6 ᠰᠠᠷ᠎ᠠ ᠶᠢᠨ 11 ᠤ ᠡᠳᠦᠷ᠂ ᠪᠠᠶ᠋ᠬᠠᠠᠭᠤᠯᠠ ᠪᠠᠯᠭᠠᠰᠣ ᠨᠢ ︽ᠨᠠᠮ ᠳᠠᠬᠢ ᠢᠷᠠᠭᠤ ᠠᠯᠳᠠᠷᠳᠠᠢ ᠳᠠᠪᠢᠨ | ᠵᠢᠯ︾ ᠳᠣᠷᠠᠰᠬᠠᠯ ᠤᠨ ᠳᠡᠮᠳᠡᠭ ᠣᠯᠭᠤᠬᠤ ᠶᠣᠰᠣᠯᠠᠯ ᠶᠠᠪᠤᠬᠳᠠᠭᠤᠯᠵᠤ᠂ ᠨᠠᠮ ᠳᠤ ᠣᠷᠣᠬᠰᠠᠨ ᠴᠠᠭ ᠨᠢ 50 | ᠵᠢᠯ ᠠᠴᠠ ᠳᠡᠭᠡᠭᠰᠢ᠂ ᠨᠠᠮ ᠤᠨ ᠣᠪᠣᠷ ᠰᠤᠷᠳᠠᠯ ᠰᠢᠯᠢᠳᠡᠭ 12 ᠨᠡᠷ᠎ᠡ ᠨᠠᠮ ᠤᠨ ᠬᠡᠰᠢᠬᠦᠨ ᠳᠤ ︽ᠨᠠᠮ ᠳᠠᠬᠢ | ᠢᠷᠠᠭᠤ ᠠᠯᠳᠠᠷᠳᠠᠢ ᠳᠠᠪᠢᠨ ᠵᠢᠯ︾ ᠳᠣᠷᠠᠰᠬᠠᠯ ᠤᠨ ᠳᠡᠮᠳᠡᠭ ᠣᠯᠭᠤᠬᠤ ᠶᠤᠰᠣᠯᠠᠯ ᠶᠠᠪᠤᠬᠳᠠᠭᠤᠯᠪᠠ ᠃ ᠡᠨᠡᠬᠦ | ᠳᠦᠭᠦᠮᠬᠡᠨ ᠪᠤᠯᠪᠠᠴᠦ ᠠᠳᠠᠯᠢ ᠪᠤᠰᠣ ᠶᠢᠨ ᠣᠳᠬ᠎ᠠ ᠠᠭᠤᠯᠭ᠎ᠠ ᠪᠦᠬᠦᠢ ᠳᠣᠷᠠᠰᠬᠠᠯ ᠤᠨ ᠳᠡᠮᠳᠡᠭ ᠣᠯᠭᠤᠬᠤ | ᠶᠣᠰᠣᠯᠠᠯ ᠳᠡᠬᠡᠷ᠎ᠡ ᠳᠡᠳᠡᠭᠡᠷ ᠠᠬᠠᠮᠠᠳ ᠨᠠᠮ ᠤᠨ ᠭᠡᠰᠢᠭᠦᠳ ᠠᠴᠠ ᠨᠠᠮ ᠤᠨ ᠵᠣᠬᠢᠶᠠᠨ ᠪᠠᠶᠢᠭᠤᠯᠤᠯᠳᠠ ᠶᠢᠨ ᠳᠡᠳᠡᠨ | ᠳᠤ ᠦᠭᠭᠦᠭᠰᠡᠨ ᠬᠠᠯᠠᠭᠤᠨ ᠬᠠᠶᠢᠷ᠎ᠠ ᠬᠠᠯᠠᠮᠵᠢ ᠶᠢ ᠦᠨᠡᠩᠬᠦ ᠮᠡᠳᠡᠷᠡᠵᠤ ᠴᠢᠳᠠᠬᠰᠠᠨ ᠮᠦᠷᠳᠡᠬᠡᠨ ᠦᠷᠭᠦᠯᠵᠢᠯᠡᠨ ᠨᠠᠮ | ᠳᠠᠭᠠᠨ ᠦᠨᠡᠨᠴᠢ᠂ ᠨᠠᠮ ᠤᠨ ᠦᠢᠯᠡᠰ ᠲᠤ ᠦᠷᠭᠦᠯᠵᠢᠯᠡᠨ ᠣᠷᠬᠢᠯᠤᠮ᠎ᠠ ᠬᠠᠯᠠᠭᠤᠨ ᠰᠡᠳᠬᠢᠯᠭᠡ ᠪᠠᠷ ᠤᠷᠤᠯᠴᠠᠵᠤ᠂ | ᠣᠷᠣᠰᠢᠨ ᠠᠮᠢᠳᠣᠷᠠᠵᠤ ᠪᠠᠶᠢᠭ᠎ᠠ ᠭᠠᠵᠠᠷ ᠣᠰᠣᠨ ᠤ ᠪᠠᠨ ᠠᠵᠤ ᠠᠬᠤᠢ ᠨᠡᠶᠢᠭᠡᠮ ᠰᠣᠶᠣᠯ ᠤᠨ ᠬᠦᠭᠵᠢᠯᠳᠡ ᠳᠤ | ᠦᠷᠭᠦᠯᠵᠢᠯᠡᠨ ᠬᠦᠴᠦᠨ ᠴᠢᠳᠠᠯ ᠢᠶᠠᠨ ᠦᠭᠬᠦ ᠪᠠᠷ ᠴᠢᠷᠮᠠᠶᠢᠨ᠎ᠠ ᠭᠡᠰᠡᠨ ᠵᠣᠷᠢᠭ ᠢ ᠨᠢ ᠬᠦᠪᠴᠢᠯᠡᠭᠰᠡᠨ ᠪᠠᠶᠢᠨ᠎ᠠ᠃ | ᠶᠤᠰᠣᠯᠠᠯ ᠤᠨ ᠳᠠᠷᠠᠭ᠎ᠠ ᠪᠦᠬᠦ ᠶᠤᠰᠣᠯᠠᠯ ᠳᠤ ᠣᠷᠣᠯᠴᠠᠬᠰᠠᠨ ᠨᠠᠮ ᠤᠨ ᠭᠡᠰᠢᠭᠦᠳ ᠠᠴᠠ ᠨᠠᠮ ᠳᠤ | ᠣᠷᠣᠬᠤ ᠳᠠᠩᠭᠠᠷᠢᠭ ᠤᠨ ᠦᠭᠡᠰ ᠢᠶᠠᠨ ᠳᠠᠬᠢᠨ ᠡᠷᠭᠢᠴᠡᠭᠦᠯᠵᠤ᠂ ᠨᠠᠮ ᠳᠠᠭᠠᠨ ᠦᠨᠠᠨᠴᠢ᠂ ᠡᠭᠦᠷᠬᠡ | ᠬᠠᠷᠢᠭᠤᠴᠠᠯᠭ᠎ᠠ ᠪᠠᠨ ᠪᠠᠳᠣ ᠴᠡᠭᠡᠵᠢᠯᠡᠬᠦ ᠢᠳᠡᠭᠡᠯ ᠵᠣᠷᠢᠭ ᠢᠶᠠᠨ ᠣᠯᠠᠮ ᠪᠠᠳᠣᠳᠬᠠᠵᠠᠢ᠃ | ᠡᠬᠦᠨ ᠤ ᠳᠠᠷᠠᠭ᠎ᠠ᠂ ᠬᠠᠮᠳᠣ ᠪᠠᠷ ︽ᠣᠨᠣᠯ ᠤᠨ ᠰᠣᠳᠣᠯᠭᠠᠳᠠᠨ ᠤ ᠨᠠᠮ ᠪᠠᠶᠢᠭᠤᠯᠤᠬᠳᠠᠬᠰᠠᠨ ᠵᠠᠭᠤᠨ ᠵᠢᠯ | ᠤᠨ ᠳᠠᠶᠢᠯᠤᠮᠵᠢ︾ ᠹᠢᠯᠢᠮ ᠢ ᠰᠣᠨᠣᠷᠬᠠᠪᠠ᠃ | ᠳᠣᠰ ᠤᠳᠠᠭᠠᠨ ᠤ ︽ᠨᠠᠮ ᠳᠠᠬᠢ ᠢᠷᠠᠭᠤ ᠠᠯᠳᠠᠷᠳᠠᠢ ᠳᠠᠪᠢᠨ ᠵᠢᠯ︾ ᠳᠣᠷᠠᠰᠬᠠᠯ ᠤᠨ ᠳᠡᠮᠳᠡᠭ | ᠣᠯᠭᠤᠬᠤ ᠶᠣᠰᠣᠯᠠᠯ ᠨᠢ ᠮᠠᠨ ᠤ ᠪᠠᠯᠭᠠᠰᠣ ᠶᠢᠨ ᠳᠣᠮᠳᠠᠳᠣ ᠣᠯᠣᠰ ᠤᠨ ᠡᠪ ᠬᠠᠮᠳᠣ ᠨᠠᠮ | ᠪᠠᠶᠢᠭᠤᠯᠤᠬᠳᠠᠬᠰᠠᠨ100 ᠵᠢᠯ ᠤᠨ ᠣᠢ ᠶᠢ ᠪᠡᠯᠡᠭᠯᠡᠬᠦ ᠰᠢᠷᠢᠰ ᠠᠵᠢᠯᠯᠠᠭᠠᠨ ᠤ ᠨᠢᠭᠡᠨ ᠪᠠᠶᠢᠵᠤ᠂ ᠨᠠᠮ ᠤᠨ | ᠵᠣᠬᠢᠶᠠᠨ ᠪᠠᠶᠢᠭᠤᠯᠤᠯᠳᠠ ᠶᠢᠨ ᠠᠬᠠᠮᠠᠳ ᠨᠠᠮ ᠬᠡᠰᠢᠭᠦᠨ ᠪᠦᠷᠢ ᠶᠢ ᠬᠠᠶᠢᠷᠠᠯᠠᠵᠤ ᠬᠠᠯᠠᠮᠵᠢᠯᠠᠯᠳᠠᠭ᠂ ᠳᠡᠳᠡᠨ ᠤ ᠨᠠᠮ | ᠠᠷᠠᠳ ᠳᠦᠮᠡᠨ ᠤ ᠪᠠᠨ ᠳᠦᠯᠦᠭᠡ ᠠᠯᠢᠪᠠ ᠪᠠᠨ ᠵᠣᠷᠢᠭᠤᠯᠳᠠᠭ ᠡᠬᠡᠯ ᠶᠡᠷᠦᠮᠳ᠋ᠩ ᠮᠦᠷᠳᠡᠭᠡᠨ ᠠᠭᠤᠤ ᠶᠡᠭᠡ ᠦᠢᠯᠡ | ᠠᠵᠢᠯᠯᠠᠭ᠎ᠠ ᠶᠢ ᠨᠢ ᠪᠦᠷᠢᠮᠦᠰᠦᠨ ᠮᠠᠳᠡᠷᠡᠵᠤ ᠪᠠᠶᠢᠬᠤ ᠶᠢ ᠬᠠᠷᠠᠭᠤᠯᠵᠤ ᠴᠢᠳᠠᠬᠰᠠᠨ ᠮᠦᠷᠳᠡᠭᠡᠨ ᠮᠠᠨ ᠤ ᠪᠠᠯᠭᠠᠰᠣᠨ | ᠤ ᠣᠯᠠᠨ ᠳᠦᠮᠡᠨ᠂ ᠨᠠᠮ ᠤᠨ ᠬᠡᠰᠢᠭᠦᠨ ᠪᠦᠬᠦᠨ ᠳᠤ ᠠᠬᠠᠮᠠᠳ ᠨᠠᠮ ᠤᠨ ᠬᠡᠰᠢᠭᠦᠨ ᠠᠴᠠ ᠰᠣᠷᠣᠯᠴᠠᠬᠤ᠂ | ᠠᠬᠠᠮᠠᠳ ᠨᠠᠮ ᠤᠨ ᠬᠡᠰᠢᠭᠦᠨ ᠢ ᠬᠠᠶᠢᠷᠠᠯᠠᠵᠤ ᠬᠠᠮᠠᠭᠠᠯᠠᠬᠤ ᠣᠯᠠᠮᠵᠢᠯᠠᠯᠳᠣ ᠰᠣᠷᠳᠠᠬᠤᠨ ᠢ ᠢᠯᠡᠷᠡᠭᠦᠯᠵᠤ ᠪᠠᠶᠢᠬᠤ | ᠮᠦᠷᠳᠡᠭᠡᠨ ︽ ᠨᠠᠮ ᠤᠨ ᠳᠠᠭᠤᠨ ᠬᠤᠭᠤᠯᠠᠢ ᠶᠢ ᠰᠣᠨᠣᠰᠴᠦ᠂ ᠨᠠᠮ ᠢᠶᠠᠨ ᠳᠠᠭᠠᠵᠤ ᠤᠷᠤᠬᠰᠢᠯᠠᠬᠤ︾ ᠦᠵᠡᠯ | ᠰᠠᠨᠠᠭᠠᠨ ᠤ ᠰᠠᠭᠤᠷᠢ ᠶᠢ ᠤᠯᠠᠮ ᠪᠠᠬᠢᠵᠢᠭᠦᠯᠦᠭᠰᠡᠨ ᠪᠠᠶᠢᠨ᠎ᠠ᠃ |