ᠵᠠᠰᠠᠭ ᠤᠨ ᠣᠷᠳᠣᠨ ᠤ ᠠᠵᠢᠯ ᠤᠨ ᠢᠯᠡᠳᠬᠡᠯ(ᠨᠢᠭᠡ)
ᠨᠡᠶᠢᠲᠡᠯᠡᠭᠰᠡᠨ ᠴᠠᠭ᠄
2017/12/26
                 ᠵᠠᠰᠠᠭ ᠤᠨ ᠣᠷᠳᠣᠨ ᠤ ᠠᠵᠢᠯ ᠤᠨ ᠢᠯᠡᠳᠬᠡᠯ                             — 2016 ᠣᠨ ᠤ 2 ᠰᠠᠷ᠎ᠠ ᠶᠢᠨ 18 ᠡᠳᠦᠷ ᠤᠨ ᠪᠠᠭᠠᠷᠢᠨ                                     ᠵᠡᠭᠦᠨ ᠬᠤᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ                                   ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ                                   ᠲᠠᠪᠤᠳᠤᠭᠠᠷ ᠤᠳᠠᠭᠠᠨ ᠤ ᠬᠤᠷᠠᠯ ᠳᠡᠭᠡᠷ᠎ᠡ                                        ᠣᠷᠤᠯᠠᠭᠴᠢ ᠬᠤᠰᠢᠭᠤ ᠳᠠᠷᠤᠭ᠎ᠠ        ᠮᠦᠩᠬᠡᠳᠠᠯᠠᠢ      ᠲᠦᠯᠦᠭᠡᠯᠡᠭᠴᠢᠳ ᠡ᠄      ᠣᠳᠣ ᠪᠢ ᠬᠤᠰᠢᠭᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠨ᠂ ᠶᠡᠭᠡ ᠬᠤᠷᠠᠯ ᠳᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ ᠬᠢᠶ᠎ᠡ᠃ ︽ᠪᠠᠭᠠᠷᠢᠨ ᠵᠡᠭᠦᠨ ᠬᠤᠰᠢᠭᠤᠨ ᠤ ᠤᠯᠤᠰ ᠠᠷᠠᠳ ᠤᠨ ᠠᠵᠤ ᠠᠬᠤᠢ ᠪᠣᠯᠤᠨ ᠨᠡᠶᠢᠭᠡᠮ ᠤᠨ ᠬᠦᠭᠵᠢᠯᠲᠡ ᠶᠢᠨ ᠠᠷᠪᠠᠨ ᠭᠤᠷᠪᠠᠳᠤᠭᠠᠷ ᠲᠠᠪᠤᠨ ᠵᠢᠯ ᠤᠨ ᠲᠦᠯᠦᠪᠵᠢᠭᠦᠯᠭᠡ ᠶᠢᠨ ᠬᠦᠲᠦᠯᠪᠦᠷᠢ ︵ᠡᠬᠡ ᠨᠣᠣᠷᠠᠭ︶︾ ᠲᠠᠢ ᠬᠠᠮᠲᠤ ᠬᠢᠨᠠᠨ ᠵᠦᠪᠯᠡᠬᠦ ᠪᠣᠯᠪᠠᠤ︕ ᠬᠤᠷᠠᠯ ᠳᠤ ᠰᠤᠯᠠ ᠣᠷᠤᠯᠴᠠᠭᠰᠠᠨ ᠬᠤᠰᠢᠭᠤ ᠤᠯᠤᠰ ᠲᠥᠷᠥ ᠶᠢᠨ ᠵᠦᠪᠯᠡᠯᠭᠡᠨ ᠤ ᠭᠡᠰᠢᠭᠦᠳ ᠪᠣᠯᠤᠨ ᠪᠣᠰᠤᠳ ᠨᠦᠬᠦᠳ ᠰᠠᠨᠠᠯ ᠵᠦᠪᠯᠡᠯᠭᠡ ᠪᠠᠨ ᠳᠤᠷᠠᠳᠬᠤ ᠶᠢ ᠬᠦᠰᠡᠶ᠎ᠡ᠃      ᠨᠢᠭᠡ᠂ 2015 ᠣᠨ ᠬᠢᠭᠡᠳ ︽ᠠᠷᠪᠠᠨ ᠬᠤᠶᠠᠳᠤᠭᠠᠷ ᠲᠠᠪᠤᠨ ᠵᠢᠯ︾ ᠤᠨ ᠠᠵᠢᠯ ᠤᠨ ᠡᠷᠭᠢᠴᠡᠭᠦᠯᠦᠯ      2015 ᠣᠨ ᠪᠣᠯ ︽ᠠᠷᠪᠠᠨ ᠬᠤᠶᠠᠳᠤᠭᠠᠷ ᠲᠠᠪᠤᠨ ᠵᠢᠯ︾ ᠤᠨ ᠡᠴᠦᠰ ᠤᠨ ᠨᠢᠭᠡ ᠵᠢᠯ ᠪᠣᠯᠬᠤ ᠪᠦᠭᠡᠳ ᠮᠠᠨ ᠤ ᠬᠤᠰᠢᠭᠤᠨ ᠤ ᠬᠦᠭᠵᠢᠯᠲᠡ ᠶᠢᠨ ᠡᠭᠦᠷᠭᠡ ᠬᠦᠨᠳᠦ ᠪᠦᠭᠡᠳ ᠠᠮᠵᠢᠯᠲᠠ ᠨᠡᠯᠢᠶᠡᠳ ᠢᠯᠡᠳᠲᠡ ᠨᠢᠭᠡ ᠵᠢᠯ ᠪᠣᠯᠤᠨ᠎ᠠ᠃ ᠨᠢᠭᠡ ᠵᠢᠯ ᠤᠨ ᠲᠤᠷᠰᠢ᠂ ᠬᠤᠰᠢᠭᠤ ᠨᠠᠮ ᠤᠨ ᠬᠤᠷᠢᠶᠠᠨ ᠤ ᠵᠦᠪ ᠣᠨᠤᠪᠴᠢᠲᠠᠢ ᠤᠳᠤᠷᠢᠳᠤᠯᠭ᠎ᠠ ᠳᠣᠣᠷ᠎ᠠ᠂ ᠬᠤᠰᠢᠭᠤ ᠵᠠᠰᠠᠭ ᠤᠨ ᠣᠷᠳᠣᠨ ᠡᠯ᠎ᠡ ᠦᠨᠳᠦᠰᠦᠲᠡᠨ ᠤ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ᠂ ᠠᠵᠤ ᠠᠬᠤᠢ ᠶᠢᠨ ᠰᠢᠨ᠎ᠡ ᠬᠡᠪ ᠪᠠᠶᠢᠳᠠᠯ ᠲᠠᠢ ᠵᠣᠬᠢᠴᠠᠨ᠂ ᠪᠠᠬᠢᠯᠡᠯᠲᠡ ᠶᠢ ᠰᠢᠪᠲᠤᠯᠵᠤ᠂ ᠦᠨᠡᠨᠬᠦ ᠪᠤᠳᠠᠲᠠᠢ ᠪᠠᠷ ᠠᠵᠢᠯᠯᠠᠨ᠂ ᠬᠦᠴᠢᠷ ᠪᠡᠷᠬᠡᠰᠢᠶᠡᠯ ᠤᠨ ᠳᠤᠮᠳᠠ ᠠᠵᠤ ᠠᠬᠤᠢ ᠶᠢᠨ ᠲᠤᠭᠲᠠᠭᠤᠨ ᠦᠰᠦᠯᠲᠡ᠂ ᠠᠷᠠᠳ ᠤᠨ ᠠᠮᠢᠳᠤᠷᠠᠯ ᠤᠨ ᠰᠠᠶᠢᠵᠢᠷᠠᠯᠲᠠ᠂ ᠨᠡᠶᠢᠭᠡᠮ ᠤᠨ ᠠᠮᠤᠷ ᠲᠤᠭᠲᠠᠭᠤᠨ ᠪᠡ ᠡᠶ᠎ᠡ ᠵᠣᠬᠢᠴᠠᠯ ᠵᠢᠴᠢ ᠡᠯ᠎ᠡ ᠲᠠᠯ᠎ᠠ ᠶᠢᠨ ᠠᠵᠢᠯ ᠦᠢᠯᠡᠰ ᠤᠨ ᠯᠠᠪᠳᠠᠭᠤᠨ ᠬᠦᠭᠵᠢᠯᠲᠡ ᠶᠢᠨ ᠰᠠᠶᠢᠨ ᠰᠠᠶᠢᠬᠠᠨ ᠪᠠᠶᠢᠳᠠᠯ ᠢ ᠪᠠᠲᠤᠯᠠᠵᠤ᠂  ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠠᠴᠠ ᠲᠣᠭᠲᠠᠭᠠᠭᠰᠠᠨ ᠡᠯ᠎ᠡ ᠵᠦᠢᠯ ᠤᠨ ᠡᠭᠦᠷᠭᠡ ᠬᠠᠷᠠᠯᠲᠠ ᠶᠢ ᠨᠡᠯᠢᠶᠡᠳ ᠰᠠᠶᠢᠨ ᠪᠡᠶᠡᠯᠡᠭᠦᠯᠪᠡ᠃ ᠭᠠᠵᠠᠷ ᠣᠷᠣᠨ ᠤ ᠦᠢᠯᠡᠳᠪᠦᠷᠢᠯᠡᠯ ᠤᠨ ᠶᠡᠷᠦᠩᠬᠡᠢ ᠦᠷᠲᠡᠭ ᠢ 123.6 ᠳ᠋ᠦᠩᠰᠢᠭᠤᠷ ᠲᠦᠭᠦᠷᠢᠭ ᠪᠡᠶᠡᠯᠡᠭᠦᠯᠵᠦ᠂ 7.2% ᠨᠡᠮᠡᠭᠳᠡᠭᠦᠯᠪᠡ︔ ᠣᠯᠠᠨ ᠨᠡᠶᠢᠲᠡ ᠶᠢᠨ ᠡᠳ᠋ ᠤᠨ ᠵᠠᠰᠠᠭ ᠤᠨ ᠲᠦᠰᠦᠪ ᠤᠨ ᠣᠷᠤᠯᠭ᠎ᠠ 5.01 ᠳ᠋ᠦᠩᠰᠢᠭᠤᠷ ᠲᠦᠭᠦᠷᠢᠭ ᠲᠤ ᠬᠦᠷᠴᠦ᠂ 7% ᠨᠡᠮᠡᠭᠳᠡᠪᠡ︔ 500 ᠲᠦᠮᠡᠨ ᠲᠦᠭᠦᠷᠢᠭ ᠠᠴᠠ ᠳᠡᠭᠡᠭᠰᠢᠬᠢ ᠲᠦᠷᠦᠯ ᠵᠦᠢᠯ ᠤᠨ ᠲᠣᠭᠲᠠᠮᠠᠯ ᠬᠦᠷᠦᠩᠭᠡ  ᠶᠢᠨ ᠪᠡᠯᠡ ᠣᠷᠤᠭᠤᠯᠤᠯᠲᠠ ᠨᠢ 100.2 ᠳ᠋ᠦᠩᠰᠢᠭᠤᠷ ᠲᠦᠭᠦᠷᠢᠭ ᠢ ᠪᠡᠶᠡᠯᠡᠭᠦᠯᠵᠦ᠂ 