ᠪᠠᠭᠠᠷᠢᠨ ᠠᠶᠢᠮᠠᠭ ᠪᠤᠶᠤ ᠪᠠᠭᠠᠷᠢᠨ ᠵᠡᠭᠦᠨ ᠬᠤᠰᠢᠭᠤ
ᠨᠡᠶᠢᠲᠡᠯᠡᠭᠰᠡᠨ ᠴᠠᠭ᠄
2018/6/22
               ᠪᠠᠭᠠᠷᠢᠨ ᠠᠶᠢᠮᠠᠭ ᠪᠤᠶᠤ ᠪᠠᠭᠠᠷᠢᠨ ᠵᠡᠭᠦᠨ ᠬᠤᠰᠢᠭᠤ                                                ᠪᠠᠭᠠᠷᠢᠨ ᠤ ᠲᠡᠤᠬᠡ ᠶᠢ ᠬᠡᠯᠡᠬᠦ ᠳᠤ᠂ ᠠᠯᠤᠨ ᠭᠤᠸ᠎ᠠ ᠡᠬᠡ ᠶᠢᠨ ᠲᠠᠪᠤᠨ ᠬᠦᠤ ᠶᠢᠨ ᠨᠢᠭᠡ ᠪᠤᠯᠬᠤ ᠪᠤᠳᠠᠨᠴᠢᠷ ᠮᠤᠩᠬᠠᠭ ᠠᠴᠠ ᠡᠬᠢᠯᠡᠵᠦ ᠶᠠᠷᠢᠬᠤ ᠤᠴᠢᠷ ᠲᠠᠢ᠃ ᠪᠠᠭᠠᠷᠢᠨ ᠠᠶᠢᠮᠠᠭ ᠪᠤᠯ ᠪᠤᠳᠠᠨᠴᠢᠷ ᠮᠤᠩᠬᠠᠭ ᠤᠨ ᠪᠤᠷᠵᠢᠭᠢᠨ ᠤᠪᠤᠭᠳᠠᠨ ᠤ ᠬᠤᠶᠢᠴᠢᠰ ᠤᠨ ᠠᠷᠪᠠ ᠶᠢᠰᠦᠨ ᠤᠪᠤᠭ ᠠᠶᠢᠮᠠᠭ ᠤᠨ ᠨᠢᠭᠡ ᠨᠢ ᠶᠤᠮ᠃ ︽ᠮᠤᠩᠭᠤᠯ  ᠤᠨ ᠨᠢᠭᠤᠴᠠ ᠲᠤᠪᠴᠢᠶᠠᠨ︾ ᠳᠤ ᠲᠡᠮᠳᠡᠭᠯᠡᠭᠰᠡᠨ ᠢᠶᠠᠷ᠂ ᠪᠤᠳᠠᠨᠴᠢᠷ ᠠᠬ᠎ᠠ ᠲᠡᠭᠦᠤ ᠲᠠᠪᠤᠭᠤᠯᠠ ᠪᠠᠨ ᠨᠠᠶᠢᠯᠡᠵᠦ᠂ ᠲᠤᠭᠠᠷ ᠤᠨ ᠲᠦᠩᠭᠡᠯᠢᠭ ᠭᠤᠷᠤᠬᠠᠨ ᠳᠤ ᠪᠠᠶᠢᠭᠰᠠᠨ ᠨᠢᠭᠡ ᠪᠦᠯᠦᠭ ᠢᠷᠭᠡᠳ ᠢ ᠡᠵᠡᠯᠡᠨ ᠠᠪᠴᠦ᠂ ᠭᠡᠷ ᠤᠨ ᠪᠤᠭᠤᠯ ᠢᠶᠠᠨ ᠪᠤᠯᠭᠠᠵᠠᠢ᠃ ᠲᠡᠳᠡᠨ ᠤ ᠳᠣᠲᠤᠷᠠᠬᠢ ᠵᠠᠷᠴᠢᠭᠤᠳ ᠤᠨ ᠠᠳᠠᠩᠬᠠᠨ ᠤ ᠤᠷᠢᠶᠠᠩᠬᠠᠢ ᠤᠪᠤᠭ ᠤᠨ ᠨᠢᠭᠡ ᠵᠢᠷᠮᠦᠰᠦᠨ ᠪᠦᠰᠡᠭᠦᠢ ᠶᠢ ᠪᠤᠳᠠᠨᠴᠢᠷ ᠡᠬᠡᠨᠡᠷ ᠢᠶᠠᠨ ᠪᠣᠯᠭᠠᠨ ᠠᠪᠴᠠᠢ᠃ ᠪᠤᠳᠠᠨᠴᠢᠷ ᠤᠨ ᠳᠤ ᠢᠷᠡᠭᠡᠳ ᠨᠢᠭᠡᠨ ᠬᠦᠤ ᠲᠦᠷᠦᠭᠰᠡᠨ ᠳᠤ ᠵᠠᠳ ᠬᠡᠭᠦ ᠬᠠᠷᠢ ᠶᠢᠨ ᠢᠷᠭᠡᠨ ᠠᠴᠠ ᠵᠢᠷᠮᠦᠰᠦᠨ ᠢᠷᠡᠭᠡᠳ ᠲᠦᠷᠦᠭᠰᠡᠨ ᠬᠦᠤ ᠪᠣᠯᠬᠤᠷ ᠵᠠᠵᠢᠷᠠᠳᠠᠢ ᠭᠡᠳᠡᠭ ᠨᠡᠷ᠎ᠡ ᠦᠭᠪᠡ᠃ ᠵᠠᠳᠠᠷᠠᠨ ᠤᠪᠤᠭ ᠤᠨ ᠡᠪᠦᠭᠡ ᠨᠢ ᠲᠡᠷᠡ ᠮᠦᠨ᠃ ᠪᠤᠳᠠᠨᠴᠢᠷ ᠲᠠᠢ ᠰᠠᠭᠤᠭᠠᠳ ᠲᠦᠷᠦᠭᠰᠡᠨ ᠬᠦᠤ ᠳᠡᠭᠡᠨ ᠪᠠᠷᠢᠵᠦ ᠠᠪᠤᠭᠰᠠᠨ ᠡᠬᠡᠨᠠᠷ ᠠᠴᠠ ᠲᠦᠷᠦᠭᠰᠡᠨ ᠬᠦᠤ ᠭᠡᠵᠦ ᠪᠠᠭᠠᠷᠢᠳᠠᠢ ᠬᠡᠭᠦ ᠨᠡᠷ᠎ᠡ ᠦᠭᠪᠡ᠃ ᠪᠠᠭᠠᠷᠢᠨ ᠤᠪᠤᠭ ᠤᠨ ᠡᠪᠦᠭᠡ ᠲᠡᠷᠡ ᠪᠤᠯᠵᠠᠢ᠃ ᠪᠠᠭᠠᠷᠢᠳᠠᠢ ᠶᠢᠨ ᠬᠦᠤ ᠴᠢᠳᠤᠬᠤᠯ ᠪᠦᠬᠡ ᠭᠡᠳᠡᠭ᠂ ᠴᠢᠳᠤᠬᠤᠯ ᠪᠦᠬᠡ ᠤᠯᠠᠨ ᠡᠬᠡᠨᠠᠷ ᠠᠪᠴᠦ ᠲᠡᠭᠦᠨ ᠠᠴᠠ ᠮᠠᠨᠠᠨ ᠮᠡᠳᠦ ᠤᠯᠠᠨ ᠬᠦᠤ ᠲᠦᠷᠦᠪᠠ᠃  ᠲᠡᠭᠡᠭᠡᠳ ᠪᠠᠭᠠᠷᠢᠨ ᠤᠪᠤᠭᠳᠠᠨ ᠡᠭᠦᠰᠪᠡ᠂ ᠪᠠᠰᠠ ᠮᠠᠨᠠᠨ ᠪᠠᠭᠠᠷᠢᠨ ᠭᠡᠳᠡᠭ᠃    ᠲᠡᠥᠬᠡᠨ ᠳᠡᠭᠡᠷ᠎ᠡ᠂ ᠪᠠᠭᠠᠷᠢᠨ ᠠᠶᠢᠮᠠᠭ ᠨᠢ ᠴᠢᠩᠭᠢᠰ ᠬᠠᠭᠠᠨ ᠢ ᠲᠠᠭᠠᠵᠦ᠂ ᠶᠡᠭᠡ ᠮᠤᠩᠭᠤᠯ ᠢ ᠨᠢᠭᠡᠳᠬᠡᠬᠦ ᠲᠠᠶᠢᠨ ᠳᠤ ᠤᠷᠤᠯᠴᠠᠵᠦ᠂ ᠣᠯᠠᠨ ᠭᠠᠪᠢᠶ᠎ᠠ ᠵᠢᠳᠬᠦᠯ ᠦᠵᠡᠭᠦᠯᠵᠦ ᠪᠠᠶᠢᠭᠰᠠᠨ ᠶᠤᠮ᠃ ᠪᠠᠭᠠᠷᠢᠨ ᠠᠶᠢᠮᠠᠭ ᠪᠤᠯ 13 ᠳ᠋ᠤᠭᠠᠷ ᠵᠠᠭᠤᠨ ᠠᠴᠠ ᠡᠮᠦᠨ᠎ᠡ᠂ ᠠᠯᠳᠠᠢ ᠠᠭᠤᠯᠠᠨ ᠳᠤ ᠰᠠᠭᠤᠵᠦ ᠪᠠᠶᠢᠭᠰᠠᠨ 12 ᠬᠠᠷᠠᠭᠤᠯ ᠤᠨ ᠬᠠᠯᠬ᠎ᠠ ᠶᠢᠨ ᠬᠢᠯᠢ ᠬᠠᠮᠠᠭᠠᠯᠠᠬᠤ ᠴᠡᠷᠢᠭ ᠤᠨ ᠨᠢᠭᠡ ᠪᠦᠯᠦᠭ ᠨᠢ ᠪᠠᠶᠢᠭᠰᠠᠨ ᠪᠦᠭᠡᠳ 13 ᠳ᠋ᠤᠭᠠᠷ ᠵᠠᠭᠤᠨ ᠤ ᠡᠬᠢᠨ ᠳᠤ ᠲᠦᠪ  ᠤᠨ ᠲᠦᠮᠡᠨ ᠡᠷᠦᠬᠡ ᠳᠤ ᠬᠠᠷᠢᠶᠠᠯᠠᠭᠳᠠᠵᠦ ᠪᠠᠶᠢᠪᠠ᠃ ᠲᠤᠬᠠᠢ  ᠶᠢᠨ ᠦᠶ᠎ᠡ ᠳᠤ ᠬᠠᠯᠬ᠎ᠠ ᠲᠦᠮᠡᠨ ᠤ ᠤᠷᠤᠩᠨᠠᠵᠦ ᠪᠠᠶᠢᠭᠰᠠᠨ ᠭᠠᠵᠠᠷ ᠪᠤᠯ ᠨᠤᠮᠤᠨ ᠬᠠᠨ ᠤ ᠣᠶᠢᠷᠠᠯᠴᠠᠭᠠᠬᠢ ᠬᠠᠯᠬ᠎ᠠ ᠭᠤᠤᠯ ᠤᠨ ᠤᠷᠤᠰᠬᠠᠯ ᠲᠠᠭᠠᠤ ᠤᠷᠤᠨ ᠶᠤᠮ᠃    1368 ᠤᠨ ᠳᠤ ︵ᠶᠤᠸᠠᠨ ᠤ ᡁᠢ ᠵᠧᠩ ᠤᠨ 28 ᠳ᠋ᠤᠭᠠᠷ ᠤᠨ︶ ᠵᠦ ᠶᠤᠸᠠᠨ ᠵᠠᠩ᠂ ᠢᠩ ᠲᠢᠶᠠᠨ ᠹᠦ᠋  ᠳᠤ ︵ᠤᠳᠤ  ᠶᠢᠨ ᠨᠠᠨᠵᠢᠩ︶ ᠪᠠᠶ᠎ᠠ ᠪᠠᠨ ᠬᠠᠭᠠᠨ ᠡᠷᠭᠦᠮᠵᠢᠯᠡᠵᠦ᠂ ᠮᠢᠩ ᠤᠯᠤᠰ ᠢ ᠪᠠᠶᠢᠭᠤᠯᠤᠨ᠂ ᠤᠨ ᠤ ᠴᠤᠯᠠ  ᠪᠠᠨ ᠬᠤᠩ ᠦ᠋ ᠬᠡᠮᠡᠵᠦ᠂ ᠴᠡᠷᠢᠭ ᠤᠨ ᠶᠡᠭᠡ ᠵᠠᠩᠵᠤᠨ ᠰᠢᠤᠢ ᠳ᠋ᠠ ᠶᠢ ᠲᠤᠮᠢᠯᠠᠨ ᠤᠮᠠᠷᠠᠰᠢ ᠲᠠᠶᠢᠯᠠᠭᠤᠯᠪᠠ᠃ ᠮᠦᠨ ᠵᠢᠯ ᠤᠨ 7 ᠰᠠᠷ᠎ᠠ ᠳᠤ᠂ ᠲᠤᠭᠤᠨᠳᠡᠮᠦᠷ ᠬᠠᠭᠠᠨ ᠬᠦᠬᠡᠲᠡᠮᠦᠷ᠂ ᠯᠢ ᠰᠧ ᠴᠢ ᠨᠠᠷ ᠲᠤ ᠵᠠᠷᠯᠢᠭ ᠪᠠᠭᠤᠯᠭᠠᠵᠦ᠂ ᠮᠢᠩ ᠤᠯᠤᠰ ᠤᠨ ᠴᠡᠷᠢᠭ ᠢ ᠵᠠᠮ ᠬᠤᠪᠢᠶᠠᠨ ᠬᠤᠷᠢᠭᠯᠠᠭᠤᠯᠪᠠ᠃ ᠮᠢᠩ ᠤᠯᠤᠰ ᠤᠨ ᠴᠡᠷᠢᠭ ᠲᠦᠩᠵᠸᠤ ᠳᠤ ᠬᠦᠷᠴᠦ ᠢᠷᠡᠭᠰᠡᠨ ᠳᠤ᠂ ᠶᠡᠭᠡ ᠶᠤᠸᠠᠨ ᠤᠯᠤᠰ ᠤᠨ ᠬᠠᠮᠤᠭ ᠰᠡᠭᠦᠯᠴᠢ ᠶᠢᠨ ᠬᠠᠭᠠᠨ ᠲᠤᠭᠤᠨᠲᠡᠮᠦᠷ ᠨᠢᠭᠡᠨᠳᠡ ᠡᠰᠡᠷᠭᠦᠴᠡᠬᠦ ᠬᠦᠴᠦᠨ ᠦᠭᠡᠢ ᠪᠤᠯᠤᠭᠰᠠᠨ ᠢᠶᠠᠨ ᠮᠠᠳᠠᠭᠡᠳ ᠲᠦᠩᠵᠸᠤ ᠠᠴᠠ ᠤᠬᠤᠷᠢᠨ ᠭᠠᠷᠴᠠᠢ᠃ 8 ᠰᠠᠷ᠎ᠠ ᠳᠤ ᠮᠢᠩ ᠤᠯᠤᠰ  ᠤᠨ ᠴᠡᠷᠢᠭ ᠲᠠᠶᠢᠳᠦ ᠳᠤ ᠤᠷᠤᠵᠦ ᠢᠷᠡᠨ᠂ ᠬᠠᠭᠠᠨ ᠬᠤᠳᠠ ᠶᠢ ᠡᠵᠡᠯᠡᠨ᠂ ᠶᠡᠭᠡ ᠶᠤᠸᠠᠨ ᠤᠯᠤᠰ ᠢ ᠮᠦᠬᠦᠭᠡᠵᠠᠢ᠃ ᠲᠤᠭᠤᠨᠲᠡᠮᠦᠷ ᠬᠠᠭᠠᠨ ᠱᠠᠩᠳᠦ ︵ᠪᠠᠰᠠ ᠬᠦᠷᠳᠦᠨ ᠪᠠᠯᠭᠠᠰᠤᠨ ᠭᠡᠳᠡᠭ︶ ᠳᠤ ᠤᠬᠤᠷᠢᠨ ᠤᠴᠢᠵᠦ᠂ ᠬᠠᠭᠠᠨ ᠤᠷᠤ ᠲᠤᠭᠳᠠᠭᠠᠨ ᠲᠦᠷᠦ ᠪᠠᠶᠢᠭᠤᠯᠵᠦ᠂  ᠮᠤᠩᠭᠤᠯ ᠤᠷᠤᠨ ᠢᠶᠠᠨ ᠦᠷᠭᠦᠯᠵᠢᠯᠡᠨ ᠵᠠᠬᠢᠷᠴᠦ ᠪᠢᠯᠡ᠃ ᠲᠤᠭᠤᠨᠲᠡᠮᠦᠷ ᠬᠠᠭᠠᠨ ᠤ ᠪᠠᠶᠢᠭᠤᠯᠤᠭᠰᠠᠨ ᠡᠨᠡ ᠬᠦ ᠲᠦᠷᠦ ᠶᠢ ᠮᠤᠩᠭᠤᠯ ᠤᠨ ᠲᠡᠤᠬᠡᠨ ᠳᠤ ︽ᠤᠮᠠᠷᠠᠳᠦ ᠶᠤᠸᠠᠨ ᠤᠯᠤᠰ︾ ︵ᠵᠠᠷᠢᠮ ᠲᠡᠤᠬᠡᠨ ᠨᠤᠮ ᠳᠤ ᠪᠠᠰᠠ ᠤᠮᠠᠷᠠᠳᠦ ᠲᠦᠷᠦ ᠭᠡᠵᠦ ᠪᠤᠢ︶ ᠭᠡᠳᠡᠭ᠃ 1369 ᠤᠨ ᠳᠤ ︵ᠶᠤᠸᠠᠨ ᠤ ᡁᠢ ᠵᠧᠩ ᠤᠨ 29 ᠳ᠋ᠤᠭᠡᠷ ᠤᠨ᠂ ᠮᠢᠩ ᠤᠨ ᠬᠤᠩ ᠦ᠋ ᠶᠢᠨ ᠬᠤᠶᠠᠳᠤᠭᠠᠷ ᠤᠨ︶ ᠮᠢᠩ ᠤᠯᠤᠰ ᠤᠨ ᠴᠡᠷᠢᠭ ᠲᠡᠭᠡᠳᠦ ᠨᠡᠶᠢᠰᠯᠡᠯ ᠢ ᠡᠵᠡᠯᠡᠭᠰᠡᠨ ᠳᠤ᠂ ᠲᠤᠭᠤᠨᠲᠡᠮᠦᠷ ᠬᠠᠭᠠᠨ ᠢᠩᠴᠠᠩ ᠬᠤᠳᠠᠨ᠎ᠠ ︵ᠤᠳᠤ ᠶᠢᠨ ᠬᠡᠰᠢᠭᠳᠡᠨ ᠬᠤᠰᠢᠭᠤᠨ ᠤ ᠲᠠᠯᠠᠢ ᠨᠠᠭᠤᠷ ᠤᠨ ᠬᠦᠪᠡᠭᠡᠨ ᠳᠠᠬᠢ ᠬᠤᠳᠠ︶ ᠤᠬᠤᠷᠢᠵᠠᠢ᠃ 1388 ᠤᠨ ︵ᠮᠢᠩ ᠤᠯᠤᠰ ᠤᠨ ᠬᠤᠩ ᠦ᠋ ᠶᠢᠨ ᠬᠤᠷᠢᠨ ᠨᠢᠭᠡᠨ ᠤᠨ︶ ᠳᠤ᠂ ᠶᠤᠸᠠᠨ ᠤᠯᠤᠰ ᠤᠨ ᠬᠠᠭᠠᠨ ᠲᠡᠭᠦᠰᠲᠡᠮᠦᠷ ᠬᠠᠭᠠᠨ ᠪᠠ ᠲᠠᠶᠢᠽᠢ ᠲᠢᠶᠠᠨᠪᠤᠤᠨᠤ ᠨᠠᠷ ᠲᠤᠤᠯᠠ ᠭᠤᠤᠯ ᠤᠨ ᠬᠦᠪᠡᠭᠡᠨ ᠳᠤ ᠶᠢᠰᠦᠳᠡᠷ ᠲᠤ ᠬᠤᠤᠷᠯᠠᠭᠳᠠᠵᠤ᠂ ᠤᠮᠠᠷᠠᠳᠦ ᠶᠤᠸᠠᠨ ᠤᠯᠤᠰ ᠮᠦᠬᠦᠪᠡ᠃ ᠲᠡᠭᠦᠨ ᠠᠴᠠ ᠡᠬᠢᠯᠡᠵᠦ ᠮᠤᠩᠭᠤᠯ ᠬᠠᠭᠠᠨᠳᠦ ᠤᠯᠤᠰ ᠵᠠᠳᠠᠷᠠᠭᠠᠳ ᠲᠠᠲ᠋ᠠᠷ᠂ ᠤᠷᠢᠶᠠᠩᠬᠠᠢ᠂ ᠤᠶᠢᠷᠠᠳ ᠭᠤᠷᠪᠠᠨ ᠪᠦᠯᠦᠭ ᠪᠤᠯᠵᠦ᠂ ᠤᠮᠠᠷᠠᠳᠦ ᠶᠢᠨ ᠦᠷᠭᠡᠨ ᠠᠭᠤᠳᠠᠮ ᠲᠠᠯ᠎ᠠ ᠨᠤᠳᠤᠭ ᠲᠤ ᠮᠤᠩᠭᠤᠯ ᠤᠨ ᠡᠯ᠎ᠡ ᠠᠶᠢᠮᠠᠭ ᠪᠦᠯᠦᠭ ᠨᠢ ᠲᠤᠰ ᠲᠤᠰ ᠲᠠᠭᠠᠨ ᠲᠤᠭ ᠬᠡᠶᠢᠰᠭᠡᠵᠦ᠂ ᠰᠠᠯᠵᠦ ᠪᠤᠳᠠᠷᠠᠭᠰᠠᠨ ᠪᠠᠶᠢᠳᠠᠯ ᠳᠤ ᠣᠷᠤᠭᠰᠠᠨ ᠪᠠᠶᠢᠨ᠎ᠠ᠃ ᠡᠨᠡᠬᠦ ᠪᠠᠶᠢᠳᠠᠯ ᠨᠢ ᠴᠢᠩᠭᠢᠰ ᠤᠨ ᠠᠷᠪᠠᠨ ᠲᠠᠪᠤᠳᠤᠭᠠᠷ ᠦᠶ᠎ᠡ ᠶᠢᠨ ᠬᠤᠶᠢᠴᠢᠰ ᠪᠠᠳᠦ ᠮᠦᠩᠬᠡ ᠬᠠᠭᠠᠨ ᠰᠠᠭᠤᠷᠢᠨ ᠳᠤ ᠰᠠᠭᠤᠬᠤ ᠪᠤᠯᠳᠠᠯ᠎ᠠ 96 ᠵᠢᠯ ︵1368 —1464 ᠣᠨ︶ ᠦᠷᠭᠦᠯᠵᠢᠯᠡᠪᠡ᠃ 1482 ᠤᠨ  ᠳᠤ ᠪᠠᠶᠠᠨᠮᠦ᠋ᠩᠬᠡ ᠬᠠᠭᠠᠨ ᠨᠠᠰᠦ ᠪᠠᠷᠠᠭᠰᠠᠨ ᠤ ᠰᠡᠭᠦᠯᠡᠷ ᠮᠠᠨᠳᠤᠬᠠᠢ ᠰᠡᠴᠡᠨ ᠬᠠᠳᠤᠨ ᠪᠠᠳᠤᠮᠦ᠋ᠩᠬᠡ ᠶᠢ ᠬᠠᠭᠠᠨ ᠰᠠᠭᠤᠷᠢᠨ ᠳᠤ ᠰᠠᠭᠤᠯᠭᠠᠵᠦ ᠲᠠᠶᠠᠨ ᠬᠠᠭᠠᠨ ᠡᠷᠭᠦᠮᠵᠢᠯᠡᠪᠡ᠃    ᠲᠠᠶᠠᠨ ᠬᠠᠭᠠᠨ ᠮᠢᠩ ᠤᠨ ᠬᠤᠩ ᡁᠢ ᠶᠢᠨ ᠦᠶ᠎ᠡ ︵ᠬᠤᠩ ᡁᠢ ᠶᠢᠨ ᠲᠡᠷᠢᠭᠦᠨ ᠤᠨ ᠪᠤᠯ ᠤᠨ ᠲᠤᠭᠠᠯᠠᠯ  ᠤᠨ 1488 ᠤᠨ︶ ᠬᠠᠭᠠᠨ ᠰᠠᠭᠤᠷᠢᠨ ᠳᠤ ᠰᠠᠭᠤᠭᠰᠠᠨ ᠤ ᠲᠠᠷᠠᠭ᠎ᠠ᠂ ᠤᠭᠰᠠᠭ᠎ᠠ ᠦᠨᠳᠦᠰᠦᠳᠠᠡ ᠪᠠ ᠲᠦᠴᠢᠨ ᠮᠤᠩᠭᠤᠯ ᠢᠶᠠᠨ ᠨᠢᠭᠡᠳᠬᠡᠬᠦ ᠠᠭᠤᠤ ᠦᠢᠯᠡᠰ ᠢᠶᠠᠨ ᠡᠬᠢᠯᠡᠭᠦᠯᠦᠭᠰᠡᠨ ᠶᠤᠮ᠃ ᠲᠡᠷᠡ ᠶᠠᠭᠤᠨ ᠤ ᠡᠮᠦᠨ᠎ᠡ ᠲᠦᠷᠪᠡᠨ ᠤᠶᠢᠷᠠᠳ ᠢ ᠲᠠᠶᠢᠯᠠᠵᠦ᠂ ᠲᠠᠬᠢᠭᠠᠳ ᠵᠡᠭᠦᠨᠰᠢ ᠪᠠᠨ ᠤᠷᠢᠶᠠᠩᠬᠠᠢ ᠶᠢ ᠲᠠᠶᠢᠯᠠᠨ ᠪᠠᠷᠠᠭᠤᠨᠰᠢ ᠪᠠᠨ ᠤᠷᠳᠤᠰ ᠢ ᠨᠢᠭᠡᠳᠬᠡᠵᠦ᠂ ᠡᠷᠬᠡᠳᠦ ᠰᠠᠶᠢᠳ ᠤᠨ ᠬᠡᠰᠡᠭᠯᠡᠨ ᠡᠵᠡᠮᠰᠢᠬᠦ ᠪᠠᠶᠢᠳᠠᠯ ᠢ ᠡᠴᠦᠰᠯᠡᠭᠦᠯᠵᠦ᠂ ᠳᠤᠳᠤᠭᠠᠳᠦ ᠪᠠᠨ ᠡᠮᠬᠢᠯᠡᠨ ᠴᠡᠭᠴᠡᠯᠡᠭᠰᠡᠨ ᠠᠴᠠ ᠮᠤᠩᠭᠤᠯ ᠤᠷᠤᠨ ᠨᠢᠭᠡᠨ ᠦᠶ᠎ᠡ ᠤᠯᠤᠰ ᠲᠦᠷᠦ ᠶᠢᠨ ᠲᠠᠯ᠎ᠠ ᠪᠠᠷ ᠪᠦᠯᠬᠦᠮᠳᠡᠨ ᠨᠢᠭᠡᠳᠦᠭᠰᠡᠨ ᠶᠡᠭᠡ ᠰᠠᠶᠢᠨ ᠪᠠᠶᠢᠳᠠᠯ ᠳᠤ ᠤᠷᠤᠪᠠ᠃ ᠲᠠᠶᠠᠨ ᠬᠠᠭᠠᠨ ᠮᠤᠩᠭᠤᠯ ᠢ ᠨᠢᠭᠡᠳᠬᠡᠭᠰᠡᠨ ᠤ ᠰᠡᠭᠦᠯᠡᠷ᠂ ᠬᠠᠯᠬ᠎ᠠ ᠲᠦᠮᠡᠨ ᠢᠶᠠᠨ ᠲᠡᠭᠦᠨ ᠤ ᠬᠤᠶᠠᠷ ᠬᠦᠤ ᠳᠡᠭᠡᠨ ᠬᠤᠪᠢᠶᠠᠨ ᠦᠭᠴᠦ ᠬᠤᠶᠠᠷ ᠰᠠᠯᠠᠭ᠎ᠠ ᠪᠣᠯᠭᠠᠵᠠᠢ᠃ ᠨᠢᠭᠡ ᠰᠠᠯᠠᠭ᠎ᠠ  ᠨᠢ ᠲᠠᠶᠠᠨ ᠬᠠᠭᠠᠨ ᠤ ᠵᠢᠷᠭᠤᠳᠤᠭᠠᠷ ᠬᠦᠤ ᠠᠯᠴᠤᠪᠤᠯᠤᠳ ᠤᠨ ︽ᠬᠠᠯᠬ᠎ᠠ ᠲᠠᠪᠤᠨ ᠤᠳᠤᠭ︾᠂ ᠡᠨᠡᠬᠦ ᠬᠠᠯᠬ᠎ᠠ ᠲᠠᠪᠤᠨ ᠤᠳᠤᠭ ᠲᠤ ᠵᠠᠷᠤᠳ᠂ ᠪᠠᠭᠠᠷᠢᠨ᠂ ᠬᠤᠩᠬᠢᠷᠠᠳ᠂ ᠪᠠᠶᠠᠭᠤᠳ᠂ ᠦᠵᠢᠶᠡᠳ ᠵᠡᠷᠭᠡ ᠠᠶᠢᠮᠠᠭ ᠤᠳ ᠪᠠᠭᠲᠠᠳᠠᠭ᠃ ᠲᠡᠤᠬᠡᠨ ᠲᠡᠭᠡᠷ᠎ᠡ ᠦᠪᠦᠷ ᠬᠠᠯᠬ᠎ᠠ ᠶᠢᠨ ᠲᠠᠪᠤᠨ ᠤᠳᠤᠭ ᠭᠡᠳᠡᠭ᠃ ᠨᠦᠭᠦᠭᠡ ᠨᠢᠭᠡ ᠰᠠᠯᠠᠭ᠎ᠠ ᠨᠢ ᠲᠠᠶᠠᠨ ᠬᠠᠭᠠᠨ ᠤ ᠠᠷᠪᠠᠨ ᠨᠢᠭᠡᠳᠦᠭᠡᠷ ᠬᠦᠤ ᠭᠡᠷᠡᠰᠡᠨᠵᠠ ᠶᠢᠨ ︽ᠬᠠᠯᠬ᠎ᠠ ᠲᠤᠯᠤᠭᠠᠨ ᠤᠳᠤᠭ︾᠂ ᠲᠠᠷᠤᠢ ᠤᠳᠤ  ᠶᠢᠨ ᠬᠠᠯᠬ᠎ᠠ ᠮᠤᠩᠭᠤᠯ ᠪᠤᠯᠤᠨ᠎ᠠ᠃ ᠲᠡᠳᠡ ᠬᠠᠯᠬ᠎ᠠ ᠭᠤᠤᠯ ᠤᠨ ᠬᠦᠪᠡᠭᠡ ᠲᠠᠭᠠᠤ ᠮᠠᠯᠵᠢᠨ ᠠᠮᠢᠳᠤᠷᠠᠵᠦ ᠪᠠᠶᠢᠪᠠ᠃ ᠡᠳᠡᠭᠡᠷ ᠭᠠᠵᠠᠷ ᠤᠷᠤᠨ ᠨᠢ ᠮᠢᠩ ᠤᠨ ᠲᠦᠷᠦ ᠶᠢᠨ ᠲᠠᠶᠢᠨᠢᠩ ᠤᠢ᠂ ᠫᠦ᠋ ᠴᠢᠤᠸᠠᠨ ᠤᠢ ᠲᠠᠢ ᠤᠶᠢᠷᠠᠯᠴᠠᠭ᠎ᠠ ᠲᠤᠯᠠ ᠮᠢᠩ ᠤᠨ ᠲᠦᠷᠦ ᠲᠠᠢ ᠠᠷᠠᠯᠵᠢᠶ᠎ᠠ ᠬᠤᠳᠠᠯᠳᠤᠭ᠎ᠠ ᠬᠢᠬᠦ ᠪᠤᠶᠤ ᠵᠦᠷᠢᠴᠡᠯ ᠮᠦᠷᠭᠦᠯᠳᠦᠭᠡᠨ ᠡᠭᠦᠰᠬᠦ ᠨᠢ ᠴᠦ ᠡᠳᠦᠷ ᠢᠷᠡᠬᠦᠶ᠎ᠡ ᠰᠢᠷᠦᠭᠦᠰᠴᠦ ᠪᠠᠶᠢᠯ᠎ᠠ᠃    ᠶᠥᠩ ᠯᠧ ᠶᠢᠨ ᠰᠡᠭᠦᠯᠴᠢ ᠶᠢᠨ ᠦᠶ᠎ᠡ ᠪᠠᠷ᠂ ᠮᠢᠩ ᠤᠨ ᠲᠦᠷᠦ ᠲᠤᠷᠤᠶᠢᠳᠠᠬᠤ ᠵᠦᠭ ᠲᠡᠭᠡᠨ ᠬᠠᠨᠳᠤᠵᠦ᠂ ᠮᠤᠩᠭᠤᠯ ᠤᠨ ᠴᠡᠷᠢᠭ ᠢ ᠲᠠᠬᠢᠵᠦ ᠬᠤᠷᠢᠭᠯᠠᠵᠦ ᠲᠠᠶᠢᠯᠬᠦ ᠪᠠᠨ ᠪᠤᠯᠢᠵᠦ᠂ ᠰᠠᠬᠢᠨ ᠬᠠᠮᠠᠭᠠᠯᠠᠬᠤ ᠪᠠᠶᠢᠳᠠᠯ ᠳᠤ ᠤᠷᠤᠪᠠ ᠃ ᠡᠨᠡ ᠦᠶ᠎ᠡ ᠳᠤ ᠠᠯᠴᠤᠪᠤᠯᠤᠳ ᠤᠨ ᠬᠦᠤ ᠬᠤᠷᠠᠭᠴᠢ ᠬᠠᠰᠠᠷ ᠠᠶᠢᠮᠠᠭ ᠤᠭᠰᠠᠭ᠎ᠠ ᠪᠤᠯᠤᠨ ᠦᠪᠦᠷ ᠬᠠᠯᠬ᠎ᠠ ᠶᠢᠨ ᠲᠠᠪᠤᠨ ᠤᠳᠤᠭ ᠤᠨ ᠤᠯᠠᠨ ᠢᠶᠠᠨ ᠲᠠᠭᠠᠭᠤᠯᠵᠦ᠂ ᠬᠠᠯᠬ᠎ᠠ ᠭᠤᠤᠯ ᠤᠨ ᠪᠠᠷᠠᠭᠤᠨ ᠡᠷᠭᠢ ᠠᠴᠠ ᠬᠢᠩᠭᠠᠨ ᠲᠠᠪᠠᠭ᠎ᠠ  ᠶᠢ ᠲᠠᠪᠠᠵᠦ᠂ ᠡᠮᠦᠨᠡᠰᠢ ᠨᠡᠭᠦᠳᠡᠯᠯᠡᠨ ᠤᠷᠤᠵᠦ᠂ ᠭᠤᠸᠠᠩ ᠨᠢᠩ ︵ᠤᠳᠤ ᠶᠢᠨ ᠯᠢᠶᠤᠤᠨᠢᠩ ᠮᠤᠵᠢ ᠶᠢᠨ ᠪᠧᠢ ᠵᠧᠨ ᠤᠷᠴᠢᠮ︶ ᠤᠨ ᠬᠢᠯᠢ ᠶᠢᠨ ᠭᠠᠳᠠᠨ᠎ᠠ ᠬᠦᠷᠴᠦ ᠰᠠᠭᠤᠷᠢᠰᠢᠪᠠ᠃ ᠠᠷᠪᠠᠨ ᠵᠢᠷᠭᠤᠳᠤᠭᠠᠷ ᠵᠠᠭᠤᠨ ᠤ ᠲᠤᠮᠳᠠᠴᠢ ᠪᠠᠷ᠂ ᠬᠤᠷᠠᠭᠴᠢ ᠬᠠᠰᠠᠷ ᠤᠨ ᠦᠪᠦᠷ ᠬᠠᠯᠬ᠎ᠠ ᠶᠢᠨ ᠲᠠᠪᠤᠨ ᠤᠳᠤᠭ ᠨᠢ ᠮᠢᠩ ᠤᠯᠤᠰ ᠤᠨ ᠤᠷᠢᠶᠠᠩᠬᠠᠢ ᠶᠢᠨ ᠭᠤᠷᠪᠠᠨ ᠤᠢ ᠶᠢ ᠡᠷᠬᠡᠰᠢᠶᠡᠯ ᠳᠡᠭᠡᠨ ᠤᠷᠤᠭᠤᠯᠤᠨ ᠠᠪᠤᠪᠠ᠃ ᠡᠭᠦᠨ ᠤ ᠲᠠᠭᠠᠤ ᠬᠤᠷᠠᠭᠴᠢ ᠬᠠᠰᠠᠷ ᠤᠨ ᠲᠠᠪᠤᠨ ᠬᠦᠤ ᠦᠪᠡᠷ ᠦᠪᠡᠷ ᠤᠨ ᠬᠠᠷᠢᠶᠠᠳᠠᠳ ᠢᠶᠠᠨ ᠲᠠᠭᠠᠭᠤᠯᠵᠦ ᠠᠰ ᠠᠰᠳᠠᠭᠠᠨ ᠠᠶᠢᠮᠠᠭ ᠪᠦᠯᠦᠭ ᠪᠣᠯᠤᠭᠰᠠᠨ ᠠᠴᠠ ᠦᠪᠦᠷ ᠲᠠᠪᠤᠨ ᠬᠠᠯᠬ᠎ᠠ ᠶᠢᠨ ᠨᠠᠷ᠎ᠠ ᠨᠢ ᠦᠯᠡᠳᠡᠵᠦ ᠨᠢᠳᠡᠷ ᠨᠢ ᠬᠤᠭᠤᠰᠤᠷᠠᠪᠠ᠃ ᠶᠡᠭᠡ ᠬᠦᠤ ᠤᠪᠠᠰᠢ ᠸᠧᠢ ᠵᠧᠩ ᠤᠨ ᠲᠠᠭᠠᠭᠤᠯᠤᠭᠰᠠᠨ ᠪᠦᠯᠦᠭ ᠢᠶᠠᠨ ︽ᠵᠠᠷᠤᠳ︾᠂ ᠬᠤᠶᠠᠳᠤᠭᠠᠷ ᠬᠦᠤ ᠰᠤᠪᠠᠭ᠋ᠠᠢ ᠶᠢᠨ ᠲᠠᠭᠠᠭᠤᠯᠤᠭᠰᠠᠨ ᠪᠦᠯᠦᠭ  ᠢᠶᠠᠨ ︽ᠪᠠᠭᠠᠷᠢᠨ︾᠂ ᠭᠤᠷᠪᠠᠳᠤᠭᠠᠷ ᠬᠦᠤ ᠤᠪᠠᠨ ᠪᠢᠮᠦᠲᠦᠭᠰᠢᠨ ᠤ ᠪᠦᠯᠦᠭ ᠢᠶᠠᠨ ︽ᠬᠤᠩᠬᠢᠷᠠᠳ︾᠂ ᠲᠦᠷᠪᠡᠳᠦᠭᠡᠷ ᠬᠦᠤ ᠰᠤᠨᠢᠩᠳᠠᠶᠢᠴᠢᠨ ᠤ ᠪᠦᠯᠦᠭ ᠢ ︽ᠪᠠᠶᠠᠭᠤᠳ︾᠂ ᠲᠠᠪᠤᠳᠤᠭᠠᠷ ᠬᠦᠤ ᠱᠤᠬᠠᠭᠵᠤᠷᠢᠭᠳᠦ ᠶᠢᠨ ᠪᠦᠯᠦᠭ ᠢ ︽ᠦᠵᠢᠶᠡᠳ︾ ᠭᠡᠵᠠᠢ᠃ ᠠᠷᠪᠠᠨ ᠵᠢᠷᠭᠤᠳᠤᠭᠠᠷ ᠵᠠᠭᠤᠨ ᠤ ᠲᠤᠮᠳᠠᠴᠢ ᠬᠦᠷᠬᠦ ᠳᠤ᠂ ᠬᠤᠷᠠᠭᠴᠢ ᠬᠠᠰᠠᠷ ᠤᠨ ᠰᠦᠷ ᠬᠦᠴᠦᠨ ᠨᠢ ᠤᠯᠠᠮ ᠢᠶᠠᠷ ᠬᠦᠴᠦᠷᠬᠡᠭᠵᠢᠨ ᠪᠤᠵᠠᠭᠠᠶᠢᠷᠠᠵᠦ᠂ ᠮᠢᠩ ᠤᠨ ᠨᠤᠳᠤᠭ ᠲᠡᠪᠢᠰᠭᠡᠷ ᠢ ᠰᠢᠬᠠᠨ ᠰᠦᠷᠳᠡᠭᠦᠯᠵᠦ᠂ ᠮᠢᠩ ᠤᠨ ᠲᠦᠷᠦ ᠶᠢᠨ ᠵᠡᠭᠦᠨ ᠬᠢᠵᠠᠭᠠᠷ ᠲᠠᠬᠢ ᠡᠰᠡᠷᠭᠦᠴᠡᠵᠦ ᠲᠠᠶᠢᠯᠦᠰᠢ ᠦᠭᠡᠢ ᠬᠦᠴᠦᠷᠬᠡᠭ ᠡᠳᠡᠬᠡᠳ ᠨᠢ ᠪᠣᠯᠤᠭᠰᠠᠨ ᠪᠠᠶᠢᠪᠠ᠃    ᠬᠤᠷᠠᠭᠴᠢ ᠬᠠᠰᠠᠷ ᠤᠨ ᠬᠤᠶᠠᠳᠤᠭᠠᠷ ᠬᠦᠤ ᠰᠤᠪᠠᠭ᠋ᠠᠢ ᠪᠠᠭᠠᠷᠢᠨ ᠢ ᠵᠠᠬᠢᠷᠴᠤ᠂ ᠪᠠᠷᠠᠭᠤᠨ ᠯᠢᠶᠤᠤ ᠾᠧ ᠭᠤᠤᠯ ᠪᠤᠯᠤᠨ ᠯᠢᠶᠤᠤ ᠾᠧ ᠭᠤᠤᠯ ᠤᠨ ᠬᠤᠭᠤᠷᠤᠨᠳᠤᠬᠢ ᠲᠠᠶᠢᠨᠢᠩ ᠤᠨ ᠮᠠᠯᠵᠢᠯ ᠤᠨ ᠲᠠᠯᠠᠪᠠᠢ ᠶᠢ ᠡᠵᠡᠯᠡᠨ᠂ ᠮᠢᠩ ᠤᠨ ᠲᠦᠷᠦ ᠶᠢᠨ ᠬᠢᠯᠢ ᠶᠢᠨ ᠬᠡᠷᠡᠮ ᠠᠴᠠ ᠲᠡᠮᠡᠢ ᠬᠤᠯᠠ ᠦᠭᠡᠢ ᠪᠠᠶᠢᠵᠠᠢ᠃ ᠰᠤᠪᠠᠭ᠋ᠠᠢ ᠪᠤᠯ ᠦᠪᠦᠷ ᠬᠠᠯᠬ᠎ᠠ ᠲᠠᠪᠤᠨ ᠤᠳᠤᠭ ᠤᠨ ᠲᠦᠷᠦᠭᠦᠤ ᠨᠢ ᠶᠤᠮ᠃ ᠡᠶᠢᠮᠦ  ᠠᠴᠠ ᠲᠡᠭᠦᠨ ᠢ ᠪᠠᠰᠠ ᠲᠠᠷᠬᠠᠨ ᠸᠠᠩ ᠭᠡᠳᠡᠭ᠃ ᠲᠡᠤᠬᠡ ᠶᠢᠨ ᠮᠠᠲ᠋ᠧᠷᠢᠶᠠᠯ ᠳᠤ ᠰᠤᠪᠠᠭ᠋ᠠᠢ ᠶᠢ ᠪᠠᠰᠠ ᠲᠠᠶᠢᠨᠢᠩ ᠤᠨ ᠲᠠᠷᠤᠭ᠎ᠠ ᠭᠡᠳᠡᠭ᠃ ︽ᠸᠠᠨ ᠯᠢ ᠦ᠋ ᠭᠥᠩ ᠤᠨ ᠲᠡᠮᠳᠡᠭᠯᠡᠯ︾  ᠳᠤ᠄ ︽ᠪᠠᠭᠠᠷᠢᠨ ᠰᠤᠪᠠᠭ᠋ᠠᠢ ᠶᠢᠨ ᠬᠤᠶᠠᠳᠤᠭᠠᠷ ᠬᠦᠤ ᠪᠠᠭᠠᠳᠤᠷ ᠤᠨ ᠮᠠᠯᠵᠢᠯ ᠤᠨ ᠲᠠᠯᠠᠪᠠᠢ ᠨᠢ ᠯᠢᠶᠤᠤᠶᠠᠩ ᠠᠴᠠ ᠤᠮᠠᠷᠠᠰᠢ ᠪᠠᠶᠢᠳᠠᠭ︾ ᠭᠡᠵᠠᠢ᠃ ᠮᠤᠩᠭᠤᠯ ᠤᠨ ᠲᠦᠮᠡᠨ ᠬᠠᠭᠠᠨ ᠤ ᠦᠶ᠎ᠡ ᠳᠤ ᠦᠪᠦᠷ ᠬᠠᠯᠬ᠎ᠠ ᠨᠢ ᠲᠤᠶᠢᠯ ᠤᠨ ᠬᠦᠴᠦᠷᠬᠡᠭ ᠴᠢᠩᠭ᠎ᠠ ᠪᠠᠶᠢᠵᠠᠢ᠃ ᠪᠠᠭᠠᠷᠢᠨ ᠠᠶᠢᠮᠠᠭ ᠤᠨ ᠰᠤᠪᠠᠭ᠋ᠠᠢ ᠪᠤᠯ ᠬᠠᠭᠠᠨ ᠤ ᠤᠷᠳᠤᠨ ᠤ ᠲᠠᠪᠤᠨ ᠶᠡᠭᠡ ᠰᠠᠶᠢᠳ ᠤᠨ ᠬᠢᠨᠢ ᠨᠢᠭᠡ ᠨᠢ ᠪᠠᠶᠢᠭᠰᠠᠨ ᠪᠦᠭᠡᠳ ᠵᠠᠰᠠᠭ ᠵᠠᠬᠢᠷᠭᠠᠨ ᠤ ᠶᠠᠪᠤᠳᠠᠯ ᠢ ᠬᠠᠮᠢᠶᠠᠷᠤᠨ ᠰᠢᠢᠳᠪᠦᠷᠢᠯᠡᠵᠦ ᠪᠠᠶᠢᠪᠠ᠃ ᠲᠤᠬᠠᠢ ᠶᠢᠨ ᠦᠶ᠎ᠡ ᠳᠤ ᠦᠪᠦᠷ ᠬᠠᠯᠬ᠎ᠠ ᠲᠠᠪᠤᠨ ᠤᠳᠤᠭ ᠤᠨ ᠲᠤᠳᠤᠷ᠎ᠠ ᠰᠤᠪᠠᠭ᠋ᠠᠢ ᠶᠢᠨ ᠰᠦᠷ ᠬᠦᠴᠦᠨ ᠨᠦᠯᠦᠭᠡ ᠲᠤᠰᠬᠠᠯ ᠨᠢ  ᠪᠤᠰᠤᠳ ᠠᠴᠠ ᠬᠤᠯᠠ ᠲᠠᠪᠠᠵᠦ ᠪᠠᠶᠢᠪᠠ᠃ ᠡᠶᠢᠮᠦ  ᠠᠴᠠ ︽ᠸᠠᠨ ᠯᠢ ᠦ᠋ ᠭᠥᠩ ᠤᠨ ᠲᠡᠮᠳᠡᠭᠯᠡᠯ︾ ᠳᠤ᠄ ᠰᠤᠪᠠᠭ᠋ᠠᠢ ᠪᠤᠯ ᠡᠴᠢᠭᠡ ᠬᠤᠷᠠᠭᠴᠢ ᠬᠠᠰᠠᠷ ᠤᠨ ᠢᠶᠠᠨ ᠦᠶ᠎ᠡ ᠳᠤ ᠨᠢᠭᠡᠨᠳᠡ ᠭᠤᠪᠢ  ᠶᠢᠨ ᠠᠷᠤ ᠶᠢᠨ ᠮᠤᠩᠭᠤᠯ ᠤᠨ ᠤᠯᠤᠰ ᠲᠦᠷᠦ ᠶᠢᠨ ᠲᠠᠪᠴᠠᠩ ᠳᠤ ᠲᠠᠪᠰᠢᠨ ᠤᠷᠤᠵᠦ᠂ ᠡᠯ᠎ᠡ ᠲᠠᠯ᠎ᠠ ᠪᠠᠷ ᠡᠴᠢᠭᠡ  ᠠᠴᠠ ᠪᠠᠨ ᠬᠤᠯᠠ ᠲᠠᠪᠠᠭᠤᠯᠢᠭ ᠪᠤᠯᠵᠠᠢ ᠭᠡᠵᠦ ᠲᠠᠮᠳᠡᠭᠯᠡᠵᠦ ᠪᠠᠶᠢᠳᠠᠭ᠃    1570 ᠤᠨ ᠳᠤ᠂ ᠵᠠᠰᠠᠭᠳᠦ ᠲᠦᠮᠡᠨ ᠬᠠᠭᠠᠨ ᠤ ᠦᠶ᠎ᠡ ᠪᠠᠷ ᠮᠤᠩᠭᠤᠯ ᠤᠨ ᠪᠠᠷᠠᠭᠤᠨ ᠭᠠᠷᠤᠨ ᠭᠤᠷᠪᠠᠨ ᠲᠦᠮᠡᠨ ᠨᠢ ᠮᠢᠩ ᠤᠨ ᠲᠦᠷᠦ ᠲᠠᠢ ᠨᠠᠶᠢᠷᠰᠠᠭ ᠬᠠᠷᠢᠴᠠᠭ᠎ᠠ ᠪᠠᠶᠢᠭᠤᠯᠵᠦ᠂ ᠬᠡᠳᠦᠨ ᠠᠷᠪᠠᠨ ᠵᠢᠯ ᠤᠨ ᠦᠷᠢᠰᠦᠯᠳᠦᠭᠰᠡᠨ ᠪᠠᠶᠢᠳᠠᠯ ᠨᠢ ᠡᠴᠦᠰᠯᠠᠪᠠ᠃ ᠵᠠᠭᠦᠨ ᠭᠠᠷᠤᠨ ᠭᠤᠷᠪᠠᠨ ᠲᠦᠮᠡᠨ ᠤ ᠹᠧᠤᠳᠠᠯ ᠤᠨ ᠨᠤᠶᠠᠷᠬᠠᠭᠴᠢᠳ  ᠨᠢ ᠮᠢᠩ ᠤᠨ ᠲᠦᠷᠦ ᠲᠠᠢ ᠤᠷᠳᠦ ᠬᠤᠭᠤᠴᠠᠭᠠᠨ ᠤ ᠲᠠᠶᠢᠨ ᠪᠠᠶᠢᠯᠳᠤᠭᠠᠨ ᠬᠢᠭᠰᠡᠨ ᠠᠴᠠ ᠬᠠᠷᠢᠯᠴᠠᠨ ᠬᠠᠷᠢᠴᠠᠭ᠎ᠠ ᠬᠤᠯᠪᠤᠭ᠎ᠠ ᠪᠠᠶᠢᠭᠤᠯᠬᠤ ᠭᠡᠬᠦ ᠳᠤ ᠬᠡᠨ ᠠᠯᠢᠨ ᠳᠠᠭᠠᠨ ᠴᠦ ᠨᠠᠶᠢᠷ ᠲᠠᠯᠪᠢᠬᠤ ᠦᠭᠡᠢ ᠪᠠᠶᠢᠵᠦ ᠵᠦᠷᠢᠴᠡᠯ ᠮᠦᠷᠭᠦᠯᠳᠦᠭᠡᠨ ᠨᠢ ᠤᠯᠠᠮ ᠰᠢᠷᠦᠭᠦᠰᠪᠡ᠃ ᠮᠢᠩ ᠤᠨ ᠲᠦᠷᠦ ᠮᠤᠩᠭᠤᠯ ᠤᠨ ᠵᠠᠭᠦᠨ ᠭᠠᠷᠤᠨ ᠭᠤᠷᠪᠠᠨ ᠲᠦᠮᠡᠨ ᠢ ᠵᠡᠪᠰᠡᠭᠳᠦ ᠬᠦᠴᠦᠨ ᠢᠶᠠᠷ ᠲᠠᠷᠤᠩᠭᠤᠶᠢᠯᠠᠵᠦ᠂ ᠠᠷᠠᠳ ᠢᠷᠭᠡᠳ ᠲᠤ ᠲᠤᠶᠢᠯ ᠤᠨ ᠬᠦᠨᠳᠦ ᠬᠡᠴᠡᠭᠦᠦ ᠭᠠᠢ ᠭᠠᠮᠰᠢᠭ ᠤᠴᠠᠷᠠᠭᠤᠯᠤᠭᠰᠠᠨ ᠪᠠᠶᠢᠨ᠎ᠠ᠃ ᠡᠨᠠᠬᠦ ᠵᠠᠪᠰᠡᠭᠳᠦ ᠲᠠᠷᠤᠯᠠᠯ ᠤᠨ ᠡᠰᠡᠷᠭᠦ ᠮᠤᠩᠭᠤᠯ ᠤᠨ ᠵᠡᠭᠦᠨ ᠭᠠᠷᠤᠨ ᠭᠤᠷᠪᠠᠨ ᠲᠦᠮᠡᠨ  ᠤ ᠹᠧᠤᠳᠠᠯ ᠤᠨ ᠢᠵᠠᠭᠤᠷᠳᠠᠳ ᠬᠦᠴᠦᠲᠠᠢ ᠡᠰᠡᠷᠭᠦᠴᠡᠯ ᠶᠠᠪᠤᠭᠤᠯᠪᠠ᠃ ᠦᠪᠦᠷ ᠬᠠᠯᠬ᠎ᠠ ᠶᠢᠨ ᠲᠠᠪᠤᠨ ᠤᠳᠤᠭ ᠨᠢ ᠲᠠᠶᠢᠨᠢᠩ᠂  ᠫᠦ᠋ ᠴᠢᠤᠸᠠᠨ ᠤᠢ ᠶᠢᠨ ᠭᠠᠵᠠᠷ ᠢ ᠡᠵᠡᠯᠡᠭᠡᠳ ᠲᠠᠮᠡᠢ ᠤᠳᠠᠭᠰᠠᠨ ᠦᠭᠡᠢ ᠮᠢᠩ ᠤᠨ ᠲᠠᠶᠢᠨᠢᠩ ᠤᠨ ᠬᠠᠮᠠᠭᠠᠯᠠᠭᠴᠢ ᠭᠦᠸᠧ ᠯᠢ ᠭᠦ᠋ ︵果力固︶ ᠰᠤᠪᠠᠭ᠋ᠠᠢ ᠳᠤ ᠤᠷᠤᠵᠦ ᠦᠭᠪᠡ᠃ ᠭᠦᠸᠧ ᠯᠢ ᠭᠦ᠋ ᠮᠢᠩ ᠤᠨ ᠲᠦᠷᠦ ᠶᠢᠨ ᠬᠢᠯᠢ ᠬᠢᠵᠠᠭᠠᠷ ᠲᠠᠬᠢ ᠴᠡᠷᠢᠭ ᠤᠨ ᠬᠦᠴᠦᠨ ᠤ ᠪᠠᠶᠢᠳᠠᠯ ᠲᠤᠷᠤᠢ ᠪᠠᠭᠤᠷᠠᠢ ᠶᠢ ᠰᠠᠶᠢᠨ ᠮᠡᠳᠡᠳᠡᠭ ᠤᠴᠢᠷ ᠠᠴᠠ ᠰᠤᠪᠠᠭ᠋ᠠᠢ ᠲᠡᠭᠦᠨ ᠢ ᠬᠦᠨᠳᠦ ᠪᠠᠷ ᠬᠡᠷᠡᠭᠯᠡᠵᠦ᠂ ᠮᠢᠩ ᠤᠨ ᠲᠦᠷᠦ ᠶᠢᠨ ᠤᠯᠠᠨ ᠨᠢᠭᠤᠴᠠ  ᠶᠢ ᠨᠢ ᠤᠯᠵᠦ ᠮᠠᠳᠡᠨ ᠬᠦᠴᠦᠳᠠᠢ ᠴᠤᠬᠢᠯᠳᠠ ᠦᠭᠭᠦᠭᠰᠡᠨ ᠪᠠᠶᠢᠨ᠎ᠠ᠃ ᠰᠡᠭᠦᠯᠡᠷ ᠨᠢ ᠮᠢᠩ ᠤᠯᠤᠰ ᠤᠨ ᠴᠡᠷᠢᠭ ᠤᠨ ᠲᠦᠷᠦᠭᠦᠤ ᠬᠤᠸᠠᠩ ᠶᠥᠩ(黄勇)ᠴᠦ ᠰᠤᠪᠠᠭ᠋ᠠᠢ ᠳᠤ ᠤᠷᠤᠵᠦ ᠦᠭᠪᠡ᠃ ᠰᠤᠪᠠᠭ᠋ᠠᠢ ᠬᠤᠸᠠᠩ ᠶᠥᠩ  ᠢᠶᠠᠷ ᠵᠢᠯᠤᠭᠤᠳᠤᠯᠵᠦ᠂ ᠮᠢᠩ ᠤᠨ ᠯᠢᠶᠤᠤᠳᠦ᠋ᠩ ᠤᠨ ᠭᠤᠸᠠᠩ ᠨᠢᠩ᠂ ᠢᠵᠧᠤ᠂ ᠵᠢᠨᠵᠧᠤ᠂ ᠱᠧᠨᠶᠠᠩ᠂ ᠯᠢᠶᠤᠤᠶᠠᠩ ᠵᠡᠷᠭᠡ ᠭᠠᠵᠠᠷ ᠢᠶᠠᠷ ᠵᠢᠯ ᠲᠠᠷᠠᠭᠠᠨ ᠲᠠᠭᠠᠷᠢᠯᠳᠠ ᠶᠠᠪᠤᠭᠤᠯᠪᠠ᠃ ᠰᠤᠪᠠᠭ᠋ᠠᠢ ᠪᠠᠷ ᠲᠦᠷᠦᠭᠦᠯᠦᠭᠰᠡᠨ ᠮᠤᠩᠭᠤᠯ ᠤᠨ ᠵᠡᠭᠦᠨ ᠭᠠᠷᠤᠨ ᠲᠦᠮᠡᠨ ᠨᠢ 1568 ᠤᠨ ᠠᠴᠠ 1582 ᠪᠤᠯᠳᠠᠯ᠎ᠠ ᠮᠢᠩ ᠤᠨ ᠲᠦᠷᠦ ᠦᠭᠡᠳᠡ ᠠᠷᠪᠠᠨ ᠲᠠᠪᠤᠨ ᠵᠢᠯ ᠤᠨ ᠲᠠᠭᠠᠷᠢᠯᠳᠠ ᠶᠠᠪᠤᠭᠤᠯᠪᠠ᠃ 1582 ᠤᠨ ᠳᠤ ᠰᠤᠪᠠᠭ᠋ᠠᠢ ᠯᠢ ᠴᠧᠩ ᠯᠢᠶᠠᠩ ᠤᠨ ᠪᠦᠯᠦᠭ ᠲᠠᠢ ᠲᠤᠯᠤᠯᠳᠤᠬᠤ ᠶᠠᠪᠤᠴᠠ ᠳᠤ ᠮᠢᠩ ᠤᠨ ᠴᠡᠷᠢᠭ ᠲᠤ ᠠᠯᠠᠭᠳᠠᠵᠠᠢ᠃ ᠰᠤᠪᠠᠭ᠋ᠠᠢ ᠶᠢᠨ ᠵᠠᠯᠭᠠᠮᠵᠢᠯᠠᠭᠴᠢ  ᠨᠢ ᠮᠦᠨ ᠮᠢᠩ ᠤᠨ ᠲᠦᠷᠦ ᠲᠠᠢ ᠬᠤᠷᠴᠠ ᠰᠢᠷᠦᠭᠦᠨ ᠲᠠᠮᠡᠴᠡᠯᠳᠦᠭᠡᠨ ᠶᠠᠪᠤᠭᠤᠯᠵᠦ ᠪᠠᠶᠢᠯ᠎ᠠ᠃ ᠰᠤᠪᠠᠭ᠋ᠠᠢ ᠠᠴᠠ ᠲᠠᠯᠠᠢ ᠲᠠᠶᠢᠴᠢᠨ᠂ ᠪᠠᠭ᠎ᠠ ᠪᠠᠭᠠᠳᠤᠷ ᠬᠡᠭᠦ ᠬᠤᠶᠠᠷ ᠬᠦᠤ ᠲᠠᠢ᠂ ᠲᠠᠯᠠᠢ ᠲᠠᠶᠢᠴᠢᠨ ᠠᠴᠠ ᠦᠪᠦᠳᠠᠢ᠂  ᠰᠡᠳᠡᠷ᠂  ᠬᠤᠳᠤᠭᠤᠷ ᠠᠩᠬ᠎ᠠ᠂  ᠪᠦᠬᠦᠳᠡᠷ ᠬᠡᠭᠦ ᠲᠦᠷᠪᠡᠨ ᠬᠦᠤ   ᠲᠠᠢ᠃ᠦᠪᠦᠷ ᠬᠠᠯᠬ᠎ᠠ ᠪᠤᠯᠤᠨ ᠵᠡᠭᠦᠨ ᠮᠤᠩᠭᠤᠯ ᠮᠢᠩ ᠤᠨ ᠲᠦᠷᠦ ᠲᠠᠢ ᠤᠷᠳᠦ ᠬᠤᠭᠤᠴᠠᠭ᠎ᠠ ᠪᠠᠷ ᠲᠠᠶᠢᠨ ᠲᠤᠯᠤᠯᠳᠤᠭᠠᠨ ᠪᠤᠯᠵᠦ ᠪᠠᠶᠢᠬᠤ ᠳᠤ᠂ ᠵᠦᠷᠴᠢᠨ ᠤ ᠨᠤᠷᠬᠠᠴᠢ ᠵᠠᠪᠰᠢᠶᠠᠨ ᠤᠯᠵᠦ ᠬᠦᠴᠦᠷᠬᠡᠭᠵᠢᠨ ᠭᠠᠷᠴᠦ᠂ ᠬᠤᠶᠢᠳᠦ ᠠᠯᠳᠠᠨ ᠤᠯᠤᠰ ᠢ ᠪᠠᠶᠢᠭᠤᠯᠪᠠ᠃ ᠯᠢᠭᠳᠡᠨ ᠬᠠᠭᠠᠨ ᠪᠦᠬᠦ ᠮᠤᠩᠭᠤᠯ ᠢ ᠨᠢᠭᠡᠳᠬᠡᠬᠦ ᠶᠢᠨ ᠲᠦᠯᠦᠬᠡ ᠬᠤᠶᠢᠳᠦ ᠠᠯᠳᠠᠨ ᠤᠯᠤᠰ  ᠲᠠᠢ ᠬᠠᠷᠢᠴᠠᠭ᠎ᠠ ᠬᠤᠯᠪᠤᠭ᠎ᠠ ᠪᠠᠶᠢᠭᠤᠯᠤᠭᠰᠠᠨ ᠬᠠᠯᠬ᠎ᠠ ᠪᠠ ᠬᠤᠷᠴᠢᠨ ᠵᠡᠷᠭᠡ ᠵᠡᠭᠦᠨ ᠭᠡᠰᠡᠭ ᠤᠨ ᠮᠤᠩᠭᠤᠯ ᠤᠷᠤᠨ  ᠢ ᠵᠡᠪᠰᠡᠭ ᠢᠶᠠᠷ ᠲᠠᠷᠤᠩᠭᠤᠶᠢᠯᠠᠭᠰᠠᠨ ᠳᠤ ᠵᠡᠭᠦᠨ ᠮᠤᠩᠭᠤᠯ ᠨᠢ ᠭᠡᠳᠡᠷᠭᠦ ᠳᠡᠭᠡᠨ ᠬᠤᠶᠢᠳᠦ ᠠᠯᠳᠠᠨ ᠤᠯᠤᠰ ᠲᠤ ᠤᠷᠤᠵᠦ ᠦᠭᠪᠠ᠃ ᠲᠤᠮᠳᠠᠳᠤ ᠤᠷᠤᠨ ᠳᠤ ᠤᠷᠤᠵᠦ᠂ ᠮᠢᠩ ᠤᠨ ᠲᠦᠷᠦ ᠶᠢᠨ ᠡᠷᠬᠡ ᠶᠢ ᠪᠣᠯᠢᠶᠠᠵᠤ ᠠᠪᠬᠤ ᠭᠡᠪᠡᠯ ᠡᠷᠬᠡᠪᠰᠢ ᠭᠤᠪᠢ ᠶᠢᠨ ᠡᠮᠦᠨᠡᠬᠢ ᠮᠤᠩᠭᠤᠯᠴᠤᠳ ᠢ ᠡᠷᠬᠡᠰᠢᠶᠡᠯ ᠳᠡᠭᠡᠨ ᠤᠷᠤᠭᠤᠯᠤᠨ ᠠᠪᠬᠤ ᠬᠡᠷᠡᠭᠳᠡᠢ ᠭᠡᠳᠡᠭ ᠢ ᠮᠡᠳᠡᠬᠦ ᠤᠴᠢᠷ ᠠᠴᠠ ᠨᠣᠷᠬᠠᠴᠢ ᠮᠤᠩᠭᠤᠯ ᠤᠨ ᠡᠯ᠎ᠡ ᠠᠶᠢᠮᠠᠭ ᠪᠦᠯᠦᠭ ᠤᠨ ᠬᠤᠭᠤᠷᠤᠨᠳᠦᠬᠢ ᠵᠦᠷᠢᠴᠡᠯ ᠮᠦᠷᠭᠦᠯᠳᠦᠭᠡᠨ ᠢ ᠠᠰᠢᠭᠯᠠᠵᠤ᠂ ᠦᠷᠭᠡᠨ ᠤᠯᠠᠨ ᠲᠦᠮᠡᠨ ᠤ ᠡᠩᠬᠡ ᠲᠠᠶᠢᠪᠤᠩ ᠢ ᠬᠦᠰᠡᠮᠵᠢᠯᠡᠵᠦ ᠪᠠᠶᠢᠬᠤ ᠰᠠᠨᠠᠭᠠᠨ  ᠳᠤ ᠵᠣᠬᠢᠴᠠᠭᠤᠯᠤᠨ᠂ ᠵᠡᠭᠦᠨ ᠤᠷᠤᠨ ᠤ ᠮᠤᠩᠭᠤᠯᠴᠤᠳ ᠢ ᠪᠠᠶᠢᠯᠳᠤᠨ ᠲᠠᠶᠢᠯᠠᠬᠤ ᠪᠠ ᠠᠷᠭᠠᠳᠠᠨ ᠲᠠᠲᠠᠬᠤ ᠵᠡᠷᠬᠡ ᠠᠷᠭ᠎ᠠ ᠪᠠᠷ ᠤᠷᠤᠭᠤᠯᠤᠨ ᠠᠪᠤᠭᠠᠳ ᠴᠡᠷᠢᠭ ᠤᠨ ᠬᠦᠴᠦᠨ ᠢᠶᠠᠨ ᠤᠯᠠᠮ ᠴᠢᠩᠭᠠᠳᠬᠠᠪᠠ᠃    1619 ᠤᠨ ᠳᠤ ᠦᠪᠦᠳᠠᠢ ᠨᠤᠶᠠᠨ ᠬᠠᠯᠬ᠎ᠠ ᠶᠢᠨ ᠪᠤᠰᠤᠳ ᠨᠤᠶᠠᠳ ᠤᠨ ᠬᠠᠮᠳᠦ ᠬᠤᠶᠢᠳᠦ ᠠᠯᠳᠠᠨ ᠤᠯᠤᠰ  ᠤᠨ ᠬᠠᠭᠠᠨ ᠨᠤᠷᠬᠠᠴᠢ ᠳᠤ ᠡᠯᠴᠢ ᠶᠠᠪᠤᠭᠤᠯᠵᠦ᠂ ᠨᠠᠶᠢᠷ ᠲᠠᠢ ᠶᠠᠪᠤᠯᠴᠠᠬᠤ ᠶᠢ ᠬᠦᠰᠡᠪᠡ᠃    1626 ᠤᠨ ︵ᠮᠢᠩ ᠤᠨ ᠴᠦᠩ ᠵᠧᠨ ᠤ ᠲᠡᠷᠢᠭᠦᠨ ᠤᠨ᠂ ᠬᠤᠶᠢᠳᠦ ᠠᠯᠳᠠᠨ ᠤᠯᠤᠰ ᠤᠨ ᠲᠡᠭᠷᠢ ᠶᠢᠨ ᠪᠤᠱᠤᠭᠳᠦ ᠶᠢᠨ ᠬᠤᠶᠠᠳᠤᠭᠠᠷ ᠤᠨ︶ ᠳᠤ ᠬᠤᠶᠢᠳᠦ ᠠᠯᠳᠠᠨ ᠤᠯᠤᠰ ᠤᠨ ᠬᠠᠭᠠᠨ ᠨᠤᠷᠬᠠᠴᠢ ᠵᠠᠷᠤᠳ ᠠᠶᠢᠮᠠᠭ ᠢ ᠲᠠᠶᠢᠯᠠᠬᠤ ᠦᠶ᠎ᠡ  ᠳᠤ ᠦᠪᠦᠳᠠᠢ ᠨᠤᠶᠠᠨ ᠵᠠᠷᠯᠢᠭ ᠢᠶᠠᠷ ᠦᠪᠡᠷ ᠤᠨ ᠬᠠᠷᠢᠶᠠᠳᠦ ᠴᠡᠷᠢᠭ ᠢᠶᠠᠨ ᠲᠠᠶᠢᠴᠢᠯᠠᠨ ᠮᠤᠷᠳᠠᠵᠦ᠂ ᠵᠠᠷᠤᠳ ᠠᠶᠢᠮᠠᠭ ᠤᠨ ᠬᠢᠵᠠᠭᠠᠷ ᠲᠤ ᠬᠦᠯ ᠬᠢᠰᠬᠢᠨ ᠰᠦᠷ ᠪᠠᠳᠠᠷᠠᠭᠤᠯᠤᠨ ᠠᠶᠤᠯᠭᠠᠭᠠᠳ ᠭᠡᠳᠡᠷᠭᠦ ᠪᠤᠴᠠᠪᠠ᠃ ᠲᠡᠷᠡ ᠦᠶ᠎ᠡ  ᠳᠤ ᠴᠠᠬᠠᠷ ᠤᠨ ᠯᠢᠭᠳᠡᠨ ᠬᠤᠳᠤᠭᠳᠦ ᠬᠠᠭᠠᠨ ᠲᠡᠭᠦᠨ ᠤ ᠠᠶᠢᠮᠠᠭ ᠢ ᠰᠦᠷᠳᠡᠭᠦᠯᠦᠭᠰᠡᠨ ᠳᠤ᠂ ᠦᠪᠦᠳᠠᠢ ᠨᠤᠶᠠᠨ ᠬᠠᠷᠢᠶᠠᠳᠦ ᠠᠶᠢᠮᠠᠭ ᠢᠶᠠᠨ ᠲᠠᠭᠠᠭᠤᠯᠤᠨ ᠬᠤᠷᠴᠢᠨ ᠨᠤᠳᠤᠭ ᠲᠤ ᠵᠠᠶᠢᠯᠠᠨ ᠶᠠᠪᠤᠪᠠ᠃ 1628 ᠤᠨ ᠳᠤ ᠲᠠᠯᠠᠢ ᠲᠠᠶᠢᠴᠢᠨ ᠤ ᠬᠦᠤ ᠪᠠᠭᠠᠷᠢᠨ ᠠᠶᠢᠮᠠᠭ ᠤᠨ ᠠᠬᠠᠯᠠᠭᠴᠢ ᠰᠡᠳᠡᠷ᠂ ᠬᠤᠳᠤᠭᠤᠷ ᠠᠩᠬ᠎ᠠ ᠶᠢᠨ ᠬᠦᠤ ᠮᠠᠨᠽᠤᠰᠢᠷᠢ᠂ ᠦᠪᠦᠳᠠᠢ ᠶᠢᠨ ᠬᠦᠤ ᠰᠠᠷᠠᠩ ᠨᠠᠷ ᠬᠤᠷᠴᠢᠨ ᠤ ᠨᠤᠳᠤᠭ ᠠᠴᠠ ᠰᠠᠯᠵᠤ ᠮᠠᠨᠵᠦ ᠶᠢ ᠲᠠᠭᠠᠬᠤ ᠪᠠᠷ ᠤᠴᠢᠨ ᠬᠤᠶᠢᠳᠦ ᠠᠯᠳᠠᠨ ᠤᠯᠤᠰ ᠲᠤ ᠤᠷᠤᠵᠦ ᠦᠭᠪᠡ᠃ ᠡᠭᠦᠨ ᠠᠴᠠ ᠰᠡᠭᠦᠯᠡᠷ ᠲᠡᠳᠡ ᠬᠤᠩ ᠲᠠᠶᠢᠵᠢ ᠶᠢᠨ ᠵᠠᠷᠯᠢᠭ ᠢᠶᠠᠷ ᠮᠠᠨᠵᠦ  ᠶᠢᠨ ᠨᠠᠢᠮᠠᠨ ᠬᠤᠰᠢᠭᠤᠨ ᠤ ᠴᠡᠷᠢᠭ ᠢ ᠲᠠᠭᠠᠵᠦ᠂ ᠮᠢᠩ ᠤᠯᠤᠰ ᠤᠨ ᠦᠷᠦᠭᠡᠰᠦᠨ ᠴᠢᠯᠠᠭᠤᠳᠦ ᠬᠠᠭᠠᠯᠭ᠎ᠠ ᠪᠠᠷ ᠤᠷᠤᠵᠦ᠂ ᠪᠤᠤ ᠠᠨ ᠵᠧᠤ ᠶᠢ ᠠᠪᠴᠦ᠂  ᠢᠩ ᠵᠧᠤ ᠳᠤ ᠬᠦᠷᠦᠭᠡᠳ ᠪᠠᠰᠠ ᠭᠤᠷᠪᠠᠨ ᠬᠤᠷᠢᠶ᠎ᠠ ᠶᠢ ᠡᠵᠡᠯᠡᠭᠰᠡᠨ  ᠠᠴᠠ ᠬᠤᠶᠠᠭ ᠲᠤᠭᠤᠯᠠᠭ᠎ᠠ᠂ ᠨᠤᠮᠤ ᠰᠤᠮᠤ᠂ ᠢᠯᠳᠦ᠂ ᠮᠦᠩᠬᠦ ᠲᠤᠷᠭ᠎ᠠ ᠪᠠᠷ ᠱᠠᠩᠨᠠᠭᠳᠠᠪᠠ᠃ ᠬᠤᠩ ᠲᠠᠶᠢᠵᠢ ᠰᠤᠯᠤᠩᠭᠤᠰ ᠲᠤ ᠡᠯᠴᠢ ᠲᠣᠮᠢᠯᠠᠵᠤ ᠤᠬᠠᠭᠤᠯᠬᠤ ᠦᠶ᠎ᠡ ᠳᠤ ᠮᠠᠨᠽᠤᠰᠢᠷᠢ ᠮᠦᠨ ᠲᠤᠤᠷᠠᠬᠢ ᠲᠦᠰᠢᠮᠡᠯ ᠢᠶᠠᠨ ᠶᠠᠪᠤᠭᠤᠯᠪᠠ᠃ ᠬᠤᠵᠢᠮ ᠨᠢ ᠶᠡᠭᠡ ᠴᠡᠷᠢᠭ ᠬᠠᠯᠬ᠎ᠠ ᠶᠢᠨ ᠵᠠᠰᠠᠭᠳᠦ ᠬᠠᠭᠠᠨ ᠢ ᠲᠠᠶᠢᠯᠠᠬᠤ᠂ ᠮᠢᠩ ᠤᠯᠤᠰ ᠤᠨ ᠯᠢᠶᠠᠨᠱᠠᠨ ᠠᠭᠤᠯᠠ ᠶᠢ ᠲᠠᠶᠢᠯᠠᠬᠤ ᠳᠤ ᠰᠠᠪᠳᠠᠨ ᠮᠠᠨᠽᠤᠰᠢᠷᠢ ᠨᠠᠷ ᠬᠠᠷᠢᠶᠠᠳᠦ ᠴᠡᠷᠢᠭ ᠢᠶᠠᠨ ᠲᠠᠶᠢᠴᠢᠯᠠᠨ ᠭᠠᠪᠰᠢᠭᠠᠶᠢᠯᠠᠨ ᠤᠷᠤᠯᠴᠠᠵᠦ ᠪᠠᠶᠢᠭᠰᠠᠨ ᠶᠤᠮ᠃      1634 ᠤᠨ ᠤ 10 ᠰᠠᠷ᠎ᠠ ᠳᠤ᠂ ᠬᠤᠩ ᠲᠠᠶᠢᠵᠢ ᠠᠰᠢᠳᠠᠷᠬᠠᠨ ᠪᠤᠯᠤᠨ ᠲᠢᠶᠠᠴᠢ ᠶᠢ ᠲᠤᠮᠢᠯᠠᠨ ᠭᠠᠳᠠᠭᠠᠳᠦ ᠮᠤᠩᠭᠤᠯ ᠤᠨ ᠤᠯᠠᠨ ᠨᠤᠶᠠᠳ ᠢ ᠱᠤᠩᠬᠤᠷ ᠭᠡᠳᠡᠭ ᠭᠠᠵᠠᠷ ᠴᠤᠭᠯᠠᠭᠤᠯᠵᠦ ᠪᠡᠯᠴᠢᠭᠡᠷ ᠨᠤᠳᠤᠭ ᠬᠤᠪᠢᠶᠠᠨ᠂ ᠡᠯ᠎ᠡ ᠠᠶᠢᠮᠠᠭ ᠪᠦᠯᠦᠭ ᠤᠨ ᠵᠠᠭᠠᠭ ᠱᠤᠭᠤᠮ ᠢ ᠲᠤᠳᠤᠷᠬᠠᠶᠢᠯᠠᠵᠦ ᠦᠭᠪᠡ᠃ ᠡᠭᠦᠨ ᠠᠴᠠ ᠡᠬᠢᠯᠡᠭᠡᠳ ᠪᠠᠭᠠᠷᠢᠨ ᠠᠶᠢᠮᠠᠭ  ᠨᠢ ᠡᠨᠡᠬᠦ ᠨᠤᠳᠤᠭ ᠲᠤ ᠨᠤᠳᠤᠭᠰᠢᠨ ᠰᠠᠭᠤᠪᠠ᠃ 1648 ᠤᠨ ︵ᠡᠶᠡᠪᠡᠷ ᠵᠠᠰᠠᠭᠴᠢ ᠶᠢᠨ ᠲᠠᠪᠤᠳᠤᠭᠠᠷ ᠤᠨ︶  ᠳᠤ᠂ ᠮᠠᠨᠵᠦ ᠶᠢᠨ ᠨᠠᠢᠮᠠᠨ ᠬᠤᠰᠢᠭᠤᠨ ᠤ ᠲᠦᠷᠢᠮ ᠢ ᠬᠡᠷᠡᠭᠵᠢᠭᠦᠯᠵᠦ᠂ ᠪᠠᠭᠠᠷᠢᠨ ᠢ ᠵᠡᠭᠦᠨ ᠪᠠᠷᠠᠭᠤᠨ ᠬᠤᠶᠠᠷ ᠭᠠᠷᠤᠨ ᠬᠤᠰᠢᠭᠤ ᠪᠤᠯᠭᠠᠨ ᠬᠤᠪᠢᠶᠠᠪᠠ᠃ ᠰᠡᠪᠳᠡᠨ ᠢ ᠵᠠᠰᠠᠭ ᠲᠤᠰᠠᠯᠠᠭᠴᠢ ᠭᠦᠩ ᠪᠤᠯᠭᠠᠵᠦ ᠪᠠᠭᠠᠷᠢᠨ ᠪᠠᠷᠠᠭᠤᠨ ᠭᠠᠷᠤᠨ ᠬᠤᠰᠢᠭᠤ ᠶᠢ ᠬᠠᠮᠢᠶᠠᠷᠤᠭᠤᠯᠤᠨ᠂ ᠸᠠᠩ ᠤᠨ ᠬᠤᠰᠢᠭᠤ ᠭᠡᠵᠠᠢ᠃ ᠮᠠᠨᠽᠤᠰᠢᠷᠢ ᠶᠢ ᠪᠠᠶᠢᠰᠠ ᠡᠷᠭᠦᠮᠵᠢᠯᠡᠨ᠂ ᠦᠶ᠎ᠡ ᠤᠯᠠᠷᠢᠨ ᠵᠠᠯᠭᠠᠮᠵᠢᠯᠠᠬᠤ ᠪᠣᠯᠭᠠᠵᠤ᠂ ᠪᠠᠭᠠᠷᠢᠨ ᠵᠡᠭᠦᠨ ᠭᠠᠷᠤᠨ ᠬᠤᠰᠢᠭᠤ ᠶᠢ  ᠬᠠᠮᠢᠶᠠᠷᠤᠭᠤᠯᠤᠨ᠂ ᠪᠠᠶᠢᠰᠠ  ᠶᠢᠨ ᠬᠤᠰᠢᠭᠤ ᠭᠡᠵᠠᠢ᠃ ᠡᠨᠡ ᠪᠤᠯ ᠲᠠᠷᠤᠢ ᠪᠠᠭᠠᠷᠢᠨ ᠵᠡᠭᠦᠨ ᠭᠠᠷᠤᠨ ᠬᠤᠰᠢᠭᠤᠨ ᠤ ᠡᠬᠢᠯᠡᠯ ᠮᠦᠨ᠃ ᠢᠷᠭᠡᠨ ᠤᠯᠤᠰ ᠤᠨ ᠦᠶ᠎ᠡ ᠳᠤ᠂ ᠴᠢᠩ ᠤᠨ ᠲᠦᠷᠦ ᠮᠦᠬᠦᠵᠦ᠂ ᠭᠤᠪᠢ ᠶᠢᠨ ᠡᠮᠦᠨᠡᠬᠢ ᠮᠤᠩᠭᠤᠯ ᠠᠶᠢᠮᠠᠭ ᠤᠨ ᠸᠠᠩ ᠭᠥᠩ ᠨᠠᠷ ᠭᠠᠷᠬᠤ ᠵᠠᠮ ᠢᠶᠠᠨ ᠤᠯᠬᠤ ᠦᠭᠡᠢ ᠪᠠᠶᠢᠬᠤ ᠦᠶ᠎ᠡ ᠳᠤ᠂ ᠠᠷᠤ ᠮᠤᠩᠭᠤᠯ ᠤᠨ ᠵᠢᠪᠰᠦᠨᠳᠠᠮᠪᠠ ᠬᠤᠳᠤᠭᠳᠦ ᠤᠷᠤᠰ ᠤᠨ ᠦᠳᠦᠭᠡᠯᠭᠡ ᠲᠤᠤᠷ᠎ᠠ ᠶᠡᠭᠡ ᠮᠤᠩᠭᠤᠯ ᠤᠯᠤᠰ ᠪᠠᠶᠢᠭᠤᠯᠤᠨ᠎ᠠ ᠭᠡᠵᠦ ᠲᠦᠰᠢᠮᠡᠯ ᠲᠤᠮᠢᠯᠠᠨ ᠦᠪᠦᠷ ᠮᠤᠩᠭᠤᠯ ᠤᠨ ᠡᠯ᠎ᠡ ᠭᠠᠵᠠᠷ ᠢᠶᠠᠷ ᠬᠦᠳᠡᠯᠭᠡᠨ ᠬᠢᠵᠦ᠂ ᠮᠤᠩᠭᠤᠯ ᠸᠠᠩ ᠭᠥᠩ ᠨᠠᠷ ᠢ ᠤᠷᠤᠭᠤᠯᠤᠨ ᠠᠪᠬᠤ  ᠪᠠᠷ ᠤᠷᠤᠯᠳᠤᠪᠠ᠃ ᠡᠨᠡ ᠦᠶ᠎ᠡ ᠳᠤ ᠪᠠᠭᠠᠷᠢᠨ ᠵᠡᠭᠦᠨ ᠭᠠᠷᠤᠨ ᠬᠤᠰᠢᠭᠤᠨ ᠤ ᠵᠠᠰᠠᠭ ᠪᠠᠶᠢᠰᠠ ᠡᠩᠸᠠᠩᠶᠧᠰᠢᠰᠧᠳᠡᠨᠨᠠᠮᠵᠢᠯᠸᠠᠩᠪᠤ ᠵᠤᠤ ᠤᠳᠠ ᠶᠢᠨ ᠡᠯ᠎ᠠ ᠬᠤᠰᠢᠭᠤ ᠶᠢᠨ ᠵᠠᠰᠠᠭ ᠸᠠᠩ ᠭᠥᠩ ᠤᠨ ᠬᠠᠮᠳᠦ ︽ᠪᠦᠭᠦᠳᠠ ᠨᠠᠶᠢᠷᠠᠮᠳᠠᠬᠤ︾ ᠶᠢ ᠬᠦᠷᠢᠶᠡᠯᠡᠵᠦ ᠭᠠᠳᠠᠭᠠᠳᠦ ᠶᠢᠨ ᠦᠳᠦᠭᠡᠯᠭᠡ ᠲᠠᠳᠠᠯᠭ᠎ᠠ ᠶᠢ ᠡᠰᠡ ᠬᠦᠯᠢᠶᠡᠪᠡ᠃ ᠰᠡᠭᠦᠯᠡᠷ ᠨᠢ ᠡᠩᠸᠠᠩᠶᠧᠰᠢᠰᠧᠳᠡᠨᠨᠠᠮᠵᠢᠯᠸᠠᠩᠪᠤ ᠵᠤᠤ ᠤᠳᠠ ᠠᠶᠢᠮᠠᠭ ᠤᠨ ᠲᠡᠳ᠋ ᠠᠶᠢᠮᠠᠭ ᠤᠨ ᠲᠠᠷᠤᠭ᠎ᠠ ᠪᠤᠯᠪᠠ᠃ ᠢᠷᠭᠡᠨ ᠤᠯᠤᠰ ᠤᠨ ᠡᠬᠢᠨ ᠤ ᠦᠶ᠎ᠡ ᠳᠤ ᠡᠯ᠎ᠡ ᠬᠤᠰᠢᠭᠤ ᠨᠢ ᠭᠠᠳᠠᠭᠠᠳᠦ ᠶᠢᠨ ᠦᠳᠦᠭᠡᠯᠭᠡ ᠬᠠᠭᠠᠴᠠᠭᠤᠯᠭ᠎ᠠ ᠳᠤ ᠤᠷᠤᠯᠴᠠᠭᠰᠠᠨ ᠦᠭᠡᠢ ᠲᠤᠯᠠ ᠨᠠᠶᠢᠭᠡᠮ ᠤᠨ ᠪᠠᠶᠢᠳᠠᠯ᠂ ᠠᠷᠠᠳ ᠤᠨ ᠠᠮᠢᠳᠤᠷᠠᠯ ᠦᠨᠳᠦᠰᠦᠨ ᠳᠡᠭᠡᠨ ᠠᠮᠤᠷ ᠲᠤᠭᠳᠠᠭᠤᠨ ᠪᠠᠶᠢᠭᠰᠠᠨ ᠶᠤᠮ᠃    1914 ᠤᠨ ᠤ ᠦᠶ᠎ᠡ ᠪᠠᠷ᠂ ᠪᠠᠭᠠᠷᠢᠨ ᠵᠡᠭᠦᠨ ᠭᠠᠷᠤᠨ ᠬᠤᠰᠢᠭᠤ ᠨᠢ ᠿᠾᠧ ᠾᠧ ᠶᠢᠨ ᠲᠤᠰᠬᠠᠢ ᠤᠷᠤᠨ ᠪᠣᠯᠬᠤ ᠵᠤᠤ ᠤᠳᠠ ᠠᠶᠢᠮᠠᠭ ᠲᠤ ᠬᠠᠷᠢᠶᠠᠯᠠᠭᠳᠠᠵᠦ ᠪᠠᠶᠢᠪᠠ᠃ 1923 ᠤᠨ ᠠᠴᠠ ᠪᠠᠭᠠᠷᠢᠨ ᠵᠡᠭᠦᠨ ᠭᠠᠷᠤᠨ ᠬᠤᠰᠢᠭᠤ ᠨᠢ ᠠᠳᠠᠷ ᠬᠠᠭᠠᠯᠪᠤᠷᠢᠯᠠᠵᠦ ᠡᠬᠢᠯᠡᠵᠠᠢ᠃ 1925 ᠤᠨ ᠳᠤ ᠲᠣᠰ ᠬᠤᠰᠢᠭᠤᠨ ᠤ ᠬᠠᠶᠢᠷ᠎ᠠ ᠶᠢᠨ ᠪᠠᠶᠢᠰᠠ ᠶᠢᠨ ᠰᠦᠮ᠎ᠡ ᠳᠤ ︽ᠿᠾᠧ ᠾᠧ ᠶᠢᠨ ᠠᠳᠠᠷ ᠬᠠᠭᠠᠯᠪᠦᠷᠢᠯᠠᠬᠤ ᠶᠡᠷᠦᠩᠬᠡᠢ ᠲᠤᠪᠴᠢᠶ᠎ᠠ ᠶᠢᠨ ᠯᠢᠨᠳᠦ᠋ᠩ  ᠳᠠᠬᠢ ᠬᠤᠪᠢᠶᠠᠷᠢ ᠲᠤᠪᠴᠢᠶ᠎ᠠ︾ ᠪᠠᠶᠢᠭᠤᠯᠪᠠ᠃ ᠬᠠᠶᠢᠷ᠎ᠠ ᠶᠢᠨ ᠪᠠᠶᠢᠰᠠ ᠶᠢᠨ ᠰᠦᠮ᠎ᠡ ᠳᠤ ᠠᠯᠪᠠᠨ ᠭᠠᠵᠠᠷ ᠢᠶᠠᠨ ᠪᠠᠶᠢᠭᠤᠯᠵᠦ᠂ ᠯᠢᠨᠳᠦ᠋ᠩ ᠰᠢᠶᠠᠨ ᠭᠡᠵᠦ ᠪᠠᠶᠢᠭᠤᠯᠪᠠ᠃ 1929 ᠤᠨ ᠳᠤ ᠿᠾᠧ ᠾᠧ ᠮᠤᠵᠢ ᠳᠤ  ᠬᠠᠮᠢᠶᠠᠷᠤᠭᠳᠠᠪᠠ᠃    1931 ᠤᠨ ᠤ ︽9.18︾ ᠤ ᠬᠡᠷᠡᠭ ᠬᠤᠪᠢᠰᠤᠯ ᠤᠨ ᠲᠠᠷᠠᠭ᠎ᠠ ᠶᠠᠫᠤᠨ ᠵᠡᠭᠦᠨ ᠬᠤᠶᠢᠳᠦ ᠶᠢᠨ ᠭᠤᠷᠪᠠᠨ ᠮᠤᠵᠢ ᠶᠢ ᠡᠵᠡᠯᠡᠨ ᠠᠪᠤᠪᠠ᠃ 1932 ᠤᠨ ᠳᠤ ᠬᠠᠭᠤᠷᠮᠠᠭ ᠮᠠᠨᠵᠦ ᠤᠯᠤᠰ ᠢ ᠪᠠᠶᠢᠭᠤᠯᠪᠠ᠃ ᠡᠨᠡ ᠦᠶ᠎ᠡ ᠳᠤ ᠿᠾᠧ ᠾᠧ ᠮᠤᠵᠢ ᠠᠴᠠ ᠲᠤᠰ ᠬᠤᠰᠢᠭᠤᠨ ᠳᠤ ᠰᠠᠭᠤᠭ᠎ᠠ ᠴᠡᠷᠢᠭ ︵ᠰᠦᠢ ᠰᠢᠩ ᠦ᠋ ᠶᠢᠨ ᠭᠤᠷᠪᠠᠳᠤᠭᠠᠷ ᠬᠤᠷᠢᠶ᠎ᠠ︶ ᠤᠨ ︽ᠶᠠᠫᠤᠨ ᠢ ᠡᠰᠡᠷᠭᠦᠴᠡᠬᠦ ᠨᠦᠬᠦᠪᠦᠷᠢ ᠠᠩᠭᠢ︾ ᠪᠠᠶᠢᠭᠤᠯᠵᠦ᠂ ᠡᠪᠡᠰᠦ ᠪᠤᠷᠳᠤᠭ᠎ᠠ᠂ ᠤᠨᠤᠭ᠎ᠠ ᠮᠤᠷᠢ ᠪᠡᠯᠡᠳᠬᠡᠵᠦ ᠶᠠᠫᠤᠨ ᠢ ᠡᠰᠡᠷᠭᠦᠴᠡᠬᠦ ᠪᠠᠷ ᠪᠠᠯᠡᠳᠬᠡᠭᠦ ᠬᠡᠷᠡᠭᠳᠡᠢ ᠭᠡᠵᠦ ᠵᠠᠷᠯᠢᠭᠳᠠᠪᠠ᠃ ᠬᠤᠰᠢᠭᠤ ᠵᠠᠰᠠᠭ ᠠᠴᠠ ᠡᠨᠡ ᠡᠭᠦᠷᠭᠡ ᠶᠢ ᠴᠢᠩᠵᠤᠷᠢᠭᠳᠦ ︵ᠾᠧ ᠽᠢ ᠵᠠᠩ︶ ᠳᠤ ᠲᠠᠭᠠᠭᠠᠴᠢᠯᠠᠭᠤᠯᠵᠦ ᠦᠭᠬᠦᠭᠰᠡᠨ ᠳᠤ ᠪᠡᠶᠡᠯᠡᠭᠦᠯᠵᠦ ᠲᠡᠶᠢᠯᠦᠭᠰᠡᠨ ᠦᠭᠡᠢ᠃ ︽ᠶᠠᠫᠤᠨ ᠢ ᠡᠰᠡᠷᠭᠦᠴᠡᠬᠦ  ᠨᠦᠬᠦᠪᠦᠷᠢ ᠠᠩᠭᠢ︾ ᠪᠠᠶᠢᠭᠤᠯᠬᠤ ᠶᠠᠪᠤᠳᠠᠯ ᠴᠦ ᠪᠦᠳᠦᠭᠰᠡᠨ ᠦᠭᠡᠢ᠃ ᠰᠡᠭᠦᠯᠡᠷ ᠨᠢ ᠶᠠᠫᠤᠨ ᠴᠡᠷᠢᠭ ᠯᠢᠨᠳᠦ᠋ᠩ ᠳᠤ ᠤᠷᠤᠵᠦ ᠢᠷᠡᠭᠰᠡᠨ ᠳᠤ ᠬᠠᠭᠤᠷᠮᠠᠭ ᠬᠢᠩᠭᠠᠨ ᠠᠶᠢᠮᠠᠭ ᠠᠵᠢᠯᠯᠠᠬᠤ ᠲᠤᠭᠤᠶᠢᠯᠠᠩ ᠲᠤᠮᠢᠯᠠᠨ᠂ ᠬᠠᠭᠤᠷᠮᠠᠭ ᠪᠠᠭᠠᠷᠢᠨ ᠵᠡᠭᠦᠨ ᠭᠠᠷᠤᠨ ᠬᠤᠰᠢᠭᠤᠨ ᠤ ᠵᠠᠬᠢᠷᠭ᠎ᠠ ᠪᠠᠶᠢᠭᠤᠯᠵᠦ᠂ ᠯᠢᠨᠳᠦ᠋ᠩ ᠰᠢᠶᠠᠨ ᠢ ᠦᠭᠡᠶᠢᠰᠭᠡᠪᠡ᠃ ᠮᠦᠨ ᠵᠠᠰᠠᠭ ᠪᠠᠶᠢᠰᠠ ᠶᠢᠨ ᠲᠦᠷᠢᠮ ᠢ ᠴᠦ ᠦᠭᠡᠶᠢᠰᠭᠡᠭᠰᠡᠨ ᠪᠠᠶᠢᠯ᠎ᠠ᠃ ᠤᠤᠯ ᠤᠨ ᠵᠠᠰᠠᠭ ᠪᠠᠶᠢᠰᠠ ᠡᠩᠸᠠᠩᠶᠧᠰᠢᠰᠧᠳᠡᠨᠨᠠᠮᠵᠢᠯᠸᠠᠩᠪᠤ ᠶᠢ ᠬᠠᠭᠤᠷᠮᠠᠭ ᠪᠠᠭᠠᠷᠢᠨ ᠵᠡᠭᠦᠨ ᠭᠠᠷᠤᠨ ᠬᠤᠰᠢᠭᠤᠨ ᠤ ᠠᠩᠬᠠᠳᠠᠭᠴᠢ ᠬᠤᠰᠢᠭᠤᠨ ᠲᠡᠷᠤᠭ᠎ᠠ ᠪᠠᠷ ᠲᠤᠮᠢᠯᠠᠭᠰᠠᠨ ᠶᠤᠮ᠃ ᠢᠩᠬᠢᠭᠡᠳ ᠪᠠᠭᠠᠷᠢᠨ ᠵᠡᠭᠦᠨ ᠭᠠᠷᠤᠨ ᠬᠤᠰᠢᠭᠤ  ᠨᠢ ᠬᠢᠩᠭᠠᠨ ᠪᠠᠷᠠᠭᠤᠨ ᠮᠤᠵᠢ ᠳᠤ ᠬᠠᠷᠢᠶᠠᠯᠭᠳᠠᠵᠦ᠂ ᠶᠠᠫᠤᠨ ᠤ ᠡᠷᠭᠡᠰᠢᠶᠡᠯ ᠲᠤᠤᠷ᠎ᠠ ᠠᠷᠪᠠᠨ ᠬᠤᠶᠠᠷ ᠵᠢᠯ ᠪᠤᠭᠤᠯᠴᠢᠯᠠᠭᠳᠠᠪᠠ᠃ 1946 ᠤᠨ ᠤ 6 ᠰᠠᠷ᠎ᠠ ᠳᠤ ᠡᠪ ᠬᠠᠮᠳᠦ ᠨᠠᠮ ᠤᠨ ᠤᠳᠤᠷᠢᠳᠤᠯᠭ᠎ᠠ ᠲᠤᠤᠷ᠎ᠠ ᠠᠷᠠᠳ ᠤᠨ ᠡᠷᠬᠡᠳᠦ ᠵᠠᠰᠠᠭ ᠵᠠᠬᠢᠷᠭ᠎ᠠ ᠪᠤᠯᠬᠤ ᠯᠢᠨᠳᠦ᠋ᠩ ᠤᠨ ᠵᠠᠰᠠᠭ ᠵᠠᠬᠢᠷᠭᠠᠨ ᠤ ᠵᠦᠪᠯᠠᠯ ᠢ ᠪᠠᠶᠢᠭᠤᠯᠵᠦ᠂ ᠿᠾᠧ ᠪᠧᠢ ᠮᠤᠵᠢ  ᠶᠢᠨ ᠵᠤᠤ ᠤᠳᠠ ᠠᠶᠢᠮᠠᠭ ᠤᠨ ᠵᠠᠰᠠᠭ ᠵᠠᠬᠢᠷᠭᠠᠨ ᠠᠴᠠ ᠬᠠᠮᠢᠶᠠᠷᠪᠠ᠃ 1947 ᠤᠨ  ᠤ 11 ᠰᠠᠷ᠎ᠠ ᠳᠤ ᠯᠢᠨᠳᠦ᠋ᠩ ᠤᠨ ᠵᠠᠰᠠᠭ ᠵᠠᠬᠢᠷᠭᠠᠨ ᠤ ᠵᠦᠪᠯᠡᠯ ᠪᠠ ᠪᠠᠭᠠᠷᠢᠨ ᠵᠡᠭᠦᠨ ᠭᠠᠷᠤᠨ ᠬᠤᠰᠢᠭᠤᠨ ᠤ ᠵᠠᠰᠠᠭ ᠤᠨ ᠤᠷᠳᠤᠨ ᠢ ᠨᠡᠶᠢᠯᠠᠭᠦᠯᠵᠦ᠂ ᠪᠠᠭᠠᠷᠢᠨ ᠵᠡᠭᠦᠨ ᠭᠠᠷᠤᠨ ᠬᠤᠰᠢᠭᠤᠨ ᠤ ᠵᠠᠰᠠᠭ ᠤᠨ ᠤᠷᠳᠤᠨ ᠭᠡᠵᠦ ᠿᠾᠧ ᠪᠧᠢ ᠮᠤᠵᠢ ᠶᠢᠨ ᠵᠤᠤ ᠤᠳᠠ ᠠᠶᠢᠮᠠᠭ ᠲᠤ ᠬᠠᠷᠢᠶᠠᠯᠠᠭᠤᠯᠪᠠ᠃ 1949 ᠤᠨ ᠤ 5 ᠰᠠᠷ᠎ᠠ ᠶᠢᠨ 1 ᠳᠤ ᠪᠠᠭᠠᠷᠢᠨ ᠵᠡᠬᠦᠨ ᠭᠠᠷᠤᠨ ᠬᠤᠰᠢᠭᠤ ᠨᠢ ᠵᠤᠤ ᠤᠳᠠ ᠠᠶᠢᠮᠠᠭ ᠤᠨ ᠬᠠᠮᠳᠦ ᠦᠪᠦᠷ ᠮᠤᠩᠭᠤᠯ ᠳᠤ ᠬᠠᠷᠢᠶᠠᠯᠠᠭᠳᠠᠪᠠ᠃ 1954 ᠤᠨ ᠤ 3 ᠰᠠᠷ᠎ᠠ ᠳᠤ ᠪᠠᠭᠠᠷᠢᠨ ᠵᠡᠭᠦᠨ ᠭᠠᠷᠤᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠢ ᠪᠠᠭᠠᠷᠢᠨ ᠵᠡᠭᠦᠨ ᠬᠤᠰᠢᠭᠤᠨ ᠤ ᠠᠷᠠᠳ ᠤᠨ ᠵᠦᠪᠯᠡᠯ ᠭᠡᠵᠦ ᠬᠠᠯᠠᠵᠠᠢ᠃ 1968 ᠤᠨ ᠳᠤ ᠪᠠᠭᠠᠷᠢᠨ ᠵᠡᠭᠦᠨ ᠬᠤᠰᠢᠭᠤᠨ ᠤ ᠬᠤᠪᠢᠰᠬᠠᠯ ᠤᠨ ᠵᠦᠪᠯᠡᠯ ᠪᠠᠶᠢᠭᠤᠯᠪᠠ᠃ 1969 ᠤᠨ ᠤ 7 ᠰᠠᠷ᠎ᠠ ᠳᠤ ᠵᠤᠤ ᠤᠳᠠ ᠠᠶᠢᠮᠠᠭ ᠢ ᠲᠠᠭᠠᠵᠦ ᠯᠢᠶᠤᠤᠨᠢᠩ ᠮᠤᠵᠢ ᠳᠤ ᠬᠠᠷᠢᠶᠠᠯᠠᠭᠳᠠᠪᠠ᠃ 1979 ᠤᠨ ᠤ 7 ᠰᠠᠷ᠎ᠠ ᠶᠢᠨ 1 ᠳᠤ ᠵᠤᠤ ᠤᠳᠠ ᠠᠶᠢᠮᠠᠭ ᠤᠨ ᠬᠠᠮᠳᠦ ᠦᠪᠦᠷ ᠮᠤᠩᠭᠤᠯ ᠳᠤ ᠳᠠᠬᠢᠨ ᠬᠠᠮᠢᠶᠠᠷᠤᠭᠳᠠᠪᠠ᠃ 1981 ᠤᠨ ᠤ 7 ᠰᠠᠷ᠎ᠠ ᠳᠤ ᠪᠠᠭᠠᠷᠢᠨ ᠵᠡᠭᠦᠨ ᠬᠤᠰᠢᠭᠤᠨ ᠤ ᠬᠤᠪᠢᠰᠬᠠᠯ ᠤᠨ ᠵᠦᠪᠯᠡᠯ ᠢᠶᠠᠨ ᠪᠠᠭᠠᠷᠢᠨ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠭᠡᠵᠦ ᠰᠡᠷᠭᠦᠭᠡᠨ ᠪᠠᠶᠢᠭᠤᠯᠪᠠ᠃ 1983 ᠤᠨ ᠤ 10 ᠰᠠᠷ᠎ᠠ ᠳᠤ᠂ ᠬᠤᠳᠠ ᠠᠴᠠ ᠬᠤᠰᠢᠭᠤ ᠰᠢᠶᠠᠨ ᠢ ᠬᠠᠮᠢᠶᠠᠷᠬᠤ ᠵᠠᠰᠠᠭ ᠵᠠᠬᠢᠷᠭᠠᠨ ᠤ ᠲᠦᠷᠢᠮ ᠢ ᠬᠡᠷᠡᠭᠵᠢᠭᠦᠯᠵᠦ᠂ ᠵᠤᠤ ᠤᠳᠠ ᠠᠶᠢᠮᠠᠭ ᠢ ᠤᠯᠠᠭᠠᠨᠬᠠᠳᠠ ᠬᠤᠳᠠ ᠭᠡᠵᠦ ᠦᠭᠡᠷᠡᠴᠢᠯᠠᠨ ᠪᠠᠭᠠᠷᠢᠨ ᠵᠡᠭᠦᠨ ᠬᠤᠰᠢᠭᠤ ᠶᠢ ᠬᠠᠮᠢᠶᠠᠷᠪᠠ᠃                                     ᠯᠠᠪᠯᠠᠯᠳᠠ ᠪᠤᠯᠭᠠᠭᠰᠠᠨ ᠮᠠᠲ᠋ᠧᠷᠢᠶᠠᠯ᠄ ︽ᠮᠤᠩᠭᠤᠯ ᠤᠨ ᠨᠢᠭᠤᠴᠠ ᠲᠤᠪᠴᠢᠶᠠᠨ︾᠂ ︽ᠮᠤᠩᠭᠤᠯ ᠤᠨ ᠪᠦᠷᠢᠨ ᠲᠡᠤᠬᠡ︾᠂ ︽ᠪᠠᠭᠠᠷᠢᠨ ᠵᠡᠭᠦᠨ ᠬᠤᠰᠢᠭᠤᠨ ᠤ ᠤᠶᠢᠯᠠᠯᠭ᠎ᠠ︾᠂ ︽ᠪᠠᠭᠠᠷᠢᠨ ᠵᠡᠭᠦᠨ ᠬᠤᠰᠢᠭᠤᠨ ᠤ ᠰᠤᠶᠤᠯ ᠲᠡᠤᠬᠡ ᠶᠢᠨ ᠮᠠᠲ᠋ᠧᠷᠢᠶᠠᠯ︾ ᠵᠡᠷᠬᠡ ᠨᠤᠮ ᠤᠳ︵ᠬᠡᠷᠡᠭᠯᠡᠭᠰᠡᠨ ᠮᠠᠲ᠋ᠧᠷᠢᠶᠠᠯ ᠤᠨ ᠠᠳᠠᠯᠢ ᠪᠤᠰᠤ ᠠᠴᠠ ᠪᠤᠯᠵᠦ ᠠᠯᠳᠠᠭ᠎ᠠ ᠪᠤᠷᠤᠭᠤ ᠭᠠᠷᠬᠤ ᠨᠢ ᠲᠠᠮᠵᠢᠭ ᠦᠭᠡᠢ᠂ ᠤᠯᠠᠨ ᠮᠡᠷᠭᠡᠳ ᠵᠠᠯᠬᠠᠭᠠᠨ ᠤᠩᠰᠢᠬᠤ ᠪᠤᠯᠪᠠᠤ  ︶        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号