ᠨᠠᠮ ᠤᠨ ᠳᠡᠣᠬᠡ ᠶᠢ ᠰᠣᠷᠣᠯᠴᠠᠬᠤ ᠰᠣᠷᠭᠠᠨ ᠬᠦᠮᠦᠵᠢᠯ ᠤᠨ ᠠᠵᠢᠯᠯᠠᠭᠠᠨ ᠢ ᠦᠨᠳᠦᠰᠦᠨ | ᠱᠠᠳᠣᠨ ᠳᠤ ᠬᠦᠷᠬᠡᠬᠦ ᠠᠵᠢᠯ ᠢ ᠳᠦᠯᠬᠢᠨ ᠠᠬᠢᠭᠤᠯᠵᠤ᠂ ᠰᠣᠷᠣᠯᠴᠠᠯᠭᠠᠨ ᠢ ᠪᠣᠳᠠᠳᠣ ᠭᠠᠵᠠᠷ ᠲᠤ ᠦᠨᠡᠩᠬᠦ | ᠦᠷᠨᠢᠭᠦᠯᠬᠦ ᠶᠢᠨ ᠳᠦᠯᠦᠭᠡ᠂ ᠣᠷᠴᠢᠮ ᠤᠨ ᠡᠳᠦᠷ ᠤᠯᠠᠭᠠᠨᠳᠠᠪᠠᠭ᠎ᠠ ᠰᠣᠮᠣ ᠨᠢ ︽ ᠦᠷᠭᠡᠨ ᠣᠯᠠᠨ ᠳᠦᠮᠡᠨ ᠳᠤ | ᠪᠣᠳᠠᠳᠣ ᠠᠵᠢᠯ ᠬᠢᠶ᠎ᠡ︾ ᠭᠤᠣᠯ ᠰᠡᠳᠣᠪ ᠪᠠᠷ ᠰᠠᠯᠠᠭᠠᠨ ᠳᠡᠰ ᠤᠨ ᠣᠳᠣᠷᠢᠳᠬᠤ ᠺᠠᠳ᠋ᠷ ᠨᠠᠷ ᠳᠠᠭᠠᠭᠠᠴᠢᠯᠠᠬᠰᠠᠨ | ᠡᠷᠦᠬᠡ ᠳᠡᠭᠡᠨ ᠨᠢᠭᠡᠳᠦᠯᠳᠠᠢ ᠣᠷᠣᠵᠣ᠂ ᠤᠯᠠᠨ ᠳᠦᠮᠡᠨ ᠲᠠᠢ ᠨᠢᠬᠳᠠ ᠬᠠᠷᠢᠴᠠᠵᠤ᠂ ᠤᠯᠠᠨ ᠳᠦᠮᠡᠨ ᠤᠨ | ᠰᠡᠳᠬᠢᠯ ᠤᠨ ᠦᠭᠡ ᠶᠢ ᠰᠣᠨᠣᠰᠴᠦ᠂ ᠤᠯᠠᠨ ᠳᠦᠮᠡᠨ ᠤ ᠵᠢᠩᠬᠢᠨᠢ ᠬᠦᠴᠢᠷ ᠢ ᠣᠶᠢᠯᠭᠠᠵᠤ᠂ ᠦᠨᠡᠨᠴᠢ | ᠦᠢᠯᠡᠴᠢᠯᠡᠯᠭᠡᠨ ᠢᠶᠠᠷ ᠣᠯᠠᠨ ᠳᠦᠮᠡᠨ ᠤ ᠰᠡᠳᠬᠢᠯ ᠢ ᠣᠯᠪᠠ ᠃ | 5 ᠰᠠᠷ᠎ᠠ ᠶᠢᠨ 15 ᠤ ᠡᠳᠦᠷ᠂ ᠬᠠᠪᠴᠢᠯ ᠭᠠᠴᠠᠭ᠎ᠠ ᠶᠢ ᠳᠠᠭᠠᠭᠠᠴᠢᠯᠠᠵᠤ ᠪᠠᠶᠢᠭ᠎ᠠ ᠣᠳᠣᠷᠢᠳᠬᠤ | ᠳᠠᠷᠤᠭ᠎ᠠ ᠨᠢ ᠳᠠᠭᠠᠭᠠᠴᠢᠯᠠᠬᠰᠠᠨ ᠡᠷᠦᠬᠡ ᠳᠡᠭᠡᠨ ᠣᠷᠣᠬᠤ ᠶᠠᠪᠤᠴᠠ ᠳᠤ᠂ ᠠᠬᠠᠮᠠᠳ ᠨᠠᠮ ᠤᠨ ᠭᠡᠰᠢᠬᠦᠨ ᠴᠢᠶᠠᠨ | ᠯᠢᠶᠠᠩ ᠢᠦᠢ ᠶᠢᠨ ᠬᠠᠶᠢᠷᠠᠳᠣ ᠬᠦᠮᠦᠨ ᠰᠦᠢ ᠵᠢᠶᠦ᠋ᠨ ᠨᠢ ᠣᠳᠠᠭᠠᠨ ᠴᠢᠨᠠᠷ ᠤᠨ ᠬᠡᠷᠡᠬᠦ ᠡᠪᠡᠳᠴᠢᠨ ᠲᠠᠢ᠂ ᠬᠠᠪᠤᠷ | ᠤᠨ ᠳᠠᠷᠢᠶᠠᠯᠠᠬᠤ ᠬᠤᠭᠤᠴᠠᠭᠠᠨ ᠳᠤ ᠭᠡᠷ ᠲᠤ ᠨᠢ ᠢᠯᠡᠬᠦᠦ ᠬᠦᠳᠡᠯᠮᠦᠷᠢ ᠬᠦᠴᠦ ᠦᠬᠡᠢ ᠠᠴᠠ ᠪᠣᠯᠵᠣ᠂ ᠡᠪᠡᠳᠴᠢᠨ | ᠢᠶᠠᠨ ᠦᠵᠡᠭᠦᠯᠵᠤ ᠴᠢᠳᠠᠬᠤ ᠦᠬᠡᠢ ᠭᠡᠷ ᠪᠦᠯᠢ ᠶᠢᠨ ᠪᠣᠳᠠᠳᠣ ᠬᠦᠴᠢᠷᠳᠡᠯ ᠢ ᠣᠶᠢᠯᠭᠠᠵᠤ ︵ᠴᠢᠶᠠᠨ ᠯᠢᠶᠠᠩ | ᠢᠦᠢ᠂ 2 ᠬᠦᠮᠦᠨ ᠠᠮᠠ ᠲᠠᠢ᠂ ᠡᠩ ᠤᠨ ᠶᠠᠳᠠᠭᠤ ᠠᠴᠠ ᠠᠩᠬᠢᠵᠢᠷᠠᠬᠰᠠᠨ ᠡᠷᠦᠬᠡ ︶᠂ ᠰᠣᠮᠣᠨ ᠤ ᠭᠤᠣᠯ | ᠣᠳᠣᠷᠢᠳᠣᠯᠭ᠎ᠠ ᠳᠤ ᠪᠠᠨ ᠪᠠᠶᠢᠳᠠᠯ ᠢ ᠮᠡᠳᠡᠭᠦᠯᠵᠤ᠂ ᠰᠣᠮᠣᠨ ᠤ ᠡᠷᠡᠬᠦᠯ ᠬᠠᠮᠠᠭᠠᠯᠠᠯ ᠤᠨ ᠬᠤᠷᠢᠶ᠎ᠠ᠂ ᠠᠷᠠᠳ ᠤᠨ | ᠶᠠᠪᠤᠳᠠᠯ ᠲᠠᠢ ᠬᠠᠷᠢᠴᠠᠪᠠ᠃ ᠰᠣᠮᠣᠨ ᠤ ᠡᠷᠡᠭᠦᠯ ᠬᠠᠮᠠᠭᠠᠯᠠᠯ ᠤᠨ ᠬᠤᠷᠢᠶ᠎ᠠ ᠨᠢ ᠡᠷᠦᠬᠡ ᠳᠤ ᠣᠷᠣᠵᠣ᠂ | ᠰᠦᠢ ᠵᠢᠶᠦ᠋ᠨ ᠤᠨ ᠡᠪᠡᠳᠴᠢᠨ ᠢ ᠨᠢ ᠦᠵᠡᠵᠤ ᠦᠭᠭᠦᠭᠰᠡᠨ ᠮᠦᠷᠳᠡᠭᠡᠨ ᠳᠣᠰᠬᠠᠢ ᠡᠮᠴᠢ ᠳᠣᠮᠢᠯᠠᠵᠤ᠂ ᠭᠡᠷ ᠲᠤ | ᠨᠢ ᠬᠦᠷᠴᠦ 21 ᠬᠤᠨᠤᠭ ᠤᠨ ᠮᠣᠩᠭᠤᠯ ᠡᠮ ᠤᠨ ᠣᠬᠢᠶᠠᠯᠭ᠎ᠠ ᠶᠢᠨ ᠵᠠᠰᠠᠯ ᠬᠢᠵᠤ ᠦᠭᠴᠦ᠂ ᠳᠡᠳᠡᠨ ᠤ ᠬᠢᠨ ᠤ | ᠪᠣᠳᠠᠳᠠᠢ ᠣᠷᠣᠰᠢᠵᠤ ᠪᠠᠶᠢᠭ᠎ᠠ ᠳᠣᠯᠭᠠᠮ᠎ᠠ ᠬᠦᠴᠢᠷᠳᠡᠯ ᠢ ᠨᠢ ᠰᠢᠢᠳᠪᠦᠷᠢᠯᠡᠵᠤ ᠦᠭᠴᠠᠢ᠃ |