| ᠲᠤᠭᠰᠢᠠ ᠤᠩᠭᠤᠳ ᠤᠨ ᠬᠤᠷᠤᠢ ᠶᠢᠨ ᠳᠠᠯᠠᠯᠭ᠎ᠠ | ︽ᠴᠠᠭᠠᠠ ᠤᠳᠠᠢ︾ ᠭᠡᠮᠡᠡ ᠮᠤᠩᠭᠤᠯ ᠳᠠᠶᠠᠭᠠᠷ ᠲᠤ ᠠᠯᠳᠠᠷᠰᠢᠭᠰᠠᠠ ᠬᠢᠯᠤᠪᠠᠷ ᠵᠤᠤ ᠶᠢᠨ ᠳᠤᠬᠠᠢ ᠨᠠᠶᠠᠭᠠᠳ | ᠤᠠ ᠤ ᠡᠬᠢ ᠪᠠᠷ ᠪᠢ ᠴᠢᠩᠵᠤᠷᠢᠭᠳᠤ ᠪᠠᠭᠰᠢ ᠠᠴᠠ ᠬᠠᠮᠤᠭ ᠤᠨ ᠠᠩᠬ᠎ᠠ ᠳᠤᠭᠤᠯᠤᠬᠰᠠᠠ ᠰᠠᠠ᠃ ᠴᠢᠩ᠊ ᠪᠠᠭᠰᠢ | ᠭᠢᠯᠦᠪᠡᠷ ᠵᠤᠤ ᠶᠢᠨ ᠳᠤᠬᠠᠢ ᠲᠦᠷᠰᠦᠯᠡᠡ ᠶᠠᠷᠢᠬᠤ ᠨᠢ ᠵᠦᠩᠴᠢ ᠮᠡᠷᠭᠡᠡ ᠭᠡᠡ ᠨᠢᠭᠡᠡ ᠤ ᠠᠯᠠᠭᠠᠠ ᠵᠢᠷᠤᠭᠠᠰᠤ ᠶᠢ | ᠦᠵᠡᠵᠤ ᠪᠠᠶᠢᠭᠠᠳ ᠳᠦᠯᠭᠡ ᠪᠠᠭᠤᠵᠤ ᠪᠠᠶᠢᠭ᠎ᠠ ᠮᠡᠳᠤ ᠳᠡᠶᠢᠮᠤ ᠯᠠ ᠰᠤᠨᠢᠷᠬᠠᠯᠳᠠᠢ ᠮᠦᠷᠳᠡᠭᠡᠡ ᠰᠡᠳᠬᠢᠯ | ᠭᠡᠵᠢᠭᠡᠳᠡᠮᠡ ᠪᠠᠶᠢᠳᠠᠭ᠃ ᠮᠠᠭᠠᠳ ᠦᠭᠡᠢ ᠳᠡᠷᠡ ᠦᠶᠡᠰ ᠴᠢᠩ᠊ ᠪᠠᠭᠰᠢ ︽ᠬᠢᠯᠤᠪᠡᠷ ᠵᠤᠤ ᠶᠢᠨ ᠦᠵᠡᠰᠬᠦᠯᠡᠩ︾ | ᠢᠶᠠᠨ ᠲᠤᠭᠤᠷᠪᠢᠴᠢᠬᠠᠭᠠᠳ ᠰᠡᠳᠬᠢᠯ ᠤᠨ ᠤᠶᠢᠯᠤᠯ ᠨᠢ ᠬᠠᠷᠠᠬᠠᠨ ᠨᠠᠮᠬᠠᠷᠠᠵᠤ ᠵᠠᠪᠳᠤᠭ᠎ᠠ ᠦᠭᠡᠢ ᠪᠠᠶᠢᠭᠰᠠᠠ | ᠪᠠᠶᠢᠵᠤ ᠮᠡᠳᠡᠨ᠎ᠡ᠂ ᠳᠡᠭᠡᠭᠡᠳ ᠯᠠ ᠬᠢᠯᠤᠪᠠᠷ ᠵᠤ ᠶᠢ ᠶᠠᠷᠢᠬᠤ ᠪᠦᠷᠢ ᠤᠷᠮ᠎ᠠ ᠨᠢ ᠰᠡᠷᠬᠦᠵᠤ ᠨᠢᠳᠤ ᠨᠢ ᠬᠢᠯᠠᠯᠵᠠᠳᠠᠭ | ᠪᠤᠯᠤᠯᠳᠠᠢ᠃ ᠪᠤᠳᠤᠬᠤ ᠳᠤ ᠴᠢᠩ᠊ ᠪᠠᠭᠰᠢ ᠮᠠᠨᠢ ᠳᠤᠰ ᠨᠠᠶᠢᠷᠠᠭᠤᠯᠤᠯ ᠳᠤ ᠪᠠᠨ ᠪᠤᠷᠤ ᠮᠠᠲ᠋ᠧᠷᠢᠶᠠᠯ ᠴᠤᠭᠯᠠᠭᠤᠯᠬᠤ | ᠶᠢᠨ ᠳᠤᠯᠠᠳᠠ ᠭᠡᠴᠢᠨᠡᠡ ᠤᠳᠠᠭ᠎ᠠ ᠭᠡᠭᠡᠷ᠎ᠡ ᠶᠢᠨ ᠰᠢᠨᠵᠢᠯᠡᠭᠡ ᠬᠢᠵᠤ ᠬᠠᠮᠢᠶ᠎ᠡ ᠪᠦᠬᠦᠢ ᠪᠠᠷᠢᠮᠳᠠ ᠰᠠᠯᠳᠠ ᠶᠢ ᠤᠯᠠᠠ | ᠯᠠ ᠤᠷᠪᠠᠭᠤᠯᠵᠤ ᠡᠨ᠋ᠨ ᠬᠦ ᠳᠤᠮᠤᠭᠳᠤ ᠭᠠᠵᠠᠷ ᠤᠰᠤᠠ ᠤ ᠳᠤᠬᠠᠢ ᠬᠥᠠ ᠬᠤᠷᠠᠮᠳᠤᠭᠤᠯᠭ᠎ᠠ ᠲᠠᠢ ᠪᠤᠯᠤᠭᠰᠠᠠ | ᠪᠠᠶᠢᠯᠭᠦᠢ᠃ ᠳᠡᠶᠢᠮᠤ ᠠᠴᠠ ᠳᠡᠬᠦᠠ ᠤ ᠶᠠᠷᠢᠶᠡᠡ ᠳᠤ ᠳᠦᠷᠰᠦᠯᠡᠭᠳᠡᠭᠰᠡᠡ ᠬᠢᠯᠤᠪᠠᠷ ᠵᠤᠤ ᠪᠤᠯ ᠦᠨᠡᠭᠡᠷ ᠨᠢᠭᠡ | ᠰᠤᠨᠤᠰᠪᠠᠯ ᠬᠤᠶᠠᠷ ᠶᠠᠷᠢᠭᠤᠯᠤᠶᠡ ᠭᠡᠵᠤ ᠪᠤᠳᠤᠭᠳᠠᠭᠤᠯᠤᠮᠠᠷ᠂ ᠬᠤᠶᠠᠷ ᠰᠤᠨᠤᠰᠪᠠᠯ ᠤᠴᠢᠭᠠᠳ ᠦᠵᠡᠶ᠎ᠡ ᠭᠡᠮᠡᠡ | ᠰᠠᠨᠠᠮᠠᠷ ᠳᠡᠶᠢᠮᠤ ᠯᠠ ᠬᠥᠰᠡᠯ ᠤᠨ ᠤᠷᠤᠠ ᠪᠠᠶᠢᠯ᠎ᠠ᠃ ᠰᠡᠬᠦᠯᠡᠷ ᠨᠢ ᠪᠢ ᠪᠠᠭ᠎ᠠ ᠰᠠᠭ᠎ᠠ ᠵᠤᠬᠢᠶᠡᠯ ᠡᠷᠢᠶᠡᠴᠢᠬᠦ ᠲᠠᠢ | ᠪᠤᠯᠵᠤ ᠬᠢᠯᠤᠪᠠᠷ ᠵᠤᠤ ᠳᠤ ᠬᠤᠶᠠᠷ ᠤᠳᠠᠭ᠎ᠠ ᠤᠴᠢᠭᠰᠠᠠ ᠪᠤᠯᠪᠠᠴᠤ ᠨᠠᠶᠢᠷᠠᠭᠤᠯᠤᠯ ᠪᠢᠴᠢᠮᠡᠷ ᠰᠡᠳᠤᠪ ᠳᠠᠩᠴᠤ | ᠤᠯᠵᠤ ᠴᠢᠳᠠᠭᠰᠠᠠ ᠦᠭᠡᠢ᠂ ᠪᠢᠴᠢᠬᠦ ᠶᠢ ᠴᠦ ᠪᠤᠳᠤᠭᠰᠠᠠ ᠦᠭᠡᠢ᠃ ᠶᠠᠭᠠᠬᠢᠭᠠᠳ︖ ᠭᠡᠪᠡᠯ ᠨᠢᠭᠡᠨᠳᠡ | ᠴᠢᠩᠵᠤᠷᠢᠭᠳᠤ ᠪᠠᠭᠰᠢ ᠮᠠᠨᠢ ᠳᠤᠯᠳᠠᠯ᠎ᠠ ᠪᠢᠴᠢᠴᠢᠭᠰᠡᠡ ᠪᠤᠯᠬᠤᠷ ᠨᠠᠳᠠ ᠰᠢᠭ᠋ ᠲᠠᠬᠢ ᠠᠴᠠ ᠪᠠᠨ ᠰᠠᠯᠤᠭᠠᠳᠤᠢ ᠳᠠᠭ᠎ᠠ | ᠳᠦᠮᠡ ᠤᠴᠢᠯ᠎ᠠ ᠴᠤ ᠭᠡᠰᠡᠡ ᠴᠢᠩ᠊ ᠪᠠᠭᠰᠢ ᠶᠢᠨ ︽ᠬᠢᠯᠤᠪᠡᠷ ᠵᠤᠤ ᠶᠢᠨ ᠦᠵᠡᠰᠬᠦᠯᠡᠩ ︾ ᠰᠢᠭ᠋ ᠳᠡᠶᠢᠮᠤ ᠭᠤᠴᠤ | ᠨᠠᠶᠢᠷᠠᠭᠤᠯᠤᠯ ᠢ ᠨᠣᠣᠷᠠᠭᠯᠠᠵᠤ ᠴᠢᠳᠠᠬᠤ ᠦᠭᠡᠢ ᠪᠠᠨ ᠳᠠᠰᠤ ᠢᠳᠡᠭᠡᠭᠰᠡᠡ ᠶᠤᠮ᠃ ᠬᠡᠳᠦᠶᠢᠪᠡᠷ ᠨᠠᠶᠢᠷᠠᠭᠤᠯᠤᠯ ᠤᠨ | ᠰᠡᠳᠣᠪ ᠤᠯᠵᠤ ᠴᠢᠳᠠᠭᠰᠠᠠ ᠦᠭᠡᠢ ᠴᠦ ᠠᠰᠬ᠎ᠠ ᠳᠡᠭᠡᠷ᠎ᠡ ᠳᠤᠭᠳᠠᠭᠰᠠᠠ ᠠᠪᠤᠷᠭᠤ ᠳᠤᠮᠤ ᠦᠭᠡᠷ ᠴᠢᠯᠠᠭᠤ ᠨᠢ | ᠬᠠᠷᠢᠠ ᠭᠡᠰᠡᠷ ᠪᠤᠭᠳᠠ ᠲᠠᠢ ᠶᠠᠮᠠᠷ ᠴᠦ ᠬᠤᠯᠪᠤᠭ᠎ᠠ ᠦᠭᠡᠢ᠂ ᠱᠠᠭᠳᠠᠷ ᠮᠠᠮᠠ ᠲᠠᠢ ᠬᠤᠯᠪᠤᠭ᠎ᠠ ᠲᠠᠢ ᠮᠡᠳᠤ ᠰᠤᠨᠢᠬᠠᠠ | ᠳᠦᠷᠦᠭᠳᠡᠯ ᠲᠠᠢ ᠪᠤᠴᠠᠭᠰᠠᠠ ᠳᠤ ᠪᠠᠨ ᠶᠡᠭᠡᠳᠡ ᠤᠯᠵᠠᠷᠬᠠᠪᠠ᠃ ᠶᠠᠭᠤ︖ ᠭᠡᠪᠡᠯ ᠱᠠᠬᠳᠠᠷ ᠮᠠᠮᠠ ᠠᠰᠬ᠎ᠠ ᠬᠠᠳᠠᠠ | ᠤ ᠤᠷᠬᠢᠯ ᠳᠡᠭᠡᠷ᠎ᠡ ᠪᠤᠷᠬᠠᠠ ᠰᠠᠭᠤᠳᠠᠯ ᠢᠶᠠᠷ ᠰᠠᠭᠠᠳᠠᠵᠤ ᠪᠤᠳᠠᠩᠳᠤ ᠶᠢᠷᠳᠢᠨᠴᠤ ᠶᠢᠨ ᠪᠤᠷᠤᠭᠤ ᠬᠠᠵᠠᠭᠠᠢ ᠶᠢ | ᠡᠳᠤᠷᠵᠢᠠ ᠳᠤᠩᠭᠤᠳᠴᠤ ᠪᠠᠶᠢᠭ᠎ᠠ ᠮᠡᠳᠤ ᠰᠠᠨᠠᠭᠳᠠᠭᠰᠠᠠ ᠪᠠᠶᠢᠯ᠎ᠠ︕ | ᠱᠠᠭᠳᠠᠷ ᠮᠠᠮᠠ ᠶᠢ ᠪᠢ ᠪᠠᠭ᠎ᠠ ᠳᠤ ᠪᠠᠨ ︽ᠱᠠᠭᠳᠠᠷ ᠰᠤᠯᠢᠶᠠᠳᠤ︾ ᠭᠡᠵᠤ ᠰᠤᠨᠤᠰᠴᠤ ᠪᠠᠶᠢᠭᠰᠠᠠ᠂ ᠭᠡᠬᠦ ᠳᠤ ᠪᠠᠨ | ᠳᠡᠷᠡ ᠬᠥᠮᠤᠠ ᠤ ᠳᠤᠬᠠᠢ ᠨᠤᠮ ᠪᠢᠴᠢᠭ ᠢ ᠭᠡᠡ ᠤ ᠴᠦ ᠭᠠᠷ ᠠᠴᠠ ᠤᠯᠵᠤ ᠬᠠᠷᠠᠭ᠎ᠠ ᠦᠭᠡᠢ᠂ ᠬᠠᠷᠢᠠ ᠳᠡᠬᠦᠠ ᠤ | ᠪᠤᠷᠤᠭᠤ ᠬᠠᠵᠠᠭᠠᠢ ᠶᠢ ᠦᠵᠡᠵᠤ ᠴᠢᠳᠠᠯᠭᠦᠢ ᠪᠤᠳᠠᠷᠡᠳᠡᠯᠡ ᠬᠤᠱᠤᠩᠨᠠᠵᠤ ᠭᠡᠯᠡᠭᠰᠡᠡ ᠰᠢᠯᠦᠭ ᠤᠨ ᠭᠡᠰᠡᠭ ᠪᠤᠰᠠᠭ | ᠪᠠᠳᠠᠭ ᠨᠢ ᠬᠤᠱᠤᠩ ᠰᠢᠯᠦᠭ ᠪᠤᠯᠵᠤ ᠴᠠᠬᠠᠷ ᠨᠤᠳᠤᠭ ᠲᠠᠶᠠᠭᠠᠷ ᠳᠠᠷᠬᠠᠭᠰᠠᠠ ᠪᠠᠶᠢᠵᠠᠢ᠃ ᠠᠩᠬᠢ ᠶᠢᠨ ᠳᠡᠮᠡᠴᠡᠯ | ᠤᠨ ᠬᠠᠷᠠᠭᠠᠰᠤ ᠪᠠᠷ ᠶᠢᠷᠳᠢᠨᠴᠤ ᠶᠢ ᠲᠤᠯᠢᠳᠠᠵᠤ ᠠᠬᠰᠠᠠ ᠳᠡᠳᠡᠭᠡᠷ ᠡᠳᠤᠷ ᠤᠳ ᠲᠤ ᠵᠠᠯᠢᠬᠠᠢ ᠬᠠᠷᠬᠢᠰ ᠪᠠᠶᠠᠳ | ᠨᠤᠶᠠᠳ ᠢ ᠳᠠᠭᠠᠷᠢᠭᠰᠠᠠ ᠭᠡᠰᠡᠭ ᠨᠢ ᠴᠠᠭ ᠦᠶ᠎ᠡ ᠶᠢᠨ ᠵᠤᠷᠢᠭ ᠰᠠᠨᠠᠭᠠᠠ ᠳᠤ ᠶᠡᠭᠡ ᠵᠤᠬᠢᠴᠠᠵᠤ ᠳᠡᠶᠢᠠ ᠬᠦ ᠭᠠᠵᠠᠷ | ᠠᠪᠴᠤ ᠪᠠᠶᠢᠭᠰᠠᠠ ᠴᠦ ᠮᠠᠭᠠᠳ ᠦᠭᠡᠢ᠃ | ᠲᠡᠤᠭᠡ ᠪᠠᠨ ᠪᠢᠳᠡ ᠦᠨᠤᠭᠡᠡ ᠪᠤᠯᠳᠠᠯ᠎ᠠ ᠴᠠᠭ ᠦᠶ᠎ᠡ ᠶᠢᠨ ᠵᠤᠷᠢᠭ ᠰᠠᠨᠠᠭᠠᠠ ᠤ ᠭᠠᠭᠴᠠ ᠨᠢᠳᠤᠠ ᠳᠤᠷᠠᠠ | ᠢᠶᠠᠷ ᠲᠤᠮᠤᠷᠠᠭᠤᠯᠤᠠ ᠬᠠᠷᠠᠳᠠᠭ ᠪᠠᠶᠢᠬᠰᠠᠠ᠃ ᠳᠡᠭᠡᠳᠤ ᠳᠠᠪᠬᠤᠷᠭᠠᠳᠠᠠ᠂ ᠯᠠᠮᠠ ᠬᠤᠸᠠᠷᠠᠭ ᠤᠨ ᠳᠤᠳᠤᠷ᠎ᠠ ᠰᠠᠶᠢᠠ | ᠬᠥᠮᠤᠠ ᠪᠠᠶᠢᠬᠤ ᠦᠭᠡᠢ ᠮᠡᠳᠤ ᠶᠠᠷᠢᠳᠠᠭ ᠪᠠᠶᠢᠯ᠎ᠠ᠂ ᠪᠠᠶᠠᠳ ᠨᠤᠶᠠᠳ ᠪᠦᠬᠦᠠ ᠭᠡᠪ ᠴᠢᠨᠠᠷ ᠮᠠᠭᠤ ᠲᠠᠢ ᠬᠥᠮᠤᠰ᠂ | ᠶᠠᠳᠠᠭᠤᠴᠤᠳ ᠪᠤᠯᠭᠠᠠ ᠭᠡᠪ ᠴᠢᠨᠠᠷ ᠰᠠᠶᠢᠳᠠᠢ ᠤᠯᠤᠰ ᠭᠡᠵᠤ ᠦᠵᠡᠳᠡᠭ ᠪᠠᠶᠢᠭᠰᠠᠠ ᠠᠴᠠ ᠨᠡᠶᠢᠭᠡᠮ ᠤᠨ ᠪᠤᠷᠤᠭᠤ | ᠬᠠᠵᠠᠭᠠᠢ ᠶᠢ ᠰᠢᠬᠦᠮᠵᠢᠯᠡᠭᠰᠡᠡ ᠰᠢᠯᠦᠭ ᠵᠤᠬᠢᠶᠡᠯ ᠂ ᠪᠠᠶᠠᠳ ᠨᠤᠶᠠᠳ ᠢ ᠳᠠᠭᠠᠷᠢᠭᠰᠠᠠ ᠪᠠᠭᠠᠳᠤᠷᠯᠢᠭ ᠵᠤᠷᠢᠭ | ᠰᠠᠨᠠᠭᠠᠠ ᠤ ᠮᠠᠨᠴᠤᠷᠭ᠎ᠠ ᠮᠡᠳᠤ ᠦᠵᠡᠭᠳᠡᠳᠡᠭ ᠪᠠᠶᠢᠵᠠᠢ᠃ ᠲᠠᠶᠢᠠ ᠬᠦ ᠱᠠᠭᠳᠠᠷ ᠮᠠᠮᠠ ᠶᠢᠨ ᠰᠢᠯᠦᠭ ᠮᠠᠨᠢ ᠴᠦ ᠤᠯᠤᠰ | ᠳᠦᠷᠦᠵᠢᠬᠦᠯᠦᠭᠰᠡᠡ ᠵᠠᠭᠪᠤᠷ ᠢᠶᠠᠷ ᠳᠠᠶᠢᠯᠪᠤᠷᠢᠯᠠᠭᠳᠠᠵᠤ ᠬᠥᠮᠤᠠ ᠴᠢᠨᠠᠷ ᠤᠨ ᠮᠠᠭᠤ ᠮᠠᠭᠤᠬᠠᠢ᠂ ᠨᠡᠶᠢᠭᠡᠮ ᠤᠨ | ᠪᠤᠷᠤᠭᠤ ᠬᠠᠵᠠᠭᠠᠢ ᠳᠤ ᠵᠢᠪᠡᠬᠦᠷᠭᠡᠭᠰᠡᠡ ᠳᠡᠳᠡᠭᠡᠷ ᠰᠢᠭᠤᠳ ᠰᠢᠭᠤᠷᠬᠠᠢ ᠰᠢᠯᠦᠭ ᠤᠳ ᠨᠢ ᠹᠸᠤᠳᠠᠯ | ᠨᠤᠶᠠᠷᠬᠠᠭᠴᠢᠳ ᠢ ᠳᠠᠭᠠᠷᠢᠬᠰᠠᠠ ︽ᠬᠠᠷᠢᠶᠠᠯ︾ ᠭᠡᠮᠡᠡ ᠬᠥᠮᠤᠰ ᠤᠨ ᠤᠶᠤᠠ ᠳᠤ ᠬᠠᠵᠠᠭᠠᠢ ᠰᠠᠭᠤᠳᠠᠯ ᠡᠵᠡᠯᠩᠰᠡᠡ | ᠪᠠᠶᠢᠯ᠎ᠠ᠃ ᠡᠶᠢᠮᠤᠷᠬᠦᠤ ᠪᠤᠷᠤᠭᠤ ᠳᠠᠶᠢᠯᠤᠮᠵᠢ ᠨᠢ ᠶᠢᠷᠳᠢᠨᠴᠤ ᠶᠢ ᠨᠡᠪᠳᠡ ᠬᠠᠷᠠᠭᠰᠠᠠ ᠪᠡᠯᠡᠡ ᠰᠢᠯᠦᠭᠴᠢ ᠱᠠᠭᠳᠠᠷ | ᠮᠠᠮᠠ ᠶᠢ ᠬᠠᠷᠢᠠ ᠳᠠᠭᠠᠷᠢ ᠪᠠᠨ ᠮᠠᠭᠠᠵᠢᠭᠤᠯᠤᠭᠰᠠᠠ ᠬᠥᠮᠤᠰ ᠤᠨ ︽ᠱᠠᠭᠳᠠᠷ ᠰᠤᠯᠢᠶᠠᠳᠤ︾ ᠭᠡᠮᠡᠬᠦ ᠬᠤᠴᠢᠯᠡᠯ ᠢᠶᠠᠷ | ᠨᠡᠷᠡᠰᠢᠬᠦᠯᠬᠦ ᠳᠤ ᠬᠥᠷᠭᠡᠵᠤ᠂ ︽ᠬᠠᠷᠢᠶᠠᠯᠴᠢ︾ ᠶᠢᠨ ᠵᠢᠩᠳᠠᠭᠠᠠ ᠳᠤ ᠵᠢᠬᠰᠠᠭᠠᠭᠰᠠᠠ ᠨᠢ ᠴᠠᠭ ᠦᠶ᠎ᠡ ᠶᠢᠨ | ᠠᠳᠡᠬᠦᠷᠡᠯ ᠪᠠᠶᠢᠯ᠎ᠠ᠃ ᠭᠡᠪᠡᠴᠤ ᠠᠷᠠᠳ ᠳᠦᠮᠡᠡ ᠤ ᠰᠡᠳᠬᠢᠯ ᠳᠤ ᠪᠤᠯ ᠱᠠᠭᠳᠠᠷ ᠮᠠᠮᠠ ᠶᠢᠨ ᠬᠤᠱᠤᠩ ᠰᠢᠯᠦᠭ ᠤᠳ | ᠲᠤᠷᠤᠢ ᠪᠠᠭᠤᠷᠠᠢ ᠶᠢ ᠦᠮᠦᠭᠯᠡᠵᠦ ᠳᠤᠭᠰᠢᠠ ᠬᠠᠷᠬᠢᠰ ᠢ ᠱᠤᠭᠯᠠᠭᠰᠠᠠ᠂ ᠬᠠᠷ᠎ᠠ ᠰᠠᠨᠠᠭᠠᠳᠠᠠ ᠢ ᠳᠠᠰᠢᠭᠤᠷᠳᠠᠵᠤ | ᠬᠠᠷᠠᠩᠭᠤᠢ ᠨᠡᠶᠢᠭᠡᠮ ᠢ ᠰᠢᠬᠦᠮᠵᠢᠯᠡᠭᠰᠡᠡ ᠰᠢᠯᠦᠭ ᠢᠶᠠᠷ ᠤᠶᠢᠯᠠᠭᠠᠭᠳᠠᠵᠤ ᠦᠨᠤᠳᠤᠷ ᠪᠤᠯᠳᠠᠯ᠎ᠠ ᠤᠯᠠᠮᠵᠢᠯᠠᠭᠳᠠᠵᠤ | ᠪᠠᠶᠢᠭ᠎ᠠ ᠶᠤᠮ᠃ | ᠱᠠᠭᠳᠠᠷ ᠤᠨ ᠵᠤᠷᠢᠭ ᠰᠠᠨᠠᠭ᠎ᠠ᠂ ᠱᠠᠭᠳᠠᠷ ᠤᠨ ᠪᠡᠯᠡᠡ ᠰᠢᠯᠦᠭ᠂ ᠱᠠᠭᠳᠠᠷ ᠤᠨ ᠴᠡᠴᠡᠠ ᠪᠢᠯᠢᠭ ᠪᠠᠭᠠᠷᠢᠠ | ᠨᠤᠳᠤᠭ ᠲᠤ ᠶᠠᠭᠤ ᠴᠦ ᠪᠤᠯᠤᠭᠰᠠᠠ ᠬᠥᠠ ᠦᠨᠳᠤᠰᠤᠯᠡᠵᠤ᠂ ᠳᠡᠷᠡ ᠬᠥᠮᠤᠠ ᠤ ᠨᠡᠷ᠎ᠡ ᠵᠡᠬᠦᠠ ᠪᠠᠭᠠᠷᠢᠠ ᠤ ᠰᠤᠶᠤᠯ | ᠤᠨ ᠨᠢᠭᠡᠡ ᠴᠢᠬᠤᠯᠠ ᠨᠡᠷ᠎ᠡ ᠳᠡᠮᠳᠡᠭ ᠪᠤᠯᠵᠤ ᠪᠠᠶᠢᠭ᠎ᠠ ᠠᠵᠢ᠃ ᠪᠢᠯᠢᠬᠦᠠ ᠬᠥᠮᠤᠰ ᠤᠨ ᠢᠶᠠᠨ ᠨᠡᠷ᠎ᠡ ᠪᠠᠷ ᠨᠤᠳᠤᠭ | ᠤᠷᠤᠠ ᠤ ᠪᠠᠨ ᠰᠤᠶᠤᠯ ᠤᠨ ᠨᠡᠷᠡᠳᠤ ᠳᠡᠮᠳᠡᠭ ᠪᠤᠯᠭᠠᠬᠤ ᠪᠤᠯ ᠮᠠᠰᠢ ᠶᠡᠭᠡ ᠨᠦᠯᠦᠭᠡᠯᠡᠬᠦ ᠬᠥᠴᠤᠠ ᠲᠠᠢ ᠪᠠᠶᠢᠳᠠᠭ᠃ | ᠨᠤᠳᠤᠭ ᠨᠢ ᠬᠥᠮᠤᠠ ᠤ ᠪᠠᠨ ᠳᠠᠮᠢᠷ ᠢ ᠨᠦᠬᠦᠬᠦ ᠭᠡᠵᠤ ᠳᠠᠯᠳᠠ ᠠᠴᠠ ᠡᠷᠴᠢ ᠦᠭᠴᠤ ᠪᠠᠶᠢᠳᠠᠭ ᠪᠤᠯ ᠬᠥᠮᠤᠠ ᠨᠢ | ᠨᠤᠳᠤᠭ ᠤᠨ ᠢᠶᠠᠨ ᠠᠯᠳᠠᠷ ᠢ ᠡᠷᠬᠦᠳᠡᠭ ᠦᠨᠢ ᠮᠦᠩᠬᠡ ᠶᠢᠨ ᠳᠤᠭᠳᠠᠯᠴᠠᠭ᠎ᠠ ᠴᠦ ᠤᠷᠤᠰᠢᠳᠠᠭ ᠶᠤᠮ᠃ ᠬᠥᠮᠤᠠ | ᠨᠢ ᠨᠤᠳᠤᠭ ᠤᠨ ᠢᠶᠠᠨ ᠠᠯᠳᠠᠷ ᠢ ᠳᠠᠷᠬᠠᠯᠠᠵᠤ᠂ ᠨᠤᠳᠤᠭ ᠨᠢ ᠬᠥᠮᠤᠠ ᠤ ᠪᠠᠨ ᠠᠯᠳᠠᠷ ᠢᠶᠠᠷ ᠤᠮᠤᠭᠰᠢᠯ ᠪᠤᠯᠭᠠᠵᠤ | ᠪᠠᠶᠢᠳᠠᠭ ᠳᠤᠬᠢᠶᠡᠯ ᠤᠯᠠᠠ᠃ ᠤᠯᠠᠭᠠᠠᠬᠠᠳᠠ ᠬᠤᠳᠠ ᠳᠤ ᠤᠴᠢᠭᠠᠳᠤᠢ ᠮᠠᠰᠢ ᠤᠯᠠᠠ ᠬᠥᠮᠤᠠ ᠵᠠᠬᠦᠠ ᠪᠠᠷᠠᠭᠤᠠ | ᠪᠠᠭᠠᠷᠢᠠ ᠢ ᠬᠤᠳᠬᠤᠯᠳᠤᠭᠤᠯᠵᠤ ᠶᠠᠷᠢᠳᠠᠭ ᠴᠦ ᠱᠠᠭᠳᠠᠷ ᠮᠠᠮᠠ᠂ ᠬᠠ᠊ · ᠳ᠋ᠠᠮᠪᠢᠵᠠᠯᠰᠠᠠ᠂ ᠨᠠ᠊ · ᠦᠯᠵᠠᠶᠢᠳᠡᠯᠭᠡᠷ᠂ | ᠠᠯᠳᠠᠠᠰᠦ᠋ᠭᠡ ︵ᠮᠢᠩᠭᠠᠠ ᠪᠦᠭᠡ ᠶᠢᠨ ᠠᠪᠤᠷᠭᠤ︶ ᠁ ᠵᠡᠷᠭᠡ ᠬᠥᠮᠤᠰ ᠤᠨ ᠠᠯᠳᠠᠷ ᠢ ᠭᠠᠭᠴᠠ ᠤᠳᠠᠭ᠎ᠠ ᠳᠤ | ᠨᠤᠳᠤᠭ ᠤᠨ ᠬᠢᠨᠢ ᠨᠡᠷ᠎ᠡ ᠲᠠᠢ ᠬᠤᠯᠪᠤᠠ ᠳᠤᠭᠳᠠᠭᠠᠵᠤ ᠴᠢᠳᠠᠳᠠᠭ᠃ ᠮᠡᠳᠡᠭᠡᠵᠢ︕ ᠵᠡᠬᠦᠠ ᠪᠠᠭᠠᠷᠢᠠ ᠤᠯᠠᠠ | ᠰᠤᠳᠤᠠ ᠬᠥᠮᠤᠰ ᠢ ᠳᠠᠪᠡᠷᠢᠨᠦᠯᠦᠭᠡᠶᠢᠳᠡᠵᠤ ᠦᠰᠭᠡᠭᠰᠡᠡ᠂ ᠳᠡᠳᠡᠭᠡᠷ ᠬᠥᠮᠤᠰ ᠮᠤᠩᠭᠤᠯ ᠳᠤᠯᠭᠠᠳᠠᠠ ᠤ ᠳᠤᠮᠳᠠ | ᠨᠤᠳᠤᠭ ᠤᠰᠤ ᠪᠠᠨ ᠠᠯᠳᠠᠷᠰᠢᠭᠤᠯᠵᠤ ᠪᠠᠶᠢᠯ᠎ᠠ᠃ ᠳᠡᠶᠢᠮᠤ ᠠᠴᠠ ᠠᠯᠳᠠᠷᠳᠤ ᠬᠥᠮᠤᠰ ᠤᠨ ᠢᠶᠠᠨ ᠵᠤᠷᠢᠭ ᠰᠠᠨᠠᠭ᠎ᠠ ᠶᠢ | ᠳᠦᠷᠦᠭᠡᠯᠡᠵᠤ ᠰᠤᠶᠤᠯ ᠤᠨ ᠤᠯᠠᠭ᠎ᠠ ᠪᠠᠨ ᠦᠶ᠎ᠡ ᠠᠴᠠ ᠦᠶ᠎ᠡ ᠳᠤ ᠳᠠᠮᠵᠢᠭᠤᠯᠤᠠ ᠦᠭᠬᠦ ᠭᠡᠰᠡᠡ ᠪᠠᠭᠠᠷᠢᠠ ᠵᠡᠬᠦᠠ | ᠬᠤᠰᠢᠭᠤᠠ ᠤ ᠪᠠᠰᠠ ᠨᠢᠭᠡᠡ ᠳᠤᠮᠤᠬᠠᠠ ᠠᠵᠢᠯᠯᠠᠭ᠎ᠠ ᠶᠢ ᠠᠳᠡ ᠳᠤᠷᠠᠳᠬᠤ ᠦᠭᠡᠢ ᠦᠩᠭᠡᠷᠡᠬᠦ ᠶᠢᠨ ᠠᠷᠭ᠎ᠠ ᠦᠭᠡᠢ | ᠪᠠᠶᠢᠨ᠎ᠠ᠃ | ᠤᠶᠢᠷᠠᠬᠠᠠ ᠡᠳᠤᠷ ᠤᠳ ᠲᠤ ︵3 ᠰᠠᠷ᠎ᠠ ᠶᠢᠨ 21︶ ᠤᠯᠠᠭᠠᠠᠬᠠᠳᠠ ᠬᠤᠳᠠ ᠶᠢᠨ ᠦᠨᠳᠤᠰᠤᠳᠠᠠ ᠤ | ᠵᠦᠪᠯᠡᠯ᠂ ᠤᠯᠠᠭᠠᠠᠬᠠᠳᠠ ᠬᠤᠳᠠ ᠶᠢᠨ ᠰᠤᠷᠭᠠᠠ ᠬᠥᠮᠤᠵᠢᠯ ᠤᠨ ᠳᠤᠪᠴᠢᠶ᠎ᠡ᠂ ᠪᠠᠭᠠᠷᠢᠠ ᠵᠡᠬᠦᠠ ᠬᠤᠰᠢᠭᠤᠠ ᠤ | ᠠᠷᠠᠳ ᠤᠨ ᠵᠠᠰᠠᠭ ᠤᠨ ᠤᠷᠳᠤᠠ ᠤ ᠬᠥᠴᠤᠳᠠᠢ ᠳᠡᠮᠵᠢᠯᠭᠡ ᠪᠠᠷ᠂ ᠪᠠᠭᠠᠷᠢᠠ ᠵᠠᠬᠦᠠ ᠬᠤᠰᠢᠭᠤᠠ ᠤ ᠦᠨᠳᠤᠰᠤᠳᠠᠠ | ᠱᠠᠰᠢᠠ ᠰᠤᠷᠳᠠᠬᠤᠠ ᠤ ᠭᠡᠷᠡᠭ ᠡᠷᠬᠢᠯᠡᠬᠦ ᠳᠤᠪᠴᠢᠶ᠎ᠡ᠂ ᠪᠠᠭᠠᠷᠢᠠ ᠵᠡᠬᠦᠠ ᠬᠤᠰᠢᠭᠤᠠ ᠤ ᠰᠤᠷᠭᠠᠠ ᠬᠥᠮᠤᠵᠢᠯ ᠤᠨ | ᠳᠤᠪᠴᠢᠶ᠎ᠡ᠂ ᠪᠠᠭᠠᠷᠢᠠ ᠵᠡᠬᠦᠠ ᠬᠤᠰᠢᠭᠤᠠ ᠤ ᠮᠤᠩᠭᠤᠯ ᠤᠯᠠᠮᠵᠢᠯᠠᠯᠳᠤ ᠰᠤᠶᠤᠯ ᠤᠨ ᠨᠡᠶᠢᠭᠡᠮᠯᠢᠭ ᠤᠨ ᠵᠤᠬᠢᠶᠡᠡ | ᠪᠠᠶᠢᠭᠤᠯᠤᠭᠰᠠᠠ ︽2017 ᠤᠠ ᠤ ᠪᠠᠭᠠᠷᠢᠠ ᠵᠡᠬᠦᠠ ᠬᠤᠰᠢᠭᠤᠠ ᠤ ᠳᠡᠯᠡᠭᠡᠢ ᠶᠢᠨ ᠢᠷᠠᠭᠤ ᠨᠠᠶᠢᠷᠠᠭ ᠤᠨ | ᠡᠳᠦᠷᠯᠢᠭ ᠢ ᠪᠡᠯᠭᠡᠯᠡᠬᠦ ︿ᠱᠠᠭᠳᠠᠷ ᠬᠤᠨᠳᠠᠭᠠᠳᠤ﹀ ᠪᠦᠬᠦ ᠬᠤᠳᠠ ᠶᠢᠨ ᠮᠤᠩᠭᠤᠯ ᠢᠶᠠᠷ ᠬᠢᠴᠢᠶᠡᠯᠯᠡᠬᠦ ᠠᠩᠬ᠎ᠠ | ᠳᠤᠮᠳᠠᠳᠤ ᠶᠢᠨ ᠰᠤᠷᠤᠭᠴᠢᠳ ᠤᠨ ᠠᠬᠤᠢ ᠲᠠᠯᠠᠪᠠᠢ ᠶᠢᠨ ᠵᠤᠬᠢᠶᠠᠠ ᠪᠢᠴᠢᠯᠭᠡ ᠶᠢᠨ ᠤᠷᠤᠯᠳᠤᠭᠠᠠ︾ ᠯᠢᠨᠳᠦ᠋ᠩ | ᠪᠠᠯᠭᠠᠰᠤᠠ ᠳᠤ ᠪᠢᠯᠢᠭ ᠤᠨ ᠳᠡᠪᠵᠢᠶᠡᠡ ᠢ ᠲᠤᠷᠬᠢᠭᠤᠯᠤᠯᠠ᠃ ᠡᠨ᠋ᠨ ᠪᠤᠯ ᠱᠠᠭᠳᠠᠷ ᠮᠠᠮᠠ ᠶᠢᠨ ᠴᠡᠴᠡᠠ ᠪᠢᠯᠢᠭ ᠢ | ᠰᠦᠵᠢᠭᠯᠡᠡ ᠳᠠᠶᠢᠬᠰᠠᠠ ᠤᠳᠬ᠎ᠠ ᠳᠡᠬᠦᠯᠳᠡᠷ ᠤᠷᠠᠠ ᠪᠦᠳᠦᠭᠡᠯ ᠤᠨ ᠠᠵᠢᠯᠯᠠᠭ᠎ᠠ ᠪᠠᠶᠢᠪᠠ᠃ ᠲᠡᠷᠠ ᠴᠦ ᠪᠠᠶᠢᠳᠤᠭᠠᠢ | ᠡᠨ᠋ᠨ ᠨᠤᠳᠤᠭ ᠠᠴᠠ ᠠᠪᠢᠶᠠᠰ ᠪᠢᠯᠢᠭ ᠤᠷᠬᠢᠯᠤᠭᠰᠠᠠ ᠦᠢ ᠳᠦᠮᠡᠡ ᠨᠤᠮᠴᠢ ᠮᠡᠷᠭᠡᠳ ᠳᠦᠷᠤᠠ ᠭᠠᠷᠬᠤ ᠶᠢ | ᠵᠦᠩᠨᠡᠭᠰᠡᠡ ᠢᠷᠤᠭᠡᠯ ᠤᠨ ᠳᠠᠯᠠᠯᠭ᠎ᠠ ᠪᠤᠯᠤᠭᠰᠠᠠ ᠪᠢᠯᠠ᠃ ᠤᠤᠯ ᠠᠵᠢᠯᠯᠠᠭ᠎ᠠ ᠶᠢ ᠬᠤᠰᠢᠭᠤ ᠨᠤᠳᠤᠭ ᠲᠤ ᠪᠠᠨ | ᠳᠤᠮᠤ ᠭᠡᠪᠴᠢᠶᠡᠡ ᠤ ᠰᠤᠶᠤᠯ ᠤᠨ ᠠᠵᠢᠯᠯᠠᠭ᠎ᠠ ᠶᠢ ᠤᠯᠠᠠᠳᠠ ᠰᠡᠳᠤᠠ ᠵᠤᠬᠢᠶᠡᠡ ᠪᠠᠶᠢᠭᠤᠯᠵᠤ ᠬᠥᠮᠤᠰ ᠤᠨ ᠰᠡᠳᠬᠢᠯ | ᠳᠤ ᠬᠥᠷᠭᠡᠵᠤ ᠪᠠᠶᠢᠭᠰᠠᠠ ᠬᠠᠰᠢᠷ ᠳᠤᠷᠰᠢᠯᠭ᠎ᠠ ᠲᠠᠢ ᠰᠤᠶᠤᠯ ᠤᠨ ᠵᠠᠩ ᠦᠢᠯᠡᠴᠢ ᠳᠠᠭᠤᠳᠠᠭᠠᠴᠢ ᠠᠯᠳᠠᠠᠸ᠋ᠴᠢᠷ | ᠭᠤᠸᠠᠢ ᠶᠢᠨ ᠵᠣᠬᠢᠴᠠᠭᠤᠯᠣᠯᠭᠠ ᠪᠠᠷ ᠵᠤᠬᠢᠶᠡᠡ ᠪᠠᠶᠢᠭᠤᠯᠤᠬᠰᠠ ᠠᠵᠢ᠃ ᠠᠵᠢᠯ ᠤᠨ ᠵᠠᠪ ᠴᠢᠯᠦᠭᠡ ᠪᠠᠷ ᠢᠶᠠᠨ ︽ | ᠦᠯᠵᠠᠶᠢᠮᠦ᠋ᠷᠡᠡ︾ ᠰᠡᠳᠬᠦᠯ ᠢ ᠬᠠᠷᠢᠭᠤᠴᠠᠠ ᠨᠠᠶᠢᠷᠠᠭᠤᠯᠵᠤ᠂ ᠵᠠᠪᠰᠠᠷ ᠢᠶᠠᠷ ᠨᠢ ᠪᠠᠰᠠ ᠤᠯᠠᠠ ᠰᠠᠶᠢᠬᠠᠠ ᠤᠷᠠᠠ | ᠵᠤᠬᠢᠶᠡᠯ ᠳᠤᠭᠤᠷᠪᠢᠵᠤ᠂ ︽5.1︾ ᠶᠢᠨ ᠢᠨᠵᠧᠨᠧᠷᠢᠩ ᠤᠨ ᠱᠠᠩᠨᠠᠯ ᠢ ᠬᠥᠷᠳᠡᠯ᠎ᠡ ᠳᠤᠰᠴᠤ ᠦᠩᠭᠡᠷᠡᠭᠰᠡᠡ | ᠠᠯᠳᠠᠠᠸ᠋ᠴᠢᠷ ᠭᠤᠸᠠᠢ ᠪᠤᠯ ᠤᠯᠠᠠ ᠢ ᠪᠤᠳᠤᠵᠤ ᠶᠡᠭᠡ ᠶᠢ ᠠᠮᠵᠢᠭᠤᠯᠳᠠᠭ ᠬᠥᠮᠤᠠ ᠪᠠᠶᠢᠪᠡ᠃ ᠱᠠᠭᠳᠠᠷ ᠮᠠᠮᠠ ᠶᠢᠨ | ᠴᠠᠯᠬᠢᠯᠠᠭᠰᠠᠠ ᠠᠪᠢᠶᠡᠰ ᠢ ᠬᠤᠶᠢᠴᠢ ᠦᠶ᠎ᠡ ᠳᠤ ᠪᠠᠨ ᠮᠡᠳᠡᠬᠦᠯᠵᠤ᠂ ᠢᠷᠠᠭᠤ ᠨᠠᠶᠢᠷᠠᠭ ᠤᠨ ᠡᠳᠦᠷᠯᠢᠭ ᠢ ᠰᠢᠯᠦᠭ | ᠢᠶᠠᠷ ᠪᠤᠰᠤ᠂ ᠦᠰᠪᠤᠷᠢ ᠦᠶ᠎ᠡ ᠶᠢᠨ ᠬᠢᠨ ᠤ ᠬᠤᠷᠤᠮ ᠵᠠᠭᠤᠷᠡᠬᠢ ᠬᠢᠯᠪᠠᠭᠠᠠ ᠰᠡᠳᠬᠢᠮᠵᠢ ᠶᠢᠨ ᠬᠥᠤᠷᠨᠢᠯ ᠵᠤᠬᠢᠶᠡᠯ | ᠢᠶᠠᠷ ᠮᠢᠯᠢᠶᠠᠭᠰᠠᠠ ᠨᠢ ᠨᠢᠭᠡ ᠶᠤᠰᠤᠠ ᠳᠤ ᠪᠠᠨ ᠪᠦᠳᠦᠭᠡᠯᠴᠢ ᠴᠢᠨᠠᠷ ᠲᠠᠢ ᠠᠵᠢᠯᠯᠠᠭ᠎ᠠ ᠪᠠᠶᠢᠪᠠ᠃ ᠶᠡᠷᠤᠨᠢ ᠡᠬᠦᠠ | ᠠᠴᠠ ᠤᠷᠢᠳ ᠠᠩᠬ᠎ᠠ ᠳᠤᠮᠳᠠᠳᠤ ᠶᠢᠨ ᠰᠤᠷᠤᠭᠴᠢᠳ ᠤᠨ ᠠᠬᠤᠢ ᠲᠠᠯᠠᠪᠠᠢ ᠶᠢᠨ ᠬᠥᠤᠷᠨᠢᠯ ᠵᠤᠬᠢᠶᠡᠯ ᠤᠨ | ᠤᠷᠤᠯᠳᠤᠭᠠᠠ ᠢ ᠪᠦᠬᠦ ᠬᠤᠳᠠ ︵ᠠᠶᠢᠮᠠᠭ︶ ᠶᠢᠨ ᠭᠡᠪᠴᠢᠶᠡᠡ ᠳᠤ ᠮᠠᠠ ᠤ ᠤᠷᠤᠠ ᠤ ᠭᠡᠡ ᠨᠢ᠂ ᠭᠡᠵᠢᠶ᠎ᠡ᠂ | ᠬᠠᠮᠢᠭ᠎ᠠ ᠬᠢᠵᠤ ᠪᠠᠶᠢᠭᠰᠠᠠ ᠳᠤᠬᠠᠢ ᠤᠭᠳᠤ ᠳᠤᠭᠤᠯᠤᠭᠠ ᠦᠭᠡᠢ ᠤᠴᠢᠷ ᠳᠡᠳᠡᠡ ᠤ ᠬᠢᠨ ᠴᠤ᠋ ᠰᠢᠨ᠎ᠡ ᠤᠶᠤᠠ | ᠨᠠᠶᠢᠷ ᠤᠨ ᠳᠡᠪᠵᠢᠶᠡᠡ ᠢ ᠰᠤᠷᠤᠭᠴᠢᠳ ᠤᠨ ᠡᠮᠤᠨ᠎ᠠ ᠵᠠᠰᠠᠵᠤ ᠦᠭᠬᠦᠭᠰᠡᠡ ᠭᠡᠷᠡᠭ ᠮᠡᠳᠤ ᠰᠠᠨᠠᠭᠳᠠᠵᠤ ᠪᠠᠶᠢᠨ᠎ᠠ᠃ | ᠤᠷᠤᠯᠳᠤᠭᠠᠠ ᠳᠤ ᠤᠯᠠᠭᠠᠨᠬᠠᠳᠠ ᠬᠤᠳᠠ ᠶᠢᠨ ᠮᠤᠩᠭᠤᠯ ᠠᠩᠬ᠎ᠠ ᠳᠤᠮᠳᠠᠳᠤ ᠰᠤᠷᠭᠠᠭᠤᠯᠢ ᠨᠤᠭᠤᠳ ᠠᠴᠠ ᠬᠤᠶᠠᠷ᠂ | ᠶᠢᠰᠤ — ᠠᠷᠪᠠᠠ ᠨᠠᠢᠮᠠᠠ ᠰᠤᠷᠤᠭᠴᠢ ᠠᠪᠢᠶᠠᠰ ᠪᠢᠯᠢᠭ ᠢᠶᠠᠨ ᠰᠤᠷᠢᠵᠤ᠂ ︽ᠬᠠᠶᠢᠷ᠎ᠠ ᠶᠢᠨ ᠦᠯᠢᠭᠡᠷ︾ ︵︽ | ᠬᠠᠶᠢᠷ᠎ᠠ ᠶᠢᠨ ᠳᠤᠬᠠᠢ ᠦᠯᠢᠭᠡᠷ︾ ᠭᠡᠬᠦ ᠢᠵᠢᠯᠢ ᠭᠠᠷᠴᠠᠭᠳᠤ ᠵᠤᠬᠢᠶᠡᠯ︶ ᠬᠥᠤᠷᠨᠢᠯᠡ᠃ | ᠰᠤᠶᠤᠯᠴᠢ ᠪᠠᠭᠠᠷᠢᠠ ᠤ ᠲᠤᠮᠤᠭᠳᠤ ᠭᠠᠵᠠᠷ ᠨᠤᠳᠤᠭ ᠳᠡᠭᠡᠷ᠎ᠡ ᠳᠡᠯᠡᠭᠡᠢ ᠶᠢᠨ 18 ᠳᠠᠬᠢ ᠢᠷᠠᠭᠤ ᠨᠠᠶᠢᠷᠠᠭ | ᠤᠨ ᠪᠤᠷᠤᠭᠠᠠ ᠴᠢᠩᠨᠠᠵᠤ ᠵᠤᠭᠰᠤᠭᠰᠠᠠ ᠮᠢᠨᠤ ᠪᠡᠶ᠎ᠡ ᠭᠠᠭᠴᠠ ᠴᠠᠭ ᠤᠨ ᠳᠤᠳᠤᠷ᠎ᠠ ᠪᠦᠬᠦᠯᠢ ᠪᠦᠳᠦᠠ ᠦᠯᠢᠭᠡᠷ ᠢ | ᠵᠤᠬᠢᠶᠠᠮᠵᠢᠯᠠᠠ ᠨᠠᠶᠢᠷᠠᠭᠤᠯᠵᠤ ᠴᠢᠳᠠᠭᠰᠠᠠ ᠠᠷᠪᠠᠠ ᠨᠠᠢᠮᠠᠠ ᠤᠶᠤᠠ ᠤ ᠮᠦᠷᠦᠶᠢᠴᠡᠭᠰᠡᠳ ᠤᠨ ᠪᠤᠳᠤᠯ ᠤᠨ ᠪᠤᠷᠤ | ᠳᠠᠭ᠎ᠠ ᠶᠢᠨ ᠬᠢᠨᠢ ᠤᠩᠭᠤᠠ ᠦᠤᠷᠰᠡᠭᠡᠡ ᠳᠤ ᠰᠡᠳᠬᠢᠯ ᠬᠥᠭᠯᠡᠭᠳᠡᠵᠤ᠂ ᠠᠪᠢᠶᠠᠰᠯᠢᠭ ᠪᠠᠭᠠᠴᠤᠤᠯ ᠤᠨ ᠢᠷᠠᠭᠤ | ᠤᠩᠰᠢᠯᠭ᠎ᠠ ᠳᠤ ᠰᠤᠨᠤᠷ ᠠᠷᠢᠭᠤᠰᠤᠠ ᠵᠢᠷᠭᠠᠪᠠ᠃ ᠳᠡᠭᠡᠬᠦ ᠳᠤ ᠰᠡᠳᠬᠢᠬᠦᠢ ᠶᠢᠨ ᠬᠤᠷᠳᠤ᠂ ᠪᠢᠴᠢᠯᠭᠡ ᠶᠢᠨ ᠬᠤᠷᠳᠤ | ᠂ ᠦᠯᠢᠭᠡᠷ ᠵᠤᠬᠢᠶᠠᠬᠤ ᠬᠤᠷᠳᠤ ᠪᠠᠷ ᠢᠶᠠᠨ ᠳᠦᠷᠦᠭᠡ ᠬᠠᠪᠢᠷᠤᠯᠳᠤᠭᠤᠯᠤᠭᠰᠠᠠ ᠡᠳᠡᠭᠡᠷ ᠬᠥᠭᠡᠷᠤᠬᠦᠠ ᠪᠠᠭᠠᠴᠤᠤᠯ ᠢ | ᠱᠠᠭᠳᠠᠷ ᠮᠠᠮᠨ ᠶᠢᠨ ᠳᠤᠭᠰᠢᠠ ᠤᠩᠭᠤᠳ ᠳᠠᠯᠳᠠ ᠠᠴᠠ ᠢᠪᠡᠭᠡᠭᠰᠡᠡ ᠪᠠᠶᠢᠬ᠎ᠠ ᠭᠡᠰᠡᠡ ᠪᠢᠳᠡᠬᠦᠭᠡᠡ ᠰᠦᠵᠢᠭᠯᠡᠯ ᠢᠶᠠᠨ | ᠢᠳᠡᠭᠡᠬᠦ ᠦᠭᠡᠢ ᠪᠠᠶᠢᠬᠤ ᠶᠢᠨ ᠠᠷᠭ᠎ᠠ ᠦᠭᠡᠢ ᠪᠠᠶᠢᠯ᠎ᠠ᠃ ᠭᠡᠯᠡᠯᠭᠡᠡ ᠦᠭᠡᠢ ᠡᠨ᠋ᠨ ᠪᠤᠯ ᠪᠤᠷᠤᠭᠤ ᠰᠡᠷᠡᠭᠳᠡᠯ ᠶᠤᠮ᠃ | ᠮᠦᠩᠭᠡ ᠲᠡᠭᠷᠢ ᠶᠢᠨ ᠠᠯᠳᠠᠠ ᠪᠤᠱᠤᠭᠠᠠ ᠳᠡᠭᠡᠷ᠎ᠡ ᠠᠴᠠ ᠮᠤᠩᠭᠤᠯ ᠨᠤᠳᠤᠭ ᠢ ᠪᠠᠭ᠋ᠠᠷᠬᠠᠠ ᠪᠠᠭᠤᠵᠤ ᠢᠷᠡᠭᠡᠳ ᠦᠪᠡᠷ | ᠤᠨ ᠤᠢ ᠪᠢᠯᠢᠭ ᠤᠨ ᠤᠩᠭᠤᠠ ᠬᠥᠯᠦᠭ ᠤᠨ ᠢᠶᠠᠨ ᠮᠦᠷ ᠢ ᠳᠡᠤᠭᠡ ᠶᠢᠨ ᠤᠷᠤᠠ ᠵᠠᠢ ᠳᠤ ᠲᠤᠪ ᠳᠤᠳᠤ | ᠦᠯᠡᠳᠡᠭᠡᠵᠤ ᠪᠠᠶᠢᠭᠰᠠᠠ ᠱᠠᠭᠳᠠᠷ ᠵᠡᠷᠭᠡ ᠪᠢᠯᠢᠭᠳᠦ ᠬᠥᠮᠤᠰ ᠤᠨ ᠭᠡᠭᠡᠡ ᠤᠩᠭᠤᠳ ᠭᠠᠭᠴᠠᠬᠠᠠ ᠳᠡᠯᠡᠭᠡᠢ ᠶᠢᠨ | ᠢᠷᠠᠭᠤ ᠨᠠᠶᠢᠷᠠᠭ ᠤᠨ ᠡᠳᠤᠷ ᠲᠤ ᠯᠠ ᠪᠤᠰᠤ᠂ ᠮᠦᠴᠠ ᠪᠦᠬᠦᠠ ᠡᠭᠡ ᠨᠤᠳᠤᠭ ᠢᠶᠠᠨ ᠢᠪᠡᠭᠡᠡ ᠰᠤᠶᠤᠷᠬᠠᠵᠤ | ᠪᠠᠶᠢᠳᠠᠭ ᠠᠴᠠ ᠯᠠ ᠰᠤᠶᠤᠯᠴᠢ ᠪᠠᠭᠠᠷᠢᠠ ᠮᠠᠨᠢ ᠰᠤᠶᠤᠯ ᠤᠨ ᠤᠳᠤᠳ ᠢᠶᠠᠷ ᠬᠢᠯᠠᠰᠤᠠ ᠪᠠᠶᠢᠭ᠎ᠠ ᠪᠢᠰᠢ ᠭᠡᠵᠢ ᠤᠤ︕ | | | | 2017.4.15 ᠰᠢᠯᠢᠩᠬᠤᠳᠠᠨᠠ | |