ᠪᠠᠭᠠᠷᠢᠨ ᠵᠡᠭᠦᠨ ᠬᠤᠰᠢᠭᠤᠨ ᠤ ᠵᠢᠢ ᠷᠧᠨ ᠬᠢᠲᠠᠳ ᠡᠮᠨᠡᠯᠭᠡ ᠶᠢᠨ ᠬᠤᠷᠢᠶ᠎ᠠ ᠶᠢᠨ ᠲᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2016/4/1
               ᠪᠠᠭᠠᠷᠢᠨ ᠵᠡᠭᠦᠨ ᠬᠤᠰᠢᠭᠤᠨ ᠤ ᠵᠢᠢ ᠷᠧᠨ ᠬᠢᠲᠠᠳ ᠡᠮᠨᠡᠯᠭᠡ ᠶᠢᠨ                  ᠬᠤᠷᠢᠶ᠎ᠠ ᠶᠢᠨ ᠲᠣᠪᠴᠢ ᠲᠠᠨᠢᠯᠴᠠᠭᠤᠯᠭ᠎ᠠ                ᠪᠠᠭᠠᠷᠢᠨ ᠵᠡᠭᠦᠨ ᠬᠤᠰᠢᠭᠤᠨ ᠤ ᠵᠢᠢ ᠷᠧᠨ ᠬᠢᠲᠠᠳ ᠡᠮᠨᠡᠯᠭᠡ ᠶᠢᠨ ᠬᠤᠷᠢᠶ᠎ᠠ ᠬᠤᠰᠢᠭᠤ ᠠᠵᠤ ᠠᠬᠤᠢ ᠰᠤᠶᠤᠯ ᠤᠨ ᠲᠥᠪ — ᠯᠢᠨᠳᠦ᠋ᠩ ᠪᠠᠯᠭᠠᠰᠤ ᠶᠢᠨ ᠯᠢᠨ ᠬᠤᠸᠠᠩ ᠵᠠᠮ ᠤᠨ ᠡᠮᠦᠨ᠎ᠡ ᠬᠡᠰᠡᠭ ᠲᠤ ᠪᠠᠶᠢᠷᠢᠯᠠᠵᠤ᠂ ᠤᠯᠠᠭᠠᠨᠬᠠᠳᠠ ᠬᠤᠲᠠ ᠶᠢᠨ ᠡᠷᠡᠭᠦᠯ ᠬᠠᠮᠠᠭᠠᠯᠠᠯ ᠤᠨ ᠲᠣᠪᠴᠢᠶ᠎ᠠ ᠪᠠᠷ ᠵᠦᠪᠰᠢᠶᠡᠷᠡᠭᠦᠯᠵᠦ ᠪᠠᠶᠢᠭᠤᠯᠤᠭᠰᠠᠨ ᠪᠠᠭᠠᠷᠢᠨ ᠵᠡᠭᠦᠨ ᠬᠤᠰᠢᠭᠤᠨ ᠤ ᠴᠣᠷᠢ ᠶᠢᠨ ᠭᠠᠭᠴᠠ ᠠᠰᠢᠭ ᠬᠤᠨᠵᠢᠪᠦᠷᠢ ᠶᠢᠨ ᠪᠤᠰᠤ ᠴᠢᠨᠠᠷᠲᠠᠢ ᠶᠡᠷᠦᠩᠬᠡᠶᠢᠯᠡᠭᠰᠡᠨ ᠡᠮᠨᠡᠯᠭᠡ ᠶᠢᠨ ᠬᠤᠷᠢᠶ᠎ᠠ ᠪᠣᠯᠤᠨ᠎ᠠ᠃ ᠪᠠᠰᠠᠴᠤ ᠰᠢᠨ᠎ᠡ ᠬᠡᠯᠪᠡᠷᠢ ᠶᠢᠨ ᠬᠦᠳᠡᠭᠡ ᠲᠤᠰᠬᠤᠨ ᠮᠠᠯᠵᠢᠬᠤ ᠣᠷᠣᠨ ᠤ ᠬᠤᠷᠰᠢᠭᠰᠠᠨ ᠡᠮᠨᠡᠯᠭᠡ᠂ ᠬᠤᠲᠠ ᠪᠠᠯᠭᠠᠰᠤ ᠶᠢᠨ ᠠᠵᠢᠯᠲᠠᠨ ᠤ ᠦᠨᠳᠦᠰᠦᠨ ᠡᠮᠨᠡᠯᠭᠡ ᠵᠢᠴᠢ ᠣᠨᠴᠠᠭᠠᠢ ᠠᠷᠬᠠᠭ ᠡᠪᠡᠳᠴᠢᠨ ᠤ ᠡᠭᠦᠳᠡᠨ ᠡᠮᠨᠡᠯᠭᠡ ᠶᠢᠨ ᠲᠣᠭᠲᠠᠭᠰᠠᠨ ᠡᠮᠨᠡᠯᠭᠡ ᠶᠢᠨ ᠬᠤᠷᠢᠶ᠎ᠠ ᠮᠦᠨ᠃ ᠡᠮᠨᠡᠯᠭᠡ ᠶᠢᠨ ᠬᠤᠷᠢᠶᠠᠨ ᠤ ᠶᠡᠷᠦᠩᠬᠡᠢ ᠲᠠᠯᠠᠪᠠᠢ ᠨᠢ 4700 ᠲᠡᠭᠰᠢ ᠳᠦᠷᠪᠡᠯᠵᠢᠨ ᠮᠧᠲᠷ᠂ ᠡᠭᠦᠨ ᠳᠤ ᠪᠠᠷᠢᠯᠭ᠎ᠠ ᠶᠢᠨ ᠲᠠᠯᠠᠪᠠᠢ 2700 ᠲᠡᠭᠰᠢ ᠳᠦᠷᠪᠡᠯᠵᠢᠨ ᠮᠧᠲᠷ᠃ ᠡᠪᠡᠳᠴᠢᠲᠡᠨ ᠤ ᠣᠷᠣ 80 ᠪᠠᠶᠢᠵᠤ᠂ ᠡᠮᠨᠡᠯᠭᠡ ᠶᠢᠨ ᠬᠤᠷᠢᠶᠠᠨ ᠤ ᠪᠦᠬᠦ ᠬᠦᠷᠦᠩᠭᠡ 1500 ᠲᠦᠮᠡᠨ ᠲᠦᠭᠦᠷᠢᠭ᠂ ᠡᠭᠦᠨ ᠳᠤ 1000 ᠢᠯᠡᠭᠦᠦ ᠲᠦᠮᠡᠨ ᠲᠦᠭᠦᠷᠢᠭ ᠤᠨ ᠲᠣᠭᠲᠠᠮᠠᠯ ᠬᠦᠷᠦᠩᠭᠡ ᠲᠠᠢ᠃ 60 ᠭᠠᠷᠤᠢ ᠠᠵᠢᠯᠲᠠᠨ ᠲᠠᠢ᠂ ᠡᠭᠦᠨ ᠳᠤ ᠫᠷᠦᠹᠧᠰᠰᠤᠷ 1᠂ ᠡᠷᠬᠢᠯᠡᠭᠴᠢ ᠡᠮᠴᠢ 1᠂ ᠳᠡᠳ᠋ ᠡᠷᠬᠢᠯᠡᠭᠴᠢ ᠡᠮᠴᠢ 3᠂ ᠭᠤᠣᠯᠯᠠᠭᠴᠢ ᠡᠮᠴᠢ 5 ᠪᠣᠢ᠃ ᠬᠢᠲᠠᠳ ᠡᠮᠨᠡᠯᠭᠡ ᠶᠢᠨ ᠰᠠᠯᠠᠭ᠎ᠠ᠂ ᠭᠠᠳᠠᠷ ᠰᠠᠯᠠᠭ᠎ᠠ᠂  ᠡᠮᠡᠭᠲᠡᠢ ᠶᠢᠨ ᠰᠠᠯᠠᠭ᠎ᠠ᠂ ᠬᠡᠥᠬᠡᠳ ᠤᠨ ᠰᠠᠯᠠᠭ᠎ᠠ᠂ ᠡᠷᠡᠭᠲᠡᠢ ᠶᠢᠨ ᠰᠠᠯᠠᠭ᠎ᠠ᠂ ᠠᠷᠠᠰᠤᠨ ᠡᠪᠡᠳᠴᠢᠨ ᠤ ᠰᠠᠯᠠᠭ᠎ᠠ᠂ ᠹᠢᠽᠢᠺ ᠵᠠᠰᠠᠯ ᠤᠨ ᠰᠠᠯᠠᠭ᠎ᠠ᠂ ᠴᠢᠬᠢ ᠬᠠᠮᠠᠷ ᠬᠤᠭᠤᠯᠠᠢ ᠶᠢᠨ ᠰᠠᠯᠠᠭ᠎ᠠ ᠵᠢᠴᠢ ᠠᠮᠠᠨ ᠬᠦᠨᠳᠡᠢ ᠶᠢᠨ ᠰᠠᠯᠠᠭ᠎ᠠ ᠵᠡᠷᠭᠡ ᠡᠮᠴᠢᠯᠡᠭᠡᠨ ᠤ ᠰᠠᠯᠠᠭ᠎ᠠ ᠲᠠᠰᠤᠭ ᠲᠠᠢ ᠪᠦᠭᠡᠳ CT ᠲᠠᠰᠤᠭ᠂ ᠬᠡᠳᠦ ᠳᠣᠯᠭᠢᠶᠠᠨ ᠤ ᠲᠠᠰᠤᠭ᠂ ᠰᠢᠯᠭᠠᠨ ᠪᠠᠶᠢᠴᠠᠭᠠᠬᠤ ᠲᠠᠰᠤᠭ ᠵᠡᠷᠭᠡ ᠪᠠᠶᠢᠴᠠᠭᠠᠯᠲᠠ ᠶᠢᠨ ᠲᠠᠰᠤᠭ ᠲᠠᠢ᠃        ᠣᠨᠴᠠᠯᠢᠭᠲᠤ ᠡᠮᠨᠡᠯᠭᠡ ᠶᠢ ᠤᠯᠠᠮᠵᠢᠯᠠᠨ ᠬᠦᠭᠵᠢᠭᠦᠯᠬᠦ ᠪᠠᠷ ᠭᠤᠣᠯᠳᠠᠯᠭ᠎ᠠ ᠪᠣᠯᠭᠠᠵᠤ᠂ ᠳᠣᠲᠤᠭᠠᠳᠤ ᠠᠭᠤᠯᠤᠭᠳᠠᠬᠤᠨ ᠢᠶᠠᠨ ᠲᠠᠰᠤᠷᠠᠯᠲᠠ ᠦᠭᠡᠢ ᠪᠠᠶᠠᠯᠢᠭᠵᠢᠭᠤᠯᠤᠨ᠂ ᠬᠢᠲᠠᠳ ᠡᠮ ᠡᠮᠨᠡᠯᠭᠡ ᠤᠨ ᠣᠨᠴᠠᠯᠢᠭ ᠢ ᠤᠯᠠᠮ ᠨᠢᠭᠡ ᠠᠯᠬᠤᠮ ᠪᠠᠳᠠᠷᠠᠭᠤᠯᠵᠤ᠂ ᠡᠯ᠎ᠡ ᠵᠦᠢᠯ ᠤᠨ ᠠᠷᠬᠠᠭ ᠡᠪᠡᠳᠴᠢᠨ᠂ ᠰᠢᠬᠢᠷ ᠰᠢᠵᠢᠩ ᠡᠪᠡᠳᠴᠢᠨ᠂ ᠡᠯᠢᠭᠡᠨ ᠤ ᠦᠷᠪᠢᠰᠦᠯ ᠵᠢᠴᠢ ᠡᠯᠢᠭᠡᠨ ᠤ ᠬᠠᠲᠠᠭᠤᠷᠠᠯ ᠤᠨ ᠡᠪᠡᠳᠴᠢᠨ ᠢ ᠡᠮᠴᠢᠯᠡᠨ ᠵᠠᠰᠠᠵᠤ᠂ ᠬᠢᠲᠠᠳ ᠡᠮ ᠢᠶᠠᠷ ᠪᠡᠶ᠎ᠡ ᠰᠣᠪᠢᠯᠠᠬᠤ ᠪᠠ ᠡᠷᠡᠭᠦᠯᠵᠢᠭᠦᠯᠵᠦ ᠪᠣᠢ᠃        ᠬᠠᠷᠢᠯᠴᠠᠬᠤ ᠤᠲᠠᠰᠤ᠄  0476 —7894395    0476—7896599        ᠬᠠᠶ᠋ᠢᠭ᠄ ᠯᠢᠨᠳᠦ᠋ᠩ ᠪᠠᠯᠭᠠᠰᠤ ᠶᠢᠨ ᠯᠢᠨ ᠬᠤᠸᠠᠩ ᠵᠠᠮ ᠤᠨ ᠡᠮᠦᠨ᠎ᠡ ᠬᠡᠰᠡᠭ ᠢᠳᠡᠰᠢᠨ ᠨᠣᠭᠤᠭ᠎ᠠ ᠶᠢᠨ ᠵᠠᠬ᠎ᠠ ᠳᠡᠯᠭᠡᠬᠦᠷ ᠠᠴᠠ ᠡᠮᠦᠨᠡᠰᠢ 100 ᠮᠧᠲᠷ
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号