ᠬᠦᠶᠦᠳᠡᠭ ᠬᠦᠬᠡ
ᠨᠡᠶᠢᠲᠡᠯᠡᠭᠰᠡᠨ ᠴᠠᠭ᠄
2018/6/22
              ᠬᠦᠶᠦᠳᠡᠭ ᠬᠦᠬᠡ          ᠤᠷᠢᠳᠤ ᠠᠭᠤᠶᠢᠳᠤ ᠶᠢᠨ ᠰᠦᠮ᠎ᠡ ︵ᠤᠳᠤ ᠶᠢᠨ ᠰᠢᠨᠠ  ᠤᠰᠤᠨ ᠴᠦᠬᠦᠷᠤᠮ︶ ᠶᠢᠨ ᠤᠷᠴᠢᠮ ᠨᠢᠭᠡᠨ ᠦᠨᠳᠤᠷ ᠪᠡᠶ᠎ᠡ᠂ ᠬᠤᠷᠳᠤᠨ ᠭᠦᠶᠤᠳᠤ ᠲᠠᠢ ᠠᠪᠤᠷᠭᠤ ᠬᠦᠮᠤᠨ — ᠬᠦᠶᠦᠳᠡᠭ ᠬᠦᠬᠡ ᠠᠮᠢᠳᠤᠷᠠᠵᠤ ᠪᠠᠶᠢᠯ᠎ᠠ ᠭᠡᠬᠦ ᠶᠤᠮ᠃ ᠳᠡᠬᠦᠨ ᠤ ᠦᠨᠡᠨ ᠨᠠᠷ᠎ᠠ ᠨᠢ ᠳᠦᠢᠩᠬᠡᠷᠵᠠᠪ ᠬᠡᠳᠡᠭ᠃ ᠣᠭ ᠨᠣᠳᠤᠭ ᠨᠢ ᠠᠷᠣ ᠬᠤᠷᠴᠢᠨ ᠬᠤᠰᠢᠭᠤ᠃ ᠳᠡᠬᠦᠨ ᠤ ᠳᠡᠬᠡᠳᠣᠰ ᠨᠢ ᠬᠡᠰᠢᠭᠳᠡᠨ ᠨᠣᠳᠤᠭ ᠲᠠᠢ ᠴᠦ ᠬᠡᠳᠡᠭ᠃ ᠠᠷᠣ ᠬᠤᠷᠴᠢᠨ ᠬᠤᠰᠢᠭᠤᠨ ᠤ ᠸᠠᠩ ᠪᠠᠶᠢᠬᠰᠠᠨ ᠸᠠᠩᠴᠢᠨᠫᠧᠷᠯᠠᠢ ᠶᠢᠨ ᠡᠬᠡ ᠨᠢ ᠬᠡᠰᠢᠭᠳᠡᠨ ᠸᠠᠩ ᠤᠨ ᠦᠬᠢᠨ ᠬᠡᠨ᠎ᠡ᠃ ᠬᠡᠰᠢᠭᠳᠡᠨ ᠬᠡᠬᠡ ᠶᠢ ᠳᠠᠭᠠᠵᠣ ᠬᠠᠷᠢᠶᠠᠳᠣ  ᠪᠠᠷ ᠠᠷᠣ ᠬᠤᠷᠴᠢᠨ ᠳᠤ ᠢᠷᠡᠭᠰᠡᠨ ᠬᠡᠳᠡᠭ᠃ ᠳᠠᠷᠡ ᠭᠠᠵᠠᠷ ᠣᠷᠣᠨ ᠤ ᠰᠢᠬᠠᠯᠳᠠ ᠪᠠ ᠸᠠᠩ ᠨᠣᠶᠠᠳ ᠤᠨ ᠬᠠᠷᠠᠳᠠᠢ ᠵᠠᠯᠬᠠᠯᠳᠠ ᠠᠴᠠ ᠪᠣᠯᠵᠣ᠂ ᠵᠡᠬᠦᠨ ᠪᠠᠭᠠᠷᠢᠨ ᠬᠤᠰᠢᠭᠤᠨ ᠤ ᠪᠣᠷᠣ ᠳᠣᠰᠠᠯᠠᠬᠴᠢ ᠶᠢᠨ ᠬᠠᠷᠢᠶ᠎ᠠ ᠭᠠᠵᠠᠷ ᠨᠡᠬᠦᠵᠣ ᠢᠷᠡᠨ ᠨᠣᠳᠣᠬᠰᠢᠨ ᠰᠠᠭᠤᠵᠠᠢ᠃ ᠢᠩᠬᠢᠬᠡᠳ ᠳᠡᠷᠡ ᠳᠡᠮᠡᠬᠡᠨᠬᠦ᠋ᠵᠦᠬᠦᠣ ᠳᠤ ᠰᠠᠭᠤᠵᠣ ᠪᠠᠶᠢᠬᠰᠠᠨ ᠰᠦᠢ ᠬᠠᠢ ᠰᠠᠨ᠂ ᠬᠦ᠋ ᠰᠦᠨ ᠵᠠᠩ ᠵᠡᠷᠭᠡ ᠰᠠᠶᠢᠨ ᠡᠷᠡᠰ ᠲᠠᠢ ᠨᠦᠬᠦᠷᠯᠡᠵᠣ ᠦᠨᠳᠣᠷ ᠣᠬᠳᠣᠷ ᠫᠣᠣ ᠵᠡᠪᠰᠡᠭ ᠲᠠᠢ ᠪᠣᠯᠵᠣ ᠠᠮᠢᠳᠣᠷᠠᠯ ᠨᠢ ᠦᠬᠡᠳᠡ ᠡᠰᠡᠷᠡᠭ ᠪᠣᠯᠵᠠᠢ᠃ ᠳᠡᠷᠡ ᠨᠡᠬᠦᠵᠣ ᠢᠷᠡᠭᠰᠡᠨ ᠪᠣᠯᠬᠤᠷ ᠣᠶᠢᠷ᠎ᠠ ᠣᠷᠴᠢᠮ ᠤᠨ ᠭᠠᠵᠠᠷ  ᠠᠴᠠ ᠶᠡᠷᠣ ᠬᠤᠯᠠᠭᠠᠢ ᠬᠢᠳᠡᠭ ᠦᠭᠡᠢ ᠬᠡᠨ᠎ᠡ᠃ ᠬᠡᠷᠪᠡ ᠱᠦᠯᠦᠨ ᠬᠤᠨᠢ ᠳᠣᠳᠠᠪᠠᠯ ᠪᠠᠶᠠᠳ ᠠᠴᠠ ︽ᠬᠦᠢ᠂ ᠨᠠᠳᠠ  ᠳᠤ ᠨᠢᠬᠡ ᠱᠦᠯᠦ ᠭᠠᠷᠭᠠᠬᠤ ᠬᠤᠨᠢ ᠦᠭᠭᠦᠬᠡᠳᠡᠭᠡ︾ ᠬᠡᠵᠣ ᠬᠡᠯᠡᠪᠡᠯ ᠳᠠᠷᠣᠢ ᠳᠤ ᠨᠢ ᠦᠭᠳᠡᠭ ᠬᠡᠨ᠎ᠡ᠃    ᠬᠦᠶᠦᠳᠡᠭ ᠬᠦᠬᠡ ᠨᠡᠷ᠎ᠡ ᠣᠯᠣᠬᠰᠠᠨ ᠨᠢ ᠪᠣᠯ ᠵᠠᠮ ᠶᠠᠪᠣᠬᠤ ᠳᠤ ᠪᠠᠨ ᠳᠣᠶᠢᠯ ᠤᠨ ᠳᠦᠷᠭᠡᠨ ᠶᠠᠪᠣᠳᠠᠭ ᠠᠴᠠ ᠪᠣᠯᠣᠬᠰᠠᠨ ᠶᠤᠮ᠃ ᠨᠢᠬᠡ ᠡᠳᠣᠷ ᠰᠦᠨᠢ ᠶᠢᠨ ᠳᠣᠳᠣᠷ᠎ᠠ ᠬᠡᠳᠣᠨ ᠵᠠᠭᠤᠨ ᠭᠠᠵᠠᠷ ᠤᠨ ᠠᠯᠣᠰ ᠠᠴᠠ ᠮᠣᠷᠢ ᠪᠠᠶᠢᠳᠣᠭᠠᠢ ᠦᠬᠡᠷ ᠢ ᠳᠠᠭᠤᠭᠠᠳ ᠢᠷᠡᠴᠢᠬᠡᠳᠡᠭ ᠬᠡᠨ᠎ᠡ᠃ ᠡᠶᠢᠮᠣ ᠠᠴᠠ ᠲᠡᠭᠦᠨ ᠤ ᠬᠤᠷᠳᠤᠨ ᠭᠦᠶᠤᠳᠡᠯ ᠲᠠᠢ ᠪᠠᠷ  ᠨᠢ ᠬᠦᠯ ᠤᠨ ᠤᠯᠠ ᠳᠠᠭᠠᠨ ᠦᠰᠤ ᠲᠠᠢ ᠬᠡᠵᠣ ᠴᠦ ᠬᠡᠯᠡᠯᠴᠡᠳᠡᠭ᠃ ᠳᠡᠷᠡ ᠦᠬᠡᠷ ᠳᠠᠭᠤᠬᠤ ᠳᠤ ᠪᠠᠨ ᠡᠩ ᠤᠨ ᠴᠠᠭᠠᠨ ᠪᠦᠰ ᠠᠪᠴᠣ ᠶᠠᠪᠣᠳᠠᠭ ᠬᠡᠨ᠎ᠡ᠃ ᠦᠬᠡᠷ ᠢ ᠪᠠᠷᠢᠵᠣ ᠠᠪᠣᠬᠰᠨᠨ ᠤ ᠰᠡᠬᠦᠯᠡᠷ ᠦᠬᠡᠷ ᠤᠨ ᠬᠦᠵᠡᠭᠡ ᠬᠠᠪᠢ ᠬᠡᠳᠡᠰᠣ ᠶᠢ ᠡᠷᠤᠵᠤ ᠤᠶᠠᠭᠠᠳ ᠳᠡᠭᠡᠷ᠎ᠡ ᠨᠢ ᠵᠦᠯᠬᠡᠳᠡᠵᠣ ᠴᠢᠩᠭᠠᠷᠠᠭᠤᠯᠣᠨ᠎ᠠ᠃ ᠦᠬᠡᠷ ᠤᠨ ᠴᠠᠪᠢ ᠪᠠᠷ ᠨᠢ ᠭᠦᠵᠡᠭᠡ ᠰᠠᠷᠬᠢᠨᠠᠭ ᠢ ᠨᠢ ᠪᠦᠬᠦᠨ ᠢ ᠦᠷᠤᠴᠡ ᠳᠤᠨᠢ ᠰᠢᠬᠠᠨ ᠤᠷᠤᠭᠤᠯᠪᠡᠯ ᠦᠬᠡᠷ ᠤᠨ ᠬᠦᠵᠡᠭᠡ ᠰᠠᠪᠠᠯᠠᠬᠤ ᠪᠠᠨ ᠪᠣᠯᠢᠵᠣ᠂ ᠭᠤᠶᠠᠳᠠᠨ ᠲᠠᠭᠤᠪᠡᠯ᠂  ᠭᠦᠶᠤᠳᠤ ᠨᠢ ᠬᠤᠷᠳᠤᠨ ᠮᠣᠷᠢ ᠰᠢᠣᠬᠠᠨ ᠬᠦᠶᠦᠳᠡᠭ ᠪᠣᠯᠬᠤᠷ ᠨᠢᠬᠡ ᠰᠦᠨᠢ  ᠳᠤ ᠬᠤᠶᠠᠷ ᠭᠤᠷᠪᠠᠨ ᠵᠠᠭᠤᠨ ᠭᠠᠵᠠᠷ ᠤᠨ ᠵᠡᠮ ᠢ ᠠᠵᠢᠭ ᠦᠭᠡᠢ ᠬᠦᠬᠡᠬᠡᠴᠢᠬᠡᠳᠡᠭ ᠪᠠᠶᠢᠨ᠎ᠠ᠃ ᠦᠬᠡᠷ ᠬᠦᠵᠡᠭᠡ ᠨᠢ ᠰᠠᠪᠠᠭᠠᠳ ᠬᠤᠯᠠ ᠬᠦᠶᠦᠵᠣ ᠴᠢᠳᠠᠬᠤ ᠦᠭᠡᠢ ᠪᠣᠯᠬᠤᠷ ᠪᠣᠷᠣ ᠨᠢ ᠬᠦᠳᠡᠯᠵᠣ ᠠᠯᠠᠪᠠᠴᠣ ᠶᠠᠪᠣᠬᠤ ᠦᠭᠡᠢ ᠪᠣᠯᠳᠠᠭ᠃ ᠬᠡᠳᠣᠷᠬᠡᠢ ᠠᠯᠪᠠᠳᠠᠨ ᠴᠣᠬᠢᠪᠠᠯ ᠦᠬᠡᠷ ᠣᠯᠠᠩᠭᠠᠰᠣᠨ ᠬᠦᠮᠦᠨ ᠳᠤ ᠣᠷᠣᠳᠠᠭ᠃ ᠬᠦᠶᠦᠳᠡᠭ ᠬᠦᠬᠡ ᠪᠣᠯ ᠦᠬᠡᠷ ᠬᠤᠯᠠ ᠬᠦᠶᠦᠵᠣ ᠴᠢᠳᠠᠬᠤ ᠨᠢᠭᠤᠴᠠ ᠶᠢ ᠢᠯᠡᠷᠡᠬᠦᠯᠦᠭᠰᠡᠨ ᠠᠩᠬᠠᠨ ᠤ ᠬᠦᠮᠦᠨ ᠪᠣᠯᠣᠨ᠎ᠠ᠃    ᠬᠦᠶᠦᠳᠡᠭ ᠬᠦᠬᠡ ᠪᠣᠯ ᠬᠦᠬᠡ ᠬᠠᠷᠠᠪᠳᠣᠷ ᠴᠢᠷᠠᠢ ᠲᠠᠢ ᠪᠣᠵᠠᠭᠠᠢ ᠡᠷ᠎ᠡ ᠪᠣᠯᠬᠤᠷ ᠬᠦᠮᠦᠰ ᠳᠡᠬᠦᠨ ᠢ ᠶᠠᠪᠣᠵᠣ ᠰᠠᠭᠤᠳᠠᠭ ᠲᠠᠢ ᠨᠢ ᠬᠤᠣᠰᠯᠠᠭᠤᠯᠣᠨ ︽ᠬᠦᠶᠦᠳᠡᠭ ᠬᠦᠬᠡ︾ ᠬᠡᠵᠣ ᠴᠣᠯᠠᠯᠠᠨ ᠬᠤᠴᠢ ᠨᠡᠷ᠎ᠡ ᠪᠠᠷ ᠢᠶᠠᠨ ᠠᠯᠳᠠᠷ ᠮᠠᠨᠳᠣᠬᠰᠠᠨ ᠶᠤᠮ᠃ ᠳᠡᠷᠡ ᠣᠨᠴᠠᠭᠠᠢ ᠭᠠᠵᠠᠷᠴᠢ ᠬᠢᠷᠠᠬᠠᠢ ᠬᠦᠮᠦᠨ ᠶᠤᠮ᠃ ᠤᠯᠠᠭᠠᠨ ᠴᠡᠴᠡᠭ ᠨᠢ ᠨᠤᠭᠤᠭᠠᠨ ᠨᠠᠪᠴᠢ ᠲᠠᠢ ᠪᠠᠨ ᠲᠤᠬᠢᠷᠡᠯᠴᠠᠵᠤ ᠭᠤᠶᠤ ᠰᠠᠶᠢᠬᠠᠨ ᠢ ᠪᠤᠢ ᠪᠤᠯᠭᠠᠳᠠᠭ ᠰᠢᠭ᠋ ᠬᠦᠶᠤᠳᠡᠭ ᠬᠦᠬᠡ ᠳᠤ ᠪᠠᠰᠠ ᠨᠢᠭᠡᠨ ᠬᠤᠤᠰᠯᠡᠨ ᠲᠤᠬᠢᠷᠡᠯᠴᠠᠭᠰᠠᠨ ᠠᠪᠠᠭᠠᠢ ᠲᠠᠢ ᠪᠠᠶᠢᠪᠠ᠃ ᠳᠡᠬᠦᠨ ᠤ ᠨᠡᠷ᠎ᠡ ᠨᠢ ᠣᠷᠠᠨᠬᠦᠣ ᠬᠡᠳᠡᠭ᠃ ᠬᠦᠶᠦᠳᠡᠭ ᠬᠦᠬᠡ ᠬᠤᠨᠢ ᠠᠯᠠᠭᠠᠳ ᠳᠣᠶᠠᠴᠢᠭᠠᠳ ᠭᠠᠷᠳᠠᠯ᠎ᠠ᠂ ᠳᠡᠬᠦᠨ ᠤ ᠡᠬᠡᠨᠡᠷ ᠴᠦ ᠬᠡᠳᠡᠰᠣ ᠶᠢ ᠠᠷᠢᠯᠭᠠᠵᠣ ᠴᠢᠳᠬᠤᠭᠠᠳ ᠪᠠᠷᠠᠭᠠᠴᠢᠬᠠᠳᠠᠭ ᠱᠠᠯᠠᠮᠠᠭᠠᠢ ᠪᠦᠰᠡᠬᠦᠢ ᠬᠡᠨ᠎ᠡ᠃ ᠡᠳᠡ ᠬᠤᠶᠠᠷ ᠨᠢᠬᠡ ᠬᠤᠨᠢ ᠪᠣᠶᠣ ᠦᠬᠡᠷ ᠢ ᠨᠢᠳᠦᠯᠠᠭᠠᠳ ᠭᠡᠳᠡᠰᠤ ᠭᠦᠵᠡᠭᠡ ᠶᠢ ᠨᠢ ᠠᠷᠢᠯᠭᠠᠵᠤ ᠴᠡᠪᠡᠷᠯᠡᠭᠡᠳ ᠡᠳ᠋ᠰᠢᠬᠦᠯᠳᠡᠯ᠎ᠡ ᠵᠠᠬ᠎ᠠ ᠶᠢᠨ ᠭᠤᠷᠪᠠᠭ᠋ᠠᠨ ᠬᠤᠷᠤᠭᠤ ᠯᠡ ᠴᠢᠰᠤᠳᠠᠳᠠᠭ ᠭᠡᠰᠠᠨ᠃ ᠬᠦᠶᠦᠳᠡᠭ ᠬᠦᠬᠡ ᠶᠢᠨ ᠬᠦᠣ ᠨᠢ ᠰᠠᠩᠵᠠᠢ ᠬᠡᠳᠡᠭ᠃ ᠬᠦᠶᠦᠳᠡᠭ ᠬᠦᠬᠡ ᠠᠯᠠᠬᠳᠠᠬᠤ ᠦᠶ᠎ᠡ ᠳᠤ ᠳᠡᠷᠡ ᠠᠷᠪᠠᠨ ᠳᠠᠪᠤ ᠵᠢᠷᠭᠤᠭ᠎ᠠ ᠲᠠᠢ ᠪᠠᠶᠢᠬᠰᠠᠨ ᠶᠤᠮ᠃ ᠬᠦᠶᠦᠳᠡᠭ ᠬᠦᠬᠡ ᠨᠠᠰᠣ ᠪᠠᠷᠠᠬᠰᠠᠨ ᠤ ᠰᠡᠬᠦᠯᠡᠷ ᠳᠡᠬᠦᠨ ᠤ ᠡᠬᠡᠨᠡᠷ ᠨᠢ ᠬᠦᠣ ᠪᠠᠨ ᠠᠪᠣᠭᠠᠳ ᠦᠵᠦᠮᠦᠴᠢᠨ ᠤ ᠵᠢᠣᠢ ᠽᠢ ᠳᠤ ᠰᠠᠭᠤᠵᠣ ᠳᠠᠪᠣᠰᠣᠨ ᠠᠶᠠᠨ ᠤ ᠬᠦᠮᠦᠰ ᠠᠴᠠ ᠭᠠᠶᠢᠯᠢ ᠠᠪᠬᠤ ᠳᠤ ᠠᠷᠣ ᠬᠤᠷᠴᠢᠨ ᠤ ᠬᠢ ᠬᠡᠪᠡᠯ ᠠᠷᠪᠢᠨ ᠠᠪᠬᠤ  ᠪᠣᠶᠣ ᠭᠤᠶᠠᠳᠠᠵᠣ ᠴᠣᠬᠢᠳᠠᠭ ᠬᠡᠨ᠎ᠡ᠃ ᠪᠠᠭᠠᠷᠢᠨ ᠤ ᠬᠡᠪᠡᠯ ᠶᠠᠭᠤ ᠴᠦ ᠠᠪᠬᠤ ᠦᠭᠡᠢ  ᠶᠠᠪᠣᠭᠤᠯᠴᠢᠬᠠᠬᠤ ᠶᠤᠮ ᠬᠡᠨ᠎ᠡ᠃ ᠡᠨᠡ ᠨᠢ ᠶᠠᠭᠤᠨ ᠤ ᠲᠦᠯᠦᠬᠡ ᠪᠣᠢ︖ ᠬᠡᠪᠡᠯ ᠠᠷᠣ ᠬᠤᠷᠴᠢᠨ ᠸᠠᠩ ᠴᠡᠷᠢᠭ ᠳᠣᠮᠢᠯᠠᠵᠣ ᠡᠴᠢᠬᠡ ᠶᠢ ᠨᠢ ᠠᠯᠠᠭᠤᠯᠤᠭᠰᠠᠨ ᠲᠠᠢ ᠬᠤᠯᠪᠣᠭᠠᠳᠠᠢ ᠬᠡᠨ᠎ᠡ᠃    ᠬᠦᠶᠦᠳᠡᠭ ᠬᠦᠬᠡ ᠶᠠᠭᠤᠨ ᠳᠤ ᠠᠯᠠᠬᠳᠠᠨᠰᠠᠨ ᠪᠣᠢ ᠬᠡᠪᠡᠯ᠂ ᠭᠠᠪᠴᠢ ᠶᠢᠨ ᠰᠦᠮ᠎ᠡ ᠶᠢᠨ ᠬᠤᠪᠢᠯᠭᠠᠨ ᠲᠠᠢ ᠬᠤᠯᠪᠣᠭ᠎ᠠ ᠲᠠᠢ ᠶᠤᠮ᠃ ᠬᠦᠶᠦᠳᠡᠭ ᠬᠦᠬᠡ ᠭᠠᠪᠴᠢ ᠶᠢᠨ ᠯᠠᠮᠠ ᠲᠠᠢ ᠶᠠᠭᠤᠨ ᠤ ᠣᠴᠢᠷ ᠢᠶᠠᠷ ᠮᠠᠭᠤᠳᠠᠯᠴᠢᠬᠠᠬᠰᠠᠨ  ᠢ ᠮᠡᠳᠡᠬᠦ ᠦᠭᠡᠢ᠃ ᠬᠦᠶᠦᠳᠡᠭ ᠬᠦᠬᠡ  ᠨᠢᠬᠡ ᠮᠢᠩᠭ᠎ᠠ ᠶᠢᠰᠣᠨ ᠵᠠᠭᠤ ᠭᠤᠴᠢᠨ ᠬᠡᠳᠣᠨ ᠣᠨ ᠪᠣᠯᠳᠠᠯ᠎ᠠ ᠭᠠᠪᠴᠢ  ᠶᠢᠨ ᠰᠦᠮ᠎ᠡ ᠶᠢᠨ ᠰᠦᠮ᠎ᠡ ᠶᠢᠨ ᠰᠠᠩ ᠤᠨ ᠠᠳᠣᠭᠤ ᠶᠢ ᠪᠠᠷᠤᠭ ᠪᠦᠬᠦᠨ ᠢ ᠳᠠᠭᠤᠴᠢᠬᠠᠬᠰᠠᠨ ᠬᠡᠨ᠎ᠡ᠃ ᠢᠩᠭᠢᠭᠰᠡᠨ  ᠠᠴᠠ ᠭᠠᠪᠴᠢ ᠶᠢᠨ ᠯᠠᠮᠠ ᠠᠴᠠ ᠬᠦᠶᠦᠳᠡᠭ ᠬᠦᠬᠡ ᠪᠣᠯ ᠠᠷᠣ ᠬᠤᠷᠴᠢᠨ ᠬᠤᠰᠢᠭᠤᠨ ᠤ ᠬᠠᠷᠢᠶᠠᠳᠣ ᠪᠣᠯᠬᠤᠷ ᠠᠷᠣ ᠬᠤᠷᠴᠢᠨ ᠸᠠᠩ ᠳᠤ᠄ ︽ᠬᠦᠶᠦᠳᠡᠭ ᠬᠦᠬᠡ ᠶᠣᠰᠣ ᠪᠣᠰᠣ ᠪᠠᠷ ᠠᠭᠠᠰᠢᠯᠠᠵᠣ᠂ ᠰᠦᠮ᠎ᠡ ᠶᠢᠨ ᠰᠠᠩ ᠤᠨ ᠠᠳᠣᠭᠤ  ᠶᠢ ᠦᠯᠡᠳᠡᠬᠡᠯ ᠦᠭᠡᠢ ᠳᠠᠭᠤᠭᠠᠳ ᠮᠠᠨ ᠤ ᠬᠤᠰᠢᠭᠤ ᠶᠢ ᠳᠣᠷᠣᠮᠵᠢᠯᠠᠨ ᠳᠠᠷᠣᠯᠠᠬᠤ ᠶᠢᠨ ᠳᠣᠶᠢᠯ ᠳᠤ ᠳᠣᠯᠵᠠᠢ᠃ ᠡᠶᠢᠮᠣ ᠠᠴᠠ ᠳᠡᠬᠡᠳᠣ ᠸᠠᠩ ᠴᠡᠷᠢᠭ ᠭᠠᠷᠭᠠᠵᠣ ᠦᠴᠦᠬᠡᠨ ᠬᠤᠯᠠᠭᠠᠶᠢᠴᠢ ᠶᠢ ᠠᠷᠢᠯᠭᠠᠵᠣ ᠬᠤᠰᠢᠭᠤ ᠨᠣᠳᠤᠭ ᠢᠶᠠᠨ ᠠᠮᠣᠷᠵᠢᠭᠤᠯᠬᠤ ᠪᠣᠯᠪᠠ ᠤᠤ︖︾ ᠬᠡᠵᠣ ᠠᠶᠢᠯᠠᠳᠬᠠᠨ ᠵᠠᠭᠠᠯᠳᠣᠵᠠᠢ᠃ ᠠᠷᠣ  ᠬᠤᠷᠴᠢᠨ  ᠸᠠᠩ ᠰᠣᠨᠣᠰᠣᠭᠠᠳ᠄ ︽ᠬᠦᠶᠦᠳᠡᠭ ᠬᠦᠬᠡ ᠪᠤᠯ ᠠᠷᠣ ᠬᠤᠷᠴᠢᠨ ᠤ ᠬᠠᠷᠢᠶᠠᠳᠣ᠂ ᠪᠠᠷᠢᠵᠣ ᠠᠪᠴᠢᠷᠠᠨ ᠰᠢᠢᠳᠭᠡᠶ᠎ᠡ︾ ᠬᠡᠵᠣ ᠬᠡᠯᠡᠭᠡᠳ ᠭᠠᠪᠴᠢ ᠶᠢᠨ ᠯᠠᠮᠠ ᠶᠢ ᠪᠣᠴᠠᠭᠠᠵᠠᠢ᠃ ᠠᠷᠣ ᠬᠤᠷᠴᠢᠨ ᠸᠠᠩ ᠴᠡᠷᠢᠭ ᠤᠨ ᠵᠠᠬᠢᠷᠣᠬᠴᠢ ᠮᠠᠬᠰᠠᠷ ᠢ ᠳᠠᠭᠤᠳᠠᠵᠣ᠄ ︽ᠲᠠ ᠬᠤᠰᠢᠭᠤᠨ ᠤ ᠰᠢᠯᠢᠳᠡᠭ  ᠴᠡᠷᠢᠭ ᠢ ᠵᠠᠬᠢᠷᠣᠨ ᠬᠦᠶᠦᠳᠡᠭ ᠬᠦᠬᠡ ᠶᠢ ᠪᠠᠷᠢᠵᠣ ᠠᠪᠣᠭᠠᠳ ᠢᠷ᠎ᠠ  ︕︾ ᠬᠡᠵᠣ ᠵᠠᠷᠯᠢᠭ ᠪᠣᠯᠵᠠᠢ᠃ ᠮᠠᠬᠰᠠᠷ ᠵᠠᠷᠯᠢᠭ ᠢ ᠬᠦᠯᠢᠶᠡᠵᠣ ᠡᠳᠣᠷ ᠰᠤᠩᠭᠤᠨ ᠮᠣᠷᠳᠠᠵᠠᠢ᠃     ᠬᠠᠪᠣᠷ ᠤᠨ ᠨᠢᠬᠡᠨ ᠦᠷᠯᠦᠭᠡ ᠬᠦᠶᠦᠳᠡᠭ ᠬᠦᠬᠡ ᠬᠤᠩᠭᠤᠷ ᠬᠤᠸᠠ ᠮᠣᠷᠢᠨ ᠳᠤ ᠪᠠᠨ ᠡᠮᠡᠬᠡᠯ ᠳᠣᠬᠤᠵᠣ ᠪᠠᠶᠢᠬᠤ ᠳᠤ ᠡᠬᠡᠨᠡᠷ ᠨᠢ᠄ ︽ᠲᠡ ᠡᠨᠡ ᠡᠳᠣᠷ ᠬᠠᠮᠢᠭ᠎ᠠ ᠶᠠᠪᠣᠬᠤ ᠶᠤᠮ︖︾ ᠬᠡᠰᠡᠨ ᠳᠤ ᠬᠦᠶᠦᠳᠡᠭ ᠬᠦᠬᠡ᠄ ︽ ᠪᠢ ᠰᠦᠮ᠎ᠡ ᠳᠡᠭᠡᠷ᠎ᠡ ᠪᠠᠳᠠᠷᠠᠬᠤ ᠳ᠋ᠠ ᠯᠠᠮᠠ ᠲᠠᠢ ᠠᠭᠤᠯᠵᠠᠭᠠᠳ ᠰᠦᠢ  ᠬᠠᠢ ᠰᠠᠨ ᠤ ᠳᠤ ᠣᠴᠢᠭᠠᠳ ᠢᠷᠡᠶ᠎ᠡ︾ ᠬᠡᠬᠦ ᠳᠤ ᠡᠬᠡᠨᠡᠷ ᠨᠢ ︽ᠬᠦᠶ᠋ᠢ ᠳᠡᠭᠡᠪᠡᠯ ᠫᠣᠣ ᠪᠠᠨ ᠠᠪ ᠳ᠋ᠠ᠂ ᠡᠨᠡ ᠰᠦᠨᠢ ᠶᠢᠨ ᠵᠡᠬᠦᠳᠣ ᠬᠠᠴᠢᠨ ᠰᠣᠨᠢᠷᠬᠠᠯᠳᠠᠢ ᠪᠠᠶᠢᠨ᠎ᠠ᠃ ᠵᠢᠷᠣᠬᠡ ᠪᠠᠨ ᠰᠣᠭᠤᠯᠣᠭᠤᠯᠵᠣ ᠪᠠᠶᠢᠯ᠎ᠠ ᠬᠡᠵᠣ ᠵᠡᠬᠦᠳᠣᠯᠡᠬᠦ ᠶᠤᠮ᠃ ᠪᠠᠶᠠᠳ ᠤᠨ ᠶᠠᠭᠤᠮ᠎ᠠ ᠶᠢ ᠦᠬᠡᠶᠢᠬᠦᠣ ᠬᠦᠮᠦᠨ ᠳᠤ ᠳᠦᠬᠦᠬᠡᠬᠡᠵᠣ ᠦᠭᠭᠦᠭᠰᠡᠨ ᠠᠴᠠ ᠬᠦᠨᠦᠬᠡᠯᠳᠣ ᠵᠣᠪᠠᠯᠠᠩ ᠢᠷᠡᠬᠦ ᠮᠠᠭᠠᠳ ᠡ᠂ ᠪᠠᠷᠳᠠᠮ ᠨᠡᠷ᠎ᠡ ᠠᠷᠪᠠᠨ ᠵᠦᠭ ᠲᠤ ᠮᠠᠨᠳᠣᠬᠰᠠᠨ ᠪᠣᠯᠬᠤᠷ  ᠪᠠᠭ᠎ᠠ ᠴᠦ ᠬᠡᠰᠡᠨ ᠰᠡᠷᠬᠡᠢ  ᠠᠯᠳᠠᠵᠣ ᠪᠣᠯᠬᠤ ᠦᠭᠡᠢ ᠰᠢᠦ᠂ ᠬᠡᠷᠰᠡᠣ ᠶᠠᠪᠤᠭᠠᠷᠠᠢ︕︾ ᠬᠡᠵᠣ ᠭᠠᠷ ᠫᠣᠣ ᠶᠢ ᠨᠢ ᠠᠪᠴᠣ ᠦᠭᠴᠠᠢ᠃ ᠬᠦᠶᠦᠳᠡᠭ ᠬᠦᠬᠡ ᠳᠣᠷ᠎ᠠ ᠮᠠᠭᠤᠳᠠᠶᠢᠬᠠᠨ ᠫᠣᠣ ᠶᠢ ᠨᠢ  ᠳᠣᠰᠴᠣ ᠡᠪᠦᠷᠳᠣᠯᠡᠭᠡᠳ᠄ ︽ᠫᠣᠣ ᠦᠭᠡᠢ ᠶᠠᠪᠣᠬᠤ ᠳᠤ ᠶᠠᠭᠠᠭᠢᠳᠠᠭ ᠪᠤᠢ︖︾ ᠬᠡᠳ ᠭᠠᠷᠴᠣ ᠶᠠᠪᠣᠬᠰᠠᠨ ᠬᠡᠨ᠎ᠡ᠃ ᠳᠡᠷᠡ ᠰᠦᠮ᠎ᠡ ᠳᠡᠭᠡᠷ᠎ᠡ ᠬᠦᠷᠦᠬᠡᠳ ᠪᠠᠳᠠᠷᠠᠬᠤ ᠳ᠋ᠠ ᠯᠠᠮᠠ ᠶᠢᠨ ᠳᠤ ᠣᠷᠣᠭᠠᠳ ᠵᠣᠭᠤᠬᠳᠠᠵᠣ ᠪᠠᠶᠢᠳᠠᠯ᠎ᠠ ᠬᠡᠨᠡᠳᠳᠡ ᠨᠢᠬᠡ ᠬᠠᠷ᠎ᠠ ᠬᠡᠷᠢᠶ᠎ᠡ ᠵᠡᠬᠦᠨ ᠡᠮᠣᠨ᠎ᠡ ᠠᠴᠠ ᠪᠠᠷᠠᠭᠤᠨ ᠬᠤᠶᠢᠰᠢ ᠨᠢᠰᠴᠣ ᠳ᠋ᠠ ᠯᠠᠮᠠ ᠶᠢᠨ ᠬᠡᠷ  ᠤᠨ ᠣᠷᠣᠢ ᠳᠡᠭᠡᠷ᠎ᠡ ︽ ᠭᠤᠸᠠᠳ ᠭᠤᠸᠠᠳ︾ ᠬᠡᠵᠣ ᠬᠤᠶᠠᠷ ᠳᠣᠣᠭᠠᠷᠣᠭᠠᠳ ᠨᠢᠰᠴᠣ ᠣᠳᠪᠠ᠃ ᠡᠬᠦᠨ ᠳᠤ ᠪᠠᠳᠠᠷᠠᠬᠤ ᠳ᠋ᠠ ᠯᠠᠮᠠ ᠦᠵᠡᠯᠬᠡ ᠪᠠᠷ  ᠳᠦᠯᠬᠡᠳᠡᠬᠡᠳ ᠬᠦᠶᠦᠳᠡᠭ ᠬᠦᠬᠡ ᠳᠤ᠄ ︽ᠰᠠᠶ᠋ᠢ ᠶᠢᠨ ᠬᠡᠷᠢᠶ᠎ᠡ ᠳᠣᠣᠭᠠᠷᠣᠬᠰᠠᠨ  ᠶᠠᠪᠣᠳᠠᠯ ᠴᠢᠮ᠎ᠡ ᠳᠤ ᠳᠣᠶᠢᠯ ᠤᠨ ᠮᠠᠭᠤ ᠢᠷᠸ᠎ᠠ ᠲᠠᠢ᠂ ᠲᠠ ᠪᠣᠰᠢᠭᠤ ᠳᠦᠷᠭᠡᠨ ᠠᠳᠡ ᠠᠴᠠ ᠵᠠᠶᠢᠯᠠ︕︾ ᠬᠡᠵᠣ ᠰᠠᠨᠳᠣᠷᠣᠨ ᠬᠡᠯᠡᠪᠡ᠃ ᠶᠠᠭ ᠡᠨᠡ ᠦᠶ᠎ᠡ ᠳᠤ ᠭᠠᠳᠠᠨ᠎ᠠ ᠨᠠᠭᠠᠳᠴᠣ ᠪᠠᠶᠢᠬᠰᠠᠨ ᠬᠤᠶᠠᠷ  ᠪᠠᠨᠳᠢ ᠨᠢ ᠰᠠᠨᠳᠣᠷᠣᠨ ᠣᠷᠣᠵᠣ ᠢᠷᠡᠭᠡᠳ᠄ ︽ᠪᠠᠭᠰᠢ  ᠡ᠂ ᠪᠠᠭᠰᠢ ᠡ᠂ ᠰᠣᠨᠢᠨ ᠡ ᠫᠣᠣ ᠡᠬᠦᠷᠦᠭᠰᠡᠨ ᠮᠣᠷᠢ  ᠲᠠᠢ ᠬᠦᠮᠦᠨ ᠰᠦᠮ᠎ᠡ ᠶᠢᠨ ᠠᠷᠣ ᠶᠢᠨ ᠠᠭᠤᠯᠠ ᠪᠠᠷ ᠶᠠᠪᠣᠵᠣ ᠪᠠᠶᠢᠨ᠎ᠠ᠂ ᠰᠦᠮ᠎ᠡ ᠶᠢᠨ ᠭᠤᠷᠢᠶ᠎ᠠ ᠪᠠᠷ ᠪᠠᠰᠠ ᠶᠠᠪᠣᠵᠣ ᠪᠠᠶᠢᠨ᠎ᠠ︾ ᠬᠡᠵᠣ ᠬᠡᠯᠡᠬᠦ ᠳᠤ᠂ ᠬᠦᠶᠦᠳᠡᠭ ᠬᠦᠬᠡ ᠳᠦᠷᠬᠡᠨ ᠭᠠᠷᠴᠣ ᠮᠣᠷᠢ ᠪᠠᠨ ᠣᠨᠣᠵᠣ ᠬᠡᠷ ᠦᠬᠡᠳᠡ  ᠪᠠᠨ ᠶᠠᠪᠣᠬᠤ ᠬᠡᠰᠡᠨ ᠴᠢᠨᠢ ᠣᠭ᠍ᠶᠣᠳᠣ ᠶᠢᠨ ᠣᠯᠣᠮ ᠳᠠᠭᠠᠭᠠᠳ ᠫᠣᠣ ᠲᠠᠢ ᠬᠦᠮᠦᠨ ᠪᠠᠶᠢᠪᠠ᠃  ᠪᠠᠶᠠᠠᠴᠠᠭᠠᠨ ᠦᠬᠡᠳᠡ ᠭᠠᠷᠣᠶ᠎ᠠ ᠬᠡᠰᠡᠨ ᠴᠢᠨᠢ ᠮᠦᠨ ᠫᠣᠣ ᠲᠠᠢ ᠬᠦᠮᠦᠨ ᠬᠠᠷᠠᠬᠳᠠᠪᠠ᠃ ᠬᠦᠶᠦᠳᠡᠭ ᠬᠦᠬᠡ ᠣᠳᠣ ᠰᠦᠢ ᠬᠠᠢ ᠰᠠᠨ ᠤ ᠳᠤ ᠣᠴᠢᠬᠤ ᠨᠢ ᠬᠠᠮᠤᠭ ᠠᠮᠣᠷ ᠳᠦᠪᠰᠢᠨ ᠬᠡᠳ ᠮᠣᠷᠢᠨ ᠵᠢᠯᠣᠭᠤ ᠶᠢ ᠡᠷᠬᠢᠬᠦᠯᠳᠡᠯ᠎ᠡ ᠨᠢᠬᠡᠨ ᠰᠠᠭᠠᠷᠠᠯ ᠮᠣᠷᠢᠳᠠᠢ ᠬᠦᠮᠦᠨ ᠰᠢᠭᠤᠳ ᠨᠡᠬᠡᠨ ᠢᠷᠡᠪᠡ᠃ ᠳᠣᠯᠭᠠᠮ᠎ᠠ ᠳᠠᠭᠠᠷᠠᠬᠰᠠᠨ ᠣᠴᠢᠷ ᠬᠦᠶᠦᠳᠡᠭ ᠬᠦᠬᠡ ᠭᠠᠷ ᠫᠣᠣ ᠪᠠᠨ ᠠᠪᠣᠨ ᠬᠠᠷᠪᠣᠬᠰᠠᠨ ᠳᠤ ᠮᠢᠰᠢᠭ ᠤᠨ ᠣᠨᠣᠬᠰᠠᠨ ᠰᠠᠭᠠᠷᠠᠯ ᠮᠣᠷᠢᠨ ᠤ ᠬᠢᠨᠢ ᠴᠢᠬᠢ ᠣᠭ ᠢᠶᠠᠷ ᠢᠶᠠᠨ ᠳᠠᠰ ᠫᠣᠣᠳᠠᠬᠳᠠᠨ ᠳᠣᠩᠭᠤᠷᠴᠣᠬᠯᠠᠨ ᠣᠨᠣᠯ᠎ᠠ᠃ ᠮᠢᠰᠢᠭ ᠰᠣᠷᠭᠠᠯ ᠲᠠᠢ ᠪᠣᠯᠬᠤᠷ ᠵᠣᠬᠰᠤᠭ᠎ᠠ ᠪᠠᠷ ᠢᠶᠠᠨ ᠳᠣᠰᠴᠣ ᠣᠶᠢᠴᠢᠬᠰᠠᠨ ᠦᠭᠡᠢ᠃ ᠡᠨᠡ ᠬᠤᠭᠤᠷᠣᠨᠳᠣ ᠬᠦᠶᠦᠳᠡᠭ ᠬᠦᠬᠡ ᠶᠢᠨ ᠬᠤᠷᠳᠣᠨ ᠬᠤᠸᠠ ᠮᠣᠷᠢ ᠨᠡᠯᠢᠶᠡᠳ ᠬᠤᠯᠠ ᠰᠣᠭᠤᠷᠠᠨ ᠭᠠᠷᠳᠠᠯ᠎ᠠ ᠮᠢᠰᠢᠭ ᠵᠣᠬᠰᠤᠭ᠎ᠠ ᠪᠠᠷ ᠬᠡᠳᠣ ᠫᠣᠣᠳᠠᠳᠠᠯ᠎ᠠ ᠬᠦᠶᠦᠳᠡᠭ ᠬᠦᠬᠡ ᠶᠢ ᠣᠨᠣᠬᠰᠠᠨ ᠦᠭᠡᠢ᠂ ᠬᠦᠶᠦᠳᠡᠭ ᠬᠦᠬᠡ ᠳᠣᠭᠤᠢ ᠶᠢᠨ ᠰᠣᠭᠤ ᠶᠢ ᠳᠣᠭᠤᠷᠢᠨ ᠡᠷᠬᠢ ᠣᠷᠢᠶᠠᠭᠠᠳ ᠭᠠᠷᠬᠤ ᠦᠶᠡᠰ ᠲᠤ᠂ ᠮᠢᠰᠢᠭ ᠪᠠᠰᠠ ᠨᠢᠬᠡ ᠫᠣᠣᠳᠠᠬᠰᠠᠨ ᠳᠤ ᠮᠣᠷᠢ ᠬᠦᠮᠦᠨ ᠲᠠᠢ ᠪᠠᠨ ᠣᠶᠢᠴᠢᠴᠢᠬᠠᠯ᠎ᠠ᠃ ᠬᠦᠶᠦᠳᠡᠭ ᠬᠦᠬᠡ ᠶᠢᠨ ᠪᠦᠳᠦᠬᠦᠨ ᠭᠤᠶ᠎ᠠ  ᠶᠢ ᠬᠤᠭᠤ ᠫᠣᠣᠳᠠᠵᠣ ᠰᠢᠷᠬᠠᠳᠣᠭᠤᠯᠵᠠᠢ᠃ ᠢᠩᠬᠢᠬᠡᠳ ᠬᠦᠶᠦᠳᠡᠭ ᠬᠦᠬᠡ ᠣᠷᠳᠣ ᠫᠣᠣ ᠪᠠᠨ ᠠᠪᠴᠣ ᠫᠣᠣᠳᠠᠬᠰᠠᠨ  ᠳᠤ ᠨᠢᠬᠡ ᠳᠣᠣᠭᠠᠷᠣᠭᠠᠳ  ᠰᠣᠮᠣᠨ ᠬᠤᠩᠬᠢᠶ᠎ᠠ ᠨᠢ ᠳᠣᠷᠠᠵᠣ ᠳᠠᠬᠢᠵᠣ ᠳᠣᠣᠭᠠᠷᠬᠤ ᠪᠠᠨ ᠪᠣᠯᠢᠵᠠᠢ᠃ ᠳᠠᠬᠢᠭᠠᠳ ᠭᠠᠷ ᠫᠣᠣ ᠪᠠᠨ ᠠᠪᠴᠣ ᠠᠮᠢ ᠪᠠᠨ ᠬᠤᠣᠷᠯᠠᠶ᠎ᠠ ᠬᠡᠳ ᠫᠣᠣᠳᠠᠬᠰᠠᠨ ᠳᠤ ᠰᠣᠮᠣ ᠦᠭᠡᠢ ᠬᠤᠭᠤᠰᠣᠨ ᠪᠣᠯᠵᠠᠢ᠃ ᠢᠩᠬᠢᠬᠡᠳ ᠠᠮᠢᠳᠣ ᠪᠠᠷ ᠪᠠᠷᠢᠬᠳᠠᠬᠰᠠᠨ ᠪᠠᠶᠢᠪᠠ᠃    ᠮᠠᠬᠰᠠᠷ ᠮᠢᠰᠢᠭ ᠬᠦᠶᠦᠳᠡᠭ ᠬᠦᠬᠡ ᠶᠢ ᠪᠠᠷᠢᠵᠣ ᠠᠪᠣᠭᠠᠳ ᠮᠣᠷᠢᠨ ᠳᠡᠭᠡᠷ᠎ᠡ ᠬᠦᠨᠳᠡᠯᠡᠨ ᠠᠴᠢᠭᠠᠳ ᠬᠡᠷ ᠣᠷᠣᠭᠤ ᠨᠢ ᠶᠠᠪᠣᠵᠠᠢ᠃ ᠬᠦᠶᠦᠳᠡᠭ ᠬᠦᠬᠡ   ᠶᠢᠨ ᠡᠬᠡᠨᠡᠷ ᠨᠢ ᠫᠣᠣ ᠶᠢᠨ ᠳᠠᠭᠤᠨ ᠠᠴᠠ ᠰᠡᠵᠢᠭ ᠠᠪᠣᠨ ᠬᠦᠣ ᠰᠠᠩᠵᠠᠢ ᠪᠠᠨ ᠬᠢᠳᠡᠳ ᠤᠨ ᠬᠡᠣᠬᠡᠳ ᠤᠨ ᠶᠠᠩᠵᠣ ᠪᠠᠷ ᠬᠤᠪᠴᠠᠯᠠᠭᠠᠳ ᠰᠠᠬᠰᠣ ᠳᠣᠬᠤᠶᠢᠯᠠᠭᠤᠯᠣᠭᠠᠳ ᠪᠣᠣ ᠶᠢᠨ ᠠᠶᠢᠯ ᠣᠷᠣᠭᠤ ᠶᠠᠪᠣᠭᠤᠯᠵᠠᠢ᠃ ᠯᠠᠮᠠ ᠶᠢᠨ ᠰᠠᠩ ᠤᠨ ᠬᠤᠨᠢᠴᠢᠨ ᠪᠠᠳᠣ ᠯᠠᠮᠠ ᠱᠠᠩᠰᠢ ᠶᠢᠨ ᠳᠠᠯ᠎ᠠ ᠶᠢᠨ ᠬᠤᠶᠢᠨ᠎ᠠ ᠬᠤᠨᠢ ᠪᠠᠨ ᠪᠡᠯᠴᠢᠬᠡᠬᠡᠳ ᠪᠠᠶᠢᠬᠤ ᠳᠤ ᠰᠦᠮ᠎ᠡ ᠶᠢᠨ ᠣᠷᠴᠢᠮ ᠫᠣᠣ ᠬᠡᠳᠣ ᠬᠡᠳᠣ ᠳᠣᠣᠭᠠᠷᠣᠭᠠᠳ ᠠᠪᠬᠤ ᠳᠤ ᠰᠣᠴᠢᠨ ᠰᠦᠮ᠎ᠡ ᠣᠷᠣᠭᠤ ᠬᠠᠷᠠᠪᠠᠯ ᠠᠷᠪᠠᠭᠠᠳ ᠮᠣᠷᠢᠳᠠᠨ ᠨᠢᠬᠡ ᠬᠦᠮᠦᠨ ᠢ ᠠᠴᠢᠭᠠᠳ ᠢᠷᠡᠬᠦ ᠬᠠᠷᠠᠬᠳᠠᠯ᠎ᠠ᠃ ᠣᠶᠢᠷᠠᠲᠤᠭᠠᠳ ᠢᠷᠡᠬᠦ ᠪᠠᠷ ᠮᠣᠷᠢᠨ ᠨᠢᠷᠣᠭᠤᠨ ᠳᠡᠭᠡᠷᠡᠬᠢ ᠨᠢ ᠬᠦᠶᠦᠳᠡᠭ ᠬᠦᠬᠡ ᠪᠠᠶᠢᠯ᠎ᠠ᠃ ᠶᠠᠭ ᠡᠨᠡ ᠦᠶ᠎ᠡ ᠳᠤ ᠦᠨᠦ ᠰᠠᠬᠰᠣ ᠳᠣᠬᠤᠶᠢᠯᠠᠬᠰᠠᠨ ᠬᠡᠣᠬᠡᠳ ᠪᠠᠰᠠ ᠬᠦᠷᠴᠣ ᠢᠷᠡᠪᠡ᠃ ᠮᠠᠬᠰᠠᠷ ᠳᠣᠰᠣᠨ ᠣᠴᠢᠭᠠᠳ᠄ ︽ᠬᠡᠨ ᠤ ᠬᠡᠣᠬᠡᠳ ᠪᠣᠢ︖︾ ᠬᠡᠵᠣ ᠠᠰᠠᠭᠤᠬᠤ ᠳᠤ ᠳᠡᠷᠡ ᠬᠡᠣᠬᠡᠳ ︽ᠮᠡᠳᠡᠬᠦ ᠦᠭᠡᠢ︾ ᠬᠡᠮᠡᠨ ᠬᠢᠳᠡᠳ ᠢᠶᠠᠷ ᠬᠡᠯᠡᠬᠡᠳ ᠵᠣᠷᠢᠵᠣ ᠭᠠᠷᠣᠯ᠎ᠠ᠃ ᠬᠦ᠋︕ ᠬᠦᠶᠦᠳᠡᠭ ᠬᠦᠬᠡ ᠶᠢᠨ ᠬᠦᠣ ᠰᠠᠩᠵᠠᠢ ᠪᠠᠶᠢᠯ᠎ᠠ᠃ ᠠᠴᠢᠬᠳᠠᠵᠣ ᠶᠠᠪᠣᠵᠣ ᠪᠠᠶᠢᠭ᠎ᠠ ᠡᠴᠢᠬᠡ ᠶᠢᠨ ᠢᠶᠠᠨ ᠳᠠᠯ᠎ᠠ ᠪᠠᠷ ᠠᠵᠢᠭ ᠴᠦ ᠦᠭᠡᠢ ᠭᠠᠷᠬᠤ ᠭᠡᠳᠡᠭ ᠴᠢᠨᠢ ᠬᠡᠷᠡᠭ ᠰᠢᠦ ᠳ᠋ᠧ᠃ ᠳᠡᠳᠡᠭᠡᠷ ᠠᠷᠪᠠᠭᠠᠳ ᠮᠣᠷᠢᠳᠠᠨ ᠬᠦᠶᠦᠳᠡᠭ ᠬᠦᠬᠡ   ᠶᠢᠨ ᠬᠡᠷ ᠲᠤ ᠨᠢ ᠬᠦᠷᠬᠦ ᠳᠤ ᠨᠢᠬᠡ ᠴᠦ ᠬᠦᠮᠦᠨ ᠪᠠᠶᠢᠬᠤ ᠦᠭᠡᠢ ᠳᠣᠯᠠ ᠬᠤᠰᠢᠭᠤᠨ ᠣᠷᠣᠭᠤ ᠪᠠᠨ ᠶᠠᠪᠣᠬᠤ ᠵᠠᠮ ᠳᠤ ᠪᠠᠨ ᠮᠡᠯᠡᠬᠡᠢ ᠶᠢᠨ ᠳᠠᠪᠠᠭ᠎ᠠ ᠶᠢ ᠪᠠᠭᠤᠬᠤ ᠬᠦᠷᠬᠦ ᠦᠶᠡᠰ ᠴᠢᠰᠣ ᠨᠢ ᠭᠤᠭᠤᠵᠢᠵᠣ ᠪᠠᠷᠠᠭᠠᠳ ᠦᠭᠦᠭᠰᠡᠨ ᠪᠠᠶᠢᠨ᠎ᠠ᠃        ᠦᠶᠡᠯᠢᠳ ᠡᠪᠦᠭᠡ ᠪᠠᠳᠣ ᠯᠠᠮᠠ ᠠᠴᠠ ᠰᠣᠨᠣᠰᠣᠬᠰᠠᠨ ᠢᠶᠠᠨ ᠳᠡᠮᠳᠡᠭᠯᠡᠵᠣ᠂  ᠪᠠᠯᠳᠠᠨᠰᠠᠩᠪᠣᠣ ᠡᠮᠬᠢᠳᠬᠡᠨ ᠨᠠᠶᠢᠷᠠᠭᠤᠯᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号