| ᠬᠦᠨᠳᠦᠲᠦ ᠰᠤᠨᠤᠰᠤᠭᠴᠢᠳ ᠡ᠂ ᠣᠳᠣᠨ ᠮᠡᠴᠢᠳ ᠲᠤᠰᠬᠠᠢ ᠫᠷᠦᠭᠷᠡᠮ ᠲᠠ ᠪᠦᠬᠦᠨ ᠲᠠᠢ ᠪᠠᠨᠵᠣᠯᠭᠠᠵᠤ | ᠪᠠᠶᠢᠨ᠎ᠠ᠃ ᠪᠢ ᠪᠤᠯ ᠡᠨᠡ ᠫᠷᠦᠭᠷᠡᠮ ᠤᠨ ᠨᠠᠶᠢᠷᠠᠭᠤᠯᠤᠭᠴᠢ᠂ ᠰᠤᠷᠪᠤᠯᠵᠢᠯᠠᠭᠴᠢ ᠷᠢᠨᠴᠢᠨ᠃ ᠡᠨᠡ ᠵᠤᠨ ᠪᠢ | ᠬᠦᠬᠡᠬᠤᠲᠠ ᠪᠠᠷ ᠠᠶᠢᠯᠴᠢᠯᠠᠵᠤ ᠰᠤᠷᠪᠤᠯᠵᠢᠯᠠᠵᠤ ᠶᠠᠪᠤᠬᠤ ᠳᠠᠭᠠᠨ ᠦᠪᠦᠷ ᠮᠤᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠶᠢᠨ ᠫᠷᠦᠹᠧᠰᠰᠦᠷ ᠨᠡᠷᠡᠲᠦ ᠰᠢᠯᠦᠭᠴᠢ᠂ ᠵᠤᠬᠢᠶᠠᠯᠴᠢ ᠬᠠ᠊• ᠳ᠋ᠠᠮᠪᠢᠵᠠᠯᠰᠠᠨ ᠪᠠᠭᠰᠢ ᠲᠠᠢ ᠠᠭᠤᠯᠵᠠᠵᠤ | ᠭᠡᠷ ᠲᠤ ᠨᠢ ᠬᠦᠷᠴᠦ ᠰᠤᠷᠪᠤᠯᠵᠢᠯᠠᠵᠤ ᠶᠠᠷᠢᠯᠴᠠᠭᠰᠠᠨ ᠪᠢᠯᠡ᠃ ᠤᠲᠤ ᠦᠪᠦᠷ ᠮᠤᠩᠭᠤᠯ ᠤᠨ ᠪᠠᠭᠰᠢ ᠶᠢᠨ ᠶᠡᠭᠡ | ᠰᠤᠷᠭᠠᠭᠤᠯᠢ ︵ᠤᠤᠯ ᠤᠨ ᠦᠪᠦᠷ ᠮᠤᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ︶ ᠪᠠᠶᠢᠭᠤᠯᠤᠭᠳᠠᠭᠰᠠᠨ 50 | ᠵᠢᠯ ᠤᠨ ᠤᠢ ᠪᠠᠨ ᠲᠤᠷᠠᠰᠬᠠᠨ ᠲᠡᠮᠳᠡᠭᠯᠡᠵᠦ ᠪᠠᠶᠢᠭ᠎ᠠ ᠦᠶ᠎ᠡ ᠳᠤ᠂ ᠤᠳᠤᠨ ᠮᠡᠴᠢᠳ ᠲᠤᠰᠬᠠᠢ ᠫᠷᠦᠭᠷᠡᠮ ᠤᠨ ᠡᠨᠡ | ᠤᠳᠠᠭᠠᠨ ᠤ ᠳ᠋ᠤᠭᠠᠷ ᠲᠤ ᠬᠠ᠊ • ᠳ᠋ᠠᠮᠪᠢᠵᠠᠯᠰᠠᠨ ᠪᠠᠭᠰᠢ ᠲᠠᠢ ᠶᠠᠷᠢᠯᠴᠠᠭᠰᠠᠨ ᠰᠤᠷᠪᠤᠯᠵᠢᠯᠠᠭ᠎ᠠ ᠰᠣᠨᠤᠰᠬᠠᠬᠤ ᠪᠠᠷ | ᠪᠡᠯᠡᠳᠭᠡᠯ᠎ᠡ᠃ | ᠫᠷᠦᠹᠧᠰᠰᠦᠷ ᠬᠠ᠊ • ᠳ᠋ᠠᠮᠪᠢᠵᠠᠯᠰᠠᠨ ᠪᠠᠭ᠎ᠠ ᠪᠠᠯᠴᠢᠷ ᠨᠠᠰᠤᠨ ᠤ ᠲᠡᠤᠬᠡ ᠪᠠᠨ ᠲᠤᠷᠠᠰᠴᠤ ᠬᠡᠯᠡᠬᠦ ᠳᠡᠭᠡᠨ᠂ | ᠮᠢᠨᠤ ᠭᠡᠷ ᠪᠤᠯ ᠶᠡᠷᠦ ᠶᠢᠨ ᠮᠠᠯᠴᠢᠨ ᠰᠢᠳᠡ᠂ ᠪᠢ ᠰᠤᠶᠤᠯ ᠰᠤᠷᠭᠠᠭᠤᠯᠢ ᠶᠢᠨ ᠵᠠᠮ ᠳᠤ ᠤᠷᠤᠭ᠎ᠠ ᠦᠭᠡᠢ ᠪᠠᠷ | ᠰᠦᠮ᠎ᠡ ᠯᠠᠮᠠ ᠶᠢᠨ ᠱᠠᠰᠢᠨ ᠳᠡᠯᠭᠡᠷᠡᠵᠦ ᠪᠠᠶᠢᠭᠰᠠᠨ ᠦᠶ᠎ᠡ ᠳᠤ᠂ ᠠᠷᠤ ᠬᠤᠷᠴᠢᠨ ᠬᠤᠰᠢᠭᠤᠨ ᠤ ᠬᠠᠨ ᠰᠦᠮ᠎ᠡ ᠶᠢᠨ | ᠭᠡᠭᠡᠨ ᠲᠠᠷᠬᠠᠨ ᠴᠠᠭᠠᠨ ᠬᠤᠳᠤᠭᠲᠤ ᠨᠠᠮ᠎ᠠ ᠶᠢ ᠪᠠᠭᠠᠷᠢᠨ ᠵᠡᠭᠦᠨ ᠬᠤᠰᠢᠭᠤᠨ ᠤ ᠭᠢᠯᠠᠭᠠᠨᠲᠠᠢ ᠶᠢᠨ ᠰᠦᠮ᠎ᠡ ᠶᠢᠨ | ᠬᠤᠪᠢᠯᠭᠠᠨ ᠢᠶᠠᠷ ᠲᠤᠳᠤᠯᠠᠭᠰᠠᠨ᠂ ᠪᠢ ᠬᠤᠪᠢᠯᠭᠠᠨ ᠢᠶᠠᠷ ᠵᠠᠯᠠᠭᠳᠠᠵᠤ ᠪᠢᠴᠢᠭ ᠰᠤᠷᠬᠤ ᠳᠤᠬᠢᠶᠠᠯ ᠢ ᠠᠯᠳᠠᠵᠠᠢ᠃ | ᠲᠡᠭᠡᠭᠡᠳ ᠲᠦᠪᠡᠳ ᠨᠤᠮ ᠪᠢᠴᠢᠭ ᠰᠤᠷᠪᠠ᠂ ᠴᠢᠩᠭᠢᠵᠦ ᠪᠠᠶᠢᠳᠠᠯ᠎ᠠ ᠴᠢᠯᠦᠭᠡᠯᠡᠭᠳᠡᠵᠦ ᠲᠦᠪᠡᠳ ᠨᠤᠮ ᠰᠤᠷᠬᠤ | ᠶᠠᠪᠤᠳᠠᠯ ᠵᠤᠭᠰᠤᠵᠠᠢ᠃ | ᠰᠤᠷᠪᠤᠯᠵᠢᠯᠠᠭᠴᠢ᠄ ᠲᠡᠷᠡ ᠦᠶ᠎ᠡ ᠶᠢᠨ ᠪᠠᠶᠢᠳᠠᠯ ᠢ ᠮᠢᠨᠤ ᠡᠪᠦᠭᠡ ᠮᠠᠮᠠ— ᠭᠢᠯᠠᠭᠠᠨᠲᠠᠢ ᠶᠢᠨ | ᠰᠦᠮ᠎ᠡ ᠶᠢᠨ ᠳ᠋ᠠ ᠯᠠᠮᠠ᠂ ᠬᠤᠰᠢᠭᠤ ᠠᠷᠪᠠᠨ ᠭᠤᠷᠪᠠᠨ ᠬᠡᠶᠢᠳ ᠤᠨ ᠲᠡᠷᠢᠭᠦᠯᠡᠭᠴᠢ ᠳ᠋ᠠ ᠯᠠᠮᠠ ᠳᠡᠭᠵᠢᠷᠡᠬᠦ ᠯᠠᠮᠠᠲᠠᠨ | ᠮᠡᠳᠡᠨ᠎ᠡ ᠳ᠋ᠠ᠂ ᠲᠠ ᠲᠠᠨᠢᠨ᠎ᠠ ᠤᠤ︖ | ᠬᠠ᠊ • ᠳ᠋ᠠᠮᠪᠢᠵᠠᠯᠰᠠᠨ᠄ ᠲᠠᠨᠢᠨ᠎ᠠ᠂ ᠮᠡᠳᠡᠨ᠎ᠡ᠃ ᠲᠡᠭᠡᠭᠡᠳ ᠬᠤᠪᠢᠰᠬᠠᠯ ᠤᠨ ᠠᠵᠢᠯᠯᠠᠬᠤ ᠳᠤᠭᠤᠶᠢᠯᠠᠩ | ᠢᠷᠡᠵᠦ᠂ ᠴᠢᠯᠦᠭᠡᠯᠡᠬᠦ ᠶᠢᠨ ᠠᠴᠢ ᠲᠤᠰᠠ ᠶᠢ ᠤᠬᠠᠭᠤᠯᠵᠤ ᠶᠠᠪᠤᠬᠤ ᠳᠤ ᠠ᠊ • ᠤᠳᠽᠠᠷ ᠨᠠᠷ ᠪᠠᠶᠢᠯᠴᠠᠵᠤ ᠪᠠᠶᠢᠪᠠ | ᠃ ᠴᠢᠩᠭᠢᠭᠡᠳ ᠪᠢ ᠰᠤᠷᠭᠠᠭᠤᠯᠢ ᠳᠤ ᠶᠠᠪᠤᠶ᠎ᠠ᠂ ᠦᠨᠦ ᠣᠶᠢᠯᠠᠭᠠᠬᠤ ᠦᠭᠡᠢ ᠲᠦᠪᠡᠳ ᠨᠤᠮ ᠰᠤᠷᠬᠤ ᠪᠠᠨ ᠪᠤᠯᠢᠶ᠎ᠠ | ᠭᠡᠵᠦ ᠪᠤᠳᠤᠵᠤ ᠰᠠᠨᠠᠭᠰᠠᠨ ᠢᠶᠠᠨ ᠬᠡᠯᠡᠭᠡᠳ ᠵᠦᠪᠰᠢᠶᠡᠷᠡᠯ ᠤᠯᠵᠠᠢ᠃ ᠲᠡᠭᠡᠭᠡᠳ1947 ᠤᠨ ᠠᠴᠠ | ᠰᠤᠷᠭᠠᠭᠤᠯᠢ ᠰᠤᠶᠤᠯ ᠤᠨ ᠮᠦᠷ ᠢ ᠬᠦᠭᠡᠭᠡᠵᠦ᠂ ᠯᠢᠨᠳᠦ᠋ᠩ᠂ ᠨᠤᠤᠷᠭᠠᠢ ᠵᠡᠷᠭᠡ ᠭᠠᠵᠠᠷ ᠢᠶᠠᠷ ᠰᠤᠷᠤᠯᠴᠠᠵᠤ | ᠠᠵᠢᠯᠯᠠᠵᠤ ᠪᠠᠶᠢᠭᠰᠠᠨ ᠢᠶᠠᠨ 1954 ᠤᠨ ᠳᠤ ᠦᠪᠦᠷ ᠮᠤᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ ᠳᠤ | ᠰᠤᠷᠤᠯᠴᠠᠵᠠᠢ᠃ 1957 ᠤᠨ ᠳᠤ ᠰᠤᠷᠤᠯᠭ᠎ᠠ ᠲᠡᠭᠦᠰᠬᠡᠭᠡᠳ ᠡᠬᠢᠨ ᠳᠡᠭᠡᠨ ᠪᠠᠭᠰᠢ ᠶᠢᠨ ᠰᠤᠷᠭᠠᠭᠤᠯᠢ ᠶᠢᠨ | ᠰᠤᠨᠢᠨ ᠤ ᠨᠠᠶᠢᠷᠠᠭᠤᠯᠤᠭᠴᠢ ᠪᠠᠷ ᠠᠵᠢᠯᠯᠠᠵᠤ᠂ ᠬᠤᠵᠢᠮ ᠨᠢ ᠲᠤᠰ ᠰᠤᠷᠭᠠᠭᠤᠯᠢ ᠶᠢᠨ ᠮᠤᠩᠭᠤᠯ ᠬᠡᠯᠡ ᠤᠳᠬ᠎ᠠ | ᠵᠤᠬᠢᠶᠠᠯ ᠤᠨ ᠰᠠᠯᠪᠤᠷᠢ ᠶᠢᠨ ᠪᠠᠭᠰᠢ ᠪᠠᠷ ᠬᠡᠳᠦᠨ ᠠᠷᠪᠠᠨ ᠵᠢᠯ ᠠᠵᠢᠯᠯᠠᠭᠰᠠᠭᠠᠷ ᠦᠨᠦᠳᠦᠷ ᠲᠤ ᠲᠤᠯᠵᠦ ᠪᠠᠶᠢᠨ᠎ᠠ᠃ | ᠰᠤᠷᠪᠤᠯᠵᠢᠯᠠᠬᠤ ᠪᠠᠷ ᠬᠦᠷᠬᠦ ᠳᠤ ᠬᠠ᠊ • ᠳ᠋ᠠᠮᠪᠢᠵᠠᠯᠰᠠᠨ ᠪᠠᠭᠰᠢ ᠶᠢᠨ ᠡᠷᠡᠭᠦᠯ ᠲᠡᠩᠬᠡᠯᠡᠭᠦᠨ ᠤ ᠪᠠᠶᠢᠳᠠᠯ | ᠲᠠᠭᠠᠷᠠᠤᠬᠠᠨ ᠪᠠᠶᠢᠭᠰᠠᠨ ᠲᠤᠯᠠ ᠲᠡᠭᠦᠨ ᠤ ᠭᠡᠷᠭᠡᠢ ᠶᠢᠨ ᠰᠢᠤ ᠶᠢᠩ ᠪᠠᠭᠰᠢ ᠲᠡᠭᠦᠨ ᠤ ᠠᠵᠢᠯ ᠠᠮᠢᠳᠤᠷᠠᠯ᠂ | ᠬᠢᠴᠢᠶᠡᠯ ᠬᠦᠮᠦᠵᠢᠯ᠂ ᠵᠤᠬᠢᠶᠠᠯ ᠪᠦᠲᠦᠭᠡᠯ᠂ ᠡᠷᠳᠡᠮ ᠰᠢᠨᠵᠢᠯᠡᠭᠡᠨ ᠤ ᠲᠤᠬᠠᠢ ᠳᠡᠯᠭᠡᠷᠡᠩᠭᠦᠢ ᠲᠠᠨᠢᠯᠴᠠᠭᠤᠯᠤᠭᠰᠠᠨ | ᠪᠢᠯᠡ᠃ ᠶᠢᠨ ᠪᠠᠭᠰᠢ ᠶᠢᠨ ᠲᠠᠨᠢᠯᠴᠠᠭᠤᠯᠤᠭᠰᠠᠨ ᠢᠶᠠᠷ᠂ ᠫᠷᠦᠹᠧᠰᠰᠦᠷ ᠬᠠ᠊ • ᠳ᠋ᠠᠮᠪᠢᠵᠠᠯᠰᠠᠨ ᠵᠠᠯᠠᠭᠤ ᠽᠠᠨᠳᠠᠨ | ᠦᠶ᠎ᠡ ᠠᠴᠠ ᠪᠠᠨ ᠥᠳᠡᠯᠦᠭᠡ ᠨᠠᠰᠤᠨ ᠳᠠᠭᠠᠨ ᠬᠦᠷᠲᠡᠯ᠎ᠡ ᠦᠪᠡᠷ ᠲᠡᠭᠡᠨ ᠪᠤᠯ ᠰᠤᠷᠬᠤ᠂ ᠥᠷᠥᠭᠡᠯ ᠪᠤᠰᠤᠳ | ᠲᠤ ᠪᠠᠨ ᠰᠤᠷᠭᠠᠬᠤ ᠡᠶᠢᠮᠦ ᠨᠢᠭᠡ ᠯᠠ ᠠᠵᠢᠯ᠂ ᠦᠭᠡᠷ᠎ᠡ ᠪᠠᠷ ᠬᠡᠯᠡᠪᠡᠯ ᠬᠦᠮᠦᠨ ᠢ ᠰᠤᠷᠭᠠᠨ ᠬᠦᠮᠦᠵᠢᠭᠦᠯᠬᠦ ᠦᠢᠯᠡᠰ | ᠲᠤ ᠪᠦᠬᠦ ᠤᠶᠤᠨ ᠤᠬᠠᠭᠠᠨ ᠢᠶᠠᠨ ᠵᠤᠷᠢᠭᠤᠯᠤᠭᠰᠠᠨ ᠪᠠᠶᠢᠳᠠᠭ᠃ ᠲᠡᠷᠡ ᠪᠠᠷ ᠪᠠᠭᠠᠷᠢᠨ ᠤ ᠨᠤᠤᠷᠭᠠᠢ᠂ ᠯᠢᠨᠳᠦ᠋ᠩ | ᠳᠤ ᠪᠠᠭᠰᠢᠯᠠᠵᠤ ᠪᠠᠶᠢᠭᠰᠠᠨ ᠢᠶᠠᠨ ᠬᠤᠵᠢᠮ ᠨᠢ ᠬᠦᠬᠡᠬᠤᠲᠠ ᠳᠤ ᠪᠠᠭᠰᠢ ᠶᠢᠨ ᠶᠡᠭᠡ ᠰᠤᠷᠭᠠᠭᠤᠯᠢ ᠳᠤ ᠬᠡᠳᠤᠨ | ᠠᠷᠪᠠᠨ ᠵᠢᠯ ᠪᠢᠴᠢᠭ ᠵᠢᠭᠠᠵᠤ᠂ ᠪᠠᠭ᠎ᠠ ᠲᠤᠮᠳᠠᠳᠤ ᠰᠤᠷᠭᠠᠭᠤᠯᠢ ᠠᠴᠠ ᠠᠪᠤᠭᠠᠳ ᠶᠡᠭᠡ ᠳᠡᠭᠡᠳᠦ ᠰᠤᠷᠭᠠᠭᠤᠯᠢ | ᠬᠦᠷᠲᠡᠯ᠎ᠡ ᠦᠢ ᠤᠯᠠᠨ ᠰᠤᠷᠤᠭᠴᠢᠳ ᠢ ᠬᠦᠮᠦᠵᠢᠭᠦᠯᠦᠨ ᠭᠠᠷᠭᠠᠵᠤ᠂ ᠮᠤᠩᠭᠤᠯ ᠦᠨᠳᠦᠰᠦᠲᠡᠨ ᠤ ᠰᠤᠶᠤᠯ | ᠰᠤᠷᠭᠠᠨ ᠬᠦᠮᠦᠵᠢᠯ ᠤᠨ ᠦᠢᠯᠡᠰ ᠲᠤ ᠨᠠᠨᠳᠢᠨ ᠬᠤᠪᠢ ᠨᠡᠮᠡᠭᠦᠷᠢ ᠤᠷᠤᠭᠤᠯᠤᠭᠰᠠᠨ ᠪᠢᠯᠡ᠃ ᠲᠡᠷᠡ ᠳᠠᠷᠤᠤ | ᠬᠢᠴᠢᠶᠡᠩᠭᠦᠢ᠂ ᠬᠢᠨᠠᠭᠤᠷ ᠪᠤᠯᠭᠤᠮᠵᠢᠲᠠᠢ᠂ ᠥᠷᠭᠡᠨ ᠮᠡᠳᠡᠯᠭᠡ ᠲᠠᠢ᠂ ᠬᠠᠯᠠᠰᠢᠷᠠᠯ ᠦᠭᠡᠢ ᠵᠢᠭᠠᠵᠤ ᠰᠤᠷᠭᠠᠳᠠᠭ ᠲᠤᠨᠢ | ᠰᠤᠷᠤᠭᠴᠢᠳ ᠲᠡᠭᠦᠨ ᠤ ︽ᠵᠤᠬᠢᠶᠠᠨ ᠪᠢᠴᠢᠯᠭᠡ︾᠂ ︽ᠮᠤᠩᠭᠤᠯ ᠤᠷᠠᠨ ᠵᠤᠬᠢᠶᠠᠯ ᠤᠨ ᠲᠡᠤᠬᠡ︾ ᠵᠡᠷᠭᠡ | ᠬᠢᠴᠢᠶᠡᠯ ᠢ ᠠᠮᠲᠠᠷᠬᠠᠨ ᠰᠤᠨᠤᠰᠳᠠᠭ᠂ ᠲᠡᠭᠦᠨ ᠤ ᠠᠩᠬᠠᠯᠠᠨ ᠰᠡᠲᠤᠵᠤ ᠪᠠᠶᠢᠭᠤᠯᠤᠭᠰᠠᠨ ᠮᠤᠩᠭᠤᠯ ᠠᠷᠠᠳ ᠤᠨ ᠵᠠᠩ | ᠦᠢᠯᠡ ᠶᠢᠨ ᠰᠤᠳᠤᠯᠭᠠᠨ ᠨᠢ ᠮᠤᠩᠭᠤᠯ ᠰᠤᠳᠤᠯᠤᠯ ᠤᠨ ᠬᠦᠷᠢᠶᠡᠨ ᠳᠠᠬᠢ ᠬᠦᠨᠳᠡᠢ ᠵᠠᠢ ᠶᠢ ᠨᠦᠬᠦᠭᠰᠡᠨ | ᠨᠡᠬᠡᠬᠡᠯᠲᠡ ᠶᠢᠨ ᠴᠢᠨᠠᠷ ᠲᠠᠢ ᠠᠵᠢᠯ ᠪᠤᠯᠤᠭᠰᠠᠨ ᠪᠦᠭᠡᠳ ᠦᠪᠡᠷᠲᠡᠭᠡᠨ ᠵᠠᠰᠠᠬᠤ ᠤᠷᠤᠨ ᠲᠡᠳᠦᠢ ᠦᠭᠡᠢ ᠤᠯᠤᠰ ᠤᠨ | ᠬᠡᠪᠴᠢᠶᠡᠨ ᠳᠤ ᠡᠨᠡ ᠬᠦ ᠰᠤᠳᠤᠯᠭᠠᠨ ᠢ ᠪᠠᠶᠢᠭᠤᠯᠤᠨ ᠳᠡᠯᠭᠡᠷᠡᠭᠦᠯᠬᠦ ᠳᠤ ᠬᠤᠰᠢᠭᠤᠴᠢ ᠶᠢᠨ ᠦᠢᠯᠡᠳᠦᠯ ᠭᠠᠷᠭᠠᠭᠰᠠᠨ | ᠶᠤᠮ᠃ | ᠫᠷᠦᠹᠧᠰᠰᠦᠷ ᠬᠠ᠊ • ᠳ᠋ᠠᠮᠪᠢᠵᠠᠯᠰᠠᠨ ᠪᠠᠴᠢᠮ ᠶᠠᠭᠠᠷᠠᠤ ᠵᠢᠭᠠᠨ ᠰᠤᠷᠭᠠᠬᠤ ᠠᠵᠢᠯ ᠤᠨ ᠵᠠᠪ ᠴᠢᠯᠦᠭᠡ ᠪᠠᠷ | ᠵᠤᠬᠢᠶᠠᠨ ᠪᠦᠲᠦᠭᠡᠬᠦ ᠳᠤ ᠤᠢ ᠪᠢᠯᠢᠭ ᠢᠶᠠᠨ ᠰᠤᠷᠢᠵᠦ ᠬᠠᠯᠠᠭᠤᠨ ᠤᠷᠮ᠎ᠠ ᠲᠠᠢ ᠰᠢᠮᠳᠡᠨ ᠶᠡᠭᠡ ᠤᠯᠠᠨ ᠵᠤᠬᠢᠶᠠᠯ | ᠪᠦᠲᠦᠭᠡᠯ ᠲᠤᠭᠤᠷᠪᠢᠵᠦ ᠬᠡᠪᠯᠡᠭᠦᠯᠦᠭᠰᠡᠨ ᠪᠢᠯᠡ᠃ ᠶᠢᠨ ᠰᠢᠤ ᠶᠢᠩ ᠪᠠᠭᠰᠢ ᠶᠢᠨ ᠲᠠᠨᠢᠯᠴᠠᠭᠤᠯᠤᠭᠰᠠᠨ ᠢᠶᠠᠷ᠂ | ᠲᠡᠭᠦᠨ ᠤ ᠵᠤᠬᠢᠶᠠᠯ ᠪᠦᠲᠦᠭᠡᠯ ᠢ ᠶᠡᠬᠡᠪᠴᠢᠯᠡᠨ ᠠᠩᠬᠢᠯᠠᠪᠠᠯ ᠳᠤᠯᠤᠭ᠎ᠠ ᠨᠠᠢᠮᠠ ᠠᠴᠠ ᠳᠡᠭᠡᠭᠰᠢ ᠲᠦᠷᠦᠯ ᠳᠤ | ᠬᠤᠪᠢᠶᠠᠵᠤ ᠪᠤᠯᠤᠨ᠎ᠠ᠃ ᠢᠷᠠᠭᠤ ᠨᠠᠶᠢᠷᠠᠭ ᠲᠤ ᠰᠢᠯᠦᠭ ᠤᠨ ᠲᠡᠭᠦᠪᠦᠷᠢ ︽ᠲᠦᠷᠦᠯᠬᠢ ᠨᠤᠲᠤᠭ︾᠂ ︽ | ᠪᠠᠭᠠᠲᠤᠷ ᠤᠨ ᠦᠯᠦᠭᠡᠢ︾᠂ ︽ᠬᠠ᠊ • ᠳ᠋ᠠᠮᠪᠢᠵᠠᠯᠰᠠᠨ ᠤ ᠰᠢᠯᠦᠭ ᠤᠨ ᠲᠡᠭᠦᠪᠦᠷᠢ︾ ᠵᠡᠷᠭᠡ ᠪᠠᠶᠢᠨ᠎ᠠ᠃ | ᠡᠭᠦᠨ ᠠᠴᠠ ᠭᠠᠳᠠᠨ᠎ᠠ ᠪᠠᠰᠠ ᠬᠡᠤᠬᠡᠳ ᠤᠨ ᠤᠷᠠᠨ ᠵᠤᠬᠢᠶᠠᠯ᠂ ᠦᠭᠦᠯᠡᠯᠭᠡ᠂ ᠤᠨᠤᠯ ᠰᠢᠭᠦᠮᠵᠢ᠂ ᠤᠷᠴᠢᠭᠤᠯᠭ᠎ᠠ | ᠪᠠ ᠬᠢᠴᠢᠶᠡᠯ ᠬᠦᠮᠦᠵᠢᠯ ᠤᠨ ᠪᠢᠴᠢᠭ᠂ ᠠᠷᠠᠳ ᠤᠨ ᠠᠮᠠᠨ ᠵᠤᠬᠢᠶᠠᠯ ᠢ ᠡᠮᠬᠢᠳᠭᠡᠨ ᠨᠠᠶᠢᠷᠠᠭᠤᠯᠬᠤ ᠵᠡᠷᠭᠡ ᠤᠯᠠᠨ | ᠲᠦᠷᠦᠯ ᠵᠦᠢᠯ ᠪᠠᠶᠢᠳᠠᠭ᠃ ᠳ᠋ᠠᠮᠪᠢᠵᠠᠯᠰᠠᠨ ᠪᠠᠭᠰᠢ ᠶᠢᠨ ᠤᠯᠠᠨ ᠪᠦᠲᠦᠭᠡᠯ ᠤᠨ ᠤᠨᠴᠠᠯᠢᠭ ᠢ ᠲᠤᠷᠠᠳᠪᠠᠯ ᠲᠡᠷᠡ | ᠦᠪᠡᠷ ᠤᠨ ᠲᠦᠷᠦᠯᠬᠢ ᠮᠤᠩᠭᠤᠯ ᠬᠡᠯᠡ ᠪᠠᠷ ᠢᠶᠠᠨ ᠵᠤᠬᠢᠶᠠᠵᠦ ᠪᠦᠲᠦᠭᠡᠭᠰᠡᠨ ᠪᠤᠯᠬᠤᠷ ᠲᠡᠭᠦᠨ ᠢ ᠶᠤᠰᠤᠲᠠᠢ | ᠮᠤᠩᠭᠤᠯ ᠵᠤᠬᠢᠶᠠᠭᠴᠢ ᠭᠡᠬᠦ ᠳᠤ ᠤᠨᠤᠪᠴᠢᠲᠠᠢ ᠶᠤᠮ᠃ ᠲᠡᠷᠡ ᠦᠶ᠎ᠡ ᠳᠤ ᠵᠠᠷᠢᠮ ᠤᠨᠤᠯᠴᠢᠳ ᠮᠤᠩᠭᠤᠯ | ᠵᠤᠬᠢᠶᠠᠯᠴᠢᠳ ᠤᠨ ᠬᠢᠲᠠᠳ ᠬᠡᠯᠡ ᠪᠠᠷ ᠲᠤᠭᠤᠷᠪᠢᠭᠰᠠᠨ ᠪᠦᠲᠦᠭᠡᠯ ᠢ ᠮᠦᠨ ᠮᠤᠩᠭᠤᠯ ᠵᠤᠬᠢᠶᠠᠯ ᠤᠨ ᠬᠡᠪᠴᠢᠶᠡᠨ ᠳᠤ | ᠪᠠᠭᠲᠠᠭᠠᠵᠤ ᠦᠨᠡᠯᠡᠵᠦ ᠪᠠᠶᠢᠭᠰᠠᠨ ᠪᠦᠭᠡᠳ ᠡᠨᠡ ᠲᠠᠯ᠎ᠠ ᠪᠠᠷ ᠮᠠᠷᠭᠤᠭᠠᠨ ᠴᠦ ᠭᠠᠷᠴᠤ ᠪᠠᠶᠢᠭᠰᠠᠨ ᠶᠤᠮ᠃ ᠬᠠ᠊ • | ᠳ᠋ᠠᠮᠪᠢᠵᠠᠯᠰᠠᠨ 1955 ᠤᠨ ᠳᠤ ᠤᠤᠭᠠᠨ ᠵᠤᠬᠢᠶᠠᠯ ᠢᠶᠠᠨ ᠨᠡᠶᠢᠲᠡᠯᠡᠭᠦᠯᠦᠭᠰᠡᠨ ᠠᠴᠠ ᠨᠠᠭᠠᠰᠢ ᠬᠡᠳᠤᠨ ᠠᠷᠪᠠᠨ ᠵᠢᠯ | ᠳᠤ ᠡᠳᠦᠢ ᠲᠡᠳᠦᠢ ᠪᠦᠲᠦᠭᠡᠯ ᠲᠤᠭᠤᠷᠪᠢᠭᠰᠠᠨ ᠤ ᠳᠤᠲᠤᠷ᠎ᠠ ᠴᠦᠬᠡᠨ ᠪᠤᠰᠤ ᠨᠢ ᠤᠷᠤᠨ ᠤ ᠲᠡᠰ ᠤᠨ ᠣᠯᠠᠨ | ᠱᠠᠩᠨᠠᠯ ᠠᠪᠴᠦ ᠪᠠᠶᠢᠭᠰᠠᠨ ᠪᠦᠭᠡᠳ ᠵᠠᠷᠢᠮ ᠨᠢ ᠲᠦᠷᠦ ᠶᠢᠨ ᠱᠠᠩᠨᠠᠯ ᠠᠪᠴᠦ ᠪᠠᠶᠢᠭᠰᠠᠨ᠃ ᠶᠢᠨ ᠰᠢᠤ ᠶᠢᠩ | ᠪᠠᠭᠰᠢ ᠶᠢᠨ ᠲᠠᠨᠢᠯᠴᠠᠭᠤᠯᠤᠭᠰᠠᠨ ᠢᠶᠠᠷ᠂ ᠡᠨᠡ ᠪᠦᠬᠦ ᠪᠦᠲᠦᠭᠡᠯ ᠢ ᠤᠳᠤ ᠶᠢᠨ ᠳᠡᠯᠭᠡᠷᠡᠵᠦ ᠪᠠᠶᠢᠬᠤ | ᠨᠠᠶᠢᠷᠠᠭᠤᠯᠤᠭᠴᠢ ᠶᠢᠨ ᠨᠠᠶᠢᠷ ᠲᠠᠯ᠎ᠠ ᠬᠠᠷᠠᠬᠤ ᠪᠢᠰᠢ᠂ ᠬᠠᠷᠢᠨ ᠦᠪᠡᠷ ᠤᠨ ᠵᠢᠩᠬᠢᠨᠢ ᠠᠪᠢᠶᠠᠰ ᠪᠢᠯᠢᠭ᠂ ᠬᠦᠴᠦ | ᠬᠦᠳᠡᠯᠮᠦᠷᠢ ᠪᠠᠷ ᠢᠶᠠᠨ ᠪᠦᠲᠦᠭᠡᠵᠦ ᠨᠡᠶᠢᠲᠡᠯᠡᠭᠦᠯᠦᠭᠰᠡᠨ ᠶᠤᠮ᠃ ᠦᠨᠡᠨ ᠢ ᠬᠡᠯᠡᠪᠡᠯ᠂ ᠲᠤᠬᠠᠢ ᠶᠢᠨ ᠦᠶ᠎ᠡ ᠳᠤ | ᠲᠠᠨᠢᠯ ᠲᠠᠰᠤᠯ ᠪᠠᠶᠢᠲᠤᠭᠠᠢ᠂ ᠲᠦᠷᠦᠯ ᠰᠠᠳᠤᠨ ᠨᠢ ᠬᠦᠷᠲᠡᠯ᠎ᠡ ᠶᠡᠭᠡ ᠲᠦᠳᠡ ᠪᠠᠶᠢᠭᠰᠠᠨ ᠪᠤᠯᠪᠠᠴᠤ ᠲᠡᠷᠡ ᠲᠡᠷᠡ | ᠶᠡᠷᠦ ᠠᠰᠢᠭᠯᠠᠬᠤ ᠶᠢ ᠪᠤᠳᠤᠳᠠᠭ ᠦᠭᠡᠢ᠂ ᠦᠪᠡᠷ ᠤᠨ ᠪᠦᠲᠦᠭᠡᠯᠴᠢ ᠬᠦᠳᠡᠯᠮᠦᠷᠢ ᠰᠢᠷᠭᠠᠭᠤ ᠴᠠᠷᠮᠠᠶᠢᠯᠭᠠ ᠳᠠᠭᠠᠨ | ᠯᠠ ᠲᠦᠰᠢᠭᠯᠡᠵᠦ ᠪᠠᠶᠢᠭᠰᠠᠨ ᠶᠤᠮ᠃ ᠲᠡᠷᠡ ᠵᠤᠬᠢᠶᠠᠯ ᠤᠨ ᠪᠤᠷᠦ ᠮᠠᠲ᠋ᠧᠷᠢᠶᠠᠯ ᠤᠯᠬᠤ ᠶᠢᠨ ᠲᠦᠯᠦᠭᠡ ᠳᠠᠩᠳᠠ | ᠰᠢᠯᠢ ᠶᠢᠨ ᠭᠤᠤᠯ᠂ ᠤᠷᠳᠤᠰ ᠵᠡᠷᠭᠡ ᠭᠠᠵᠠᠷ ᠢᠶᠠᠷ ᠬᠦᠳᠡᠭᠡ ᠶᠠᠪᠤᠵᠤ᠂ ᠠᠮᠢᠳᠤᠷᠠᠯ ᠲᠠᠢ ᠲᠠᠨᠢᠯᠴᠠᠵᠤ ᠪᠠᠶᠢᠳᠠᠭ᠃ | ᠲᠡᠷᠡ ᠰᠢᠯᠦᠭ ᠵᠤᠬᠢᠶᠠᠯ ᠪᠢᠴᠢᠬᠦ ᠠᠴᠠ ᠭᠠᠳᠠᠨ᠎ᠠ ᠮᠤᠩᠭᠤᠯ ᠰᠤᠳᠤᠯᠤᠯ ᠤᠨ ᠤᠯᠠᠨ ᠲᠠᠯᠠᠲᠤ | ᠰᠤᠳᠤᠯᠭᠠᠨ ᠬᠢᠳᠡᠭ ᠪᠠᠶᠢᠪᠠ᠃ ᠴᠤᠬᠤᠯᠪᠤᠷᠢᠯᠠᠨ ᠲᠠᠶᠢᠯᠪᠤᠷᠢᠯᠠᠭᠰᠠᠨ ︽ᠮᠤᠩᠭᠤᠯ ᠤᠨ ᠵᠠᠩ ᠠᠭᠠᠯᠢ ᠶᠢᠨ ᠦᠢᠯᠡᠪᠦᠷᠢ | ︾ ᠪᠠ ︽ᠬᠦᠷᠡᠩ ᠪᠤᠬ᠎ᠠ ᠤᠨᠤᠭᠰᠠᠨ ᠬᠦᠬᠡ ᠴᠢᠨ᠋ᠸ᠎ᠠ︾ ᠵᠡᠷᠭᠡ ᠮᠤᠩᠭᠤᠯ ᠠᠷᠠᠳ ᠤᠨ ᠵᠠᠩ ᠦᠢᠯᠡ ᠪᠤᠯᠤᠨ ᠠᠮᠠᠨ | ᠵᠤᠬᠢᠶᠠᠯ ᠤᠨ ᠨᠤᠮ ᠵᠤᠬᠢᠶᠠᠯ ᠤᠳ ᠢ ᠡᠮᠬᠢᠳᠭᠡᠨ ᠬᠡᠪᠯᠡᠭᠦᠯᠪᠡ᠃ ᠲᠡᠭᠦᠨ ᠤ ᠵᠤᠬᠢᠶᠠᠯ ᠪᠦᠲᠦᠭᠡᠯ ᠠᠴᠠ ︽ᠳᠠᠷᠬᠠᠨ | ᠨᠤᠲᠤᠭ ᠤᠨ ᠳᠠᠶᠢᠴᠢᠨ ᠬᠦᠦ︾᠂ ︽ᠥᠭᠡᠬᠦᠨ ᠴᠠᠭᠠᠨ ᠦᠨᠦᠴᠢᠨ ᠪᠠᠭᠠᠲᠤᠷ︾᠂ ︽ᠦᠨᠦᠷ ᠬᠠᠩᠬᠤᠯᠤᠭᠰᠠᠨ | ᠦᠩᠭᠡ ᠬᠤᠷᠴᠠ ᠨᠢᠭᠡ ᠴᠡᠴᠡᠭ︾᠂ ︽ᠡᠬᠡ ᠳᠡᠯᠡᠬᠡᠢ ᠭᠢᠯᠠᠯᠵᠠᠮᠤ︾᠂ ︽ᠨᠦᠬᠦᠷ ᠲᠤ ᠡᠷᠭᠦᠬᠦ ᠤᠶᠠᠩᠭ᠎ᠠ︾ | ᠵᠡᠷᠭᠡ ᠪᠦᠲᠦᠭᠡᠯ ᠨᠢ ᠦᠪᠡᠷᠲᠡᠭᠡᠨ ᠵᠠᠰᠠᠬᠤ ᠤᠷᠤᠨ ᠤ ᠡᠯ᠎ᠡ ᠲᠡᠰ ᠤᠨ ᠱᠠᠩᠨᠠᠯ ᠬᠦᠷᠲᠡᠵᠦ ᠪᠠᠶᠢᠵᠠᠢ᠃ ᠲᠡᠷᠡ ᠪᠠᠰᠠ | ᠲᠦᠪ ᠤᠨ ᠦᠨᠳᠦᠰᠦᠲᠡᠨ ᠤ ᠳᠡᠭᠡᠳᠦ ᠰᠤᠷᠭᠠᠭᠤᠯᠢ᠂ ᠰᠢᠨᠵᠢᠶᠠᠩ ᠤᠨ ᠪᠠᠭᠰᠢ ᠶᠢᠨ ᠶᠡᠭᠡ ᠰᠤᠷᠭᠠᠭᠤᠯᠢ᠂ ᠵᠤᠤ | ᠤᠳᠠ ᠶᠢᠨ ᠮᠤᠩᠭᠤᠯ ᠪᠠᠭᠰᠢ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠪᠠ ᠤᠳᠬ᠎ᠠ ᠵᠤᠬᠢᠶᠠᠯ ᠤᠷᠠᠯᠢᠭ ᠤᠨ | ᠪᠠᠶᠢᠭᠤᠯᠭ᠎ᠠ ᠨᠤᠭᠤᠳ ᠤᠨ ᠤᠷᠢᠯᠭ᠎ᠠ ᠪᠠᠷ ᠡᠷᠳᠡᠮ ᠰᠢᠨᠵᠢᠯᠡᠭᠡᠨ ᠤ ᠢᠯᠡᠳᠭᠡᠯ ᠤᠯᠠᠨ ᠤᠳᠠᠭ᠎ᠠ ᠬᠢᠭᠰᠡᠨ ᠪᠦᠭᠡᠳ | ᠬᠡᠪᠯᠡᠯ ᠤᠨ ᠬᠤᠷᠢᠶᠠᠨ ᠤ ᠨᠠᠶᠢᠳᠠᠯᠭ᠎ᠠ ᠪᠠᠷ ︽ᠵᠤᠬᠢᠶᠠᠨ ᠪᠢᠴᠢᠬᠦ ᠤᠬᠠᠭᠠᠨ︾ ︽ᠢᠰᠢᠳᠠᠨᠽᠠᠨᠸᠠᠩᠵᠢᠯ ᠤᠨ | ᠰᠢᠯᠦᠭ ᠤᠳ︾᠂ ︽ᠬᠡᠰᠢᠭᠪᠡᠲᠤ ᠶᠢᠨ ᠰᠢᠯᠦᠭ ᠤᠳ︾᠂ ︽ᠬᠦᠬᠡ ᠲᠦᠯᠬᠢᠭᠦᠷ︾᠂ ︽ᠷᠤᠮᠢᠶᠤᠤ ᠵᠢᠤᠯᠢᠶᠠ | ᠬᠤᠶᠠᠷ︾᠂ ᠮᠤᠩᠭᠤᠯ ᠬᠢᠲᠠᠳ ᠬᠠᠷᠢᠴᠠᠭᠤᠯᠤᠭᠰᠠᠨ ᠮᠤᠩᠭᠤᠯ ᠤᠨ ᠤᠨ ᠤ ᠲᠡᠮᠳᠡᠭᠯᠡᠯ ᠂ ︽ᠮᠤᠩᠭᠤᠯ ᠠᠷᠠᠳ ᠤᠨ | ᠵᠠᠩ ᠦᠢᠯᠡ ᠶᠢᠨ ᠰᠤᠳᠤᠯᠤᠯ︾ ᠵᠡᠷᠭᠡ ᠨᠤᠮ ᠢ ᠬᠢᠨᠠᠵᠤ ᠵᠠᠷᠢᠮ ᠳᠤ ᠨᠢ ᠤᠷᠤᠰᠢᠯ ᠪᠢᠴᠢᠵᠦ ᠬᠡᠪᠯᠡᠭᠦᠯᠪᠡ᠃ | ᠶᠢᠨ ᠰᠢᠤ ᠶᠢᠩ ᠪᠠᠭᠰᠢ ᠶᠢᠨ ᠲᠠᠨᠢᠯᠴᠠᠭᠤᠯᠤᠭᠰᠠᠨ ᠢᠶᠠᠷ᠂ ᠫᠷᠦᠹᠧᠰᠰᠦᠷ ᠬᠠ᠊ • ᠳ᠋ᠠᠮᠪᠢᠵᠠᠯᠰᠠᠨ | ᠬᠢᠴᠢᠶᠡᠯ ᠬᠦᠮᠦᠵᠢᠯ ᠤᠨ ᠠᠵᠢᠯ ᠳᠤ ᠬᠡᠳᠤᠨ ᠠᠷᠪᠠᠨ ᠵᠢᠯ ᠴᠤᠴᠠᠯᠲᠠ ᠦᠭᠡᠢ ᠴᠠᠷᠮᠠᠶᠢᠵᠦ ᠶᠠᠪᠤᠭᠰᠠᠨ ᠤ ᠳᠠᠭᠠᠤ | ᠲᠠᠭᠤᠤ ᠰᠢᠯᠦᠭ᠂ ᠦᠭᠦᠯᠡᠯᠭᠡ᠂ ᠰᠢᠭᠦᠮᠵᠢ ᠦᠭᠦᠯᠡᠯ ᠵᠡᠷᠭᠡ ᠤᠯᠠᠨ ᠲᠠᠯ᠎ᠠ ᠳᠤ ᠰᠤᠨᠢᠷᠬᠠᠯ ᠲᠦᠷᠦᠵᠦ᠂ ᠠᠪᠢᠶᠠᠰ | ᠪᠢᠯᠢᠭ ᠢᠶᠠᠨ ᠰᠤᠷᠢᠵᠤ ᠶᠠᠪᠤᠭᠰᠠᠨ ᠶᠤᠮ᠃ ᠲᠡᠷᠡ ᠪᠠᠰᠠ ᠬᠤᠭᠤᠷ ᠬᠦᠭᠵᠢᠮ ᠡᠭᠡᠰᠢᠭᠯᠡᠭᠦᠯᠬᠦ᠂ ᠬᠢᠬᠢᠯᠢ ᠲᠠᠲᠠᠬᠤ᠂ | ᠵᠢᠷᠤᠭ ᠵᠢᠷᠤᠬᠤ᠂ ᠳᠠᠭᠤᠤ ᠳᠠᠭᠤᠯᠠᠬᠤ ᠵᠡᠷᠭᠡ ᠤᠯᠠᠨ ᠵᠦᠢᠯ ᠤᠨ ᠠᠪᠢᠶᠠᠰ ᠪᠢᠯᠢᠭ ᠲᠠᠢ ᠬᠦᠮᠦᠨ ᠶᠤᠮ᠃ ᠲᠡᠷᠡ | ᠵᠦᠪᠬᠡᠨ ᠵᠤᠬᠢᠶᠠᠯ ᠪᠦᠲᠦᠭᠡᠯ ᠢᠶᠠᠷ ᠢᠶᠠᠨ ᠪᠢᠰᠢ᠂ ᠥᠭᠭᠢᠶᠡᠮᠦᠷ ᠰᠡᠳᠬᠢᠯ ᠦᠷᠦᠪᠴᠢᠬᠡᠨ ᠵᠠᠩ ᠢᠶᠠᠷ ᠢᠶᠠᠨ ᠪᠠᠭᠰᠢ | ᠰᠤᠷᠤᠭᠴᠢᠳ ᠪᠠ ᠨᠡᠶᠢᠲᠡ ᠤᠯᠠᠨ ᠤ ᠬᠠᠶᠢᠷ᠎ᠠ ᠬᠦᠨᠳᠦᠳᠭᠡᠯ ᠢ ᠤᠯᠵᠤ ᠪᠠᠶᠢᠵᠠᠢ᠃ ᠵᠡᠷᠭᠡ ᠳᠡᠰ ᠳᠡᠪᠰᠢᠭᠦᠯᠬᠦ᠂ | ᠡᠷᠳᠡᠮ ᠤᠨ ᠴᠤᠯᠠ ᠲᠤᠭᠲᠠᠭᠠᠬᠤ᠂ ᠰᠤᠷᠤᠭᠴᠢ ᠡᠯᠰᠡᠵᠦ ᠰᠤᠩᠭᠤᠬᠤ᠂ ᠠᠩᠬᠢ ᠳᠡᠪᠰᠢᠭᠦᠯᠵᠦ ᠤᠯᠠᠷᠢᠭᠤᠯᠬᠤ | ᠵᠡᠷᠭᠡ ᠶᠠᠪᠤᠳᠠᠯ ᠳᠤ ᠬᠡᠵᠢᠶᠡᠳᠡ ᠲᠡᠪᠡᠳᠡᠭᠰᠡᠨ ᠬᠦᠮᠦᠰ᠂ ᠶᠠᠳᠠᠭᠰᠠᠨ ᠰᠤᠷᠤᠭᠴᠢ ᠪᠠᠨ ᠬᠠᠷᠠᠵᠤ ᠬᠠᠮᠠᠭᠠᠯᠠᠵᠤ | ᠬᠠᠶᠢᠷᠠᠯᠠᠵᠤ ᠲᠡᠮᠵᠢᠵᠦ ᠪᠠᠶᠢᠳᠠᠭ ᠨᠢᠩᠵᠢᠨ ᠰᠡᠳᠬᠢᠯ ᠲᠠᠢ ᠳᠤ ᠨᠢ ᠬᠦᠮᠦᠰ ᠲᠡᠭᠦᠨ ᠢ ᠪᠤᠷᠬᠠᠨ ᠰᠡᠳᠬᠢᠯ ᠲᠠᠢ | ᠬᠦᠮᠦᠨ ᠡ ᠭᠡᠵᠦ ᠮᠠᠭᠲᠠᠳᠠᠭ᠃ ᠨᠢᠭᠡ ᠤᠳᠠᠭᠠᠨ ᠤ ᠤᠯᠤᠰ ᠤᠨ ᠰᠢᠯᠭᠠᠯᠲᠠ ᠳᠤ ᠪᠡᠶ᠎ᠡ ᠪᠠᠷ ᠭᠠᠪᠢᠬᠤ ᠦᠭᠡᠢ ᠨᠢᠭᠡ | ᠪᠢᠴᠢᠬᠠᠨ ᠦᠬᠢᠨ ᠰᠢᠯᠭᠠᠯᠲᠠ ᠳᠤ ᠬᠢᠷᠢ ᠲᠡᠩᠴᠡᠭᠡᠳ ᠪᠠᠭᠰᠢ ᠶᠢᠨ ᠳᠡᠭᠡᠳᠦ ᠰᠤᠷᠭᠠᠭᠤᠯᠢ ᠳᠤ ᠤᠷᠤᠵᠤ ᠢᠷᠡᠭᠰᠡᠨ | ᠪᠠᠶᠢᠪᠠ᠂ ᠭᠡᠲᠡᠯ᠎ᠡ ᠬᠠᠮᠢᠶᠠᠲᠠᠢ ᠰᠠᠯᠠᠭ᠎ᠠ ᠮᠦᠴᠢᠷ ᠲᠡᠭᠦᠨ ᠢ ᠪᠡᠶ᠎ᠡ ᠶᠢᠨ ᠥᠨᠳᠥᠷ ᠤᠨ ᠪᠠᠶᠢᠴᠠᠭᠠᠯᠲᠠ ᠳᠤ ᠬᠢᠷᠢ | ᠲᠡᠩᠴᠡᠬᠦ ᠦᠭᠡᠢ ᠭᠡᠳ ᠪᠤᠴᠠᠭᠠᠬᠤ ᠭᠡᠵᠦ ᠪᠠᠶᠢᠯ᠎ᠠ᠃ ᠡᠭᠦᠨ ᠳᠤ ᠳ᠋ᠠᠮᠪᠢᠵᠠᠯᠰᠠᠨ ᠪᠠᠭᠰᠢ ᠵᠠᠷᠴᠢᠮ ᠢ ᠪᠠᠷᠢᠮᠲᠠᠯᠠᠨ᠂ | ᠲᠠᠨᠢᠬᠤ ᠴᠦ ᠦᠭᠡᠢ ᠲᠡᠷᠡ ᠬᠡᠤᠬᠡᠳ ᠤᠨ ᠡᠮᠦᠨ᠎ᠡ ᠠᠴᠠ ᠶᠤᠰᠤ ᠪᠠᠷ ᠮᠠᠷᠭᠤᠨ᠂ ᠮᠠᠨ ᠤ ᠰᠤᠷᠭᠠᠭᠤᠯᠢ ᠳᠤ ᠲᠡᠷᠡ | ᠬᠡᠤᠬᠡᠳ ᠠᠴᠠ ᠬᠤᠯᠠ ᠪᠤᠭᠤᠨᠢ ᠪᠡᠶ᠎ᠡ ᠲᠠᠢ ᠪᠠᠭᠰᠢ ᠰᠢᠨᠵᠢᠯᠡᠬᠦ ᠤᠬᠠᠭᠠᠨᠲᠠᠨ ᠢᠶᠠᠷ ᠲᠤᠳᠤᠯᠠᠭᠳᠠᠭᠠᠳ ᠪᠠᠶᠢᠳᠠᠯ᠎ᠠ | ᠭᠠᠭᠴᠠ ᠡᠨᠡ ᠦᠬᠢᠨ ᠢ ᠭᠠᠳᠠᠭᠤᠷᠬᠠᠳᠠᠭ ᠨᠢ ᠶᠠᠭᠤᠨ ᠤ ᠤᠴᠢᠷ ᠪᠤᠢ ᠭᠡᠵᠦ ᠮᠠᠷᠭᠤᠭᠠᠳ᠂ ᠴᠢᠪ ᠰᠡᠭᠦᠯ ᠳᠡᠭᠡᠨ | ᠦᠨᠡᠨ ᠢᠶᠠᠨ ᠤᠯᠵᠤ ᠲᠡᠷᠡ ᠦᠬᠢᠨ ᠤ ᠰᠤᠷᠤᠯᠭ᠎ᠠ ᠶᠢᠨ ᠬᠠᠷᠢᠶ᠎ᠠ ᠶᠢ ᠨᠢ ᠪᠠᠲᠤᠯᠠᠭᠰᠠᠨ ᠪᠠᠶᠢᠪᠠ᠃ | ᠫᠷᠦᠹᠧᠰᠰᠦᠷ ᠬᠠ᠊ • ᠳ᠋ᠠᠮᠪᠢᠵᠠᠯᠰᠠᠨ ᠲᠦᠪ ᠭᠤᠤᠯᠴᠢ᠂ ᠳᠠᠷᠤᠤ ᠡᠶᠡᠯᠳᠡᠭ᠂ ᠵᠠᠷᠴᠢᠮ ᠢ ᠪᠠᠷᠢᠮᠲᠠᠯᠠᠳᠠᠭ᠂ | ᠰᠢᠷᠭᠠᠭᠤ ᠴᠢᠷᠮᠠᠶᠢᠯᠲᠠ ᠲᠠᠢ ᠠᠵᠢᠯᠯᠠᠵᠤ ᠶᠠᠪᠤᠳᠠᠭ ᠲᠤ ᠨᠢ ᠲᠡᠭᠦᠨ ᠢ ᠰᠠᠯᠪᠤᠷᠢ ᠶᠢᠨ ᠳᠡᠳ᠋ ᠡᠷᠬᠢᠯᠡᠭᠴᠢ᠂ | ᠠᠰᠫᠢᠷᠠᠨᠲ ᠤᠨ ᠵᠢᠯᠤᠭᠤᠳᠤᠭᠴᠢ ᠪᠠᠭᠰᠢ᠂ ᠰᠤᠷᠭᠠᠭᠤᠯᠢ ᠶᠢᠨ ᠪᠠᠭᠰᠢ ᠶᠢᠨ ᠵᠡᠷᠭᠡ ᠲᠤᠰᠢᠶᠠᠯ ᠬᠢᠨᠠᠨ ᠲᠤᠭᠲᠠᠭᠠᠬᠤ | ᠵᠦᠪᠯᠡᠯ ᠤᠨ ᠭᠡᠰᠢᠭᠦᠨ ᠵᠡᠷᠭᠡ ᠬᠠᠷᠢᠭᠤᠴᠠᠯᠭ᠎ᠠ ᠲᠠᠢ ᠲᠤᠰᠢᠶᠠᠯ ᠳᠤ ᠲᠤᠮᠢᠯᠠᠵᠤ ᠪᠠᠶᠢᠭᠰᠠᠨ ᠪᠦᠭᠡᠳ ᠰᠤᠷᠭᠠᠭᠤᠯᠢ᠂ | ᠦᠪᠡᠷᠲᠡᠭᠡᠨ ᠵᠠᠰᠠᠬᠤ ᠤᠷᠤᠨ ᠪᠠ ᠵᠤᠬᠢᠶᠠᠯᠴᠢᠳ ᠤᠨ ᠡᠪᠯᠡᠯ ᠠᠴᠠ ᠲᠡᠭᠦᠨ ᠳᠤ ᠰᠢᠯᠢᠳᠡᠭ ᠠᠷᠠᠳ ᠤᠨ ᠪᠠᠭᠰᠢ ᠶᠢᠨ | ᠦᠨᠡᠮᠯᠡᠯ᠂ ᠮᠤᠩᠭᠤᠯ ᠤᠳᠬ᠎ᠠ ᠵᠤᠬᠢᠶᠠᠯ ᠤᠨ ᠦᠢᠯᠡᠰ ᠲᠤ ᠬᠤᠪᠢ ᠨᠡᠮᠡᠭᠦᠷᠢ ᠦᠵᠡᠭᠦᠯᠦᠭᠰᠡᠨ ᠢᠷᠠᠭᠤ ᠠᠯᠳᠠᠷ ᠤᠨ | ᠦᠨᠡᠮᠯᠡᠯ᠂ ᠢᠷᠠᠭᠤ ᠠᠯᠳᠠᠷ ᠤᠨ ᠱᠠᠩᠨᠠᠯ ᠤᠯᠭᠤᠵᠤ ᠪᠠᠶᠢᠯ᠎ᠠ᠃ ᠲᠡᠷᠡ ᠪᠠᠰᠠ ᠦᠪᠡᠷᠲᠡᠭᠡᠨ ᠵᠠᠰᠠᠬᠤ ᠤᠷᠤᠨ ᠪᠠ | ᠳᠤᠮᠳᠠᠳᠤ ᠤᠯᠤᠰ ᠤᠨ ᠤᠳᠬ᠎ᠠ ᠵᠤᠬᠢᠶᠠᠯ ᠤᠨ ᠨᠡᠶᠢᠭᠡᠮᠯᠢᠭ ᠤᠳ ᠤᠨ ᠡᠳᠦᠢ ᠲᠡᠳᠦᠢ ᠨᠡᠶᠢᠭᠡᠮ ᠤᠨ ᠲᠤᠰᠢᠶᠠᠯ ᠢ | ᠬᠠᠷᠢᠭᠤᠴᠠᠵᠦ ᠪᠠᠶᠢᠭ᠎ᠠ ᠶᠤᠮ᠃ | ᠲᠡᠭᠦᠨ ᠤ ᠭᠤᠤᠯ ᠪᠤᠯᠬᠤ ᠪᠦᠲᠦᠭᠡᠯ ᠳᠤ᠂ ︽ᠲᠦᠷᠦᠯᠬᠢ ᠨᠤᠲᠤᠭ︾ ︵ᠰᠢᠯᠦᠭ ᠤᠨ ᠲᠡᠭᠦᠪᠦᠷᠢ︶᠂ | ︽ᠪᠠᠭᠠᠳᠤᠷ ᠤᠨ ᠦᠯᠦᠭᠡᠢ︾ ︵ᠰᠢᠯᠦᠭ ᠤᠨ ᠲᠡᠭᠦᠪᠦᠷᠢ︶᠂ ︽ᠬᠠ᠊ • ᠳ᠋ᠠᠮᠪᠢᠵᠠᠯᠰᠠᠨ ᠤ ᠰᠢᠯᠦᠭ ᠤᠨ | ᠰᠤᠩᠭᠤᠮᠠᠯ︾᠂ ︽ᠮᠤᠩᠭᠤᠯ ᠤᠨ ᠵᠠᠩ ᠠᠭᠠᠯᠢ ᠶᠢᠨ ᠦᠢᠯᠡᠪᠦᠷᠢ︾᠂ ︽ᠬᠦᠷᠡᠩ ᠪᠤᠬ᠎ᠠ ᠤᠨᠤᠭᠰᠠᠨ ᠬᠦᠬᠡ | ᠴᠢᠨ᠋ᠸ᠎ᠠ︾ ︵ᠠᠮᠠᠨ ᠵᠣᠬᠢᠶᠠᠯ ᠤᠨ ᠡᠮᠬᠢᠳᠭᠡᠯ︶᠂ ︽ᠦᠭᠡᠬᠦᠨ ᠴᠠᠭᠠᠨ ᠦᠨᠦᠴᠢᠨ ᠪᠠᠭᠠᠳᠤᠷ︾ ︵ᠲᠤᠤᠯᠢ︶ | ᠵᠡᠷᠭᠡ ᠨᠤᠮ ᠪᠠᠭᠲᠠᠬᠤ ᠪᠦᠭᠡᠳ ︽ᠰᠢᠯᠦᠭ ᠤᠨ ᠬᠡᠯᠡᠯᠭᠡ ᠶᠢ ᠴᠢᠨᠠᠷᠵᠢᠭᠤᠯᠬᠤ ᠲᠤᠬᠠᠢ︾᠂ ︽ᠮᠤᠩᠭᠤᠯ ᠲᠦᠪᠡᠳ | ᠬᠤᠶᠠᠷ ᠭᠡᠰᠡᠷ ᠤᠨ ᠬᠠᠷᠢᠴᠠᠭ᠎ᠠ ᠬᠢᠭᠡᠳ ᠮᠤᠩᠭᠤᠯ ᠭᠡᠰᠡᠷ ᠤᠨ ᠪᠤᠳᠠᠭᠠᠯᠢ ᠰᠢᠨᠵᠢ︾᠂ ︽ᠮᠤᠩᠭᠤᠯ ᠤᠨ ᠨᠢᠭᠤᠴᠠ | ᠲᠤᠪᠴᠢᠶᠠᠨ ᠬᠢᠭᠡᠳ ᠮᠤᠩᠭᠤᠯ ᠤᠷᠤᠭ ᠬᠤᠷᠢᠮ ᠤᠨ ᠶᠤᠰᠤᠨ︾᠂ ︽ᠮᠤᠩᠭᠤᠯ ᠰᠤᠶᠤᠯ ᠤᠨ ᠴᠢᠬᠤᠯᠠ ᠨᠢᠭᠡᠨ | ᠦᠪ︾ ᠵᠡᠷᠭᠡ ᠦᠭᠦᠯᠡᠯ ᠪᠠᠭᠲᠠᠨ᠎ᠠ᠃ | ᠬᠦᠨᠳᠦᠲᠦ ᠰᠤᠨᠤᠰᠤᠭᠴᠢᠳ ᠡ᠂ ᠤᠳᠤᠨ ᠮᠡᠴᠢᠳ ᠲᠤᠰᠬᠠᠢ ᠫᠷᠦᠭᠷᠡᠮ ᠤᠨ ᠡᠨᠡ ᠤᠳᠠᠭᠠᠨ ᠤ ᠳ᠋ᠤᠭᠠᠷ | ᠲᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠦᠹᠧᠰᠰᠦᠷ᠂ ᠨᠡᠷᠡᠲᠦ ᠰᠢᠯᠦᠭᠴᠢ ᠵᠤᠬᠢᠶᠠᠯᠴᠢ | ᠬᠠ᠊ • ᠳ᠋ᠠᠮᠪᠢᠵᠠᠯᠰᠠᠨ ᠢ ᠰᠤᠷᠪᠤᠯᠵᠢᠯᠠᠭᠰᠠᠨ ᠶᠠᠷᠢᠯᠴᠠᠭ᠎ᠠ ᠶᠢ ᠰᠤᠨᠤᠰᠬᠠᠯᠠ᠃ | | |