110 ᠲᠦᠭᠰᠢᠭᠦᠷᠢ ᠮᠡᠳᠡᠭᠦᠯᠬᠦ
ᠨᠡᠶᠢᠲᠡᠯᠡᠭᠰᠡᠨ ᠴᠠᠭ᠄
2015/8/25
        110 ᠲᠦᠭᠰᠢᠭᠦᠷᠢ ᠮᠡᠳᠡᠭᠦᠯᠬᠦ ᠲᠠᠪᠴᠠᠩ ︵ᠤᠤᠯ ᠤᠨ 110᠂ 119᠂ 112 ᠭᠤᠷᠪᠠᠨ ᠲᠠᠪᠴᠠᠩ ᠢ  ᠨᠢᠭᠡᠳᠬᠡᠵᠦ 110 ᠪᠣᠯᠭᠠᠪᠠ︶ ᠣᠯᠠᠨ ᠲᠦᠮᠡᠨ ᠤ ᠲᠦᠭᠰᠢᠭᠦᠷᠢ ᠮᠡᠳᠡᠭᠦᠯᠦᠨ ᠲᠤᠰᠠᠯᠠᠮᠵᠢ ᠭᠤᠶᠤᠴᠢᠯᠠᠬᠤ ᠪᠠ ᠵᠠᠮ  ᠬᠠᠷᠢᠯᠴᠠᠭ᠎ᠠ᠂ ᠭᠠᠯ ᠤᠨ ᠠᠶᠤᠯ ᠤᠨ ᠠᠳᠡᠯ ᠤᠨ ᠲᠦᠭᠰᠢᠭᠦᠷᠢ ᠮᠡᠳᠡᠭᠦᠯᠥᠭᠰᠡᠨ ᠢ ᠨᠢᠭᠡᠳᠦᠯᠲᠡᠢ ᠬᠦᠯᠢᠶᠡᠨ ᠠᠪᠴᠤ  ᠰᠢᠢᠳᠪᠦᠷᠢᠯᠡᠨ᠎ᠡ᠃        110 ᠲᠦᠭᠰᠢᠭᠦᠷᠢ ᠮᠡᠳᠡᠭᠦᠯᠬᠦ ᠲᠠᠪᠴᠠᠩ ᠤᠨ ᠤᠯᠠᠨ ᠲᠦᠮᠡᠨ ᠤ ᠲᠦᠭᠰᠢᠭᠦᠷᠢ  ᠮᠡᠳᠡᠭᠦᠯᠥᠭᠰᠡᠨ ᠢ ᠬᠦᠯᠢᠶᠠᠨ ᠠᠪᠴᠤ ᠰᠢᠢᠳᠪᠦᠷᠢᠯᠡᠬᠦ  ᠬᠡᠪᠴᠢᠶ᠎ᠡ᠄              ︵1︶ ᠡᠷᠡᠭᠦᠦ ᠶᠢᠨ ᠬᠡᠷᠡᠭ︔              ︵2︶ ᠠᠮᠤᠷ ᠢ ᠬᠠᠮᠠᠭᠠᠯᠠᠬᠤ ᠬᠡᠷᠡᠭ ︵ᠤᠴᠢᠷ︶︔              ︵3︶ ᠬᠦᠮᠦᠨ ᠤ ᠪᠡᠶ᠎ᠡ᠂ ᠡᠳ᠋ ᠬᠥᠷᠥᠩᠭᠡ ᠶᠢᠨ ᠠᠮᠤᠷ ᠲᠦᠪᠰᠢᠨ ᠪᠤᠶᠤ ᠨᠡᠶᠢᠭᠡᠮ ᠤᠨ ᠠᠮᠤᠷ ᠢ  ᠬᠠᠮᠠᠭᠠᠯᠠᠬᠤ ᠡᠮᠬᠢ ᠳᠢᠭᠯᠢᠮ ᠳᠤ ᠲᠦᠭᠰᠢᠭᠦᠷᠢᠲᠠᠢ ᠪᠦᠯᠦᠭᠯᠡᠯ ᠴᠢᠨᠠᠷᠲᠠᠢ ᠬᠡᠷᠡᠭ︔              ︵4︶ ᠪᠠᠶᠢᠭᠠᠯᠢ ᠶᠢᠨ ᠭᠠᠮᠰᠢᠭ᠂ ᠠᠮᠤᠷ ᠢ ᠬᠠᠮᠠᠭᠠᠯᠠᠬᠤ ᠭᠠᠮᠰᠢᠭ ᠤᠨ ᠠᠳᠡᠯ︔            ︵5︶ ᠲᠣᠳᠣᠭᠠᠳᠣ ᠶᠢ ᠬᠠᠮᠠᠭᠠᠯᠠᠬᠤ ᠪᠠᠶᠢᠭᠤᠯᠭ᠎ᠠ ᠰᠢᠢᠳᠪᠦᠷᠢᠯᠡᠬᠦ ᠴᠢᠬᠤᠯᠠ ᠲᠠᠢ ᠬᠠᠤᠯᠢ ᠠᠴᠠ  ᠵᠥᠷᠢᠴᠡᠨ ᠶᠠᠯ᠎ᠠ ᠬᠢᠭᠰᠡᠨ ᠯᠦᠭᠡ ᠬᠠᠮᠢᠶ᠎ᠠ ᠲᠠᠢ ᠪᠤᠰᠤᠳ ᠲᠦᠭᠰᠢᠭᠦᠷᠢ ᠮᠡᠳᠡᠭᠦᠯᠬᠦ᠃                 ᠲᠤᠰᠬᠠᠢ ᠮᠡᠷᠭᠡᠵᠢᠯᠲᠡᠨ ᠤ ᠰᠠᠨᠠᠭᠤᠯᠤᠮᠵᠢ᠄             110 ᠪᠣᠯ ᠳ᠋ᠢᠶᠠᠩᠬᠤᠸᠠ ᠶᠢᠨ ᠵᠠᠷᠤᠳᠠᠯ ᠬᠤᠷᠢᠶᠠᠬᠤ ᠦᠭᠡᠢ ᠪᠦᠭᠡᠳ ᠲᠣᠭᠲᠠᠮᠠᠯ ᠳ᠋ᠢᠶᠠᠩᠬᠤᠸᠠ᠂ ᠰᠢᠯᠵᠢᠮᠡᠯ  ᠳ᠋ᠢᠶᠠᠩᠬᠤᠸᠠ ᠪᠠᠷ ᠰᠢᠭᠤᠳ ᠤᠲᠠᠰᠤᠳᠠᠵᠦ ᠪᠣᠯᠣᠨ᠎ᠠ︔ ᠣᠨᠳᠤᠤ ᠭᠠᠵᠠᠷ ᠠᠴᠠ ᠬᠡᠷᠡᠭ ᠡᠭᠦᠰᠦᠭᠰᠡᠨ ᠭᠠᠵᠠᠷ ᠤᠨ  110 ᠶᠢ ᠤᠲᠠᠰᠤᠳᠠᠪᠠᠯ᠂ ᠬᠡᠷᠡᠭ ᠡᠭᠦᠰᠦᠭᠰᠡᠨ ᠭᠠᠵᠠᠷ ᠣᠷᠣᠨ ᠤ ᠨᠣᠮᠧᠷ ᠢ ᠤᠷᠢᠳᠠᠪᠡᠷ ᠳ᠋ᠤᠭᠠᠷᠳᠠᠵᠦ ᠂ ᠳᠠᠷᠠᠭ᠎ᠠ   ᠨᠢ 110 ᠶᠢ ᠤᠲᠠᠰᠤᠳᠠᠨ᠎ᠠ᠃            ᠲᠦᠭᠰᠢᠭᠦᠷᠢ ᠮᠡᠳᠡᠭᠦᠯᠬᠦ ᠳᠡᠭᠡᠨ ᠬᠡᠷᠡᠭ ᠭᠠᠷᠤᠭᠰᠠᠨ ᠴᠠᠭ ᠬᠤᠭᠤᠴᠠᠭ᠎ᠠ᠂ ᠣᠷᠣᠨ ᠪᠠᠶᠢᠷᠢ᠂ ᠦᠪᠡᠷ ᠤᠨ  ᠣᠪᠣᠭ ᠨᠡᠷ᠎ᠡ ᠬᠢᠭᠡᠳ ᠬᠠᠷᠢᠯᠴᠠᠬᠤ ᠠᠷᠭ᠎ᠠ ᠮᠠᠶ᠋ᠢᠭ ᠵᠡᠷᠭᠡ ᠪᠠᠨ ᠲᠣᠲᠣᠷᠬᠠᠢ ᠶᠠᠷᠢᠵᠤ ᠦᠭᠬᠦ ᠬᠡᠷᠡᠭᠲᠡᠢ᠃ ᠬᠡᠷᠡᠭ  ᠭᠠᠷᠤᠭᠰᠠᠨ ᠭᠠᠵᠠᠷ ᠨᠢ ᠶᠠᠮᠠᠷ ᠭᠠᠵᠠᠷ ᠪᠣᠯᠬᠤ ᠶᠢ ᠮᠡᠳᠡᠬᠦ ᠦᠭᠡᠢ ᠪᠣᠯ ᠲᠤᠬᠠᠢ ᠶᠢᠨ ᠲᠠᠯᠠᠪᠠᠢ ᠶᠢᠨ ᠣᠶᠢᠷ᠎ᠡ  ᠬᠠᠪᠢ ᠳᠠᠬᠢ ᠢᠯᠡᠷᠬᠡᠢ ᠲᠡᠮᠳᠡᠭ ᠪᠣᠯᠬᠤ ᠪᠠᠷᠢᠯᠭ᠎ᠠ᠂ ᠲᠣᠮᠣ ᠬᠡᠯᠪᠡᠷᠢ ᠶᠢᠨ ᠲᠠᠯᠠᠪᠤᠷ᠂ ᠣᠯᠠᠨ ᠨᠡᠶᠢᠲᠡ ᠶᠢᠨ ᠮᠠᠰᠢᠨ  ᠲᠡᠷᠭᠡᠨ ᠤ ᠥᠷᠲᠡᠭᠡ᠂ ᠨᠢᠭᠡᠴᠡ ᠶᠢᠨ ᠨᠡᠷᠡᠶᠢᠳᠦᠯ ᠵᠡᠷᠭᠡ ᠶᠢ ᠬᠠᠩᠭᠠᠵᠤ ᠪᠣᠯᠣᠨ᠎ᠠ᠃            ᠲᠦᠭᠰᠢᠭᠦᠷᠢ ᠮᠡᠳᠡᠭᠦᠯᠦᠭᠰᠡᠨ ᠤ ᠳᠠᠷᠠᠭ᠎ᠠ᠂ ᠲᠤᠬᠠᠢ ᠶᠢᠨ ᠲᠠᠯᠠᠪᠠᠢ ᠶᠢ ᠬᠠᠮᠠᠭᠠᠯᠠᠵᠤ᠂ ᠠᠷᠠᠳ ᠤᠨ ᠴᠠᠭᠳᠠᠭ᠎ᠠ  ᠭᠡᠷᠡᠴᠢ ᠠᠪᠬᠤ ᠳᠤ ᠳᠦᠭᠦᠮ ᠦᠵᠡᠬᠦᠯᠦᠨ᠎ᠡ᠃
 
ᠢᠷᠡᠯᠲᠡ᠄ ᠦᠪᠤᠷ ᠮᠤᠩᠭᠤᠯ ᠤᠨ ᠦᠪᠡᠷᠳᠡᠬᠡᠨ ᠵᠠᠰᠠᠬᠤ ᠣᠷᠣᠨ ᠤ ᠠᠷᠡᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号