2019 ᠣᠨ ᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ ︵ᠳᠣᠯᠤᠭ᠎ᠠ︶
ᠨᠡᠶᠢᠲᠡᠯᠡᠭᠰᠡᠨ ᠴᠠᠭ᠄
2019/3/19
ᠬᠠᠩᠭᠠᠨ᠎ᠠ᠃—— ᠤᠯᠠᠨ ᠲᠦᠮᠡᠨ ᠳᠤ ᠨᠡᠩ ᠣᠬᠢ ᠰᠠᠶᠢᠨ  ᠰᠣᠷᠭᠠᠨ ᠬᠦᠮᠦᠵᠢᠯ ᠤᠨ ᠡᠬᠢ ᠪᠠᠶᠠᠯᠢᠭ ᠬᠦᠷᠳᠡᠬᠡᠬᠦ ᠪᠠᠷ ᠴᠢᠷᠮᠠᠶᠢᠨ᠎ᠠ᠃ ᠰᠣᠷᠭᠠᠨ ᠬᠦᠮᠦᠵᠢᠯ ᠤᠨ ᠣᠳᠣᠬᠢᠴᠢᠯᠠᠯᠳᠠ ᠶᠢᠨ ᠠᠬᠢᠴᠠ ᠶᠢ ᠦᠷᠬᠦᠯᠵᠢᠯᠡᠨ ᠠᠬᠢᠭᠤᠯᠵᠦ᠂ ᠨᠡᠩ ᠪᠠᠶᠠᠯᠢᠭ ᠣᠯᠠᠨ ᠡᠰᠢᠳᠣ ᠨᠡᠶᠢᠳᠡ ᠶᠢᠨ ᠰᠣᠷᠭᠠᠨ ᠬᠦᠮᠦᠵᠢᠯ ᠤᠨ ᠦᠢᠯᠡᠴᠢᠯᠡᠭᠡ ᠶᠢ ᠪᠦᠲᠦᠮᠵᠢᠲᠡᠢ ᠬᠠᠩᠭᠠᠵᠦ᠂ ᠣᠬᠢ ᠰᠢᠯᠢᠳᠡᠭ ᠰᠣᠷᠭᠠᠨ ᠬᠦᠮᠦᠵᠢᠯ ᠤᠨ ᠡᠬᠢ ᠪᠠᠶᠠᠯᠢᠭ ᠢ ᠪᠦᠬᠦᠳᠡ ᠳᠤ ᠬᠠᠩᠭᠠᠵᠦ᠂ ᠬᠠᠮᠳᠣ ᠪᠠᠷ ᠡᠳ᠋ᠯᠡᠬᠦ ᠶᠢ ᠪᠡᠶᠡᠯᠡᠬᠦᠯᠣᠨ᠎ᠡ᠃ ᠦᠨᠳᠦᠰᠦᠳᠡᠨ ᠤ ᠰᠣᠷᠭᠠᠨ ᠬᠦᠮᠦᠵᠢᠯ ᠢ ᠤᠷᠢᠳᠠᠪᠠᠷ ᠭᠦᠭᠵᠢᠬᠦᠯᠵᠦ᠂ ᠦᠨᠳᠦᠰᠦᠳᠡᠨ ᠤ ᠰᠣᠷᠭᠠᠭᠤᠯᠢ ᠶᠢᠨ ᠪᠠᠷᠢᠮᠵᠢᠶᠠᠵᠢᠭᠰᠠᠨ ᠪᠠᠶᠢᠭᠤᠯᠤᠯᠲᠠ ᠶᠢ ᠭᠦᠨᠵᠡᠭᠡᠢ ᠦᠷᠨᠢᠭᠦᠯᠵᠦ᠂ ᠬᠤᠶᠠᠷ ᠰᠠᠭᠤᠷᠢ ᠬᠤᠳᠠ ᠶᠢᠨ ᠳᠡᠰ ᠤᠨ ᠦᠨᠳᠦᠰᠦᠳᠡᠨ  ᠣᠨᠴᠠᠯᠢᠭ ᠲᠠᠢ ᠰᠣᠷᠭᠠᠭᠤᠯᠢ ᠶᠢ ᠪᠦᠳᠦᠬᠡᠨ ᠪᠠᠶᠢᠭᠤᠯᠬᠤ ᠪᠠᠷ ᠴᠢᠷᠮᠠᠶᠢᠨ᠎ᠠ᠃ ᠰᠠᠨ ᠰᠢᠶᠠ ᠪᠠᠭ᠎ᠠ ᠰᠣᠷᠭᠠᠭᠤᠯᠢ᠂ ᠬᠠᠷᠠᠬᠠᠳᠠ ᠪᠠᠶᠢᠷᠢᠯᠠᠬᠤ ᠲᠦᠷᠢᠮᠳᠣ ᠰᠣᠷᠭᠠᠭᠤᠯᠢ ᠶᠢᠨ ᠶᠡᠷᠦᠩᠬᠡᠢ ᠠᠰᠠᠷ᠂ ᠬᠤᠰᠢᠭᠤ ᠰᠢᠭᠤᠳ ᠬᠠᠷᠢᠶ᠎ᠠ ᠳᠠᠪᠣᠳᠣᠭᠠᠷ ᠴᠡᠴᠡᠷᠯᠢᠭ ᠵᠢᠴᠢ ᠯᠢᠨᠳᠦ᠋ᠡᠭ ᠤᠨ ᠣᠨᠴᠠᠭᠠᠢ ᠰᠣᠷᠭᠠᠨ ᠬᠦᠮᠦᠵᠢᠯ ᠤᠨ ᠰᠣᠷᠭᠠᠭᠤᠯᠢ ᠵᠡᠷᠭᠡ ᠲᠦᠷᠦᠯ ᠵᠦᠢᠯ ᠢ ᠳᠦᠷᠭᠡᠳᠬᠡᠨ ᠨᠠᠶᠢᠳᠠᠪᠦᠷᠢᠵᠢᠭᠤᠯᠵᠤ᠂ ᠱᠠᠩ ᠵᠢᠩ ᠳᠡᠬᠡᠳᠣ ᠵᠡᠷᠭᠡ ᠶᠢᠨ ᠳᠣᠮᠳᠠᠳᠣ ᠰᠣᠷᠭᠠᠭᠤᠯᠢ ᠪᠠ ᠪᠠᠷᠢᠮᠵᠢᠶᠠᠵᠢᠬᠰᠠᠨ ᠠᠩᠬ᠎ᠠ ᠵᠡᠷᠭᠡ ᠶᠢᠨ ᠳᠣᠮᠳᠠᠳᠣ ᠰᠣᠷᠭᠠᠭᠤᠯᠢ ᠶᠢ ᠳᠦᠯᠦᠪᠯᠡᠨ ᠳᠦᠰᠦᠪᠯᠡᠵᠦ᠂ ᠰᠣᠷᠭᠠᠨ ᠬᠦᠮᠦᠵᠢᠯ ᠤᠨ ᠡᠬᠢ ᠪᠠᠶᠠᠯᠢᠭ ᠤᠨ ᠢ ᠳᠣᠬᠢᠷᠠᠮᠵᠢᠳᠠᠢ ᠬᠤᠪᠢᠶᠠᠷᠢᠯᠠᠯᠲᠠ ᠶᠢ ᠨᠢᠭᠡᠲᠦᠯᠲᠡᠢ ᠲᠦᠯᠦᠪᠯᠡᠨ᠂ ︽ᠣᠯᠠᠨ ᠰᠣᠷᠣᠬᠴᠢ ᠲᠠᠢ ᠠᠩᠬᠢ︾ ᠶᠢᠨ ᠦᠵᠡᠭᠳᠡᠯ ᠢ ᠦᠨᠳᠦᠰᠦᠨ ᠳᠤ ᠪᠠᠨ ᠦᠬᠡᠶᠢᠰᠬᠡᠨ᠎ᠡ᠃ ᠰᠣᠷᠬᠤ ᠨᠠᠰᠤᠨ  ᠠᠴᠠ ᠡᠮᠣᠨᠡᠬᠢ ᠰᠣᠷᠭᠠᠨ ᠬᠦᠮᠦᠵᠢᠯ ᠢ ᠶᠡᠭᠡ ᠪᠠᠷ ᠭᠦᠭᠵᠢᠬᠦᠯᠵᠦ᠂ ᠪᠦᠬᠦᠳᠡ ᠳᠤ ᠠᠰᠢᠬᠳᠠᠢ ᠴᠡᠴᠡᠷᠯᠢᠭ ᠤᠨ ᠪᠦᠳᠦᠴᠡ ᠶᠢ ᠦᠷᠭᠡᠳᠬᠡᠨ᠂ ᠴᠡᠴᠡᠷᠯᠢᠭ ᠲᠤ ᠣᠷᠣᠬᠤ ᠭᠤᠷᠪᠠᠨ ᠵᠢᠯ ᠤᠨ ᠨᠣᠷᠮ᠎ᠠ ᠶᠢ 85% ᠠᠴᠠ ᠳᠡᠭᠡᠭᠰᠢ ᠪᠠᠶᠢᠬᠤ ᠶᠢ ᠪᠠᠳᠣᠯᠠᠨ᠎ᠠ᠃ ᠬᠤᠳᠠ ᠬᠦᠳᠡᠭᠡ ᠶᠢᠨ ᠪᠠᠭᠰᠢ ᠶᠢᠨ ᠪᠦᠳᠦᠴᠡ ᠶᠢ ᠳᠦᠷᠬᠡᠳᠬᠡᠨ ᠳᠣᠬᠢᠷᠠᠭᠤᠯᠵᠦ᠂ ᠳᠣᠰᠬᠠᠢ ᠬᠢᠴᠢᠶᠡᠯᠯᠡᠭᠴᠢ ᠪᠠᠭᠰᠢ ᠶᠢ ᠰᠢᠯᠢᠳᠡᠭᠵᠢᠬᠦᠯᠣᠨ ᠳᠠᠪᠲᠠᠨ ᠪᠣᠯᠪᠠᠰᠣᠷᠠᠭᠤᠯᠬᠤ ᠪᠦᠷᠬᠦᠴᠡ ᠶᠢ ᠠᠬᠢᠭᠤᠯᠤᠨ᠂ ᠠᠯᠪᠠᠨ ᠵᠢᠷᠣᠮ ᠤᠨ ᠰᠣᠷᠭᠠᠨ ᠬᠦᠮᠦᠵᠢᠯ ᠪᠠ ᠡᠩ ᠤᠨ ᠳᠡᠬᠡᠳᠣ ᠵᠡᠷᠭᠡ ᠶᠢᠨ ᠳᠣᠮᠳᠠᠳᠣ ᠰᠣᠷᠭᠠᠭᠤᠯᠢ ᠶᠢᠨ ᠵᠢᠭᠠᠨ ᠰᠤᠷᠭᠠᠯᠲᠠ ᠶᠢᠨ ᠬᠢᠷᠢ ᠬᠡᠮᠵᠢᠶ᠎ᠡ ᠶᠢ ᠳᠣᠬᠳᠠᠭᠤᠨ ᠢᠶᠠᠷ ᠳᠡᠭᠡᠭᠰᠢᠯᠡᠬᠦᠯᠣᠨ᠎ᠡ᠃ ᠠᠵᠢᠯ ᠮᠡᠷᠬᠡᠵᠢᠯ ᠤᠨ ᠰᠣᠷᠭᠠᠨ ᠬᠦᠮᠦᠵᠢᠯ ᠤᠨ ᠣᠨᠴᠠᠯᠢᠬᠳᠣ ᠨᠡᠷ᠎ᠡ ᠳᠡᠮᠳᠡᠭ ᠢ ᠰᠡᠳᠬᠢᠯ ᠳᠠᠯᠪᠢᠨ ᠡᠬᠦᠳᠴᠣ᠂ ᠮᠡᠷᠭᠡᠵᠢᠯ ᠤᠨ ᠳᠠᠳᠣᠯᠭ᠎ᠠ ᠶᠢᠨ ᠪᠣᠯᠪᠠᠰᠣᠷᠠᠭᠤᠯᠣᠯ ᠤᠨ ᠲᠦᠷᠦᠯ ᠵᠦᠢᠯ ᠢ ᠨᠡᠬᠡᠬᠡᠵᠦ᠂ ᠦᠪᠡᠷᠳᠡᠬᠡᠨ ᠵᠠᠰᠠᠬᠤ ᠣᠷᠣᠨ ᠤ ᠳᠡᠰ ᠤᠨ ᠭᠤᠣᠯᠯᠠᠬᠴᠢ ᠳᠣᠰᠬᠠᠢ ᠮᠡᠷᠬᠡᠵᠢᠯ᠂ ᠣᠨᠴᠠᠯᠢᠬᠳᠣ ᠳᠣᠰᠬᠠᠢ ᠮᠡᠷᠬᠡᠵᠢᠯ ᠪᠠ ᠰᠢᠨ᠎ᠡ ᠶᠢ ᠡᠬᠦᠳᠦᠭᠰᠡᠨ ᠳᠣᠰᠬᠠᠢ ᠮᠡᠷᠬᠡᠵᠢᠯ ᠢ ᠳᠠᠰᠣᠷᠠᠯᠳᠠ ᠦᠭᠡᠢ ᠡᠭᠦᠳᠦᠨ᠎ᠡ᠃—— ᠣᠯᠠᠨ ᠳᠦᠮᠡᠨ ᠳᠤ ᠨᠡᠩ ᠦᠨᠳᠣᠷ  ᠬᠢᠷᠢ ᠬᠡᠮᠵᠢᠶ᠎ᠠ ᠲᠠᠢ ᠡᠮᠨᠡᠯᠬᠡ ᠶᠢᠨ ᠦᠢᠯᠡᠴᠢᠯᠡᠭᠡ ᠬᠦᠷᠳᠡᠬᠡᠬᠦ ᠪᠠᠷ ᠴᠢᠷᠮᠠᠶᠢᠨ᠎ᠠ᠃  ᠣᠯᠠᠨ ᠨᠡᠶᠢᠳᠡ ᠶᠢᠨ ᠡᠷᠡᠬᠦᠯ ᠬᠠᠮᠠᠭᠠᠯᠠᠯ ᠤᠨ ᠦᠢᠯᠡᠰ ᠢ ᠭᠦᠭᠵᠢᠬᠦᠯᠵᠦ᠂ ᠡᠮᠨᠡᠯᠬᠡ ᠪᠠ ᠡᠷᠡᠬᠦᠯ ᠬᠠᠮᠠᠭᠠᠯᠠᠯ ᠤᠨ ᠪᠠᠶᠢᠭᠤᠯᠤᠮᠵᠢ ᠶᠢᠨ ᠳᠣᠬᠳᠠᠯᠴᠠᠭ᠎ᠠ ᠶᠢ ᠲᠡᠭᠦᠯᠳᠡᠷᠵᠢᠭᠦᠯᠦᠨ᠂ ᠦᠨᠳᠦᠰᠦᠨ ᠡᠮᠨᠡᠯᠭᠡ ᠶᠢᠨ ᠦᠢᠯᠡᠴᠢᠯᠡᠭᠡ ᠶᠢ ᠰᠠᠶᠢᠵᠢᠷᠠᠭᠤᠯᠤᠨ᠎ᠠ᠃ ᠵᠡᠬᠦᠨ ᠬᠤᠳᠠ ᠵᠡᠭᠡᠯᠢ ᠶᠢᠨ ᠨᠡᠶᠢᠬᠡᠮ ᠳᠣᠭᠤᠷᠢᠭ ᠤᠨ ᠡᠷᠡᠬᠦᠯ ᠬᠠᠮᠠᠭᠠᠯᠠᠯ  ᠤᠨ ᠦᠢᠯᠡᠴᠢᠯᠡᠭᠡᠨ ᠤ ᠲᠦᠪ᠂ ᠰᠠᠨ ᠱᠠᠨ ᠰᠢᠶᠠᠩ ᠤᠨ ᠡᠷᠡᠬᠦᠯ ᠬᠠᠮᠠᠭᠠᠯᠠᠯ ᠤᠨ ᠬᠤᠷᠢᠶ᠎ᠠ ᠵᠡᠷᠭᠡ ᠦᠨᠳᠦᠰᠦᠨ ᠱᠠᠲᠤᠨ ᠤ 4 ᠡᠷᠡᠭᠦᠯ ᠬᠠᠮᠠᠭᠠᠯᠠᠯ ᠤᠨ ᠬᠤᠷᠢᠶ᠎ᠠ ᠶᠢᠨ ᠶᠡᠷᠦᠩᠬᠡᠶᠢᠯᠡᠭᠰᠡᠨ ᠠᠰᠠᠷ ᠤᠨ ᠪᠠᠶᠢᠭᠤᠯᠣᠯᠳᠠ ᠶᠢ ᠳᠦᠷᠬᠡᠳᠬᠡᠨ᠂ ᠦᠨᠳᠦᠰᠦᠨ ᠱᠠᠳᠣᠨ ᠤ ᠡᠮᠨᠡᠯᠬᠡ ᠪᠠ ᠡᠷᠡᠬᠦᠯ ᠬᠠᠮᠠᠭᠠᠯᠠᠯ ᠤᠨ ᠦᠢᠯᠡᠴᠢᠯᠡᠭᠡᠨ ᠤ ᠨᠦᠬᠦᠴᠡᠯ ᠢ ᠳᠠᠰᠣᠷᠠᠯᠳᠠ ᠦᠭᠡᠢ ᠰᠠᠶᠢᠵᠢᠷᠠᠭᠤᠯᠣᠨ᠎ᠠ᠃ ︽ᠡᠮᠨᠡᠯᠭᠡ ᠶᠢᠨ ᠬᠠᠮᠲᠤ ᠴᠣᠭᠴᠠ︾ ᠶᠢ ᠦᠷᠬᠦᠯᠵᠢᠯᠡᠨ ᠪᠦᠳᠦᠬᠡᠨ ᠪᠠᠶᠢᠭᠤᠯᠵᠤ᠂ ᠱᠠᠲᠤ ᠬᠤᠪᠢᠶᠠᠨ ᠡᠮᠴᠢᠯᠡᠬᠦ ᠦᠢᠯᠡᠴᠢᠯᠡᠭᠡᠨ ᠤ ᠰᠢᠰᠲ᠋ᠧᠮ ᠢ ᠳᠡᠬᠦᠯᠳᠡᠷᠵᠢᠬᠦᠯᠣᠨ᠂ ᠬᠤᠰᠢᠭᠤᠨ ᠳᠤ  ᠪᠠᠨ ᠡᠮᠨᠡᠬᠦᠯᠬᠦ ᠨᠣᠷᠮ᠎ᠠ ᠶᠢ 90% ᠠᠴᠠ ᠳᠡᠭᠡᠭᠰᠢ ᠪᠠᠶᠢᠬᠤ ᠶᠢ ᠪᠠᠳᠣᠯᠠᠨ᠎ᠠ᠃ ᠣᠳᠣ ᠦᠶ᠎ᠡ ᠶᠢᠨ ᠡᠮᠨᠡᠯᠬᠡ ᠶᠢᠨ ᠬᠤᠷᠢᠶᠠᠨ ᠤ ᠬᠠᠮᠢᠶᠠᠷᠣᠯᠳᠠ ᠶᠢᠨ ᠲᠦᠷᠢᠮ ᠢ ᠳᠦᠷᠬᠡᠳᠬᠡᠨ ᠪᠠᠶᠢᠭᠤᠯᠵᠦ᠂ ᠣᠯᠣᠰ ᠠᠴᠠ ᠡᠵᠡᠩᠨᠡᠭᠰᠡᠡ ᠡᠮᠨᠡᠯᠬᠡ  ᠶᠢᠨ ᠬᠤᠷᠢᠶᠠᠨ ᠤ ᠰᠢᠨᠵᠢᠯᠡᠬᠦ ᠣᠬᠠᠭᠠᠨᠴᠢ ᠨᠠᠷᠢᠯᠢᠭ ᠬᠠᠮᠢᠶᠠᠷᠤᠯᠲᠠ ᠶᠢ ᠠᠬᠢᠭᠤᠯᠤᠨ᠂ ᠬᠤᠰᠢᠭᠤᠨ ᠤ ᠡᠮᠨᠡᠯᠬᠡ ᠶᠢᠨ ᠬᠤᠷᠢᠶ᠎ᠠ ᠶᠢ ᠭᠤᠷᠪᠠᠳᠣᠭᠠᠷ ᠳᠡᠰ ᠤᠨ ᠶᠡᠷᠦᠩᠬᠡᠶᠢᠯᠡᠭᠰᠡᠨ ᠡᠮᠨᠡᠯᠬᠡ ᠶᠢᠨ ᠬᠤᠷᠢᠶ᠎ᠠ ᠶᠢᠨ ᠡᠩᠨᠡᠭᠡᠨ ᠳᠤ ᠣᠷᠣᠭᠤᠯᠬᠤ  ᠪᠠᠷ ᠴᠢᠷᠮᠠᠶᠢᠨ᠎ᠠ᠃ ᠦᠨᠳᠦᠰᠦᠳᠡᠨ ᠤ ᠡᠮ ᠡᠮᠨᠡᠯᠬᠡ ᠶᠢ ᠤᠯᠠᠮᠵᠢᠯᠠᠨ ᠵᠠᠯᠭᠠᠮᠵᠢᠯᠠᠬᠤ ᠪᠠ ᠰᠢᠨ᠎ᠡ ᠶᠢ ᠡᠬᠦᠳᠬᠦ ᠶᠢ ᠲᠦᠪᠯᠡᠷᠡᠭᠦᠯᠵᠦ᠂ ᠮᠣᠩᠭᠤᠯ ᠬᠢᠳᠡᠳ ᠡᠮ ᠡᠮᠨᠡᠯᠬᠡ ᠶᠢᠨ ᠦᠢᠯᠡᠰ ᠢ ᠶᠡᠭᠡ ᠪᠠᠷ ᠬᠦᠭᠵᠢᠭᠦᠯᠦᠨ᠂ ᠮᠣᠩᠭᠤᠯ ᠬᠢᠳᠡᠳ ᠡᠮᠨᠡᠯᠭᠡ ᠶᠢᠨ ᠶᠡᠷᠦᠩᠬᠡᠢ ᠦᠢᠯᠡᠴᠢᠯᠡᠭᠡᠨ ᠤ ᠴᠢᠳᠠᠪᠦᠷᠢ ᠶᠢ ᠴᠢᠷᠮᠠᠶᠢᠨ ᠳᠡᠭᠡᠭᠰᠢᠯᠡᠭᠦᠯᠦᠨ᠎ᠡ᠃ ᠡᠪᠡᠳᠴᠢᠨ ᠤ ᠲᠦᠷᠦᠯ ᠵᠦᠢᠯ ᠢᠶᠠᠷ ᠰᠦᠢᠳᠭᠡᠯ ᠬᠤᠷᠢᠶᠠᠬᠤ ᠦᠬᠡᠷᠡᠴᠢᠯᠡᠯᠳᠡ ᠶᠢ ᠪᠦᠬᠦ ᠳᠠᠯ᠎ᠠ ᠪᠠᠷ ᠬᠡᠷᠡᠭᠵᠢᠬᠦᠯᠵᠦ᠂ ᠡᠮᠨᠡᠯᠬᠡ ᠶᠢᠨ ᠦᠢᠯᠡᠴᠢᠯᠡᠬᠡᠨ ᠤ ᠠᠵᠢᠯᠯᠠᠭ᠎ᠠ ᠶᠢᠨ ᠪᠠᠷᠢᠮᠵᠢᠶ᠎ᠠ ᠲᠠᠢ ᠪᠣᠯᠬᠤ ᠶᠢ ᠦᠨᠡᠨᠬᠦ ᠠᠬᠢᠭᠤᠯᠤᠨ᠂ ᠣᠯᠠᠨ ᠳᠦᠮᠡᠨ ᠤ ᠡᠪᠡᠳᠴᠢᠨ ᠦᠵᠡᠬᠦᠯᠬᠦ ᠪᠠ ᠡᠮ ᠳᠠᠩ ᠬᠡᠷᠡᠭᠯᠡᠬᠦ ᠳᠠᠷᠣᠭᠠᠰᠣ ᠶᠢ ᠦᠷᠬᠦᠯᠵᠢᠯᠡᠨ ᠭᠦᠩᠬᠡᠯᠡᠨ᠎ᠡ᠃ ᠤᠯᠤᠰ ᠢᠶᠠᠨ ᠬᠠᠶᠢᠷᠠᠯᠠᠬᠤ ᠡᠷᠡᠬᠦᠯ ᠬᠠᠮᠠᠭᠠᠯᠠᠯ ᠤᠨ ᠬᠦᠳᠡᠯᠬᠡᠬᠡᠨ ᠢ ᠭᠦᠨᠵᠡᠭᠡᠢ ᠦᠷᠨᠢᠬᠦᠯᠵᠦ᠂ ᠡᠷᠡᠬᠦᠯ ᠬᠠᠮᠠᠭᠠᠯᠠᠯ ᠢᠶᠠᠷ ᠬᠤᠰᠢᠭᠤ  ᠪᠠᠨ ᠠᠬᠢᠭᠤᠯᠬᠤ ᠬᠦᠳᠡᠯᠬᠡᠬᠡᠨ ᠢ ᠪᠦᠬᠦ ᠳᠠᠯ᠎ᠠ ᠪᠠᠷ ᠦᠷᠨᠢᠬᠦᠯᠵᠦ᠂ ᠡᠷᠡᠬᠦᠯ ᠡᠩᠬᠡ ᠪᠠᠭᠠᠷᠢᠨ ᠵᠡᠬᠦᠨ ᠬᠤᠰᠢᠭᠤᠨ ᠤ ᠪᠦᠲᠦᠭᠡᠨ ᠪᠠᠶᠢᠭᠤᠯᠤᠯᠲᠠ ᠶᠢ ᠳᠦᠯᠬᠢᠨ ᠠᠬᠢᠭᠤᠯᠣᠨ᠎ᠠ᠃—— ᠣᠯᠠᠨ ᠳᠦᠮᠡᠨ ᠳᠤ ᠨᠡᠩ ᠢᠯᠡᠭᠦᠦ ᠨᠠᠶᠢᠳᠠᠪᠦᠷᠢᠳᠠᠢ ᠨᠡᠶᠢᠬᠡᠮ ᠤᠨ ᠪᠠᠲᠤᠯᠠᠭ᠎ᠠ ᠬᠠᠨᠭ᠍ᠭᠠᠨ᠎ᠠ᠃ ᠠᠷᠠᠳ ᠲᠦᠮᠡᠨ ᠢᠶᠠᠷ ᠭᠤᠣᠯ ᠴᠣᠬᠴᠠ ᠪᠤᠯᠭᠠᠬᠤ ᠬᠦᠭᠵᠢᠯᠳᠡ ᠶᠢᠨ ᠦᠵᠡᠯ ᠰᠠᠨᠠᠭ᠎ᠠ ᠶᠢ ᠪᠠᠷᠢᠮᠳᠠᠯᠠᠵᠦ᠂ ᠭᠦᠮᠦᠨ ᠪᠦᠬᠦᠨ  ᠳᠤ ᠦᠨᠳᠦᠰᠦᠨ ᠨᠡᠶᠢᠬᠡᠮ ᠤᠨ ᠪᠠᠲᠤᠯᠠᠭ᠎ᠠ ᠬᠠᠨᠭ᠍ᠭᠠᠬᠤ ᠦᠨᠳᠦᠰᠦᠨ ᠬᠠᠷᠠᠯᠳᠠ ᠪᠠᠨ ᠪᠣᠯᠭᠠᠵᠦ᠂ ᠣᠯᠠᠨ ᠳᠡᠰ ᠳᠠᠪᠬᠤᠷᠭ᠎ᠠ ᠶᠢᠨ ᠨᠡᠶᠢᠬᠡᠮ ᠤᠨ ᠪᠠᠲᠤᠯᠠᠭ᠎ᠠ ᠶᠢᠨ ᠳᠣᠬᠳᠠᠯᠴᠠᠭ᠎ᠠ ᠶᠢ ᠪᠦᠬᠦ ᠬᠦᠴᠦᠨ ᠢᠶᠠᠷ ᠢᠶᠠᠨ ᠪᠠᠶᠢᠭᠤᠯᠣᠨ᠎ᠠ᠃ ᠨᠡᠶᠢᠬᠡᠮ ᠤᠨ ᠳᠠᠭᠠᠳᠬᠠᠯ ᠤᠨ ᠪᠦᠷᠬᠦᠴᠡ ᠶᠢ ᠦᠷᠬᠦᠯᠵᠢᠯᠡᠨ ᠦᠷᠭᠡᠳᠭᠡᠵᠦ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠨᠠᠰᠣᠵᠢᠯ ᠤᠨ ᠳᠠᠭᠠᠳᠬᠠᠯ ᠢ ᠪᠠᠲᠤᠯᠠᠨ᠂ ᠡᠮᠨᠡᠯᠭᠡ ᠶᠢᠨ ᠳᠠᠭᠠᠳᠬᠠᠯ ᠳᠤ ᠣᠷᠣᠬᠤ ᠨᠣᠷᠮ᠎ᠠ ᠶᠢ 95% ᠠᠴᠠ ᠳᠡᠭᠡᠭᠰᠢ ᠪᠠᠶᠢᠯᠭᠠᠨ᠎ᠠ᠃ ᠠᠵᠢᠯ ᠣᠯᠭᠤᠯᠳᠠ ᠶᠢᠨ ᠣᠷᠣᠨ ᠪᠠᠶᠢᠷᠢ ᠶᠢ ᠨᠡᠮᠡᠭᠳᠡᠬᠦᠯᠬᠦ ᠪᠠᠷ ᠴᠢᠷᠮᠠᠶᠢᠵᠦ᠂ ᠵᠢᠯ ᠤᠨ ᠳᠣᠳᠣᠷ᠎ᠠ ᠬᠤᠳᠠ ᠪᠠᠯᠭᠠᠰᠣᠨ ᠳᠤ ᠰᠢᠨ᠎ᠡ ᠪᠠᠷ 1500 ᠬᠦᠮᠦᠨ ᠳᠤ ᠠᠵᠢᠯ ᠣᠯᠭᠤᠵᠦ᠂ 5 ᠲᠦᠮᠡᠨ ᠬᠦᠮᠦᠨ ᠣᠳᠠᠭ᠎ᠠ ᠠᠴᠠ ᠳᠡᠭᠡᠭᠰᠢᠬᠢ ᠬᠦᠳᠡᠯᠮᠣᠷᠢ ᠬᠦᠴᠦ ᠶᠢ ᠰᠢᠯᠵᠢᠬᠦᠯᠤᠨ᠂ ᠬᠤᠳᠠ ᠪᠠᠯᠭᠠᠰᠣᠨ ᠤ ᠠᠵᠢᠯ ᠠᠯᠳᠠᠬᠰᠠᠳ ᠤᠨ ᠨᠣᠷᠮ᠎ᠠ ᠶᠢ 4% ᠶᠢᠨ ᠳᠣᠳᠣᠷ᠎ᠠ ᠬᠢᠵᠠᠭᠠᠷᠯᠠᠨ᠎ᠠ᠃ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠨᠢᠭᠡᠲᠦᠯᠲᠡᠢ ᠦᠨᠳᠦᠰᠦᠨ ᠡᠮᠨᠡᠯᠬᠡ ᠶᠢᠨ ᠳᠠᠭᠠᠳᠬᠠᠯ ᠪᠤᠯᠤᠨ ᠬᠦᠨᠳᠣ ᠡᠪᠡᠳᠴᠢᠨ ᠤ ᠳᠠᠭᠠᠳᠬᠠᠯ ᠤᠨ ᠲᠦᠷᠢᠮ ᠢ ᠳᠡᠬᠦᠯᠳᠡᠷᠵᠢᠬᠦᠯᠣᠨ᠂ ᠢᠳᠡᠪᠬᠢ ᠠᠷᠭ᠎ᠠ ᠬᠡᠮᠵᠢᠶ᠎ᠠ ᠶᠢ ᠬᠡᠷᠡᠭᠯᠡᠨ ᠡᠮᠨᠡᠯᠬᠡ ᠶᠢᠨ ᠳᠠᠭᠠᠳᠬᠠᠯ ᠤᠨ ᠪᠡᠯᠡ ᠮᠦᠩᠬᠦ ᠶᠢ ᠵᠣᠬᠢᠰᠳᠠᠢ ᠬᠡᠷᠡᠭᠯᠡᠬᠦ ᠶᠢ ᠪᠠᠳᠣᠯᠠᠨ᠎ᠠ᠃ ᠬᠤᠳᠠ ᠬᠦᠳᠡᠭᠡ ᠶᠢᠨ ᠳᠣᠣᠷ᠎ᠠ ᠪᠠᠳᠣᠯᠠᠭᠠᠳᠣ ᠡᠷᠦᠬᠡ᠂ ᠲᠦᠷ ᠴᠠᠭ ᠤᠨ ᠲᠤᠰᠠᠯᠠᠮᠵᠢ᠂ ᠡᠮᠨᠡᠯᠬᠡ ᠶᠢᠨ ᠲᠤᠰᠠᠯᠠᠮᠵᠢ ᠵᠡᠷᠭᠡ ᠡᠯ᠎ᠡ ᠳᠠᠯ᠎ᠠ ᠶᠢᠨ ᠪᠠᠷᠢᠮᠵᠢᠶ᠎ᠠ ᠶᠢ ᠳᠣᠬᠳᠠᠭᠤᠨ ᠢᠶᠠᠷ ᠳᠡᠭᠡᠭᠰᠢᠯᠡᠭᠦᠯᠦᠨ᠂ ᠨᠡᠶᠢᠬᠡᠮ ᠤᠨ ᠪᠠᠲᠤᠯᠠᠭ᠎ᠠ ᠶᠢᠨ ᠪᠦᠷᠬᠦᠴᠡ ᠶᠢ ᠦᠷᠬᠦᠯᠵᠢᠯᠡᠨ ᠦᠷᠬᠡᠳᠬᠡᠵᠦ᠂ ᠨᠡᠶᠢᠬᠡᠮ ᠤᠨ ᠲᠤᠰᠠᠯᠠᠮᠵᠢ ᠶᠢᠨ ᠪᠠᠲᠤᠯᠠᠭ᠎ᠠ ᠶᠢᠨ ᠦᠢᠯᠡᠳᠣᠯ ᠢ ᠦᠨᠡᠨᠬᠦ ᠪᠠᠳᠠᠷᠠᠭᠤᠯᠣᠨ᠎ᠠ᠃ ᠨᠠᠰᠣᠵᠢᠯ ᠤᠨ ᠦᠢᠯᠡᠴᠢᠯᠡᠭᠡ ᠪᠣᠯᠤᠨ ᠡᠮᠨᠡᠯᠬᠡ ᠶᠢᠨ ᠦᠢᠯᠡᠴᠢᠯᠡᠬᠡᠨ ᠤ ᠤᠶᠠᠯᠳᠤᠯ ᠢ ᠠᠬᠢᠭᠤᠯᠵᠦ᠂ ᠨᠠᠰᠣᠳᠠᠨ ᠢ ᠠᠰᠠᠷᠠᠬᠤ ᠬᠦᠷᠢᠶᠡᠯᠡᠩ ᠢ ᠨᠢᠭᠡᠲᠦᠭᠦᠯᠦᠨ ᠳᠡᠰ ᠳᠡᠪᠰᠢᠬᠦᠯᠬᠦ ᠠᠯᠬᠤᠮ ᠢ ᠲᠦᠷᠭᠡᠳᠬᠡᠨ᠂ ︽1 +N︾  ᠣᠷᠣᠨ ᠬᠡᠪᠴᠢᠶᠡᠨ ᠤ ᠴᠢᠨᠠᠷᠳᠠᠢ ᠣᠨᠴᠠ ᠬᠦᠴᠢᠷᠳᠡᠯᠳᠡᠢ ᠶᠢ ᠨᠢ ᠠᠰᠠᠷᠠᠨ ᠬᠠᠷᠠᠭᠠᠯᠵᠠᠬᠤ ᠳᠣᠬᠳᠠᠯᠴᠠᠭ᠎ᠠ ᠶᠢ ᠪᠠᠶᠢᠭᠤᠯᠤᠨ᠎ᠠ᠃ ᠮᠠᠯᠴᠢᠨ ᠳᠠᠷᠢᠶᠠᠴᠢᠨ ᠬᠦᠯᠦᠰᠦᠨ ᠠᠵᠢᠯᠴᠢᠨ ᠤ ᠴᠠᠯᠢᠩ ᠬᠦᠯᠦᠰᠣ ᠶᠢ ᠣᠯᠭᠤᠬᠤ ᠣᠷᠳᠣᠮᠵᠢ ᠶᠢᠨ ᠴᠢᠨᠠᠷᠳᠠᠢ ᠵᠣᠬᠢᠴᠠᠮᠵᠢ ᠶᠢ ᠳᠡᠬᠦᠯᠳᠡᠷᠵᠢᠬᠦᠯᠵᠦ᠂ ︽ᠬᠤᠶᠠᠷ ᠮᠦᠩᠬᠦ ᠭᠤᠷᠪᠠᠨ ᠳᠦᠷᠢᠮ︾ ᠤᠨ ᠪᠠᠲᠤᠯᠠᠭ᠎ᠠ ᠶᠢᠨ ᠳᠦᠷᠢᠮ ᠢ ᠬᠢᠨᠠᠮᠠᠭᠠᠢ ᠨᠠᠶᠢᠳᠠᠪᠦᠷᠢᠵᠢᠭᠤᠯᠤᠨ᠂ ᠮᠠᠯᠴᠢᠨ ᠳᠠᠷᠢᠶᠠᠴᠢᠨ ᠬᠦᠯᠦᠰᠣᠨ ᠠᠵᠢᠯᠴᠢᠨ ᠤ ᠬᠠᠣᠯᠢ ᠶᠣᠰᠣᠨ ᠤ ᠡᠷᠭᠡ ᠠᠰᠢᠭ ᠢ ᠡᠷᠡᠰ ᠬᠠᠮᠠᠭᠠᠯᠠᠨ᠎ᠠ᠃︵ᠵᠢᠷᠭᠤᠭ᠎ᠠ︶ ᠨᠡᠶᠢᠬᠡᠮ ᠤᠨ ᠵᠠᠰᠠᠯᠲᠠ ᠶᠢ ᠳᠠᠰᠣᠷᠠᠯᠳᠠ ᠦᠭᠡᠢ ᠴᠢᠩᠭᠠᠳᠬᠠᠵᠦ᠂ ᠬᠠᠮᠳᠣ ᠪᠠᠷ ᠵᠠᠰᠠᠵᠦ ᠬᠠᠮᠳᠣ ᠪᠠᠷ ᠡᠳ᠋ᠯᠠᠬᠦ ᠰᠢᠨ᠎ᠡ ᠪᠠᠶᠢᠳᠠᠯ ᠢ ᠪᠠᠶᠢᠭᠤᠯᠣᠨ᠎ᠠ        ᠪᠢᠳᠠ ᠣᠯᠠᠨ ᠳᠦᠮᠡᠨ ᠤ ᠠᠮᠢ ᠨᠠᠰᠣ ᠡᠳ᠋ ᠬᠦᠷᠦᠩᠬᠡ ᠶᠢᠨ ᠠᠮᠤᠷ ᠲᠦᠪᠰᠢᠨ ᠲᠠᠢ ᠬᠤᠯᠪᠤᠭᠳᠠᠬᠤ ᠦᠨᠳᠦᠰᠦᠨ ᠠᠰᠠᠭᠤᠳᠠᠯ ᠳᠤ ᠴᠢᠭᠯᠡᠭᠦᠯᠦᠨ᠂ ᠰᠡᠷᠬᠡᠶᠢᠯᠡᠨ ᠪᠠᠶᠢᠷᠢᠯᠠᠭᠤᠯᠵᠦ ᠬᠠᠮᠳᠣᠳᠠ ᠨᠢ ᠵᠠᠰᠠᠬᠤ ᠶᠢ ᠪᠠᠷᠢᠮᠳᠠᠯᠠᠵᠦ ᠂ ᠣᠯᠠᠨ ᠳᠦᠮᠡᠨ ᠤ ᠣᠷᠣᠯᠴᠠᠬᠤ ᠣᠬᠠᠮᠰᠠᠷ᠂ ᠠᠶᠣᠯᠬᠦᠢ ᠰᠡᠳᠬᠢᠯᠭᠡ ᠪᠤᠯᠤᠨ ᠬᠠᠨᠣᠮᠵᠢ ᠶᠢᠨ ᠬᠡᠮᠵᠢᠶ᠎ᠡ ᠶᠢ ᠦᠷᠬᠦᠯᠵᠢᠯᠡᠨ ᠳᠡᠭᠡᠭᠰᠢᠯᠡᠬᠦᠯᠣᠨ᠎ᠡ᠃—— ᠬᠠᠷ᠎ᠠ ᠪᠦᠯᠦᠭᠳᠡᠨ ᠬᠠᠷᠭᠢᠰ ᠬᠦᠴᠦᠨ ᠢ ᠠᠷᠢᠯᠭᠠᠬᠤ ᠳᠡᠮᠡᠴᠡᠯ ᠢ ᠬᠦᠨᠵᠡᠬᠡᠢ ᠦᠷᠨᠢᠬᠦᠯᠣᠨ᠎ᠡ᠃ ᠬᠠᠷ᠎ᠠ ᠪᠦᠯᠦᠭᠳᠡᠨ ᠬᠠᠷᠬᠢᠰ ᠬᠦᠴᠦᠨ ᠲᠠᠢ ᠬᠤᠯᠪᠣᠬᠳᠠᠬᠤ ᠠᠰᠠᠭᠤᠳᠠᠯ ᠳᠣᠪᠤᠶᠢᠮ᠎ᠠ ᠪᠠᠶᠢᠬᠤ ᠭᠤᠣᠯᠳᠠᠯᠭ᠎ᠠ ᠲᠠᠢ ᠣᠷᠣᠨ᠂ ᠠᠵᠢᠯ ᠲᠦᠷᠦᠯ ᠵᠢᠴᠢ ᠬᠦᠷᠢᠶ᠎ᠡ ᠴᠠᠷᠠᠭ᠎ᠠ ᠶᠢ ᠨᠢᠭᠡᠲᠦᠭᠦᠯᠦᠨ᠂ ᠬᠠᠣᠯᠢ ᠪᠠᠷ ᠴᠢᠩᠭ᠎ᠠ ᠰᠢᠳᠬᠡᠬᠦ ᠪᠠ ᠪᠠᠭ᠎ᠠ ᠳᠤᠨᠢ ᠠᠷᠢᠯᠭᠠᠬᠤ᠂ ᠬᠤᠭ ᠦᠭᠡᠢ ᠠᠷᠢᠯᠭᠠᠬᠤ ᠶᠢ ᠪᠠᠷᠢᠮᠳᠠᠯᠠᠵᠦ᠂ ᠣᠯᠠᠨ ᠳᠦᠮᠡᠨ ᠤ ᠳᠣᠰᠬᠠᠯ ᠢᠶᠠᠷ ᠴᠢᠩᠭ᠎ᠠ ᠪᠦᠭᠡᠳ ᠬᠤᠷᠤᠰᠤᠯ ᠶᠡᠭᠡ ᠬᠠᠷ᠎ᠠ ᠪᠦᠯᠦᠭᠲᠡᠨ ᠬᠠᠷᠬᠢᠰ ᠬᠦᠴᠦᠨ ᠤ ᠬᠠᠤᠯᠢ ᠶᠢ ᠵᠦᠷᠢᠴᠡᠭᠰᠡᠨ ᠶᠠᠯᠠᠲᠤ ᠠᠵᠢᠯᠯᠠᠭ᠎ᠠ ᠳᠤ ᠬᠦᠴᠦᠳᠠᠢ ᠴᠣᠬᠢᠯᠳᠠ ᠦᠭᠭᠦᠨ᠎ᠡ᠃ ᠨᠡᠶᠢᠬᠡᠮ ᠤᠨ ᠠᠮᠣᠷ ᠢ ᠬᠠᠮᠠᠭᠠᠯᠠᠬᠤ ᠶᠡᠷᠦᠩᠬᠡᠶᠢᠯᠡᠨ ᠵᠠᠰᠠᠬᠤ ᠳᠠᠪᠠᠭᠤᠯᠢᠭ ᠢᠶᠠᠨ ᠪᠠᠳᠠᠷᠠᠭᠤᠯᠤᠨ᠂ ᠬᠠᠮᠵᠢᠯᠴᠠᠨ ᠠᠵᠢᠯᠯᠠᠬᠤ ᠳᠣᠬᠳᠠᠯᠴᠠᠭ᠎ᠠ ᠶᠢ ᠪᠠᠶᠢᠭᠤᠯᠤᠨ ᠲᠡᠭᠦᠯᠳᠡᠷᠵᠢᠭᠦᠯᠵᠦ᠂ ᠣᠯᠠᠨ ᠳᠡᠰ ᠳᠠᠪᠬᠤᠷᠭ᠎ᠠ ᠲᠠᠢ᠂ ᠨᠡᠶᠢᠳᠡᠮ ᠪᠦᠷᠬᠦᠴᠡ ᠲᠠᠢ ᠴᠢᠩᠭ᠎ᠠ ᠳᠠᠷᠣᠩᠭᠤᠶᠢᠯᠠᠬᠤ ᠪᠠᠶᠢᠳᠠᠯ ᠢ ᠢᠳᠡᠭ ᠢᠳᠡᠭ ᠢᠶᠠᠷ ᠪᠤᠢ ᠪᠤᠯᠭᠠᠨ᠎ᠠ᠃ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠲᠤᠯᠬᠤ ᠪᠤᠯᠤᠨ ᠬᠦᠳᠡᠭᠡ ᠳᠣᠰᠬᠤᠨ ᠢ ᠬᠦᠭᠵᠢᠭᠦᠯᠦᠨ ᠮᠠᠨᠳᠤᠭᠤᠯᠬᠤ ᠶᠢᠨ ᠲᠣᠭᠤᠷᠢᠨ ᠳᠤ᠂ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠳᠡᠮᠡᠴᠡᠯ  ᠢ ᠢᠯᠵᠠᠷᠠᠯ ᠢ ᠡᠰᠡᠷᠬᠦᠴᠡᠬᠦ ᠳᠡᠮᠡᠴᠡᠯ ᠪᠤᠯᠤᠨ ᠦᠨᠳᠦᠰᠦᠨ ᠱᠠᠳᠣᠨ ᠤ ︽ᠢᠯᠠᠭ᠎ᠠ ᠶᠢ ᠠᠷᠢᠯᠭᠠᠬᠤ︾ ᠲᠠᠢ ᠣᠷᠭᠠᠨᠢᠭ ᠢᠶᠠᠷ ᠤᠶᠠᠯᠳᠤᠭᠤᠯᠤᠨ᠂ ︽ᠬᠠᠯᠠᠬᠠᠪᠴᠢ ᠰᠢᠭᠦᠷ︾ ᠢ ᠨᠢ ᠳᠣᠶᠢᠯᠪᠦᠷᠢᠳᠠᠢ ᠪᠠᠶᠢᠴᠠᠭᠠᠨ ᠢᠯᠡᠷᠡᠬᠦᠯᠵᠦ᠂ ᠬᠠᠷ᠎ᠠ ᠪᠦᠯᠦᠭᠳᠡᠨ ᠬᠠᠷᠭᠢᠰ ᠬᠦᠴᠦᠨ ᠤ ᠡᠬᠦᠰᠴᠤ ᠲᠦᠯᠵᠢᠬᠦ ᠬᠦᠷᠦᠰᠤ ᠰᠢᠷᠤᠢ ᠶᠢ ᠬᠤᠭ ᠦᠬᠡᠢ ᠴᠡᠪᠡᠷᠯᠡᠨ᠎ᠡ᠃ ᠬᠡᠷᠡᠭ ᠢᠯᠡᠷᠡᠬᠦᠯᠬᠦ ᠴᠢᠳᠠᠪᠦᠷᠢ ᠪᠤᠯᠤᠨ ᠬᠢᠷᠢ ᠬᠡᠮᠵᠢᠶ᠎ᠡ ᠪᠠᠨ ᠳᠠᠰᠣᠷᠠᠯᠳᠠ ᠦᠭᠡᠢ ᠳᠡᠭᠡᠭᠰᠢᠯᠡᠬᠦᠯᠵᠦ᠂ ᠬᠡᠷᠡᠴᠢ ᠪᠠᠷᠢᠮᠳᠠ ᠶᠢᠨ ᠦᠵᠡᠯ ᠣᠬᠠᠮᠰᠠᠷ ᠪᠤᠯᠤᠨ ᠳᠡᠰ ᠳᠠᠷᠠᠭᠠᠯᠠᠯ ᠤᠨ ᠣᠬᠠᠮᠰᠠᠷ ᠢᠶᠠᠨ ᠴᠢᠩᠭᠠᠳᠬᠠᠨ᠂ ᠬᠠᠷ᠎ᠠ ᠪᠦᠯᠦᠭᠳᠡᠨ ᠬᠠᠷᠭᠢᠰ ᠬᠦᠴᠦᠨ ᠲᠠᠢ ᠬᠤᠯᠪᠤᠭᠳᠠᠭᠰᠠᠨ ᠬᠠᠣᠯᠢ ᠶᠢ ᠵᠦᠷᠢᠴᠡᠨ ᠶᠠᠯ᠎ᠠ ᠭᠢᠭᠰᠡᠳ ᠤᠨ ︽ᠮᠦᠩᠬᠦᠨ ᠭᠦᠢᠯᠭᠡᠭᠡᠨᠵᠢᠯᠲᠡ︾᠂ ︽ᠨᠢᠭᠤᠴᠠ ᠳᠠᠯᠳᠠᠯᠢᠭ︾ ᠵᠢᠴᠢ ︽ᠵᠦᠭᠡᠯᠡᠨ ᠰᠦᠷᠳᠡᠬᠦᠯᠣᠯᠳᠠ︾ ᠵᠡᠷᠭᠡ ᠰᠢᠨ᠎ᠡ ᠣᠨᠴᠠᠯᠢᠭ ᠤᠳ ᠢ ᠢᠳᠡᠪᠬᠢᠲᠡᠢ ᠮᠦᠷᠳᠡᠨ ᠨᠡᠬᠡᠵᠦ᠂ ᠠᠵᠢᠯ ᠤᠨ ᠰᠠᠨᠠᠭᠠᠴᠢᠯᠭᠠᠳᠣ ᠡᠷᠬᠡ ᠪᠠᠨ ᠪᠠᠳᠣ ᠡᠵᠡᠮᠰᠢᠨ᠎ᠡ᠃ ᠡᠯ᠎ᠡ ᠳᠠᠯ᠎ᠠ ᠶᠢᠨ ᠡᠬᠢ ᠰᠣᠷᠪᠤᠯᠵᠢ ᠶᠢᠨ ᠬᠦᠴᠦᠨ ᠢ ᠨᠢᠬᠡᠳᠣᠯᠳᠠᠢ ᠳᠦᠯᠦᠪᠯᠡᠵᠦ᠂ ᠣᠯᠠᠨ ᠳᠦᠮᠡᠨ ᠢ ᠭᠦᠢᠴᠡᠳ ᠳᠠᠶᠢᠴᠢᠯᠠᠬᠤ ᠪᠠ ᠲᠦᠰᠢᠭᠯᠡᠵᠦ᠂ ᠬᠠᠷ᠎ᠠ ᠪᠦᠯᠦᠭᠳᠡᠨ ᠬᠠᠷᠭᠢᠰ ᠬᠦᠴᠦᠨ ᠢ ᠠᠷᠢᠯᠭᠠᠬᠤ ᠲᠡᠮᠡᠴᠡᠯ ᠢ ᠬᠦᠨᠵᠡᠬᠡᠢ ᠦᠷᠨᠢᠬᠦᠯᠣᠨ᠂ ᠪᠣᠳᠠᠳᠣ ᠦᠷ᠎ᠡ ᠠᠰᠢᠭ ᠢᠶᠠᠷ ᠢᠶᠠᠨ ᠣᠯᠠᠨ ᠳᠦᠮᠡᠨ ᠤ ᠠᠶᠤᠯᠭᠦᠢ ᠰᠡᠳᠬᠢᠯᠭᠡ ᠶᠢ ᠨᠡᠮᠡᠭᠳᠡᠬᠦᠯᠣᠨ᠎ᠡ᠃—— ᠠᠶᠣᠯᠬᠦᠢ ᠦᠢᠯᠡᠳᠪᠦᠷᠢᠯᠡᠯ ᠢ ᠠᠣᠬᠤᠬᠤ ᠦᠨᠳᠦᠰᠦᠨ ᠰᠡᠳᠬᠢᠬᠦᠢ ᠶᠢ ᠪᠣᠢ ᠪᠣᠯᠭᠠᠨ᠎ᠠ  ᠃ ︽ᠨᠠᠮ ᠵᠠᠰᠠᠭ ᠬᠠᠮᠳᠣ ᠬᠠᠷᠢᠭᠤᠴᠠᠬᠤ᠂ ᠨᠢᠬᠡ ᠠᠵᠢᠯ ᠤᠨ ᠪᠠᠶᠢᠷᠢ ᠳᠤ ᠬᠤᠶᠠᠷ ᠬᠠᠷᠢᠭᠤᠴᠠᠯᠭ᠎ᠠ ᠶᠠᠪᠣᠭᠤᠯᠬᠤ᠂ ᠬᠠᠷᠢᠭᠤᠴᠠᠯᠭ᠎ᠠ ᠠᠯᠳᠠᠪᠠᠯ ᠨᠡᠬᠡᠮᠵᠢᠯᠡᠬᠦ︾ ᠪᠤᠯᠤᠨ ︽ᠭᠤᠷᠪᠠᠨ ᠡᠷᠭᠡᠪᠰᠢ︾ ᠶᠢᠨ ᠱᠠᠭᠠᠷᠳᠠᠯᠭ᠎ᠠ ᠶᠢ ᠴᠢᠩᠭ᠎ᠠ ᠨᠠᠶᠢᠳᠠᠪᠦᠶᠢᠷᠵᠢᠭᠤᠯᠵᠤ᠂ ᠠᠶᠣᠯᠬᠦᠢ ᠦᠢᠯᠡᠳᠪᠦᠷᠢᠯᠡᠯ ᠤᠨ ᠦᠬᠡᠷᠡᠴᠢᠯᠡᠯᠳᠡ ᠶᠢᠨ ᠵᠢᠯ ᠤᠨ ᠠᠵᠢᠯᠯᠠᠭᠠᠨ ᠢ ᠬᠦᠨᠵᠡᠬᠡᠢ ᠦᠷᠨᠢᠬᠦᠯᠣᠨ᠂ ᠰᠣᠮᠣ ᠪᠠᠯᠭᠠᠰᠣ ᠵᠡᠬᠡᠯᠢ ᠭᠤᠳᠤᠮᠵᠢ ᠶᠢᠨ ᠠᠶᠣᠯᠬᠦᠢ ᠦᠢᠯᠡᠳᠪᠦᠷᠢᠯᠡᠯ ᠤᠨ ᠬᠢᠨᠠᠨ ᠪᠠᠶᠢᠴᠠᠭᠠᠬᠤ ᠠᠯᠪᠠᠨ ᠬᠡᠷ ᠤᠨ ᠪᠦᠲᠦᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠪᠡᠶᠡᠯᠡᠭᠦᠯᠦᠨ᠎ᠡ᠃ ᠠᠵᠦ ᠠᠬᠤᠶᠢᠯᠠᠯ ᠤᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠦᠷᠢᠵᠢᠭᠤᠯᠬᠤ ᠠᠵᠢᠯᠯᠠᠭᠠᠨ ᠢ ᠦᠷᠨᠢᠬᠦᠯᠵᠦ᠂ ︽ᠵᠠᠰᠠᠭ ᠪᠠᠴᠢᠮᠳᠠᠪᠠᠴᠣ ᠠᠵᠣ ᠠᠬᠤᠶᠢᠯᠠᠯ ᠰᠣᠯᠠᠷᠠᠬᠤ︾ ᠵᠡᠷᠭᠡ ᠳᠣᠪᠣᠶᠢᠮ᠎ᠠ ᠠᠰᠠᠭᠤᠳᠠᠯ ᠤᠳ ᠢ ᠬᠦᠴᠦᠯᠡᠨ ᠰᠢᠢᠳᠪᠦᠷᠢᠯᠡᠵᠦ᠂ ᠠᠵᠦ ᠠᠬᠤᠶᠢᠯᠠᠯ ᠤᠨ ᠠᠮᠣᠷ ᠳᠦᠪᠰᠢᠨ ᠤ ᠬᠢᠷᠢ ᠬᠡᠮᠵᠢᠶ᠎ᠡ ᠶᠢ ᠳᠡᠭᠡᠭᠰᠢᠯᠡᠬᠦᠯᠣᠨ᠂ ᠠᠶᠣᠯ ᠤᠨ ᠡᠬᠢ ᠡᠭᠦᠰᠦᠯ ᠢ ᠪᠦᠬᠦ ᠬᠦᠴᠤᠨ ᠢᠶᠠᠷ ᠢᠶᠠᠨ ᠰᠡᠷᠭᠡᠶᠢᠯᠡᠵᠦ᠂ ︽ᠶᠡᠭᠡ ᠪᠠᠷ ᠪᠠᠶᠢᠴᠠᠭᠠᠬᠤ᠂ ᠶᠡᠭᠡ ᠪᠠᠷ ᠵᠠᠰᠠᠬᠤ᠂ ᠬᠠᠣᠯᠢ ᠶᠢ ᠴᠢᠩᠭ᠎ᠠ ᠬᠡᠷᠡᠭᠵᠢᠬᠦᠯᠬᠦ︾ ᠠᠵᠢᠯᠯᠠᠭᠠᠨ ᠢ ᠡᠷᠴᠢᠮᠳᠠᠢ ᠦᠷᠨᠢᠭᠦᠯᠦᠨ᠂ ᠠᠶᠣᠯ ᠤᠨ ᠦᠨᠳᠣᠰᠣ ᠶᠢ ᠪᠠᠶᠢᠴᠠᠭᠠᠨ ᠢᠯᠡᠷᠡᠬᠦᠯᠵᠦ ᠵᠠᠰᠠᠬᠤ ᠦᠬᠡᠷᠡᠴᠢᠯᠡᠯᠳᠡ ᠶᠢ ᠬᠦᠨᠳᠡᠯᠡᠨ ᠢᠶᠠᠷ ᠬᠦᠪᠡᠭᠡ ᠵᠠᠬ᠎ᠠ ᠳᠤ ᠬᠦᠷᠳᠡᠯ᠎ᠡ᠂ ᠭᠤᠯᠳᠣ ᠪᠠᠷ ᠣᠭ ᠦᠨᠳᠦᠰᠦ ᠳᠤ  ᠨᠢ ᠬᠦᠷᠳᠡᠯ᠎ᠡ ᠬᠢᠬᠦ ᠶᠢ ᠪᠠᠳᠣᠯᠠᠨ᠎ᠠ᠃ ᠪᠠᠴᠢᠮ ᠪᠠᠶᠢᠳᠠᠯ ᠢ ᠠᠷᠭᠠᠴᠠᠬᠠᠣ ᠡᠯ᠎ᠡ ᠵᠦᠢᠯ ᠤᠨ ᠪᠡᠯᠡᠳᠬᠡᠯ ᠲᠦᠰᠦᠪ ᠢ ᠵᠠᠰᠠᠨ ᠳᠡᠬᠦᠯᠳᠡᠷᠵᠢᠬᠦᠯᠵᠦ᠂ ᠪᠠᠴᠢᠮ ᠪᠠᠶᠢᠳᠠᠯ ᠢ ᠠᠷᠭᠠᠴᠠᠬᠤ  ᠳᠣᠬᠳᠠᠮᠠᠯ ᠬᠤᠭᠤᠴᠠᠭ᠎ᠠ ᠲᠠᠢ ᠰᠣᠷᠢᠯᠳᠠ ᠶᠢ ᠵᠣᠬᠢᠶᠠᠨ ᠪᠠᠶᠢᠭᠤᠯᠵᠦ᠂ ᠰᠢᠢᠳᠪᠦᠷᠢᠯᠡᠬᠦ ᠴᠢᠳᠠᠪᠦᠷᠢ ᠪᠤᠯᠤᠨ ᠣᠯᠠᠨ ᠳᠦᠮᠡᠨ ᠤ ᠠᠶᠣᠯ ᠠᠴᠠ ᠵᠠᠶᠢᠯᠠᠨ ᠦᠪᠡᠷ ᠢ  ᠪᠠᠨ ᠠᠪᠣᠷᠠᠬᠤ ᠣᠬᠠᠮᠰᠠᠷ ᠢ ᠴᠢᠷᠮᠠᠶᠢᠨ ᠳᠡᠭᠡᠭᠰᠢᠯᠡᠬᠦᠯᠣᠨ᠎ᠡ᠃ ᠠᠶᠤᠯᠬᠦᠢ ᠦᠢᠯᠡᠳᠪᠦᠷᠢᠯᠡᠯ ᠤᠨ ᠪᠠᠷᠢᠮᠵᠢᠶᠠᠵᠢᠭᠰᠠᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ︽ᠲᠤᠰᠬᠠᠢ ᠮᠡᠷᠭᠡᠵᠢᠯᠲᠡᠳ ᠬᠠᠮᠲᠤᠷᠠᠨ ᠣᠨᠤᠰᠢᠯᠠᠬᠤ︾ ᠨᠡᠶᠢᠭᠡᠮᠴᠢᠯᠡᠭᠰᠡᠨ ᠦᠢᠯᠡᠴᠢᠯᠡᠭᠡ ᠶᠢ ᠲᠦᠭᠡᠮᠡᠯᠵᠢᠭᠦᠯᠦᠨ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠶᠢ ᠲᠤᠰᠬᠠᠢ ᠮᠡᠷᠭᠡᠵᠢᠯ ᠤᠨ ᠴᠢᠳᠠᠪᠦᠷᠢᠲᠠᠨ ᠤ ᠬᠠᠮᠢᠶᠠᠷᠤᠯᠲᠠ ᠵᠦᠭ ᠬᠦᠭᠵᠢᠭᠦᠯᠦᠨ᠎ᠡ᠃ ᠰᠡᠷᠡᠮᠵᠢ ᠶᠢᠨ ᠰᠤᠷᠭᠠᠨ ᠬᠦᠮᠦᠵᠢᠯ ᠤᠨ ᠤᠬᠠᠭᠤᠯᠭ᠎ᠠ ᠶᠢ ᠪᠦᠬᠦ ᠲᠠᠯ᠎ᠠ ᠪᠠᠷ ᠦᠷᠨᠢᠭᠦᠯᠵᠦ᠂ ᠠᠶᠤᠯᠬᠦᠢ ᠦᠢᠯᠡᠳᠪᠦᠷᠢᠯᠡᠯ ᠤᠨ ᠪᠣᠯᠪᠠᠰᠤᠷᠠᠯ ᠢ ᠣᠯᠠᠨ ᠠᠷᠭ᠎ᠠ ᠵᠠᠮ ᠢᠶᠠᠷ ᠵᠣᠬᠢᠶᠠᠨ ᠪᠠᠶᠢᠭᠤᠯᠵᠤ᠂ ᠦᠡᠭᠬᠡᠷᠡᠭᠰᠡᠨ ᠤ ᠬᠢ ᠪᠠᠷ ᠰᠤᠷᠭᠠᠮᠵᠢ ᠪᠣᠯᠭᠠᠨ᠂ ᠰᠡᠷᠡᠮᠵᠢ ᠶᠢᠨ ᠬᠤᠩᠬᠤ ᠶᠢ ᠦᠷᠭᠦᠯᠵᠢ ᠳᠤᠤᠭᠠᠷᠭᠠᠨ᠎ᠠ᠃—— ᠨᠡᠶᠢᠭᠡᠮ ᠤᠨ ᠶᠡᠷᠦᠩᠬᠡᠶᠢᠯᠡᠨ ᠵᠠᠰᠠᠬᠤ ᠰᠢᠨ᠎ᠡ ᠶᠢ ᠡᠭᠦᠳᠬᠦ ᠶᠢ ᠴᠢᠩᠭᠠᠳᠬᠠᠨ᠎ᠠ᠃ ᠨᠡᠶᠢᠭᠡᠮ ᠲᠣᠭᠤᠷᠢᠭ ᠢ ᠵᠠᠰᠠᠬᠤ ᠬᠡᠪ ᠵᠠᠭᠪᠤᠷ ᠢ ᠲᠠᠰᠤᠷᠠᠯᠲᠠ ᠦᠭᠡᠢ ᠰᠢᠨ᠎ᠡ ᠶᠢ ᠡᠭᠦᠳᠴᠦ᠂ ᠨᠡᠶᠢᠭᠡᠮ ᠲᠣᠭᠤᠷᠢᠭ᠂ ᠨᠡᠶᠢᠭᠡᠮ ᠤᠨ ᠵᠣᠬᠢᠶᠠᠨ ᠪᠠᠶᠢᠭᠤᠯᠤᠯᠲᠠ ᠵᠢᠴᠢ ᠨᠡᠶᠢᠭᠡᠮ ᠤᠨ ᠠᠵᠢᠯ ︽ᠭᠤᠷᠪᠠᠨ ᠨᠡᠶᠢᠭᠡᠮ ᠤᠨ ᠬᠠᠮᠳᠤᠷᠠᠯᠴᠠᠭ᠎ᠠ︾ ᠶᠢᠨ ᠵᠣᠬᠢᠴᠠᠮᠵᠢ ᠶᠢ ᠠᠬᠢᠭᠤᠯᠤᠨ᠂ ᠵᠠᠰᠠᠭ ᠤᠨ ᠣᠷᠳᠣᠨ ᠬᠠᠮᠢᠶᠠᠷᠬᠤ᠂ ᠨᠡᠶᠢᠭᠡᠮ
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号