| | ᠵᠠᠮ ᠬᠠᠷᠢᠯᠴᠠᠭᠠᠨ ᠤ ᠠᠳᠡᠯ ᠪᠤᠶᠤ ᠵᠠᠮ ᠬᠠᠷᠢᠯᠴᠠᠭᠠᠨ ᠤ ᠵᠢᠭᠤᠷᠠᠯᠳᠤᠭᠠᠨ ᠭᠠᠷᠴᠦ᠂ ᠦᠢᠯᠡ ᠪᠠᠶᠢᠳᠠᠯ | ᠨᠢ ᠬᠦᠩᠭᠡᠨ ᠰᠢᠭ ᠪᠠᠶᠢᠪᠠᠯ ᠨᠦᠭᠦᠷᠰᠡᠭ ᠢᠶᠠᠷ ᠵᠦᠪᠳᠡᠯᠴᠡᠭᠡᠳ ᠰᠢᠢᠳᠪᠦᠷᠢᠯᠡᠵᠤ ᠪᠤᠯᠤᠨ᠎ᠠ︔ ᠲᠦᠭᠰᠢᠭᠦᠷᠢ | ᠮᠡᠳᠡᠭᠦᠯᠬᠦ ᠴᠢᠬᠤᠯᠠᠲᠠᠢ ᠪᠣᠯ 122 ᠪᠤᠶᠤ 110 ᠲᠦᠭᠰᠢᠬᠦᠷᠢ ᠮᠡᠳᠡᠭᠦᠯᠬᠦ ᠳ᠋ᠢᠶᠠᠩᠬᠤᠸᠠ ᠳᠤ ᠤᠲᠠᠰᠤᠳᠠᠵᠤ | ᠪᠤᠯᠤᠨ᠎ᠠ᠃ | ᠲᠦᠭᠰᠢᠭᠦᠷᠢ ᠮᠡᠳᠡᠭᠦᠯᠬᠦ ᠶᠡᠷᠦ ᠶᠢᠨ ᠮᠡᠳᠡᠯᠭᠡ | (1) ᠲᠦᠭᠰᠢᠭᠦᠷᠢ ᠶᠢ ᠴᠠᠭ ᠲᠤᠬᠠᠢ ᠳᠤᠨᠢ ᠮᠡᠳᠡᠭᠦᠯᠥᠨ᠎ᠡ᠃ | (2) ᠭᠠᠵᠠᠷ ᠢᠶᠠᠨ ᠲᠤᠲᠤᠷᠬᠠᠢ ᠬᠡᠯᠡᠵᠦ ᠦᠭᠭᠦᠨ᠎ᠡ᠃ | (3) ᠲᠦᠭᠰᠢᠭᠦᠷᠢ ᠶᠢᠨ ᠪᠠᠶᠢᠳᠠᠯ ᠢ ᠲᠣᠳᠤᠷᠬᠠᠶᠢᠯᠠᠨ᠎ᠠ᠃ ᠠᠳᠡᠯ ᠭᠠᠷᠤᠭᠰᠠᠨ ᠰᠢᠯᠲᠠᠭᠠᠨ ᠬᠢᠭᠡᠳ | ᠬᠦᠮᠥᠰ᠂ ᠲᠡᠷᠭᠡ ᠬᠦᠰᠭᠡ ᠶᠢᠨ ᠭᠡᠮᠲᠥᠵᠦ ᠬᠤᠬᠢᠷᠠᠭᠰᠠᠨ ᠪᠠᠶᠢᠳᠠᠯ ᠢ ᠲᠤᠪᠴᠢᠬᠠᠨ ᠮᠡᠳᠡᠭᠦᠯᠥᠨ᠎ᠡ᠃ | (4) ᠣᠪᠣᠭ ᠨᠡᠷ᠎ᠡ ᠪᠠᠨ ᠦᠯᠡᠳᠡᠭᠡᠨ᠎ᠡ᠃ | (5) ᠲᠤᠬᠠᠢ ᠶᠢᠨ ᠲᠠᠯᠠᠪᠠᠢ ᠶᠢ ᠬᠠᠮᠠᠭᠠᠯᠠᠨ᠎ᠠ᠃ ᠵᠠᠮ ᠬᠠᠷᠢᠯᠴᠠᠭᠠᠨ ᠤ ᠠᠳᠡᠯ ᠭᠠᠷᠤᠭᠰᠠᠨ ᠤ ᠳᠠᠷᠠᠭ᠎ᠠ ᠂ | ᠬᠡᠷᠡᠭ ᠭᠠᠷᠭᠠᠭᠴᠢ ᠬᠢᠭᠡᠳ ᠡᠷᠬᠢᠨ ᠲᠤᠭᠤᠷᠢᠨ ᠤ ᠣᠯᠠᠨ ᠲᠦᠮᠡᠨ ᠲᠤᠬᠠᠢ ᠶᠢᠨ ᠲᠠᠯᠠᠪᠠᠢ ᠶᠢᠨ ᠤᠭ ᠳᠦᠷᠢ | ᠪᠠᠶᠢᠳᠠᠯ ᠢ ᠠᠯᠢ ᠴᠢᠳᠠᠬᠤᠶᠢᠴᠠ ᠬᠠᠮᠠᠭᠠᠯᠠᠵᠤ᠂ ᠠᠳᠡᠯ ᠢ ᠰᠢᠢᠳᠪᠦᠷᠢᠯᠡᠬᠦ ᠦᠶ᠎ᠡ ᠳᠤ ᠴᠠᠭᠳᠠᠭ᠎ᠠ ᠨᠠᠷ ᠤᠨ ᠪᠤᠳᠠᠰ ᠤᠨ | ᠭᠡᠷᠡᠴᠢ ᠴᠤᠭᠯᠠᠭᠤᠯᠵᠤ᠂ ᠠᠳᠡᠯ ᠤᠨ ᠰᠢᠨᠵᠢ ᠴᠢᠨᠠᠷ ᠢ ᠲᠤᠳᠤᠯᠠᠬᠤ ᠳᠤ ᠳᠦᠭᠦᠮ ᠦᠵᠡᠭᠦᠯᠬᠦ ᠬᠡᠷᠡᠭᠲᠠᠢ︔ | ᠡᠭᠦᠨ ᠤ ᠬᠠᠮᠲᠤ ᠵᠠᠮ ᠬᠠᠷᠢᠯᠴᠠᠭᠠᠨ ᠤ ᠡᠮᠬᠢ ᠲᠢᠭᠯᠢᠮ ᠢ ᠠᠯᠢ ᠪᠣᠯᠬᠤᠶᠢᠴᠠ ᠬᠠᠷᠰᠢᠯᠠᠬᠤ ᠦᠭᠡᠢ ᠪᠠᠶᠢᠬᠤ ᠬᠡᠷᠡᠭᠲᠠᠢ | ᠃ ᠵᠠᠮ ᠬᠠᠷᠢᠯᠴᠠᠭ᠎ᠠ ᠶᠢ ᠬᠠᠷᠰᠢᠯᠠᠵᠦ ᠪᠠᠶᠢᠬᠤ ᠠᠴᠠ ᠪᠣᠯᠵᠦ ᠲᠤᠬᠠᠢ ᠶᠢᠨ ᠲᠠᠯᠠᠪᠠᠢ ᠶᠢ ᠬᠤᠪᠢᠷᠠᠭᠤᠯᠬᠤ ᠬᠡᠷᠡᠭᠲᠡᠢ | ᠪᠣᠯ ᠤᠷᠢᠳᠠᠪᠡᠷ ᠠᠳᠡᠯ ᠤᠨ ᠲᠤᠬᠠᠢ ᠶᠢᠨ ᠲᠠᠯᠠᠪᠠᠢ ᠶᠢᠨ ᠣᠷᠣᠨ ᠪᠠᠶᠢᠷᠢ ᠳᠤ ᠲᠡᠮᠳᠡᠭ ᠲᠠᠯᠪᠢᠬᠤ ᠪᠤᠶᠤ ᠭᠠᠷ | ᠤᠲᠠᠰᠤ᠂ ᠭᠡᠷᠡᠯ ᠵᠢᠷᠤᠭ ᠤᠨ ᠮᠠᠰᠢᠨ ᠢᠶᠠᠷ ᠠᠳᠡᠯ ᠤᠨ ᠲᠤᠬᠠᠢ ᠶᠢᠨ ᠲᠠᠯᠠᠪᠠᠢ ᠶᠢᠨ ᠣᠷᠣᠨ ᠪᠠᠶᠢᠷᠢ ᠶᠢ | ᠰᠡᠭᠦᠳᠡᠷᠯᠡᠵᠦ ᠠᠪᠤᠭᠰᠠᠨ ᠤ ᠳᠠᠷᠠᠭ᠎ᠠ᠂ ᠲᠡᠷᠭᠡ ᠬᠦᠰᠭᠡ ᠶᠢ ᠵᠠᠮ ᠬᠠᠷᠢᠯᠴᠠᠭ᠎ᠠ ᠶᠢ ᠬᠠᠷᠰᠢᠯᠠᠬᠤ ᠦᠭᠡᠢ ᠭᠠᠵᠠᠷ ᠲᠤ | ᠰᠢᠯᠵᠢᠭᠦᠯᠬᠦ ᠬᠡᠷᠡᠭᠲᠠᠢ᠃ (6) ᠰᠡᠷᠡᠮᠵᠢᠯᠡᠭᠦᠯᠬᠦ ᠲᠡᠮᠳᠡᠭ ᠲᠠᠯᠪᠢᠨ᠎ᠠ᠃ ᠵᠠᠮ ᠬᠠᠷᠢᠯᠴᠠᠭᠠᠨ ᠤ | ᠠᠳᠡᠯ ᠭᠠᠷᠪᠠᠯ᠂ ᠲᠡᠷᠭᠡ ᠬᠦᠰᠭᠡ ᠶᠢᠨ ᠡᠷᠭᠢᠨ ᠲᠣᠭᠤᠷᠢᠨ ᠳᠤ ᠰᠡᠷᠡᠮᠵᠢᠯᠡᠭᠦᠯᠬᠦ ᠲᠡᠮᠳᠡᠭ ᠲᠠᠯᠪᠢᠵᠦ᠂ ᠳᠠᠬᠢᠭᠠᠳ | ᠠᠳᠡᠯ ᠭᠠᠷᠬᠤ ᠠᠴᠠ ᠵᠠᠶᠢᠯᠠᠰᠬᠢᠯᠭᠡᠬᠦ ᠬᠡᠷᠡᠭᠲᠠᠢ᠃ | (7) ᠲᠡᠷᠭᠡᠨ ᠤ ᠫᠠᠶᠢᠰᠠ ᠶᠢ ᠴᠡᠭᠡᠵᠢᠯᠡᠵᠦ ᠠᠪᠬᠤ ᠬᠡᠷᠡᠭᠲᠠᠢ᠃ ᠬᠡᠷᠡᠭ ᠭᠠᠷᠭᠠᠭᠰᠠᠨ ᠲᠡᠷᠭᠡ | ᠲᠤᠲᠠᠭᠠᠬᠤ ᠳᠤ ᠬᠦᠷᠪᠡᠯ᠂ ᠬᠡᠷᠡᠭ ᠭᠠᠷᠭᠠᠭᠰᠠᠨ ᠲᠡᠷᠭᠡᠨ ᠤ ᠫᠠᠶᠢᠰᠠ ᠶᠢᠨ ᠨᠤᠮᠧᠷ᠂ ᠲᠡᠷᠭᠡᠨ ᠤ ᠬᠡᠯᠪᠡᠷᠢ᠂ ᠦᠡᠭᠭᠡ | ᠪᠤᠳᠤᠭ ᠵᠡᠷᠭᠡ ᠭᠤᠤᠯ ᠪᠤᠯᠬᠤ ᠤᠨᠴᠠᠯᠢᠭ ᠢ ᠨᠢ ᠴᠡᠭᠡᠵᠢᠯᠡᠵᠦ ᠠᠪᠬᠤ ᠬᠡᠷᠡᠭᠲᠠᠢ᠃ | ᠬᠠᠯᠠᠭᠤᠮᠰᠤᠭ ᠰᠠᠨᠠᠭᠤᠯᠤᠮᠵᠢ | ᠰᠢᠷᠬᠠᠳᠤᠭᠰᠠᠳ ᠢ ᠠᠪᠤᠷᠠᠬᠤ᠃ ᠵᠠᠮ ᠬᠠᠷᠢᠯᠴᠠᠭᠠᠨ ᠤ ᠠᠳᠡᠯ ᠳᠤ ᠬᠦᠮᠥᠰ ᠰᠢᠷᠬᠠᠳᠤᠭᠰᠠᠨ ᠪᠤᠯ | ᠰᠢᠷᠬᠠᠳᠤᠭᠰᠠᠳ ᠢ ᠴᠠᠭ ᠲᠤᠬᠠᠢ ᠳᠤᠨᠢ ᠠᠪᠤᠷᠠᠬᠤ ᠶᠢᠨ ᠬᠠᠮᠲᠤ 120 ᠡᠮᠴᠢᠯᠡᠭᠡᠨ ᠤ ᠪᠠᠴᠢᠮ ᠠᠪᠤᠷᠠᠬᠤ | ᠳ᠋ᠢᠶᠠᠩᠬᠤᠸᠠ ᠶᠢ ᠳᠠᠷᠤᠢ ᠲᠦᠷᠭᠡᠨ ᠤᠲᠠᠰᠤᠳᠠᠬᠤ ᠬᠡᠷᠡᠭᠳᠠᠢ᠃ | |