ᠤᠤᠭᠠᠨ ᠪᠤᠭᠤᠷᠤᠯ ᠨᠠᠶᠢᠷᠠᠭᠤᠯᠤᠭᠴᠢ ᠮᠢᠨᠢ
ᠨᠡᠶᠢᠲᠡᠯᠡᠭᠰᠡᠨ ᠴᠠᠭ᠄
2015/9/23
        ᠬᠦᠨᠳᠦᠲᠦ ᠰᠤᠨᠤᠰᠤᠭᠴᠢᠳ ᠡ᠂ ᠡᠨᠡ ᠵᠢᠯ ᠤᠨ 8 ᠰᠠᠷ᠎ᠠ ᠶᠢᠨ 15 ᠤ ᠡᠳᠦᠷ ᠪᠤᠯ ᠠᠷᠠᠳ ᠤᠨ ᠲᠦᠪ  ᠷᠠᠳᠢᠤ᠋ ᠳᠤ ᠮᠤᠩᠭᠤᠯ ᠬᠡᠯᠡᠨ ᠤ ᠨᠡᠪᠲᠡᠷᠡᠭᠦᠯᠭᠡ ᠡᠷᠬᠢᠯᠡᠭᠰᠡᠨ 51 ᠵᠢᠯ  ᠤᠨ ᠤᠢ ᠪᠤᠯᠤᠨ᠎ᠠ᠃ 51 ᠵᠢᠯ ᠤᠨ ᠡᠮᠦᠨ᠎ᠡ᠂ ᠦᠭᠡᠷ᠎ᠡ ᠪᠠᠷ ᠬᠡᠯᠡᠪᠡᠯ ᠠᠷᠠᠳ ᠤᠨ ᠪᠦᠭᠦᠳ ᠨᠠᠶᠢᠷᠠᠮᠳᠠᠬᠤ ᠤᠯᠤᠰ ᠪᠠᠶᠢᠭᠤᠯᠤᠭᠳᠠᠭᠠᠳ ᠠᠯᠢ ᠤᠯᠠᠨ ᠠᠵᠢᠯ ᠰᠠᠶ᠋ᠢ ᠡᠬᠢᠯᠡᠵᠦ ᠪᠠᠶᠢᠭᠰᠠᠨ 1950 ᠤᠨ ᠤ 8 ᠰᠠᠷ᠎ᠠ ᠶᠢᠨ15 ᠤ ᠡᠳᠦᠷ ᠲᠦᠪ ᠷᠠᠳᠢᠤ᠋ ᠶᠢᠨ ᠮᠤᠩᠭᠤᠯ ᠬᠡᠯᠡᠨ ᠤ ᠨᠡᠪᠲᠡᠷᠡᠭᠦᠯᠭᠡ ᠡᠬᠢᠯᠡᠵᠦ᠂ ᠪᠡᠭᠡᠵᠢᠩ ᠤᠨ ᠳᠠᠭᠤᠨ ᠢ ᠴᠦᠬᠡᠨ ᠲᠤᠭᠠᠲᠤ ᠦᠨᠳᠦᠰᠦᠲᠡᠨ ᠤ ᠬᠡᠯᠡ ᠪᠠᠷ ᠠᠩᠬ᠎ᠠ ᠳᠠᠭᠤᠷᠢᠰᠤᠭᠤᠯᠤᠭᠰᠠᠨ ᠪᠠᠶᠢᠪᠠ᠃51 ᠵᠢᠯ ᠤᠨ ᠲᠤᠷᠰᠢ ᠦᠶ᠎ᠡ ᠦᠶ᠎ᠡ ᠶᠢᠨ ᠴᠢᠩ ᠵᠤᠷᠢᠭᠲᠠᠨ ᠦᠢᠯᠡᠰ ᠤᠨ ᠰᠠᠶᠢᠬᠠᠨ ᠡᠨᠡ ᠷᠠᠳᠢᠤ᠋ ᠳᠤ ᠤᠶᠤᠨ ᠤᠬᠠᠭᠠᠨ ᠬᠦᠴᠦᠨ ᠴᠢᠳᠠᠯ ᠢᠶᠠᠨ ᠵᠤᠷᠢᠭᠤᠯᠵᠤ ᠪᠠᠶᠢᠭᠰᠠᠨ ᠪᠦᠭᠡᠳ ᠵᠤᠷᠢᠭᠤᠯᠤᠭᠰᠠᠭᠠᠷ ᠪᠠᠶᠢᠨ᠎ᠠ᠃         ᠤᠳᠤ ᠲᠦᠪ ᠷᠠᠳᠢᠤ᠋ ᠶᠢᠨ ᠮᠤᠩᠭᠤᠯ ᠬᠡᠯᠡᠨ ᠤ ᠨᠡᠪᠲᠡᠷᠡᠭᠦᠯᠭᠡ ᠶᠢᠨ ᠭᠠᠯ ᠭᠤᠯᠤᠮᠲᠠ ᠶᠢ ᠪᠠᠳᠠᠷᠠᠭᠠᠬᠤ ᠳᠤ ᠲᠤᠯᠭ᠎ᠠ ᠶᠢᠨ ᠴᠢᠯᠠᠭᠤ ᠲᠠᠯᠪᠢᠯᠴᠠᠨ ᠶᠠᠪᠤᠭᠰᠠᠨ ᠤᠤᠭᠠᠨ ᠨᠠᠶᠢᠷᠠᠭᠤᠯᠤᠭᠴᠢ ᠪᠦᠭᠡᠳ ᠨᠡᠪᠲᠡᠷᠡᠭᠦᠯᠦᠭᠴᠢ ᠴᠢ ᠢ ᠹᠦ᠋ ︵ᠬᠠᠴᠢᠩᠭ᠎ᠠ︶ ᠶᠢᠨ ᠲᠤᠬᠠᠢ ᠮᠠᠨ ᠤ ᠬᠤᠷᠢᠶᠠᠨ ᠤ ᠰᠤᠷᠪᠤᠯᠵᠢᠯᠠᠭᠴᠢ ᠷᠢᠨᠴᠢᠨ ᠤ ᠨᠠᠶᠢᠷᠠᠭᠤᠯᠤᠨ ᠪᠢᠴᠢᠭᠰᠡᠨ ︽ᠤᠤᠭᠠᠨ ᠪᠤᠭᠤᠷᠤᠯ ᠨᠠᠶᠢᠷᠠᠭᠤᠯᠤᠭᠴᠢ ᠮᠢᠨᠢ︾ ᠭᠡᠰᠡᠨ ᠰᠢᠩᠭᠡᠭᠡᠯᠲᠡ ᠲᠠᠢ ᠰᠤᠷᠪᠤᠯᠵᠢᠯᠠᠭ᠎ᠠ ᠰᠣᠨᠤᠰᠬᠠᠶ᠎ᠠ᠃        ᠮᠤᠩᠭᠤᠯᠵᠢᠨ ᠨᠤᠲᠤᠭ ᠲᠠᠢ ᠴᠢ ᠢ ᠹᠦ᠋ ᠭᠤᠸᠠᠢ ᠤᠳᠤ ᠨᠠᠰᠤᠨ ᠰᠡᠭᠦᠳᠡᠷ ᠨᠠᠶᠠ ᠬᠦᠷᠴᠦ᠂ ᠦᠨᠳᠦᠷ ᠨᠠᠰᠤᠨ ᠤ  ᠥᠯᠵᠡᠢ ᠬᠤᠳᠤᠭ ᠢ ᠦᠷ᠎ᠡ ᠬᠡᠤᠬᠡᠳ ᠤᠨ ᠠᠴᠢᠯᠠᠯ ᠡᠯᠪᠡᠷᠢᠯ ᠲᠠᠢ ᠡᠳ᠋ᠯᠡᠵᠦ ᠪᠠᠶᠢᠨ᠎ᠠ᠃ ᠤᠶᠢᠷ᠎ᠠ ᠳᠤ ᠰᠤᠷᠪᠤᠯᠵᠢᠯᠠᠭᠴᠢ᠂ ᠨᠠᠰᠤᠲᠠᠨ ᠴᠢ ᠢ ᠹᠦ᠋ ᠶᠢ ᠪᠡᠭᠡᠵᠢᠩ ᠬᠤᠲᠠ ᠶᠢᠨ ᠵᠡᠭᠦᠨ ᠲᠡᠭᠦᠷᠭᠡ   ᠳᠠᠬᠢ ᠪᠣᠷᠤᠭᠵᠢᠭᠤᠬᠠᠨ ᠰᠠᠭᠤᠴᠠᠨ ᠳᠤ ᠨᠢ ᠰᠤᠷᠪᠤᠯᠵᠢᠯᠠᠬᠤ ᠪᠠᠷ ᠬᠦᠷᠴᠦ ᠪᠢᠯᠡ᠃ ᠲᠡᠷᠡ ᠪᠢᠲᠡᠨ ᠤ ᠦᠷᠭᠡᠨ ᠤᠯᠠᠨ ᠰᠤᠨᠤᠰᠤᠭᠴᠢᠳ ᠲᠤ ᠬᠠᠨᠳᠤᠵᠤ ᠨᠡᠯᠢᠶᠡᠳ ᠨᠡᠶᠢᠲᠡᠯᠢᠭ ᠮᠤᠩᠭᠤᠯᠵᠢᠨ ᠨᠤᠲᠤᠭ ᠤᠨ ᠠᠶᠠᠯᠭᠤ ᠪᠠᠷ ᠬᠡᠯᠡᠬᠦ ᠳᠡᠭᠡᠨ ︵ᠰᠢᠩᠭᠡᠭᠡᠯᠲᠡ︶᠃ ᠴᠢ ᠢ ᠹᠦ᠋ ᠭᠤᠸᠠᠢ 1921 ᠤᠨ ᠳᠤ ᠮᠤᠩᠭᠤᠯᠵᠢᠨ ᠨᠤᠲᠤᠭ᠂ ᠦᠭᠡᠷ᠎ᠡ ᠪᠠᠷ ᠬᠡᠯᠡᠪᠡᠯ ᠤᠳᠤ ᠶᠢᠨ ᠯᠢᠶᠤᠤᠨᠢᠩ ᠮᠤᠵᠢ ᠶᠢᠨ ᠹᠦᠰᠢᠨ ᠰᠢᠶᠠᠨ ᠤ ᠬᠦᠳᠡᠭᠡ ᠶᠢᠨ ᠨᠢᠭᠡᠨ ᠴᠢᠨᠡᠭᠡᠯᠢᠭ ᠲᠠᠷᠢᠶᠠᠴᠢᠨ ᠠᠶᠢᠯ ᠳᠤ ᠵᠠᠶᠠᠭᠠᠭᠰᠠᠨ ᠪᠠᠶᠢᠵᠠᠢ᠃ ᠲᠡᠭᠦᠨ ᠤ ᠨᠦᠭᠦᠭᠡ ᠨᠢᠭᠡ ᠨᠡᠷ᠎ᠡ ᠨᠢ ᠬᠠᠴᠢᠩᠭ᠎ᠠ ᠭᠡᠳᠡᠭ᠃ ᠬᠠᠷ᠎ᠠ ᠪᠠᠭ᠎ᠠ ᠠᠴᠠ ᠪᠠᠨ ᠡᠴᠢᠭᠡ ᠡᠬᠡ ᠠᠴᠠ ᠪᠠᠨ ᠦᠨᠦᠴᠢᠨ ᠬᠤᠴᠤᠷᠤᠭᠰᠠᠨ ᠲᠡᠷᠡ ᠬᠠᠲᠠᠭᠤ ᠠᠮᠢᠳᠤᠷᠠᠯ ᠤᠨ ᠡᠯᠡ ᠬᠠᠯᠠ ᠶᠢ ᠦᠵᠡᠵᠦ ᠶᠠᠪᠤᠵᠠᠢ᠃ ᠭᠡᠷ ᠤᠨ ᠬᠡᠷᠡᠭ ᠢ ᠡᠵᠡᠨ ᠮᠡᠳᠡᠳᠡᠭ ᠴᠢᠳᠠᠪᠤᠷᠢᠯᠢᠭ ᠪᠦᠭᠡᠳ ᠰᠢᠷᠦᠭᠦᠨ ᠵᠠᠩ ᠲᠠᠢ ᠪᠡᠯᠪᠠᠰᠤᠨ ᠡᠮᠡᠭᠡ ᠨᠢ ᠨᠤᠮᠤᠬᠠᠨ ᠰᠢᠳᠤᠷᠭᠤ ᠤᠢ ᠤᠬᠠᠭᠠᠨ ᠰᠡᠷᠭᠦᠯᠡᠩ ᠴᠢ ᠢ ᠹᠦ᠋ ᠶᠢ ᠨᠤᠮ ᠪᠢᠴᠢᠭ ᠰᠤᠷᠭᠠᠬᠤ ᠪᠠᠷ ᠰᠢᠶᠠᠨ ᠤ ᠬᠤᠲᠠ ᠳᠤ  ᠬᠦᠷᠭᠡᠬᠦ ᠳᠡᠭᠡᠨ᠂ ᠰᠠᠷ᠎ᠠ ᠪᠦᠷᠢ ᠨᠢᠭᠡ ᠳ᠋ᠸᠤ ᠨᠠᠷᠢᠮᠤ ᠶᠢ ᠳᠠᠪᠤᠰᠤᠯᠠᠭᠰᠠᠨ ᠨᠤᠭᠤᠭ᠎ᠠ ᠲᠠᠢ ᠬᠦᠨᠡᠰᠦ ᠪᠤᠯᠭᠠᠨ ᠦᠭᠴᠦ ᠪᠠᠶᠢᠵᠠᠢ᠃ ᠬᠤᠪᠢ ᠪᠠᠨ ᠬᠦᠭᠡᠭᠡᠵᠦ ᠭᠤᠤᠯ ᠢᠶᠠᠨ ᠰᠠᠬᠢᠨ᠂ ᠡᠷᠳᠡᠮ ᠨᠤᠮ ᠢ  ᠬᠢᠴᠢᠶᠡᠨ ᠰᠤᠷᠴᠤ ᠶᠠᠪᠤᠭᠰᠠᠭᠠᠷ᠂ ᠳᠤᠷᠤᠶᠢᠲᠠᠭᠰᠠᠨ ᠠᠶᠢᠯ ᠤᠨ ᠶᠠᠳᠠᠭᠰᠠᠨ ᠠᠮᠢᠳᠤᠷᠠᠯ ᠳᠤ ᠦᠴᠦᠬᠡᠨ ᠪᠤᠯᠪᠠᠴᠤ ᠲᠤᠰᠠ ᠪᠤᠯᠭᠤᠵᠠᠢ ᠭᠡᠮᠡᠨ ᠵᠠᠯᠠᠭᠤ ᠪᠠᠭ᠎ᠠ ᠪᠠᠶᠢᠭᠰᠠᠨ ᠴᠢ ᠢ ᠹᠦ᠋ 1942 ᠤᠨ ᠠᠴᠠ  ᠲᠦᠮᠡᠳ ᠵᠡᠭᠦᠨ ᠬᠤᠰᠢᠭᠤᠨ ᠤ ᠢᠷᠭᠡᠨ ᠤ ᠳᠡᠭᠡᠳᠤ ᠵᠡᠷᠭᠡ ᠶᠢᠨ ᠰᠤᠷᠭᠠᠭᠤᠯᠢ ᠳᠤ ᠪᠠᠭᠰᠢ ᠪᠤᠯᠵᠤ᠂ ᠮᠤᠩᠭᠤᠯ ᠪᠢᠴᠢᠭ ᠵᠢᠭᠠᠵᠤ ᠪᠠᠶᠢᠵᠠᠢ᠃  ᠬᠤᠵᠢᠮ ᠨᠢ ᠲᠡᠷᠡ ᠪᠡᠭᠡᠵᠢᠩ ᠳᠠᠬᠢ ᠮᠤᠩᠭᠤᠯ ᠲᠦᠪᠡᠳ ᠤᠨ ᠰᠤᠷᠭᠠᠭᠤᠯᠢ ᠶᠢᠨ ᠪᠠᠭᠰᠢ ᠶᠢᠨ ᠲᠤᠰᠬᠠᠢ ᠮᠡᠷᠭᠡᠵᠢᠯ ᠳᠤ ᠰᠤᠷᠤᠯᠴᠠᠵᠤ ᠪᠠᠶᠢᠭᠠᠳ᠂ ᠴᠢᠯᠦᠭᠡᠯᠡᠭᠳᠡᠬᠦ ᠶᠢᠨ ᠦᠶ᠎ᠡ ᠪᠠᠷ ᠠᠷᠠᠳ ᠤᠨ ᠬᠤᠪᠢᠰᠬᠠᠯ ᠤᠨ ᠵᠠᠮ ᠳᠤ ᠠᠯᠲᠠᠨ ᠵᠢᠯᠤᠭᠤ ᠪᠠᠨ ᠰᠤᠩᠭᠠᠨ ᠂ ᠳᠤᠮᠳᠠᠳᠤ ᠤᠯᠤᠰ ᠤᠨ ᠠᠷᠠᠳ ᠤᠨ ᠬᠤᠪᠢᠰᠬᠠᠯ ᠤᠨ ᠶᠡᠭᠡ ᠰᠤᠷᠭᠠᠭᠤᠯᠢ ᠳᠤ ᠪᠤᠯᠪᠠᠰᠤᠷᠠᠯ ᠬᠦᠷᠲᠡᠵᠦ ᠶᠠᠪᠤᠯ᠎ᠠ᠃ ᠪᠡᠯᠡᠳᠭᠡᠯ ᠲᠦᠬᠦᠭᠡᠷᠦᠮᠵᠢ ᠪᠠᠷᠤᠭᠲᠠᠶᠢᠬᠠᠨ ᠡᠨᠡ ᠰᠤᠷᠭᠠᠭᠤᠯᠢ ᠳᠤ ᠲᠡᠷᠡ ᠵᠦ ᠳ᠋ᠧ᠂ ᠴᠧᠨ ᠢ ᠵᠡᠷᠭᠡ ᠠᠬᠠᠮᠠᠳ ᠤᠳᠤᠷᠢᠳᠬᠤ ᠬᠦᠮᠦᠰ ᠤᠨ ᠢᠯᠡᠳᠭᠡᠯ ᠢ ᠦᠷᠭᠦᠯᠵᠢ ᠰᠤᠨᠤᠰᠲᠠᠭ ᠪᠠᠶᠢᠯ᠎ᠠ᠃ ᠰᠤᠷᠤᠯᠭ᠎ᠠ ᠲᠡᠭᠦᠰᠬᠡᠭᠡᠳ ᠲᠡᠷᠡ ᠪᠠᠷ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠳᠤ ᠠᠵᠢᠯ ᠬᠤᠪᠢᠶᠠᠷᠢᠯᠠᠬᠤ ᠶᠢ ᠬᠦᠯᠢᠶᠡᠵᠦ᠂ ᠲᠤᠰ ᠵᠦᠪᠯᠡᠯ ᠤᠨ ᠲᠠᠨᠢᠯᠴᠠᠭᠤᠯᠭ᠎ᠠ ᠲᠠᠢ ᠪᠠᠷ ᠠᠷᠠᠳ ᠤᠨ ᠲᠦᠪ ᠷᠠᠳᠢᠤ᠋  ᠶᠢᠨ ᠦᠨᠳᠦᠰᠦᠲᠡᠨ ᠤ ᠬᠡᠯᠡᠨ ᠤ ᠨᠡᠪᠲᠡᠷᠡᠭᠦᠯᠭᠡ ᠪᠠᠶᠢᠭᠤᠯᠬᠤ ᠳᠤ ᠬᠠᠲᠠᠪᠴᠢ ᠶᠢ ᠨᠢ ᠠᠩᠬ᠎ᠠ ᠠᠯᠬᠤᠵᠤ ᠤᠷᠤᠭᠰᠠᠨ ᠪᠢᠯᠡ᠃       ᠤᠤᠭᠠᠨ ᠨᠠᠶᠢᠷᠠᠭᠤᠯᠤᠭᠴᠢ ᠨᠠᠰᠤᠲᠠᠨ ᠴᠢ ᠢ ᠹᠦ᠋ ᠶᠢᠨ ᠡᠷᠭᠢᠴᠡᠭᠦᠯᠵᠦ ᠲᠤᠷᠠᠰᠤᠭᠰᠠᠨ ᠢᠶᠠᠷ᠂ ᠲᠡᠷᠡ ᠦᠶ᠎ᠡ ᠪᠤᠯ ᠲᠦᠪ ᠷᠠᠳᠢᠤ᠋ ᠶᠢᠨ ᠠᠵᠢᠯ ᠦᠢᠯᠡᠰ ᠬᠤᠲᠠ ᠳᠤ ᠣᠷᠤᠭᠰᠠᠨ ᠤ ᠳᠠᠷᠠᠭᠠᠬᠠᠨ ᠬᠠᠲᠠᠭᠤ ᠪᠡᠷᠬᠡ ᠦᠶ᠎ᠡ ᠳᠡᠭᠡᠨ ᠪᠠᠶᠢᠵᠠᠢ᠃ ᠪᠠᠷᠠᠭᠤᠨ ᠴᠠᠩ ᠠᠨ ᠵᠡᠭᠡᠯᠢ ᠶᠢᠨ ᠯᠢᠤ ᠪᠦ᠋ ᠺᠸᠤ  ᠭᠡᠳᠡᠭ ᠭᠠᠵᠠᠷ ᠲᠤ ᠪᠠᠶᠢᠭᠰᠠᠨ ᠠᠵᠢᠯᠯᠠᠬᠤ ᠪᠠᠶᠢᠰᠢᠩ  ᠨᠢ ᠬᠠᠭᠤᠴᠢᠨ ᠪᠠᠷᠢᠯᠭ᠎ᠠ ᠪᠠᠶᠢᠭᠰᠠᠨ ᠪᠦᠭᠡᠳ ᠮᠡᠷᠭᠡᠵᠢᠯ ᠤᠨ ᠲᠤᠨᠤᠭ ᠲᠦᠬᠦᠭᠡᠷᠤᠮᠵᠢ ᠭᠡᠵᠦ ᠮᠠᠰᠢ ᠳᠦᠭᠦᠮᠬᠡᠨ᠂ ᠬᠦᠮᠦᠨ ᠬᠠᠷ᠎ᠠ ᠨᠢ ᠭᠡᠳ ᠶᠡᠭᠡ ᠴᠦᠬᠡᠨ ᠪᠠᠶᠢᠵᠠᠢ᠃ ᠮᠤᠩᠭᠤᠯ ᠬᠡᠯᠡᠨ ᠤ ᠨᠡᠪᠲᠡᠷᠡᠭᠦᠯᠭᠡ ᠳᠤ ᠡᠬᠢᠨ ᠳᠡᠭᠡᠨ ᠬᠤᠶᠠᠷᠬᠠᠨ ᠠᠵᠢᠯᠲᠠᠨ ᠲᠠᠢ ᠪᠠᠶᠢᠭᠰᠠᠨ ᠲᠤᠯᠠ ᠴᠢ ᠢ ᠹᠦ᠋ ᠭᠤᠸᠠᠢ ᠨᠦᠭᠦᠭᠡ ᠨᠦᠬᠦᠷ ᠲᠠᠢ ᠪᠠᠨ ᠬᠠᠮᠲᠤ ᠬᠢᠲᠠᠳ ᠰᠤᠨᠢᠨ ᠮᠡᠳᠡᠭᠡᠨ ᠤ ᠡᠬᠡ ᠪᠢᠴᠢᠭ ᠢ ᠮᠤᠩᠭᠤᠯᠴᠢᠯᠠᠵᠤ᠂ ᠮᠤᠩᠭᠤᠯᠴᠢᠯᠠᠭᠰᠠᠨ ᠢᠶᠠᠨ ᠬᠠᠷᠢᠯᠴᠠᠨ ᠬᠢᠨᠠᠵᠤ᠂ ᠡᠭᠡᠯᠵᠢ ᠪᠠᠷ ᠨᠡᠪᠲᠡᠷᠡᠭᠦᠯᠵᠦ᠂ ᠡᠭᠡᠯᠵᠢ ᠪᠠᠷ ᠬᠢᠨᠠᠵᠤ ᠰᠤᠨᠤᠰᠳᠠᠭ ᠪᠠᠶᠢᠯ᠎ᠠ᠃ ᠲᠡᠷᠡ ᠦᠶ᠎ᠡ ᠳᠤ ᠨᠡᠪᠲᠡᠷᠡᠭᠦᠯᠭᠡ ᠪᠠᠨ ᠰᠢᠩᠭᠡᠭᠡᠳ ᠰᠠᠴᠤᠳᠠᠭ ᠪᠢᠰᠢ᠂ ᠬᠠᠷᠢᠨ ᠰᠢᠭᠤᠳ ᠨᠡᠪᠲᠡᠷᠡᠭᠦᠯᠳᠡᠭ ᠪᠠᠶᠢᠭᠰᠠᠨ ᠶᠤᠮ᠃ ᠲᠡᠭᠡᠬᠦᠯᠡᠷ ᠨᠡᠪᠲᠡᠷᠡᠭᠦᠯᠦᠭᠴᠢ ᠪᠤᠷᠤᠭᠤ ᠲᠠᠰᠢᠶ᠎ᠠ ᠤᠩᠰᠢᠬᠤ ᠳᠤ ᠬᠦᠷᠪᠡᠯ ᠰᠢᠩᠭᠡᠭᠡᠯᠲᠡ ᠶᠢᠨ ᠲᠠᠰᠤᠯᠭᠠᠨ ᠤᠷᠤᠭᠤ ᠵᠢᠵᠢᠭ ᠴᠠᠭᠠᠰᠤᠨ ᠳᠡᠭᠡᠷ᠎ᠡ ᠮᠡᠳᠡᠭᠳᠡᠭᠡᠳ ᠵᠠᠯᠠᠷᠠᠭᠤᠯᠳᠠᠭ ᠪᠠᠶᠢᠵᠠᠢ᠃ ᠵᠠᠷᠢᠮ ᠳᠠᠭᠠᠨ ᠴᠢᠬᠤᠯᠠ ᠡᠬᠡ ᠪᠢᠴᠢᠭ ᠶᠠᠭᠠᠷᠠᠤ ᠢᠷᠡᠭᠰᠡᠨ ᠪᠠᠶᠢᠪᠠᠯ ᠨᠡᠪᠲᠡᠷᠡᠭᠦᠯᠦᠭᠴᠢ ᠬᠢᠲᠠᠳ ᠡᠬᠡ ᠪᠢᠴᠢᠭ ᠢᠶᠠᠨ ᠦᠵᠡᠵᠦ ᠪᠠᠶᠢᠭᠠᠳ ᠮᠤᠩᠭᠤᠯᠴᠢᠯᠠᠨ ᠨᠡᠪᠲᠡᠷᠡᠭᠦᠯᠳᠡᠭ ᠪᠠᠶᠢᠭᠰᠠᠨ ᠲᠤᠯᠠ ᠬᠢᠲᠠᠳ ᠮᠤᠩᠭᠤᠯ ᠬᠡᠯᠡᠨ ᠤ ᠪᠤᠯᠪᠠᠰᠤᠷᠠᠯ ᠮᠠᠰᠢ ᠰᠠᠶᠢᠨ ᠪᠠᠶᠢᠬᠤ ᠶᠢ ᠱᠠᠭᠠᠷᠳᠠᠳᠠᠭ ᠶᠤᠮ᠃ ᠲᠡᠷᠡ ᠦᠶ᠎ᠡ ᠳᠤ ᠰᠤᠨᠢᠨ ᠰᠡᠳᠬᠦᠯ ᠴᠦᠬᠡᠨ᠂ ᠯᠠᠪᠯᠠᠬᠤ ᠮᠠᠲ᠋ᠧᠷᠢᠶᠠᠯ ᠬᠤᠪᠤᠷ᠂ ᠤᠯᠢᠭᠲᠠᠢ ᠲᠤᠯᠢ ᠪᠢᠴᠢᠭ  ᠴᠦ ᠪᠠᠶᠢᠬᠤ ᠦᠭᠡᠢ ᠪᠤᠯᠬᠤᠷ ᠨᠡᠪᠲᠡᠷᠡᠭᠦᠯᠭᠡ ᠳᠤ ᠳᠤᠬᠢᠶᠠᠯᠳᠤᠳᠠᠭ ᠡᠳᠤᠢ ᠲᠡᠳᠤᠢ ᠨᠡᠷ᠎ᠡ ᠲᠤᠮᠢᠶ᠎ᠠ ᠶᠢ ᠰᠢᠢᠳᠪᠦᠷᠢᠯᠡᠬᠦ ᠳᠤ ᠶᠡᠭᠡ ᠬᠦᠴᠦ ᠤᠷᠤᠭᠤᠯᠵᠤ᠂ ᠵᠠᠷᠢᠮ ᠳᠠᠭᠠᠨ ᠮᠠᠰᠢ ᠪᠡᠷᠬᠡᠳᠡᠳᠡᠭ ᠪᠠᠶᠢᠵᠠᠢ᠃ ᠬᠢᠲᠠᠳ ᠡᠬᠡ ᠪᠢᠴᠢᠭ ᠤᠨ ᠤᠭ ᠬᠡᠯᠡᠯᠭᠡ ᠶᠢ ᠢᠯᠡᠳᠭᠡᠬᠦ ᠳᠤ ᠪᠡᠷᠬᠡᠲᠡᠵᠦ ᠪᠠᠶᠢᠭᠰᠠᠨ ᠵᠠᠷᠢᠮ ᠦᠶ᠎ᠡ ᠳᠤ᠂ ᠲᠤᠬᠠᠢ ᠶᠢᠨ ᠦᠶ᠎ᠡ ᠶᠢᠨ ᠤᠳᠤᠷᠢᠳᠤᠯᠭ᠎ᠠ ᠶᠢ ᠡᠷᠢᠵᠦ᠂ ᠤᠨᠳᠤᠤ ᠶᠠᠩᠵᠤ ᠪᠠᠷ ᠢᠯᠡᠳᠭᠡᠬᠦ ᠶᠢ ᠰᠠᠨᠠᠭᠠᠴᠢᠯᠠᠵᠤ ᠪᠡᠷᠬᠡᠰᠢᠶᠡᠯ ᠢ ᠳᠠᠪᠠᠵᠤ ᠪᠠᠶᠢᠯ᠎ᠠ᠃ ᠲᠡᠷᠡ ᠦᠶ᠎ᠡ ᠳᠤ ᠵᠠᠯᠠᠭᠤ ᠪᠠᠭ᠎ᠠ ᠪᠠᠶᠢᠭᠰᠠᠨ ᠪᠤᠯᠬᠤᠷ ᠥᠷᠯᠥᠭᠡ ᠠᠴᠠ ᠥᠳᠡᠰᠢ ᠪᠤᠯᠲᠠᠯ᠎ᠠ ᠠᠵᠢᠯ ᠳᠠᠭᠠᠨ ᠯᠡ ᠰᠢᠮᠳᠡᠵᠦ᠂ ᠦᠭᠡᠷ᠎ᠡ ᠶᠠᠭᠤᠮᠠᠨ ᠳᠤ ᠶᠡᠷᠤ ᠰᠡᠳᠬᠢᠯ ᠬᠤᠪᠢᠶᠠᠭᠳᠠᠳᠠᠭ ᠦᠭᠡᠢ ᠪᠠᠶᠢᠪᠠ᠃         ᠴᠢ ᠢ ᠹᠦ᠋ ᠭᠤᠸᠠᠢ ᠢᠩᠬᠢᠵᠦ ᠠᠷᠠᠯ ᠤᠨ ᠱᠠᠷ ᠰᠢᠭ᠋ ᠠᠷᠠᠳ ᠤᠨ ᠷᠠᠳᠢᠤ᠋ ᠦᠢᠯᠡᠰ ᠲᠤ ᠨᠤᠮᠤᠬᠠᠨ ᠰᠢᠳᠤᠷᠭᠤ ᠵᠢᠳᠬᠦᠵᠦ ᠪᠠᠶᠢᠳᠠᠯ᠎ᠠ᠂ 1961 ᠤᠨ ᠤ 6 ᠰᠠᠷ᠎ᠠ ᠳᠤ ᠲᠡᠭᠦᠨ ᠤ ᠠᠮᠢᠳᠤᠷᠠᠯ ᠳᠤ ᠭᠡᠨᠡᠳᠲᠡ ᠶᠢᠨ ᠡᠷᠭᠢᠯᠲᠡ ᠭᠠᠷᠴᠠᠢ᠃ ᠭᠠᠢ ᠭᠠᠵᠠᠷ ᠳᠤᠤᠷ᠎ᠠ ᠠᠴᠠ ᠭᠡᠭᠴᠢ ᠪᠠᠷ᠂ ᠬᠠᠮᠢᠶ᠎ᠠ ᠦᠭᠡᠢ ᠦᠭᠡᠷ᠎ᠡ ᠬᠦᠮᠦᠨ ᠤ ᠠᠮᠢᠨ ᠬᠡᠷᠡᠭ ᠢ ᠬᠠᠶᠢᠷ᠎ᠠ ᠨᠠᠶᠢᠷ ᠦᠭᠡᠢ ᠪᠠᠷ ᠲᠡᠭᠦᠨ ᠤ ᠲᠤᠯᠤᠭᠠᠢ ᠳᠡᠭᠡᠷ᠎ᠡ ᠬᠦᠮᠦᠷᠢᠵᠦ᠂ ᠲᠦᠷᠦᠭᠰᠡᠨ ᠨᠤᠲᠤᠭ ᠠᠴᠠ ᠨᠢ ᠨᠡᠬᠡᠮᠵᠢᠯᠡᠵᠦ ᠢᠷᠡᠭᠰᠡᠨ ᠬᠢᠯᠢᠰ ᠬᠦᠵᠢᠷ ᠬᠡᠷᠡᠭ ᠢ ᠳᠦᠩᠭᠡᠵᠦ ᠳᠦᠴᠢ ᠬᠦᠷᠦᠭᠡ ᠦᠭᠡᠢ ᠴᠢ ᠢ ᠹᠦ᠋ ᠳᠤ ᠠᠯᠪᠠ ᠪᠠᠷ ᠲᠤᠯᠭᠠᠨ᠂ ᠦᠭᠡ ᠳᠠᠭᠤᠨ ᠦᠭᠡᠢ ᠭᠠᠪᠠ ᠵᠡᠭᠦᠯᠭᠡᠨ ᠪᠠᠷᠢᠪᠴᠢᠯᠠᠵᠤ ᠠᠪᠤᠭᠠᠳ᠂ ᠵᠡᠭᠦᠨ ᠬᠤᠶᠢᠲᠤ ᠤᠷᠤᠨ ᠤ ᠹᠦᠱᠦ᠋ᠨ ᠤ ᠭᠢᠨᠳᠠᠨ ᠳᠤ ᠬᠤᠷᠢᠭᠰᠠᠨ ᠪᠠᠶᠢᠯ᠎ᠠ᠃ ᠬᠠᠤᠯᠢ ᠳᠦᠷᠢᠮ᠂ ᠭᠡᠷᠡᠴᠢ ᠪᠠᠷᠢᠮᠲᠠ ᠭᠡᠳᠡᠭ ᠢ ᠤᠯᠠ ᠳᠠᠭᠠᠨ ᠭᠢᠰᠭᠢᠭᠰᠡᠨ ᠲᠤᠯᠠ᠂ ᠠᠶᠤᠯᠭᠠᠵᠤ ᠰᠦᠷᠲᠡᠭᠦᠯᠬᠦ ᠠᠷᠭᠠᠳᠠᠬᠤ ᠲᠠᠲᠠᠬᠤ᠂ ᠰᠢᠬᠠᠵᠤ ᠦᠴᠢᠭᠯᠡᠭᠦᠯᠬᠦ ᠨᠢ ᠭᠡᠨᠡᠳᠲᠡ ᠶᠢᠨ ᠶᠠᠪᠤᠳᠠᠯ ᠪᠢᠰᠢ ᠪᠤᠯᠵᠤ᠂ ᠨᠤᠮᠤᠬᠠᠨ ᠰᠢᠳᠤᠷᠭᠤ ᠦᠨᠡᠨ ᠢᠶᠠᠨ ᠬᠡᠯᠡᠵᠤ ᠪᠡᠯᠡᠨ ᠢᠶᠠᠨ ᠢᠳᠡᠭᠰᠡᠨ ᠴᠢ ᠢ ᠹᠦ᠋ ᠬᠢᠯᠢᠰ ᠬᠦᠵᠢᠷ ᠬᠡᠷᠡᠭ ᠠᠴᠠ ᠶᠠᠭᠠᠬᠢᠭᠰᠠᠨ ᠴᠦ ᠮᠣᠯᠲᠤᠷᠠᠵᠤ ᠴᠢᠳᠠᠭᠰᠠᠨ ᠦᠭᠡᠢ᠂ ᠬᠠᠷᠠᠩᠭᠤᠢ ᠱᠤᠷᠤᠩ  ᠳᠤ ᠬᠤᠷᠢᠭᠳᠠᠬᠤ ᠯᠠ ᠪᠤᠯᠵᠠᠢ᠃        ᠲᠡᠷᠡ ᠦᠶ᠎ᠡ ᠳᠤ ᠴᠢ ᠢ ᠹᠦ᠋ ᠶᠠᠭ ᠠᠭᠤᠰᠬᠢᠨ ᠤ ᠮᠡᠰᠡ ᠵᠠᠰᠠᠯ ᠬᠢᠯᠭᠡᠭᠡᠳ ᠠᠷᠠᠢ ᠴᠢᠮᠠᠢ ᠳᠦᠩᠭᠡᠵᠤ ᠪᠠᠶᠢᠭᠰᠠᠨ ᠪᠤᠯᠬᠤᠷ ᠭᠡᠨᠡᠳᠲᠡ ᠶᠢᠨ ᠬᠦᠨᠳᠦ ᠴᠤᠬᠢᠯᠲᠠ ᠳᠤ ᠮᠠᠶᠢᠵᠢᠬᠢ ᠮᠤᠳᠤᠨ ᠲᠡᠷᠭᠡ ᠰᠢᠭ ᠰᠤᠯᠠᠬᠠᠨ ᠪᠡᠶ᠎ᠡ ᠨᠢ ᠰᠠᠯᠪᠠᠷᠠᠵᠤ ᠰᠦᠢᠷᠡᠬᠦ ᠰᠢᠬᠠᠵᠠᠢ᠃ ᠭᠡᠪᠡᠴᠦ ᠲᠡᠷᠡ ᠦᠨᠡᠨ ᠤ ᠪᠠᠲᠤ ᠢᠲᠡᠭᠡᠯ ᠪᠠ ᠰᠡᠳᠬᠢᠯ ᠤᠨ ᠬᠠᠲᠠᠭᠤ ᠲᠠᠮᠢᠷ ᠢᠶᠠᠷ ᠬᠤᠶᠠᠷ ᠬᠥᠯ ᠳᠡᠭᠡᠷ᠎ᠡ ᠪᠠᠨ ᠴᠢᠳᠠᠨ ᠴᠢᠳᠠᠨ ᠲᠤᠭᠲᠠᠵᠤ ᠪᠠᠶᠢᠯ᠎ᠠ᠃ ᠲᠡᠭᠡᠭᠡᠳ ᠡᠨᠡ ᠨᠢᠭᠡ ᠠᠶᠢᠯ ᠤᠨ ᠭᠡᠷ ᠪᠦᠯᠢ ᠦᠷ᠎ᠡ ᠬᠡᠤᠬᠡᠳ ᠪᠤᠲᠠᠷᠠᠨ ᠰᠠᠷᠨᠢᠵᠤ᠂ ᠠᠪᠠᠭᠠᠢ ᠡᠬᠡᠨᠡᠷ ᠨᠢ ᠪᠠᠭ᠎ᠠ ᠪᠠᠯᠴᠢᠷ ᠬᠡᠤᠬᠡᠳ ᠢᠶᠠᠨ ᠬᠦᠲᠦᠯᠦᠭᠡᠳ ᠂ ᠬᠦᠳᠡᠭᠡ ᠨᠤᠲᠤᠭ ᠲᠠᠭᠠᠨ ᠬᠦᠭᠡᠭᠡᠭᠳᠡᠭᠰᠡᠨ ᠪᠠᠶᠢᠯ᠎ᠠ᠃        ᠨᠠᠮ  ᠤᠨ ᠠᠷᠪᠠᠨ ᠨᠢᠭᠡᠳᠦᠭᠡᠷ ᠬᠤᠭᠤᠴᠠᠭᠠᠨ ᠤ ᠲᠦᠪ ᠬᠤᠷᠢᠶᠠᠨ ᠤ ᠭᠤᠷᠪᠠᠳᠤᠭᠠᠷ ᠪᠦᠭᠦᠳᠡ ᠬᠤᠷᠠᠯ ᠠᠴᠠ ᠬᠤᠶᠢᠰᠢ᠂ ᠴᠠᠭ ᠲᠦᠷᠦ ᠲᠡᠭᠰᠢᠷᠡᠵᠦ᠂ ᠬᠢᠯᠢᠰ ᠪᠤᠷᠤᠭᠤ ᠬᠡᠷᠡᠭ ᠢ ᠴᠠᠭᠠᠪᠤᠷᠢᠯᠠᠵᠤ ᠡᠬᠢᠯᠡᠭᠰᠡᠨ ᠢᠶᠠᠷ᠂ ᠴᠢ ᠢ ᠹᠦ᠋ ᠭᠤᠸᠠᠢ ᠴᠦ 1982 ᠤᠨ ᠳᠤ ᠦᠨᠡᠨ ᠴᠠᠭᠠᠨ ᠢᠶᠠᠨ ᠤᠯᠵᠤ᠂ ᠤᠭ ᠤᠨ ᠠᠵᠢᠯᠯᠠᠵᠤ ᠪᠠᠶᠢᠭᠰᠠᠨ ᠲᠦᠪ ᠷᠠᠳᠢᠤ᠋ ᠳᠠᠭᠠᠨ ᠪᠤᠴᠠᠵᠤ ᠢᠷᠡᠵᠠᠢ᠃ ᠬᠢᠯᠢᠰ ᠬᠡᠷᠡᠭ ᠲᠤ ᠦᠷᠲᠡᠭᠰᠡᠨ ᠨᠢ ᠦᠨᠡᠨ ᠪᠤᠯᠪᠠᠴᠤ᠂ ᠰᠤᠶᠤᠯ ᠤᠨ ᠬᠤᠪᠢᠰᠬᠠᠯ ᠠᠴᠠ ᠡᠮᠦᠨᠡᠬᠢ ᠶᠠᠪᠤᠳᠠᠯ ᠪᠤᠯᠬᠤᠷ ᠰᠤᠶᠤᠯ ᠤᠨ ᠬᠤᠪᠢᠰᠬᠠᠯ ᠳᠤᠮᠳᠠ ᠬᠢᠯᠢᠰᠳᠡᠭᠰᠡᠨ ᠤ ᠠᠴᠢ ᠨᠦᠬᠦᠪᠦᠷᠢ ᠶᠢ ᠡᠳ᠋ᠯᠡᠬᠦ ᠡᠷᠬᠡ ᠴᠢ ᠢ ᠹᠦ᠋ ᠳᠤ ᠤᠯᠳᠠᠭᠰᠠᠨ ᠦᠭᠡᠢ᠃ ᠳᠦᠴᠢᠭᠡᠳᠬᠡᠨ ᠨᠠᠰᠤᠲᠠᠢ ᠳᠠᠭᠠᠨ ᠬᠢᠯᠢᠰ ᠢᠶᠠᠷ ᠱᠤᠷᠤᠩ ᠳᠤ ᠬᠤᠷᠢᠭᠳᠠᠭᠠᠳ᠂ ᠬᠤᠷᠢ ᠭᠠᠷᠤᠢ ᠵᠢᠯ ᠬᠠᠯᠠ ᠡᠯᠡ ᠠᠮᠰᠠᠵᠤ᠂ ᠤᠭ ᠪᠠᠶᠢᠭᠤᠯᠭ᠎ᠠ ᠳᠠᠭᠠᠨ ᠪᠤᠴᠠᠵᠤ ᠢᠷᠡᠬᠦ ᠳᠤ ᠴᠠᠯᠢᠩ ᠬᠦᠯᠦᠰᠦᠨ ᠤ ᠨᠦᠬᠦᠪᠦᠷᠢ ᠭᠡᠵᠦ ᠨᠢᠭᠡ ᠮᠦᠩᠭᠦ ᠤᠯᠭᠤᠭ᠎ᠠ ᠦᠭᠡᠢ ᠶᠢ ᠪᠦᠦ ᠬᠡᠯᠡ᠂ ᠠᠯᠠᠭ ᠬᠤᠷᠸ᠎ᠠ ᠲᠡᠭᠦᠨ ᠢ ᠠᠵᠢᠯᠯᠠᠬᠤ ᠨᠠᠰᠤᠨ ᠠᠴᠠ ᠬᠡᠳᠦᠶᠢᠨ ᠦᠩᠭᠡᠷᠡᠭᠦᠯᠦᠭᠰᠡᠨ ᠪᠠᠶᠢᠵᠠᠢ᠃ ᠬᠤᠪᠢ ᠵᠠᠶᠠᠭᠠᠨ ᠤ ᠭᠤᠤᠯᠴᠢ ᠪᠤᠰᠤ ᠡᠶᠢᠮᠦ ᠤᠯᠭᠤᠮᠵᠢ ᠶᠢ ᠨᠤᠮᠤᠬᠠᠨ ᠰᠢᠳᠤᠷᠭᠤ ᠡᠨᠡ ᠬᠦᠮᠦᠨ ᠡᠭᠡᠯ ᠵᠢᠷ ᠤᠨ ᠰᠡᠳᠬᠢᠯ ᠢᠶᠠᠷ ᠶᠠᠮᠠᠷ ᠴᠦ ᠭᠤᠮᠤᠳᠠᠯ ᠭᠡᠮᠰᠢᠯ ᠦᠭᠡᠢ  ᠬᠦᠯᠢᠶᠡᠨ ᠵᠦᠪᠰᠢᠶᠡᠷᠡᠭᠡᠳ ︽ᠠᠵᠢᠯ ᠤᠨ ᠠᠮᠠᠷᠠᠯᠲᠠ︾ ᠪᠠᠨ ᠠᠪᠬᠤ ᠪᠠᠷ ᠪᠤᠯᠵᠠᠢ       ᠠᠮᠠᠷᠠᠯᠲᠠ ᠪᠠᠨ ᠠᠪᠤᠭᠰᠠᠨ ᠤ ᠬᠤᠶᠢᠨ᠎ᠠ ᠴᠢ ᠢ ᠹᠦ᠋ ᠪᠠᠷ ᠠᠬᠠᠮᠠᠳ ᠺᠠᠳ᠋ᠷ ᠤᠨ ᠠᠵᠢᠯᠯᠠᠭᠠᠨ ᠳᠤ  ᠂ ᠲᠤᠬᠠᠶᠢᠯᠠᠪᠠᠯ ᠷᠠᠳᠢᠤ᠋ ᠨᠡᠪᠲᠡᠷᠡᠭᠦᠯᠭᠡ ᠬᠢᠨᠠᠵᠤ ᠰᠤᠨᠤᠰᠬᠤ᠂ ᠳᠠᠭᠤᠤ ᠲᠠᠮᠢᠷ ᠤᠨ ᠤᠷᠤᠯᠳᠤᠭᠠᠨ ᠳᠤ ᠤᠷᠤᠯᠴᠠᠬᠤ᠂ ᠭᠠᠳᠠᠷ ᠤᠷᠤᠨ ᠢᠶᠠᠷ ᠵᠤᠭᠠᠴᠠᠨ ᠲᠤᠭᠤᠷᠢᠬᠤ ᠵᠡᠷᠭᠡ ᠠᠵᠢᠯᠯᠠᠭ᠎ᠠ ᠳᠤ ᠢᠳᠡᠪᠬᠢᠲᠠᠢ ᠤᠷᠤᠯᠴᠠᠵᠤ ᠪᠠᠶᠢᠭ᠎ᠠ ᠶᠤᠮ᠃ ᠬᠤᠷᠸ᠎ᠠ ᠶᠢᠨ ᠡᠷᠢᠶᠡᠨ ᠪᠠᠷᠠᠭᠠᠨ ᠢ ᠦᠩᠭᠡᠷᠡᠭᠦᠯᠵᠦ ᠠᠮᠢᠳᠤᠷᠠᠯ ᠤᠨ ᠬᠠᠯᠠ ᠡᠯᠡ ᠶᠢ ᠠᠮᠰᠠᠵᠤ ᠶᠠᠪᠤᠭᠰᠠᠨ ᠬᠦᠭᠡᠷᠦᠬᠦᠢ ᠤᠤᠭᠠᠨ ᠪᠤᠭᠤᠷᠤᠯ ᠨᠠᠶᠢᠷᠠᠭᠤᠯᠤᠭᠴᠢ᠂ ᠨᠠᠰᠤᠲᠠᠨ ᠴᠢ ᠢ ᠹᠦ᠋ ᠮᠢᠨᠢ ᠤᠷᠲᠤ ᠨᠠᠰᠤᠯᠠᠵᠤ ᠤᠳᠠᠭᠠᠨ ᠵᠢᠷᠭᠠᠬᠤ ᠶᠢ ᠪᠢᠳᠡ ᠵᠦᠩᠨᠡᠵᠦ ᠪᠠᠶᠢᠨ᠎ᠠ᠃ ᠬᠦᠨᠳᠦᠲᠦ ᠰᠤᠨᠤᠰᠤᠭᠴᠢᠳ ᠡ᠂ ᠰᠠᠶ᠋ᠢ ᠲᠠ ᠪᠦᠬᠦᠨ ᠳᠤ ᠮᠠᠨ ᠤ ᠬᠤᠷᠢᠶᠠᠨ ᠤ ᠰᠤᠷᠪᠤᠯᠵᠢᠯᠠᠭᠴᠢ ᠷᠢᠨᠴᠢᠨ ᠤ ᠰᠤᠷᠪᠤᠯᠵᠢᠯᠠᠵᠤ ᠪᠢᠴᠢᠭᠰᠡᠨ ︵ᠤᠤᠭᠠᠨ ᠪᠤᠭᠤᠷᠤᠯ ᠨᠠᠶᠢᠷᠠᠭᠤᠯᠤᠭᠴᠢ ᠮᠢᠨᠢ︶ ᠭᠡᠰᠡᠨ ᠰᠢᠩᠭᠡᠭᠡᠯᠲᠡ ᠲᠠᠢ ᠰᠤᠷᠪᠤᠯᠵᠢᠯᠠᠭ᠎ᠠ ᠰᠤᠨᠤᠰᠬᠠᠯ᠎ᠠ᠃      ︵2001 ᠣᠨ ᠤ 8 ᠰᠠᠷ᠎ᠠ ᠶᠢᠨ 8 ᠤ ᠡᠳᠦᠷ ᠪᠢᠴᠢᠵᠦ᠂ 15 ᠤ ᠡᠳᠦᠷ ᠨᠡᠪᠲᠡᠷᠡᠭᠦᠯᠪᠡ︶                              
 
ᠢᠷᠡᠯᠲᠡ᠄ ᠷᠢᠨᠴᠢᠨ ᠤ ︽ᠣᠰᠣᠨ ᠲᠦᠷᠤᠬᠦᠤ ᠬᠠᠨ ᠤ ᠪᠠᠷ᠎ᠠ︾ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号