩᠬᠡᠷ ᠬᠦᠨᠳᠠᠢ ᠳᠠᠬᠢ ᠠᠷᠤ | ᠬᠤᠷᠴᠢᠨ ᠪᠡᠷᠬᠡ ᠶᠢᠨ ᠬᠤᠳᠳᠤᠭ ᠪᠠ ᠤᠯᠠᠭᠠᠨ ᠳᠠᠪᠠᠭ᠎ᠠ ᠦᠵᠤᠬᠦᠷᠬᠤᠸᠠ ᠶᠢᠨ ᠬᠢᠯᠡᠢ ᠳᠠᠪᠠᠭ᠎ᠠ ᠶᠢ ᠮᠡᠯᠡᠬᠡᠢ ᠶᠢᠨ | ᠳᠠᠪᠠᠭ᠎ᠠ ᠬᠡᠳᠡᠭ᠃ ᠠᠳᠠ ᠤᠤᠯ ᠳᠤ ᠪᠠᠨ ᠪᠢᠴᠢᠬᠠᠨ ᠤᠷᠬᠢᠯᠤᠮᠠᠯ ᠪᠤᠯᠠᠭ ᠪᠠᠶᠢᠵᠠᠢ᠃ ᠪᠤᠯᠠᠭ ᠤᠨ ᠬᠦᠪᠡᠭᠡ ᠪᠠᠷ ᠨᠢ | ᠮᠡᠯᠡᠬᠡᠢ ᠤᠯᠠᠨ ᠴᠤᠬᠯᠠᠳᠠᠭ ᠮᠦᠷᠳᠡᠬᠡᠨ ᠳᠠᠪᠠᠭ᠎ᠠ ᠶᠢᠨ ᠪᠠᠶᠢᠴᠠ ᠨᠢ ᠮᠡᠯᠡᠬᠡᠢ ᠰᠢᠭ ᠭᠡᠪ ᠲᠦᠷᠰᠤ ᠲᠠᠢ | ᠪᠠᠶᠢᠳᠠᠭ ᠠᠴᠠ ᠲᠡᠬᠡᠵᠤ ᠨᠡᠷᠡᠯᠡᠭᠰᠡᠨ ᠪᠠᠶᠢᠵᠤ ᠮᠡᠳᠡᠨ᠎ᠠ᠃ ᠪᠠᠳᠠᠷᠠᠭᠤᠯᠳᠤ ᠲᠦᠷᠤ ᠶᠢᠨ ᠭᠤᠴᠢᠨ ᠭᠤᠷᠪᠠᠳᠤᠭᠠᠷ ᠣᠨ | ︵1907︶ ᠤ ︽ ᠰᠢᠳᠠᠷ ᠲᠤᠷ ᠶᠠᠪᠤᠬᠤ ᠵᠤᠤ ᠤᠳᠠ ᠴᠢᠭᠤᠯᠠᠭᠠᠨ ᠤ ᠲᠠᠷᠤᠭ᠎ᠠ ᠠᠷᠤ ᠬᠤᠷᠴᠢᠨ ᠤ ᠵᠠᠰᠠᠭ | ᠲᠦᠷᠤ ᠶᠢᠨ ᠵᠢᠶᠦ᠋ᠨ ᠸᠠᠩ ᠪᠠᠽᠡᠷᠬᠢᠷᠢᠳᠤ ᠶᠢᠨ ᠬᠤᠰᠢᠭᠤᠨ ᠨᠣᠳᠤᠭ ᠤᠨ ᠵᠢᠷᠤᠭ︾ ᠲᠤ ᠮᠠᠯᠵᠢᠳᠤ ᠳᠠᠪᠠᠭ᠎ᠠ | ᠬᠡᠵᠤ ᠨᠡᠷᠡᠯᠡᠵᠤ ᠪᠠᠶᠢᠯ᠎ᠠ ᠬᠡᠵᠤᠡ᠋᠊ ᠬᠤᠳᠤᠷᠠᠩᠭ᠎ᠠ ᠪᠠᠭᠰᠢ ᠶᠢᠨ ᠵᠤᠬᠢᠶᠠᠯ ᠳᠤ ᠲᠡᠮᠳᠡᠭᠯᠡᠵᠤ ᠪᠠᠶᠢᠬᠰᠡᠨ ᠃ ᠮᠠᠯᠵᠢᠳᠤ | ᠳᠠᠪᠠᠭ᠎ᠠ ᠨᠢ ᠬᠢᠳᠠᠳ ᠪᠢᠴᠢᠯᠭᠡ ᠶᠢᠨ ︵马勒吉图︶ ᠬᠡᠰᠡᠨ ᠠᠴᠠ ᠢᠷᠡᠭᠰᠡᠨ ᠪᠤᠯᠪᠠᠴᠤ ᠠᠳᠠ ᠮᠠᠯ | ᠮᠠᠯᠵᠢᠬᠤ ᠳᠤ ᠠᠭᠤᠷ ᠠᠮᠢᠰᠬᠤᠯ ᠤᠨᠴᠠ ᠲᠤᠬᠢᠷᠠᠮᠵᠢᠳᠠᠢ ᠮᠦᠷᠳᠡᠬᠡᠨ ᠪᠡᠯᠴᠢᠭᠡᠷ ᠤᠰᠤ ᠨᠠᠷᠢᠯᠢᠭ ᠰᠢᠮ᠎ᠡ ᠲᠠᠢ | ᠡᠪᠤᠯ ᠬᠠᠪᠤᠷ ᠲᠠᠭᠠᠨ ᠡᠯᠢᠬᠡ ᠨᠦᠮᠤᠷᠢ ᠪᠠᠶᠢᠳᠠᠭ ᠠᠴᠠ ︽ᠮᠠᠯᠵᠢᠳᠤ︾ ᠬᠡᠵᠤ ᠨᠡᠷᠡᠯᠡᠵᠤ ᠪᠠᠶᠢᠬᠰᠡᠨ ᠴᠦ ᠮᠠᠭᠠᠳ᠃ | ︵ᠬᠤᠶᠠᠷ︶ ᠦᠨᠡᠨ ᠲᠡᠤᠬᠡ ᠶᠢᠨ ᠮᠤᠷᠢ ᠦᠬᠡᠳᠡᠯᠡᠨ ᠲᠠᠪᠰᠢᠭᠠ ᠠᠶᠢᠯ ᠭᠠᠴᠠᠭ᠎ᠠ | 1 ᠬᠠᠨ ᠤ ᠠᠶᠢᠯ | ᠬᠠᠪᠴᠢᠯ ᠭᠠᠴᠠᠭ᠎ᠠ ᠶᠢ ᠤᠤᠯ ᠳᠠᠭᠠᠨ ︽ᠬᠠᠨ ᠤ ᠠᠶᠢᠯ︾ ᠬᠡᠵᠤ ᠬᠡᠯᠡᠳᠡᠭ᠃ ᠬᠠᠨ ᠤ ᠠᠶᠢᠯ ᠭᠡᠳᠡᠭ ᠨᠢ1938 | ᠣᠨ ᠳᠤ ᠴᠡᠷᠢᠭ ᠲᠠᠶᠢᠨ ᠤ ᠬᠦᠯ ᠠᠴᠠ ᠵᠠᠶᠢᠯᠵᠤ ᠬᠠᠷᠠᠴᠢᠨ ᠬᠤᠰᠢᠭᠤᠨ ᠠᠴᠠ ᠤᠮᠠᠷᠠᠰᠢᠯᠠᠵᠤ ᠢᠷᠡᠭᠰᠡᠨ ᠬᠠᠨ | ᠤᠪᠤᠬᠳᠤ ᠬᠦᠮᠤᠨ᠂ ᠬᠤᠭᠤᠯᠠᠳᠤ ᠶᠢᠨ ᠭᠤᠤᠯ ᠤᠨ ᠲᠤᠤᠷ᠎ᠠ ᠤᠷᠤᠰᠬᠠᠯ ᠬᠠᠵᠠᠭᠤᠲ᠋ᠠᠪᠠᠭᠠ ᠶᠢᠨ ᠡᠩᠬᠡᠷ ᠰᠢᠷ᠎ᠠ | ᠨᠠᠭᠤᠷ ᠤᠨ ᠬᠦᠪᠡᠭᠡ ᠳᠠᠭᠠᠬᠰᠡᠨ ᠭᠠᠵᠠᠷ ᠢ ᠠᠷᠤ ᠬᠤᠷᠴᠢᠨ ᠸᠠᠩ ᠠᠴᠠ ᠭᠤᠶᠤᠴᠢᠯᠠᠵᠤ ᠲᠦᠷᠢᠶᠡᠰᠤᠯᠠᠵᠤ | ᠰᠠᠭᠤᠵᠤ ᠪᠠᠶᠢᠵᠡᠢ᠃ ᠢᠩᠬᠢᠭᠡᠳ ᠲᠤᠬᠠᠢ ᠶᠢᠨ ᠭᠠᠵᠠᠷ ᠤᠨ ᠬᠢᠨ ᠬᠠᠨ ᠤ ᠠᠶᠢᠯ ᠬᠡᠵᠤ ᠨᠡᠷᠡᠯᠡᠨ ᠳᠠᠭᠤᠳᠠᠵᠡᠢ᠃ | ᠡᠨᠠ ᠬᠠᠨ ᠤᠪᠤᠬᠳᠤ ᠬᠦᠮᠤᠨ ᠪᠤᠯᠪᠠᠰᠤ ᠨᠡᠯᠢᠶᠡᠳ ᠨᠤᠮ ᠪᠢᠴᠢᠭ ᠨᠢᠳᠤᠯᠡᠳᠡᠭ ᠮᠦᠷᠳᠡᠬᠡᠨ ᠲᠤᠬᠠᠢ ᠶᠢᠨ ᠴᠠᠭ | ᠦᠶ᠎ᠠ ᠳᠡᠭᠡᠨ ᠳᠠᠪᠰᠢᠩᠭᠤᠢ ᠦᠵᠡᠯᠳᠠ ᠪᠠᠶᠢᠵᠤ ᠴᠦᠬᠡᠪᠤᠷᠢ ᠭᠡᠳᠤᠨ ᠠᠶᠢᠯ ᠠᠶᠢᠮᠠᠭ ᠤᠨ ᠲᠤᠳᠤᠷ᠎ᠠ ᠪᠠᠨ ᠤᠨᠴᠠ | ᠶᠡᠭᠡ ᠪᠢᠰᠢᠷᠡᠨ ᠬᠦᠨᠳᠤᠳᠬᠡᠭᠳᠡᠵᠤ ᠬᠠᠨ ᠰᠢᠶᠡᠨᠱᠧᠩ ᠬᠡᠮᠡᠨ ᠡᠷᠬᠦᠮᠵᠢᠯᠡᠨ ᠲᠠᠭᠤᠳᠠᠬᠳᠠᠵᠤ ᠪᠠᠶᠢᠵᠡᠢ᠃ | 1939ᠣᠨ ᠳᠤ ᠲᠠᠷᠤᠢ ᠬᠠᠭᠤᠷᠮᠠᠭ ᠮᠠᠨᠵᠤ ᠶᠢᠨ ᠵᠢᠷᠭᠤᠳᠤᠭᠠᠷ ᠣᠨ ᠤ ᠰᠢᠷᠡᠬᠴᠢᠨ ᠲᠠᠤᠯᠠᠢ ᠵᠢᠯ ᠶᠡᠭᠡ | ᠪᠤᠷᠤᠭᠠᠨ ᠤᠷᠤᠵᠤ ᠬᠤᠭᠤᠯᠠᠳᠤ ᠶᠢᠨ ᠭᠤᠤᠯ ᠤᠨ ᠬᠦᠨᠳᠠᠢ ᠵᠢᠯᠠᠭ᠎ᠠ ᠪᠠᠷ ᠪᠢᠳᠡᠬᠦᠤ ᠤᠰᠤ ᠪᠠᠭᠤᠵᠤ ᠰᠢᠷ᠎ᠠ | ᠨᠠᠭᠤᠷ ᠤᠨ ᠬᠦᠪᠡᠭᠡ ᠳᠠᠭᠠᠬᠰᠡᠨ ᠬᠠᠨ ᠤ ᠠᠶᠢᠯ ᠤᠰᠤᠨ ᠳᠤ ᠵᠢᠪᠪᠤᠭᠡᠳ ᠤᠤᠯ ᠰᠠᠭᠤᠷᠢᠰᠢᠯ ᠬᠠᠭᠤᠴᠢᠨ ᠨᠣᠳᠤᠭ | ᠲᠤ ᠪᠠᠨ ᠰᠠᠭᠤᠬᠤ ᠶᠢᠨ ᠠᠷᠭ᠎ᠠ ᠦᠬᠡᠢ ᠪᠤᠯᠵᠤ ᠰᠢᠷ᠎ᠠ ᠨᠠᠭᠤᠷ ᠤᠨ ᠡᠮᠤᠨ᠎ᠠ ᠳᠡᠨᠵᠢ ᠣᠳᠤ ᠶᠢᠨ ᠬᠠᠪᠴᠢᠯ | ᠭᠠᠴᠠᠭ᠎ᠠ ᠶᠢᠨ ᠰᠠᠭᠤᠷᠢᠰᠢᠵᠤ ᠪᠠᠶᠢᠭ᠎ᠠ ᠨᠣᠳᠤᠭ ᠲᠤ ᠰᠢᠯᠵᠢᠵᠤ ᠰᠠᠭᠤᠷᠢᠰᠢᠵᠡᠢ᠃ 1998 ᠣᠨ ᠤ ᠵᠤᠨ ᠮᠦᠨ | ᠰᠢᠷᠡᠬᠴᠢᠨ ᠲᠡᠤᠯᠡᠢ ᠵᠢᠯ60 ᠵᠢᠯ ᠤᠨ ᠣᠢ ᠳᠡᠭᠡᠷ᠎ᠠ ᠪᠠᠨ ᠶᠡᠭᠡ ᠪᠤᠷᠤᠭᠠᠠᠨ ᠨᠦᠷᠢᠨ ᠤᠷᠤᠵᠤ ᠬᠤᠭᠤᠯᠠᠳᠤ ᠶᠢᠨ | ᠭᠤᠤᠯ ᠤᠨ ᠤᠰᠤ ᠠᠬᠰᠤᠮᠨᠠᠨ ᠪᠤᠰᠴᠤ ᠦᠶᠡᠷᠯᠡᠭᠡᠳ ᠡᠪᠡᠰᠤ ᠪᠡᠯᠴᠢᠭᠡᠷ᠂ ᠠᠳᠤᠭᠤ ᠮᠠᠯ᠂ ᠡᠳ᠋ ᠬᠤᠬᠰᠢᠯ ᠳᠤ | ᠲᠤᠶᠢᠯ ᠤᠨ ᠶᠡᠭᠡ ᠬᠤᠬᠢᠷᠠᠯᠪᠣᠯᠵᠤ ᠬᠠᠪᠴᠢᠯ ᠠᠶᠢᠯ ᠤᠨ ᠭᠤᠤᠯ ᠢᠶᠠᠨ ᠲᠠᠭᠠᠬᠰᠡᠨ ᠪᠠᠷᠠᠭᠤᠨ ᠬᠡᠰᠡᠭ ᠤᠨ | ᠭᠤᠴᠢᠭᠠᠳ ᠡᠷᠤᠬᠡ ᠤᠳ ᠪᠦᠬᠦᠨ ᠢᠶᠠᠷ ᠢᠶᠠᠨ ᠤᠰᠤᠨ ᠳᠤ ᠠᠪᠳᠠᠵᠤ ᠨᠠᠮ ᠵᠠᠰᠠᠭ ᠤᠨ ᠬᠠᠶᠢᠷ᠎ᠠ | ᠢᠪᠡᠭᠡᠯ ᠬᠠᠪᠰᠤᠷᠤᠯᠭ᠎ᠠ ᠳᠡᠮᠵᠢᠯᠭᠡ ᠪᠠᠷ ᠠᠶᠢᠯ ᠤᠨ ᠬᠤᠶᠢᠳᠤ ᠵᠠᠬ᠎ᠠ ᠶᠢᠨ ᠲᠡᠨᠵᠢᠨ ᠳᠤ ᠨᠡᠬᠦᠨ ᠰᠢᠯᠵᠢᠵᠤ ᠴᠤᠤ | ᠰᠢᠨ᠎ᠠ ᠸᠠᠭᠠᠷ ᠲᠤᠭᠤᠰᠬᠠᠨ ᠪᠦᠳᠤᠴᠨ ᠭᠡᠷ ᠪᠠᠶᠢᠰᠢᠩ ᠲᠠᠢ ︽ᠰᠢᠨ᠎ᠠ ᠠᠶᠢᠯ︾ ᠪᠠᠶᠢᠭᠤᠯᠠᠬᠳᠠᠵᠡᠢ᠃ | 1940 ᠣᠨ ᠳᠤ ᠬᠠᠨ ᠰᠢᠶᠡᠨᠱᠧᠩ ᠬᠠᠷᠠᠴᠢᠨ ᠠᠴᠠ ᠬᠦᠸᠧ ᠤᠪᠤᠬᠳᠠᠢ ᠭᠡᠷ ᠤᠨ ᠪᠠᠭᠰᠢ ᠵᠠᠯᠠᠵᠤ | ᠭᠡᠷ ᠤᠨ ᠰᠤᠷᠭᠠᠭᠤᠯᠢ ᠪᠠᠶᠢᠭᠤᠯᠤᠨ ᠮᠤᠩᠭᠤᠯ᠂ ᠬᠢᠳᠠᠳ᠂ ᠮᠠᠨᠵᠤ ᠭᠤᠷᠪᠡᠨ ᠬᠡᠯᠡ ᠶᠢ ᠵᠢᠭᠠᠯᠭᠠᠵᠤ ᠪᠠᠶᠢᠵᠡᠢ᠃ | ᠲᠤᠬᠠᠢ ᠶᠢᠨ ᠦᠶ᠎ᠠ ᠳᠤ ᠬᠠᠨ ᠰᠢᠶᠡᠨᠱᠧᠩ᠂ ᠬᠦᠸᠧ ᠪᠠᠭᠰᠢ ᠲᠡᠷᠢᠬᠦᠳᠠᠢ ᠰᠤᠷᠤᠬᠴᠢᠳ ᠢᠶᠠᠨ ᠳᠠᠭᠠᠭᠤᠯᠤᠨ | ᠮᠤᠨᠴᠤᠭ ᠠᠭᠤᠯᠠ᠂ ᠲᠦᠷᠪᠡᠨ ᠪᠦᠷᠬᠦᠳᠳᠤ ᠬᠠᠷ᠎ᠠ ᠬᠤᠱᠤᠣ᠂ ᠬᠠᠵᠠᠭᠤ ᠳᠠᠪᠠᠭ᠎ᠠ ᠪᠠᠷ ᠵᠤᠭᠠᠴᠡᠨ ᠲᠤᠭᠤᠷᠢᠵᠤ | ᠰᠢᠯᠦᠭ ᠵᠤᠬᠢᠶᠠᠯ ᠤᠷᠤᠯᠳᠤᠭᠤᠯᠳᠠᠭ ᠪᠠᠶᠢᠵᠡᠢ᠃ ᠨᠢᠭᠡ ᠤᠳᠠᠭ᠎ᠠ ᠬᠠᠨ ᠰᠢᠶᠡᠨᠱᠧᠩ ᠬᠠᠭᠤᠴᠢᠨ ᠨᠣᠳᠤᠭ ᠤᠨ | ᠠᠷᠤ ᠶᠢᠨ ᠣᠩᠬᠢᠯ ᠱᠤᠷᠤᠩ ᠳᠡᠭᠡᠷ᠎ᠠ ᠠᠴᠠ ᠭᠠᠵᠠᠷ ᠤᠨ ᠪᠠᠶᠢᠴᠠ ᠶᠢ ᠰᠢᠨᠵᠢᠵᠤ ᠰᠠᠨᠠᠭᠠᠨ ᠤ ᠠᠶ᠎ᠠ ᠪᠠᠷ: | ︽ᠪᠠᠷᠠᠭᠤᠨ ᠲᠠᠯ᠎ᠠ ᠶᠢ ᠨᠢ ᠦᠵᠡᠬᠦ ᠳᠤ ᠪᠠᠭ᠋ᠠᠷᠤᠮ᠎ᠠ ᠰᠠᠶᠢᠬᠠᠨ ᠲᠠᠯ᠎ᠠ ᠲᠠᠢ | ᠬᠤᠶᠢᠳᠤ ᠲᠠᠯ᠎ᠠ ᠶᠢ ᠨᠢ ᠦᠵᠡᠬᠦ ᠳᠤ ᠬᠤᠯᠪᠤᠯᠵᠢᠨ ᠬᠤᠶᠠᠷ ᠠᠭᠤᠯᠠ ᠲᠠᠢ | ᠵᠡᠬᠦᠨ ᠲᠠᠯ᠎ᠠ ᠶᠢ ᠨᠢ ᠦᠵᠡᠬᠦ ᠳᠤ ᠵᠦᠰᠤ ᠬᠤᠸ᠋ᠨ ᠮᠠᠩᠬ᠎ᠠ ᠲᠠᠢ | ᠡᠮᠤᠨ᠎ᠠ ᠲᠠᠯ᠎ᠠ ᠶᠢ ᠨᠢ ᠦᠵᠡᠬᠦ ᠳᠤ ᠦᠩᠬᠡᠳᠤ ᠰᠠᠶᠢᠬᠠᠨ ᠭᠤᠤᠯ ᠲᠠᠢ︾ ᠬᠡᠰᠡᠨ ᠨᠢᠭᠡᠨ ᠪᠠᠳᠠᠭ ᠰᠢᠯᠦᠭ | ᠤᠶᠠᠩᠭᠠᠯᠠᠵᠤ ᠲᠠᠨᠤᠰ ᠬᠡᠯᠡᠵᠤ ᠦᠵᠡ᠂ ᠣᠳᠤ ᠴᠠᠭ ᠲᠦᠷᠤ ᠰᠢᠨ᠎ᠠ ᠪᠠᠷ ᠬᠤᠪᠢᠷᠠᠵᠤ ᠶᠠᠭᠤᠮ᠎ᠠ ᠪᠦᠬᠦᠨ | ᠰᠢᠨ᠎ᠠ ᠪᠠᠷ ᠡᠬᠢᠯᠡᠬᠦ ᠬᠡᠵᠤ ᠪᠤᠢ᠂ ᠮᠠᠨ ᠤ ᠠᠶᠢᠯ ᠤᠨ ᠬᠠᠭᠤᠴᠢᠨ ᠨᠡᠷᠡᠶᠢᠳᠤᠯ ︽ᠬᠠᠨ ᠤ ᠠᠶᠢᠯ︾ ᠢᠶᠠᠨ ᠶᠠᠭᠤ | ᠬᠡᠵᠤ ᠬᠡᠯᠡᠪᠠᠯ ᠰᠠᠶᠢᠨ ᠬᠡᠵᠤ ᠠᠰᠠᠭᠤᠬᠰᠡᠨ ᠳᠤ ᠰᠤᠷᠤᠬᠴᠢᠳ ᠨᠢ ᠭᠠᠵᠠᠷ ᠤᠨ ᠪᠠᠶᠢᠴᠠ ᠪᠠᠷ ᠨᠢ ︽ᠬᠠᠪᠴᠢᠯ︾ | ᠬᠡᠵᠤ ᠨᠡᠷᠡᠯᠡᠪᠠᠯ ᠵᠤᠬᠢᠰᠳᠠᠢ ᠬᠡᠰᠡᠨ ᠭᠡᠨ᠎ᠠ᠃ ᠢᠩᠬᠢᠭᠡᠳ ︽ᠬᠠᠨ ᠤ ᠠᠶᠢᠯ︾ ᠨᠢ ᠶᠠᠪᠤᠭᠠᠨ ᠳᠤ ᠪᠠᠨ ︽ᠬᠠᠪᠴᠢᠯ | ︾ ᠠᠶᠢᠯ ᠪᠤᠯᠵᠤ ᠲᠠᠭᠤᠳᠠᠬᠳᠠᠵᠡᠢ᠃ | 1940 ᠣᠨ ᠠᠴᠠ ᠰᠡᠬᠦᠯᠡᠷ ᠤᠯᠤᠰ ᠤᠨ ᠰᠤᠷᠭᠠᠭᠭᠤᠯᠢ ᠪᠢᠭᠤᠯᠤᠬᠳᠠᠬᠤ ᠪᠤᠯᠳᠠᠯ᠎ᠠ ᠵᠠᠯᠠᠶᠢᠳ ᠨᠣᠳᠤᠭ ᠤᠨ | ᠬᠦᠮᠤᠨ ᠰᠢᠵᠢᠨᠳᠡᠯᠭᠡᠷ᠂ ᠠᠷᠤ ᠬᠤᠷᠴᠢᠨ ᠤ ᠪᠠᠶᠠᠨᠳᠠᠯ᠎ᠠ ᠶᠢᠨ ᠰᠠᠶᠢᠨᠳᠤᠬᠳᠤᠬᠤ᠂ ᠬᠠᠨ ᠪᠤᠣ ᠯᠢᠨ᠂ ᠮᠢᠰᠢᠭ ᠨᠠᠷ | ᠪᠠᠭᠰᠢᠯᠠᠵᠤ ᠪᠠᠶᠢᠬᠰᠡᠨ ᠮᠦᠷᠳᠡᠬᠡᠨ ᠰᠡᠬᠦᠯᠡᠷ ᠨᠢ ᠶᠢᠨ ᠴᠢᠤᠢ᠂ ᠠᠷᠪᠢᠨᠬᠡᠰᠢᠭ᠂ ᠰᠢᠨ ᠰᠢᠤ ᠵᠠᠩ᠂ ᠪᠠᠶᠠᠷ ᠵᠡᠷᠬᠡ | ᠪᠠᠭᠰᠢᠨᠠᠷ ᠴᠦ ᠪᠠᠭᠰᠢᠯᠠᠵᠤ ᠦᠩᠬᠡᠷᠡᠵᠡᠢ᠃ 1946 ᠣᠨ ᠳᠤ ᠬᠠᠪᠴᠢᠯ ᠠᠶᠢᠯ ᠳᠤ ᠵᠤᠬᠢᠶᠠᠨ | ᠪᠠᠶᠢᠭᠤᠯᠤᠯᠳᠠ ᠶᠢᠨ ᠬᠤᠷᠠᠯ ᠪᠠᠶᠢᠭᠤᠯᠤᠬᠳᠠᠵᠤ ᠬᠤᠷᠠᠯ ᠤᠨ ᠲᠠᠷᠤᠭ᠎ᠠ ᠨᠢ ᠳ᠋ᠦᠩ ᠯᠦ ᠾᠧ ᠬᠡᠰᠡᠨ ᠬᠦᠮᠤᠨ | ᠪᠠᠶᠢᠵᠡᠢ᠃ ᠮᠦᠨ ᠵᠢᠯ ᠲᠤᠮᠳᠠᠳᠤ ᠤᠯᠤᠰ ᠤᠨ ᠡᠪ ᠬᠠᠮᠳᠤ ᠨᠠᠮ ᠤᠨ ᠨᠢᠭᠤᠴᠠ ᠵᠤᠬᠢᠶᠠᠨ ᠪᠠᠶᠢᠭᠤᠯᠤᠯᠳᠠ ᠲᠠᠢ | ᠪᠤᠯᠵᠤ᠂ ᠸᠠᠩ ᠾᠧ᠂ ᠯᠡᠢ ᠪᠠᠢ ᠴᠧᠨ᠂ ᠤᠳᠬᠠᠨᠪᠠᠶᠠᠷ᠂ ᠲᠠᠷᠰᠡᠨᠵᠠᠪ᠂ ᠭᠠᠷᠤᠳᠠᠢ ᠵᠡᠷᠬᠡ ᠬᠦᠮᠤᠰ | ᠬᠤᠭᠤᠯᠠᠳᠤ ᠶᠢᠨ ᠭᠤᠤᠯ ᠤᠨ ᠤᠰᠤᠨ ᠳᠠᠭᠠᠵᠤ ᠨᠠᠮ ᠤᠨ ᠵᠤᠬᠢᠶᠠᠨ ᠪᠠᠶᠢᠭᠤᠯᠤᠯᠳᠠ ᠶᠢᠨ ᠠᠵᠢᠯ ᠢ ᠬᠢᠵᠤ ᠪᠠᠶᠢᠵᠡᠢ᠃ | 1938 ᠣᠨ ᠤ ᠰᠢᠷ᠎ᠠ ᠪᠠᠷᠰ ᠵᠢᠯ ᠠᠴᠠ1947 ᠣᠨ ᠪᠤᠯᠳᠠᠯ᠎ᠠ ᠬᠠᠷᠠᠴᠢᠨ᠂ ᠲᠦᠮᠡᠳ᠂ ᠨᠠᠢᠮᠠᠨ᠂ ᠤᠳᠬᠠᠨ᠂ | ᠲᠠᠷᠬᠠᠨ ᠬᠤᠰᠢᠭᠤ ᠠᠴᠠ ᠤᠷᠢᠳ ᠬᠤᠵᠢᠳ ᠲᠠᠶᠢᠨ ᠪᠠᠶᠢᠯᠳᠤᠭᠠᠨ ᠤ ᠬᠦᠯ ᠭᠠᠩ ᠬᠠᠭᠰᠡᠷᠭᠠᠨ ᠤ ᠵᠤᠪᠠᠯᠠᠩ ᠠᠴᠠ | ᠲᠣᠳᠠᠭᠠᠵᠤ ᠲᠦᠷᠪᠡᠵᠤ᠂ ᠵᠠᠶᠢᠯᠠᠵᠤ ᠨᠡᠬᠦᠳᠡᠯᠡᠵᠤ ᠢᠷᠡᠭᠰᠡᠨ ᠠᠷᠠᠳ ᠬᠠᠪᠴᠢᠯ ᠨᠣᠳᠤᠭ ᠲᠤ ᠬᠦᠯ ᠲᠤᠬᠳᠠᠵᠤ | ᠭᠤᠴᠢ ᠢᠯᠡᠬᠦᠤ ᠡᠷᠤᠬᠡ ᠲᠠᠢ ᠠᠶᠢᠯ ᠪᠤᠯᠵᠡᠢ᠃1947 ᠣᠨ ᠳᠤ ᠡᠮᠤᠨ᠎ᠠ ᠭᠠᠵᠠᠷ ᠠᠴᠠ ᠡᠬᠦᠷᠬᠡ ᠪᠤᠭᠤᠳᠠᠯ ᠢᠶᠠᠨ | ᠡᠬᠦᠷᠤᠭ᠍ᠰᠡᠨ ᠦᠵᠡᠯᠬᠡᠴᠢ ᠪᠤᠮᠪᠤ ᠬᠠᠪᠴᠢᠯ ᠠᠶᠢᠯ ᠳᠤ ᠢᠷᠡᠬᠡᠳ ᠠᠶᠢᠯ ᠤᠨ ᠰᠠᠭᠤᠷᠢᠰᠢᠵᠤ ᠪᠠᠶᠢᠭ᠎ᠠ ᠰᠢᠷ᠎ᠠ | ᠬᠦᠷᠤᠰᠤᠳᠤ ᠳᠡᠨᠵᠢ ᠶᠢ ᠬᠡᠪᠳᠡᠭᠡ ᠯᠤᠤ ᠶᠢᠨ ᠰᠢᠨᠵᠢᠳᠠᠢ ᠪᠠᠶᠢᠨ᠎ᠠ᠃ ᠮᠤᠳᠤ ᠤᠷᠤᠢ ᠠᠴᠠ ᠤᠷᠤᠬᠰᠢ ᠪᠠᠨ ᠠᠶᠢᠯ | ᠰᠠᠭᠤᠵᠤ ᠪᠤᠯᠬᠤ ᠦᠬᠡᠢ ᠬᠡᠵᠤ ᠠᠶᠢᠯᠠᠳᠤᠭᠠᠳ ᠲᠣᠮ ᠲᠠᠷᠤᠯᠭ᠎ᠠ ᠬᠢᠯᠭᠡᠭᠰᠡᠨ ᠭᠡᠳᠡᠭ᠃ ᠣᠳᠤ ᠪᠤᠯᠳᠠᠯ᠎ᠠ ᠬᠠᠪᠴᠢᠯ | ᠠᠶᠢᠯ ᠤᠨ ᠡᠮᠤᠨ᠎ᠠ ᠬᠤᠶᠢᠨ᠎ᠠ ᠦᠷᠯᠦᠭ ᠵᠠᠩᠵᠤᠨ ᠰᠢᠭ᠋ ᠰᠡᠬᠦᠶᠢᠨ ᠰᠦᠨᠳᠡᠷᠯᠡᠭᠡ ᠵᠠᠭᠤ ᠢᠯᠡᠬᠦᠤ ᠵᠢᠯ ᠤᠨ ᠲᠡᠤᠬᠡ | ᠲᠠᠢ ᠬᠤᠶᠠᠷ ᠲᠤᠮᠤ ᠱᠠᠩᠰᠢ ᠶᠢ ᠰᠢᠳᠤᠨ ᠴᠢᠮᠡᠭᠯᠡᠳᠡᠭ ᠲᠠᠳᠬᠠᠠᠯ ᠢᠶᠠᠨ ᠬᠠᠶᠠᠭ᠎ᠠ ᠦᠬᠡᠢ ᠪᠠᠷᠢᠮᠳᠠᠯᠠᠬᠰᠠᠭᠠᠷ ᠪᠠᠶᠢᠨ᠎ᠠ᠃ | ᠬᠡᠪᠠᠴᠤ ᠬᠠᠷᠠᠮᠰᠠᠯᠳᠠᠢ ᠨᠢ ᠮᠣᠳᠤ ᠪᠠᠷ ᠵᠤᠵᠠᠭᠠᠨ ᠨᠠᠢᠮᠠᠬᠠᠨ ᠤᠷᠤᠢ ᠳᠤ ᠣᠳᠤ ᠠᠪᠠᠷ ᠲᠠᠪᠠᠷ ᠬᠡᠳᠤᠬᠡᠨ ᠮᠣᠳᠤ ᠯᠠ | ᠪᠠᠭᠤᠴᠠ ᠪᠠᠨ ᠰᠠᠬᠢᠨ ᠵᠤᠬᠰᠤᠵᠤ ᠪᠠᠶᠢᠨ᠎ᠠ᠃ | 2 ᠬᠢᠩᠭᠠᠨ ᠲᠤᠯᠤᠭᠠᠨ ᠡᠷᠤᠬᠡ | ︽ᠬᠢᠩᠭᠠᠨ ᠲᠤᠯᠤᠭᠠᠨ ᠡᠷᠤᠬᠡ︾ ᠭᠡᠳᠡᠭ ᠨᠢ ᠣᠳᠤ ᠶᠢᠨ ᠬᠤᠭᠤᠯᠠᠳᠤ ᠭᠠᠴᠠᠭ᠎ᠠ ᠶᠢᠨ ᠬᠠᠭᠤᠴᠢᠨ | ᠨᠡᠷᠡᠶᠢᠳᠤᠯ ᠪᠦᠯᠤᠭᠡ ᠢᠷᠬᠡᠨ ᠣᠯᠣᠰ ᠤᠨ ᠦᠶ᠎ᠠ ᠠᠳᠠ ᠬᠡᠳᠤᠨ ᠠᠶᠢᠯ ᠰᠠᠭᠤᠵᠤ ᠪᠠᠶᠢᠬᠰᠡᠨ ᠢᠶᠠᠨ ᠬᠤᠵᠢᠮ ᠨᠢ | ᠲᠤᠯᠤᠭᠠᠨ ᠡᠷᠤᠬᠡ ᠪᠤᠯᠵᠤ ︽ᠬᠢᠩᠭᠠᠨ ᠲᠤᠯᠤᠭᠠᠨ ᠡᠷᠣᠬᠡ︾ ᠬᠡᠵᠤ ᠨᠡᠷᠡᠶᠢᠳᠤᠭ᠍ᠳᠡᠵᠡᠢ᠃ ᠰᠤᠨᠤᠰᠬᠠᠯ ᠢᠶᠠᠷ ᠡᠨᠡᠬᠦ | ᠨᠡᠷᠡᠶᠢᠳᠤᠯ ᠨᠢ ᠲᠡᠳᠡᠨ ᠤ ᠤᠤᠯ ᠤᠨ ᠰᠢᠯᠵᠢᠵᠤ ᠢᠷᠡᠭᠰᠡᠨ ᠨᠣᠳᠤᠭ ᠣᠷᠣᠨ ᠠᠴᠠ ᠨᠢ ᠰᠢᠯᠳᠠᠭᠠᠯᠠᠬᠳᠠᠨ᠎ᠠ ᠬᠡᠳᠡᠭ᠃ | ᠲᠤᠬᠠᠢ ᠶᠢᠨ ᠦᠶ᠎ᠠ ᠳᠤ ᠡᠨᠡᠬᠦ ᠭᠠᠵᠠᠷ ᠨᠣᠳᠤᠭ ᠨᠢ ᠠᠷᠣ ᠬᠤᠷᠴᠢᠨ ᠨᠣᠳᠤᠭ ᠤᠨ ᠵᠢᠷᠤᠭ ᠲᠤ ᠪᠠᠶᠢᠵᠡᠢ᠃ | ᠣᠳᠣ ᠶᠢᠨ ᠬᠤᠭᠤᠯᠠᠳᠤ ᠶᠢᠨ ᠭᠤᠤᠯ ᠬᠡᠵᠤ ᠪᠠᠶᠢᠵᠡᠢ᠃ ᠪᠤᠳᠤᠪᠠᠯ ᠣᠯᠠᠨ ᠰᠠᠯᠭ᠎ᠠ ᠣᠷᠣᠰᠬᠠᠯ ᠵᠢᠯᠠᠭ᠎ᠠ | ᠬᠦᠨᠳᠠᠢ ᠠᠴᠠ ᠣᠰᠣᠨ ᠰᠣᠷᠪᠤᠯᠵᠢ ᠲᠠᠢ ᠭᠤᠤᠯ ᠪᠠᠶᠢᠬᠰᠡᠨ ᠠᠴᠠ ᠲᠡᠬᠡᠵᠤ ᠨᠡᠷᠡᠶᠢᠳᠴᠤ ᠪᠠᠶᠢᠬᠰᠡᠨ ᠮᠠᠭᠠᠳ᠃ | ᠬᠤᠵᠢᠮ ᠨᠢ ᠤᠯᠠᠨ ᠤᠳᠠᠭᠠᠨ ᠤ ᠲᠠᠶᠢᠨ ᠲᠡᠵᠢᠨ ᠤ ᠬᠦᠯ ᠠᠴᠠ ᠠᠣᠬᠠᠨ᠂ ᠲᠦᠮᠡᠳ᠂ ᠬᠤᠷᠴᠢᠨ ᠤ | ᠮᠤᠩᠭᠤᠯᠴᠤᠳ ᠦᠯᠵᠡᠶᠢᠮᠦᠷᠡᠨ ᠤ ᠤᠷᠤᠰᠬᠠᠯ ᠦᠬᠡᠳᠡᠯᠡᠵᠤ ᠲᠤᠳᠠᠭᠠᠨ ᠲᠦᠷᠪᠡᠵᠤ ᠡᠨᠠ ᠳᠤ ᠬᠦᠯ ᠲᠤᠰᠬᠠᠭᠳᠠᠨ | ᠠᠶᠢᠯ ᠡᠷᠤᠬᠡ ᠶᠢᠨ ᠲᠤᠭ᠎ᠠ ᠣᠯᠠᠰᠢᠷᠡᠬᠰᠡᠨ ᠠᠴᠠ ︽ᠬᠢᠩᠭᠠᠨ ᠲᠤᠯᠤᠭᠠᠨ ᠡᠷᠤᠬᠡ︾ ᠤ ᠬᠦᠮᠤᠨ ᠮᠠᠯ ᠤᠨ ᠠᠮᠢᠨ | ᠲᠡᠵᠢᠭᠡᠯ ᠪᠤᠯᠤᠬᠰᠡᠨ ᠣᠷᠤᠰᠬᠠᠯ ᠭᠤᠤᠯ ᠢᠶᠠᠷ ᠢᠶᠠᠨ ᠨᠡᠷᠡᠯᠠᠵᠤ ︽ᠬᠤᠭᠤᠯᠠᠳᠤ︾ ᠬᠡᠬᠦ ᠠᠶᠢᠯ ᠮᠡᠨᠳᠤᠯᠠᠵᠡᠢ᠃ | ᠬᠤᠭᠤᠯᠠᠳᠤ ᠭᠠᠴᠠᠭ᠎ᠠ ᠶᠢᠨ ᠪᠡᠯᠴᠢᠬᠡᠷ ᠨᠣᠳᠤᠭ ᠦᠷᠬᠡᠨ ᠠᠭᠤᠳᠠᠮ ᠦᠩ ᠰᠢᠮᠡᠯᠢᠭ᠂ ᠠᠪᠤᠯ ᠬᠠᠪᠤᠷ ᠲᠤ ᠪᠠᠨ | ᠨᠦᠮᠤᠷᠢ ᠬᠠᠯᠠᠬᠭᠠ ᠰᠠᠶᠢᠳᠠᠢ ᠬᠠᠪᠤᠷ ᠵᠤᠨ ᠳᠠᠭᠠᠨ ᠬᠤᠵᠢᠷ ᠲᠤᠯᠢᠴᠠ ᠰᠠᠶᠢᠨ ᠪᠠᠶᠢᠳᠠᠭ ᠠᠴᠠ ᠮᠠᠯ ᠤᠨ ᠲᠠᠷᠭᠤ | ᠬᠦᠴᠤ ᠠᠯᠳᠠᠳᠠᠭ ᠦᠬᠡᠢ ᠪᠠᠶᠢᠳᠠᠭ᠂ ᠣᠳᠤ ᠬᠤᠭᠤᠯᠠᠳᠤ ᠭᠠᠴᠠᠭᠠᠨ ᠤ ᠬᠢᠨ ᠦᠬᠡᠷ ᠤᠨ ᠲᠤᠭ᠎ᠠ ᠴᠢᠨᠠᠷ ᠤᠨ | ᠪᠠᠳᠤᠯᠭ᠎ᠠ ᠶᠢ ᠡᠷᠴᠢᠮ ᠲᠠᠢ ᠠᠳᠬᠤᠵᠤ ᠪᠠᠶᠠᠵᠢᠯ ᠤᠨ ᠵᠠᠮ ᠢᠶᠠᠷ ᠵᠣᠯᠪᠤᠭ᠎ᠠ ᠬᠡᠶᠢᠮᠣᠷᠢ ᠲᠠᠢ ᠲᠡᠮᠤᠯᠡᠵᠤ ᠶᠠᠪᠤᠨ᠎ᠠ᠃ | 3 ᠪᠡᠷᠬᠡ ᠶᠢᠨ ᠬᠤᠳᠳᠤᠭ | ᠣᠯᠠᠭᠠᠨ ᠳᠠᠪᠠᠭ᠎ᠠ ᠰᠤᠮᠤᠨ ᠤ ᠪᠠᠷᠠᠭᠤᠨ ᠬᠤᠶᠢᠨ᠎ᠠ ᠵᠠᠬ᠎ᠠ ᠶᠢᠨ ᠭᠠᠴᠠᠭ᠎ᠠ ᠶᠢ ᠪᠡᠷᠬᠡ ᠶᠢᠨ ᠬᠤᠳᠳᠤᠭ | ᠬᠡᠳᠡᠭ᠃ ᠣᠣᠯ ᠳᠠᠭᠠᠨ ᠬᠠᠷ᠎ᠠ ᠵᠢᠷᠤᠬᠡ ᠶᠢᠨ ᠠᠶᠢᠯ ᠬᠡᠳᠡᠭ᠃ ᠲᠤᠬᠠᠢ ᠶᠢᠨ ᠦᠶ᠎ᠠ ᠳᠤ ᠴᠦᠬᠡᠬᠡᠪᠤᠷᠢ ᠬᠡᠳᠤᠨ | ᠠᠶᠢᠯ ᠪᠠᠶᠢᠵᠤ ᠠᠶᠢᠯ ᠤᠨ ᠡᠮᠣᠨᠡᠬᠢ ᠭᠠᠵᠠᠷ ᠤᠨ ᠲᠦᠪᠰᠢᠨ ᠠᠴᠠ ᠬᠡᠨᠡᠳᠳᠠ ᠤᠷᠭᠤᠨ ᠭᠠᠷᠣᠬᠰᠡᠨ ᠬᠡᠮᠡᠷ ᠵᠢᠷᠤᠬᠡ | ᠬᠡᠯᠪᠡᠷᠢ ᠲᠠᠢ ᠬᠠᠷ᠎ᠠ ᠠᠭᠤᠯᠠ ᠪᠠᠶᠢᠳᠠᠭ ᠢᠶᠠᠷ ᠢᠶᠠᠨ ᠲᠡᠬᠡᠵᠤ ᠨᠡᠷᠡᠯᠡᠵᠤ ᠪᠠᠶᠢᠵᠡᠢ᠃ | 1913ᠣᠨ ᠤ ᠦᠶ᠎ᠠ ᠪᠠᠷ ᠪᠤᠬᠳᠠ ᠬᠠᠭᠠᠨᠳᠤ ᠮᠤᠩᠭᠤᠯ ᠣᠯᠣᠰ ᠤᠨ ᠨᠠᠷᠠᠨ ᠬᠡᠷᠡᠯᠳᠤ ᠬᠠᠭᠠᠨ ᠵᠢᠪᠽᠤᠳᠠᠮᠪᠠ ᠶᠢᠨ | ᠲᠤᠮᠢᠯᠠᠬᠰᠡᠨ ︽ᠦᠪᠤᠷ ᠮᠤᠩᠭᠤᠯ ᠢ ᠴᠢᠯᠤᠬᠡᠯᠡᠬᠦ︾ ᠭᠤᠷᠪᠡᠨ ᠵᠠᠮ ᠤᠨ ᠴᠡᠷᠢᠭ ᠮᠠᠩᠯᠡᠢ ᠪᠠᠭᠠᠳᠤᠷ | ᠲᠠᠮᠳᠢᠨᠰᠤᠷᠤᠩ ᠤᠨ ᠣᠳᠤᠷᠢᠳᠣᠯᠭ᠎ᠠ ᠪᠠᠷ ᠰᠢᠯᠢ ᠶᠢᠨ ᠭᠤᠤᠯ᠂ ᠵᠤᠤ ᠤᠳᠠ ᠬᠤᠶᠠᠷ ᠴᠢᠭᠤᠯᠭᠠᠨ ᠢᠶᠠᠷ ᠲᠠᠪᠰᠢᠨ | ᠣᠷᠣᠵᠤ ᠢᠷᠡᠭᠰᠡᠨ ᠳᠤ ᠮᠤᠩᠭᠤᠯᠴᠤᠳ ᠢᠳᠡᠪᠬᠢᠯᠡᠨ ᠴᠤᠤᠷᠢᠶᠠᠳᠤᠵᠤ ᠪᠠᠶᠢᠪᠠ᠃ ᠲᠤᠬᠠᠢ ᠶᠢᠨ ᠲᠠᠶᠢᠨ ᠲᠡᠵᠢᠨ ᠤ | ᠦᠶ᠎ᠠ ᠳᠤ ᠬᠠᠷ᠎ᠠ ᠵᠢᠷᠤᠬᠡ ᠶᠢᠨ ᠠᠶᠢᠯ ᠢᠶᠠᠷ ᠶᠡᠭᠡ ᠴᠡᠷᠢᠭ ᠮᠤᠷᠢ ᠦᠩᠬᠡᠷᠡᠬᠦ ᠳᠡᠭᠡᠨ ᠴᠡᠷᠢᠭ ᠮᠤᠷᠢ ᠪᠠᠨ | ᠠᠮᠤᠷᠠᠭᠤᠯᠵᠤ᠂ ᠬᠤᠭᠤᠯᠠᠯᠵᠤ ᠲᠤᠭᠤᠭᠠᠯᠠᠯᠬᠤ ᠳᠠᠭᠠᠨ ᠠᠶᠢᠯ ᠤᠨ ᠲᠤᠮᠳᠠᠬᠢ ᠭᠠᠭᠴᠠ ᠬᠤᠳᠳᠤᠭ ᠢᠶᠠᠷ | ᠲᠡᠳᠤᠶᠢᠴᠢᠨᠡᠨ ᠴᠡᠷᠢᠭ ᠮᠤᠷᠢ ᠶᠢᠨ ᠤᠰᠤᠨ ᠤ ᠶᠠᠪᠤᠳᠠᠯ ᠢ ᠰᠡᠢᠳᠪᠤᠷᠢᠯᠡᠭᠰᠡᠨ ᠠᠴᠠ ᠪᠡᠷᠬᠡ ᠶᠢᠨ ᠬᠤᠳᠳᠤᠭ ᠬᠡᠵᠤ | ᠱᠠᠬᠰᠢᠨ ᠭᠠᠶᠢᠬᠠᠵᠡᠢ᠃ ᠡᠨᠡᠬᠦ ᠲᠠᠭᠤᠳᠠᠯᠭ᠎ᠠ ᠨᠢ ᠠᠭᠠᠵᠢᠮ ᠢᠶᠠᠷ ᠪᠠᠯᠠᠷᠠᠵᠤ᠂ ᠰᠢᠨ᠎ᠠ ᠦᠬᠡᠷᠴᠢᠯᠡᠯᠡᠳᠠ ᠶᠢᠨ ᠦᠶ᠎ᠠ | ᠪᠠᠷ ︽ᠱᠠᠩ ᠵᠢᠩ︾ ᠬᠡᠬᠦ ᠬᠢᠳᠠᠳ ᠨᠡᠷᠡᠶᠢᠳᠤᠯ ᠠᠪᠴᠡᠢ᠃ ᠱᠠᠩ ᠵᠢᠩ ᠭᠠᠴᠠᠭ᠎ᠠ ᠨᠢ ᠭᠤᠷᠪᠡᠨ ᠲᠠᠯ᠎ᠠ ᠪᠠᠷ ᠢᠶᠠᠨ | ᠠᠭᠤᠯᠠ ᠬᠠᠳᠠ ᠪᠠᠷ ᠬᠦᠷᠢᠶᠡᠯᠡᠭᠳᠡᠨ ᠦᠨᠡᠬᠡᠷ ᠨᠢᠭᠡᠨ ᠬᠤᠳᠳᠤᠭ ᠰᠢᠭ᠋ ᠰᠠᠭᠤᠴᠠ ᠪᠠᠶᠢᠷᠢ ᠲᠠᠢ ᠪᠠᠶᠢᠳᠠᠭ᠃ | ᠠᠳᠡᠬᠢ ᠶᠢᠨ ᠮᠠᠯᠴᠢᠳ ᠤᠷᠤᠨ ᠨᠣᠳᠤᠭ ᠤᠨ ᠢᠶᠠᠨ ᠪᠤᠳᠠᠳᠤ ᠤᠨᠴᠠᠯᠢᠭ ᠲᠤ ᠤᠶᠠᠯᠳᠤᠭᠤᠯᠤᠨ ᠠᠭᠤᠯᠠ ᠬᠠᠳᠠ | ᠪᠠᠷᠳᠠᠭ᠎ᠠ ᠲᠠᠢ ᠮᠤᠷᠢᠨ ᠱᠠᠯᠪᠠᠭ᠂ ᠴᠠᠷᠠᠰᠤ ᠵᠡᠷᠬᠡ ᠤᠷᠭᠤᠮᠠᠯ ᠨᠢ ᠤᠷᠤᠯᠭ᠎ᠠ ᠶᠢᠨ ᠢᠶᠠᠨ ᠭᠤᠤᠯ ᠪᠤᠯᠭᠠᠵᠤ ᠪᠠᠶᠢᠵᠡᠢ᠃ | ᠬᠡᠳᠡᠯ᠎ᠠ ᠲᠦᠷᠤ ᠶᠢᠨ ᠪᠤᠳᠤᠯᠭ᠎ᠠ ᠶᠢᠨ ᠰᠢᠨ᠎ᠠ ᠲᠤᠬᠳᠠᠭᠠᠯ ᠢᠶᠠᠷ ᠢᠮᠠᠭ᠎ᠠ ᠶᠢ ᠬᠠᠰᠢᠶᠠᠯᠡᠨ ᠲᠡᠵᠢᠭᠡᠭᠰᠡᠨ ᠠᠴᠠ | ᠬᠦᠬᠡᠷᠣᠬᠦᠢ ᠠᠷᠠᠳ ᠭᠠᠷ ᠢᠶᠠᠨ ᠨᠣᠬᠤᠯᠠᠨ ᠭᠠᠴᠢᠬᠳᠠᠵᠤ ᠪᠠᠶᠢᠭ᠎ᠠ ᠶᠤᠮ ᠪᠠᠶᠢᠨ᠎ᠠ᠃ | 4 ᠰᠢᠨ᠎ᠠ ᠬᠤᠳᠠ | ︽ᠰᠢᠨ᠎ᠠ ᠬᠤᠳᠠ︾ ᠶᠢᠨ ᠠᠶᠢᠯ ᠪᠤᠯ ᠣᠣᠯ ᠤᠨ ᠰᠢᠨ᠎ᠠ ᠬᠠᠳᠠ ᠶᠢᠨ ᠠᠶᠢᠯ ᠪᠤᠯᠤᠨ᠎ᠠ᠃1974 ᠣᠨ ᠳᠤ ᠰᠢᠨ᠎ᠡ | ᠣᠰᠣᠨ ᠴᠦᠬᠦᠷᠤᠮ ︵ᠦᠯᠵᠡᠶᠢᠮᠤᠷᠡᠨ ᠤ ᠤᠷᠤᠰᠬᠠᠯ ᠢ ᠬᠠᠰᠢᠵᠤ︶ ᠢ ᠪᠠᠶᠢᠭᠤᠯᠬᠤ ᠳᠤ ᠰᠢᠷ᠎ᠠ ᠬᠠᠳᠠ ᠶᠢᠨ | ᠠᠶᠢᠯ ᠢ ᠤᠯᠠᠭᠠᠨ ᠳᠠᠪᠠᠭ᠎ᠠ ᠳᠤ ᠨᠡᠬᠦᠯᠬᠡᠵᠤ᠂ ᠬᠠᠷ᠎ᠠ ᠡᠷᠬᠢ ︵ᠬᠤᠳᠳᠤᠭ︶ ᠶᠢᠨ ᠠᠶᠢᠯ ᠢ ᠪᠠᠶᠠᠨ᠋ᠠ᠋ᠭᠤᠯᠠ ᠳᠤ | ᠨᠡᠬᠦᠯᠬᠡᠵᠡᠢ᠃ ᠰᠢᠨ᠎ᠠ ᠬᠤᠳᠠ ᠶᠢᠨ ᠠᠶᠢᠯ ᠰᠠᠶ᠋ᠢ ᠨᠡᠬᠦᠵᠤ ᠢᠷᠡᠬᠦ ᠳᠤ ᠲᠡᠭᠡᠷ᠎ᠠ ᠱᠠᠳᠤᠨ ᠠᠴᠠ ᠪᠤᠭᠤᠳᠤ ᠶᠢᠨ | ᠬᠦᠨᠳᠠᠢ ᠪᠤᠶᠤ ᠬᠠᠳᠠᠨ ᠠᠷᠤ ᠶᠢᠨ ᠠᠮᠠᠨ ᠳᠤ ᠰᠠᠭᠤᠯᠭᠠᠬᠤ ᠬᠡᠵᠡᠢ᠃ ᠬᠡᠳᠡᠯ᠎ᠠ ᠲᠤᠬᠠᠢ ᠶᠢᠨ ᠦᠶ᠎ᠠ ᠠᠮᠤ ᠪᠤᠳᠠᠭ᠎ᠠ | ᠬᠤᠳᠠᠯᠳᠤᠨ ᠠᠪᠬᠤ ᠳᠤ ᠠᠭᠤᠶᠢᠳᠤ ᠶᠢᠨ ᠰᠦᠮ᠎ᠠ ᠵᠢᠨᠠᠮᠤ ᠪᠤᠳᠠᠭ᠎ᠠ ᠶᠢᠨ ᠦᠷᠳᠡᠭᠡ ᠠᠴᠠ ᠵᠦᠬᠡᠬᠡᠪᠤᠷᠢᠯᠡᠳᠡᠭ | ᠲᠤᠯᠠ ᠵᠠᠮ ᠬᠠᠷᠢᠯᠴᠠᠭ᠎ᠠ ᠶᠢᠨ ᠲᠦᠬᠦᠮ ᠢ ᠪᠤᠳᠤᠵᠤ ᠣᠳᠤ ᠶᠢᠨ ᠰᠢᠨ᠎ᠠ ᠬᠤᠳᠠ ᠶᠢᠨ ᠰᠠᠭᠤᠷᠢᠰᠢᠯ ᠳᠤ | ᠰᠠᠭᠤᠬᠰᠡᠨ ᠪᠠᠶᠢᠨ᠎ᠠ᠃ ᠰᠢᠨ᠎ᠠ ᠬᠤᠳᠠ ᠬᠡᠬᠦ ᠨᠡᠷᠡᠶᠢᠳᠦᠯ ᠨᠢ ᠠᠯᠳᠠᠨ ᠤᠯᠤᠰ ᠤᠨ ᠮᠤᠩᠭᠤᠯ ᠤᠨ ᠮᠤᠷᠢᠳᠤ | ᠴᠡᠷᠢᠭ ᠢ ᠰᠡᠷᠬᠡᠶᠢᠯᠡᠬᠦ ᠶᠢᠨ ᠲᠦᠯᠤᠬᠡ ᠪᠠᠷᠢᠬᠰᠡᠨ ᠤᠳᠠᠰᠤᠨ ᠬᠡᠷᠡᠮ ᠤᠨ ᠨᠢᠭᠡ ᠶᠡᠭᠡ ᠴᠠᠶᠢᠵᠠ ᠶᠢᠨ ᠪᠠᠭᠤᠷᠢ ᠳᠤ | ᠰᠢᠨ᠎ᠠ ᠬᠤᠳᠠ ᠰᠤᠷᠭᠠᠭᠤᠯᠢ ᠪᠠᠶᠢᠭᠤᠯᠠᠬᠳᠠᠭᠠᠳ ᠣᠨ ᠤᠳᠠᠵᠤ ᠪᠤᠢ᠃ ᠰᠠᠶ᠋ᠢᠬᠠᠨ ᠨᠡᠬᠦᠵᠤ ᠢᠷᠡᠬᠦ ᠦᠶ᠎ᠠ ᠳᠤ | ᠰᠢᠨ᠎ᠠ ᠬᠤᠳᠠ ᠭᠠᠴᠠᠭ᠎ᠠ ᠶᠢᠨ ᠨᠣᠳᠤᠭ ᠪᠡᠯᠴᠢᠭᠡᠷ ᠲᠤ ᠠᠳᠤᠭᠤ ᠮᠠᠯ ᠬᠤᠨᠢ ᠢᠮᠠᠭ᠎ᠠ ᠮᠠᠯᠵᠢᠬᠤ ᠳᠤ ᠲᠠᠭᠠᠳᠠᠢ ᠯᠠ | ᠭᠠᠵᠠᠷ ᠪᠠᠶᠢᠵᠡᠢ᠂ ᠰᠡᠬᠦᠯᠡᠷ ᠨᠢ ᠵᠡᠬᠦᠨ ᠬᠤᠶᠢᠳᠤ ᠶᠢᠨ ᠲᠤᠷᠤᠭ ᠪᠤᠭᠤ ᠲᠡᠵᠢᠭᠡᠬᠦ ᠤᠯᠤᠰ ᠤᠨ ᠲᠠᠯᠠᠪᠠᠢ ᠶᠢ ᠬᠠᠳᠠᠨ | ᠠᠷᠤ ᠶᠢᠨ ᠠᠮᠠ ᠳᠤ ᠪᠠᠶᠢᠭᠤᠯᠵᠤ ᠬᠡᠳᠤᠨ ᠠᠵᠢᠯᠴᠢᠨ ᠲᠠᠢ ᠪᠠᠶᠢᠬᠰᠡᠨ ᠠᠴᠠ ᠪᠠᠨ ᠣᠳᠤ ᠬᠦᠮᠤᠨ ᠪᠦᠯᠢ ᠨᠢ | ᠦᠷᠡᠵᠢᠵᠤ ᠤᠯᠠᠳᠠᠨ ᠰᠠᠳᠤᠨ ᠲᠦᠷᠤᠯ ᠢᠶᠠᠨ ᠳᠠᠳᠠᠵᠤ ᠰᠢᠷᠭᠤᠯᠠᠬᠰᠠᠭᠠᠷ ᠪᠠᠶᠢᠭᠠᠳ ᠲᠣᠮᠣᠬᠠᠨ ᠬᠢᠳᠠᠳ ᠲᠣᠰᠬᠤᠨ | ᠪᠤᠯᠵᠡᠢ᠃ ᠲᠡᠳᠡᠨ ᠡᠮᠤᠨᠡᠰᠢ ᠪᠠᠨ ᠲᠦᠷᠢᠨ ᠲᠠᠷᠢᠶᠠᠨ ᠭᠠᠵᠠᠷ ᠬᠠᠭᠠᠯᠪᠤᠷᠢᠯᠠᠬᠤ᠂ ᠤᠢ ᠮᠤᠳᠤ ᠲᠠᠷᠢᠬᠤ ᠬᠡᠯᠪᠡᠷᠢ ᠪᠠᠷ | ᠰᠢᠨ᠎ᠠ ᠬᠤᠳᠠ ᠶᠢᠨ ᠭᠠᠵᠠᠷ ᠠᠴᠠ ᠨᠡᠯᠢᠶᠡᠳ ᠬᠡᠮᠵᠢᠶ᠎ᠠ ᠲᠠᠢ ᠲᠠᠰᠤᠳᠠᠵᠤ ᠠᠪᠴᠡᠢ᠃ ᠨᠡᠩ ᠴᠦ ᠠᠳᠤᠭᠤ ᠮᠠᠯ ᠤᠨ | ᠠᠭᠤᠳᠠᠮ ᠪᠡᠯᠴᠢᠭᠡᠷ ᠪᠤᠯᠬᠤ ᠪᠤᠭᠤᠳᠤ ᠶᠢᠨ ᠬᠦᠨᠳᠠᠢ ᠨᠢ ᠠᠷᠤ ᠬᠤᠷᠴᠢᠨ ᠪᠠᠭᠠᠷᠢᠨ ᠤ ᠪᠤᠯᠢᠶᠠᠯᠴᠡᠨ ᠲᠠᠢ ᠭᠠᠵᠠᠷ | ᠪᠠᠶᠢᠬᠰᠡᠨ ᠠᠴᠠ ᠠᠷᠤ ᠬᠤᠷᠴᠢᠨ ᠤ ᠬᠢᠨ ᠵᠠᠪᠳᠤᠵᠤ ᠪᠠᠶᠠᠠᠦ᠋ᠡᠳᠤᠷ ᠰᠤᠮᠤ ᠶᠢᠨ ᠮᠠᠨᠢᠳᠤ ᠭᠠᠴᠠᠭ᠎ᠠ ᠠᠴᠠ ᠡᠷᠤᠬᠡ | ᠰᠢᠯᠵᠢᠬᠦᠯᠤᠨ ᠰᠠᠭᠤᠯᠭᠠᠭᠠᠳ ᠣᠳᠤ ᠪᠤᠭᠤᠳᠤ ᠶᠢᠨ ᠠᠶᠢᠯ ᠬᠡᠭᠦ ᠲᠣᠮᠣᠬᠠᠨ ᠠᠶᠢᠯ ᠪᠤᠰᠴᠡᠢ᠃ ᠡᠨᠠ ᠪᠦᠬᠦᠨ ᠤ | ᠨᠠᠭᠠᠨ᠎ᠠ ᠰᠢᠨ᠎ᠠ ᠬᠤᠳᠠ ᠭᠠᠴᠠᠭ᠎ᠠ ᠶᠢᠨ ᠪᠡᠯᠴᠢᠭᠡᠷ ᠨᠣᠳᠤᠭ ᠰᠢᠬᠠᠭᠳᠠᠨ ᠢᠪᠴᠤᠷᠡᠭᠰᠡᠨ ᠴᠦ ᠰᠢᠨ᠎ᠠ ᠬᠤᠳᠠ ᠶᠢᠨ | ᠠᠷᠠᠳ ᠲᠦᠮᠡᠨ ᠠᠵᠢᠯᠰᠡᠭ ᠬᠦᠳᠡᠯᠡᠮᠤᠷᠢᠴᠢ ᠪᠠᠶᠢᠳᠠᠭ ᠠᠴᠠ ᠠᠮᠢᠳᠤᠷᠠᠯ ᠠᠬᠤᠢ ᠨᠢ ᠴᠢᠨᠡᠭᠡᠯᠢᠭᠵᠢᠨ ᠦᠬᠡᠳᠡᠯᠡᠵᠤ᠂ | ᠲᠠᠪᠢ ᠠᠴᠠ ᠲᠡᠬᠡᠭᠰᠡᠢ ᠦᠬᠡᠷ ᠲᠠᠢ ᠠᠶᠢᠯ ᠤᠳ ᠵᠠᠬ᠎ᠠ ᠠᠴᠠ ᠪᠠᠨ ᠲᠤᠭᠠᠯᠠᠬᠤ ᠪᠤᠯᠵᠡᠢ᠃ | 5 ᠦᠵᠤᠬᠦᠷᠬᠤᠸᠠ | ᠦᠵᠤᠬᠦᠷᠬᠤᠸᠠ ᠭᠠᠴᠠᠭ᠎ᠠ ᠨᠢ ᠣᠯᠠᠭᠠᠨ ᠳᠠᠪᠠᠭ᠎ᠠ ᠰᠤᠮᠤᠨ ᠤ ᠡᠮᠤᠨ᠎ᠠ ᠪᠡᠶ᠎ᠠ ᠳᠤ ᠪᠠᠶᠢᠷᠢᠰᠢᠵᠤ᠂ ᠠᠷᠤ | ᠬᠤᠷᠴᠢᠨ ᠤ ᠪᠡᠷᠬᠡ ᠶᠢᠨ ᠬᠤᠳᠳᠤᠭ ᠲᠠᠢ ᠬᠢᠯᠡᠢ ᠵᠠᠬᠠᠯᠠᠵᠤ ᠪᠠᠶᠢᠳᠠᠭ᠃ ᠦᠵᠤᠬᠦᠷᠬᠤᠸᠠ ᠶᠢᠨ ᠪᠡᠯᠴᠢᠭᠡᠷ ᠡᠪᠡᠰᠦ | ᠨᠠᠷᠢᠯᠢᠭ ᠰᠢᠮ᠎ᠡ ᠲᠠᠢ ᠪᠠᠶᠢᠳᠠᠭ ᠠᠴᠠ ᠮᠠᠯ ᠠᠵᠤ ᠠᠬᠤᠢ ᠠᠷᠠᠴᠢᠯᠠᠵᠤ ᠲᠡᠵᠢᠬᠡᠬᠦ ᠳᠤ ᠤᠨᠴᠠ ᠲᠤᠬᠢᠷᠠᠮᠵᠢᠳᠠᠢ᠃ | ᠵᠠᠬᠦᠨ ᠵᠠᠬ᠎ᠠ ᠪᠠᠷ ᠢᠶᠠᠨ ᠮᠡᠯᠡᠬᠡᠢ ᠶᠢᠨ ᠳᠠᠪᠠᠭ᠎ᠠ ᠪᠠᠷ ᠬᠦᠪᠡᠬᠡᠯᠡᠵᠤ ᠡᠮᠤᠨ᠎ᠠ ᠵᠠᠬ᠎ᠠ ᠪᠠᠷ ᠢᠶᠠᠨ ᠪᠠᠶᠢᠴᠠ ᠶᠢᠨ | ᠳᠠᠪᠠᠭ᠎ᠠ ᠲᠤᠯᠵᠤ ᠪᠠᠶᠢᠳᠠᠭ᠃ ᠤᠯᠠᠭᠠᠨ ᠳᠠᠪᠠᠭ᠎ᠠ ᠨᠣᠳᠤᠭ ᠲᠤ ᠬᠠᠮᠤᠭ ᠡᠮᠤᠨ᠎ᠠ ᠪᠠᠶᠢᠬᠰᠡᠨ ᠠᠶᠢᠯ ᠪᠤᠯᠤᠨ᠎ᠠ᠃ | ᠮᠢᠩᠭ᠎ᠠ ᠶᠢᠰᠤᠨ ᠵᠠᠭᠤ ᠭᠤᠴᠢᠭᠠᠳ ᠣᠨ ᠤ ᠦᠶ᠎ᠠ ᠪᠠᠷ ᠭᠡᠷ ᠤᠨ ᠰᠤᠷᠭᠠᠭᠤᠯᠢ ᠪᠠᠶᠢᠵᠤ ᠬᠠᠪᠴᠢᠯ | ᠬᠤᠭᠤᠯᠠᠳᠤ ᠶᠢᠨ ᠬᠢᠨ ᠡᠨᠠ ᠳᠤ ᠭᠡᠤᠭᠡᠳ ᠢᠶᠠᠨ ᠪᠢᠴᠢᠭ ᠦᠵᠡᠬᠦᠯᠵᠤ ᠪᠠᠶᠢᠵᠡᠢ᠃ᠠᠷᠤ ᠬᠤᠷᠴᠢᠨ ᠸᠠᠩ | ᠸᠠᠩᠴᠢᠨᠪᠠᠯ ᠤᠨ ᠦᠷ᠎ᠡ ᠬᠤᠶᠢᠴᠢᠰ ᠴᠦ ᠡᠨᠠ ᠳᠤ ᠨᠣᠳᠣᠬᠰᠢᠵᠤ ᠪᠠᠶᠢᠬᠰᠡᠨ ᠮᠦᠷᠳᠡᠬᠡᠨ ᠠᠳᠠ ᠠᠴᠠ ᠣᠯᠠᠨ | ᠠᠷᠪᠢᠨ ᠡᠷᠳᠡᠮᠳᠡᠨ ᠮᠡᠷᠬᠡᠳ ᠴᠤᠯᠭᠤᠷᠠᠬᠰᠡᠨ ᠲᠡᠤᠬᠡ ᠲᠠᠢ᠃ ᠤᠤᠯ ᠳᠠᠭᠠᠨ ᠴᠦᠬᠡᠬᠡᠪᠤᠷᠢ ᠬᠡᠳᠣᠨ ᠠᠶᠢᠯ | ᠪᠠᠶᠢᠬᠰᠡᠨ ᠢᠶᠠᠨ ᠢᠷᠬᠡᠨ ᠣᠯᠣᠰ ᠤᠨ ᠡᠬᠢᠨ ᠤ ᠣᠨ ᠠᠴᠠ ᠡᠬᠢᠯᠡᠵᠤ ᠴᠡᠷᠢᠭ ᠲᠠᠶᠢᠨ ᠤ ᠬᠦᠯ᠂ ᠭᠠᠵᠠᠷ | ᠬᠠᠭᠠᠯᠪᠤᠷᠢᠯᠠᠯᠳᠠ ᠶᠢᠨ ᠰᠢᠷᠬᠠᠯᠠᠭᠳᠠ ᠦᠯᠣᠰᠬᠦᠯᠡᠩ ᠤᠨ ᠵᠤᠪᠠᠯᠠᠩ ᠠᠴᠠ ᠵᠠᠶᠢᠯᠠᠬᠰᠡᠨ ᠠᠣᠬᠠᠨ᠂ ᠬᠠᠷᠠᠴᠢᠨ᠂ | ᠲᠦᠮᠡᠳ ᠤᠨ ᠮᠤᠩᠭᠤᠯᠴᠤᠳ ᠢᠨᠠᠬᠰᠢ ᠪᠠᠨ ᠨᠡᠬᠦᠳᠡᠯᠠᠵᠤ᠂ ᠦᠵᠤᠬᠦᠷᠬᠤᠸᠠ ᠨᠣᠳᠤᠭ ᠲᠤ ᠬᠦᠯ ᠲᠣᠬᠳᠠᠵᠡᠢ᠃ | ᠦᠵᠣᠬᠦᠷᠬᠤᠸᠠ ᠬᠡᠬᠦ ᠨᠡᠷᠡᠶᠢᠳᠤᠯ ᠨᠢ ᠤᠷᠤᠨ ᠨᠣᠳᠤᠭ ᠤᠨ ᠭᠠᠵᠠᠷ ᠤᠨ ᠪᠠᠶᠢᠴᠠ ᠠᠴᠠ ᠡᠰᠢ ᠲᠠᠢ᠃ ᠪᠠᠶᠠᠨ | ᠵᠢᠷᠤᠬᠡ ᠬᠠᠨ ᠠᠭᠤᠯᠠ ᠠᠴᠠ ᠡᠮᠤᠨᠠᠰᠢ ᠵᠣᠳᠤᠭ ᠲᠣᠬᠤ ᠰᠡᠭᠰᠣᠷᠡᠭᠰᠡᠨ ᠬᠡᠮᠡᠷ ᠶᠡᠭᠡ ᠪᠠᠭ᠎ᠠ ᠠᠭᠤᠯᠠ ᠲᠤᠯᠤᠭᠠᠳ | ᠨᠢ ᠦᠵᠤᠬᠦᠷᠬᠤᠸᠠ ᠬᠦᠷᠴᠤ ᠠᠭᠤᠯᠠ ᠶᠢᠨ ᠪᠠᠯ ᠰᠢᠪᠳᠤᠷᠠᠳᠠᠭ ᠪᠦᠬᠡᠳ ᠦᠵᠤᠬᠦᠷᠬᠤᠸᠠ ᠭᠠᠴᠠᠭ᠎ᠠ ᠶᠢᠨ | ᠭᠠᠵᠠᠷ ᠤᠨ ᠪᠠᠶᠢᠷᠢᠰᠢᠯ ᠨᠢ ᠵᠡᠬᠦᠨ ᠬᠤᠶᠢᠨ᠎ᠠ ᠠᠴᠠ ᠵᠠᠭᠠᠷᠠᠳᠤ ᠶᠢᠨ ᠣᠷᠤᠢ ᠶᠢᠨ ᠨᠠᠮᠬᠠᠨ ᠬᠤᠱᠤᠤ᠂ ᠵᠡᠬᠦᠨ | ᠡᠮᠦᠨ᠎ᠡ ᠠᠴᠠ ᠪᠠᠶᠢᠴᠠ ᠶᠢᠨ ᠳᠠᠪᠠᠭ᠎ᠠ ᠶᠢᠨ ᠲᠠᠷᠭᠤᠨ ᠬᠤᠱᠤᠣ᠂ ᠪᠠᠷᠠᠭᠤᠨ ᠡᠮᠤᠨᠠᠰᠢ ᠪᠠᠨ ᠶᠡᠭᠡ ᠠᠷᠤ ᠶᠢᠨ | ᠬᠦᠳᠤᠯ᠂ ᠦᠯᠤᠬᠡᠢ ᠠᠭᠤᠯᠠ ᠶᠢᠨ ᠬᠤᠱᠤᠣ ᠬᠠᠷᠠᠵᠤ ᠤᠨᠴᠠᠭᠠᠢ ᠪᠠᠶᠢᠷᠢ ᠠᠪᠴᠤ ᠰᠠᠭᠤᠬᠰᠡᠨ ᠪᠤᠯᠬᠤᠷ | ᠦᠵᠤᠬᠦᠷᠬᠤᠸᠠ ᠬᠡᠵᠤ ᠨᠡᠷᠡᠶᠢᠳᠤᠭ᠍ᠰᠡᠨ ᠪᠠᠶᠢᠵᠡᠢ᠃ | ᠣᠳᠣ ᠦᠵᠣᠬᠦᠷᠬᠤᠸᠠ ᠶᠢᠨ ᠠᠷᠠᠳ ᠲᠦᠮᠡᠨ ᠠᠵᠢᠯᠰᠠᠭ ᠬᠤᠶᠠᠷ ᠭᠠᠷ ᠢᠶᠠᠷ ᠢᠶᠠᠨ ᠠᠮᠢᠳᠤᠷᠠᠯ ᠤᠨ | ᠰᠠᠶᠢᠬᠠᠨ ᠢ ᠴᠤᠬᠴᠠᠯᠠᠳᠠᠭ ᠠᠴᠠ ᠲᠠᠭᠠᠴᠢᠯᠠᠯᠳᠠ ᠶᠢᠨ ᠲᠦᠷᠢᠮ ᠬᠡᠷᠡᠭᠵᠢᠬᠦᠯᠡᠭᠰᠡᠨ ᠠᠴᠠ ᠨᠠᠰᠢ ᠮᠠᠯ ᠠᠵᠤ ᠠᠬᠤᠢ | ᠪᠠᠷ ᠭᠤᠤᠯᠯᠠᠨ᠂ ᠲᠤᠰᠠᠯᠠᠬᠤ ᠠᠵᠤ ᠠᠬᠤᠢ ᠪᠠᠷ ᠬᠠᠪᠰᠤᠷᠭᠠᠨ ᠴᠢᠷᠮᠡᠶᠢᠬᠰᠡᠨ ᠠᠴᠠ ᠠᠮᠢᠳᠤᠷᠠᠯ ᠤᠨ ᠲᠦᠪᠰᠢᠨ | ᠰᠤᠮᠤᠨ ᠤ ᠲᠤᠳᠤᠷ᠎ᠠ ᠦᠨᠳᠤᠷ ᠪᠠᠶᠢᠷᠢᠨ ᠳᠤ ᠪᠠᠶᠢᠭ᠎ᠠ ᠬᠤᠶᠠᠷ ᠵᠠᠭᠤ ᠢᠯᠡᠬᠦᠤ ᠡᠷᠤᠬᠡ ᠲᠠᠢ ᠲᠤᠮᠤᠬᠠᠨ ᠠᠶᠢᠯ | ᠪᠤᠯᠵᠠᠢ᠃ | 6 ᠬᠤᠪᠤᠭᠤ | ᠬᠦᠯᠢᠭᠡᠷ ᠬᠠᠨ ᠤ ᠪᠠᠷᠠᠭᠤᠨ ᠰᠣᠭᠤ ᠳᠠᠬᠢ ᠠᠶᠢᠯ ᠢ ᠬᠤᠪᠤᠭᠤ ᠬᠡᠳᠡᠭ᠃ ᠣᠯᠠᠭᠠᠨ ᠳᠠᠪᠠᠭ᠎ᠠ ᠰᠣᠮᠣᠨ ᠤ | ᠪᠠᠷᠠᠭᠤᠨ ᠬᠤᠶᠢᠨ᠎ᠠ ᠵᠠᠬ᠎ᠠ ᠳᠤ ᠪᠠᠶᠢᠷᠢᠰᠢᠵᠤ ᠪᠤᠢ᠃ ᠠᠶᠢᠯ ᠤᠨ ᠰᠠᠭᠤᠬᠰᠡᠨ ᠭᠠᠵᠠᠷ ᠤᠨ ᠪᠠᠶᠢᠷᠢᠰᠢᠯ ᠨᠢ ᠬᠤᠪᠤᠭᠤ | ᠬᠡᠯᠪᠡᠷᠢᠳᠠᠢ ᠪᠠᠶᠢᠳᠠᠭ ᠠᠴᠠ ᠲᠡᠬᠡᠵᠤ ᠨᠡᠷᠡᠯᠠᠯᠠ ᠬᠡᠳᠡᠭ᠃ ᠤᠤᠯ ᠳᠠᠭᠠᠨ ᠠᠳᠠ ᠬᠡᠳᠤᠬᠡᠨ ᠠᠶᠢᠯ ᠪᠠᠶᠢᠵᠤ ᠡᠪᠠᠰᠤ | ᠪᠡᠯᠴᠢᠬᠡᠷ ᠰᠠᠬᠤᠯᠢᠭ ᠵᠤᠵᠠᠭᠠᠨ ᠤᠢ ᠮᠣᠳᠤ ᠢᠬᠴᠤᠷᠤᠨ ᠭᠤᠤᠯ ᠭᠤᠷᠤᠬ᠎ᠠ ᠲᠤᠨᠤᠯᠵᠠᠵᠤ᠂ ᠠᠳᠤᠭᠠᠤ ᠮᠠᠯ ᠤᠨ | ᠰᠠᠶᠢᠬᠠᠨ ᠪᠡᠯᠴᠢᠭᠡᠷ ᠨᠣᠳᠤᠭ ᠪᠠᠶᠢᠵᠡᠢ᠃ 1981ᠣᠨ ᠤ 8 ᠰᠠᠷ᠎ᠠ ᠶᠢᠨ 1 ᠠᠴᠠ ᠠᠳᠠ ᠬᠤᠪᠤᠭᠤ ᠵᠡᠰ | ᠲᠣᠭᠤᠯᠭ᠎ᠠ ᠶᠢᠨ ᠠᠭᠤᠷᠬᠠᠢ ᠨᠡᠬᠡᠬᠡᠵᠤ᠂ ᠬᠡᠳᠤᠨ ᠮᠢᠩᠭᠠᠨ ᠠᠵᠢᠯᠴᠢᠨ ᠡᠯᠰᠡᠵᠤ ᠬᠦᠮᠤᠨ ᠠᠮᠢᠳᠠᠨ ᠣᠯᠠᠰᠢᠷᠠᠵᠡᠢ ᠃ | ᠨᠠᠮ ᠵᠢᠮ ᠪᠠᠶᠢᠬᠰᠡᠨ ᠬᠤᠪᠣᠭᠤ ᠵᠡᠰ ᠲᠣᠭᠤᠯᠭ᠎ᠠ ᠶᠢᠨ ᠠᠭᠤᠷᠬᠠᠢ ᠨᠡᠬᠡᠬᠡᠵᠤ᠂ ᠬᠡᠳᠤᠨ ᠮᠢᠩᠭᠠᠨ ᠠᠵᠢᠯᠴᠢᠨ | ᠡᠯᠰᠡᠵᠤ ᠬᠦᠮᠤᠨ ᠠᠮᠢᠳᠠᠨ ᠣᠯᠠᠰᠢᠷᠠᠵᠡᠢ᠃ ᠨᠠᠮ ᠵᠢᠮ ᠪᠠᠶᠢᠬᠰᠡᠨ ᠬᠤᠪᠤᠭᠤ ᠠᠶᠢᠯ ᠣᠳᠤ ᠡᠳᠤᠷ ᠰᠦᠨᠢ | ᠲᠠᠰᠤᠷᠠᠰᠢ ᠦᠬᠡᠢ ᠮᠠᠰᠢᠨ ᠲᠤᠨᠤᠭ ᠤᠨ ᠲᠠᠭᠤᠨ ᠴᠤᠤᠷᠢᠶᠠᠳᠤᠬᠤ ᠪᠤᠯᠵᠡᠢ᠃ | |