ᠠᠵᠢᠯᠲᠠᠨ ᠠᠵᠢᠯᠴᠢᠨ ᠤ ᠨᠠᠰᠤᠵᠢᠯ ᠤᠨ ᠳᠠᠭᠠᠳᠬᠠᠯ ᠤᠨ ᠣᠷᠤᠰᠢᠭᠤᠯᠭ᠎ᠠ ᠶᠢᠨ ᠵᠠᠷᠤᠳᠠᠯ ᠬᠢᠭᠡᠳ ᠠᠳᠡᠭᠰᠡᠳ ᠤᠨ ᠭᠡᠷ ᠪᠦᠯᠢ ᠶᠢᠨ ᠠᠮᠢᠳᠤᠷᠠᠯ ᠤᠨ ᠵᠠᠷᠤᠳᠠᠯ ᠢ ᠰᠢᠢᠳᠪᠦᠷᠢᠯᠡᠬᠦ ᠠᠯᠬᠤᠮ ᠳᠠᠷᠠᠭ᠎ᠠ
ᠨᠡᠶᠢᠲᠡᠯᠡᠭᠰᠡᠨ ᠴᠠᠭ᠄
2016/3/31
           ᠠᠵᠢᠯᠲᠠᠨ ᠠᠵᠢᠯᠴᠢᠨ ᠤ ᠨᠠᠰᠤᠵᠢᠯ ᠤᠨ ᠳᠠᠭᠠᠳᠬᠠᠯ ᠤᠨ ᠣᠷᠤᠰᠢᠭᠤᠯᠭ᠎ᠠ ᠶᠢᠨ ᠵᠠᠷᠤᠳᠠᠯ ᠬᠢᠭᠡᠳ            ᠠᠳᠡᠭᠰᠡᠳ ᠤᠨ ᠭᠡᠷ ᠪᠦᠯᠢ ᠶᠢᠨ ᠠᠮᠢᠳᠤᠷᠠᠯ ᠤᠨ ᠵᠠᠷᠤᠳᠠᠯ ᠢ ᠰᠢᠢᠳᠪᠦᠷᠢᠯᠡᠬᠦ ᠠᠯᠬᠤᠮ ᠳᠠᠷᠠᠭ᠎ᠠ           ᠨᠢᠭᠡ᠂  ᠠᠳᠡᠭᠰᠡᠳ ᠤᠨ ᠭᠡᠷ ᠪᠦᠯᠢ ᠶᠢᠨ ᠬᠢᠷᠢ ᠭᠡᠮ ᠢ ᠬᠢᠨᠠᠨ ᠬᠠᠷᠭᠤᠭᠤᠯᠬᠤ      1. ᠭᠦᠢᠴᠡᠳᠬᠡᠭᠴᠢ᠄ ᠬᠦᠮᠦᠨ ᠤ ᠬᠦᠴᠦᠨ ᠤ ᠡᠬᠢ ᠪᠠᠶᠠᠯᠢᠭ ᠪᠣᠯᠤᠨ ᠨᠡᠶᠢᠭᠡᠮ ᠤᠨ ᠪᠠᠲᠤᠯᠠᠭ᠎ᠠ ᠶᠢᠨ ᠲᠣᠪᠴᠢᠶᠠᠨ ᠤ ᠨᠡᠶᠢᠭᠡᠮ ᠤᠨ ᠪᠠᠲᠤᠯᠠᠭ᠎ᠠ ᠶᠢᠨ ᠲᠠᠰᠤᠭ ᠤᠨ ᠠᠵᠢᠯᠲᠠᠨ      2. ᠠᠵᠢᠯᠯᠠᠬᠤ ᠴᠠᠭ᠄ 1 ᠠᠵᠢᠯᠯᠠᠬᠤ ᠡᠳᠦᠷ      3. ᠬᠠᠷᠢᠭᠤᠴᠠᠯᠭᠠᠲᠠᠨ᠄ ᠨᠡᠶᠢᠭᠡᠮ ᠤᠨ ᠪᠠᠲᠤᠯᠠᠭ᠎ᠠ ᠶᠢᠨ ᠲᠠᠰᠤᠭ ᠤᠨ ᠳᠠᠷᠤᠭ᠎ᠠ      4. ᠠᠵᠢᠯᠯᠠᠬᠤ ᠠᠭᠤᠯᠭ᠎ᠠ᠄ ᠬᠤᠰᠢᠭᠤ ᠬᠦᠮᠦᠨ ᠤ ᠬᠦᠴᠦᠨ ᠤ ᠡᠬᠢ ᠪᠠᠶᠠᠯᠢᠭ ᠪᠣᠯᠤᠨ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠬᠢᠨᠠᠨ ᠵᠦᠪᠰᠢᠶᠡᠷᠡᠵᠦ᠂ ︽ᠠᠵᠤ ᠠᠬᠤᠶᠢᠯᠠᠯ ᠤᠨ ᠠᠳᠡᠭᠰᠡᠨ ᠠᠵᠢᠯᠲᠠᠨ ᠠᠵᠢᠯᠴᠢᠨ ᠤ ᠣᠷᠤᠰᠢᠭᠤᠯᠭ᠎ᠠ ᠶᠢᠨ ᠨᠦᠬᠦᠪᠦᠷᠢ ᠮᠦᠩᠭᠦ ᠬᠢᠭᠡᠳ ᠭᠡᠷ ᠪᠦᠯᠢ ᠶᠢᠨ ᠬᠢᠨ ᠠᠮᠢᠳᠤᠷᠠᠯ ᠤᠨ ᠨᠦᠬᠦᠪᠦᠷᠢ ᠶᠢᠨ ᠵᠦᠪᠰᠢᠶᠡᠷᠡᠯ︾ ᠶᠢ ᠳᠠᠷᠤᠮᠠᠯᠯᠠᠨ᠎ᠠ᠃ ᠭᠤᠶᠤᠴᠢᠯᠠᠭᠴᠢ ᠠᠴᠠ ᠠᠳᠡᠭᠰᠡᠳ ᠢ ᠳᠡᠭᠳᠡᠭᠡᠭᠰᠡᠨ ᠭᠡᠷᠡᠴᠢ᠂ ᠠᠳᠡᠭᠰᠡᠨ ᠭᠡᠷᠡᠴᠢ ᠪᠢᠴᠢᠭ ᠤᠨ ᠤᠭ ᠬᠡᠪ ᠪᠣᠯᠤᠨ ᠳᠠᠷᠤᠮᠠᠯᠯᠠᠭᠰᠠᠨ ᠬᠡᠪ᠂ ᠠᠪᠬᠤ ᠬᠦᠮᠦᠨ ᠤ ᠬᠤᠶᠠᠳᠤᠭᠠᠷ ᠦᠶ᠎ᠡ ᠶᠢᠨ ᠪᠡᠶ᠎ᠡ  ᠶᠢᠨ ᠦᠨᠡᠮᠯᠡᠯ ᠤᠨ ᠤᠭ ᠬᠡᠪ ᠪᠣᠯᠤᠨ ᠳᠠᠷᠤᠮᠠᠯᠯᠠᠭᠰᠠᠨ ᠬᠡᠪ᠂ ᠠᠳᠡᠭᠰᠡᠳ ᠤᠨ ᠭᠡᠷ ᠪᠦᠯᠢ ᠨᠢ ᠪᠠᠰᠠ ᠭᠡᠷ ᠪᠦᠯᠢ  ᠶᠢᠨ ᠬᠢᠨ ᠤ ᠪᠡᠶ᠎ᠡ ᠶᠢᠨ ᠦᠨᠡᠮᠯᠡᠯ ᠪᠣᠯᠤᠨ ᠠᠳᠡᠭᠰᠡᠳ ᠤᠨ ᠬᠠᠷᠢᠴᠠᠭᠠᠨ ᠤ ᠭᠡᠷᠡᠴᠢ ᠪᠢᠴᠢᠭ ᠢ ᠲᠤᠰᠢᠶᠠᠨ᠎ᠠ᠃      5. ᠲᠥᠷᠥ ᠶᠢᠨ ᠪᠣᠳᠤᠯᠭ᠎ᠠ᠂ ᠬᠠᠤᠯᠢ ᠴᠠᠭᠠᠵᠠ᠂ ᠬᠠᠤᠯᠢ ᠳᠦᠷᠢᠮ ᠤᠨ ᠦᠨᠳᠦᠰᠦᠯᠡᠯ᠄ ︽ᠠᠵᠤ ᠠᠬᠤᠶᠢᠯᠠᠯ ᠤᠨ ᠠᠵᠢᠯᠲᠠᠨ ᠠᠵᠢᠯᠴᠢᠨ ᠪᠣᠯᠤᠨ ᠠᠵᠢᠯ ᠠᠴᠠ ᠪᠠᠨ ᠳᠠᠷᠬᠠᠯᠠᠭᠳᠠᠭᠰᠠᠳ ᠤᠨ ᠠᠵᠢᠯ ᠤᠨ ᠪᠣᠰᠣ ᠰᠢᠯᠲᠠᠭᠠᠨ ᠢᠶᠠᠷ ᠠᠳᠡᠭᠰᠡᠳ ᠤᠨ ᠭᠡᠷ ᠪᠦᠯᠢ ᠶᠢᠨ ᠬᠢᠨ ᠠᠮᠢᠳᠤᠷᠠᠯ ᠤᠨ ᠨᠦᠬᠦᠪᠦᠷᠢ ᠶᠢᠨ ᠠᠰᠠᠭᠤᠳᠠᠯ ᠤᠨ ᠲᠤᠬᠠᠢ ᠮᠡᠳᠡᠭᠳᠡᠯ︾ ︵ᠥᠪᠥᠷ ᠬᠦᠳᠡᠯᠮᠦᠷᠢ ᠬᠤᠷᠢᠶ᠎ᠠ ᠦᠰᠦᠭ [2007] 3 ᠲᠣᠭᠠᠲᠤ︶︔ ︽ᠠᠵᠤ ᠠᠬᠤᠶᠢᠯᠠᠯ ᠤᠨ ᠠᠵᠢᠯᠲᠠᠨ ᠠᠵᠢᠯᠴᠢᠨ ᠪᠣᠯᠤᠨ ᠠᠵᠢᠯ ᠠᠴᠠ ᠪᠠᠨ ᠳᠠᠷᠬᠠᠯᠠᠭᠳᠠᠭᠰᠠᠳ ᠤᠨ ᠠᠵᠢᠯ ᠤᠨ ᠪᠣᠰᠣ ᠰᠢᠯᠲᠠᠭᠠᠨ ᠢᠶᠠᠷ ᠠᠳᠡᠭᠰᠡᠳ ᠤᠨ ᠭᠡᠷ ᠪᠦᠯᠢ ᠶᠢᠨ ᠬᠢᠨ ᠠᠮᠢᠳᠤᠷᠠᠯ ᠤᠨ ᠨᠦᠬᠦᠪᠦᠷᠢ ᠶᠢ ᠳᠣᠬᠢᠷᠠᠭᠤᠯᠬᠤ ᠲᠤᠬᠠᠢ ᠮᠡᠳᠡᠭᠳᠡᠯ︾ ︵ᠥᠪᠥᠷ ᠬᠦᠳᠡᠯᠮᠦᠷᠢ ᠬᠤᠷᠢᠶ᠎ᠠ ᠦᠰᠦᠭ [2009] 6 ᠲᠣᠭᠠᠲᠤ︶       ᠬᠤᠶᠠᠷ᠂ ᠠᠳᠡᠭᠰᠡᠳ ᠤᠨ ᠭᠡᠷ ᠪᠦᠯᠢ ᠶᠢᠨ ᠬᠢᠨ ᠤ ᠬᠤᠷᠤᠭᠤᠨ ᠬᠡ ᠶᠢᠨ ᠣᠷᠤᠮ ᠢ ᠠᠪᠬᠤ      1. ᠭᠦᠢᠴᠡᠳᠬᠡᠭᠴᠢ᠄ ᠨᠡᠶᠢᠭᠡᠮ ᠤᠨ ᠪᠠᠲᠤᠯᠠᠭ᠎ᠠ ᠶᠢᠨ ᠲᠣᠪᠴᠢᠶᠠᠨ ᠤ ᠣᠨ ᠤ ᠪᠠᠶᠢᠴᠠᠭᠠᠯᠲᠠ ᠶᠢᠨ ᠦᠢᠯᠡᠴᠢᠯᠡᠭᠡᠨ ᠤ ᠴᠣᠩᠬᠤ ᠶᠢᠨ ᠠᠵᠢᠯᠲᠠᠨ      2. ᠠᠵᠢᠯᠯᠠᠬᠤ ᠴᠠᠭ᠄ 1 ᠠᠵᠢᠯᠯᠠᠬᠤ ᠡᠳᠦᠷ      3. ᠬᠠᠷᠢᠭᠤᠴᠠᠯᠭᠠᠲᠠᠨ᠄ ᠨᠡᠶᠢᠭᠡᠮ ᠤᠨ ᠪᠠᠲᠤᠯᠠᠭ᠎ᠠ ᠶᠢᠨ ᠲᠣᠪᠴᠢᠶᠠᠨ ᠤ ᠨᠡᠶᠢᠭᠡᠮᠴᠢᠯᠡᠭᠰᠡᠨ ᠬᠠᠮᠢᠶᠠᠷᠤᠯᠲᠠ  ᠶᠢᠨ ᠦᠢᠯᠡᠴᠢᠯᠡᠭᠡᠨ ᠤ ᠲᠥᠪ ᠤᠨ ᠡᠷᠬᠢᠯᠡᠭᠴᠢ      4. ᠠᠵᠢᠯᠯᠠᠬᠤ ᠠᠭᠤᠯᠭ᠎ᠠ᠄ ᠠᠳᠡᠭᠰᠡᠳ ᠤᠨ ᠭᠡᠷ ᠪᠦᠯᠢ ᠶᠢᠨ ᠬᠢᠨ ᠣᠨ ᠤ ᠪᠠᠶᠢᠴᠠᠭᠠᠯᠲᠠ ᠶᠢᠨ ᠦᠢᠯᠡᠴᠢᠯᠡᠭᠡᠨ ᠤ ᠴᠣᠩᠬᠤ ᠳᠤ ᠪᠡᠶ᠎ᠡ ᠪᠠᠷ ᠢᠶᠠᠨ ᠬᠦᠷᠴᠦ᠂ ᠨᠢᠭᠤᠷ ᠤᠨ ᠵᠠᠭᠪᠤᠷ ᠠᠪᠤᠨ᠂ ᠭᠤᠶᠤᠴᠢᠯᠠᠭᠴᠢ ᠠᠴᠠ ︽ᠠᠵᠤ ᠠᠬᠤᠶᠢᠯᠠᠯ ᠤᠨ ᠠᠳᠡᠭᠰᠡᠨ ᠠᠵᠢᠯᠲᠠᠨ ᠠᠵᠢᠯᠴᠢᠨ ᠤ ᠣᠷᠤᠰᠢᠭᠤᠯᠭ᠎ᠠ ᠶᠢᠨ ᠨᠦᠬᠦᠪᠦᠷᠢ ᠮᠦᠩᠭᠦ ᠬᠢᠭᠡᠳ ᠭᠡᠷ ᠪᠦᠯᠢ ᠶᠢᠨ ᠬᠢᠨ ᠠᠮᠢᠳᠤᠷᠠᠯ ᠤᠨ ᠨᠦᠬᠦᠪᠦᠷᠢ ᠶᠢᠨ ᠵᠦᠪᠰᠢᠶᠡᠷᠡᠯ︾᠂ ᠭᠡᠷ ᠪᠦᠯᠢ ᠶᠢᠨ ᠬᠢᠨ ᠭᠡᠷᠡᠴᠢ ᠵᠢᠴᠢ 1 ᠢᠮᠠᠬᠤ ᠶᠢᠨ ᠰᠡᠭᠦᠳᠡᠷ᠂ ᠬᠤᠶᠠᠳᠤᠭᠠᠷ ᠦᠶ᠎ᠡ ᠶᠢᠨ ᠪᠡᠶ᠎ᠡ ᠶᠢᠨ ᠦᠨᠡᠮᠯᠡᠯ ᠢᠶᠠᠨ ᠲᠤᠰᠢᠶᠠᠵᠤ᠂ ᠬᠠᠷᠢᠯᠴᠠᠬᠤ ᠤᠲᠠᠰᠤ ᠪᠤᠯᠤᠨ ᠭᠡᠷ ᠤᠨ ᠬᠠᠶ᠋ᠢᠭ ᠢᠶᠠᠨ ᠦᠯᠡᠳᠡᠭᠡᠨ᠎ᠡ᠃      ᠭᠤᠷᠪᠠ᠂ ᠴᠠᠯᠢᠩ ᠬᠦᠯᠦᠰᠦ ᠠᠰᠠᠷᠠᠮᠵᠢ ᠶᠢᠨ ᠦᠢᠯᠡᠴᠢᠯᠡᠭᠡᠨ ᠤ ᠴᠣᠩᠬᠤ ᠳᠠᠬᠢᠨ ᠬᠢᠨᠠᠵᠤ᠂ ︽ᠨᠠᠰᠤᠵᠢᠯ  ᠤᠨ ᠨᠢᠭᠡ ᠯᠡ ᠤᠳᠠᠭᠠᠨ ᠤ ᠪᠡᠯᠡ ᠮᠦᠩᠭᠦᠨ ᠤ ᠬᠠᠷᠠᠭᠠᠯᠵᠠᠯ ᠣᠯᠭᠤᠬᠤ ᠬᠦᠰᠦᠨᠦᠭᠲᠦ︾ ᠶᠢᠨ ᠮᠡᠳᠡᠭᠳᠡᠯ ᠤᠨ ᠬᠠᠭᠤᠳᠠᠰᠤ ᠪᠢᠴᠢᠨ᠎ᠡ᠃      1. ᠭᠦᠢᠴᠡᠳᠬᠡᠭᠴᠢ᠄ ᠴᠠᠯᠢᠩ ᠬᠦᠯᠦᠰᠦ ᠠᠰᠠᠷᠠᠮᠵᠢ ᠶᠢᠨ ᠦᠢᠯᠡᠴᠢᠯᠡᠭᠡᠨ ᠤ ᠴᠣᠩᠬᠤ ᠶᠢᠨ ᠠᠵᠢᠯᠲᠠᠨ      2. ᠠᠵᠢᠯᠯᠠᠬᠤ ᠴᠠᠭ᠄ 1 ᠠᠵᠢᠯᠯᠠᠬᠤ ᠡᠳᠦᠷ      3. ᠬᠠᠷᠢᠭᠤᠴᠠᠯᠭᠠᠲᠠᠨ᠄ ᠴᠠᠯᠢᠩ ᠬᠦᠯᠦᠰᠦ ᠠᠰᠠᠷᠠᠮᠵᠢ ᠶᠢᠨ ᠲᠠᠰᠤᠭ ᠤᠨ ᠳᠠᠷᠤᠭ᠎ᠠ      4. ᠠᠵᠢᠯᠯᠠᠬᠤ ᠠᠭᠤᠯᠭ᠎ᠠ᠄ ᠴᠠᠯᠢᠩ ᠬᠦᠯᠦᠰᠦ ᠠᠰᠠᠷᠠᠮᠵᠢ ᠶᠢᠨ ᠦᠢᠯᠡᠴᠢᠯᠡᠭᠡᠨ ᠤ ᠴᠣᠩᠬᠤ ᠠᠳᠡᠭᠰᠡᠳ  ᠤᠨ ᠭᠡᠷ ᠪᠦᠯᠢ ᠶᠢᠨ ᠬᠠᠷᠠᠭᠠᠯᠵᠠᠯ ᠢ ᠳᠠᠬᠢᠨ ᠬᠢᠨᠠᠵᠤ᠂ ︽ᠨᠠᠰᠤᠵᠢᠯ ᠤᠨ ᠨᠢᠭᠡ ᠯᠡ ᠤᠳᠠᠭᠠᠨ ᠤ ᠪᠡᠯᠡ ᠮᠦᠩᠭᠦᠨ  ᠤ ᠬᠠᠷᠠᠭᠠᠯᠵᠠᠯ ᠣᠯᠭᠤᠬᠤ ᠬᠦᠰᠦᠨᠦᠭᠲᠦ︾ ᠶᠢᠨ ᠮᠡᠳᠡᠭᠳᠡᠯ ᠤᠨ ᠬᠠᠭᠤᠳᠠᠰᠤ ᠪᠢᠴᠢᠨ᠎ᠡ᠃ ᠭᠤᠶᠤᠴᠢᠯᠠᠭᠴᠢ ᠠᠴᠠ ︽ᠠᠵᠤ ᠠᠬᠤᠶᠢᠯᠠᠯ ᠤᠨ ᠠᠳᠡᠭᠰᠡᠨ ᠠᠵᠢᠯᠲᠠᠨ ᠠᠵᠢᠯᠴᠢᠨ ᠤ ᠣᠷᠤᠰᠢᠭᠤᠯᠭ᠎ᠠ ᠶᠢᠨ ᠨᠦᠬᠦᠪᠦᠷᠢ ᠮᠦᠩᠭᠦ ᠬᠢᠭᠡᠳ ᠭᠡᠷ ᠪᠦᠯᠢ ᠶᠢᠨ ᠬᠢᠨ ᠠᠮᠢᠳᠤᠷᠠᠯ ᠤᠨ ᠨᠦᠬᠦᠪᠦᠷᠢ ᠶᠢᠨ ᠵᠦᠪᠰᠢᠶᠡᠷᠡᠯ︾᠂ ᠠᠳᠡᠭᠰᠡᠳ ᠢ ᠳᠡᠭᠳᠡᠭᠡᠭᠰᠡᠨ ᠭᠡᠷᠡᠴᠢ᠂ ᠠᠳᠡᠭᠰᠡᠨ ᠭᠡᠷᠡᠴᠢ ᠪᠢᠴᠢᠭ ᠤᠨ ᠤᠭ ᠬᠡᠪ ᠪᠣᠯᠤᠨ ᠳᠠᠷᠤᠮᠠᠯᠯᠠᠭᠰᠠᠨ ᠬᠡᠪ᠂ ᠭᠡᠷ ᠪᠦᠯᠢ ᠶᠢᠨ ᠬᠢᠨ ᠬᠤᠶᠠᠳᠤᠭᠠᠷ ᠦᠶ᠎ᠡ ᠶᠢᠨ ᠪᠡᠶ᠎ᠡ ᠶᠢᠨ, ᠦᠨᠡᠮᠯᠡᠯ᠂ ᠠᠳᠡᠭᠰᠡᠳ ᠤᠨ ᠭᠡᠷ ᠪᠦᠯᠢ ᠪᠣᠯᠬᠤ ᠭᠡᠷᠡᠴᠢ᠂ ᠣᠨ ᠤ ᠪᠠᠶᠢᠴᠠᠭᠠᠯᠲᠠ ᠶᠢᠨ ᠭᠡᠷᠡᠴᠢ ᠵᠡᠷᠭᠡ ᠶᠢ ᠲᠤᠰᠢᠶᠠᠨ᠎ᠠ᠃       ᠳᠥᠷᠪᠡ᠂ ᠲᠤᠯᠭᠠᠨ ᠪᠣᠳᠤᠬᠤ ᠦᠢᠯᠡᠴᠢᠯᠡᠭᠡᠨ ᠤ ᠴᠣᠩᠬᠤ ᠳᠠᠬᠢᠨ ᠬᠢᠨᠠᠬᠤ      1. ᠭᠦᠢᠴᠡᠳᠬᠡᠭᠴᠢ᠄ ᠲᠤᠯᠭᠠᠨ ᠪᠣᠳᠤᠬᠤ ᠦᠢᠯᠡᠴᠢᠯᠡᠭᠡᠨ ᠤ ᠴᠣᠩᠬᠤ ᠶᠢᠨ ᠠᠵᠢᠯᠲᠠᠨ      2. ᠠᠵᠢᠯᠯᠠᠬᠤ ᠴᠠᠭ᠄ 1 ᠠᠵᠢᠯᠯᠠᠬᠤ ᠡᠳᠦᠷ      3. ᠬᠠᠷᠢᠭᠤᠴᠠᠯᠭᠠᠲᠠᠨ᠄ ᠲᠤᠯᠭᠠᠨ ᠪᠣᠳᠤᠬᠤ ᠲᠠᠰᠤᠭ ᠤᠨ ᠳᠠᠷᠤᠭ᠎ᠠ      4. ᠠᠵᠢᠯᠯᠠᠬᠤ ᠠᠭᠤᠯᠭ᠎ᠠ᠄ ᠴᠠᠯᠢᠩ ᠬᠦᠯᠦᠰᠦ ᠠᠰᠠᠷᠠᠮᠵᠢ ᠶᠢᠨ ᠲᠠᠰᠤᠭ ᠠᠴᠠ ᠭᠦᠢᠴᠡᠳᠬᠡᠭᠰᠡᠨ ᠠᠯᠬᠤᠮ ᠳᠠᠷᠠᠭ᠎ᠠ ᠪᠣᠯᠤᠨ ᠠᠵᠢᠯᠯᠠᠬᠤ ᠠᠭᠤᠯᠭ᠎ᠠ ᠶᠢᠨ ᠵᠦᠪ ᠣᠨᠤᠪᠴᠢᠲᠠᠢ ᠡᠰᠡᠬᠦ ᠶᠢ ᠬᠢᠨᠠᠭᠠᠳ ᠠᠯᠳᠠᠭ᠎ᠠ ᠦᠭᠡᠢ ᠪᠣᠯ ︽ᠨᠠᠰᠤᠵᠢᠯ ᠤᠨ ᠨᠢᠭᠡ ᠯᠡ ᠤᠳᠠᠭᠠᠨ ᠤ ᠪᠡᠯᠡ ᠮᠦᠩᠭᠦᠨ ᠤ ᠬᠠᠷᠠᠭᠠᠯᠵᠠᠯ ᠣᠯᠭᠤᠬᠤ ᠬᠦᠰᠦᠨᠦᠭᠲᠦ︾ ᠳᠡᠭᠡᠷ᠎ᠡ ᠭᠠᠷ  ᠤᠨ ᠦᠰᠦᠭ ᠵᠢᠷᠤᠨ᠎ᠠ᠃ ᠭᠤᠶᠤᠴᠢᠯᠠᠭᠴᠢ ᠴᠠᠯᠢᠩ ᠬᠦᠯᠦᠰᠦ ᠠᠰᠠᠷᠠᠮᠵᠢ ᠶᠢᠨ ᠦᠢᠯᠡᠴᠢᠯᠡᠭᠡᠨ ᠤ ᠴᠣᠩᠬᠤ ᠳᠤ ᠬᠦᠷᠴᠦ ᠭᠤᠶᠤᠴᠢᠯᠠᠬᠤ ᠦᠶ᠎ᠡ ᠶᠢᠨ ᠪᠦᠬᠦᠶᠢᠯᠡ ᠮᠠᠲ᠋ᠧᠷᠢᠶᠠᠯ ᠢᠶᠠᠨ ᠲᠤᠰᠢᠶᠠᠨ᠎ᠠ᠃       ᠲᠠᠪᠤ᠂ ᠡᠳ᠋ ᠤᠨ ᠶᠠᠪᠤᠳᠠᠯ ᠤᠨ ᠲᠠᠰᠤᠭ ᠳᠠᠬᠢᠨ ᠬᠢᠨᠠᠬᠤ      1. ᠭᠦᠢᠴᠡᠳᠬᠡᠭᠴᠢ᠄  ᠡᠳ᠋ ᠤᠨ ᠶᠠᠪᠤᠳᠠᠯ ᠤᠨ ᠲᠠᠰᠤᠭ ᠤᠨ ᠳᠠᠷᠤᠭ᠎ᠠ      2. ᠠᠵᠢᠯᠯᠠᠬᠤ ᠴᠠᠭ᠄ 1 ᠠᠵᠢᠯᠯᠠᠬᠤ ᠡᠳᠦᠷ      3. ᠬᠠᠷᠢᠭᠤᠴᠠᠯᠭᠠᠲᠠᠨ᠄ ᠡᠳ᠋ ᠤᠨ ᠶᠠᠪᠤᠳᠠᠯ ᠤᠨ ᠲᠠᠰᠤᠭ ᠤᠨ ᠳᠠᠷᠤᠭ᠎ᠠ      4. ᠠᠵᠢᠯᠯᠠᠬᠤ ᠠᠭᠤᠯᠭ᠎ᠠ᠄ ᠴᠠᠯᠢᠩ ᠬᠦᠯᠦᠰᠦ ᠠᠰᠠᠷᠠᠮᠵᠢ ᠶᠢᠨ ᠲᠠᠰᠤᠭ ᠠᠴᠠ ᠭᠦᠢᠴᠡᠳᠬᠡᠭᠰᠡᠨ ᠠᠯᠬᠤᠮ ᠳᠠᠷᠠᠭ᠎ᠠ ᠪᠣᠯᠤᠨ ᠠᠵᠢᠯᠯᠠᠬᠤ ᠠᠭᠤᠯᠭ᠎ᠠ ᠶᠢᠨ ᠵᠦᠪ ᠣᠨᠤᠪᠴᠢᠲᠠᠢ ᠡᠰᠡᠬᠦ ᠶᠢ ᠬᠢᠨᠠᠭᠠᠳ ᠠᠯᠳᠠᠭ᠎ᠠ ᠦᠭᠡᠢ ᠪᠣᠯ ︽ᠨᠠᠰᠤᠵᠢᠯ ᠤᠨ ᠨᠢᠭᠡ ᠯᠡ ᠤᠳᠠᠭᠠᠨ ᠤ ᠪᠡᠯᠡ ᠮᠦᠩᠭᠦᠨ ᠤ ᠬᠠᠷᠠᠭᠠᠯᠵᠠᠯ ᠣᠯᠭᠤᠬᠤ ᠬᠦᠰᠦᠨᠦᠭᠲᠦ︾ ᠳᠡᠭᠡᠷ᠎ᠡ ᠭᠠᠷ  ᠤᠨ ᠦᠰᠦᠭ ᠵᠢᠷᠤᠨ᠎ᠠ᠃ ᠭᠤᠶᠤᠴᠢᠯᠠᠭᠴᠢ ᠴᠠᠯᠢᠩ ᠬᠦᠯᠦᠰᠦ ᠠᠰᠠᠷᠠᠮᠵᠢ ᠶᠢᠨ ᠦᠢᠯᠡᠴᠢᠯᠡᠭᠡᠨ ᠤ ᠴᠣᠩᠬᠤ ᠳᠤ ᠬᠦᠷᠴᠦ ᠭᠤᠶᠤᠴᠢᠯᠠᠬᠤ ᠦᠶ᠎ᠡ ᠶᠢᠨ ᠪᠦᠬᠦᠶᠢᠯᠡ ᠮᠠᠲ᠋ᠧᠷᠢᠶᠠᠯ ᠢᠶᠠᠨ ᠲᠤᠰᠢᠶᠠᠨ᠎ᠠ᠃ ᠨᠠᠰᠤᠵᠢᠯ ᠤᠨ ᠮᠦᠩᠭᠦ ᠶᠢ ᠬᠠᠭᠤᠷᠮᠠᠭᠯᠠᠨ ᠠᠪᠤᠭᠰᠠᠳ ᠪᠤᠴᠠᠭᠠᠬᠤ ᠬᠡᠷᠡᠭᠲᠡᠢ᠃       ᠵᠢᠷᠭᠤᠭ᠎ᠠ᠂ ᠤᠳᠤᠷᠢᠳᠤᠯᠭ᠎ᠠ ᠬᠢᠨᠠᠨ ᠵᠦᠪᠰᠢᠶᠡᠷᠡᠬᠦ      1. ᠭᠦᠢᠴᠡᠳᠬᠡᠭᠴᠢ᠄ ᠨᠡᠶᠢᠭᠡᠮ ᠤᠨ ᠪᠠᠲᠤᠯᠠᠭ᠎ᠠ ᠶᠢᠨ ᠲᠤᠪᠴᠢᠶ᠎ᠠ ᠶᠢᠨ ᠤᠳᠤᠷᠢᠳᠤᠯᠭ᠎ᠠ      2. ᠠᠵᠢᠯᠯᠠᠬᠤ ᠴᠠᠭ᠄ 1 ᠠᠵᠢᠯᠯᠠᠬᠤ ᠡᠳᠦᠷ      3. ᠬᠠᠷᠢᠭᠤᠴᠠᠯᠭᠠᠲᠠᠨ᠄ ᠨᠡᠶᠢᠭᠡᠮ ᠤᠨ ᠪᠠᠲᠤᠯᠠᠭ᠎ᠠ ᠶᠢᠨ ᠲᠤᠪᠴᠢᠶ᠎ᠠ ᠶᠢᠨ ᠭᠤᠣᠯ ᠤᠳᠤᠷᠢᠳᠤᠯᠭ᠎ᠠ      4. ᠠᠵᠢᠯᠯᠠᠬᠤ ᠠᠭᠤᠯᠭ᠎ᠠ᠄ ᠴᠠᠯᠢᠩ ᠬᠦᠯᠦᠰᠦ ᠠᠰᠠᠷᠠᠮᠵᠢ ᠶᠢᠨ ᠲᠠᠰᠤᠭ ᠠᠴᠠ ᠭᠦᠢᠴᠡᠳᠬᠡᠭᠰᠡᠨ ᠠᠯᠬᠤᠮ ᠳᠠᠷᠠᠭ᠎ᠠ ᠪᠣᠯᠤᠨ ᠠᠵᠢᠯᠯᠠᠬᠤ ᠠᠭᠤᠯᠭ᠎ᠠ ᠶᠢᠨ ᠵᠦᠪ ᠣᠨᠤᠪᠴᠢᠲᠠᠢ ᠡᠰᠡᠬᠦ ᠶᠢ ᠬᠢᠨᠠᠭᠠᠳ ᠠᠯᠳᠠᠭ᠎ᠠ ᠦᠭᠡᠢ ᠪᠣᠯ ︽ᠨᠠᠰᠤᠵᠢᠯ ᠤᠨ ᠨᠢᠭᠡ ᠯᠡ ᠤᠳᠠᠭᠠᠨ ᠤ ᠪᠡᠯᠡ ᠮᠦᠩᠭᠦᠨ ᠤ ᠬᠠᠷᠠᠭᠠᠯᠵᠠᠯ ᠣᠯᠭᠤᠬᠤ ᠬᠦᠰᠦᠨᠦᠭᠲᠦ︾ ᠳᠡᠭᠡᠷ᠎ᠡ ᠭᠠᠷ  ᠤᠨ ᠦᠰᠦᠭ ᠵᠢᠷᠤᠨ᠎ᠠ᠃ ᠭᠤᠶᠤᠴᠢᠯᠠᠭᠴᠢ ᠴᠠᠯᠢᠩ ᠬᠦᠯᠦᠰᠦ ᠠᠰᠠᠷᠠᠮᠵᠢ ᠶᠢᠨ ᠦᠢᠯᠡᠴᠢᠯᠡᠭᠡᠨ ᠤ ᠴᠣᠩᠬᠤ ᠳᠤ ᠬᠦᠷᠴᠦ ᠭᠤᠶᠤᠴᠢᠯᠠᠬᠤ ᠦᠶ᠎ᠡ ᠶᠢᠨ ᠪᠦᠬᠦᠶᠢᠯᠡ ᠮᠠᠲ᠋ᠧᠷᠢᠶᠠᠯ ᠢᠶᠠᠨ ᠲᠤᠰᠢᠶᠠᠨ᠎ᠠ᠃       ᠳᠣᠯᠤᠭ᠎ᠠ᠂ ᠪᠡᠯᠡ ᠮᠦᠩᠭᠦ ᠭᠤᠶᠤᠴᠢᠯᠠᠬᠤ      1. ᠭᠦᠢᠴᠡᠳᠬᠡᠭᠴᠢ᠄ ᠴᠠᠯᠢᠩ ᠬᠦᠯᠦᠰᠦ ᠠᠰᠠᠷᠠᠮᠵᠢ ᠶᠢᠨ ᠦᠢᠯᠡᠴᠢᠯᠡᠭᠡᠨ ᠤ ᠴᠣᠩᠬᠤ ᠶᠢᠨ ᠠᠵᠢᠯᠲᠠᠨ      2. ᠠᠵᠢᠯᠯᠠᠬᠤ ᠴᠠᠭ᠄ 1 — 2 ᠰᠠᠷ᠎ᠠ      3. ᠬᠠᠷᠢᠭᠤᠴᠠᠯᠭᠠᠲᠠᠨ᠄ ᠴᠠᠯᠢᠩ ᠬᠦᠯᠦᠰᠦ ᠠᠰᠠᠷᠠᠮᠵᠢ ᠶᠢᠨ ᠲᠠᠰᠤᠭ ᠤᠨ ᠳᠠᠷᠤᠭ᠎ᠠ      4. ᠠᠵᠢᠯᠯᠠᠬᠤ ᠠᠭᠤᠯᠭ᠎ᠠ᠄ ᠴᠠᠯᠢᠩ ᠬᠦᠯᠦᠰᠦ ᠠᠰᠠᠷᠠᠮᠵᠢ ᠶᠢᠨ ᠲᠠᠰᠤᠭ ᠭᠤᠶᠤᠴᠢᠯᠠᠭᠰᠠᠨ ᠣᠷᠤᠰᠢᠭᠤᠯᠭ᠎ᠠ  ᠶᠢᠨ ᠵᠠᠷᠤᠳᠠᠯ ᠬᠢᠭᠡᠳ ᠠᠳᠡᠭᠰᠡᠳ ᠤᠨ ᠭᠡᠷ ᠪᠦᠯᠢ ᠶᠢᠨ ᠠᠮᠢᠳᠤᠷᠠᠯ ᠤᠨ ᠵᠠᠷᠤᠳᠠᠯ ᠤᠨ ᠮᠠᠲ᠋ᠧᠷᠢᠶᠠᠯ ᠢ ᠬᠤᠲᠠ ᠶᠢᠨ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠳᠤ ᠮᠡᠳᠡᠬᠦᠯᠵᠦ᠂ ᠪᠡᠯᠡ ᠮᠦᠩᠭᠦ ᠭᠤᠶᠤᠴᠢᠯᠠᠨ᠎ᠠ᠃       ᠨᠠᠢᠮᠠ᠂ ᠪᠠᠩᠭᠢ ᠲᠠᠷᠬᠠᠭᠠᠬᠤ      1. ᠭᠦᠢᠴᠡᠳᠬᠡᠭᠴᠢ᠄ ᠪᠠᠩᠭᠢ ᠶᠢᠨ ᠠᠵᠢᠯᠲᠠᠨ      2. ᠠᠵᠢᠯᠯᠠᠬᠤ ᠴᠠᠭ᠄ 1 — 2 ᠰᠠᠷ᠎ᠠ      3. ᠬᠠᠷᠢᠭᠤᠴᠠᠯᠭᠠᠲᠠᠨ᠄ ᠪᠠᠩᠭᠢ ᠶᠢᠨ ᠬᠠᠷᠢᠭᠤᠴᠠᠯᠭᠠᠲᠠᠨ      4. ᠠᠵᠢᠯᠯᠠᠬᠤ ᠠᠭᠤᠯᠭ᠎ᠠ᠄ ᠣᠷᠤᠰᠢᠭᠤᠯᠭ᠎ᠠ ᠶᠢᠨ ᠵᠠᠷᠤᠳᠠᠯ ᠬᠢᠭᠡᠳ ᠠᠳᠡᠭᠰᠡᠳ ᠤᠨ ᠭᠡᠷ ᠪᠦᠯᠢ ᠶᠢᠨ ᠠᠮᠢᠳᠤᠷᠠᠯ ᠤᠨ ᠵᠠᠷᠤᠳᠠᠯ ᠣᠯᠭᠤᠬᠤ ᠭᠠᠷ ᠭᠦᠢᠴᠡᠳᠬᠡᠯ ᠬᠢᠵᠦ᠂ ᠭᠡᠷ ᠪᠦᠯᠢ ᠶᠢᠨ ᠬᠢᠨ ᠲᠠᠢ ᠨᠢ ︽ᠠᠳᠡᠭᠰᠡᠳ ᠤᠨ ᠭᠡᠷ ᠪᠦᠯᠢ ᠶᠢᠨ ᠠᠮᠢᠳᠤᠷᠠᠯ ᠤᠨ ᠵᠠᠷᠤᠳᠠᠯ ᠠᠪᠬᠤ ᠦᠨᠡᠮᠯᠡᠯ︾ ᠠᠪᠤᠨ᠎ᠠ᠃ ᠭᠤᠶᠤᠴᠢᠯᠠᠭᠴᠢ ᠠᠴᠠ ︽ᠠᠵᠤ ᠠᠬᠤᠶᠢᠯᠠᠯ ᠤᠨ ᠠᠵᠢᠯ ᠠᠴᠠ ᠪᠠᠨ ᠳᠠᠷᠬᠠᠯᠠᠭᠰᠠᠳ ︵ᠠᠵᠢᠯ ᠤᠨ ᠪᠠᠶᠢᠷᠢ ᠳᠤ ᠪᠠᠶᠢᠭ᠎ᠠ ᠳᠠᠭᠠᠳᠬᠠᠯ ᠳᠤ ᠣᠷᠤᠭᠰᠠᠳ︶ ᠦᠬᠦᠭᠰᠡᠨ ᠤ ᠳᠠᠷᠠᠭ᠎ᠠ ᠭᠡᠷ ᠪᠦᠯᠢ ᠶᠢᠨ ᠠᠮᠢᠳᠤᠷᠠᠯ ᠤᠨ ᠵᠠᠷᠤᠳᠠᠯ ᠤᠨ ᠬᠢᠨᠠᠨ ᠬᠠᠷᠭᠤᠭᠤᠯᠬᠤ ᠬᠦᠰᠦᠨᠦᠭᠲᠦ︾᠂ ᠵᠠᠷᠤᠳᠠᠯ ᠢ ᠠᠪᠬᠤ ᠬᠦᠮᠦᠨ ᠤ ᠪᠡᠶ᠎ᠡ ᠶᠢᠨ ᠦᠨᠡᠮᠯᠡᠯ ᠤᠨ ᠤᠭ ᠬᠡᠪ ᠪᠣᠯᠤᠨ ᠳᠠᠷᠤᠮᠠᠯᠯᠠᠭᠰᠠᠨ ᠬᠡᠪ᠂ ᠠᠳᠡᠭᠰᠡᠳ ᠤᠨ ᠭᠡᠷ ᠪᠦᠯᠢ ᠶᠢᠨ ᠬᠢᠨ ᠤ 1 ᠢᠮᠠᠬᠤ ᠶᠢᠨ ᠰᠡᠭᠦᠳᠡᠷ ᠲᠤᠰᠢᠶᠠᠵᠤ᠂ ᠬᠠᠷᠢᠯᠴᠠᠬᠤ ᠤᠳᠠᠰᠤ  ᠪᠠᠨ ᠦᠯᠡᠳᠡᠭᠡᠨ᠎ᠡ᠃  
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号