ᠤᠯᠠᠭᠠᠨ᠎ᠠ ︵ᠪᠣᠯᠠᠨ᠎ᠠ︶ 欧李 | | | ᠮᠠᠨ ᠤ ᠨᠣᠲᠤᠭ ᠤᠨ ᠤᠯᠠᠭᠠᠨ᠎ᠠ ᠭᠡᠭᠴᠢ ᠪᠣᠯ ᠮᠢᠬᠠᠯᠢᠭ ᠲᠣᠮᠣ ᠪᠦᠭᠡᠳ ᠲᠣᠩ ᠰᠠᠶᠢᠬᠠᠨ ᠠᠮᠲᠠᠲᠠᠢ | ᠬᠡᠭᠡᠷ᠎ᠡ ᠶᠢᠨ ᠵᠢᠮᠢᠰ ᠶᠤᠮ᠃ ᠬᠤᠯᠠ ᠶᠢ ᠬᠡᠯᠡᠬᠦ ᠦᠭᠡᠢ ᠳᠠᠯᠠᠭᠠᠳ ᠤᠨ ᠤ ᠡᠬᠢᠨ ᠤ ᠦᠶ᠎ᠡ ᠳᠤ ᠨᠠᠯᠠᠭᠠᠷ ᠨᠠᠮᠣᠷ | ᠤᠨ ᠨᠠᠢᠮᠠᠨ ᠰᠠᠷ᠎ᠠ ᠳᠤ ᠠᠯᠳᠠᠷ ᠶᠡᠭᠡ ᠲᠠᠢ ᠠᠭᠲᠠ ᠶᠢᠨ ᠲᠠᠯ᠎ᠠ ᠪᠠᠷ ᠦᠬᠡᠷ ᠲᠡᠷᠭᠡ ᠪᠠᠷ ᠦᠩᠭᠡᠷᠡᠬᠦ ᠳᠤ ᠤᠯᠠᠭᠠᠨ᠎ᠠ | ᠶᠢᠨ ᠰᠢᠭᠦᠰᠦᠨ ᠳᠤ ᠲᠡᠷᠭᠡᠨ ᠬᠦᠷᠳᠦ ᠪᠦᠷ ᠤᠯᠠᠶᠢᠴᠢᠳᠠᠭ ᠪᠠᠶᠢᠭᠰᠠᠨ ᠢ ᠨᠢᠳᠦ ᠪᠠᠷ ᠢᠶᠠᠨ ᠦᠵᠡᠵᠦ ᠪᠡᠶ᠎ᠡ ᠪᠠᠷ | ᠢᠶᠠᠨ ᠦᠩᠭᠡᠷᠡᠭᠡᠭᠰᠡᠨ ᠶᠤᠮ ᠳ᠋ᠠ᠃ | ᠤᠯᠠᠭᠠᠨ᠎ᠠ ᠪᠣᠯ ᠴᠠᠩᠬᠤᠢ ᠶᠢᠨ ᠢᠵᠠᠭᠤᠷ ᠤᠨ ᠰᠢᠯᠤᠭᠤᠨ ᠣᠷᠭᠤᠬᠤ ᠨᠠᠪᠴᠢᠵᠣᠯᠭᠠᠷᠠᠬᠤ ᠪᠣᠲᠠ ᠮᠣᠳᠣ | ᠶᠤᠮ᠃ 30 —150cm ᠦᠨᠳᠦᠷ ᠤᠷᠭᠤᠳᠠᠭ᠃ ᠨᠠᠪᠴᠢ ᠨᠢ ᠵᠣᠥᠪᠠᠩ ᠬᠡᠯᠪᠡᠷᠢᠲᠠᠢ ᠤᠷᠲᠣᠯᠵᠢᠨ 2.5 | —5 cm ᠤᠷᠲᠣ᠂ 1 —2 cm ᠦᠷᠭᠡᠨ ᠪᠠᠶᠢᠵᠣ᠂ ᠤᠭ ᠪᠠ ᠦᠵᠦᠭᠦᠷ ᠦᠭᠡᠳᠡ ᠪᠠᠨ ᠱᠣᠪᠣᠭᠤᠷ | ᠪᠠᠶᠢᠳᠠᠭ᠃ ᠬᠦᠪᠡᠭᠡ ᠳᠤ ᠨᠢ ᠲᠡᠭᠰᠢ ᠪᠣᠰᠣ ᠬᠢᠷᠦᠭᠡᠨ ᠰᠢᠳᠦ ᠲᠠᠢ᠃ ᠴᠡᠴᠡᠭ ᠨᠢ ᠴᠠᠭᠠᠨ ᠪᠣᠶᠣ ᠶᠠᠭᠠᠨ | ᠦᠩᠭᠡᠲᠠᠢ᠃ ᠵᠢᠮᠢᠰ ᠨᠢ ᠪᠣᠯᠪᠠᠰᠣᠷᠠᠪᠠᠯ ᠬᠤᠯᠠ ᠠᠴᠠ ᠱᠢᠷᠦ ᠰᠢᠭ ᠪᠣᠮᠪᠠᠶᠢᠨ ᠤᠯᠠᠶᠢᠵᠣ ᠬᠠᠷᠠᠭᠳᠠᠨ᠎ᠠ᠃ ᠵᠢᠮᠢᠰ | ᠤᠨ ᠳ᠋ᠢᠶᠠᠮᠧᠲᠷ 1.5cm ᠣᠷᠴᠢᠮ᠂ ᠴᠦᠮ᠎ᠡ ᠨᠢ ᠪᠦᠮᠪᠦᠭᠡᠨ ᠬᠡᠯᠪᠡᠷᠢᠲᠠᠢ᠃ ᠲᠣᠰᠣ ᠰᠢᠬᠠᠵᠣ ᠪᠣᠯᠬᠤ ᠪᠦᠭᠡᠳ | ᠪᠠᠰᠠ ᠡᠮ ᠳᠤ ᠤᠷᠣᠨᠠ᠃ | ⒊ ᠴᠠᠴᠠᠷᠭᠠᠨ᠎ᠠ 沙棘(酸柳柳) | | | ᠴᠠᠴᠠᠷᠭᠠᠨ᠎ᠠ ᠪᠣᠯ ᠬᠠᠯᠠ ᠲᠠᠢ ᠬᠠᠲᠠᠭᠤ ᠤᠷᠴᠢᠨ ᠲᠣᠭᠤᠷᠢᠨ ᠳᠤ ᠵᠣᠬᠢᠴᠠᠨ ᠣᠷᠭᠤᠵᠣ ᠴᠢᠳᠠᠬᠤ ᠮᠦᠷᠲᠡᠭᠡᠨ | ᠡᠯᠡᠰᠦ ᠶᠢ ᠲᠣᠭᠲᠠᠪᠦᠷᠢᠵᠢᠭᠤᠯᠵᠤ ᠬᠦᠷᠦᠰᠦ ᠶᠢ ᠰᠠᠶᠢᠵᠢᠷᠠᠭᠤᠯᠣᠨ ᠬᠠᠮᠠᠭᠠᠯᠠᠵᠣ ᠴᠢᠳᠠᠳᠠᠭ ᠤᠷᠭᠤᠮᠠᠯ ᠶᠤᠮ᠃ | ᠲᠡᠭᠡᠭᠡᠳ ᠪᠠᠰᠠ ᠲᠡᠰᠭᠢᠮ᠎ᠡ ᠬᠦᠢᠲᠡᠨ ᠲᠡᠭ ᠠᠴᠠ ᠳᠣᠷᠣᠭᠰᠢ 30 ᠭᠷᠠᠳᠦ᠋ᠰ ᠢ ᠴᠦ ᠱᠢᠷᠦᠨ ᠤᠨᠵᠢᠯᠭ᠎ᠠ ᠰᠢᠭ | ᠰᠢᠭᠦᠰᠦ ᠲᠠᠢ ᠬᠡᠪ ᠢᠶᠠᠷ ᠢᠶᠠᠨ ᠦᠩᠭᠡᠷᠡᠭᠡᠵᠦ ᠪᠠᠶᠢᠳᠠᠭ ᠬᠠᠴᠢᠨ ᠰᠣᠨᠢᠷᠬᠠᠯᠲᠠᠢ ᠤᠷᠭᠤᠮᠠᠯ ᠶᠤᠮ᠃ ᠲᠡᠭᠦᠨ ᠤ | ᠣᠶᠠᠨ ᠬᠠᠳᠠᠨ ᠴᠢᠨᠠᠷ ᠪᠠ ᠰᠢᠮ᠎ᠡ ᠲᠡᠵᠢᠭᠡᠯ ᠤᠨ ᠠᠭᠤᠯᠤᠭᠳᠠᠴᠠ᠂ ᠬᠠᠰᠢᠷ ᠬᠠᠲᠠᠭᠤ ᠲᠡᠰᠪᠦᠷᠢ ᠴᠢᠳᠠᠪᠦᠷᠢ ᠵᠡᠷᠭᠡ ᠢ | ᠨᠢ ᠦᠨᠳᠦᠰᠦᠯᠡᠵᠦ᠂ ᠲᠡᠭᠦᠨ ᠢ ᠤᠷᠭᠤᠮᠠᠯ ᠤᠨ ᠳᠣᠲᠣᠷᠠᠬᠢ ᠲᠡᠭᠦᠰ ᠴᠢᠳᠠᠪᠦᠷᠢᠲᠡᠨ᠂ ᠠᠮᠢᠳᠦ ᠡᠷᠳᠡᠨᠢ ᠭᠡᠵᠦ | ᠬᠡᠯᠡᠵᠦ ᠪᠣᠯᠣᠨ᠎ᠠ᠃ | ᠴᠠᠴᠠᠷᠭᠠᠨ᠎ᠠ ᠪᠣᠯ ᠤᠷᠣᠭᠰᠢᠯ ᠵᠢᠮᠢᠰ ᠤᠨ ᠢᠵᠠᠭᠤᠷ ᠤᠨ ᠨᠠᠪᠴᠢ ᠵᠣᠯᠭᠠᠷᠠᠬᠤ ᠪᠣᠲᠠ ᠮᠣᠳᠣ ᠪᠤᠶᠤ ᠪᠠᠭ᠎ᠠ ᠲᠣᠷᠤᠭ | ᠮᠣᠳᠣ᠂ 3 —8 m ᠦᠨᠳᠦᠷ ᠤᠷᠭᠤᠨ᠎ᠠ᠃ ᠵᠡᠭᠦᠥ ᠰᠢᠭ ᠠᠷᠪᠢᠨ ᠪᠦᠳᠦᠭᠦᠯᠢᠭ ᠰᠣᠨᠳᠣᠥ ᠦᠷᠭᠡᠰᠦ ᠲᠠᠢ᠃ | ᠨᠠᠪᠴᠢ ᠨᠢ ᠴᠣᠪᠣᠷᠠᠨ ᠤᠷᠭᠤᠬᠤ ᠪᠤᠶᠤ ᠴᠢᠭᠳᠡᠯᠠᠨ ᠤᠷᠭᠤᠨ᠎ᠠ᠃ ᠴᠡᠴᠡᠭ ᠨᠢ ᠰᠢᠷᠠᠪᠲᠣᠷ᠂ ᠨᠠᠪᠴᠢ ᠭᠠᠷᠬᠤ ᠠᠴᠠ | ᠡᠮᠦᠨ᠎ᠡ ᠳᠡᠯᠭᠡᠷᠡᠨ᠎ᠡ᠃ ᠦᠷ᠎ᠡ ᠵᠢᠮᠢᠰ ᠨᠢ 9 —10 ᠰᠠᠷ᠎ᠠ ᠳᠤ ᠪᠣᠯᠪᠠᠰᠣᠷᠠᠵᠣ ᠲᠠᠷᠠᠭ᠎ᠠ ᠵᠢᠯ ᠤᠨ ᠬᠢᠨᠢ ᠬᠠᠪᠣᠷ | ᠪᠤᠯᠲᠠᠯ᠎ᠠ ᠮᠦᠴᠢᠷ ᠠᠴᠠ ᠪᠠᠨ ᠰᠠᠯᠳᠠᠭ ᠦᠭᠡᠢ᠃ ᠵᠢᠮᠢᠰ ᠨᠢ ᠣᠯᠠᠪᠢᠷ ᠰᠢᠷ᠎ᠠ ᠭᠢᠯᠲᠦᠭᠡᠨᠡᠮᠡ ᠬᠦᠷᠡᠩ ᠦᠩᠭᠡᠲᠠᠢ᠃ | ᠳ᠋ᠢᠶᠠᠮᠧᠲᠷ ᠨᠢ 6 —10 mm ᠪᠠᠶᠢᠳᠠᠭ᠃ | ᠴᠠᠴᠠᠷᠭᠠᠨ᠎ᠠ ᠶᠢᠨ ᠵᠣᠬᠢᠴᠠᠬᠤ ᠴᠢᠨᠠᠷ ᠨᠢ ᠰᠠᠶᠢᠨ᠂ ᠡᠩ ᠤᠨ ᠬᠦᠷᠦᠰᠦᠨ ᠳᠤ ᠪᠦᠷ ᠤᠷᠭᠤᠵᠣ ᠴᠢᠳᠠᠨ᠎ᠠ᠃ ᠬᠠᠶᠢᠷ | ᠴᠢᠯᠠᠭᠤ ᠲᠠᠢ ᠬᠠᠬᠢᠷ ᠭᠠᠵᠠᠷ᠂ ᠬᠡᠭᠡᠷ᠎ᠡ ᠲᠠᠯ᠎ᠠ᠂ ᠭᠤᠥ ᠵᠢᠯᠠᠭ᠎ᠠ᠂ ᠭᠤᠥᠯ ᠤᠨ ᠬᠦᠪᠡᠭᠡ᠂ ᠨᠠᠷᠠᠨ ᠡᠭᠡᠪᠦᠷ ᠤᠨ | ᠳᠤᠪᠣᠷᠬᠠᠭ ᠭᠠᠵᠠᠷ᠂ ᠡᠯᠡᠰᠦᠨ ᠳᠣᠪᠤ ᠳᠤ ᠪᠦᠷ ᠤᠷᠭᠤᠵᠣ ᠴᠢᠳᠠᠨ᠎ᠠ᠃ | ᠴᠠᠴᠠᠷᠭᠠᠨ᠎ᠠ ᠶᠢᠨ ᠵᠢᠮᠢᠰ ᠨᠢ ᠢᠰᠭᠦᠯᠡᠩ ᠬᠦᠴᠢᠯᠢᠭ ᠠᠮᠲᠠᠲᠠᠢ᠃ ᠵᠢᠮᠢᠰᠦᠨ ᠳᠤ ᠨᠢ ᠡᠯ᠎ᠡ ᠵᠦᠢᠯ ᠤᠨ ᠬᠡᠷᠡᠭᠴᠡᠭᠡ | ᠲᠠᠢ ᠤᠷᠭᠠᠨᠢᠭ ᠱᠦᠯᠲᠦ ᠪᠠ ᠰᠢᠬᠢᠷ᠂ ᠸᠢᠲ᠋ᠠᠮᠢᠨ E. C. B .B2 ᠵᠡᠷᠭᠡ ᠤᠯᠠᠨ ᠵᠦᠢᠯ ᠤᠨ ᠢᠳᠡᠪᠬᠢᠲᠦ | ᠪᠣᠳᠠᠰ ᠠᠬᠤᠭᠤᠯᠠᠭᠳᠠᠵᠣ ᠪᠠᠶᠢᠨ᠎ᠠ᠃ ᠤᠳᠣᠬᠠᠨ ᠳᠤ ᠴᠠᠴᠠᠷᠭᠠᠨ᠎ᠠ ᠶᠢᠨ ᠵᠢᠮᠢᠰ ᠪᠠ ᠦᠷ᠎ᠡ ᠶᠢ ᠢᠳᠡᠰᠢᠨ ᠳᠤ | ᠰᠢᠭᠤᠳ ᠬᠡᠷᠡᠭᠯᠡᠬᠦ ᠠᠴᠠ ᠭᠠᠳᠠᠨ᠎ᠠ ︽ᠴᠡᠪᠡᠷ ᠰᠢᠭᠦᠰᠦ᠂ ᠳᠠᠷᠠᠰᠣ᠂ ᠲᠣᠰᠣ᠂ ᠪᠡᠶ᠎ᠡ ᠴᠢᠬᠢᠷᠠᠭᠵᠢᠭᠤᠯᠬᠤ ᠢᠳᠡᠭᠡᠨ | ᠤᠮᠳᠠᠭᠠᠨ︾ ᠵᠡᠷᠭᠡ ᠬᠤᠪᠤᠷ ᠴᠣᠬᠠᠭ ᠦᠨᠡᠲᠦ ᠪᠦᠲᠦᠭᠡᠭᠳᠡᠭᠦᠨ ᠦᠢᠯᠡᠳᠪᠦᠷᠢᠯᠡᠵᠦ ᠪᠣᠢ᠃ ᠴᠠᠴᠠᠷᠭᠠᠨ᠎ᠠ ᠶᠢᠨ | ᠲᠣᠰᠣ ᠨᠢ ᠬᠦᠮᠦᠨ ᠤ ᠪᠡᠶ᠎ᠡ ᠶᠢᠨ ᠪᠣᠳᠠᠰ ᠤᠨ ᠰᠣᠯᠢᠯᠴᠠᠭ᠎ᠠ ᠶᠢ ᠢᠳᠡᠪᠬᠢᠵᠢᠭᠦᠯᠵᠦ ᠰᠠᠴᠣᠷᠠᠭ ᠤᠶᠢᠯᠲᠠ ᠶᠢ | ᠡᠰᠡᠷᠭᠦᠴᠡᠬᠦ᠂ ᠬᠠᠯᠠᠭᠰᠠᠨ ᠰᠢᠷᠬ᠎ᠠ ᠶᠢ ᠠᠨᠠᠭᠠᠬᠤ᠂ ᠬᠦᠯᠳᠡᠭᠰᠡᠨ ᠢ ᠵᠠᠰᠠᠬᠤ᠂ ᠬᠤᠳᠤᠭᠤᠳᠦ ᠭᠡᠳᠡᠰᠦ ᠶᠢᠨ | ᠰᠢᠷᠬᠠᠯᠠᠭ᠎ᠠ᠂ ᠰᠣᠳᠠᠯ ᠬᠠᠲᠠᠭᠤᠷᠠᠬᠤ ᠶᠢ ᠰᠡᠷᠭᠡᠶᠢᠯᠡᠬᠦ᠂ ᠴᠢᠰᠣ ᠵᠤᠭᠰᠣᠭᠠᠬᠤ ᠪᠠ ᠡᠮᠡᠭᠲᠠᠶᠢᠴᠣᠳ ᠤᠨ ᠡᠪᠡᠳᠴᠢᠨ ᠢ | ᠡᠮᠴᠢᠯᠡᠨ ᠵᠠᠰᠠᠬᠤ ᠵᠡᠷᠭᠡ ᠳᠤ ᠪᠦᠷ ᠶᠡᠭᠡ ᠬᠡᠪᠴᠢᠶ᠎ᠡ ᠪᠠᠷ ᠬᠡᠷᠡᠭᠯᠡᠵᠦ ᠪᠣᠢ᠃ ᠦᠪᠦᠷ ᠮᠣᠩᠭᠤᠯ ᠳᠤ | ᠦᠢᠯᠡᠳᠪᠦᠷᠢᠯᠡᠭᠰᠡᠨ ︽ᠴᠠᠴᠠᠷᠭᠠᠨ᠎ᠠ ᠶᠢᠨ ᠬᠠᠨᠳᠠ︾ ᠨᠢ ᠮᠣᠩᠭᠤᠯ ᠡᠮ ᠤᠨ ᠰᠢᠨ᠎ᠡ ᠪᠦᠲᠦᠭᠡᠭᠳᠡᠭᠦᠨ ᠢᠶᠠᠷ ᠤᠯᠤᠰ | ᠤᠨ ︽ᠠᠯᠲᠠᠨ ᠯᠣᠥ︾ ᠳᠣᠷᠠᠰᠬᠠᠯᠲᠦ ᠲᠡᠮᠳᠡᠭ ᠤᠯᠤᠭᠰᠠᠨ ᠪᠠᠶᠢᠨ᠎ᠠ᠃ ᠲᠡᠷᠡ ᠨᠢ ᠬᠠᠨᠢᠶᠠᠳᠦ ᠶᠢ ᠵᠤᠭᠰᠣᠭᠠᠵᠣ᠂ | ᠴᠡᠷ ᠢ ᠬᠤᠪᠬᠤᠯᠠᠵᠣ᠂ ᠢᠳᠡᠰᠢ ᠰᠢᠩᠭᠡᠭᠡᠨ᠂ ᠰᠢᠩᠭᠡᠭᠡᠯᠲᠡ ᠶᠢ ᠰᠠᠶᠢᠵᠢᠷᠠᠭᠤᠯᠵᠣ ᠂ ᠬᠤᠳᠣᠭᠤᠳᠣ ᠶᠢ ᠰᠡᠯᠪᠢᠨ᠂ | ᠴᠢᠰᠣ ᠶᠢ ᠲᠣᠩᠭᠠᠯᠠᠭᠰᠢᠭᠤᠯᠵᠣ᠂ ᠬᠤᠷᠠᠭᠰᠠᠨ ᠢ ᠲᠠᠷᠬᠠᠭᠠᠬᠤ ᠪᠤᠯᠬᠤᠷ ᠣᠳᠠᠭᠠᠨ ᠴᠢᠨᠠᠷᠲᠠᠢ ᠮᠦᠬᠡᠷᠰᠦᠨ | ᠬᠤᠭᠤᠯᠠᠢ ᠶᠢᠨ ᠦᠷᠪᠢᠰᠦᠯ᠂ ᠴᠡᠭᠡᠵᠢ ᠪᠢᠲᠡᠭᠦᠷᠡᠵᠦ ᠠᠭᠰᠠᠵᠣ ᠪᠠᠴᠢᠮᠳᠠᠬᠤ ᠵᠡᠷᠭᠡ ᠡᠪᠡᠳᠴᠢᠨ ᠳᠤ ᠪᠦᠷ ᠲᠣᠰᠠᠲᠠᠢ᠃ | ᠪᠠᠰᠠ ᠰᠣᠳᠠᠯ ᠤᠨ ᠵᠠᠩᠭᠢᠷᠠᠭ᠎ᠠ ᠶᠢ ᠵᠠᠰᠠᠬᠤ᠂ ᠶᠠᠳᠠᠷᠠᠭ᠎ᠠ ᠲᠠᠶᠢᠯᠵᠤ᠂ ᠦᠲᠡᠯᠬᠦ ᠶᠢ ᠤᠳᠠᠭᠠᠰᠢᠷᠠᠭᠤᠯᠣᠨ᠂ | ᠬᠢᠯᠭᠠᠰᠣᠨ ᠰᠣᠳᠠᠯ ᠢ ᠰᠠᠶᠢᠵᠢᠷᠠᠭᠤᠯᠵᠣ᠂ ᠴᠢᠰᠣᠨ ᠳᠠᠷᠣᠯᠲᠠ ᠶᠢ ᠲᠣᠬᠢᠷᠠᠭᠤᠯᠬᠤ ᠳᠤ ᠪᠦᠷ ᠤᠨᠴᠠ ᠲᠣᠰᠠᠲᠠᠢ᠃ | ᠴᠠᠴᠠᠷᠭᠠᠨ᠎ᠠ ᠶᠢᠨ ᠵᠢᠮᠢᠰᠦ ᠪᠠᠷ ᠨᠡᠷᠡᠭᠰᠡᠨ ᠠᠷᠢᠬᠢ ᠨᠢ ᠬᠦᠮᠦᠰ ᠤᠨ ᠣᠶᠣᠨ ᠲᠠᠷᠢᠬᠢ ᠶᠢ ᠨᠡᠭᠡᠭᠡᠭᠳᠡᠭᠦᠯᠵᠦ᠂ ᠪᠡᠶ᠎ᠡ | ᠶᠢ ᠴᠢᠬᠢᠷᠠᠭᠵᠢᠭᠤᠯᠵᠣ ᠴᠢᠳᠠᠨ᠎ᠠ᠃ ᠮᠠᠨ ᠤ ᠤᠯᠤᠰ ᠲᠤ ᠴᠠᠴᠠᠷᠭᠠᠨ᠎ᠠ ᠵᠢᠨᠠᠪᠴᠢ ᠪᠠᠷ ᠦᠢᠯᠡᠳᠪᠦᠷᠢᠯᠡᠭᠰᠡᠨ | ᠤᠮᠳᠠᠭᠠᠨ ᠴᠠᠢ ᠨᠢ ᠭᠠᠳᠠᠭᠠᠳᠣ ᠳᠤ ᠤᠯᠤᠰ ᠤᠨ ᠲᠡᠷᠢᠭᠦᠨ ᠪᠠ ᠰᠠᠨᠰᠠᠷ ᠠᠶᠠᠯᠠᠭᠴᠢᠳ ᠤᠨ ᠤᠮᠳᠠ ᠪᠣᠯᠵᠣ | ᠪᠠᠶᠢᠳᠠᠭ᠃ ᠤᠳᠤᠬᠠᠨ ᠳᠤ ᠳᠡᠯᠡᠬᠡᠢ ᠶᠢᠨ ᠵᠠᠬ᠎ᠠ ᠳᠡᠯᠭᠡᠭᠦᠷ ᠲᠡᠭᠡᠷ᠎ᠡ ᠴᠠᠴᠠᠷᠭᠠᠨ᠎ᠠ ᠶᠢᠨ ᠲᠣᠰᠣ ᠨᠢ ᠺᠧᠯᠦᠭᠷᠠᠮ ᠪᠦᠷᠢ | ᠳᠡᠭᠡᠨ 50 ᠢᠯᠡᠭᠦᠥ ᠳ᠋ᠣᠯᠯᠠᠷ ᠢᠶᠠᠷ ᠪᠠᠰᠠ ᠬᠠᠩᠭᠠᠮᠵᠢᠲᠠᠢ ᠣᠯᠳᠠᠳᠠᠭ ᠦᠭᠡᠢ ᠪᠣᠯᠵᠠᠢ᠃ | ᠴᠠᠴᠠᠷᠭᠠᠨ᠎ᠠ ᠨᠢ ᠪᠠᠰᠠ ᠠᠽᠣᠲ ᠶᠢ ᠲᠣᠭᠲᠠᠭᠠᠨ ᠬᠦᠷᠦᠰᠦᠨ ᠤ ᠰᠢᠮ᠎ᠡ ᠲᠡᠵᠢᠭᠡᠯ ᠢ ᠨᠡᠮᠡᠭᠳᠡᠭᠦᠯᠵᠦ᠂ ᠡᠯᠡᠰᠦ ᠶᠢ | ᠨᠣᠮᠤᠬᠠᠳᠬᠠᠵᠤ ᠬᠦᠷᠦᠰᠦ ᠶᠢ ᠬᠠᠮᠠᠭᠠᠯᠠᠵᠣ ᠴᠢᠳᠠᠬᠤ ᠪᠠᠷ ᠪᠠᠷᠠᠬᠤ ᠦᠭᠡᠢ ᠬᠦᠮᠦᠨ ᠮᠠᠯ ᠠᠴᠠ ᠰᠡᠷᠭᠡᠶᠢᠯᠡᠬᠦ ︽ | ᠠᠮᠢᠳᠦ ᠪᠣᠳᠠᠰ ᠤᠨ ᠬᠦᠷᠢᠶ᠎ᠡ︾ ᠬᠠᠰᠢᠯᠭ᠎ᠠ ᠲᠠᠲᠠᠵᠣ ᠪᠣᠯᠬᠤ ᠶᠤᠮ᠃ | |