| ᠡᠵᠢ ᠳᠤ ᠬᠦᠷᠬᠦ ᠳᠠᠪᠣᠰᠣᠨ ᠠᠶᠠᠨ ᠤ ᠪᠠᠭᠤᠴᠠ | | ᠮᠢᠨᠦ ᠡᠴᠢᠬᠡ ᠭᠤᠴᠣᠣ ᠵᠠᠯᠠᠭᠤ ᠽᠠᠨᠳᠠᠨ ᠨᠠᠰᠣᠨ ᠳᠤ ᠪᠠᠨ ᠡᠵᠢ ᠳᠤ ᠬᠦᠷᠴᠣ ᠳᠠᠪᠣᠰᠣ ᠵᠠᠯᠠᠵᠣ ᠠᠶᠠᠨ ᠳᠤ | ᠶᠠᠪᠣᠬᠰᠠᠨ ᠠᠶᠠᠨ ᠤ ᠣᠴᠢᠷ ᠢᠶᠠᠨ ᠳᠣᠷᠠᠳᠬᠠᠵᠣ ᠨᠠᠳᠠ ᠳᠤ ᠶᠠᠷᠢᠬᠰᠠᠨ ᠢ ᠣᠯᠠᠨ ᠳᠠᠨ ᠳᠤ ᠬᠤᠪᠢᠶᠠᠯᠴᠠᠵᠣ | ᠨᠠᠷᠬᠢᠶ᠎ᠠ᠃ ᠮᠢᠨᠦ ᠨᠣᠳᠤᠭ ᠪᠣᠯ ᠯᠢᠨᠳᠦ᠋ᠩ ᠠᠴᠠ ᠪᠠᠷᠠᠭᠤᠨᠰᠢ ᠠᠷᠪᠠᠨ ᠳᠠᠪᠣᠨ ᠺᠢᠯᠦᠮᠧᠲᠷ ᠵᠠᠶᠢᠳᠠᠢ ᠪᠠᠶᠢᠳᠠᠭ | ᠴᠠᠭᠠᠠᠬᠠᠳᠠ ᠰᠣᠮᠣᠨ ᠤ ᠬᠠᠳᠠᠨ ᠪᠠᠷᠠᠭᠤᠨ ᠰᠣᠭᠤ ᠶᠢᠨ ᠠᠶᠢᠯ ᠶᠤᠮ᠃ | ᠡᠵᠢ ᠶᠢᠨ ᠳᠠᠪᠣᠰᠣᠨ ᠠᠶᠠᠨ ᠳᠤ ᠵᠠᠮ ᠰᠠᠶᠢᠨ ᠮᠡᠳᠡᠳᠡᠭ᠂ ᠪᠢᠷ᠎ᠠ ᠴᠢᠳᠠᠯ ᠰᠠᠶᠢᠨ᠂ ᠳᠡᠷᠭᠡ ᠣᠨᠤᠭ᠎ᠠ ᠶᠢ | ᠳᠣᠳᠣᠮᠳᠠᠵᠣ ᠵᠠᠰᠠᠵᠣ ᠡᠮᠨᠡᠵᠣ ᠴᠢᠳᠠᠳᠠᠭ ᠨᠣᠳᠤᠭ ᠤᠨ ᠡᠷᠳᠡᠮᠳᠡᠨ ᠳᠣᠮᠣᠭᠠᠳᠠᠳ ᠢᠶᠠᠷ ᠪᠦᠷᠢᠯᠳᠣᠵᠣ᠂ ᠨᠠᠰᠣ ᠪᠠᠷ | ᠬᠠᠮᠤᠭ ᠠᠬ᠎ᠠ ᠶᠢ ᠨᠢ ᠭᠠᠯ ᠤᠨ ᠠᠬ᠎ᠠ᠂ ᠬᠤᠶᠠᠳᠣᠭᠠᠷ ᠢ ᠨᠢ ᠳᠠᠰᠢᠯᠠᠭ᠂ ᠭᠤᠷᠪᠠᠳᠣᠭᠠᠷ ᠢ ᠨᠢ ᠰᠢᠳᠬᠡᠭᠴᠢ᠂ | ᠬᠠᠮᠤᠭ ᠪᠠᠭ᠎ᠠ ᠶᠢ ᠨᠢ ᠭᠠᠯ ᠤᠨ ᠳᠡᠬᠦᠣ ᠬᠡᠳᠡᠭ᠃ | ᠬᠠᠳᠠᠨ ᠪᠠᠷᠠᠭᠤᠨ ᠰᠣᠭᠤ ᠶᠢᠨ ᠠᠶᠢᠯ ᠠᠴᠠ ᠭᠠᠷᠬᠤ ᠵᠦᠭ — ᠢᠷᠦᠬᠡᠯ ᠤᠨ ᠰᠠᠶᠢᠬᠠᠨ ᠪᠡᠯᠬᠡ ᠲᠠᠢ᠂ | ᠠᠶᠢᠯ ᠣᠯᠠᠨ ᠤ ᠪᠠᠨ ᠦᠯᠵᠠᠢ ᠲᠠᠢ ᠦᠳᠡᠯᠳᠡ ᠪᠠᠷ ᠪᠠᠷᠠᠭᠤᠨᠰᠢ ᠮᠣᠷᠳᠠᠮᠣᠢ᠃ ᠪᠡᠯᠡᠳᠬᠡᠯ ᠪᠠᠭᠤᠴᠠ ︵ᠠᠶᠠᠨ ᠳᠤ | ᠶᠠᠪᠣᠬᠤ ᠬᠦᠮᠦᠰ ᠠᠶᠠᠨ ᠤ ᠵᠠᠷᠣᠳᠠᠯ ᠬᠡᠷᠡᠭᠰᠡᠯ ᠢᠶᠠᠨ ᠪᠦᠷᠢᠳᠬᠡᠬᠦ︶ — 30 ᠭᠠᠵᠠᠷ ᠤᠨ ᠣᠷᠴᠢᠮ ᠪᠣᠯᠬᠤ | ᠳᠡᠪᠡᠬᠡᠳᠣ ᠶᠢᠨ ᠪᠠᠭᠤᠴᠠ᠃ ᠴᠢᠨᠠᠬᠰᠢ ᠬᠤᠰᠢᠭᠤ ᠡᠩᠬᠡᠷ᠂ ᠸᠠᠩ ᠤᠨ ᠣᠷᠳᠣᠨ ᠤ ᠪᠠᠭᠤᠴᠠ᠂ ᠨᠣᠣᠷᠭᠠᠢ ᠶᠢᠨ | ᠪᠠᠭᠤᠴᠠ ︵ᠴᠢᠩᠵᠣᠷᠢᠬᠳᠣ ᠶᠢᠨ ᠣᠷᠳᠣᠨ︶᠂ ᠬᠠᠶᠢᠯᠠᠰᠣᠨ ᠠᠮᠠ ᠶᠢᠨ ᠪᠠᠭᠤᠴᠠ᠂ ᠣᠰᠣᠨ ᠡᠬᠢ ᠶᠢᠨ ᠪᠠᠭᠤᠴᠠ᠂ | ᠪᠣᠷᠬᠠᠨᠳᠣ ᠶᠢᠨ ᠪᠠᠭᠤᠴᠠ ︵ᠪᠠ ᠵᠢᠶᠠ ᠳ᠋ᠦᠩ ᠱᠠᠨ︶᠂ ᠭᠦᠪ ᠤᠨ ᠳᠠᠪᠠᠭ᠎ᠠ ᠠᠷᠣ ᠪᠠᠭᠤᠴᠠ᠂ ᠰᠣᠪᠣᠷᠭᠠᠨ | ᠭᠤᠣᠯ ᠤᠨ ᠪᠠᠭᠤᠴᠠ᠂ ᠳᠠᠪᠠᠭ᠎ᠠ ᠡᠩᠬᠡᠷ ᠤᠨ ᠬᠠᠷ᠎ᠠ ᠪᠠᠭᠤᠴᠠ᠂ ᠬᠠᠮᠠᠷ ᠳᠠᠪᠠᠭ᠎ᠠ ᠶᠢᠨ ᠳᠣᠣᠷ᠎ᠠ ᠪᠠᠭᠤᠴᠠ᠂ | ᠳᠠᠪᠠᠭ᠎ᠠ ᠠᠷᠣ ᠶᠢᠨ ᠪᠠᠭᠤᠴᠠ᠂ ᠳᠢᠶᠠᠨᠴᠢ ᠰᠦᠮ᠎ᠡ ᠶᠢᠨ ᠪᠠᠭᠤᠴᠠ᠂ ᠪᠠᠯᠭᠠᠷ ᠤᠨ ᠭᠤᠣᠯ ᠤᠨ ᠪᠠᠭᠤᠴᠠ ︵ | ᠪᠠᠷᠠᠭᠤᠨ ᠦᠵᠦᠮᠦᠴᠢᠨ︶᠂ ᠬᠡᠬᠡᠨ ᠣᠪᠣᠭ᠎ᠠ ᠶᠢᠨ ᠪᠠᠭᠤᠴᠠ᠂ ᠸᠠᠩ ᠭᠠᠢ ᠶᠢᠨ ᠰᠦᠮ᠎ᠡ ᠶᠢᠨ ᠪᠠᠭᠤᠴᠠ᠂ | ᠬᠠᠪᠴᠢᠭᠠᠢ ᠪᠣᠷᠭᠠᠰᠣ ᠶᠢᠨ ᠪᠠᠭᠤᠴᠠ᠂ ᠴᠠᠶᠢᠳᠠᠮ ᠰᠣᠮᠣ ᠶᠢᠨ ᠪᠠᠭᠤᠴᠠ᠂ 80 ᠭᠠᠵᠠᠷ ᠣᠷᠴᠢᠮ ᠤᠨ ᠵᠠᠮ ᠳᠤ | ᠣᠰᠣ ᠦᠭᠡᠢ ᠠᠶᠠᠯᠠᠳᠠᠭ᠃ ᠪᠠᠨᠰᠨᠨ ᠬᠠᠰᠢᠶᠠᠳᠣ ᠶᠢᠨ ᠪᠠᠭᠤᠴᠠ᠂ ᠣᠯᠠᠨ ᠬᠤᠳᠳᠤᠭ ᠤᠨ ᠪᠠᠭᠤᠴᠠ᠂ | ᠪᠠᠶᠠᠨᠬᠤᠰᠢᠭᠤ ᠰᠣᠮᠣ ︵ᠵᠡᠬᠦᠨ ᠦᠵᠦᠮᠦᠴᠢᠨ︶ ᠶᠢᠨ ᠪᠠᠭᠤᠴᠠ᠂ ᠨᠡᠷᠡᠬᠦᠢ ᠪᠠᠭᠤᠴᠠ᠂ ᠬᠠᠨ ᠪᠠᠶᠠᠨ ᠤ ᠪᠠᠭᠤᠴᠠ | ︵ᠠᠭᠤᠯᠠᠨ ᠪᠡᠯ ᠳᠤ ᠪᠠᠶᠢᠬᠤ ᠬᠤᠳᠳᠤᠭ ︵ᠪᠣᠯᠠᠭ︶︶᠃ | ᠪᠠᠭ᠎ᠠ ᠡᠵᠢ ᠶᠢᠨ ᠪᠠᠭᠤᠴᠠ᠄ ᠡᠵᠢ ᠨᠠᠭᠤᠷ ᠲᠤ ᠣᠷᠣᠬᠤ ᠬᠤᠶᠠᠷ ᠵᠠᠮ ︵ᠣᠷᠢᠳᠣ ᠣᠯᠣᠮ᠂ ᠬᠤᠶᠢᠳᠣ | ᠣᠯᠣᠮ︶ ᠲᠠᠢ᠃ ᠡᠵᠢ ᠳᠤ ᠪᠠᠨ ᠰᠡᠷᠵᠢᠮ ᠢᠳᠡᠭᠡᠨ ᠡᠷᠬᠦᠵᠣ ᠰᠦᠵᠢᠭᠯᠡᠨ ᠳᠠᠭᠠᠳᠬᠠᠳᠠᠭ᠃ ᠳᠠᠪᠣᠰᠣ ᠠᠪᠬᠤ ᠳᠤ | ᠢᠳᠡ ᠬᠦᠴᠦᠳᠠᠢ ᠰᠢᠷ ᠭᠡᠰᠡᠨ ᠵᠠᠯᠠᠭᠤᠴᠣᠳ᠂ ᠳᠣᠳᠣᠬᠰᠢ ᠨᠡᠢᠮᠠ ᠶᠢᠰᠣᠨ ᠭᠠᠵᠠᠷ ᠤᠨ ᠣᠷᠴᠢᠮ ᠳᠠᠬᠢ | ᠵᠢᠬᠰᠠᠭᠠᠬᠰᠠᠨ ᠣᠪᠣᠭ᠎ᠠ ᠳᠤ ᠬᠦᠷᠴᠣ ᠡᠵᠢ ᠶᠢᠨ ᠬᠡᠰᠢᠭ — ᠳᠠᠪᠣᠰᠣ ᠪᠠᠨ ᠳᠡᠭᠡᠭᠡᠳᠡᠭ᠃ ᠠᠷᠠᠯ ᠮᠡᠳᠣ | ᠳᠠᠪᠣᠰᠣᠨ ᠣᠪᠣᠭᠠᠨ ᠤ ᠬᠢᠨᠢ ᠬᠠᠮᠤᠭ ᠰᠠᠶᠢᠨ ᠪᠠᠶᠢᠳᠠᠭ᠃ ᠦᠷᠦᠬᠡ ︵ᠡᠷᠦᠬᠡ ᠴᠦ ᠬᠡᠳᠡᠭ︶ ᠳᠤ ᠣᠨᠠᠬᠤ ᠠᠴᠠ | ᠰᠡᠷᠬᠡᠶᠢᠯᠡᠬᠦ ᠬᠡᠷᠡᠭᠳᠡᠢ᠃ ᠣᠯᠠᠭᠠᠨ ᠳᠤᠭ ᠪᠣᠶᠣ ᠳᠡᠮᠳᠡᠭ ᠲᠠᠢ ᠭᠠᠵᠠᠷ ᠢᠶᠠᠷ ᠬᠢᠴᠢᠶᠡᠨ ᠶᠠᠪᠣᠬᠤ ᠬᠡᠷᠡᠭᠳᠡᠢ᠃ ᠬᠡᠷᠪᠡ | ᠡᠷᠦᠬᠡ ᠳᠤ ᠣᠨᠠᠪᠠᠯ ᠬᠦᠯᠦᠨ ᠨᠠᠭᠤᠷ ᠠᠴᠠ ᠬᠡᠬᠦᠷ ᠪᠡᠶ᠎ᠡ ᠶᠢ ᠨᠢ ᠣᠯᠳᠠᠭ ᠭᠡᠵᠦ ᠳᠣᠬᠠᠢ ᠶᠢᠨ ᠦᠶ᠎ᠡ ᠶᠢᠨ | ᠨᠠᠰᠣᠳᠠᠶᠢᠴᠣᠳ ᠬᠡᠯᠡᠳᠡᠭ ᠬᠡᠨ᠎ᠡ᠃ | ᠳᠠᠪᠣᠰᠣ ᠪᠠᠨ ᠵᠠᠯᠠᠨ ᠪᠠᠷᠠᠭᠤᠨᠰᠢ ᠪᠠᠨ 30 ᠭᠠᠵᠠᠷ ᠶᠠᠪᠣᠬᠰᠠᠨ ᠤ ᠬᠤᠶᠢᠨ᠎ᠠ ︵126︶ ᠠᠯᠳᠠᠨ ᠠᠭᠤᠷᠬᠠᠢ | ᠬᠦᠷᠦᠬᠡᠳ ᠡᠮᠦᠨᠡᠰᠢ ᠶᠠᠪᠣᠪᠠᠯ ᠪᠡᠯᠡᠨ ᠬᠤᠳᠳᠤᠭ ᠲᠤ ᠬᠦᠷᠴᠣ ᠣᠰᠣ ᠠᠪᠣᠭᠠᠳ ᠠᠶᠠᠨ ᠤ ᠵᠠᠮ ᠦᠷᠬᠦᠯᠵᠢᠯᠡᠨ᠎ᠡ᠃ | | ᠳᠠᠯ᠎ᠠ ᠶᠢᠨ ᠪᠠᠭᠤᠴᠠ᠂ ᠮᠠᠩᠬᠠᠨ ᠳᠠᠪᠠᠭ᠎ᠠ ᠶᠢᠨ ᠪᠠᠭᠤᠴᠠ᠂ ᠸᠠᠩ ᠭᠠᠢ ᠶᠢᠨ ᠪᠠᠷᠠᠭᠤᠨ ᠬᠤᠶᠢᠨ᠎ᠠ ᠠᠴᠠ | ᠣᠷᠣᠬᠤ᠂ ᠬᠤᠭᠤᠯᠠᠶᠢᠳᠣ ᠶᠢᠨ ᠰᠣᠮᠣ᠂ ᠳᠠᠪᠠᠭ᠎ᠠ ᠠᠷᠣ ᠶᠢᠨ ᠳ᠋ᠠ ᠱᠦᠢ ᠪᠦᠸᠧ ᠯᠧ ᠪᠠᠭᠤᠴᠠ᠂ ᠪᠢᠯᠡᠬᠦᠳᠠᠢ | ᠳᠠᠪᠠᠭ᠎ᠠ ᠶᠢᠨ ᠪᠠᠭᠤᠴᠠ᠂ ᠯᠢᠨᠰᠢ ᠶᠢᠨ ᠠᠷᠣ ᠶᠢᠨ ᠪᠠᠭᠤᠴᠠ ︵ᠣᠳᠠᠰᠣᠨ ᠬᠡᠷᠡᠮ︶᠂ ᠳᠦᠩ ᠪᠣᠣ ᠶᠢᠨ ᠪᠠᠭᠤᠴᠠ᠂ | ᠵᠢᠶᠣᠣ ᠯᠢᠶᠠᠨ ᠴᠢᠶᠣᠣ ᠶᠢᠨ ᠪᠠᠭᠤᠴᠠ᠂ ᠵᠣᠯᠠᠴᠢᠨ ᠬᠠᠷ᠎ᠠ ᠮᠣᠳᠣ ᠶᠢᠨ ᠪᠠᠭᠤᠴᠠ᠂ ᠠᠷᠪᠠᠨ ᠭᠡᠷ ᠤᠨ ᠪᠠᠭᠤᠴᠠ᠂ | ᠮᠠᠽᠢ ᠶᠢᠨ ᠳᠠᠯ᠎ᠠ ᠶᠢᠨ ᠪᠠᠭᠤᠴᠠ᠂ ᠪᠠᠶᠠᠨᠳᠠᠯ᠎ᠠ ᠶᠢᠨ ᠪᠠᠭᠤᠴᠠ᠂ ᠯᠣᠣᠳᠣᠪᠠᠨ ᠤ ᠪᠠᠭᠤᠴᠠ᠂ ᠴᠠᠭᠠᠨ᠋ᠤ᠋ᠰᠤ ᠶᠢᠨ | ᠪᠠᠭᠤᠴᠠ᠂ ᠰᠢᠷᠠᠳᠠᠯ᠎ᠠ ᠶᠢᠨ ᠪᠠᠭᠤᠴᠠ᠂ ᠳᠡᠪᠡᠭᠡᠳᠣ ᠪᠠᠭᠤᠴᠠ ᠶᠢᠨ ᠪᠠᠭ᠎ᠠ ᠪᠠᠭᠤᠴᠠ ︵ᠠᠶᠢᠯ ᠣᠶᠢᠷᠠᠳᠣᠵᠣ ᠠᠶᠠᠨ | ᠤ ᠳᠠᠩᠰᠠ ᠪᠠᠨ ᠳᠡᠭᠰᠢᠯᠡᠵᠣ ᠪᠣᠳᠣᠬᠤ ᠪᠠᠭᠤᠴᠠ︶᠂ ᠠᠶᠢᠯ ᠬᠤᠳᠠᠨ ᠳᠤ ᠪᠠᠨ ᠬᠦᠷᠴᠣ ᠢᠷᠡᠨ ᠠᠶᠠᠨ ᠤ ᠵᠢᠯᠣᠭᠤ | ᠠᠮᠣᠭᠤᠯᠠᠩ ᠵᠢᠷᠭᠠᠳᠠᠭ᠃ | ᠳᠠᠪᠣᠰᠣᠨ ᠠᠶᠠᠨ ᠢᠶᠠᠷ ᠶᠠᠪᠣᠬᠤ ᠳᠤ ᠂ ᠬᠠᠪᠣᠷ᠂ ᠵᠣᠨ᠂ ᠨᠠᠮᠣᠷ ᠴᠠᠭ ᠤᠨ ᠬᠡᠰᠢᠭᠳᠦ ᠡᠳᠣᠷ ᠢ ᠰᠣᠩᠭᠤᠵᠣ | ᠮᠣᠷᠳᠠᠳᠠᠭ᠃ ᠦᠬᠡᠷ ᠳᠡᠷᠬᠡ ᠪᠠᠷ ᠡᠵᠢ ᠶᠢᠨ ᠠᠶᠠᠨ ᠳᠤ ᠶᠠᠪᠣᠬᠤ ᠳᠤ ᠪᠠᠨ ᠪᠠᠭᠤᠴᠠ ᠬᠦᠬᠡᠬᠡᠵᠣ ︵ᠣᠰᠣ ᠲᠠᠢ | ᠭᠠᠵᠠᠷ︶ ᠶᠠᠪᠣᠳᠠᠭ ᠪᠣᠯᠬᠤᠷ ᠭᠠᠵᠠᠷ ᠢᠶᠠᠷ ᠬᠡᠮᠵᠢᠬᠦ ᠶᠢᠨ ᠠᠷᠭ᠎ᠠ ᠦᠭᠡᠢ᠂ ᠢᠷᠡᠵᠣ ᠪᠣᠴᠠᠬᠤ ᠳᠤ ᠭᠤᠴᠢᠨ ᠬᠡᠳᠣᠨ | ᠡᠳᠣᠷ ᠣᠷᠴᠢᠮ ᠬᠡᠷᠡᠭᠯᠡᠳᠡᠭ ᠶᠤᠮ᠃ |