ᠴᠢᠮᠠᠢ ᠣᠷᠣᠯᠠᠵᠣ᠂ ᠪᠢ ᠦᠬᠦᠨ᠎ᠡ
ᠨᠡᠶᠢᠲᠡᠯᠡᠭᠰᠡᠨ ᠴᠠᠭ᠄
2015/9/24
              ᠴᠢᠮᠠᠢ ᠣᠷᠣᠯᠠᠵᠣ᠂ ᠪᠢ ᠦᠬᠦᠨ᠎ᠡ                  ᠨᠢᠭᠡᠨ ᠠᠪᠠᠯᠢᠭᠠᠴᠢ ᠨᠣᠶᠠᠨ ᠤ ᠬᠡᠷᠡᠭ ᠨᠢ ᠯᠡᠪᠡᠷᠡᠬᠦ ᠪᠣᠯᠵᠠᠢ᠃           ᠲᠡᠭᠡᠬᠦ ᠪᠠᠷ ᠨᠢ ᠲᠡᠷᠡ ᠰᠢᠭᠦᠭᠴᠢ ᠨᠣᠶᠠᠨ ᠢ ᠡᠷᠢᠨ ᠬᠦᠷᠴᠦ᠄         — ᠠᠮᠢ ᠶᠢ ᠮᠢᠨᠢ ᠦᠷᠦᠰᠢᠶᠡᠪᠡᠯ᠂ ᠮᠢᠩᠭ᠎ᠠ ᠲᠦᠮᠡᠨ ᠡᠳ᠋ ᠬᠦᠷᠦᠩᠭᠡ ᠪᠠᠨ ᠪᠦᠬᠦᠨ ᠢ ᠦᠭᠭᠦᠶ᠎ᠡ ᠭᠡᠵᠡᠢ᠃                         ᠰᠢᠭᠦᠭᠴᠢ ᠨᠣᠶᠠᠨ᠄         — ᠴᠢᠨᠣ ᠲᠡᠷᠡ ᠣᠯᠠᠨ ᠡᠳ᠋ ᠬᠦᠷᠦᠩᠭᠡ ᠴᠢᠨᠢ ᠬᠠᠣᠯᠢ ᠪᠣᠰᠣ ᠪᠠᠷ ᠣᠯᠣᠭᠰᠠᠨ ᠣᠷᠣᠯᠭ᠎ᠠ ᠶᠣᠮ ᠴᠢᠨᠢ ᠡᠷᠬᠡᠪᠰᠢ ᠠᠯᠪᠠᠨ ᠳᠤ ᠲᠣᠰᠢᠶᠠᠬᠤ ᠴᠢᠬᠤᠯᠠ ᠲᠠᠢ ᠰᠢᠳᠠ ᠭᠡᠬᠦ ᠳᠤ         ᠠᠪᠠᠯᠢᠭᠠᠴᠢ ᠨᠣᠶᠠᠨ᠄           — ᠴᠢ ᠪᠣᠷᠣᠭᠤ ᠣᠶᠢᠯᠭᠠᠯ᠎ᠠ ᠰᠢᠦ᠃ ᠡᠨᠡ ᠪᠦᠬᠦᠢ ᠡᠳ᠋ ᠬᠦᠷᠦᠩᠭᠡ ᠪᠠᠨ ᠪᠦᠬᠦᠨ ᠢ ᠴᠢᠮ᠎ᠠ ᠳᠤ ᠬᠦᠷᠭᠡᠨ ᠦᠭᠭᠦᠶ᠎ᠡ ᠭᠡᠰᠡᠨ ᠶᠣᠮ ᠭᠡᠵᠡᠢ᠃        ᠰᠢᠭᠦᠭᠴᠢ ᠨᠣᠶᠠᠨ᠄           — ᠵᠠ ᠮᠡᠳᠡᠯ᠎ᠡ᠃ ᠴᠢᠮᠠᠢᠢ ᠣᠷᠣᠯᠠᠵᠣ᠂ ᠪᠢ ᠦᠬᠦᠨ᠎ᠡ᠃ ᠲᠡᠶᠢᠮᠦ ᠪᠢᠵᠠ ᠳ᠋ᠠ ᠭᠡᠳ ᠢᠨᠢᠶᠡᠵᠦ ᠭᠡᠨ᠎ᠡ᠃
 
ᠢᠷᠡᠯᠲᠡ᠄ ᠠᠯᠳᠠᠨ᠋ᠧᠴᠢᠷ ᠤᠨ ︽ᠢᠨᠢᠶᠡᠳᠤ ᠲᠠᠢ ᠠᠮᠢᠳᠤᠷᠠᠯ︾ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号