7 ᠰᠠᠷ᠎ᠠ ᠶᠢᠨ 8 ᠤ ᠡᠳᠦᠷ᠂ ᠣᠯᠠᠭᠠᠨᠳᠠᠪᠠᠭ᠎ᠠ ᠰᠣᠮᠣ ᠨᠢ ᠨᠠᠮ ᠤᠨ ᠰᠣᠷᠣᠯᠴᠠᠯᠭ᠎ᠠ ᠬᠦᠮᠦᠵᠢᠯ ᠲᠠᠢ | ᠤᠶᠠᠯᠳᠣᠭᠤᠯᠵᠣ᠂ ︽ᠨᠠᠮ ᠤᠨ ᠡᠭᠦᠷ ᠤᠨ ᠱᠦᠵᠢ ᠨᠠᠮ ᠤᠨ ᠬᠢᠴᠢᠶᠡᠯ ᠶᠠᠷᠢᠬᠤ︾ ᠠᠵᠢᠯᠯᠠᠭᠠᠨ ᠦᠷᠨᠢᠭᠦᠯᠵᠤ᠂ | ᠰᠢ ᠶᠢᠨ ᠫᠢᠩ ᠶᠡᠷᠦᠩᠬᠡᠢ ᠱᠦᠵᠢ ᠶᠢᠨ ᠨᠠᠮ ᠪᠠᠶᠢᠭᠤᠯᠤᠬᠳᠠᠬᠰᠠᠨ100 ᠵᠢᠯ ᠤᠨ ᠣᠢ ᠶᠢ ᠪᠡᠯᠭᠡᠯᠡᠬᠦ ᠬᠤᠷᠠᠯ | ᠳᠡᠭᠡᠷᠡᠬᠢ ᠴᠢᠬᠤᠯᠠ ᠶᠠᠷᠢᠶ᠎ᠠ ᠵᠢᠴᠢ ︽ᠳᠣᠯᠣᠭᠠᠨ ᠰᠠᠷ᠎ᠠ ᠶᠢᠨ ᠨᠢᠭᠡᠨ ᠤ ᠭᠠᠪᠢᠶᠠᠨ ᠳᠡᠮᠳᠡᠭ ᠣᠯᠭᠤᠬᠤ︾ | ᠶᠣᠰᠣᠯᠠᠯ ᠳᠡᠭᠡᠷᠡᠬᠢ ᠴᠢᠬᠤᠯᠠ ᠶᠠᠷᠢᠶ᠎ᠠ ᠶᠢᠨ ᠵᠣᠷᠢᠭ ᠰᠠᠨᠠᠭ᠎ᠠ ᠶᠢ ᠳᠠᠮᠵᠢᠭᠤᠯᠵᠤ᠂ ᠰᠣᠮᠣ ᠭᠠᠴᠠᠭ᠎ᠠ ᠬᠤᠶᠠᠷ | ᠱᠠᠳᠣᠨ ᠤ ᠣᠳᠣᠷᠢᠳᠬᠤ ᠺᠠᠳ᠋ᠷ ᠨᠠᠷ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠦᠵᠡᠯ ᠰᠠᠨᠠᠭᠠᠨ ᠤ | ᠴᠢᠬᠤᠯᠠ ᠴᠢᠨᠠᠷ ᠢ ᠪᠦᠬᠦ ᠳᠠᠯ᠎ᠠ ᠪᠠᠷ ᠰᠣᠷᠣᠯᠴᠠᠨ ᠣᠶᠢᠯᠭᠠᠬᠤ ᠶᠢ ᠵᠢᠯᠤᠭᠤᠳᠣᠨ ᠳᠠᠭᠠᠭᠤᠯᠵᠠᠢ᠃ ᠰᠣᠮᠣᠨ ᠤ | ᠺᠠᠳ᠋ᠷ ᠠᠵᠢᠯᠳᠠᠨ᠂ ᠭᠠᠴᠠᠭᠠᠨ ᠳᠡᠰ ᠤᠨ ᠺᠠᠳ᠋ᠷ ᠠᠵᠢᠯᠳᠠᠨ ᠪᠦᠬᠦ ᠨᠡᠶᠢᠳᠡ 61 ᠬᠦᠮᠦᠨ ᠰᠣᠷᠣᠯᠴᠠᠯᠭ᠎ᠠ | ᠬᠦᠮᠦᠵᠢᠯ ᠤᠨ ᠳᠣᠰᠬᠠᠢ ᠰᠡᠳᠣᠪᠳᠦ ᠨᠠᠮ ᠤᠨ ᠬᠢᠴᠢᠶᠡᠯ ᠳᠤ ᠣᠷᠣᠯᠴᠠᠪᠠ᠃ | ᠬᠤᠷᠠᠯ ᠠᠴᠠ ᠂ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠵᠣᠷᠢᠭ ᠰᠠᠨᠠᠭ᠎ᠠ ᠨᠢ ᠳᠣᠮᠳᠠᠳᠣ | ᠣᠯᠣᠰ ᠤᠨ ᠡᠪ ᠬᠠᠮᠳᠣ ᠨᠠᠮ ᠤᠨ ᠭᠡᠷᠡᠯ ᠰᠠᠴᠤᠷᠠᠩᠭᠤᠢ ᠵᠠᠭᠤᠨ ᠵᠢᠯ ᠤᠨ ᠳᠡᠣᠬᠡ ᠶᠢ ᠪᠦᠬᠦ ᠳᠠᠯ᠎ᠠ ᠪᠠᠷ | ᠬᠠᠷᠠᠭᠤᠯᠤᠨ ᠦᠵᠡᠭᠦᠯᠵᠤ ᠪᠤᠢ᠃ ᠮᠦᠨ ᠴᠦ ᠡᠪ ᠬᠠᠮᠳᠣ ᠨᠠᠮ ᠤᠨ ᠬᠡᠰᠢᠭᠦᠨ ᠤ ᠪᠠᠳᠣ ᠢᠳᠡᠭᠡᠯ᠂ ᠦᠨᠡᠨ ᠠᠴᠠ | ᠵᠦᠪ ᠢ ᠡᠷᠢᠬᠦ ᠵᠤᠷᠢᠯᠳᠠ ᠪᠠ ᠠᠮᠢ ᠪᠡᠶ᠎ᠡ ᠪᠠᠨ ᠬᠠᠶᠢᠬᠤᠷᠬᠤ ᠦᠭᠡᠢ᠂ ᠠᠷᠢᠭᠤᠨ ᠴᠢᠭᠡᠴᠢ ᠪᠠᠷ ᠠᠷᠠᠳ ᠳᠦᠮᠡᠨ ᠳᠤ | ᠦᠢᠯᠡᠴᠢᠯᠡᠭᠦ ᠡᠷᠬᠢᠮ ᠨᠠᠨᠳᠢᠨ ᠬᠡᠪ ᠰᠤᠷᠳᠠᠯ ᠪᠠ ᠠᠭᠤᠤ ᠶᠡᠭᠡ ᠵᠣᠷᠢᠭ ᠰᠠᠨᠠᠭ᠎ᠠ ᠶᠢ ᠳᠡᠭᠡᠳᠦ ᠬᠡᠮᠵᠢᠶ᠎ᠡ ᠪᠠᠷ | ᠬᠤᠷᠢᠶᠠᠩᠭᠤᠶᠢᠯᠠᠨ ᠢᠯᠡᠳᠬᠡᠵᠤ᠂ ᠮᠠᠨᠤᠰ ᠤᠨ ᠬᠤᠶᠠᠳᠣᠭᠠᠷ ᠵᠠᠭᠤᠨ ᠵᠢᠯ ᠤᠨ ᠬᠠᠷᠠᠯᠳᠠ ᠳᠤ ᠪᠠᠨ ᠬᠦᠷᠬᠦ ᠪᠠ | ᠡᠯ᠎ᠠ | ᠵᠦᠢᠯ ᠤᠨ ᠠᠵᠢᠯ ᠤᠨ ᠰᠢᠨ᠎ᠠ ᠬᠦᠭᠵᠢᠯᠳᠡ ᠳᠤ ᠬᠦᠷᠬᠦ ᠳᠤ ᠰᠠᠭᠤᠷᠢ ᠳᠠᠯᠪᠢᠵᠤ ᠦᠭᠴᠠᠢ ᠭᠡᠵᠤ ᠵᠢᠭᠠᠵᠠᠢ᠃ | ᠬᠤᠷᠠᠯ ᠠᠴᠠ ᠪᠠᠰᠠ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ | ᠰᠣᠷᠣᠯᠴᠠᠨ ᠳᠣᠣᠰᠢᠯᠠᠭᠤᠯᠵᠤ᠂ ᠦᠢᠯᠡᠳᠦᠯᠬᠡ ᠶᠢ ᠬᠦᠨᠳᠦᠳᠬᠡᠵᠤ᠂ ᠪᠣᠳᠠᠳᠣ ᠦᠢᠯᠡ ᠠᠵᠢᠯᠯᠠᠭ᠎ᠠ ᠶᠢ | ᠴᠢᠬᠤᠯᠠᠴᠢᠯᠠᠬᠤ ᠬᠡᠷᠡᠭᠳᠠᠢ᠃ ᠰᠣᠮᠣ ᠭᠠᠴᠠᠭ᠎ᠠ ᠬᠤᠶᠠᠷ ᠱᠠᠳᠣᠨ ᠤ ᠺᠠᠳ᠋ᠷ ᠰᠣᠮᠣᠨ ᠤ ᠭᠤᠣᠯᠳᠠᠯᠭᠠᠳᠠᠢ ᠠᠵᠢᠯ ᠤᠨ | ᠳᠣᠭᠤᠷᠢᠨ ᠳᠤ ᠣᠯᠣᠰ ᠳᠦᠷᠦ ᠶᠢᠨ ᠵᠣᠬᠰᠣᠴᠠ ᠪᠠᠨ ᠪᠠᠳᠣ ᠪᠠᠶᠢᠯᠭᠠᠵᠤ᠂ ᠡᠬᠦᠷᠬᠡ ᠬᠠᠷᠢᠭᠤᠴᠠᠯᠭ᠎ᠠ ᠪᠠᠨ ᠪᠠᠳᠣ | ᠰᠠᠬᠢᠵᠤ᠂ ᠪᠣᠳᠠᠳᠠᠢ ᠶᠢ ᠬᠦᠨᠳᠦᠳᠬᠡᠵᠤ᠂ ︽ᠠᠵᠤ ᠦᠢᠯᠡᠰ ᠤᠨ ᠰᠢᠯᠢᠳᠡᠭᠵᠢᠭᠦᠯᠦᠯᠳᠠ ᠶᠢᠨ ᠵᠠᠮ ︾ ᠪᠠᠷ ᠵᠠᠮᠨᠠᠨ | ᠂ ᠪᠤᠬᠢᠷᠳᠠᠯ ᠦᠭᠡᠢ ︽ᠠᠮᠢ ᠠᠬᠤᠢ ᠶᠢᠨ ᠫᠠᠶᠢᠰᠠ︾ ᠶᠢ ᠦᠨᠳᠦᠷ ᠡᠷᠭᠦᠵᠤ᠂ ᠦᠨᠳᠦᠷ ᠪᠦᠳᠦᠮᠵᠢ ᠪᠦᠬᠦᠢ | ᠬᠦᠭᠵᠢᠯᠳᠠ ᠶᠢᠨ ᠦᠷ᠎ᠠ ᠪᠦᠳᠦᠭᠡᠯ ᠢᠶᠠᠷ ᠢᠶᠠᠨ ᠳᠣᠮᠳᠠᠳᠣ ᠣᠯᠣᠰ ᠶᠢᠨ ᠡᠪ ᠬᠠᠮᠳᠣ ᠨᠠᠮ ᠪᠠᠶᠢᠭᠤᠯᠤᠬᠳᠠᠬᠰᠠᠨ100 | ᠵᠢᠯ ᠤᠨ ᠣᠢ ᠳᠤ ᠪᠡᠯᠡᠭ ᠪᠤᠯᠭᠠᠨ ᠡᠷᠭᠦᠨ ᠪᠠᠷᠢᠶ᠎ᠠ ᠭᠡᠵᠠᠢ᠃ | |