13.2% ᠨᠡᠮᠡᠭᠳᠡᠪᠡ︔ ᠨᠡᠶᠢᠭᠡᠮ ᠤᠨ ᠬᠡᠷᠡᠭᠯᠡᠭᠡᠨ ᠤ ᠵᠦᠢᠯᠡᠰ ᠤᠨ ᠵᠢᠵᠢᠭᠯᠡᠨ ᠬᠤᠳᠠᠯᠳᠤᠭᠰᠠᠨ ᠪᠦᠬᠦ ᠲᠤᠭ᠎ᠠ ᠨᠢ 38.7 ᠳ᠋ᠦᠩᠰᠢᠭᠤᠷ ᠲᠦᠭᠦᠷᠢᠭ ᠲᠤ ᠬᠦᠷᠴᠦ᠂ 8.2% ᠨᠡᠮᠡᠭᠳᠡᠪᠡ︔ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠬᠦᠮᠦᠨ ᠪᠦᠷᠢ  ᠳᠤ ᠲᠡᠭᠰᠢᠳᠬᠡᠭᠰᠡᠨ ᠬᠤᠪᠢᠶᠠᠷᠢᠯᠠᠵᠤ ᠪᠣᠯᠬᠤ ᠣᠷᠤᠯᠭ᠎ᠠ ᠨᠢ 22330 ᠲᠦᠭᠦᠷᠢᠭ ᠪᠠ 7841 ᠲᠦᠭᠦᠷᠢᠭ ᠪᠠᠶᠢᠵᠤ᠂ ᠲᠤᠰ ᠲᠤᠰ 8.1% ᠪᠠ 8.3% ᠨᠡᠮᠡᠭᠳᠡᠭᠰᠡᠨ ᠪᠠᠶᠢᠨ᠎ᠠ᠃       ᠨᠢᠭᠡ ᠵᠢᠯ ᠤᠨ ᠲᠤᠷᠰᠢ᠂ ᠮᠠᠨ ᠤ ᠭᠤᠣᠯ ᠬᠢᠭᠰᠡᠨ ᠠᠵᠢᠯ ᠪᠣᠯᠤᠨ ᠣᠯᠤᠭᠰᠠᠨ ᠠᠮᠵᠢᠯᠲᠠ ᠭᠡᠪᠡᠯ᠄       ︵ᠨᠢᠭᠡ︶ ᠠᠵᠤ ᠦᠢᠯᠡᠰ ᠤᠨ ᠪᠦᠲᠦᠴᠡ ᠶᠢ ᠭᠤᠷᠪᠠ ᠤᠳᠠᠭ᠎ᠠ ᠰᠢᠯᠢᠳᠡᠭᠵᠢᠭᠦᠯᠪᠡ᠃ ᠶᠠᠰᠤ ᠴᠢᠨᠠᠷ ᠪᠠ ᠦᠷ᠎ᠡ ᠠᠰᠢᠭ ᠢ ᠳᠡᠭᠡᠭᠰᠢᠯᠡᠭᠦᠯᠬᠦ ᠶᠢᠨ ᠲᠣᠭᠤᠷᠢᠨ ᠳᠤ᠂ ᠠᠵᠤ ᠦᠢᠯᠡᠰ ᠤᠨ ᠪᠦᠲᠦᠴᠡ ᠶᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠭᠤᠷᠪᠠ ᠤᠳᠠᠭᠠᠨ ᠤ ᠪᠦᠲᠦᠴᠡ ᠶᠢᠨ ᠳᠣᠬᠢᠷᠠᠭᠤᠯᠤᠯᠲᠠ ᠨᠢ 17.7᠄ 50.4᠄ 31.9᠃ ᠣᠳᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢ ᠲᠥᠷᠭᠡᠨ ᠬᠦᠭᠵᠢᠭᠦᠯᠵᠦ᠂ 180 ᠲᠦᠮᠡᠨ ᠮᠦ ᠲᠠᠷᠢᠮᠠᠯ ᠤᠨ ᠵᠦᠢᠯ ᠢ ᠲᠠᠷᠢᠵᠤ᠂ ᠦᠨᠳᠦᠷ ᠦᠷ᠎ᠡ ᠠᠰᠢᠭᠲᠤ ᠤᠰᠤ ᠠᠷᠪᠢᠯᠠᠬᠤ ᠤᠰᠤᠯᠠᠯᠲᠠ 10 ᠲᠦᠮᠡᠨ ᠮᠦ ᠨᠠᠶᠢᠳᠠᠪᠦᠷᠢᠵᠢᠭᠤᠯᠤᠨ᠂ ᠪᠦᠬᠦ ᠬᠤᠰᠢᠭᠤᠨ ᠤ ᠠᠮᠤ ᠪᠤᠳᠠᠭᠠᠨ ᠤ ᠤᠨᠠᠯᠲᠠ 9.03 ᠳ᠋ᠦᠩᠰᠢᠭᠤᠷ ᠵᠢᠩ ᠳᠤ ᠬᠦᠷᠴᠡᠢ᠃ ︽ᠪᠠᠭᠠᠷᠢᠨ ᠵᠡᠭᠦᠨ ᠬᠤᠰᠢᠭᠤᠨ ᠤ ᠱᠦᠭᠦᠷ︾᠂ ︽ᠪᠠᠭᠠᠷᠢᠨ ᠵᠡᠭᠦᠨ ᠬᠤᠰᠢᠭᠤᠨ ᠤ ᠱᠦᠬᠦᠷ ᠡᠪᠡᠰᠦ︾᠂ ︽ᠯᠢᠨᠳᠦ᠋ᠩ ᠤᠨ ᠰᠠᠶᠢᠨ ᠡᠭᠦᠯᠳᠡᠷ ᠤᠨ ᠨᠠᠷᠢᠮᠤ︾ ᠵᠡᠷᠭᠡ ᠭᠠᠵᠠᠷ ᠣᠷᠣᠨ ᠤ ᠲᠡᠮᠳᠡᠭᠳᠦ ᠨᠢ ᠤᠯᠤᠰ ᠤᠨ ᠦᠢᠯᠡᠳᠪᠦᠷᠢ ᠬᠤᠳᠠᠯᠳᠤᠭᠠᠨ ᠤ ᠶᠡᠷᠦᠩᠬᠡᠢ ᠲᠣᠪᠴᠢᠶ᠎ᠠ ᠪᠠᠷ ᠬᠢᠨᠠᠨ ᠵᠦᠪᠰᠢᠶᠡᠷᠡᠭᠦᠯᠪᠡ᠃ ᠠᠯᠠᠰᠢᠨ ᠬᠤᠨᠢᠨ ᠤ ᠡᠭᠦᠯᠳᠡᠷ ᠢ ᠰᠠᠶᠢᠵᠢᠷᠠᠭᠤᠯᠬᠤ ᠲᠦᠯᠦᠪᠯᠡᠭᠡ ᠲᠣᠭᠲᠠᠭᠠᠵᠤ᠂ ᠵᠣᠣ ᠤᠳᠠ ᠦᠷ᠎ᠡ ᠶᠢᠨ ᠮᠠᠯ ᠪᠠ ᠡᠬᠡ ᠮᠠᠯ 1724 ᠲᠣᠯᠤᠭᠠᠢ ᠣᠷᠤᠭᠤᠯᠵᠤ᠂ ᠪᠠᠷᠢᠮᠵᠢᠶᠠᠲᠤ ᠲᠡᠵᠢᠭᠡᠪᠦᠷᠢ ᠶᠢᠨ ᠲᠣᠭᠤᠷᠢᠭ ᠪᠠ ᠲᠠᠯᠠᠪᠠᠢ 12 ᠶᠢ ᠰᠢᠨ᠎ᠡ ᠪᠠᠷ ᠪᠠᠶᠢᠭᠤᠯᠵᠠᠢ᠃ 3.7 ᠲᠦᠮᠡᠨ ᠠᠯᠠᠰᠢᠨ ᠦᠭᠡᠷ ᠲᠤ ᠢᠴᠡᠭᠡᠯ ᠦᠷ᠎ᠡ ᠶᠢᠨ ᠬᠡᠭᠡᠯᠲᠦᠭᠦᠯᠭᠡ ᠬᠢᠵᠦ᠂ ᠵᠢᠷᠭᠤᠭᠠᠨ ᠰᠠᠷ᠎ᠠ ᠶᠢᠨ ᠰᠡᠭᠦᠯᠴᠢ ᠪᠣᠯᠲᠠᠯ᠎ᠠ ᠮᠠᠯ ᠤᠨ ᠵᠣᠭᠰᠤᠭ᠎ᠠ ᠲᠤᠭ᠎ᠠ 263.6 ᠲᠦᠮᠡ ᠳᠤ ᠬᠦᠷᠴᠡᠢ᠃ ᠠᠵᠤ ᠦᠢᠯᠡᠳᠪᠦᠷᠢ ᠶᠢᠨ ᠠᠵᠤ ᠠᠬᠤᠢ ᠲᠣᠭᠲᠠᠭᠤᠨ ᠬᠦᠭᠵᠢᠵᠦ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ  ᠶᠢᠨ ᠠᠵᠤ ᠠᠬᠤᠶᠢᠯᠠᠯ ᠤᠨ ᠦᠢᠯᠡᠳᠪᠦᠷᠢᠯᠡᠯ ᠤᠨ ᠦᠷᠲᠡᠭ ᠨᠢ 139.4 ᠳ᠋ᠦᠩᠰᠢᠭᠤᠷ ᠲᠦᠭᠦᠷᠢᠭ ᠪᠠ ᠨᠡᠮᠡᠭᠳᠡᠯ ᠦᠷᠲᠡᠭ ᠨᠢ 45.8 ᠳ᠋ᠦᠩᠰᠢᠭᠤᠷ ᠲᠦᠭᠦᠷᠢᠭ ᠢ ᠪᠡᠶᠡᠯᠡᠭᠦᠯᠵᠦ᠂ ᠲᠤᠰ ᠲᠤᠰ 7.5% ᠪᠠ 9.1% ᠨᠡᠮᠡᠭᠳᠡᠪᠡ᠃ ᠥᠩᠭᠡᠲᠦ ᠲᠡᠮᠦᠷᠯᠢᠭ ᠤᠨ ᠠᠭᠤᠷᠬᠠᠢ ᠶᠢᠨ ᠴᠢᠯᠠᠭᠤ ᠶᠢᠨ ᠬᠠᠳᠠᠭᠠᠯᠠᠭᠳᠠᠴᠠ ᠶᠢ 4000 ᠲᠦᠮᠡᠨ ᠳᠤᠨ ᠰᠢᠨ᠎ᠡ  ᠪᠠᠷ ᠨᠡᠮᠡᠭᠳᠡᠭᠦᠯᠪᠡ᠃ 2.8 ᠳ᠋ᠦᠩᠰᠢᠭᠤᠷ ᠲᠦᠭᠦᠷᠢᠭ ᠤᠨ ᠪᠡᠯᠡ ᠣᠷᠤᠭᠤᠯᠵᠤ᠂ ᠹᠧᠩ ᠬᠤᠸᠠᠩ ᠱᠠᠨ ᠠᠵᠤ ᠦᠢᠯᠡᠳᠪᠦᠷᠢ ᠶᠢᠨ ᠲᠣᠭᠤᠷᠢᠭ ᠤᠨ ︽ᠨᠢᠭᠡ ᠭᠤᠯᠳᠤ ᠨᠢᠭᠡ ᠬᠦᠨᠳᠡᠯᠡᠨ︾ ᠵᠠᠮ ᠪᠠ ᠵᠧᠩ ᠶᠤᠸᠠᠨ ᠪᠤᠬᠢᠷᠳᠤᠯ ᠤᠰᠤ ᠶᠢ ᠰᠢᠢᠳᠪᠦᠷᠢᠯᠡᠬᠦ ᠦᠢᠯᠡᠳᠪᠦᠷᠢ ᠵᠡᠷᠭᠡ ᠰᠠᠭᠤᠷᠢ ᠲᠦᠬᠦᠭᠡᠷᠦᠮᠵᠢ ᠶᠢ ᠪᠦᠲᠦᠭᠡᠨ ᠪᠠᠶᠢᠭᠤᠯᠵᠤ᠂ 125 ᠳ᠋ᠦᠩᠰᠢᠭᠤᠷ ᠲᠦᠭᠦᠷᠢᠭ ᠤᠨ ᠦᠢᠯᠡᠳᠪᠦᠷᠢᠯᠡᠯ ᠤᠨ ᠦᠷᠲᠡᠭ ᠢ ᠪᠡᠶᠡᠯᠡᠭᠦᠯᠦᠨ᠂ 19% ᠨᠡᠮᠡᠭᠳᠡᠭᠦᠯᠪᠡ᠃ ᠳᠤᠮᠳᠠ ᠪᠠᠭ᠎ᠠ ᠠᠵᠤ ᠠᠬᠤᠶᠢᠯᠠᠯ ᠤᠨ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠵᠦ᠂ ᠲᠦᠩ ᠯᠦ ᠲᠤᠰᠠᠭᠠᠷ ᠴᠢᠰᠤᠨ ᠡᠭᠡᠳᠡᠩ ᠠᠪᠬᠤ ᠪᠠ ᠵᠧᠩ ᠴᠦᠨ ᠲᠠᠩ ᠡᠪᠡᠰᠦᠨ ᠡᠮ ᠤᠨ ᠴᠢᠨᠠᠬᠤ ᠡᠮ ᠵᠡᠷᠭᠡ 5 ᠲᠦᠷᠦᠯ ᠵᠦᠢᠯ ᠨᠢ ᠭᠤᠣᠯ ᠴᠤᠭᠴᠠ ᠶᠢᠨ ᠢᠨᠵᠧᠨᠧᠷᠢᠩ ᠢ ᠪᠡᠶᠡᠯᠡᠭᠦᠯᠪᠡ᠃ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠢ ᠲᠦᠷᠭᠡᠨ ᠬᠦᠭᠵᠢᠭᠦᠯᠵᠦ᠂ ᠱᠠᠩ ᠵᠢᠩ ᠪᠤᠳᠠᠰ ᠤᠨ ᠭᠦᠢᠯᠭᠡᠭᠡᠨ ᠤ ᠲᠣᠭᠤᠷᠢᠭ ᠲᠤ 8.2 ᠳ᠋ᠦᠩᠰᠢᠭᠤᠷ ᠲᠦᠭᠦᠷᠢᠭ  ᠤᠨ ᠪᠡᠯᠡ ᠣᠷᠤᠭᠤᠯᠤᠨ᠂ ᠪᠦᠬᠦ ᠬᠤᠰᠢᠭᠤᠨ ᠤ ᠵᠢᠵᠢᠭᠯᠡᠨ ᠬᠤᠳᠠᠯᠳᠤᠬᠤ ᠰᠦᠯᠵᠢᠶᠡᠨ ᠴᠢᠭ ᠤᠨ ᠡᠵᠡᠩᠨᠡᠯᠲᠡ ᠶᠢᠨ ᠨᠣᠷᠮ᠎ᠠ ᠨᠢ 8 ᠳ᠋ᠦᠩᠰᠢᠭᠤᠷ ᠲᠦᠭᠦᠷᠢᠭ ᠢ ᠲᠠᠪᠠᠵᠤ᠂ ᠪᠠᠷᠠᠭᠠᠨ ᠲᠡᠭᠡᠭᠡᠪᠦᠷᠢ ᠶᠢᠨ ᠬᠡᠮᠵᠢᠶ᠎ᠡ ᠨᠢ ᠺᠢᠯᠦᠮᠧᠲᠷ ᠪᠦᠷᠢ  ᠳᠤ 7245.7 ᠲᠦᠮᠡᠨ ᠳᠤᠨ ᠬᠦᠷᠴᠡᠢ᠃ ᠪᠣᠣ ᠱᠠᠩ ᠪᠠᠩᠬᠢ ᠪᠠ ᠪᠦᠲᠦᠭᠡᠨ ᠪᠠᠶᠢᠭᠤᠯᠤᠯᠲᠠ ᠶᠢᠨ ᠪᠠᠩᠬᠢ  ᠮᠠᠨ  ᠤ ᠬᠤᠰᠢᠭᠤᠨ ᠳᠤ ᠰᠠᠭᠤᠷᠢᠰᠢᠵᠤ᠂ ᠡᠯ᠎ᠡ ᠮᠦᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠵᠢᠭᠡᠯᠡᠯᠭᠡ ᠶᠢᠨ ᠦᠯᠡᠳᠡᠪᠦᠷᠢ ᠲᠤᠭ᠎ᠠ ᠨᠢ 46.7 ᠳ᠋ᠦᠩᠰᠢᠭᠤᠷ ᠲᠦᠭᠦᠷᠢᠭ ᠲᠤ ᠬᠦᠷᠴᠦ᠂ 28.4% ᠨᠡᠮᠡᠭᠳᠡᠪᠡ᠃ ᠳᠡᠭᠡᠳᠦ ᠨᠡᠶᠢᠰᠯᠡᠯ ᠭᠢᠳᠠᠨ ᠰᠤᠶᠤᠯ ᠤᠨ ᠠᠵᠤ ᠦᠢᠯᠡᠰ ᠤᠨ ᠲᠣᠭᠤᠷᠢᠭ ᠲᠤ 14.2 ᠳ᠋ᠦᠩᠰᠢᠭᠤᠷ ᠲᠦᠭᠦᠷᠢᠭ ᠤᠨ ᠪᠡᠯᠡ ᠣᠷᠤᠭᠤᠯᠵᠤ᠂ ᠡᠷᠲᠡᠨ ᠤ ᠡᠳ᠋ ᠤᠨ ᠬᠤᠲᠠ ᠵᠢᠩᠬᠢᠨᠢ ᠪᠠᠷ ᠠᠰᠢᠭᠯᠠᠯᠲᠠ ᠳᠤ ᠣᠷᠤᠪᠠ᠃ ᠪᠦᠬᠦ ᠵᠢᠯ ᠨᠡᠶᠢᠲᠡ 60 ᠲᠦᠮᠡᠨ ᠵᠢᠭᠤᠯᠴᠢᠯᠠᠭᠴᠢᠳ ᠢ ᠬᠦᠯᠢᠶᠡᠨ ᠠᠪᠴᠤ᠂ ᠵᠢᠭᠤᠯᠴᠢᠯᠠᠯ ᠤᠨ ᠣᠷᠤᠯᠭ᠎ᠠ ᠨᠢ 5 ᠳ᠋ᠦᠩᠰᠢᠭᠤᠷ ᠲᠦᠭᠦᠷᠢᠭ  ᠲᠤ ᠬᠦᠷᠴᠦ᠂ ᠲᠤᠰ ᠲᠤᠰ 13% ᠪᠠ 6.3% ᠨᠡᠮᠡᠭᠳᠡᠪᠡ᠃       ︵ᠬᠤᠶᠠᠷ︶ ︽ᠠᠷᠪᠠ ᠶᠢ ᠪᠦᠷᠬᠦᠭᠦᠯᠬᠦ︾ ᠢᠨᠵᠧᠨᠧᠷᠢᠩ ᠢ ᠯᠠᠪᠳᠠᠭᠤᠨ ᠠᠬᠢᠭᠤᠯᠪᠠ᠃ ᠣᠯᠠᠨ ᠨᠡᠶᠢᠲᠡ  ᠶᠢᠨ ᠦᠢᠯᠡᠴᠢᠯᠡᠭᠡ ᠶᠢ ᠬᠦᠳᠡᠭᠡ ᠲᠤᠰᠬᠤᠨ ᠮᠠᠯᠵᠢᠬᠤ ᠣᠷᠣᠨ ᠳᠤ ᠬᠦᠷᠭᠡᠵᠦ᠂ 8.9 ᠳ᠋ᠦᠩᠰᠢᠭᠤᠷ ᠲᠦᠭᠦᠷᠢᠭ  ᠤᠨ ᠪᠡᠯᠡ ᠣᠷᠤᠭᠤᠯᠤᠨ᠂ 105 ᠭᠠᠴᠠᠭ᠎ᠠ ᠲᠤᠰᠬᠤᠨ ᠳᠤ ︽ᠠᠷᠪᠠ ᠶᠢ ᠪᠦᠷᠬᠦᠭᠦᠯᠬᠦ︾ ᠢᠨᠵᠧᠨᠧᠷᠢᠩ ᠢ ᠪᠡᠶᠡᠯᠡᠭᠦᠯᠵᠦ᠂ ᠵᠠᠰᠠᠭ ᠵᠠᠬᠢᠷᠭᠠᠨ ᠤ ᠲᠤᠰᠬᠤᠨ ᠤ 82.2% ᠶᠢ ᠪᠦᠷᠬᠦᠭᠦᠯᠦᠨ᠂ ᠦᠪᠡᠷᠲᠡᠭᠡᠨ ᠵᠠᠰᠠᠬᠤ ᠣᠷᠣᠨ ᠪᠣᠯᠤᠨ ᠤᠯᠠᠭᠠᠨᠬᠠᠳᠠ ᠬᠤᠲᠠ ᠶᠢᠨ ᠳᠤᠮᠳᠠᠴᠢ ᠲᠦᠪᠰᠢᠨ ᠠᠴᠠ ᠦᠨᠳᠦᠷ ᠪᠠᠶᠢᠯ᠎ᠠ᠃ ︽ᠵᠠᠰᠠᠭ ᠤᠨ ᠣᠷᠳᠣᠨ ᠤᠳᠤᠷᠢᠳᠤᠨ᠂ ᠣᠯᠠᠨ ᠲᠦᠮᠡᠨ ᠣᠷᠤᠯᠴᠠᠵᠤ᠂ ᠨᠡᠶᠢᠭᠡᠮ ᠠᠴᠠ ᠳᠡᠮᠵᠢᠬᠦ︾ ᠬᠡᠯᠪᠡᠷᠢ ᠪᠠᠷ ᠬᠦᠳᠡᠭᠡ ᠲᠤᠰᠬᠤᠨ ᠮᠠᠯᠵᠢᠬᠤ ᠣᠷᠤᠨ ᠤ 6556 ᠡᠷᠦᠬᠡ ᠶᠢᠨ ᠠᠶᠤᠯᠲᠠᠢ ᠭᠡᠷ ᠪᠠᠶᠢᠰᠢᠩ ᠢ ᠵᠠᠰᠠᠨ ᠰᠢᠨᠡᠳᠬᠡᠵᠦ᠂ ᠬᠦᠴᠢᠷᠲᠡᠢ ᠣᠯᠠᠨ ᠲᠦᠮᠡᠨ ᠤ ᠣᠷᠤᠨ ᠰᠠᠭᠤᠴᠠ ᠶᠢᠨ ᠨᠦᠬᠦᠴᠡᠯ ᠢ ᠢᠯᠡᠳᠲᠡ ᠰᠠᠶᠢᠵᠢᠷᠠᠭᠤᠯᠪᠠ᠃ ᠵᠡᠭᠡᠯᠢ ᠭᠤᠳᠤᠮᠵᠢ ᠶᠢ 435 ᠺᠢᠯᠦᠮᠧᠲᠷ ᠬᠠᠳᠠᠭᠤᠵᠢᠭᠤᠯᠤᠨ᠂ 227 ᠲᠤᠰᠬᠤᠨ ᠢ ᠬᠠᠮᠤᠷᠴᠤ᠂ 15 ᠲᠦᠮᠡᠨ ᠠᠷᠠᠳ ᠲᠤ ᠠᠰᠢᠭ ᠬᠦᠷᠲᠡᠭᠡᠪᠡ ᠃ ᠤᠤᠭᠤᠬᠤ ᠤᠰᠤᠨ ᠤ ᠠᠮᠤᠷ ᠲᠥᠪᠰᠢᠨ ᠤ ᠢᠨᠵᠧᠨᠧᠷᠢᠩ 74 ᠰᠠᠭᠤᠷᠢ ᠰᠢᠨ᠎ᠡ ᠪᠠᠷ ᠪᠠᠶᠢᠭᠤᠯᠤᠨ᠂ 4.9 ᠲᠦᠮᠡᠨ ᠬᠦᠮᠦᠨ ᠠᠷᠠᠳ ᠤᠨ ᠤᠤᠭᠤᠬᠤ ᠤᠰᠤᠨ ᠤ ᠠᠮᠤᠷ ᠲᠥᠪᠰᠢᠨ ᠤ ᠠᠰᠠᠭᠤᠳᠠᠯ ᠢ ᠰᠢᠢᠳᠪᠦᠷᠢᠯᠡᠪᠡ᠃ ᠰᠤᠷᠭᠠᠭᠤᠯᠢ ᠶᠢᠨ ᠪᠠᠶᠢᠷᠢ ᠶᠢᠨ ᠭᠡᠷ ᠤᠨ ᠠᠮᠤᠷ ᠲᠥᠪᠰᠢᠨ ᠤ ᠢᠨᠵᠧᠨᠧᠷᠢᠩ 21 ᠰᠠᠭᠤᠷᠢ᠂ ᠰᠤᠶᠤᠯ ᠤᠨ ᠠᠵᠢᠯᠯᠠᠭᠠᠨ ᠤ ᠲᠠᠰᠤᠭ 84᠂ ᠪᠠᠷᠢᠮᠵᠢᠶᠠᠲᠤ ᠡᠷᠡᠭᠦᠯ ᠬᠠᠮᠠᠭᠠᠯᠠᠯ ᠤᠨ ᠲᠠᠰᠤᠭ 49 ᠵᠢᠴᠢ ᠠᠷᠠᠳ ᠲᠤ ᠳᠦᠭᠦᠮ ᠦᠵᠡᠭᠦᠯᠬᠦ ᠬᠡᠯᠬᠢᠶᠡᠲᠦ ᠳᠡᠯᠭᠡᠭᠦᠷ 158 ᠪᠠᠶᠢᠭᠤᠯᠤᠨ᠂ 3500 ᠡᠷᠦᠬᠡ ᠳᠤ ᠲᠧᠯᠸᠢᠰ ᠨᠡᠪᠲᠡᠷᠡᠭᠦᠯᠵᠦ᠂ 168 ᠬᠡᠰᠡᠭ ᠲᠤ ᠷᠠᠳᠢᠤ᠋ ᠲᠦᠭᠡᠮᠡᠯᠵᠢᠭᠦᠯᠦᠨ᠂ ᠨᠡᠶᠢᠳᠡᠮ ᠴᠠᠬᠢᠯᠭᠠᠨ ᠲᠦᠭᠡᠮᠡᠯᠵᠢᠭᠦᠯᠦᠭᠰᠡᠨ ᠪᠠ ᠨᠡᠶᠢᠭᠡᠮ ᠤᠨ ᠪᠠᠲᠤᠯᠠᠭ᠎ᠠ  ᠶᠢ ᠪᠡᠶᠡᠯᠡᠭᠦᠯᠪᠡ᠃ 1.2 ᠳ᠋ᠦᠩᠰᠢᠭᠤᠷ ᠲᠦᠭᠦᠷᠢᠭ ᠤᠨ ᠪᠡᠯᠡ ᠣᠷᠤᠭᠤᠯᠵᠤ᠂ ᠬᠡᠷᠡᠮ ᠬᠠᠨ᠎ᠠ ᠶᠢ ᠵᠠᠰᠠᠬᠤ᠂ ᠠᠭᠤᠳᠠᠮ ᠲᠠᠯᠠᠪᠠᠢ ᠪᠠᠶᠢᠭᠤᠯᠬᠤ ᠵᠢᠴᠢ ᠭᠠᠴᠠᠭ᠎ᠠ ᠲᠤᠰᠬᠤᠨ ᠤ ᠵᠦᠪᠯᠡᠯ ᠢ ᠦᠭᠡᠷᠡᠴᠢᠯᠡᠬᠦ ᠵᠡᠷᠭᠡ ᠦᠷᠭᠡᠳᠬᠡᠭᠰᠡᠨ ᠢᠨᠵᠧᠨᠧᠷᠢᠩ ᠢ ᠨᠠᠶᠢᠳᠠᠪᠦᠷᠢᠵᠢᠭᠤᠯᠵᠤ᠂ 3 ᠤᠳᠠᠭᠠᠨ ᠤ ᠤᠷᠴᠢᠨ ᠲᠣᠭᠤᠷᠢᠨ ᠤ ᠡᠷᠡᠭᠦᠯ ᠬᠠᠮᠠᠭᠠᠯᠠᠯ ᠢ ᠴᠡᠭᠴᠡᠯᠡᠬᠦ ᠠᠵᠢᠯᠯᠠᠭ᠎ᠠ ᠦᠷᠨᠢᠭᠦᠯᠦᠨ᠂ ᠬᠦᠳᠡᠭᠡ ᠲᠤᠰᠬᠤᠨ ᠮᠠᠯᠵᠢᠬᠤ ᠣᠷᠣᠨ ᠤ ᠣᠷᠴᠢᠨ ᠲᠣᠭᠤᠷᠢᠨ ᠢ ᠢᠯᠡᠳᠲᠡ ᠰᠠᠶᠢᠵᠢᠷᠠᠭᠤᠯᠪᠠ᠃ ᠥᠪᠡᠷᠲᠡᠭᠡᠨ ᠵᠠᠰᠠᠬᠤ ᠣᠷᠣᠨ ᠤ ᠰᠢᠨᠵᠢᠯᠡᠬᠦ ᠤᠬᠠᠭᠠᠨᠴᠢ ᠬᠦᠭᠵᠢᠯᠲᠡ ᠶᠢᠨ ᠲᠣᠭᠤᠷᠢᠨ ᠪᠠᠶᠢᠴᠠᠭᠠᠯᠲᠠ ᠶᠢᠨ ᠳᠤᠮᠳᠠ᠂ ᠮᠠᠨ ᠤ ᠬᠤᠰᠢᠭᠤᠨ ᠤ ︽ᠠᠷᠪᠠ ᠶᠢ ᠪᠦᠷᠬᠦᠭᠦᠯᠬᠦ︾ ᠢᠨᠵᠧᠨᠧᠷᠢᠩ ᠨᠢ ᠦᠪᠡᠷᠲᠡᠭᠡᠨ ᠵᠠᠰᠠᠬᠤ ᠣᠷᠣᠨ ᠪᠣᠯᠤᠨ ᠤᠯᠠᠭᠠᠨᠬᠠᠳᠠ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠭᠦᠢᠴᠡᠳ ᠨᠣᠲᠠᠯᠠᠯ ᠢ ᠣᠯᠤᠭᠰᠠᠨ ᠪᠠᠶᠢᠨ᠎ᠠ᠃       ︵ᠭᠤᠷᠪᠠ︶ ᠦᠭᠡᠷᠡᠴᠢᠯᠡᠯᠲᠡ ᠨᠡᠭᠡᠭᠡᠯᠲᠡ ᠶᠢᠨ ᠠᠯᠬᠤᠮ ᠢᠶᠠᠨ ᠲᠦᠷᠭᠡᠳᠬᠡᠪᠡ᠃ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠳᠦᠷᠢᠮ ᠤᠨ ᠦᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠵᠠᠰᠠᠭ ᠵᠠᠬᠢᠷᠭᠠᠨ ᠤ ᠡᠷᠬᠡ ᠶᠢᠨ ᠨᠠᠷᠢᠨ ᠳᠠᠩᠰᠠ ᠶᠢ ᠢᠯᠡ ᠨᠡᠶᠢᠲᠡᠯᠡᠨ᠂ ᠬᠢᠨᠠᠨ ᠵᠦᠪᠰᠢᠶᠡᠷᠡᠬᠦ ᠵᠦᠢᠯᠡᠰ ᠨᠢ 25.4% ᠪᠠᠭᠠᠰᠪᠠ᠃ ᠵᠠᠰᠠᠭ ᠤᠨ ᠣᠷᠳᠣᠨ ᠤ ᠪᠠᠶᠢᠭᠤᠯᠤᠮᠵᠢ ᠶᠢᠨ ᠦᠭᠡᠷᠡᠴᠢᠯᠡᠯᠲᠡ ᠶᠢ ᠲᠦᠷᠭᠡᠳᠬᠡᠵᠦ᠂ ᠵᠠᠬ᠎ᠠ ᠳᠡᠯᠭᠡᠭᠦᠷ ᠤᠨ ᠬᠢᠨᠠᠨ ᠬᠠᠮᠢᠶᠠᠷᠤᠯᠲᠠ ᠪᠣᠯᠤᠨ ᠡᠷᠡᠭᠦᠯ ᠬᠠᠮᠠᠭᠠᠯᠠᠯ᠂ ᠲᠦᠯᠦᠪᠯᠡᠭᠡᠲᠦ ᠦᠷᠡᠵᠢᠯ ᠵᠡᠷᠭᠡ ᠰᠠᠯᠠᠭ᠎ᠠ ᠮᠦᠴᠢᠷ ᠤᠨ ᠡᠭᠦᠷᠭᠡ ᠴᠢᠳᠠᠪᠬᠢ ᠶᠢ ᠠᠮᠵᠢᠯᠲᠠ ᠲᠠᠢ ᠨᠢᠭᠡᠲᠦᠭᠦᠯᠪᠡ᠃ ᠬᠦᠳᠡᠭᠡ ᠲᠤᠰᠬᠤᠨ ᠤ ᠭᠠᠵᠠᠷ ᠰᠢᠷᠤᠢ ᠶᠢᠨ ᠡᠵᠡᠩᠨᠡᠯᠲᠡ ᠬᠠᠮᠢᠶᠠᠷᠤᠯᠲᠠ ᠶᠢᠨ ᠳᠦᠷᠢᠮ ᠤᠨ ᠥᠭᠡᠷᠡᠴᠢᠯᠡᠯᠲᠡ ᠶᠢᠨ ᠲᠤᠷᠰᠢᠯᠲᠠ ᠶᠢᠨ ᠴᠢᠭ ᠢ ᠨᠠᠶᠢᠳᠠᠪᠦᠷᠢᠵᠢᠭᠤᠯᠵᠤ᠂ ᠭᠠᠵᠠᠷ ᠰᠢᠷᠤᠢ ᠶᠢᠨ ᠡᠷᠭᠡ  ᠶᠢ ᠲᠣᠳᠤᠷᠬᠠᠶᠢᠯᠠᠨ ᠳᠠᠩᠰᠠᠯᠠᠵᠤ ᠦᠨᠡᠮᠯᠡᠯ ᠣᠯᠭᠤᠬᠤ ᠠᠵᠢᠯ ᠢ ᠪᠡᠶᠡᠯᠡᠭᠦᠯᠦᠨ᠂ ᠨᠤᠲᠤᠭ ᠪᠡᠯᠴᠢᠭᠡᠷ ᠤᠨ ᠳᠠᠭᠠᠭᠠᠴᠢᠯᠠᠯᠲᠠ ᠶᠢᠨ ᠡᠷᠬᠡ ᠶᠢ ᠲᠣᠳᠤᠷᠬᠠᠶᠢᠯᠠᠬᠤ ᠠᠵᠢᠯ ᠢ ᠡᠬᠢᠯᠡᠭᠦᠯᠪᠡ︔ ᠰᠢᠨ᠎ᠡ ᠬᠡᠯᠪᠡᠷᠢ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠲᠣᠭᠲᠠᠯᠴᠠᠭᠠᠨ ᠤ ᠦᠷ᠎ᠡ ᠪᠦᠲᠦᠮᠵᠢ ᠢᠯᠡᠳᠲᠡ ᠪᠠᠶᠢᠵᠤ᠂ ᠮᠠᠨ ᠤ ᠬᠤᠰᠢᠭᠤ  ᠨᠢ ᠪᠦᠬᠦ ᠤᠯᠤᠰ ᠤᠨ ᠰᠤᠷᠠᠭ ᠵᠠᠩᠬᠢ ᠶᠢ ᠭᠠᠴᠠᠭ᠎ᠠ ᠲᠤᠰᠬᠤᠨ ᠳᠤ ᠬᠦᠷᠭᠡᠬᠦ ᠬᠤᠶᠠᠳᠤᠭᠠᠷ ᠪᠦᠯᠦᠭ ᠲᠤᠷᠰᠢᠯᠲᠠ  ᠶᠢᠨ ᠬᠤᠰᠢᠭᠤ ᠪᠠᠷ ᠵᠢᠭᠰᠠᠭᠠᠭᠳᠠᠪᠠ᠃ ︽ᠭᠤᠷᠪᠠᠨ ᠦᠨᠡᠮᠯᠡᠯ ᠢ ᠨᠢᠭᠡᠳᠬᠡᠬᠦ︾ ᠳᠠᠩᠰᠠᠯᠠᠬᠤ ᠳᠦᠷᠢᠮ ᠤᠨ ᠦᠭᠡᠷᠡᠴᠢᠯᠡᠯᠲᠡ ᠶᠢ ᠬᠡᠷᠡᠭᠵᠢᠭᠦᠯᠵᠦ᠂ ᠰᠢᠨ᠎ᠡ ᠡᠵᠡᠩᠨᠡᠯᠲᠡ ᠶᠢᠨ ᠦᠨᠡᠮᠯᠡᠯ 522 ᠬᠤᠪᠢ ᠲᠠᠷᠬᠠᠭᠠᠪᠠ᠃ ᠪᠡᠯᠡ ᠣᠷᠤᠭᠤᠯᠬᠤ ᠪᠠ ᠬᠤᠷᠠᠮᠳᠤᠭᠤᠯᠬᠤ ᠪᠠᠶᠢᠭᠤᠯᠤᠯ ᠤᠨ ᠦᠭᠡᠷᠡᠴᠢᠯᠡᠯᠲᠡ ᠶᠢ ᠢᠳᠡᠪᠬᠢᠲᠠᠢ ᠡᠷᠢᠯᠬᠢᠯᠡᠵᠦ᠂ PPP ᠪᠡᠯᠡ ᠬᠤᠷᠠᠮᠳᠤᠭᠤᠯᠬᠤ ᠬᠡᠪ ᠵᠠᠭᠪᠤᠷ ᠢᠶᠠᠷ ᠹᠧᠩ ᠬᠤᠸᠠᠩ ᠱᠠᠨ ᠠᠵᠤ ᠦᠢᠯᠡᠳᠪᠦᠷᠢ ᠶᠢᠨ ᠲᠣᠭᠤᠷᠢᠭ ᠤᠨ ᠬᠠᠶᠠᠭᠳᠠᠮᠠᠯ ᠪᠤᠳᠠᠰ ᠢ ᠭᠠᠳᠠᠭᠰᠢᠯᠠᠭᠤᠯᠬᠤ ᠭᠠᠵᠠᠷ ᠪᠠᠶᠢᠭᠤᠯᠬᠤ ᠲᠦᠷᠦᠯ ᠵᠦᠢᠯ ᠢ ᠡᠬᠢᠯᠡᠭᠦᠯᠪᠡ᠃ ᠪᠡᠭᠡᠵᠢᠩ ᠪᠠ ᠥᠪᠥᠷ ᠮᠣᠩᠭᠤᠯ ᠬᠤᠯᠪᠤᠭᠠᠯᠠᠨ ᠲᠡᠳᠬᠦᠬᠦ ᠬᠤᠷᠰᠢᠯᠴᠠᠭ᠎ᠠ ᠶᠢ ᠪᠦᠬᠦ ᠲᠠᠯ᠎ᠠ ᠪᠠᠷ ᠠᠬᠢᠭᠤᠯᠵᠤ᠂ ᠬᠤᠶᠠᠷ ᠭᠠᠵᠠᠷ ᠤᠨ ᠰᠢᠶᠠᠩ ᠪᠠᠯᠭᠠᠰᠤ᠂ ᠵᠡᠭᠡᠯᠢ ᠭᠤᠳᠤᠮᠵᠢ ︽ᠬᠤᠣᠰᠯᠠᠯ︾ ᠤᠨ ᠠᠵᠢᠯᠯᠠᠭ᠎ᠠ ᠶᠢ ᠢᠳᠡᠪᠬᠢᠲᠠᠢ ᠦᠷᠨᠢᠭᠦᠯᠪᠡ᠃ ᠭᠤᠸᠠᠩᠳᠦ᠋ᠩ ᠮᠤᠵᠢ ᠶᠢᠨ ᠺᠧ ᠵᠢᠶᠠ ᠬᠤᠳᠠᠯᠳᠤᠭᠠᠴᠢᠨ ᠤ ᠡᠪᠯᠡᠯ ᠪᠣᠯᠤᠨ ᠪᠡᠭᠡᠵᠢᠩ ᠬᠤᠲᠠ ᠶᠢᠨ ᠪᠡᠯᠡ ᠣᠷᠤᠭᠤᠯᠤᠯᠲᠠ ᠶᠢᠨ ᠲᠣᠪᠴᠢᠶ᠎ᠠ ᠲᠠᠢ ᠬᠠᠮᠲᠤᠷᠠᠨ ᠠᠵᠢᠯᠯᠠᠬᠤ ᠬᠠᠷᠢᠴᠠᠭ᠎ᠠ ᠪᠠᠶᠢᠭᠤᠯᠵᠤ᠂ ᠱᠧᠨᠶᠠᠩ ᠣᠷᠤᠨ ᠤ ᠪᠡᠯᠡ ᠣᠷᠤᠭᠤᠯᠬᠤ  ᠬᠤᠷᠰᠢᠯᠴᠠᠭ᠎ᠠ ᠶᠢ ᠲᠠᠨᠢᠯᠴᠠᠭᠤᠯᠬᠤ ᠵᠢᠴᠢ ᠲᠦᠷᠦᠯ ᠵᠦᠢᠯ ᠢ ᠵᠣᠯᠭᠠᠭᠤᠯᠬᠤ ᠶᠠᠷᠢᠯᠴᠠᠬᠤ ᠬᠤᠷᠠᠯ ᠢ ᠠᠮᠵᠢᠯᠲᠠ ᠲᠠᠢ ᠦᠷᠨᠢᠭᠦᠯᠪᠡ᠃ ᠬᠤᠰᠢᠭᠤ ᠤᠳᠤᠷᠢᠳᠤᠯᠭ᠎ᠠ ᠪᠦᠯᠬᠦᠮ ᠪᠠᠶᠢᠭᠤᠯᠤᠨ ᠠᠷᠠᠯᠵᠢᠶᠠᠴᠢᠨ ᠤᠷᠢᠬᠤ ᠶᠢ ᠪᠠᠷᠢᠮᠲᠠᠯᠠᠵᠤ᠂ ᠯᠢ ᠱᠦᠸᠧ ᠵᠢᠯ ᠪᠦᠷᠢ 30 ᠰᠠᠶ᠎ᠠ ᠸᠠᠲ ᠤᠨ ᠴᠠᠬᠢᠯᠭᠠᠨ ᠭᠠᠷᠭᠠᠬᠤ ᠲᠦᠷᠦᠯ ᠵᠦᠢᠯ ᠢ ᠪᠠᠶᠢᠭᠤᠯᠤᠨ᠂ ᠭᠤᠸᠠᠩᠳᠦ᠋ᠩ ᠤᠨ ᠶᠢᠩ ᠳ᠋ᠧ ᠵᠢᠯ ᠪᠦᠷᠢ 20 ᠲᠦᠮᠡᠨ ᠳᠤᠨ ᠤ ᠥᠩᠭᠡᠲᠦ ᠲᠡᠮᠦᠷᠯᠢᠭ ᠤᠨ ᠬᠠᠶᠠᠭᠳᠠᠮᠠᠯ ᠪᠤᠳᠠᠰ ᠢ ᠶᠡᠷᠦᠩᠬᠡᠶᠢᠯᠡᠨ ᠠᠰᠢᠭᠯᠠᠬᠤ ᠪᠠ ᠤᠯᠠᠭᠠᠨᠬᠠᠳᠠ ᠶᠢᠨ ᠲᠢᠶᠠᠨ ᠰᠢᠩ ᠵᠢᠯ ᠤᠨ 800 ᠳᠤᠨ ᠹᠧᠨ ᠰᠠᠨ ᠯᠠᠨ ᠵᠡᠷᠭᠡ ᠲᠦᠷᠦᠯ ᠵᠦᠢᠯ ᠤᠨ ᠭᠡᠷ᠎ᠡ ᠲᠣᠭᠲᠠᠨ᠂ 10 ᠲᠦᠮᠡᠨ ᠮᠦ ᠰᠢᠬᠢᠷᠯᠢᠭ ᠲᠦᠮᠦᠰᠦ ᠲᠠᠷᠢᠬᠤ ᠰᠠᠭᠤᠷᠢᠨ ᠭᠠᠵᠠᠷ ᠤᠨ ᠪᠦᠳᠦᠭᠦᠪᠴᠢ ᠭᠡᠷ᠎ᠡ ᠲᠣᠭᠲᠠᠪᠠ᠃      ︵ᠳᠥᠷᠪᠡ︶ ᠬᠤᠲᠠ ᠬᠦᠳᠡᠭᠡ ᠶᠢᠨ ᠰᠠᠭᠤᠷᠢ ᠲᠦᠬᠦᠭᠡᠷᠦᠮᠵᠢ ᠡᠳᠦᠷ ᠢᠷᠡᠬᠦᠶ᠎ᠡ ᠰᠠᠶᠢᠵᠢᠷᠠᠪᠠ᠃ ᠯᠢᠨᠳᠦ᠋ᠩ  ᠤᠨ ᠬᠤᠲᠠ ᠲᠣᠭᠤᠷᠢᠭ ᠤᠨ ᠦᠭᠡᠷᠡᠴᠢᠯᠡᠯᠲᠡ ᠶᠢ ᠠᠬᠢᠭᠤᠯᠵᠤ᠂ ᠵᠣᠴᠢᠨ ᠤᠭᠲᠤᠬᠤ ᠵᠠᠮ ᠪᠣᠯᠤᠨ ᠪᠠᠶᠠᠨᠨᠢᠷᠤᠭᠤ ᠶᠡᠭᠡ ᠵᠡᠭᠡᠯᠢ ᠶᠢᠨ ᠳᠤᠮᠳᠠ ᠬᠡᠰᠡᠭ ᠵᠡᠷᠭᠡ ᠰᠢᠨ᠎ᠡ ᠬᠤᠲᠠ ᠶᠢᠨ ᠵᠠᠮ ᠢ ᠪᠠᠶᠢᠭᠤᠯᠤᠨ ᠲᠡᠷᠭᠡ ᠨᠡᠪᠲᠡᠷᠡᠭᠦᠯᠵᠦ᠂ ᠪᠠᠭᠠᠷᠢᠨ ᠵᠠᠮ ᠪᠠ ᠱᠧᠩ ᠯᠢ ᠵᠠᠮ ᠵᠡᠷᠭᠡ ᠬᠠᠭᠤᠴᠢᠨ ᠬᠤᠲᠠ ᠶᠢᠨ ᠵᠠᠮ ᠢ ᠵᠠᠰᠠᠪᠠ᠃ ᠬᠤᠲᠠ ᠶᠢᠨ ᠪᠠᠷᠠᠭᠤᠨ ᠲᠡᠭᠦᠷᠭᠡ ᠶᠢᠨ ᠵᠠᠰᠠᠭ ᠵᠠᠬᠢᠷᠭᠠᠨ ᠤ ᠠᠯᠪᠠᠨ ᠲᠣᠭᠤᠷᠢᠭ ᠢ ᠬᠠᠳᠠᠭᠤᠵᠢᠭᠤᠯᠬᠤ᠂ ᠬᠠᠭᠤᠴᠢᠨ ᠣᠷᠤᠨ ᠰᠠᠭᠤᠴᠠ ᠶᠢᠨ ᠵᠡᠭᠡᠯᠢ ᠭᠤᠳᠤᠮᠵᠢ ᠶᠢ ᠴᠡᠭᠴᠡᠯᠡᠬᠦ᠂ ᠣᠳᠣ ᠶᠢᠨ ᠪᠠᠶᠢᠭ᠎ᠠ ᠣᠷᠤᠨ ᠰᠠᠭᠤᠴᠠ ᠶᠢᠨ ᠪᠠᠷᠢᠯᠭ᠎ᠠ ᠶᠢᠨ ᠡᠨᠧᠷᠭᠢ ᠠᠷᠪᠢᠯᠠᠬᠤ ᠪᠠ ᠤᠰᠤᠨ ᠳᠤᠯᠠᠭᠠᠯᠠᠮᠵᠢ ᠶᠢᠨ ᠬᠤᠭᠤᠯᠠᠢ ᠶᠢ ᠦᠭᠡᠷᠡᠴᠢᠯᠡᠬᠦ ᠵᠡᠷᠭᠡ ᠪᠠᠷᠢᠯᠭ᠎ᠠ ᠶᠢᠨ ᠠᠵᠢᠯ ᠢ ᠪᠦᠬᠦᠨ ᠢ ᠳᠠᠭᠤᠰᠬᠠᠵᠤ᠂ ᠬᠤᠲᠠ ᠲᠣᠭᠤᠷᠢᠭ ᠤᠨ ᠶᠡᠷᠦᠩᠬᠡᠶᠢᠯᠡᠭᠰᠡᠨ ᠦᠢᠯᠡᠴᠢᠯᠡᠭᠡᠨ ᠤ ᠴᠢᠳᠠᠮᠵᠢ ᠶᠢ ᠤᠯᠠᠮ ᠨᠢᠭᠡ ᠠᠯᠬᠤᠮ ᠴᠢᠩᠭᠠᠳᠬᠠᠪᠠ᠃ ᠲᠠᠷᠢᠶᠠᠯᠠᠩ ᠤᠨ ᠤᠰᠤᠨ ᠠᠰᠢᠭᠯᠠᠯᠲᠠ᠂ ᠠᠮᠢ ᠠᠬᠤᠢ ᠵᠢᠴᠢ ᠵᠠᠮ ᠬᠠᠷᠢᠯᠴᠠᠭᠠᠨ ᠤ ᠪᠦᠲᠦᠭᠡᠨ ᠪᠠᠶᠢᠭᠤᠯᠤᠯᠲᠠ ᠶᠢ ᠨᠢᠭᠡᠲᠦᠯᠲᠠᠢ ᠠᠬᠢᠭᠤᠯᠵᠤ᠂ ᠡᠯ ᠯᠦᠩ ᠤᠰᠤᠯᠠᠯᠲᠠ ᠶᠢᠨ ᠲᠣᠭᠤᠷᠢᠭ ᠤᠨ ᠤᠰᠤ ᠠᠷᠪᠢᠯᠠᠬᠤ ᠢᠵᠢ ᠲᠦᠬᠦᠭᠡᠦᠷᠮᠵᠢ ᠶᠢᠨ ᠦᠭᠡᠷᠡᠴᠢᠯᠡᠯᠲᠡ ᠪᠠ ᠰᠢᠷᠭ᠎ᠠ ᠶᠢᠨ ᠭᠤᠣᠯ ᠤᠨ ᠯᠢᠨᠳᠦ᠋ᠩ ᠳᠠᠬᠢ ᠬᠡᠰᠡᠭ ᠤᠨ ᠦᠶᠡᠷ ᠢ ᠰᠡᠷᠭᠡᠶᠢᠯᠡᠬᠦ ᠢᠨᠵᠧᠨᠧᠷᠢᠩ ᠢ ᠦᠨᠳᠦᠰᠦᠨ ᠳᠡᠭᠡᠨ ᠪᠡᠶᠡᠯᠡᠭᠦᠯᠦᠨ᠂ ᠱᠢᠨᠠ ᠤᠰᠤᠨ ᠴᠦᠭᠦᠷᠦᠮ ᠢ ᠪᠠᠬᠢᠵᠢᠭᠦᠯᠬᠦ ᠠᠵᠢᠯ ᠢ ᠡᠬᠢᠯᠡᠭᠦᠯᠵᠦ᠂ ᠬᠤ᠋ ᠪᠦᠸᠧ ᠭᠸᠦ ᠤᠰᠤᠨ ᠠᠰᠢᠭᠯᠠᠯᠲᠠ ᠪᠠ ᠴᠢᠨᠳᠠᠮᠣᠨᠢ ᠬᠠᠳᠠᠨ ᠤ ᠤᠰᠤᠨ ᠴᠦᠭᠦᠷᠦᠮ ᠵᠡᠷᠭᠡ ᠲᠦᠷᠦᠯ ᠵᠦᠢᠯ ᠤᠨ ᠠᠩᠬᠠᠨ ᠤ ᠱᠠᠲᠤᠨ ᠤ ᠠᠵᠢᠯ ᠢ ᠠᠬᠢᠭᠤᠯᠪᠠ᠃ ᠪᠡᠭᠡᠵᠢᠩ ᠲᠢᠶᠠᠨᠵᠢᠨ ᠤ ᠡᠯᠡᠰᠦᠨ ᠤ ᠡᠬᠢ ᠶᠢ ᠵᠠᠰᠠᠬᠤ ᠪᠣᠯᠤᠨ ᠭᠤᠣᠯᠳᠠᠯᠭ᠎ᠠ ᠲᠠᠢ ᠣᠷᠤᠨ ᠢ ᠣᠶᠢᠵᠢᠭᠤᠯᠬᠤ ᠵᠡᠷᠭᠡ ᠢᠨᠵᠧᠨᠧᠷᠢᠩ ᠢ ᠲᠣᠭᠲᠠᠭᠤᠨ ᠠᠬᠢᠭᠤᠯᠵᠤ᠂ 24.9 ᠲᠦᠮᠡᠨ ᠮᠦ ᠣᠶᠢᠵᠢᠭᠤᠯᠪᠠ᠃ ᠯᠢᠨᠳᠦ᠋ᠩ ᠠᠴᠠ ᠶᠠᠩ ᠵᠢᠶᠠ ᠶᠢᠩᠽᠢ ᠬᠦᠷᠬᠦ ᠬᠡᠰᠡᠭ ᠤᠨ ᠵᠠᠰᠠᠮᠠᠯ ᠵᠠᠮ ᠢ ᠵᠠᠰᠠᠨ ᠲᠡᠷᠭᠡ ᠨᠡᠪᠲᠡᠷᠡᠭᠦᠯᠵᠦ᠂ ᠤᠯᠤᠰ ᠤᠨ ᠵᠠᠮ 303 ᠱᠤᠭᠤᠮ ᠤᠨ ᠯᠢᠨᠳᠦ᠋ᠩ ᠪᠠᠯᠭᠠᠰᠤ ᠳᠠᠬᠢ ᠵᠠᠮ ᠢ ᠦᠭᠡᠷᠡᠴᠢᠯᠡᠨ᠂ ᠭᠠᠴᠠᠭ᠎ᠠ ᠲᠤᠰᠬᠤᠨ ᠳᠤ ᠨᠡᠪᠲᠡᠷᠡᠬᠦ ᠵᠠᠮ 12 ᠵᠤᠷᠪᠤᠰ 150 ᠺᠢᠯᠦᠮᠧᠲᠷ ᠳᠡᠪᠢᠰᠴᠦ᠂ ᠪᠦᠬᠦ ᠬᠤᠰᠢᠭᠤᠨ ᠤ ᠵᠠᠰᠠᠮᠠᠯ ᠵᠠᠮ ᠤᠨ ᠪᠦᠲᠦᠴᠡ ᠶᠢ ᠳᠣᠬᠢᠷᠠᠭᠤᠯᠪᠠ᠃ ᠹᠧᠩ ᠬᠤᠸᠠᠩ ᠱᠠᠨ ᠠᠵᠤ ᠦᠢᠯᠡᠳᠪᠦᠷᠢ  ᠶᠢᠨ ᠲᠣᠭᠤᠷᠢᠭ ᠲᠤ 66 ᠺᠢᠯᠦᠸᠣᠯᠲ ᠠᠮᠫᠧᠷ ᠤᠨ ᠴᠠᠬᠢᠯᠭᠠᠨ ᠬᠤᠪᠢᠰᠬᠠᠭᠤᠷ ᠤᠨ ᠦᠷᠲᠡᠭᠡ ᠪᠠᠶᠢᠭᠤᠯᠵᠤ᠂ ᠪᠠᠶᠠᠨᠨᠢᠷᠤᠭᠤ ᠳᠤ 220 ᠺᠢᠯᠦᠸᠣᠯᠲ ᠠᠮᠫᠧᠷ ᠤᠨ ᠴᠠᠬᠢᠯᠭᠠᠨ ᠬᠤᠪᠢᠰᠬᠠᠭᠤᠷ ᠦᠷᠲᠡᠭᠡ ᠪᠠᠶᠢᠭᠤᠯᠬᠤ ᠠᠵᠢᠯ ᠢ ᠡᠬᠢᠯᠡᠭᠦᠯᠦᠨ᠂ ᠴᠠᠬᠢᠯᠭᠠᠨ ᠬᠦᠴᠦᠨ ᠤ ᠪᠠᠲᠤᠯᠠᠭ᠎ᠠ ᠪᠣᠯᠤᠨ ᠦᠢᠯᠡᠴᠢᠯᠡᠭᠡᠨ ᠤ ᠴᠢᠳᠠᠪᠦᠷᠢ ᠶᠢ ᠳᠡᠭᠡᠭᠰᠢᠯᠡᠭᠦᠯᠪᠡ᠃       ︵ᠲᠠᠪᠤ︶ ᠠᠷᠠᠳ ᠤᠨ ᠠᠮᠢᠳᠤᠷᠠᠯ ᠤᠨ ᠪᠠᠲᠤᠯᠠᠭ᠎ᠠ ᠶᠢ ᠴᠢᠩᠭᠠᠳᠬᠠᠪᠠ᠃ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠶᠠᠪᠤᠳᠠᠯ ᠢ ᠢᠮᠠᠭᠲᠠ ᠠᠵᠢᠯ ᠤᠨ ᠢᠶᠠᠨ ᠡᠬᠢᠯᠡᠯᠲᠡ ᠪᠠ ᠵᠣᠭᠰᠤᠴᠠ ᠪᠣᠯᠭᠠᠵᠤ᠂ ᠠᠷᠠᠳ ᠤᠨ ᠠᠮᠢᠳᠤᠷᠠᠯ ᠤᠨ ᠭᠤᠣᠯᠳᠠᠯᠭ᠎ᠠ ᠲᠠᠢ ᠵᠠᠷᠤᠯᠭ᠎ᠠ ᠶᠢ ᠤᠷᠢᠳᠠᠪᠠᠷ ᠪᠠᠲᠤᠯᠠᠪᠠ᠃ ᠠᠷᠠᠳ ᠤᠨ ᠠᠮᠢᠳᠤᠷᠠᠯ ᠤᠨ 10 ᠶᠡᠭᠡ ᠲᠦᠷᠦᠯ 74 ᠵᠦᠢᠯ ᠤᠨ ᠠᠵᠢᠯᠯᠠᠭᠠᠨ ᠤ ᠲᠦᠯᠦᠪᠯᠡᠭᠡ ᠶᠢ ᠬᠡᠷᠡᠭᠵᠢᠭᠦᠯᠵᠦ᠂ 16 ᠳ᠋ᠦᠩᠰᠢᠭᠤᠷ ᠲᠦᠭᠦᠷᠢᠭ ᠤᠨ ᠪᠡᠯᠡ ᠣᠷᠤᠭᠤᠯᠤᠨ᠂ ᠡᠳ᠋ ᠤᠨ ᠵᠠᠰᠠᠭ ᠤᠨ ᠵᠠᠷᠤᠯᠭ᠎ᠠ ᠶᠢᠨ 62.9% ᠶᠢ ᠡᠵᠡᠯᠡᠪᠡ᠃ ︽ᠣᠯᠠᠨ ᠲᠦᠮᠡᠨ ᠦᠢᠯᠡᠰ ᠪᠤᠰᠬᠠᠵᠤ ᠰᠢᠨ᠎ᠡ ᠶᠢ ᠡᠭᠦᠳᠬᠦ︾ ᠠᠵᠢᠯ ᠢ ᠢᠳᠡᠪᠬᠢᠲᠠᠢ ᠦᠷᠨᠢᠭᠦᠯᠵᠦ᠂ ᠬᠤᠲᠠ ᠪᠠᠯᠭᠠᠰᠤᠨ ᠳᠤ ᠰᠢᠨ᠎ᠡ  ᠪᠠᠷ 1728 ᠬᠦᠮᠦᠨ ᠳᠤ ᠠᠵᠢᠯ ᠣᠯᠭᠤᠵᠤ᠂ ᠠᠵᠢᠯ ᠠᠯᠳᠠᠭᠰᠠᠳ ᠢ 3.7% ᠳᠣᠲᠤᠷ᠎ᠠ ᠬᠢᠵᠠᠭᠠᠷᠯᠠᠪᠠ᠃ ᠳᠠᠩᠰᠠ ᠡᠪᠬᠡᠮᠡᠯ ᠪᠠ ᠺᠠᠷᠲ ᠪᠠᠶᠢᠭᠤᠯᠤᠨ ᠨᠠᠷᠢᠯᠢᠭ ᠣᠨᠤᠪᠴᠢᠲᠠᠢ ᠢᠯᠭᠠᠨ ᠲᠣᠳᠤᠯᠠᠬᠤ ᠪᠠ ᠮᠦᠩᠭᠦᠨ ᠭᠦᠢᠯᠭᠡᠭᠡᠨ  ᠢᠶᠠᠷ ᠶᠠᠳᠠᠭᠤ ᠶᠢ ᠲᠡᠳᠬᠦᠬᠦ ᠵᠡᠷᠭᠡ ᠢᠨᠵᠧᠨᠧᠷᠢᠩ ᠢ ᠬᠡᠷᠡᠭᠵᠢᠭᠦᠯᠵᠦ᠂ ᠶᠠᠳᠠᠭᠤ ᠶᠢ ᠲᠡᠳᠬᠦᠬᠦ ᠵᠢᠭᠡᠯᠡᠯᠭᠡ 1.8 ᠳ᠋ᠦᠩᠰᠢᠭᠤᠷ ᠲᠦᠭᠦᠷᠢᠭ ᠨᠠᠶᠢᠳᠠᠪᠦᠷᠢᠵᠢᠭᠤᠯᠤᠨ᠂ 2 ᠲᠦᠮᠡᠨ ᠬᠦᠮᠦᠨ ᠠᠮᠠ ᠶᠢ ᠶᠠᠳᠠᠭᠤ ᠠᠴᠠ ᠠᠩᠭᠢᠵᠢᠷᠠᠭᠤᠯᠪᠠ᠃ ᠪᠠᠲᠤᠯᠠᠭᠠᠲᠤ ᠣᠷᠣᠨ ᠰᠠᠭᠤᠴᠠ 48 ᠢᠵᠢ ᠪᠠᠶᠢᠭᠤᠯᠵᠤ᠂ 105 ᠡᠷᠦᠬᠡ ᠶᠢᠨ ᠳᠦᠭᠦᠮ ᠪᠦᠲᠦᠴᠡᠲᠦ ᠣᠷᠤᠨ ᠰᠠᠭᠤᠴᠠ ᠶᠢ ᠦᠭᠡᠷᠡᠴᠢᠯᠡᠨ᠂ ᠬᠦᠳᠡᠭᠡ ᠲᠤᠰᠬᠤᠨ ᠮᠠᠯᠵᠢᠬᠤ ᠣᠷᠣᠨ ᠤ ᠠᠶᠤᠯᠲᠠᠢ ᠭᠡᠷ ᠪᠠᠶᠢᠰᠢᠩ ᠢ ᠵᠠᠰᠠᠨ ᠰᠢᠨᠡᠳᠬᠡᠬᠦ ᠠᠵᠢᠯ ᠢ ᠪᠦᠬᠦ ᠲᠠᠯ᠎ᠠ ᠪᠠᠷ ᠡᠬᠢᠯᠡᠭᠦᠯᠪᠡ᠃ ᠨᠡᠶᠢᠭᠡᠮ ᠤᠨ ᠪᠠᠲᠤᠯᠠᠭ᠎ᠠ ᠶᠢᠨ ᠬᠡᠪᠴᠢᠶ᠎ᠡ ᠶᠢ ᠲᠠᠰᠤᠷᠠᠯᠲᠠ ᠦᠭᠡᠢ ᠦᠷᠭᠡᠳᠬᠡᠵᠦ᠂ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠳᠠᠭᠠᠳᠬᠠᠯ ᠳᠤ ᠣᠷᠤᠯᠴᠠᠬᠤ ᠨᠣᠷᠮ᠎ᠠ ᠪᠤᠯᠤᠨ ᠬᠦᠳᠡᠭᠡ ᠲᠤᠰᠬᠤᠨ ᠤ ᠰᠢᠨ᠎ᠡ ᠬᠡᠯᠪᠡᠷᠢ ᠶᠢᠨ ᠬᠤᠷᠰᠢᠭᠰᠠᠨ ᠡᠮᠨᠡᠯᠭᠡ ᠳᠤ ᠣᠷᠤᠯᠴᠠᠬᠤ ᠨᠣᠷᠮ᠎ᠠ ᠶᠢ ᠲᠤᠰ ᠲᠤᠰ 90.7% ᠪᠠ 95.2% ᠲᠤ ᠬᠦᠷᠭᠡᠵᠦ᠂ ᠶᠠᠳᠠᠭᠤ ᠬᠦᠴᠢᠷᠳᠡᠯᠲᠡᠢ ᠬᠦᠮᠦᠨ ᠠᠮᠠ ᠪᠣᠯᠤᠨ ᠭᠤᠣᠯᠳᠠᠯᠭ᠎ᠠ ᠲᠠᠢ ᠲᠡᠳᠬᠦᠬᠦ ᠡᠲᠡᠭᠡᠳ ᠢ  ᠪᠦᠬᠦᠨ ᠢ ᠬᠤᠷᠰᠢᠭᠰᠠᠨ ᠡᠮᠨᠡᠯᠭᠡ ᠳᠤ ᠤᠷᠤᠯᠴᠠᠭᠤᠯᠪᠠ᠃ ᠬᠤᠲᠠ ᠪᠠᠯᠭᠠᠰᠤ ᠶᠢᠨ ᠳᠣᠣᠷ᠎ᠠ ᠪᠠᠲᠤᠯᠠᠭ᠎ᠠ ᠶᠢᠨ ᠪᠠᠷᠢᠮᠵᠢᠶ᠎ᠠ ᠶᠢ ᠬᠦᠮᠦᠨ ᠪᠦᠷᠢ ᠰᠠᠷ᠎ᠠ ᠪᠣᠯᠭᠠᠨ 20 ᠲᠦᠭᠦᠷᠢᠭ ᠨᠡᠮᠡᠭᠳᠡᠭᠦᠯᠵᠦ᠂ ᠬᠦᠳᠡᠭᠡ ᠲᠤᠰᠬᠤᠨ ᠮᠠᠯᠵᠢᠬᠤ ᠣᠷᠣᠨ ᠤ ᠬᠢ ᠶᠢ 200 ᠲᠦᠭᠦᠷᠢᠭ ᠨᠡᠮᠡᠭᠳᠡᠭᠦᠯᠪᠡ᠃ ᠨᠡᠶᠢᠭᠡᠮ  ᠤᠨ ᠠᠪᠤᠷᠠᠨ ᠲᠤᠰᠠᠯᠠᠯᠲᠠ ᠶᠢᠨ ᠪᠡᠯᠡ ᠮᠦᠩᠭᠦ 1.14 ᠳ᠋ᠦᠩᠰᠢᠭᠤᠷ ᠲᠦᠭᠦᠷᠢᠭ ᠨᠠᠶᠢᠳᠠᠪᠦᠷᠢᠵᠢᠭᠤᠯᠵᠤ᠂ 4 ᠲᠦᠮᠡ ᠭᠠᠷᠤᠢ ᠶᠠᠳᠠᠭᠤ ᠬᠦᠴᠢᠷᠳᠡᠯᠲᠡᠢ ᠣᠯᠠᠨ ᠲᠦᠮᠡᠨ ᠳᠤ ᠠᠰᠢᠭ ᠬᠦᠷᠲᠡᠭᠡᠪᠡ᠃ ᠪᠦᠬᠦ ᠬᠤᠰᠢᠭᠤᠨ ᠤ 64233 ᠡᠷᠦᠬᠡ ᠳᠣᠣᠷ᠎ᠠ ᠣᠷᠤᠯᠭᠠᠲᠤ ᠮᠠᠯᠴᠢᠨ ᠲᠠᠷᠢᠶᠠᠴᠢᠳ ᠲᠤ ᠡᠪᠦᠯ ᠤᠨ ᠤᠯᠠᠷᠢᠯ ᠤᠨ ᠳᠤᠯᠠᠭᠠᠯᠠᠭ᠎ᠠ ᠶᠢᠨ ᠨᠡᠭᠦᠷᠡᠰᠦᠨ ᠤ ᠨᠦᠬᠦᠪᠦᠷᠢ 3853.4 ᠲᠦᠮᠡᠨ ᠲᠦᠭᠦᠷᠢᠭ ᠲᠠᠷᠬᠠᠭᠠᠪᠠ᠃ ᠠᠭᠠᠷ ᠮᠠᠨᠳᠠᠯ ᠤᠨ ᠪᠤᠬᠢᠷᠳᠤᠯ ᠢ ᠰᠡᠷᠭᠡᠶᠢᠯᠡᠨ ᠵᠠᠰᠠᠵᠤ᠂ ᠯᠢᠨᠳᠦ᠋ᠩ ᠬᠤᠲᠠ ᠶᠢᠨ ᠤᠭᠢᠶᠠᠯᠭ᠎ᠠ ᠶᠢᠨ ᠪᠠᠭ᠎ᠠ ᠬᠡᠯᠪᠡᠷᠢ ᠶᠢᠨ ᠲᠦᠯᠡᠰᠢᠨ ᠨᠡᠭᠦᠷᠡᠰᠦᠨ ᠵᠤᠤᠬ᠎ᠠ ᠶᠢ ᠦᠭᠡᠶᠢᠰᠬᠡᠬᠦ ᠠᠵᠢᠯ ᠢ ᠡᠬᠢᠯᠡᠭᠦᠯᠦᠨ᠂ ᠬᠤᠲᠠ ᠬᠦᠳᠡᠭᠡ ᠶᠢᠨ ᠠᠷᠠᠳ ᠤᠨ ᠣᠷᠤᠨ ᠰᠠᠭᠤᠴᠠ ᠶᠢᠨ ᠣᠷᠴᠢᠨ ᠲᠣᠭᠤᠷᠢᠨ ᠢ ᠰᠠᠶᠢᠵᠢᠷᠠᠭᠤᠯᠪᠠ᠃      ︵ᠵᠢᠷᠭᠤᠭ᠎ᠠ︶ ᠨᠡᠶᠢᠭᠡᠮ ᠤᠨ ᠦᠢᠯᠡᠰ ᠵᠣᠬᠢᠴᠠᠩᠭᠤᠢ ᠬᠦᠭᠵᠢᠪᠡ᠃ ᠰᠢᠨᠵᠢᠯᠡᠭᠡ ᠮᠡᠷᠭᠡᠵᠢᠯ ᠢᠶᠠᠷ ᠰᠢᠨ᠎ᠡ ᠶᠢ ᠡᠭᠦᠳᠬᠦ ᠲᠦᠪᠰᠢᠨ ᠢ ᠳᠡᠭᠡᠭᠰᠢᠯᠡᠭᠦᠯᠵᠦ᠂ ︽ᠬᠦᠰᠡᠯᠡᠩᠲᠦ ᠬᠠᠪᠤᠷ︾ ᠲᠠᠷᠢᠶᠠᠯᠠᠩ ᠤᠨ ᠳᠡᠯᠭᠡᠨ ᠦᠵᠡᠭᠦᠯᠭᠡ ᠡᠷᠬᠢᠯᠡᠨ᠂ ᠰᠢᠨᠵᠢᠯᠡᠭᠡ ᠮᠡᠷᠭᠡᠵᠢᠯ ᠤᠨ 32 ᠲᠦᠷᠦᠯ ᠵᠦᠢᠯ ᠢ ᠨᠦᠭᠡᠴᠡᠯᠡᠵᠦ᠂ ᠡᠭᠦᠨ ᠳᠤ ᠥᠪᠡᠷᠲᠡᠭᠡᠨ ᠵᠠᠰᠠᠬᠤ ᠣᠷᠤᠨ ᠤ ᠳᠡᠰ ᠤᠨ ᠬᠢ ᠨᠢ 69% ᠶᠢ ᠡᠵᠡᠯᠡᠵᠡᠢ᠃ ᠰᠤᠷᠭᠠᠨ ᠬᠦᠮᠦᠵᠢᠯ ᠤᠨ ᠦᠢᠯᠡᠰ ᠢ ᠶᠡᠬᠡᠪᠡᠷ ᠬᠦᠭᠵᠢᠭᠦᠯᠵᠦ᠂ ᠬᠤᠰᠢᠭᠤ ᠰᠢᠭᠤᠳ ᠬᠠᠷᠢᠶ᠎ᠠ ᠬᠤᠶᠠᠳᠤᠭᠠᠷ ᠬᠡᠥᠬᠡᠳ ᠤᠨ ᠴᠡᠴᠡᠷᠯᠢᠭ᠂ ᠬᠤᠸᠠ ᠰᠢᠨ ᠬᠡᠥᠬᠡᠳ  ᠤᠨ ᠴᠡᠴᠡᠷᠯᠢᠭ ᠵᠢᠴᠢ ᠬᠦᠳᠡᠭᠡ ᠲᠤᠰᠬᠤᠨ ᠮᠠᠯᠵᠢᠬᠤ ᠣᠷᠣᠨ ᠤ 29 ᠰᠠᠭᠤᠷᠢ ᠬᠡᠥᠬᠡᠳ ᠤᠨ ᠴᠡᠴᠡᠷᠯᠢᠭ ᠢ ᠪᠠᠶᠢᠭᠤᠯᠤᠨ᠂ ᠬᠤᠸᠠᠰᠢᠶᠠ ᠠᠵᠢᠯ ᠮᠡᠷᠭᠡᠵᠢᠯ ᠤᠨ ᠰᠤᠷᠭᠠᠭᠤᠯᠢ ᠶᠢᠨ ᠳᠠᠪᠲᠠᠨ ᠪᠣᠯᠪᠠᠰᠤᠷᠠᠯ ᠤᠨ ᠰᠠᠭᠤᠷᠢᠨ ᠭᠠᠵᠠᠷ  ᠤᠨ ᠪᠠᠷᠢᠯᠭ᠎ᠠ ᠶᠢ ᠦᠨᠳᠦᠰᠦᠨ ᠳᠡᠭᠡᠨ ᠳᠠᠭᠤᠰᠬᠠᠪᠠ᠃ ᠰᠠᠭᠤᠷᠢ ᠰᠤᠷᠭᠠᠨ ᠬᠦᠮᠦᠵᠢᠯ ᠤᠨ ᠬᠢᠴᠢᠶᠡᠯᠯᠡᠭᠡ ᠪᠣᠯᠤᠨ ᠳᠡᠭᠡᠳᠦ ᠳᠤᠮᠳᠠᠳᠤ ᠰᠤᠷᠭᠠᠭᠤᠯᠢ ᠶᠢᠨ ᠶᠡᠷᠦᠩᠬᠡᠢ ᠦᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ︽ᠵᠢᠷᠭᠤᠭᠠᠨ ᠰᠤᠷᠭᠠᠭᠤᠯᠢ︾ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠂ ᠰᠤᠷᠭᠠᠨ ᠬᠦᠮᠦᠵᠢᠯ ᠤᠨ ᠶᠠᠰᠤ ᠴᠢᠨᠠᠷ ᠢ   ᠰᠠᠶᠢᠵᠢᠷᠠᠭᠤᠯᠪᠠ᠃ ᠡᠷᠭᠦᠯ ᠬᠠᠮᠠᠭᠠᠯᠠᠯ ᠪᠣᠯᠤᠨ ᠲᠦᠯᠦᠪᠯᠡᠭᠡᠲᠦ ᠦᠷᠡᠵᠢᠯ ᠤᠨ ᠠᠵᠢᠯ ᠢ ᠢᠳᠡᠪᠬᠢᠲᠠᠢ ᠦᠷᠨᠢᠭᠦᠯᠵᠦ᠂ ᠬᠤᠰᠢᠭᠤ ᠮᠣᠩᠭᠤᠯ ᠬᠢᠲᠠᠳ ᠡᠮᠨᠡᠯᠭᠡ ᠶᠢᠨ ᠬᠤᠷᠢᠶᠠᠨ ᠤ ᠡᠪᠡᠳᠴᠢᠲᠡᠨ ᠤ ᠠᠰᠠᠷ ᠪᠠ ᠪᠢᠯᠡᠭᠦᠲᠠᠢ ᠪᠠᠯᠭᠠᠰᠤ ᠶᠢᠨ ᠰᠧ ᠹᠠᠩ ᠴᠧᠩ ᠡᠷᠡᠭᠦᠯ ᠬᠠᠮᠠᠭᠠᠯᠠᠯ ᠤᠨ ᠬᠤᠷᠢᠶ᠎ᠠ ᠵᠡᠷᠭᠡ ᠲᠦᠷᠦᠯ ᠵᠦᠢᠯ ᠢ ᠡᠬᠢᠯᠡᠭᠦᠯᠪᠡ︔ ᠪᠦᠬᠦ ᠬᠤᠰᠢᠭᠤᠨ ᠤ ᠵᠣᠬᠢᠰᠲᠠᠢ ᠳᠣᠣᠷ᠎ᠠ ᠦᠷᠡᠵᠢᠯ ᠤᠨ ᠲᠦᠪᠰᠢᠨ ᠢ ᠪᠠᠲᠤᠯᠠᠵᠤ᠂ ︽ᠭᠠᠭᠴᠠ ᠬᠤᠶᠠᠷ ᠬᠡᠥᠬᠡᠳ︾ ᠤᠨ ᠲᠦᠷᠥ ᠶᠢᠨ ᠪᠣᠳᠤᠯᠭ᠎ᠠ ᠶᠢ ᠡᠮᠬᠢ ᠵᠢᠷᠦᠮ ᠲᠠᠢ ᠬᠡᠷᠡᠭᠵᠢᠭᠦᠯᠪᠡ᠃ ᠰᠤᠶᠤᠯ ᠢ ᠬᠦᠳᠡᠭᠡ ᠪᠠᠭᠤᠯᠭᠠᠵᠤ᠂ ᠣᠯᠠᠨ ᠲᠦᠮᠡᠨᠴᠢ ᠴᠢᠨᠠᠷᠲᠠᠢ ᠡᠯ᠎ᠡ ᠵᠦᠢᠯ ᠤᠨ ᠰᠤᠶᠤᠯ ᠤᠨ ᠠᠵᠢᠯᠯᠠᠭ᠎ᠠ ᠦᠷᠨᠢᠭᠦᠯᠦᠨ᠂ ᠬᠤᠰᠢᠭᠤ ᠰᠤᠶᠤᠯ ᠤᠨ ᠣᠷᠳᠣᠨ ᠨᠢ ︽ᠪᠦᠬᠦ ᠣᠷᠤᠨ ᠤ ᠦᠨᠳᠦᠰᠦᠨ ᠱᠠᠲᠤᠨ ᠤ ᠰᠤᠶᠤᠯ ᠤᠨ ᠠᠷᠪᠠᠨ ᠰᠣᠳᠤᠨ ᠨᠢᠭᠡᠴᠡ︾ ᠪᠠᠷ ᠦᠨᠡᠯᠡᠭᠳᠡᠪᠡ᠃ ᠡᠷᠲᠡᠨ  ᠤ ᠡᠳ᠋ ᠤᠨ ᠰᠣᠯᠢᠯᠴᠠᠭᠠᠨ ᠤ ᠬᠤᠷᠠᠯ ᠪᠠ ᠣᠯᠠᠨ ᠤᠯᠤᠰ ᠤᠨ ᠭᠡᠷᠡᠯ ᠵᠢᠷᠤᠭ ᠤᠨ ᠤᠯᠠᠷᠢᠯ ᠵᠡᠷᠭᠡ ᠠᠵᠢᠯᠯᠠᠭ᠎ᠠ ᠶᠢ ᠠᠮᠵᠢᠯᠲᠠ ᠲᠠᠢ ᠦᠷᠨᠢᠭᠦᠯᠵᠦ᠂ ᠭᠢᠳᠠᠨ ᠰᠤᠶᠤᠯ ᠤᠨ ᠨᠦᠯᠦᠭᠡ ᠶᠢ ᠤᠯᠠᠮ ᠨᠢᠭᠡ ᠠᠯᠬᠤᠮ ᠦᠷᠭᠡᠳᠬᠡᠪᠡ᠃ ᠥᠪᠡᠷᠲᠡᠭᠡᠨ ᠵᠠᠰᠠᠬᠤ ᠣᠷᠤᠨ ᠤ ᠬᠤᠣᠰ ᠬᠦᠷᠢᠶᠡᠯᠡᠯ ᠤᠨ ᠠᠵᠢᠯ ᠤᠨ ᠳᠠᠬᠢᠨ ᠪᠠᠶᠢᠴᠠᠭᠠᠯᠲᠠ ᠶᠢ ᠦᠩᠭᠡᠷᠡᠭᠡᠵᠦ᠂ ᠬᠤᠣᠰ ᠬᠦᠷᠢᠶᠡᠯᠡᠯ ᠤᠨ ᠵᠢᠱᠢᠶᠡᠴᠢ ᠬᠤᠰᠢᠭᠤ ᠪᠠᠷ ︽ᠳᠠᠷᠠᠭᠠᠯᠠᠨ ᠭᠤᠷᠪᠠ ᠲᠡᠷᠢᠭᠦᠯᠡᠪᠡ︾᠃ ᠭᠠᠴᠠᠭ᠎ᠠ ᠲᠤᠰᠬᠤᠨ  ᠤ ᠬᠤᠶᠠᠷ ᠪᠠᠭ ᠤᠨ ᠬᠤᠭᠤᠴᠠᠭ᠎ᠠ ᠰᠣᠯᠢᠬᠤ ᠠᠵᠢᠯ ᠢ ᠪᠡᠶᠡᠯᠡᠭᠦᠯᠵᠦ᠂ ᠥᠪᠡᠷᠲᠡᠭᠡᠨ ᠵᠠᠰᠠᠬᠤ ᠣᠷᠤᠨ ᠤ ︽ᠬᠤᠶᠠᠷ ᠪᠠᠭ ᠤᠨ ᠬᠤᠭᠤᠴᠠᠭ᠎ᠠ ᠰᠣᠯᠢᠬᠤ ᠲᠡᠷᠢᠭᠦᠨ ᠤ ᠬᠤᠰᠢᠭᠤ︾ ᠪᠠᠷ ᠦᠨᠡᠯᠡᠭᠳᠡᠪᠡ᠃ ᠲᠤᠭ᠎ᠠ ᠪᠦᠷᠢᠳᠬᠡᠯ᠂ ᠬᠢᠨᠠᠨ ᠪᠣᠳᠤᠯᠲᠠ᠂ ᠦᠨᠳᠦᠰᠦᠲᠡᠨ ᠪᠠ ᠱᠠᠰᠢᠨ ᠰᠤᠷᠲᠠᠬᠤᠨ᠂ ᠡᠮᠡᠭᠲᠡᠶᠢᠴᠦᠳ ᠬᠡᠥᠬᠡᠳ᠂ ᠤᠯᠠᠭᠠᠨ ᠵᠠᠭᠠᠯᠮᠠᠶᠢᠲᠠᠨ᠂ ᠵᠡᠮᠳᠡᠭᠴᠦᠳ᠂ ᠳᠠᠩᠰᠠ ᠡᠪᠬᠡᠮᠡᠯ᠂ ᠠᠷᠠᠳ ᠤᠨ ᠠᠭᠠᠷ ᠤᠨ ᠰᠡᠷᠭᠡᠶᠢᠯᠡᠯᠲᠡ᠂ ᠪᠠᠴᠢᠮ ᠪᠠᠶᠢᠳᠠᠯ ᠤᠨ ᠠᠷᠭᠠᠴᠠᠯᠲᠠ ᠵᠢᠴᠢ ᠠᠭᠤᠷ ᠠᠮᠢᠰᠬᠤᠯ ᠵᠡᠷᠭᠡ ᠲᠠᠯ᠎ᠠ ᠶᠢᠨ ᠠᠵᠢᠯ ᠴᠦᠮ ᠰᠢᠨ᠎ᠡ ᠠᠮᠵᠢᠯᠲᠠ ᠣᠯᠤᠭᠰᠠᠨ ᠪᠠᠶᠢᠨ᠎ᠠ᠃      ︵ᠳᠣᠯᠤᠭ᠎ᠠ︶ ᠵᠠᠰᠠᠭ ᠤᠨ ᠣᠷᠳᠣᠨ ᠤ ᠲᠤᠰ ᠪᠡᠶ᠎ᠡ ᠶᠢᠨ ᠪᠠᠶᠢᠭᠤᠯᠤᠯᠲᠠ ᠶᠢ ᠲᠠᠰᠤᠷᠠᠯᠲᠠ ᠦᠭᠡᠢ ᠴᠢᠩᠭᠠᠳᠬᠠᠪᠠ᠃ ︽ᠭᠤᠷᠪᠠᠨ ᠴᠢᠩᠭ᠎ᠠ ᠭᠤᠷᠪᠠᠨ ᠪᠤᠳᠠᠲᠠᠢ︾ ᠲᠤᠰᠬᠠᠢ ᠰᠤᠷᠭᠠᠨ ᠬᠦᠮᠦᠵᠢᠯ ᠢ ᠭᠦᠨᠵᠡᠭᠡᠢ ᠦᠷᠨᠢᠭᠦᠯᠵᠦ᠂ ᠰᠤᠷᠲᠠᠯ ᠤᠨ ᠪᠠᠶᠢᠭᠤᠯᠤᠯᠲᠠ ᠶᠢ ᠦᠷᠭᠦᠯᠵᠢᠯᠡᠨ ᠴᠢᠩᠭᠠᠳᠬᠠᠨ᠂ ᠵᠠᠰᠠᠭ ᠤᠨ ᠣᠷᠳᠣᠨ ᠤ ᠠᠵᠢᠯ  ᠤᠨ ᠴᠢᠳᠠᠪᠬᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠪᠡ᠃ ᠰᠢᠢᠳᠪᠦᠷᠢᠲᠦ ᠪᠣᠳᠤᠯᠭ᠎ᠠ ᠲᠣᠭᠲᠠᠭᠠᠬᠤ ᠠᠯᠬᠤᠮ ᠳᠠᠷᠠᠭ᠎ᠠ ᠶᠢ ᠴᠢᠩᠭ᠎ᠠ ᠭᠦᠢᠴᠡᠳᠬᠡᠵᠦ᠂ ︽ᠭᠤᠷᠪᠠᠨ ᠴᠢᠬᠤᠯᠠ ᠨᠢᠭᠡ ᠶᠡᠭᠡ︾ ᠳᠦᠷᠢᠮ ᠢ ᠬᠢᠨᠠᠮᠠᠭᠠᠢ ᠬᠡᠷᠡᠭᠵᠢᠭᠦᠯᠦᠨ ᠂ ᠵᠠᠰᠠᠭ ᠤᠨ ᠣᠷᠳᠣᠨ ᠤ ᠠᠵᠢᠯ ᠢ ᠳᠦᠷᠢᠮᠵᠢᠭᠦᠯᠪᠡ᠃ ᠬᠤᠰᠢᠭᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠤᠯᠤᠰ ᠲᠥᠷᠥ ᠶᠢᠨ ᠵᠦᠪᠯᠡᠯᠭᠡᠨ ᠵᠢᠴᠢ ᠨᠡᠶᠢᠭᠡᠮ ᠤᠨ ᠡᠯ᠎ᠡ ᠡᠲᠡᠭᠡᠳ ᠤᠨ ᠬᠢᠨ ᠤ ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠵᠦ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠶᠢᠨ 64 ᠵᠦᠢᠯ ᠤᠨ ᠰᠠᠨᠠᠯ ᠵᠦᠪᠯᠡᠯᠭᠡ᠂ ᠤᠯᠤᠰ ᠲᠦᠷᠦ ᠶᠢᠨ ᠵᠦᠪᠯᠡᠯᠭᠡᠨ ᠤ ᠭᠡᠰᠢᠭᠦᠳ ᠤᠨ 49 ᠵᠦᠢᠯ ᠤᠨ ᠳᠤᠷᠠᠳᠤᠯᠭ᠎ᠠ ᠢ ᠰᠢᠢᠳᠪᠦᠷᠢᠯᠡᠵᠦ᠂ 100% ᠪᠠᠷ ᠬᠠᠷᠢᠭᠤ ᠦᠭᠴᠡᠢ᠃ ᠲᠦᠪ ᠬᠤᠷᠢᠶᠠᠨ ᠤ ᠨᠠᠢᠮᠠᠨ ᠵᠣᠷᠪᠤᠰ ᠲᠣᠭᠲᠠᠭᠠᠯ ᠤᠨ ᠵᠣᠷᠢᠭ ᠰᠠᠨᠠᠭ᠎ᠠ ᠪᠣᠯᠤᠨ ᠣᠷᠤᠨ ᠨᠤᠲᠤᠭ ᠤᠨ ᠡᠯ᠎ᠡ ᠱᠠᠲᠤᠨ ᠤ ᠨᠠᠮ ᠤᠨ ᠬᠤᠷᠢᠶᠠᠨ ᠤ ᠲᠦᠬᠦᠷᠵᠢᠭᠰᠡᠨ ᠲᠣᠭᠲᠠᠭᠠᠯ ᠢ ᠴᠢᠩᠭ᠎ᠠ ᠨᠠᠶᠢᠳᠠᠪᠦᠷᠢᠵᠢᠭᠤᠯᠵᠤ᠂ 40 ᠠᠯᠪᠠᠨ ᠤ ᠲᠡᠷᠭᠡ ᠶᠢ ᠢᠯᠡ ᠪᠠᠷ ᠰᠢᠢᠳᠪᠦᠷᠢᠯᠡᠨ᠂ ︽ᠭᠤᠷᠪᠠᠨ ᠠᠯᠪᠠᠨ︾ ᠤ ᠵᠠᠷᠤᠳᠠᠯ ᠢ 17.2% ᠪᠠᠭᠠᠰᠬᠠᠵᠠᠢ᠃ ᠢᠯᠡ ᠵᠠᠰᠠᠭ ᠤᠨ ᠣᠷᠳᠣᠨ ᠢ ᠢᠳᠡᠪᠬᠢᠲᠠᠢ ᠪᠠᠶᠢᠭᠤᠯᠵᠤ᠂ ᠵᠠᠰᠠᠭ ᠤᠨ ᠣᠷᠳᠣᠨ ᠪᠠ ᠰᠠᠯᠠᠭ᠎ᠠ ᠮᠦᠴᠢᠷ ᠤᠨ ᠲᠦᠰᠦᠪ ᠢ ᠢᠯᠡ ᠨᠡᠶᠢᠲᠡᠯᠡᠨ᠂ ᠵᠠᠰᠠᠭ ᠵᠠᠬᠢᠷᠭᠠᠨ ᠤ ᠬᠢᠨᠠᠯᠲᠠ ᠪᠣᠯᠤᠨ ᠵᠠᠰᠠᠭ ᠤᠨ ᠶᠠᠪᠤᠳᠠᠯ ᠤᠨ ᠪᠠᠶᠢᠴᠠᠭᠠᠯᠲᠠ ᠶᠢᠨ ᠠᠵᠢᠯ ᠢ ᠦᠷᠭᠦᠯᠵᠢᠯᠡᠨ ᠴᠢᠩᠭᠠᠳᠬᠠᠪᠠ᠃ ︽ᠠᠷᠪᠠᠨ ᠭᠤᠷᠪᠠᠳᠤᠭᠠᠷ ᠲᠠᠪᠤᠨ ᠵᠢᠯ︾ ᠤᠨ ᠲᠦᠯᠦᠪᠵᠢᠭᠦᠯᠭᠡ ᠵᠢᠴᠢ ᠡᠯ᠎ᠡ ᠵᠦᠢᠯ ᠤᠨ ᠲᠤᠰᠬᠠᠢ ᠲᠦᠯᠦᠪᠵᠢᠭᠦᠯᠭᠡ ᠲᠣᠭᠲᠠᠭᠠᠬᠤ ᠠᠵᠢᠯ ᠢ ᠳᠡᠭᠡᠳᠦ ᠪᠠᠷᠢᠮᠵᠢᠶ᠎ᠠ ᠪᠠᠷ ᠪᠡᠶᠡᠯᠡᠭᠦᠯᠪᠡ᠃ ︽ᠵᠠᠬᠢᠳᠠᠯ ᠰᠣᠷᠪᠤᠯᠵᠢᠯᠠᠭ᠎ᠠ ᠶᠢᠨ ᠭᠤᠷᠪᠠ ᠦᠭᠡᠢ ᠰᠤᠮᠤ ᠰᠢᠶᠠᠩ ᠪᠠᠯᠭᠠᠰᠤ ᠵᠡᠭᠡᠯᠢ ᠭᠤᠳᠤᠮᠵᠢ︾ ᠶᠢ ᠪᠠᠶᠢᠭᠤᠯᠬᠤ ᠠᠵᠢᠯᠯᠠᠭ᠎ᠠ  ᠶᠢ ᠢᠳᠡᠪᠬᠢᠲᠠᠢ ᠦᠷᠨᠢᠭᠦᠯᠦᠨ᠂ 76% ᠳᠤ ᠬᠦᠷᠭᠡᠵᠡᠢ᠃ ᠬᠦᠳᠡᠭᠡ ᠲᠤᠰᠬᠤᠨ ᠮᠠᠯᠵᠢᠬᠤ ᠣᠷᠣᠨ ᠤ ᠲᠣᠣᠷ ᠰᠦᠯᠵᠢᠵᠢᠭᠦᠯᠦᠭᠰᠡᠨ ᠴᠡᠭᠴᠡᠯᠡᠯᠲᠡ ᠶᠢ ᠲᠦᠷᠭᠡᠳᠬᠡᠵᠦ᠂ ᠣᠯᠠᠨ ᠲᠦᠮᠡᠨ ᠤ ᠲᠤᠰ ᠪᠡᠶ᠎ᠡ ᠶᠢᠨ ᠠᠰᠢᠭ ᠲᠤᠰᠠ ᠳᠤ ᠬᠤᠯᠪᠤᠭᠳᠠᠭᠰᠠᠨ ᠨᠢᠭᠡ ᠪᠦᠯᠦᠭ ᠠᠰᠠᠭᠤᠳᠠᠯ ᠪᠠ ᠵᠦᠷᠢᠴᠡᠯ ᠮᠦᠷᠭᠦᠯᠳᠦᠭᠡᠨ ᠢ ᠪᠦᠲᠦᠮᠵᠢᠲᠠᠢ ᠰᠢᠢᠳᠪᠦᠷᠢᠯᠡᠪᠡ᠃ ᠬᠠᠤᠯᠢ ᠪᠠᠷ ᠬᠤᠰᠢᠭᠤ ᠪᠠᠨ ᠵᠠᠰᠠᠬᠤ ᠠᠬᠢᠴᠠ ᠶᠢ ᠲᠦᠷᠭᠡᠳᠬᠡᠵᠦ᠂ ᠠᠶᠤᠯ ᠦᠭᠡᠢ ᠦᠢᠯᠡᠳᠪᠦᠷᠢᠯᠡᠯ ᠪᠣᠯᠤᠨ ᠢᠳᠡᠭᠡᠨ ᠪᠠ ᠡᠮ ᠤᠨ ᠵᠦᠢᠯᠡᠰ ᠤᠨ ᠠᠮᠤᠷ ᠲᠦᠪᠰᠢᠨ ᠤ ᠬᠢᠨᠠᠨ ᠬᠠᠮᠢᠶᠠᠷᠤᠯᠲᠠ ᠶᠢ ᠴᠢᠩᠭ᠎ᠠ ᠠᠳᠬᠤᠵᠤ᠂ ᠪᠦᠬᠦ ᠬᠤᠰᠢᠭᠤᠨ ᠤ ᠨᠡᠶᠢᠭᠡᠮ ᠤᠨ ᠪᠠᠶᠢᠳᠠᠯ ᠡᠶ᠎ᠡ ᠵᠣᠬᠢᠴᠠᠯ ᠲᠠᠢ ᠪᠦᠭᠡᠳ ᠲᠣᠭᠲᠠᠭᠤᠨ ᠪᠠᠶᠢᠨ᠎ᠠ᠃
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号